ᠬᠣᠩᠭᠣᠷᠮᠠ- ᠵᠣᠷᠢᠭᠲᠤ ᠶ᠋ᠢᠨ ᠪᠠᠶᠠᠰᠤᠯХонгорм-Зоригтын Баясал
ᠬᠣᠩᠭᠣᠷᠮᠠ
ᠦᠭᠡ᠄ ᠬᠥᠬᠥᠭᠡ ᠶ᠋ᠢᠨ ᠬᠥᠭᠵᠢᠯᠪᠠᠭᠠᠲᠤᠷ
ᠠᠶ᠎ᠠ᠄ ᠪᠠᠶᠠᠨᠳᠦ᠋ᠭᠦᠷᠡᠡᠭ ᠦ᠋ᠨ ᠰᠦᠬᠡᠪᠠᠭᠠᠲᠤᠷ
ᠳᠠᠭᠤᠴᠢᠨ᠄ ᠵᠣᠷᠢᠭᠲᠤ ᠶ᠋ᠢᠨ ᠪᠠᠶᠠᠰᠤᠯ
ᠠᠯᠲᠠᠨ ᠨᠠᠷᠠᠨ ᠤ᠋ ᠰᠠᠴᠤᠷᠠᠭ ᠭᠡᠢᠬᠦ ᠰᠢᠭ
ᠠᠵᠠ ᠪᠠᠷ ᠤᠴᠠᠷᠠᠭᠰᠠᠨ ᠬᠣᠩᠭᠤᠷᠮᠠ ᠮᠢᠨᠢ ᠳᠧ
ᠠᠮᠢᠳᠤᠷᠠᠨ ᠰᠠᠭᠤᠬᠤ ᠶ᠋ᠢᠨ ᠢᠲᠡᠭᠡᠯ ᠬᠠᠢᠷᠠᠯᠠᠭᠰᠠᠨ
ᠠᠯᠠᠭᠬᠠᠨ ᠵᠢᠷᠦᠬᠡᠨ ᠦ᠌ ᠡᠩᠬᠦᠷᠡᠢᠬᠡᠨ ᠮᠢᠨᠢ ᠠ᠋
ᠴᠠᠢ ᠶ᠋ᠢᠨ ᠢ᠋ᠶ᠋ᠡᠨ ᠳᠡᠭᠡᠵᠢ ᠶ᠋ᠢ ᠳᠡᠭᠡᠳᠦᠯᠡᠨ ᠡᠷᠭᠦᠭᠰᠡᠨ
ᠴᠠᠢᠯᠭᠠᠨ ᠵᠠᠩ ᠢ᠋ᠶ᠋ᠠᠷ ᠢ᠋ᠶ᠋ᠠᠨ ᠣᠯᠠᠨ ᠳ᠋ᠤ᠌ ᠪᠠᠨ ᠱᠠᠭᠰᠢᠭᠤᠯᠤᠭᠰᠠᠨ
ᠭᠡᠷ ᠢ᠋ ᠮᠢᠨᠢ ᠭᠡᠢᠭᠦᠯᠦᠭᠰᠡᠨ ᠴᠢᠮ᠎ᠠ ᠳ᠋ᠤ᠌ ᠪᠠᠨ ᠪᠢ ᠬᠠᠢᠷᠠᠲᠠᠢ
ᠭᠡᠭᠡᠨ ᠣᠷᠴᠢᠯᠠᠩ ᠳ᠋ᠤ᠌ ᠵᠢᠷᠭᠠᠶ᠎ᠠ ᠬᠣᠶᠠᠭᠤᠯᠠ ᠪᠠᠨ
ᠮᠥᠩᠭᠥᠨ ᠰᠠᠷᠠᠨ ᠤ᠋ ᠲᠤᠶᠠᠭ᠎ᠠ ᠬᠡᠷᠡᠯᠳᠦᠬᠦ ᠰᠢᠭ
ᠮᠥᠷᠥᠭᠡᠳᠴᠦ ᠠᠭᠤᠯᠵᠠᠭᠰᠠᠨ ᠬᠣᠩᠭᠣᠷᠮᠠ ᠮᠢᠨᠢ ᠳᠧ
ᠮᠥᠩᠬᠡᠳᠡ ᠵᠢᠷᠭᠠᠬᠤ ᠶ᠋ᠢᠨ ᠵᠠᠶᠠᠭ᠎ᠠ ᠪᠠᠨ ᠬᠣᠯᠪᠣᠭᠰᠠᠨ
ᠮᠢᠨᠦ ᠯᠡ ᠬᠥᠭᠡᠷᠦᠬᠦᠨ ᠠᠯᠳᠠᠷᠠᠢᠬᠠᠨ ᠮᠢᠨᠢ ᠳᠧ
ᠳᠠᠬᠢᠯᠲᠠ
ᠲᠩᠷᠢ ᠶ᠋ᠢᠨ ᠣᠳᠣᠨ ᠤ᠋ ᠵᠢᠷᠤᠬᠠᠢ ᠶ᠋ᠢᠨ ᠲᠣᠬᠢᠶᠠᠯ ᠰᠢᠭ᠋
ᠲᠥᠭᠡᠷᠭᠡ ᠪᠡᠷ ᠬᠠᠨᠢᠯᠠᠭᠰᠠᠨ ᠬᠣᠩᠭᠣᠷᠮᠠ ᠮᠢᠨᠢ ᠳᠧ
ᠪᠤᠯᠪᠠᠷᠠᠢ ᠵᠢᠭᠠᠯᠬᠠᠨ ᠦᠷ᠎ᠡ ᠪᠡᠨ ᠦᠨᠦᠷᠯᠡᠩᠭᠡᠨ
ᠪᠦᠪᠡᠢ ᠶ᠋ᠢᠨ ᠳᠠᠭᠤᠤ ᠪᠠᠨ ᠠᠶᠠᠯᠤᠭᠰᠠᠨ ᠬᠠᠨᠢ ᠮᠢᠨᠢ ᠳᠧ
ᠳᠠᠬᠢᠯᠲᠠ
ᠠᠮᠢᠳᠤᠷᠠᠨ ᠵᠢᠷᠭᠠᠶ᠎ᠠ ᠬᠣᠩᠭᠣᠷᠮᠠ ᠮᠢᠨᠢ ᠠ᠋
ᠦᠰᠦᠭ ᠠᠮᠢᠯᠠᠭᠤᠯᠤᠭᠰᠠᠨ ᠨᠢ ᠲᠦᠮᠡᠨᠴᠡᠴᠡᠭ
ᠦᠰᠦᠭ ᠬᠠᠲᠠᠭᠰᠠᠨ ᠨᠢ ᠲᠦᠮᠡᠨᠴᠡᠴᠡᠭ
ᠬᠢᠨᠠᠭᠴᠢ ᠪᠠᠭᠰᠢ ᠭᠠᠷᠮ᠎ᠠ
