ᠪᠢᠳᠡ ᠪᠢᠴᠢᠵᠡᠭᠡᠶ᠎ᠡ- ᠲᠣᠭᠲᠠᠬᠤБид бичицгээе-тогтох ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢᠳᠡ ᠪᠢᠴᠢᠵᠡᠭᠡᠶ᠎ᠡ- ᠲᠣᠭᠲᠠᠬᠤБид бичицгээе-тогтох

ᠪᠢᠳᠡ ᠪᠢᠴᠢᠵᠡᠭᠡᠶ᠎ᠡ- ᠲᠣᠭᠲᠠᠬᠤБид бичицгээе-тогтох

2024-01-12

560

ᠪᠢᠳᠡ ᠪᠢᠴᠢᠵᠡᠭᠡᠶ᠎ᠡ

          ᠲᠣᠭᠲᠠᠬᠤ

ᠵᠥᠭᠡᠯᠡᠨ ᠮᠣᠩᠭᠣᠯ ᠲᠣᠨᠣᠭ ᠢ᠋ᠶ᠋ᠠᠨ 
ᠪᠠᠭᠤᠯᠭᠠᠵᠤ ᠪᠠᠢᠭᠠᠳ ᠪᠢᠴᠢᠶ᠎ᠡ 
ᠵᠥᠪ ᠪᠢᠴᠢᠳᠡᠭ ᠨᠠᠢᠵᠠ ᠠ᠋ᠴᠠ ᠪᠠᠨ 
ᠰᠤᠷᠤᠯᠴᠠᠵᠤ ᠪᠠᠢᠭᠠᠳ ᠪᠢᠴᠢᠶ᠎ᠡ 
ᠮᠠᠨ ᠤ᠋ ᠨᠤᠲᠤᠭ ᠤ᠋ᠨ ᠠᠭᠤᠯᠠ ᠤᠰᠤ ᠪᠠᠨ 
ᠮᠠᠭᠲᠠᠵᠤ ᠰᠠᠢᠬᠠᠨ ᠪᠢᠴᠢᠶ᠎ᠡ 
ᠮᠠᠯᠴᠢᠨ ᠲᠦᠮᠡᠨ ᠮᠣᠩᠭᠣᠯᠴᠤᠳ ᠢ᠋ᠶ᠋ᠠᠨ 
ᠮᠠᠨᠳᠤᠭᠤᠯᠵᠤ ᠳᠡᠭᠵᠢᠷᠡᠭᠦᠯᠵᠦ ᠪᠢᠴᠢᠶ᠎ᠡ 
ᠰᠦᠯᠵᠢᠶ᠎ᠡ ᠬᠣᠯᠪᠣᠭ᠎ᠠ ᠶ᠋ᠢᠨ ᠨᠥᠬᠥᠳ ᠢ᠋ᠶ᠋ᠡᠨ 
ᠰᠠᠢᠰᠢᠶᠠᠵᠤ ᠮᠠᠭᠲᠠᠵᠤ ᠪᠢᠴᠢᠶ᠎ᠡ 
ᠰᠠᠢᠬᠠᠨ ᠳᠠᠭᠤᠤ ᠶ᠋ᠢ ᠨᠢ ᠰᠣᠨᠣᠰᠤᠭᠠᠳ 
ᠴᠡᠴᠡᠭ ᠬᠦᠷᠭᠡᠵᠦ ᠪᠠᠢᠬᠤ ᠪᠠᠷ ᠪᠢᠴᠢᠶ᠎ᠡ 
ᠠᠭᠤᠤ ᠮᠣᠩᠭᠣᠯ ᠰᠣᠶᠣᠯ ᠢ᠋ᠶ᠋ᠠᠨ
ᠠᠯᠳᠠᠷᠰᠢᠭᠤᠯᠵᠤ ᠳᠡᠭᠡᠵᠢᠯᠡᠵᠦ ᠪᠢᠴᠢᠶ᠎ᠡ
ᠠᠭᠤᠯᠠ ᠬᠠᠢᠷᠬᠠᠨ ᠤ᠋ ᠨᠡᠷ᠎ᠡ ᠪᠡᠨ
ᠤᠯᠠᠮᠵᠢᠯᠠᠵᠤ ᠦᠯᠡᠳᠡᠭᠡᠵᠦ ᠪᠢᠴᠢᠶ᠎ᠡ
ᠮᠣᠩᠭᠣᠯ ᠪᠥᠬᠡ ᠪᠡᠨ ᠪᠠᠷᠢᠯᠳᠤᠭᠠᠳ
ᠮᠠᠭᠰᠢᠵᠤ ᠪᠠᠢᠬᠤ ᠪᠠᠷ ᠪᠢᠴᠢᠶ᠎ᠡ
ᠮᠣᠯᠣᠷ ᠡᠷᠳᠡᠨᠢ ᠮᠣᠷᠢ ᠪᠠᠨ
ᠤᠷᠤᠯᠳᠤᠵᠤ ᠪᠠᠢᠬᠤ ᠪᠠᠷ ᠪᠢᠴᠢᠶ᠎ᠡ
ᠡᠷᠡᠬᠡᠢ ᠮᠡᠷᠭᠡᠨ ᠰᠤᠷᠴᠢᠳ ᠢ᠋ᠶ᠋ᠠᠨ
ᠣᠨᠣᠭᠠᠵᠤ ᠪᠠᠢᠬᠤ ᠪᠠᠷ ᠪᠢᠴᠢᠶ᠎ᠡ
ᠡᠷ᠎ᠡ ᠶ᠋ᠢᠨ ᠭᠤᠷᠪᠠᠨ ᠨᠠᠭᠠᠳᠤᠮ ᠳ᠋ᠠᠭᠠᠨ
ᠲᠡᠷᠢᠭᠦᠯᠡᠵᠦ ᠪᠠᠢᠬᠤ ᠪᠠᠷ ᠪᠢᠴᠢᠶ᠎ᠡ
ᠳᠠᠷᠬᠠᠨ ᠮᠣᠩᠭᠣᠯ ᠰᠣᠶᠣᠯ ᠢ᠋ᠶ᠋ᠠᠨ
ᠳᠡᠯᠭᠡᠷᠡᠭᠦᠯᠵᠦ ᠪᠠᠢᠬᠤ ᠪᠠᠷ ᠪᠢᠴᠢᠶ᠎ᠡ
ᠳᠠᠶᠠᠭᠠᠷ ᠣᠯᠠᠨ ᠬᠣᠯᠪᠣᠭᠠᠴᠢᠳ ᠢ᠋ᠶ᠋ᠠᠨ
ᠪᠠᠶᠠᠷᠯᠠᠭᠤᠯᠵᠤ ᠪᠠᠢᠬᠤ ᠪᠠᠷ ᠪᠢᠴᠢᠶ᠎ᠡ᠃

               2024.01.09
   ᠦᠰᠦᠭ ᠠᠮᠢᠯᠠᠭᠤᠯᠤᠭᠴᠢ᠄ ᠲᠣᠭᠳᠠᠭᠤᠨᠪᠠᠶᠠᠷ
   ᠬᠢᠨᠠᠭᠴᠢ᠄ ᠣᠳᠬᠠᠨᠰᠣ᠎ᠠ