ᠬᠥᠬᠡ ᠵᠤᠯᠠ – ᠪᠣᠷᠵᠢᠭᠢᠨ ᠸᠠᠩᠵᠠᠯ - < ᠠᠷᠪᠠᠨ ᠨᠢᠭᠡ ᠂ ᠤᠯᠠᠭᠠᠨ ᠢᠳᠡᠭᠡᠨ ᠦ ᠪᠦᠯᠦᠭ 4 > Хөх зул – Боржигон Ванжал –" Арван нэг ᠂ Улаан идээний бүлэг 4 "
ᠠᠷᠪᠠᠨ ᠨᠢᠭᠡ ᠂ ᠤᠯᠠᠭᠠᠨ ᠢᠳᠡᠭᠡᠨ ᠦ ᠪᠦᠯᠦᠭ – 4
ᠦᠬᠡᠷ ᠦ᠋ᠨ ᠰᠢᠭᠦᠰᠦᠨ ᠳ᠋ᠦ᠍ ᠬᠣᠶᠠᠷ ᠵᠦᠢᠯ ᠪᠣᠢ ᠃ ① ᠪᠦᠬᠦᠯᠢ ᠰᠢᠭᠦᠰᠦ ᠃ ② ᠡᠪᠴᠢᠭᠦᠦ ᠶ᠋ᠢᠨ ᠪᠦᠳᠦᠷᠬᠡᠢ ᠂ ᠲᠤᠤᠬ᠎ᠠ ᠨᠢᠷᠤᠭᠤ ᠂ ᠬᠡᠯᠡᠨ ᠦ᠌ ᠦᠵᠦᠭᠦᠷ ᠂ ᠵᠢᠷᠦᠬᠡᠨ ᠣᠷᠣᠢ ᠂ ᠰᠡᠭᠡᠷ ᠂ ᠠᠮᠠᠨ ᠬᠦᠵᠦᠭᠦᠦ ᠂ ᠬᠠᠪᠢᠰᠤᠨ ᠲᠣᠯᠣᠭᠠᠢ(ᠪᠤᠷ᠎ᠠ)ᠵᠡᠷᠭᠡ ᠪᠡᠷ ᠪᠦᠷᠢᠯᠳᠦᠨ᠎ᠡ ᠃ ᠦᠬᠡᠷ ᠦ᠋ᠨ ᠰᠢᠭᠦᠰᠦ ᠪᠣᠯ ᠮᠠᠨ ᠤ᠋ ᠮᠣᠩᠭᠣᠯᠴᠤᠳ ᠤ᠋ᠨ ᠦᠪᠡᠳᠡᠭᠰᠢ ᠡᠷᠬᠢᠮ ᠢᠳᠡᠭᠡᠨ ᠦ᠌ ᠨᠢᠭᠡ ᠪᠣᠯᠤᠨ᠎ᠠ ᠃ ᠦᠬᠡᠷ ᠦ᠋ᠨ ᠮᠢᠬ᠎ᠠ ᠬᠠᠯᠠᠭᠤᠨ ᠶᠡᠬᠡᠲᠡᠢ ᠲᠤᠯᠠ ᠶᠡᠷᠦᠩᠬᠡᠢ ᠳ᠋ᠡᠭᠡᠨ ᠡᠪᠦᠯ ᠴᠠᠭ ᠢᠳᠡᠨ᠎ᠡ ᠃ ᠦᠬᠡᠷ ᠦ᠋ᠨ ᠮᠢᠬᠠᠨ ᠳ᠋ᠤ᠌ ᠡᠮᠲᠦ ᠵᠦᠢᠯ ᠣᠯᠠᠨ᠃
ᠦᠬᠡᠷ ᠦ᠋ᠨ ᠵᠠᠢᠳᠠᠰᠤ
ᠤᠬᠢᠶᠠᠵᠤ ᠴᠡᠪᠡᠷᠯᠡᠭᠰᠡᠨ ᠭᠦᠵᠡᠭᠡ ᠶ᠋ᠢᠨ ᠪᠤᠯᠤᠩ ᠪᠤᠶᠤ ᠰᠠᠢᠨ ᠰᠠᠷᠬᠢᠨᠠᠭ ᠲᠤ᠌ ᠴᠢᠳᠬᠤᠭᠰᠠᠨ ᠭᠡᠳᠡᠰᠦ ᠨᠢᠭᠡ ᠭᠣᠭᠴᠣᠭᠠᠰᠤ ᠶ᠋ᠢ ᠲᠠᠪᠤᠨ ᠴᠤᠯᠤ ᠶ᠋ᠢᠨ ᠬᠦᠰᠬᠦᠯᠡᠭᠡᠲᠡᠢ ᠬᠢᠵᠦ ᠠᠮᠠ ᠶ᠋ᠢ ᠰᠦᠯᠵᠢᠨ ᠰᠦᠯᠪᠡᠵᠦ ᠠᠪᠤᠭᠠᠳ ᠡᠯᠭᠦᠨ ᠬᠥᠯᠳᠡᠭᠡᠬᠦ ᠶ᠋ᠢ ᠬᠡᠯᠡᠨ᠎ᠡ ᠃ ᠬᠣᠨᠢ ᠢᠮᠠᠭ᠎ᠠ ᠶ᠋ᠢᠨ ᠬᠢ ᠶ᠋ᠢ ᠴᠦ᠍ ᠵᠠᠢᠳᠠᠰᠤᠯᠤᠨᠡ ᠃ ᠣᠯᠠᠨ ᠴᠥᠭᠡᠨ ᠬᠢᠬᠦ ᠨᠢ ᠭᠡᠷ ᠦ᠋ᠨ ᠡᠵᠡᠭᠲᠡᠢ ᠶ᠋ᠢᠨ ᠰᠠᠨᠠᠯ ᠢ᠋ᠶ᠋ᠠᠷ ᠲᠣᠭᠲᠠᠭᠠᠨ᠎ᠠ᠃
ᠭᠡᠳᠡᠰᠦ ᠴᠢᠳᠬᠤᠬᠤ
ᠴᠢᠰᠤᠨ ᠳ᠋ᠠᠬᠢ ᠡᠯᠢᠭᠡᠰᠢᠭᠰᠡᠨ ᠨᠥᠵᠢ ᠶ᠋ᠢ ᠪᠠᠵᠠᠯᠠᠵᠤ ᠠᠭᠤᠰᠬᠠᠨ ᠨᠥᠵᠢ ᠶ᠋ᠢ ᠨᠢ ᠣᠷᠬᠢᠭᠰᠠᠨ ᠤ᠋ ᠳᠠᠷᠠᠭ᠎ᠠ ᠂ ᠳᠠᠪᠤᠰᠤ ᠂ ᠰᠣᠩᠭᠢᠨ᠎ᠠ ᠂ ᠰᠠᠷᠢᠮᠰᠠᠭ ᠂ ᠬᠦᠮᠡᠯᠢ ᠂ ᠰᠣᠷᠢᠰᠤ ᠵᠡᠷᠭᠡ ᠶ᠋ᠢ ᠰᠠᠭᠠᠭ ᠤ᠋ᠨ ᠭᠤᠯᠢᠷ ᠲᠠᠢ ᠬᠣᠯᠢᠨ ᠨᠠᠢᠷᠠᠭᠤᠯᠵᠤ ᠴᠡᠪᠡᠷᠯᠡᠭᠰᠡᠨ ᠭᠡᠳᠡᠰᠦᠨ ᠳ᠋ᠡᠭᠡᠨ ᠴᠢᠳᠬᠤᠨ᠎ᠠ᠃
ᠬᠥᠷᠪᠡᠭᠦᠯᠵᠦ ᠴᠢᠳᠬᠤᠬᠤ ᠭᠡᠳᠡᠰᠦ ᠶ᠋ᠢ ᠬᠦᠪᠦᠵᠦ ᠬᠥᠷᠪᠡᠭᠦᠯᠵᠦ ᠴᠡᠪᠡᠷᠯᠡᠵᠦ ᠴᠢᠳᠬᠤᠬᠤ᠃
ᠭᠣᠭᠴᠣᠭ᠎ᠠ ᠴᠢᠳᠬᠤᠬᠤ
ᠭᠡᠳᠡᠰᠦ ᠶ᠋ᠢ ᠬᠦᠪᠦᠬᠦ ᠦᠭᠡᠢ ᠤᠤᠯ ᠭᠣᠭᠴᠣᠭᠠᠷᠠᠭᠰᠠᠨ ᠬᠡᠪ ᠢ᠋ᠶ᠋ᠡᠷ ᠨᠢ ᠴᠡᠪᠡᠷᠯᠡᠭᠰᠡᠨ ᠠᠭᠤᠰᠬᠢ ᠪᠡᠷ ᠬᠥᠭᠡᠭᠡᠨ ᠴᠢᠳᠬᠤᠬᠤ ᠶ᠋ᠢ ᠬᠡᠯᠡᠨ᠎ᠡ᠃
ᠰᠥᠭᠥᠳᠬᠡᠵᠦ ᠬᠠᠳᠠᠭᠠᠯᠠᠬᠤ
ᠦᠭᠦᠴᠡᠨ ᠦ᠌ ᠦᠬᠡᠷ ᠬᠣᠨᠢ ᠪᠠᠨ ᠭᠡᠳᠡᠰᠦ ᠳᠣᠲᠣᠷ ᠢ᠋ ᠨᠢ ᠭᠠᠷᠭᠠᠭᠰᠠᠨ ᠤ᠋ ᠳᠠᠷᠠᠭ᠎ᠠ ᠬᠥᠯᠳᠡᠭᠡᠬᠦ ᠭᠠᠵᠠᠷ ᠲᠠᠭᠠᠨ ᠠᠪᠠᠴᠢᠵᠤ ᠬᠡᠪᠲᠡᠭᠡ ᠬᠡᠯᠪᠡᠷᠢ ᠪᠡᠷ ᠲᠠᠯᠪᠢᠵᠤ ᠠᠷᠠᠰᠤ ᠶ᠋ᠢ ᠨᠢ ᠨᠥᠮᠥᠷᠭᠡᠨ ᠬᠥᠯᠳᠡᠭᠡᠬᠦ ᠶ᠋ᠢ ᠰᠥᠭᠥᠳᠬᠡᠨ ᠬᠠᠳᠠᠭᠠᠯᠠᠬᠤ ᠭᠡᠨ᠎ᠡ᠃
ᠭᠦᠵᠡᠭᠡᠯᠡᠬᠦ
ᠮᠣᠩᠭᠣᠯ ᠤ᠋ᠨ ᠦᠭᠡᠨ ᠳ᠋ᠦ᠍ 《ᠲᠤᠶᠠᠴᠢᠭᠰᠠᠨ ᠮᠢᠬ᠎ᠠ ᠭᠦᠵᠡᠭᠡᠨ ᠳ᠋ᠡᠭᠡᠨ ᠂ ᠨᠤᠨᠲᠠᠭᠯᠠᠭᠰᠠᠨ ᠮᠢᠬ᠎ᠠ ᠳᠠᠪᠤᠰᠠᠩ ᠳ᠋ᠠᠭᠠᠨ 》 ᠭᠡᠬᠦ ᠦᠨᠡᠨ ᠃ ᠠᠯᠢᠪᠠ ᠮᠠᠯ ᠢ᠋ ᠠᠯᠠᠭᠠᠳ ᠦᠶᠡᠯᠡᠵᠦ ᠮᠢᠬᠠᠨ ᠤ᠋ ᠤᠤᠯ ᠬᠠᠯᠠᠭᠤᠨ ᠢ᠋ ᠨᠢ ᠰᠡᠪᠡᠷᠡᠭᠡᠮᠡᠭᠴᠡ ᠭᠦᠵᠡᠭᠡᠨ ᠳ᠋ᠦ᠍ᠨᠢ ᠬᠢᠵᠦ ᠰᠠᠪᠠᠯᠠᠬᠤ ᠶ᠋ᠢ ᠭᠦᠵᠡᠭᠡᠯᠡᠬᠦ ᠭᠡᠨ᠎ᠡ ᠃ ᠰᠢᠭᠢᠷ᠎ᠡ ᠲᠣᠯᠣᠭᠠᠢ ᠶ᠋ᠢ ᠬᠢᠬᠦ ᠦᠭᠡᠢ ᠪᠣᠯ ᠨᠡᠩ ᠠᠮᠠᠷᠬᠠᠨ ᠪᠠᠭᠲᠠᠭᠠᠨ᠎ᠠ ᠃
ᠳᠠᠪᠤᠰᠠᠩᠯᠠᠬᠤ
ᠠᠯᠢᠪᠠ ᠮᠠᠯ ᠢ᠋ ᠠᠯᠠᠵᠤ ᠠᠯᠤᠰ ᠬᠣᠯᠠ ᠠᠪᠴᠤ ᠶᠠᠪᠤᠬᠤ ᠭᠡᠪᠡᠯ ᠠᠪᠠᠴᠢᠬᠤ ᠳ᠋ᠤ᠌ ᠬᠥᠩᠭᠡᠨ ᠂ ᠢᠳᠡᠬᠦ ᠳ᠋ᠦ᠍ ᠠᠷᠪᠢᠲᠠᠢ ᠶ᠋ᠢ ᠪᠣᠳᠣᠵᠤ ᠳᠠᠪᠤᠰᠠᠩᠯᠠᠳᠠᠭ ᠃ ᠡᠭᠦᠨ ᠢ᠋ ᠳᠠᠪᠤᠰᠠᠩᠯᠠᠬᠤ ᠭᠡᠨ᠎ᠡ᠃ ᠮᠢᠬ᠎ᠠ ᠪᠠᠨ ᠬᠠᠲᠠᠭᠠᠭᠰᠠᠨ ᠤ᠋ ᠳᠠᠷᠠᠭ᠎ᠠ ᠨᠦᠳᠦᠭᠦᠷ ᠢ᠋ᠶ᠋ᠡᠷ ᠪᠠᠯᠪᠠᠨ ᠨᠤᠨᠲᠠᠭᠯᠠᠭᠰᠠᠭᠠᠷ ᠨᠢᠭᠡ ᠮᠠᠯ ᠤ᠋ᠨ ᠮᠢᠬ᠎ᠠ ᠨᠢ ᠳᠠᠪᠤᠰᠠᠩ ᠳ᠋ᠠᠭᠠᠨ ᠪᠦᠷ ᠪᠠᠭᠲᠠᠳᠠᠭ᠃ ᠨᠢᠭᠡ ᠯᠡ ᠴᠢᠮᠬᠢ ᠠᠪᠴᠤ ᠤᠰᠤᠨ ᠳ᠋ᠤ᠌ ᠳᠡᠪᠲᠦᠭᠡᠪᠡᠯ ᠨᠢᠭᠡ ᠠᠶᠠᠭ᠎ᠠ ᠪᠠᠭᠲᠠᠬᠤ ᠦᠭᠡᠢ ᠪᠣᠯᠲᠠᠯ᠎ᠠ ᠥᠰᠴᠦ ᠠᠷᠪᠢᠵᠢᠳᠠᠭ᠃
ᠪᠣᠷᠴᠠᠯᠠᠬᠤ
ᠦᠬᠦᠴᠡᠨ ᠦ᠌ ᠦᠬᠡᠷ ᠂ ᠢᠠᠮᠭᠠ ᠪᠠᠨ ᠠᠯᠠᠮᠠᠭᠴᠠ ᠭᠤᠶ᠎ᠠ ᠬᠠ ᠶ᠋ᠢ ᠨᠢ ᠱᠤᠯᠤᠵᠤ ᠳᠠᠷᠤᠢ ᠪᠣᠷᠴᠠᠯᠠᠨᠠ ᠃ ᠪᠠᠷᠤᠭ ᠭᠤᠯᠢᠷ ᠤ᠋ᠨ ᠮᠣᠳᠣᠨ ᠤ᠋ ᠬᠢᠷᠢ ᠪᠦᠳᠦᠭᠦᠨ ᠢ᠋ᠶ᠋ᠡᠷ ᠪᠣᠷᠴᠠᠯᠠᠵᠤ ᠂ ᠪᠡᠯᠡᠳᠬᠡᠭᠰᠡᠨ ᠮᠣᠳᠣᠨ ᠳᠡᠭᠡᠷ᠎ᠡ ᠲᠣᠬᠣᠵᠤ ᠳᠠᠩ ᠬᠥᠯᠳᠡᠭᠡᠨ᠎ᠡ ᠃ ᠴᠠᠭᠠᠨ ᠰᠠᠷ᠎ᠠ ᠭᠠᠷᠤᠭᠠᠳ ᠬᠠᠲᠠᠭᠰᠠᠨ ᠨᠢ ᠭᠣᠣᠯ ᠲᠠᠢ (ᠭᠦᠢᠴᠡᠳ ᠬᠠᠲᠠᠭᠰᠠᠨ ᠦᠭᠡᠢ ) ᠪᠣᠯ ᠰᠡᠢᠮᠡᠬᠡᠢ ᠰᠠᠪᠠ ᠪᠤᠶᠤ ᠡᠰᠡᠬᠦᠯ᠎ᠡ ᠳᠡᠭᠡᠰᠦ ᠪᠡᠷ ᠪᠣᠭᠣᠵᠤ ᠥᠨᠳᠥᠷ ᠲᠦ᠍ ᠡᠯᠭᠦᠨ ᠰᠠᠯᠬᠢᠨ ᠦᠵᠡᠭᠦᠯᠦᠨ ᠬᠠᠲᠠᠭᠠᠨ᠎ᠠ ᠃ ᠬᠠᠲᠠᠭᠰᠠᠨ ᠪᠣᠷᠴᠠ ᠶ᠋ᠢ ᠲᠦᠭᠦᠬᠡᠢ ᠪᠡᠷ ᠢᠳᠡᠬᠦ ᠳ᠋ᠦ᠍ ᠠᠮᠲᠠ ᠰᠢᠮ᠎ᠡ ᠰᠠᠢᠲᠠᠢ᠃
ᠮᠢᠬ᠎ᠠ ᠪᠠᠨ ᠬᠠᠭᠤᠷᠴᠤ ᠬᠠᠳᠠᠭᠠᠯᠠᠬᠤ
ᠪᠥᠭᠡᠮ ᠮᠢᠬ᠎ᠠ ᠪᠠᠨ ᠴᠠᠭᠠᠨ ᠰᠠᠷ᠎ᠠ ᠭᠠᠷᠤᠭᠰᠠᠭᠠᠷ ᠬᠡᠰᠡᠭᠯᠡᠨ ᠬᠥᠰᠬᠥᠯᠡᠵᠦ ᠲᠣᠭᠣᠭᠠᠨ ᠳ᠋ᠤ᠌ ᠬᠢᠵᠦ ᠳᠠᠪᠤᠰᠤ ᠶ᠋ᠢ ᠨᠢ ᠲᠠᠭᠠᠷᠠᠮᠠ ᠬᠢᠵᠦ ᠭᠠᠭᠴᠠ ᠬᠦ᠌ ᠤᠰᠤᠨ ᠨᠢ ᠰᠢᠷᠭᠢᠭᠰᠡᠨ( ᠬᠠᠭᠤᠷᠴᠤ ᠪᠠᠢᠭ᠎ᠠ ᠮᠢᠬ᠎ᠠ ᠶ᠋ᠢᠨ ᠲᠣᠰᠣ ᠪᠠᠨ ᠭᠠᠯ ᠳ᠋ᠤ᠌ ᠳᠤᠰᠬᠠᠪᠠᠯ ᠰᠢᠷ ᠬᠢᠵᠦ ᠳᠤᠤᠭᠠᠷᠬᠤ ᠦᠭᠡᠢ ᠫᠦᠷᠳ᠋ ᠭᠡᠵᠦ ᠳᠤᠤᠭᠠᠷᠪᠠᠯ) ᠤ᠋ᠨ ᠬᠣᠢᠨ᠎ᠠ ᠭᠠᠷᠭᠠᠨ ᠸᠠᠭᠠᠷ ᠤ᠋ᠨ ᠰᠠᠪᠠᠨ ᠳ᠋ᠤ᠌ ᠬᠢᠵᠦ ᠠᠪᠤᠨ᠎ᠠ ᠃ ᠬᠠᠭᠠᠰ ᠰᠠᠷ᠎ᠠ ᠪᠦᠷᠢ ᠸᠠᠭᠠᠷ ᠲᠠᠢ ᠮᠢᠬᠠᠨ ᠢᠷᠣᠭᠠᠷ ᠢ᠋ᠶ᠋ᠠᠨ ᠪᠠᠢᠴᠠᠭᠠᠨ ᠦᠵᠡᠨ᠎ᠡ ᠃ ᠬᠡᠷᠪᠡ ᠤᠰᠤ ᠲᠠᠢ ᠣᠷᠣᠭᠰᠠᠨ ᠪᠣᠯ ᠭᠡᠮᠲᠦᠵᠦ ᠮᠡᠳᠡᠨ᠎ᠡ᠃ ᠭᠡᠮᠲᠦᠬᠦ ᠮᠠᠢᠭᠲᠠᠢ ᠪᠣᠯ ᠳᠠᠬᠢᠨ ᠨᠢᠭᠡ ᠤᠳᠠᠭ᠎ᠠ ᠪᠤᠴᠠᠯᠭᠠᠭᠠᠳ ᠭᠠᠷᠭ᠎ᠠ᠃
ᠮᠢᠬ᠎ᠠ ᠤᠲᠤᠬᠤ
ᠵᠤᠨ ᠨᠠᠮᠤᠷ ᠤ᠋ᠨ ᠬᠠᠯᠠᠭᠤᠨ ᠴᠠᠭ ᠱᠥᠯᠥ ᠤᠤᠭᠤᠪᠠᠯ᠂ ᠱᠤᠯᠤᠭᠰᠠᠨ ᠮᠢᠬ᠎ᠠ ᠪᠠᠨ ᠨᠠᠷᠢᠨ ᠪᠣᠷᠴᠠᠯᠠᠭᠠᠳ ᠡᠯᠭᠦᠨ ᠬᠠᠲᠠᠭᠠᠬᠤ ᠳ᠋ᠠᠭᠠᠨ ᠠᠷᠴᠠ ᠪᠤᠶᠤ ᠠᠷᠭᠠᠯ ᠵᠡᠷᠭᠡ ᠶ᠋ᠢ ᠤᠭᠤᠭᠢᠭᠤᠯᠵᠤ ᠤᠲᠤᠵᠤ ᠪᠠᠢᠭᠠᠳ ᠪᠣᠷᠴᠠᠨ ᠤ᠋ ᠭᠠᠳᠠᠷ ᠢ᠋ ᠬᠥᠷᠥᠰᠥᠯᠡᠭᠦᠯᠦᠨᠡ᠃ ᠢᠩᠭᠢᠭᠰᠡᠭᠡᠷ ᠢᠯᠠᠭ᠎ᠠ ᠪᠠᠲᠠᠭᠠᠨ᠎ᠠ ᠰᠠᠭᠤᠬᠤ ᠦᠭᠡᠢ ᠡᠭᠰᠢᠴᠢᠬᠡᠨᠡ᠃
ᠴᠠᠭ᠎ᠠ ᠳ᠋ᠤ᠌ ᠳᠡᠪᠲᠦᠭᠡᠬᠦ
ᠳᠠᠪᠤᠰᠤᠯᠠᠵᠤ ᠪᠣᠷᠴᠠᠯᠠᠭᠰᠠᠨ ᠮᠢᠬ᠎ᠠ ᠪᠠᠨ ᠡᠪᠡᠷᠡᠭᠦᠯᠦᠭᠰᠡᠨ ᠦ᠌ ᠳᠠᠷᠠᠭ᠎ᠠ ᠳᠠᠬᠢᠨ ᠴᠠᠭ᠎ᠠ ᠳ᠋ᠤ᠌ ᠬᠢᠵᠦ ᠬᠡᠳᠦᠨ ᠴᠠᠭ ᠳᠡᠪᠲᠦᠭᠡᠭᠡᠳ ᠲᠣᠬᠢᠷᠠᠮᠵᠢᠲᠠᠢ ᠭᠠᠵᠠᠷ ᠡᠯᠭᠦᠨ ᠬᠠᠲᠠᠭᠠᠬᠤ ᠶ᠋ᠢ ᠬᠡᠯᠡᠨ᠎ᠡ᠃ ᠡᠢᠮᠦ ᠮᠢᠬ᠎ᠠ ᠬᠤᠷᠰᠢᠬᠤ ᠦᠭᠡᠢ ᠂ ᠥᠳᠥ ᠬᠦᠷᠢ ᠣᠷᠣᠬᠤ ᠦᠭᠡᠢ ᠂ ᠬᠡᠵᠢᠶᠡᠳᠡ ᠰᠢᠭᠦᠰᠦᠯᠢᠭ ᠪᠠᠢᠵᠤ ᠬᠥᠰᠬᠥᠯᠡᠵᠦ ᠢᠳᠡᠬᠦ ᠳ᠋ᠦ᠍ ᠰᠠᠢᠨ ᠪᠠᠢᠳᠠᠭ᠃
ᠮᠥᠰᠥᠯᠡᠬᠦ ᠡᠪᠦᠯ ᠮᠢᠬ᠎ᠠ ᠪᠠᠨ ᠮᠥᠰᠥᠨ ᠳᠣᠲᠣᠷ᠎ᠠ ᠬᠥᠯᠳᠡᠭᠡᠨ ᠬᠠᠳᠠᠭᠠᠯᠠᠬᠤ ᠶ᠋ᠢ ᠬᠡᠯᠡᠨ᠎ᠡ᠃
ᠦᠭᠦᠴᠡᠯᠡᠨ ᠬᠠᠳᠠᠭᠠᠯᠠᠬᠤ
ᠮᠥᠴᠢᠯᠡᠭᠰᠡᠨ ᠮᠢᠬ᠎ᠠ ᠪᠠᠨ ᠸᠠᠭᠠᠷ ᠰᠠᠪᠠ ᠳ᠋ᠤ᠌ ᠬᠢᠵᠦ ᠠᠮᠠ ᠶ᠋ᠢ ᠪᠡᠬᠢᠯᠡᠨ ᠬᠥᠯᠳᠡᠭᠡᠬᠦ ᠪᠤᠶᠤ ᠡᠰᠡᠬᠦᠯ᠎ᠡ ᠪᠢᠲᠡᠭᠦᠦ ᠥᠪᠴᠢᠭᠰᠡᠨ ᠠᠷᠠᠰᠤᠨ ᠳ᠋ᠤ᠌ ᠬᠢᠵᠦ ᠬᠥᠯᠳᠡᠭᠡᠬᠦ ᠶ᠋ᠢ ᠬᠡᠯᠡᠨ᠎ᠡ᠃
ᠦᠬᠡᠷ ᠦ᠋ᠨ ᠰᠢᠭᠦᠰᠦᠨ ᠦ᠌ ᠪᠤᠰᠤᠳ ᠢᠳᠡᠭᠡᠨ ᠄
ᠲᠠᠬᠢᠯ ᠲᠣᠭᠣᠭᠠᠨ ᠮᠢᠬ᠎ᠠ
ᠦᠬᠡᠷ ᠢ᠋ᠶ᠋ᠡᠨ ᠠᠯᠠᠮᠠᠭᠴᠠ ᠦᠬᠡᠷ ᠦ᠋ᠨ ᠰᠠᠮᠰᠠ ᠂ ᠨᠢᠷᠤᠭᠤ ᠂ ᠬᠠᠷ᠎ᠠ ᠰᠡᠭᠡᠷ ᠂ ᠳᠥᠷᠪᠡᠨ ᠪᠣᠭᠣᠨᠢ ᠬᠠᠪᠢᠰᠤ ᠂ ᠠᠮᠠᠨ ᠬᠦᠵᠦᠭᠦᠦ ᠂ ᠤᠭᠤᠴᠠ ᠰᠦᠪᠡᠷᠭᠡ ᠬᠠᠪᠢᠰᠤ ᠂ ᠡᠪᠴᠢᠭᠦᠦ ᠶ᠋ᠢᠨ ᠰᠦᠪᠡᠭᠡ ᠵᠡᠷᠭᠡ ᠮᠢᠬ᠎ᠠ ᠶ᠋ᠢ ᠬᠦᠢᠲᠡᠨ ᠤᠰᠤᠨ ᠳ᠋ᠤ᠌ ᠬᠢᠵᠦ ᠳᠠᠪᠤᠰᠤ ᠲᠣᠬᠢᠷᠠᠭᠤᠯᠤᠨ 3 – 4 ᠴᠠᠭ ᠴᠢᠨᠠᠪᠠᠯ ᠪᠣᠯᠴᠢᠬᠠᠨ᠎ᠠ᠃ ᠡᠭᠦᠨ ᠢ᠋ ᠲᠠᠬᠢᠯ ᠲᠣᠭᠣᠭᠠᠨ ᠮᠢᠬ᠎ᠠ ᠭᠡᠨ᠎ᠡ᠃
ᠵᠣᠭᠣᠭ ᠤ᠋ᠨ ᠮᠢᠬ᠎ᠠ
ᠶᠠᠰᠤᠲᠠᠢ ᠮᠢᠬ᠎ᠠ ᠶ᠋ᠢ ᠬᠦᠢᠲᠡᠨ ᠤᠰᠤᠨ ᠳ᠋ᠤ᠌ ᠬᠢᠵᠦ ᠳᠠᠪᠤᠰᠤᠲᠠᠢ 3 – 4 ᠴᠠᠭ ᠴᠢᠨᠠᠨ᠎ᠠ ᠃ ᠡᠭᠦᠨ ᠢ᠋ ᠵᠣᠭᠣᠭ ᠤ᠋ᠨ ᠮᠢᠬ᠎ᠠ ᠭᠡᠨ᠎ᠡ᠃
ᠪᠤᠳᠤᠨᠴᠢᠷ ᠲᠠᠢ ᠴᠢᠨᠠᠭᠰᠠᠨ ᠦᠬᠡᠷ ᠦ᠋ᠨ ᠮᠢᠬ᠎ᠠ
ᠬᠥᠷᠥᠰᠥᠯᠡᠭᠰᠡᠨ ᠪᠣᠳᠤᠨᠴᠢᠷ ᠬᠢᠭᠡᠳ ᠮᠢᠬ᠎ᠠ ᠪᠠᠨ ᠰᠠᠪᠬ᠎ᠠ ᠰᠢᠭ᠋ ᠨᠠᠷᠢᠨ ᠂ ᠢᠮᠠᠬᠤ ᠢᠯᠡᠭᠦᠦ ᠤᠷᠲᠤ ᠬᠡᠷᠴᠢᠭᠡᠳ ᠂ ᠮᠢᠬ᠎ᠠ ᠪᠠᠨ ᠤᠷᠢᠳ ᠢ᠋ᠶ᠋ᠠᠷ ᠴᠠᠭ ᠰᠢᠬᠠᠭᠤ ᠴᠢᠨᠠᠭᠠᠳ ᠂ ᠳᠡᠭᠡᠷ᠎ᠡ ᠨᠢ ᠬᠡᠷᠴᠢᠭᠰᠡᠨ ᠪᠣᠳᠤᠨᠴᠢᠷ ᠢ᠋ᠶ᠋ᠠᠨ ᠳᠠᠪᠤᠰᠤ᠂ ᠰᠣᠩᠭᠢᠨ᠎ᠠ ᠂ ᠰᠠᠷᠢᠮᠰᠠᠭ ᠂ ᠬᠤᠸᠠᠵᠤᠤ ᠲᠠᠢ ᠬᠠᠮᠲᠤ ᠬᠢᠭᠡᠳ ᠴᠢᠨᠠᠵᠤ ᠂ ᠭᠠᠷᠭᠠᠬᠤ ᠳ᠋ᠠᠭᠠᠨ ᠪᠠᠰᠠ ᠨᠢᠴᠠᠯᠠᠭᠰᠠᠨ ᠰᠣᠩᠭᠢᠨ᠎ᠠ ᠰᠠᠷᠢᠮᠰᠠᠭ ᠪᠠᠭ᠎ᠠ ᠬᠢᠵᠦ ᠢᠳᠡᠨ᠎ᠡ᠃ ᠡᠭᠦᠨ ᠢ᠋ ᠪᠣᠳᠣᠨᠴᠢᠷ ᠲᠠᠢ ᠦᠬᠡᠷ ᠦ᠋ᠨ ᠮᠢᠬ᠎ᠠ ᠭᠡᠨ᠎ᠡ ᠃
ᠰᠢᠷᠠᠭᠰᠠᠨ ᠦᠬᠡᠷ ᠦ᠋ᠨ ᠮᠢᠬ᠎ᠠ
ᠦᠬᠡᠷ ᠦ᠋ᠨ ᠬᠥᠯᠳᠡᠭᠦᠦ ᠮᠢᠬ᠎ᠠ ᠶ᠋ᠢ ᠢᠮᠠᠬᠤ ᠵᠤᠵᠠᠭᠠᠨ 3 ᠢᠮᠠᠬᠤ ᠤᠷᠲᠤ ᠬᠡᠷᠴᠢᠭᠡᠳ ᠳᠠᠪᠤᠰᠤ ᠂ ᠰᠣᠩᠭᠢᠨ᠎ᠠ ᠬᠤᠸᠠᠵᠤᠤ ᠲᠠᠭᠠᠷᠠᠭᠤᠯᠵᠤ ᠂ 1 ᠴᠠᠭ ᠪᠣᠯᠤᠭᠰᠠᠨ ᠤ᠋ ᠳᠠᠷᠠᠭ᠎ᠠ ᠬᠠᠪᠲᠠᠭᠠᠢ ᠲᠣᠭᠣᠭᠠᠨ ᠳᠡᠭᠡᠷ᠎ᠡ ᠬᠠᠩᠨᠠᠵᠤ ᠪᠣᠯᠭᠣᠭᠠᠳ ᠰᠢᠷ᠎ᠠ ᠲᠣᠰᠣ ᠲᠦᠷᠬᠢᠵᠦ ᠢᠳᠡᠨ᠎ᠡ ᠃ ᠡᠭᠦᠨ ᠢ᠋ ᠰᠢᠷᠠᠭᠰᠠᠨ ᠦᠬᠡᠷ ᠦ᠋ᠨ ᠮᠢᠬ᠎ᠠ ᠭᠡᠨ᠎ᠡ᠃
ᠦᠬᠡᠷ ᠦ᠋ᠨ ᠵᠣ᠌ ᠮᠢᠬᠠᠨ ᠤ᠋ ᠪᠣᠭᠣᠷᠰᠣᠭ
ᠦᠬᠡᠷ ᠦ᠋ᠨ ᠨᠢᠷᠤᠭᠤᠨ ᠤ᠋ ᠮᠢᠬ᠎ᠠ ᠶ᠋ᠢ ᠨᠠᠷᠢᠨ ᠬᠡᠷᠴᠢᠵᠦ ᠂ ᠳᠠᠪᠤᠰᠤ ᠂ ᠰᠣᠩᠭᠢᠨ᠎ᠠ ᠂ ᠬᠤᠸᠠᠵᠤᠤ ᠂ ᠰᠢᠷ᠎ᠠ ᠲᠣᠰᠣ ᠬᠢᠵᠦ ᠨᠠᠢᠷᠠᠭᠤᠯᠤᠨ ᠬᠡᠰᠡᠭᠯᠡᠨ ᠬᠠᠪᠲᠠᠭᠠᠢᠯᠠᠵᠤ ᠂ ᠬᠣᠶᠠᠷ ᠲᠠᠯ᠎ᠠ ᠳ᠋ᠤᠨᠢ ᠲᠠᠬᠢᠶᠠᠨ ᠥᠨᠳᠡᠭᠡ ᠨᠠᠭᠠᠯᠳᠤᠭᠤᠯᠤᠨ ᠂ ᠳᠠᠬᠢᠨ ᠴᠠᠭᠠᠨ ᠭᠤᠯᠢᠷ ᠳᠦᠷᠭᠢᠭᠡᠳ ᠰᠢᠷ᠎ᠠ ᠲᠣᠰᠣ ᠲᠠᠢ ᠬᠠᠪᠲᠠᠭᠠᠢ ᠲᠣᠭᠣᠭᠠᠨ ᠳ᠋ᠤ᠌ ᠬᠠᠩᠨᠠᠵᠤ ᠪᠣᠯᠭᠣᠭᠠᠨ᠎ᠠ ᠃ ᠡᠭᠦᠨ ᠢ᠋ ᠦᠬᠡᠷ ᠦ᠋ᠨ ᠵᠣ᠌ ᠮᠢᠬᠠᠨ ᠪᠣᠭᠣᠷᠰᠣᠭ ᠭᠡᠨ᠎ᠡ ( ᠣᠷᠳᠣᠰ ᠲᠤ᠌ )᠃
ᠲᠣᠰᠣᠨ ᠳ᠋ᠤ᠌ ᠪᠤᠴᠠᠯᠭᠠᠭᠰᠠᠨ ᠮᠢᠬ᠎ᠠ
2 ᠢᠮᠠᠬᠤ ᠵᠤᠵᠠᠭᠠᠨ ᠂ 1 ᠢᠮᠠᠬᠤ ᠤᠷᠲᠤ ᠬᠡᠷᠴᠢᠭᠰᠡᠨ ᠦᠬᠡᠷ ᠦ᠋ᠨ ᠮᠢᠬᠠᠨ ᠳᠡᠭᠡᠷ᠎ᠡ ᠪᠡᠨ ᠳᠠᠪᠤᠰᠤ ᠪᠠ ᠠᠮᠲᠠᠲᠠᠨ ᠢ᠋ ᠲᠠᠭᠠᠷᠠᠭᠤᠯᠵᠤ 70 – 90 ᠭᠷᠠᠳᠦ᠋ᠰ ᠦ᠋ᠨ ᠬᠠᠯᠠᠭᠤᠨ ᠲᠣᠭᠣᠭᠠᠨ ᠳ᠋ᠤ᠌ ᠬᠠᠩᠨᠠᠵᠤ ᠂ ᠳᠠᠬᠢᠨ ᠪᠤᠴᠠᠯᠤᠭᠰᠠᠨ ᠭᠠᠬᠠᠢ ᠶ᠋ᠢᠨ ᠲᠣᠰᠣ ᠪᠤᠶᠤ ᠬᠣ ᠶᠢᠤ ᠳ᠋ᠤ᠌ ᠲᠥᠷᠥᠵᠦ ᠪᠣᠯᠭᠣᠭᠠᠨ᠎ᠠ ᠃ ᠡᠭᠦᠨ ᠢ᠋ ᠲᠣᠰᠣᠨ ᠳ᠋ᠤ᠌ ᠪᠤᠴᠠᠯᠭᠠᠭᠰᠠᠨ ᠦᠬᠡᠷ ᠦ᠋ᠨ ᠮᠢᠬ᠎ᠠ ᠭᠡᠨ᠎ᠡ ( ᠣᠷᠳᠣᠰ ᠲᠤ᠌ ) ᠃
ᠬᠠᠷᠪᠢᠰᠤ ᠢᠳᠡᠬᠦ
ᠭᠡᠭᠡᠰᠢ ᠢᠳᠡᠬᠦ ᠂ ᠦᠬᠡᠷ ᠬᠣᠨᠢᠨ ᠤ᠋ ᠭᠡᠭᠡᠰᠢ ᠶ᠋ᠢ ᠴᠡᠪᠡᠷᠯᠡᠨ ᠠᠪᠤᠭᠠᠳ ᠵᠤᠯᠴᠢ ᠨᠤᠭᠤᠳ ᠢ᠋ ᠨᠢ ᠰᠠᠢᠲᠤᠷ ᠲᠡᠭᠦᠵᠦ ᠠᠪᠤᠨ ᠳᠠᠪᠤᠰᠤ ᠲᠠᠢ ᠬᠠᠯᠠᠭᠤᠨ ᠤᠰᠤ ᠪᠠᠷ ᠰᠠᠢᠲᠤᠷ ᠤᠬᠢᠶᠠᠵᠤ ᠂ ᠦᠨᠢᠶᠡᠨ ᠰᠦ ᠳ᠋ᠦ᠍ ᠴᠢᠨᠠᠨ 《ᠨᠢᠭᠦᠯ ᠦᠭᠡᠢ ᠮᠢᠬ᠎ᠠ 》ᠭᠡᠵᠦ ᠢᠳᠡᠨ᠎ᠡ ᠃ ᠡᠭᠦᠨ ᠢ ᠬᠠᠷᠪᠢᠰᠤ ᠢᠳᠡᠨ᠎ᠡ ᠭᠡᠨ᠎ᠡ ᠃ ᠢᠳᠡᠭᠰᠡᠳ ᠪᠡᠶ᠎ᠡ ᠶ᠋ᠢᠨ ᠢᠯᠴᠢ ᠨᠡᠮᠡᠭᠳᠡᠨ ᠲᠠᠮᠢᠷ ᠰᠠᠢᠵᠢᠷᠠᠵᠤ ᠬᠡᠢ ᠳᠠᠷᠤᠭᠳᠠᠨ᠎ᠠ᠃
ᠲᠡᠮᠡᠭᠡᠨ ᠦ᠌ ᠮᠢᠬ᠎ᠠ
ᠪᠦᠳᠦᠭᠦᠨ ᠰᠢᠷᠭᠡᠭᠲᠡᠢ ᠬᠠᠷ᠎ᠠ ᠮᠢᠬ᠎ᠠ ᠭᠣᠣᠯᠳᠠᠭᠤ ᠭᠠᠷᠤᠨ᠎ᠠ ᠃ ᠨᠢᠭᠡ ᠲᠡᠮᠡᠭᠡ 500 – 1000 ᠰᠢᠬᠠᠭᠤ ᠵᠢᠩ ᠮᠢᠬ᠎ᠠ ᠤᠨᠠᠳᠠᠭ ᠂ ᠱᠠᠯᠪᠢᠩ ᠪᠤᠤᠰᠠ ᠵᠡᠷᠭᠡ ᠶ᠋ᠢ ᠬᠢᠵᠦ ᠢᠳᠡᠬᠦ ᠳ᠋ᠦ᠍ ᠤᠴᠢᠷᠲᠠᠢ ᠰᠠᠢᠬᠠᠨ᠃
ᠲᠡᠮᠡᠭᠡᠨ ᠪᠦᠬᠦ
ᠲᠡᠮᠡᠭᠡᠨ ᠪᠦᠬᠦ ᠪᠣᠯ ᠪᠤᠰᠤᠳ ᠮᠠᠯ ᠤ᠋ᠨ ᠬᠡᠷᠰᠡᠩ ᠰᠢᠭ ᠥᠭᠡᠬᠦᠯᠢᠭ ᠢ᠋ᠶ᠋ᠡᠷ ᠪᠦᠷᠢᠯᠳᠦᠭᠰᠡᠨ ᠪᠥᠭᠡᠳ ᠪᠦᠬᠦ ᠨᠢᠭᠡ ᠪᠦᠷᠢ 30 – 50 ᠵᠢᠩ ᠪᠠᠢᠳᠠᠭ᠃ ᠲᠡᠮᠡᠭᠡᠨ ᠪᠦᠬᠦ ᠬᠡᠳᠦᠢ ᠪᠡᠷ ᠥᠭᠡᠬᠦᠯᠢᠭ ᠪᠣᠯᠪᠠᠴᠤ ᠱᠠᠩᠳᠠᠭᠤᠨ ᠦᠭᠡᠢ ᠃ ᠨᠢᠮᠭᠡᠨ ᠬᠠᠪᠢᠰᠤᠯᠠᠨ ᠬᠡᠷᠴᠢᠭᠡᠳ ᠲᠣᠰᠣᠨ ᠳ᠋ᠤ᠌ ᠪᠤᠴᠠᠯᠭᠠᠨ ᠭᠠᠷᠭᠠᠵᠤ ᠳᠡᠭᠡᠷ᠎ᠡ ᠨᠢ ᠴᠠᠭᠠᠨ ᠰᠢᠬᠢᠷ ᠬᠢᠵᠦ ᠢᠳᠡᠪᠡᠯ ᠦᠨᠡᠬᠡᠷ ᠠᠮᠲᠠᠲᠠᠢ᠃
ᠲᠡᠮᠡᠭᠡᠨ ᠲᠠᠪᠠᠭ
ᠲᠡᠮᠡᠭᠡᠨ ᠲᠠᠪᠠᠬᠠᠢ ᠶ᠋ᠢᠨ ᠥᠭᠡᠬᠦᠯᠢᠭ ᠮᠢᠬ᠎ᠠ ᠨᠢ ᠢᠮᠠᠬᠤ ᠵᠤᠵᠠᠭᠠᠨ ᠪᠠᠢᠳᠠᠭ ᠪᠥᠭᠡᠳ ᠲᠠᠪᠠᠬᠠᠢ ᠳ᠋ᠤ᠌ ᠪᠠᠷᠤᠭ 15 – 20 ᠺᠦᠪ ᠰᠡᠨᠲ᠋ᠢᠮᠧᠲᠷ ᠮᠢᠬ᠎ᠠ ᠪᠠᠢᠳᠠᠭ᠃ ᠲᠡᠮᠡᠭᠡᠨ ᠲᠠᠪᠠᠬᠠᠢ ᠶ᠋ᠢᠨ ᠵᠠᠭᠤᠰᠢ ᠨᠢ ᠥᠲᠡᠭᠡ ( ᠪᠠᠭᠠᠪᠠᠭᠠᠢ ) ᠶ᠋ᠢᠨ ᠵᠠᠭᠤᠰᠢ ᠲᠠᠢ ᠲᠡᠩᠴᠡᠭᠦᠦ ᠲᠤᠯᠠ ᠤᠯᠤᠰ ᠤ᠋ᠨ ᠳᠡᠭᠡᠳᠦ ᠵᠡᠷᠭᠡ ᠶ᠋ᠢᠨ ᠳᠠᠢᠯᠠᠯᠭ᠎ᠠ ᠳ᠋ᠤ᠌ ᠣᠷᠣᠳᠠᠭ᠃
ᠲᠡᠮᠡᠭᠡᠨ ᠰᠢᠯᠢ
ᠲᠡᠮᠡᠭᠡᠨ ᠲᠠᠬᠢᠯ ᠤ᠋ᠨ ᠰᠢᠯᠢ ( ᠰᠢᠷᠪᠥᠰᠥ ) ᠡᠴᠡ ᠵᠣ᠌ ᠶ᠋ᠢᠨ ᠰᠢᠷᠪᠥᠰᠥ ᠬᠦᠷᠲᠡᠯᠡᠬᠢ 6 – 8 ᠲᠣᠬᠣᠢ ᠤᠷᠲᠤ ᠢᠮᠠᠬᠤ ᠵᠤᠵᠠᠭᠠᠨ ᠂ 2 ᠢᠮᠠᠬᠤ ᠥᠷᠭᠡᠨ ᠰᠢᠷᠪᠥᠰᠥ ᠶ᠋ᠢ ᠴᠠᠭᠠᠯᠠᠵᠤ ᠠᠪᠤᠭᠠᠳ ᠨᠢᠯᠳᠦ ᠴᠢᠨᠠᠵᠤ ᠬᠡᠷᠴᠢᠭᠡᠳ ᠦᠨᠦᠷ ᠠᠮᠲᠠᠲᠠᠨ ᠢ᠋ ᠲᠠᠭᠠᠷᠠᠭᠤᠯᠵᠤ ᠬᠠᠭᠤᠷᠪᠠᠯ ᠨᠢᠭᠡ ᠵᠦᠢᠯ ᠦ᠋ᠨ ᠠᠮᠲᠠᠲᠠᠢ ᠵᠠᠭᠤᠰᠢ ᠪᠣᠯᠳᠠᠭ᠃ ᠢᠳᠡᠭᠰᠡᠳ ᠬᠦᠴᠦ ᠲᠠᠮᠢᠷ ᠨᠡᠮᠡᠭᠳᠡᠨ ᠂ ᠦᠰᠦ ᠭᠡᠵᠢᠭᠡ ᠥᠩᠭᠡᠰᠢᠨᠡ᠃
ᠲᠡᠮᠡᠭᠡᠨ ᠰᠡᠭᠦᠯ
ᠨᠢᠭᠡᠨ ᠲᠣᠬᠣᠢ ᠬᠠᠭᠠᠰ ᠤᠷᠲᠤ ᠂ ᠢᠮᠠᠬᠤ ᠵᠤᠵᠠᠭᠠᠨ ᠰᠡᠭᠦᠯ ᠨᠢ ᠬᠣᠨᠢᠨ ᠰᠡᠭᠦᠯ ᠰᠢᠭ ᠥᠭᠡᠬᠦᠯᠢᠭ ᠂ ᠴᠢᠨᠠᠵᠤ ᠢᠳᠡᠬᠦ ᠳ᠋ᠦ᠍ ᠲᠣᠰᠣᠯᠢᠭ ᠠᠲᠠᠯ᠎ᠠ ᠱᠠᠩᠳᠠᠬᠤ ᠦᠭᠡᠢ ᠂ ᠣᠨᠴᠠ ᠰᠠᠢᠬᠠᠨ ᠠᠮᠲᠠᠲᠠᠢ ᠪᠠᠢᠳᠠᠭ ᠃ ᠲᠡᠭᠦᠨ ᠢ᠋ ᠬᠡᠰᠡᠭᠯᠡᠨ ᠬᠡᠷᠴᠢᠵᠦ ᠂ ᠦᠷ᠎ᠡ ᠶ᠋ᠢᠨ ᠲᠤᠰᠤᠨ᠎ᠠ ᠪᠣᠯᠭᠣᠵᠤ ᠰᠢᠬᠢᠷ ᠦ᠋ᠨ ᠵᠦᠢᠯᠡᠰ ᠢ᠋ᠶ᠋ᠡᠷ ᠬᠠᠴᠢᠷᠯᠠᠪᠠᠯ ᠨᠢᠭᠡᠨ ᠣᠨᠴᠠ ᠰᠠᠢᠬᠠᠨ ᠠᠮᠲᠠ ᠪᠦᠬᠦᠢ ᠵᠠᠭᠤᠰᠢ ᠪᠣᠯᠳᠠᠭ᠃
ᠲᠡᠮᠡᠭᠡᠨ ᠭᠦᠵᠡᠭᠡ
ᠲᠡᠮᠡᠭᠡᠨ ᠭᠦᠵᠡᠭᠡ ᠪᠣᠯ ᠨᠢᠭᠡ ᠳᠠᠪᠬᠤᠷᠭ᠎ᠠ ᠬᠤᠵᠢᠷᠬᠠᠢ ᠂ ᠨᠢᠭᠡ ᠳᠠᠪᠬᠤᠷᠭ᠎ᠠ ᠥᠭᠡᠬᠦ ᠮᠡᠲᠦ ᠪᠡᠷ 4 – 5 ᠳᠠᠪᠬᠤᠷ ᠠᠯᠠᠭᠯᠠᠨ ᠳᠠᠪᠬᠤᠴᠠᠵᠤ ᠪᠦᠲᠦᠭᠰᠡᠨ ᠪᠠᠢᠳᠠᠭ ᠠᠵᠤᠭᠤ ᠃ ᠡᠭᠦᠨ ᠢ᠋ ᠴᠡᠪᠡᠷᠯᠡᠨ ᠴᠢᠨᠠᠵᠤ ᠪᠣᠯᠭᠣᠭᠠᠳ ᠂ ᠦᠨᠦᠷ ᠠᠮᠲᠠᠲᠠᠨ ᠢ᠋ ᠬᠠᠴᠢᠷᠯᠠᠪᠠᠯ ᠠᠮᠲᠠᠲᠠᠢ ᠵᠠᠭᠤᠰᠢ ᠪᠣᠯᠳᠠᠭ ᠃ ᠢᠳᠡᠭᠰᠡᠳ ᠦ᠋ᠨ ᠬᠣᠳᠣᠭᠣᠳᠤᠨᠠ ᠡᠰᠡ ᠰᠢᠩᠭᠡᠭᠰᠡᠨ ᠬᠣᠣᠷ ᠢ᠋ ᠠᠯᠳᠠᠷᠠᠭᠠᠵᠤ ᠂ ᠰᠢᠩᠭᠡᠭᠡᠯᠲᠡ ᠶ᠋ᠢ ᠰᠠᠢᠵᠢᠷᠠᠭᠤᠯᠳᠠᠭ᠃
ᠲᠡᠮᠡᠭᠡᠨ ᠥᠭᠡᠬᠦ
ᠪᠦᠳᠦᠭᠦᠨ ᠲᠠᠷᠭᠤᠨ ᠲᠡᠮᠡᠭᠡᠨ ᠡᠴᠡ 60 – 70 ᠵᠢᠩ ᠥᠭᠡᠬᠦ ᠠᠪᠳᠠᠭ ᠃ ᠲᠡᠮᠡᠭᠡᠨ ᠥᠭᠡᠬᠦ ᠪᠣᠯ ᠪᠤᠷᠤᠩᠬᠤᠢ ᠰᠡᠭᠦᠳᠡᠷ ᠡᠪᠡᠳᠴᠢᠨ ᠂ ᠮᠠᠭᠤ ᠶᠠᠷ᠎ᠠ ᠂ ᠬᠣᠣᠷᠲᠤ ᠬᠠᠪᠤᠳᠠᠷ ᠵᠡᠷᠭᠡ ᠶ᠋ᠢ ᠵᠠᠰᠠᠬᠤ ᠳ᠋ᠤ᠌ ᠢᠳᠡᠪᠬᠢ ᠰᠠᠢᠨ ᠂ ᠬᠣᠪᠣᠷ ᠨᠠᠨᠳᠢᠨ ᠡᠮ ᠦ᠋ᠨ ᠮᠠᠲ᠋ᠧᠷᠢᠶᠠᠯ ᠪᠣᠯᠤᠨ᠎ᠠ᠃
ᠠᠳᠤᠭᠤᠨ ᠤ᠋ ᠮᠢᠬ᠎ᠠ
ᠠᠳᠤᠭᠤᠨ ᠤ᠋ ᠮᠢᠬ᠎ᠠ ᠨᠢ ᠣᠨᠴᠠᠭᠠᠢ ᠠᠮᠲᠠᠲᠠᠢ ᠪᠥᠭᠡᠳ ᠬᠠᠯᠠᠭᠤᠨ ᠶᠡᠬᠡᠲᠡᠢ᠃ ᠡᠪᠦᠯ ᠬᠥᠯᠳᠡᠵᠦ ᠥᠭᠬᠦ ᠦᠭᠡᠢ ᠪᠠᠢᠳᠠᠭ᠃ ᠮᠠᠨ ᠤ᠋ ᠬᠦᠢᠲᠡᠨ ᠭᠠᠵᠠᠷ ᠤ᠋ᠨ ᠬᠢᠨ ᠪᠣᠯ ᠡᠪᠦᠯ ᠶᠢᠰᠦ ᠣᠷᠣᠭᠰᠠᠭᠠᠷ ᠠᠳᠤᠭᠤ ᠶ᠋ᠢᠨ ᠮᠢᠬ᠎ᠠ ᠢᠳᠡᠳᠡᠭ᠃ ᠮᠢᠬ᠎ᠠ ᠨᠢ ᠰᠢᠮ᠎ᠡ ᠴᠢᠨᠠᠷ ᠰᠠᠢᠲᠠᠢ ᠪᠥᠭᠡᠳ ᠢᠯᠴᠢᠲᠡᠢ ᠂ ᠥᠯ ᠳᠠᠭᠠᠮᠠᠭᠠᠢ ᠪᠠᠢᠳᠠᠭ᠃ ᠲᠡᠢᠮᠦ ᠡᠴᠡ ᠮᠢᠬ᠎ᠠ ᠶ᠋ᠢ ᠨᠢ ᠢᠳᠡᠴᠢᠬᠡᠳ ᠱᠥᠯᠥ ᠪᠡᠷ ᠨᠢ ᠬᠠᠴᠠᠷ ᠨᠢᠭᠤᠷ ᠂ ᠴᠢᠬᠢᠨ ᠦ᠌ ᠣᠮᠣᠭ ᠂ ᠳᠡᠪᠢᠰᠬᠡᠷ ᠲᠦ᠍ ᠬᠦᠷᠲᠡᠯ᠎ᠡ ᠤᠬᠢᠶᠠᠭᠠᠳ ᠭᠤᠷᠪᠠ ᠶᠢᠰᠦ ᠳ᠋ᠦ᠍ ᠴᠦ᠍ ᠮᠠᠯᠠᠭᠠᠢ ᠳᠠᠷᠤᠯ ᠦᠭᠡᠢ ᠶᠠᠪᠤᠳᠠᠭ᠃
ᠢᠮᠠᠭᠠᠨ ᠤ᠋ ᠮᠢᠬ᠎ᠠ
ᠢᠮᠠᠭᠠᠨ ᠮᠢᠬ᠎ᠠ ᠨᠢ ᠰᠢᠮ᠎ᠡ ᠲᠡᠵᠢᠭᠡᠯ ᠰᠠᠢᠲᠠᠢ ᠂ ᠰᠡᠷᠢᠭᠦᠨ ᠴᠢᠨᠠᠷᠲᠠᠢ ᠪᠠᠢᠳᠠᠭ ᠃ ᠡᠢᠮᠦ ᠡᠴᠡ ᠮᠣᠩᠭᠣᠯᠴᠤᠳ ᠡᠳᠦᠷ ᠳᠣᠳᠣᠮ ᠤ᠋ᠨ ᠢᠳᠡᠰᠢᠨ ᠳ᠋ᠦ᠍ ᠬᠡᠷᠡᠭᠯᠡᠳᠡᠭ᠃
ᠢᠮᠠᠭᠠᠨ ᠤ᠋ ᠤᠭᠤᠴᠠ
ᠶᠡᠷᠦ ᠶ᠋ᠢᠨ ᠳᠠᠢᠯᠠᠯᠭ᠎ᠠ ᠳ᠋ᠤ᠌ ᠲᠠᠯᠪᠢᠳᠠᠭ᠃ ᠲᠡᠭᠡᠬᠦ ᠳ᠋ᠡᠭᠡᠨ ᠲᠣᠯᠣᠭᠠᠢ ᠣᠷᠣᠭᠤᠯᠳᠠᠭ ᠦᠭᠡᠢ ᠪᠥᠭᠡᠳ ᠬᠠᠰᠢᠶᠠᠰᠤ ᠶ᠋ᠢ ᠨᠢ ᠰᠣᠯᠢᠵᠤ ᠲᠠᠯᠪᠢᠳᠠᠭ ᠦᠭᠡᠢ ᠪᠣᠯᠠᠢ᠃
