ᠴᠢᠮ᠎ᠠ ᠳᠤ ᠪᠠᠨ-ᠤᠷᠠᠨᠵᠠᠶᠠᠭ᠎ᠠUranzaya Chamdaa Уранзаяа Чамдаа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠮ᠎ᠠ ᠳᠤ ᠪᠠᠨ-ᠤᠷᠠᠨᠵᠠᠶᠠᠭ᠎ᠠUranzaya Chamdaa Уранзаяа Чамдаа

ᠴᠢᠮ᠎ᠠ ᠳᠤ ᠪᠠᠨ-ᠤᠷᠠᠨᠵᠠᠶᠠᠭ᠎ᠠUranzaya Chamdaa Уранзаяа Чамдаа

ᠠᠩᠭᠢᠯᠠᠯ:ᠳᠠᠭᠤᠤ ᠬᠥᠭᠵᠢᠮ
2024-01-10

519

ᠴᠢᠮ᠎ᠠ ᠳᠤ ᠪᠠᠨ

       ᠤ᠋ ᠂ ᠤᠷᠠᠨᠵᠠᠶᠠᠭ᠎ᠠ ᠳᠠᠭᠤᠯᠠᠨ᠎ᠠ    
ᠨᠠᠮᠤᠷ ᠤ᠋ᠨ ᠨᠠᠷᠠ ᠲᠠᠷ ᠤᠷᠤᠯᠳᠤᠨ ᠨᠠᠳᠠ ᠳ᠋ᠤ᠌ ᠪᠠᠨ ᠴᠢ ᠮᠢᠨᠢ  
ᠨᠠᠷᠠ ᠪᠣᠯᠤᠨ ᠢᠷᠡᠭᠰᠡᠨ ᠠ᠋ 
ᠨᠠᠨᠳᠢᠨ ᠰᠡᠳᠬᠢᠯ ᠳ᠋ᠦ᠍ ᠵᠢᠭᠦᠷ ᠤᠷᠭᠤᠭᠤᠯᠵᠤ
ᠨᠠᠰᠤᠨ ᠤ᠋ ᠬᠠᠢᠷ᠎ᠠ ᠮᠢᠨᠢ ᠵᠢᠷᠦᠬᠡᠨ ᠳ᠋ᠦ᠍ ᠳᠡᠯᠪᠡᠭᠡᠯᠡᠭᠰᠡᠨ ᠠ᠋
ᠠᠢ ᠮᠢᠨᠦ ᠬᠠᠢᠷ᠎ᠠ ᠠᠢ ᠮᠢᠨᠦ ᠬᠠᠢᠷ᠎ᠠ 
ᠠᠯᠠᠭ ᠵᠢᠷᠦᠬᠡᠨ ᠦ᠌ ᠮᠢᠨᠢ ᠮᠥᠩᠬᠡ ᠶ᠋ᠢᠨ ᠭᠡᠭᠡ 
ᠠᠢ ᠮᠢᠨᠦ ᠬᠠᠢᠷ᠎ᠠ ᠠᠢ ᠮᠢᠨᠦ ᠬᠠᠢᠷ᠎ᠠ 
ᠠᠮᠢᠨ ᠵᠠᠶᠠᠭᠠᠨ ᠤ᠋ ᠮᠢᠨᠢ ᠡᠭᠦᠷᠢᠳᠡ ᠶ᠋ᠢᠨ ᠬᠡᠰᠢᠭ 
ᠣᠷᠴᠢᠯᠠᠩ ᠳᠡᠯᠡᠬᠡᠢ ᠶ᠋ᠢ ᠶ᠋ᠢ ᠤᠶᠠᠷᠠᠭᠤᠯᠤᠨ ᠬᠣᠩᠭᠣᠷ ᠮᠢᠨᠢ ᠨᠠᠳᠠ ᠳ᠋ᠤ᠌ ᠪᠠᠨ 
ᠠᠶᠠᠯᠭᠤ ᠪᠣᠯᠤᠨ ᠢᠷᠡᠭᠰᠡᠨ ᠠ᠋ 
ᠬᠣᠣᠰ ᠤ᠋ᠨ ᠵᠢᠷᠭᠠᠯ ᠳ᠋ᠤ᠌ ᠴᠡᠩᠭᠡᠯ ᠨᠡᠮᠡᠨ
ᠬᠣᠷᠸ᠎ᠠ ᠶ᠋ᠢ ᠳᠦᠭᠦᠷᠭᠡᠵᠦ ᠴᠢ ᠮᠢᠨᠢ ᠢᠷᠡᠭᠰᠡᠨ
ᠠᠢ ᠮᠢᠨᠦ ᠬᠠᠢᠷ᠎ᠠ ᠠᠢ ᠮᠢᠨᠦ ᠬᠠᠢᠷ᠎ᠠ
ᠠᠯᠠᠭ ᠵᠢᠷᠦᠬᠡᠨ ᠮᠢᠨᠢ ᠮᠥᠩᠬᠡ ᠶ᠋ᠢᠨ ᠭᠡᠭᠡ
ᠠᠢ ᠮᠢᠨᠦ ᠬᠠᠢᠷ᠎ᠠ ᠠᠢ ᠮᠢᠨᠦ ᠬᠠᠢᠷ᠎ᠠ .
ᠠᠮᠢᠨ ᠵᠠᠶᠠᠭᠠᠨ ᠤ᠋ ᠮᠢᠨᠢ ᠡᠭᠦᠷᠢᠳᠡ ᠶ᠋ᠢᠨ ᠬᠡᠰᠢᠭ ᠠ᠋

ᠠᠯᠳᠠᠭ᠎ᠠ ᠤᠨᠤᠭ᠎ᠠ ᠶ᠋ᠢ ᠮᠢᠨᠢ ᠠᠳᠢᠰᠯᠠᠨ
ᠠᠮᠠᠷᠠᠭ ᠮᠢᠨᠢ ᠨᠠᠳᠠ ᠳ᠋ᠤ᠌ ᠪᠠᠨ ᠬᠠᠢᠷ᠎ᠠ ᠪᠣᠯᠤᠨ ᠢᠷᠡᠭᠰᠡᠨ
ᠠᠮᠢᠳᠤᠷᠠᠯ ᠤ᠋ᠨ ᠵᠠᠮ ᠳ᠋ᠤ᠌ ᠲᠦᠰᠢᠭ ᠪᠣᠯᠵᠤ ᠬᠠᠨᠢ ᠮᠢᠨᠢ ᠴᠢ ᠮᠢᠨᠢ
ᠨᠠᠳᠠ ᠳ᠋ᠤ᠌ ᠪᠠᠨ ᠢᠷᠡᠭᠰᠡᠨ
ᠠᠢ ᠮᠢᠨᠦ ᠬᠠᠢᠷ᠎ᠠ ᠠᠢ ᠮᠢᠨᠦ ᠬᠠᠢᠷ᠎ᠠ
ᠠᠯᠠᠭ ᠵᠢᠷᠦᠬᠡᠨ ᠦ᠌ ᠮᠢᠨᠢ ᠮᠥᠩᠬᠡ ᠶ᠋ᠢᠨ ᠭᠡᠭᠡ
ᠠᠢ ᠮᠢᠨᠦ ᠬᠠᠢᠷ᠎ᠠ ᠠᠢ ᠮᠢᠨᠦ ᠬᠠᠢᠷ᠎ᠠ
ᠠᠮᠢᠨ ᠵᠠᠶᠠᠭᠠᠨ ᠤ᠋ ᠮᠢᠨᠢ ᠡᠭᠦᠷᠢᠳᠡ ᠶ᠋ᠢᠨ ᠬᠡᠰᠢᠭ ᠠ᠋
ᠠᠢ ᠮᠢᠨᠦ ᠬᠠᠢᠷ᠎ᠠ ᠠᠢ ᠮᠢᠨᠦ ᠬᠠᠢᠷ᠎ᠠ
ᠠᠯᠠᠭ ᠵᠢᠷᠦᠬᠡᠨ ᠦ᠌ ᠮᠢᠨᠢ ᠮᠥᠩᠬᠡ ᠶ᠋ᠢᠨ ᠭᠡᠭᠡ
ᠠᠢ ᠮᠢᠨᠦ ᠬᠠᠢᠷ᠎ᠠ ᠠᠢ ᠮᠢᠨᠦ ᠬᠠᠢᠷ᠎ᠠ
ᠠᠮᠢᠨ ᠵᠠᠶᠠᠭᠠᠨ ᠤ᠋ ᠮᠢᠨᠢ ᠡᠭᠦᠷᠢᠳᠡ ᠶ᠋ᠢᠨ ᠬᠡᠰᠢᠭ ᠠ᠋

   ᠦᠰᠦᠭ ᠠᠮᠢᠯᠠᠭᠤᠯᠤᠭᠰᠠᠨ ᠨᠢ ᠄ ᠭᠠᠸᠠ
   ᠦᠰᠦᠭ ᠬᠠᠲᠠᠭᠰᠠᠨ ᠨᠢ ᠄ ᠭᠠᠸᠠ
   ᠦᠰᠦᠭ ᠬᠢᠨᠠᠭᠴᠢ ᠄ ᠭᠠᠷᠮ᠎ᠠ