ᠪᠠᠭᠰᠢ ᠮᠢᠨᠢ-ᠮᠠᠨᠳᠤᠬᠤ ᠪᠠᠭᠰᠢ ᠶᠢᠨ ᠤᠷᠠᠨ ᠪᠢᠴᠢᠯᠭᠡ
ᠪᠠᠭᠰᠢ ᠮᠢᠨᠢ
ᠦᠭᠡ᠄ ᠯ· ᠭᠠᠩᠵᠤᠯᠠ
ᠠᠶ᠎ᠠ᠄ ᠪ · ᠪᠤᠶᠠᠨᠵᠢᠷᠭᠠᠯ
ᠳᠠᠭᠤᠴᠢᠨ᠄ ᠴᠡᠪᠡᠷᠴᠡᠴᠡᠭ
ᠪᠦᠲᠦᠨ ᠶᠠᠪᠤᠬᠤ ᠶ᠋ᠢᠨ ᠵᠠᠶᠠᠭᠠᠨ ᠳ᠋ᠤ᠌ ᠮᠢᠨᠢ
ᠪᠦᠭᠦᠷᠭᠡ ᠳᠥᠷᠦᠭᠡᠨ ᠳ᠋ᠦ᠍ ᠬᠦᠷᠭᠡᠭᠰᠡᠨ
ᠪᠦᠯᠢᠶᠡᠨ ᠰᠡᠳᠬᠢᠯ ᠦ᠋ᠨ ᠲᠩᠷᠢ
ᠪᠤᠷᠬᠠᠨ ᠢᠪᠡᠭᠡᠯᠲᠦ ᠪᠠᠭᠰᠢ ᠮᠢᠨᠢ ᠠ᠋᠃
ᠳᠡᠭᠡᠳᠦ ᠶ᠋ᠢᠨ ᠭᠡᠭᠡᠨ ᠤᠬᠠᠭᠠᠨ ᠠ᠋ᠴᠠ ᠨᠢ
ᠳᠡᠭᠡᠵᠢᠯᠡᠵᠦ ᠥᠪᠯᠡᠭᠰᠡᠨ ᠱᠠᠪᠢ ᠨᠠᠷ ᠴᠢᠨᠢ
ᠳᠡᠩᠳᠡᠭᠦᠦ ᠶᠡᠬᠡ ᠠᠴᠢ ᠶ᠋ᠢ ᠲᠠᠨ ᠮᠠᠷᠲᠠᠯ ᠦᠭᠡᠢ
ᠳᠡᠭᠡᠳᠦᠯᠡᠵᠦ ᠶᠠᠪᠤᠳᠠᠭ ᠰᠢᠦ ᠪᠠᠭᠰᠢ ᠮᠢᠨᠢ ᠠ᠋᠃
ᠵᠥᠭᠡᠯᠡᠨ ᠬᠠᠲᠠᠭᠤ ᠲᠠᠢ ᠬᠣᠷᠸ᠎ᠠ ᠶ᠋ᠢᠨ
ᠵᠥᠷᠢᠭ ᠵᠠᠮ ᠢ᠋ᠶ᠋ᠠᠷ ᠬᠥᠲᠥᠯᠬᠦ ᠳ᠋ᠡᠭᠡᠨ
ᠵᠦᠭ ᠦ᠋ᠨ ᠴᠤᠯᠪᠤᠭᠤᠷ ᠠᠳᠬᠤᠭᠤᠯᠤᠭᠰᠠᠨ
ᠵᠦᠩ ᠪᠢᠯᠢᠭ ᠦ᠋ᠨ ᠪᠠᠭᠰᠢ ᠮᠢᠨᠢ ᠠ᠋᠃
ᠳᠡᠭᠡᠳᠦ ᠶ᠋ᠢᠨ ᠭᠡᠭᠡᠨ ᠤᠬᠠᠭᠠᠨ ᠠ᠋ᠴᠠ ᠨᠢ
ᠳᠡᠭᠡᠵᠢᠯᠡᠵᠦ ᠥᠪᠯᠡᠭᠰᠡᠨ ᠱᠠᠪᠢ ᠨᠠᠷ ᠴᠢᠨᠢ
ᠳᠡᠩᠳᠡᠭᠦᠦ ᠶᠡᠬᠡ ᠠᠴᠢ ᠶ᠋ᠢ ᠲᠠᠨ ᠮᠠᠷᠲᠠᠯ ᠦᠭᠡᠢ
ᠳᠡᠭᠡᠳᠦᠯᠡᠵᠦ ᠶᠠᠪᠤᠳᠠᠭ ᠰᠢᠦ ᠪᠠᠭᠰᠢ ᠮᠢᠨᠢ ᠠ᠋
ᠡᠩ ᠦᠭᠡᠢ ᠣᠷᠴᠢᠯᠠᠩ ᠢ᠋ ᠭᠡᠢᠭᠦᠯᠬᠦ
ᠢᠯᠴᠢᠲᠦ ᠨᠠᠷᠠᠨ ᠤ᠋ ᠲᠤᠶᠠᠭ᠎ᠠ ᠰᠢᠭ᠋
ᠡᠷᠳᠡᠮ ᠣᠶᠤᠨ ᠢ᠋ᠶ᠋ᠠᠨ ᠬᠠᠢᠷᠠᠯᠠᠭᠰᠠᠨ
ᠡᠨᠡᠷᠢᠯ ᠦ᠋ᠨ ᠳᠡᠭᠡᠳᠦ ᠪᠠᠭᠰᠢ ᠮᠢᠨᠢ ᠠ᠋᠃
ᠳᠡᠭᠡᠳᠦ ᠶ᠋ᠢᠨ ᠭᠡᠭᠡᠨ ᠤᠬᠠᠭᠠᠨ ᠠ᠋ᠴᠠ ᠨᠢ
ᠳᠡᠭᠡᠵᠢᠯᠡᠵᠦ ᠥᠪᠯᠡᠭᠰᠡᠨ ᠱᠠᠪᠢ ᠨᠠᠷ ᠴᠢᠨᠢ
ᠳᠡᠩᠳᠡᠭᠦᠦ ᠶᠡᠬᠡ ᠠᠴᠢ ᠶ᠋ᠢ ᠲᠠᠨ ᠮᠠᠷᠲᠠᠯ ᠦᠭᠡᠢ
ᠳᠡᠭᠡᠳᠦᠯᠡᠵᠦ ᠶᠠᠪᠤᠳᠠᠭ ᠰᠢᠦ ᠪᠠᠭᠰᠢ ᠮᠢᠨᠢ ᠠ᠋᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
