ᠨᠠᠭᠠᠳᠤᠮ ᠤ᠋ᠨ ᠵᠠᠷ- ᠳᠤᠯᠭᠠᠷᠮ᠎ᠠНаадмын жар-Дулгармаа
ᠨᠠᠭᠠᠳᠤᠮ ᠤ᠋ᠨ ᠵᠠᠷ
ᠳᠤᠯᠭᠠᠷᠮ᠎ᠠ
ᠨᠢᠭᠡᠳᠦᠯ ᠦ᠋ᠨ ᠨᠠᠭᠠᠳᠤᠮ ᠤ᠋ᠨ ᠵᠠᠷ ᠢ᠋ᠶ᠋ᠠᠷ
ᠨᠡᠭᠡᠷᠡᠨ ᠪᠠᠶᠠᠷᠯᠠᠳᠠᠭ ᠪᠠᠢᠭᠰᠠᠨ ᠪᠠᠭ᠎ᠠ ᠨᠠᠰᠤ ᠮᠢᠨᠢ
ᠨᠠᠰᠤᠲᠠᠨ ᠶᠡᠬᠡᠰ ᠢ᠋ᠶ᠋ᠡᠨ ᠳᠠᠭᠠᠭᠠᠳ
ᠨᠠᠢᠷ ᠲᠤ ᠶᠠᠪᠤᠬᠤ ᠳᠡᠷᠪᠡᠳᠡᠭ ᠪᠠᠢᠭᠰᠠᠨ
ᠤᠶᠠᠭᠠᠴᠢ ᠠᠪᠠᠭ᠎ᠠ ᠪᠠᠨ ᠳᠠᠭᠠᠭᠠᠳ
ᠤᠷᠤᠯᠳᠤᠭᠠᠨ ᠮᠣᠷᠢᠨ ᠳᠡᠭᠡᠷ᠎ᠡ ᠨᠢᠰᠦᠭᠰᠡᠭᠡᠷ ᠪᠠᠢᠯ᠎ᠠ ᠲᠡᠷᠡ ᠦᠶ᠎ᠡ
ᠣᠭᠣᠴᠢ ᠠᠢᠷᠠᠭ ᠢ᠋ᠶ᠋ᠠᠷ ᠥᠯ ᠳᠠᠷᠤᠴᠢᠬᠠᠭᠰᠠᠨ
ᠤᠨᠲᠠᠬᠤ ᠨᠣᠢᠷ ᠦᠭᠡᠢ ᠬᠥᠭᠰᠡᠵᠦ ᠶᠠᠪᠤᠯ᠎ᠠ᠂ ᠪᠠᠭ᠎ᠠ ᠨᠠᠰᠤ ᠮᠢᠨᠢ
ᠣᠳᠣ ᠶ᠋ᠢᠨ ᠨᠠᠭᠠᠳᠤᠮ ᠤ᠋ᠨ ᠵᠠᠷ ᠢ᠋ᠶ᠋ᠠᠷ
ᠤᠢᠳᠬᠤ ᠰᠡᠳᠬᠢᠯ ᠲᠥᠷᠥᠭᠳᠡᠬᠦ ᠰᠢᠭ ᠪᠣᠯᠬᠤ ᠶᠤᠮ
ᠤᠯᠠᠭᠠᠨ ᠬᠠᠯᠴᠠᠭᠠᠢ ᠪᠣᠯᠵᠤ ᠪᠠᠢᠬᠤ ᠨᠤᠲᠤᠭ ᠢ᠋ᠶ᠋ᠠᠨ ᠦᠵᠡᠭᠡᠳ
ᠥᠪᠡᠷ ᠦ᠋ᠨ ᠡᠷᠬᠡ ᠦᠭᠡᠢ ᠬᠠᠷᠠᠮᠰᠠᠬᠤ ᠪᠣᠯᠤᠭᠰᠠᠨ
ᠲᠥᠷᠥ ᠤᠯᠤᠰ ᠤ᠋ᠨ ᠮᠢᠨᠢ ᠬᠥᠭᠵᠢᠯ ᠢ᠋ᠶ᠋ᠡᠷ
ᠲᠡᠷᠢᠭᠦᠨ ᠳᠡᠰ ᠢ᠋ ᠰᠢᠯᠭᠠᠷᠠᠭᠤᠯᠵᠤ᠂ ᠰᠣᠳᠣ ᠣᠳᠣ ᠴᠤ ᠣᠯᠠᠨ ᠪᠣᠯᠵᠠᠢ
ᠲᠦᠮᠡᠨ ᠠᠭᠲᠠ ᠶ᠋ᠢᠨ ᠲᠦᠪᠡᠷᠭᠡᠨ ᠢ᠋ᠶ᠋ᠡᠷ ᠳᠡᠷᠪᠡᠭᠦᠯᠵᠦ ᠪᠠᠢᠭᠰᠠᠨ ᠨᠤᠲᠤᠭ ᠮᠢᠨᠢ
ᠲᠦᠮᠡᠨ ᠲᠡᠷᠭᠡᠨ ᠦ᠌ ᠪᠤᠯᠤ ᠪᠠᠷ ᠬᠠᠯᠴᠠᠷᠠᠵᠤ ᠪᠠᠢᠬᠤ ᠪᠣᠯᠵᠠᠢ
ᠡᠪ ᠲᠡᠢ ᠨᠠᠭᠠᠳᠤᠮ ᠤ᠋ᠨ ᠡᠳᠦᠷ ᠢ᠋ᠶ᠋ᠡᠷ
ᠡᠷ᠎ᠡ ᠶ᠋ᠢᠨ ᠭᠤᠷᠪᠠᠨ ᠨᠠᠭᠠᠳᠤᠮ ᠲᠠᠢ ᠯᠠ ᠨᠤᠲᠤᠭ
ᠡᠷᠳᠡᠮ ᠮᠡᠳᠡᠯᠭᠡ ᠲᠡᠢ᠂ ᠡᠳ᠋ᠯᠡᠬᠦ ᠪᠤᠶᠠᠨ ᠲᠠᠢ
ᠡᠭᠦᠷᠢᠳᠡ ᠵᠢᠷᠭᠠᠬᠤ ᠪᠣᠯᠲᠤᠭᠠᠢ!
ᠦᠰᠦᠭ ᠠᠮᠢᠯᠠᠭᠤᠯᠤᠭᠴᠢ᠄ ᠣᠳᠬᠠᠨᠴᠡᠴᠡᠭ
ᠬᠢᠨᠠᠭᠴᠢ ᠪᠠᠭᠰᠢ᠄ ᠰᠡᠬᠡᠭᠡᠷᠡᠯ
