ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠳᠠᠯᠠᠨ ᠳᠥᠷᠪᠡᠳᠦᠭᠡᠷ ᠪᠦᠯᠦᠭ > Хөх судрын залгамж - Инжинаш < Далан дөрөвдүгээр бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠳᠠᠯᠠᠨ ᠳᠥᠷᠪᠡᠳᠦᠭᠡᠷ ᠪᠦᠯᠦᠭ > Хөх судрын залгамж - Инжинаш < Далан дөрөвдүгээр бүлэг >

ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠳᠠᠯᠠᠨ ᠳᠥᠷᠪᠡᠳᠦᠭᠡᠷ ᠪᠦᠯᠦᠭ > Хөх судрын залгамж - Инжинаш < Далан дөрөвдүгээр бүлэг >

ᠠᠩᠭᠢᠯᠠᠯ:ᠲᠡᠦᠬᠡ ᠰᠣᠶᠣᠯ
2024-01-09

269


             ᠳᠠᠯᠠᠨ ᠳᠥᠷᠪᠡᠳᠦᠭᠡᠷ ᠪᠦᠯᠦᠭ 
                        ᠤᠯᠠᠭᠠᠭᠴᠢᠨ ᠲᠠᠬᠢᠶ᠎ᠠ ᠵᠢᠯ ᠦ᠋ᠨ ᠨᠠᠮᠤᠷ ᠤ᠋ᠨ ᠰᠠᠷ᠎ᠠ ᠠ᠋ᠴᠠ 
                        ᠨᠣᠬᠠᠢ ᠵᠢᠯ ᠳ᠋ᠦ᠍ᠷ ᠪᠣᠯᠤᠭᠰᠠᠨ ᠤᠴᠢᠷ᠃ 
                        ᠥᠭᠡᠳᠡᠢ ᠬᠠᠭᠠᠨ ᠤ᠋ ᠠᠷᠪᠠᠨ ᠨᠢᠭᠡᠳᠦᠭᠡᠷ ᠣᠨ 
                        ᠥᠭᠡᠳᠡᠢ ᠬᠠᠭᠠᠨ ᠡᠨᠡ ᠵᠢᠯ ᠲᠠᠪᠢᠨ ᠭᠤᠷᠪᠠᠨ ᠨᠠᠰᠤᠲᠠᠢ ᠪᠣᠯᠪᠠ 

             ᠪᠣᠳᠣᠯᠭ᠎ᠠ ᠦᠭᠡᠢ ᠷᠶᠠᠽᠠᠨ ᠸᠠᠩ ᠵᠠᠪᠰᠢᠰᠤᠭᠠᠢ ᠭᠡᠵᠦ 
                   ᠣᠯᠠᠨ ᠴᠡᠷᠢᠭ  ᠢ᠋ᠶ᠋ᠡᠨ ᠬᠢᠳᠤᠭᠤᠯᠵᠤ ᠪᠡᠶ᠎ᠡ ᠰᠥᠨᠥᠪᠡᠢ 
             ᠪᠣᠭᠳᠠ ᠡᠵᠡᠨ ᠴᠢᠩᠭᠢᠰ ᠬᠠᠭᠠᠨ ᠤ᠋ ᠠᠴᠢ ᠨᠠᠷ ᠣᠷᠣᠰ ᠣᠷᠣᠨ ᠤ᠋ 
                    ᠬᠣᠲᠠ ᠶ᠋ᠢ ᠡᠬᠢᠯᠡᠵᠦ ᠪᠠᠢᠯᠳᠤᠪᠠᠢ  

       ᠥᠭᠦᠯᠡᠬᠦ ᠢᠨᠦ ᠮᠣᠩᠭᠣᠯ ᠴᠡᠷᠢᠭ ᠢᠵᠢᠯ ᠮᠥᠷᠡᠨ ᠢ᠋ ᠭᠡᠲᠦᠯᠦᠭᠰᠡᠨ ᠦ᠌ ᠬᠣᠢᠨ᠎ᠠ ᠪᠠᠲᠤ ᠬᠠᠨ ᠳᠠᠷᠤᠢ ᠷᠶᠠᠽᠠᠨ ᠸᠠᠩ ᠂ ᠶᠦᠷᠢ ᠂ ᠢᠩᠸᠷᠸᠢᠢᠴ ᠬᠢᠭᠡᠳ ᠭᠸᠯᠣᠮᠣᠨ᠎ᠡ ᠶ᠋ᠢᠨ ᠸᠠᠩ ᠷᠣᠮᠠᠨ ᠳ᠋ᠤᠷ ᠡᠯᠴᠢ ᠶᠠᠪᠤᠭᠤᠯᠵᠤ ᠠᠯᠪᠠ ᠪᠠᠷᠢᠵᠤ ᠳᠠᠭᠠᠲᠤᠭᠠᠢ ᠭᠡᠮᠡᠨ ᠤᠬᠠᠭᠤᠯᠤᠭᠰᠠᠨ ᠳ᠋ᠤᠷ ᠶᠠᠪᠤᠭᠤᠯᠤᠭᠰᠠᠨ ᠬᠣᠶᠠᠷ ᠡᠯᠴᠢ ᠶ᠋ᠢ ᠮᠣᠩᠭᠣᠯ ᠤ᠋ᠨ ᠲᠠᠩᠨᠠᠭᠤᠯ ᠭᠡᠮᠡᠨ ᠮᠡᠳᠡᠪᠡᠴᠦ ᠶᠣᠰᠣᠨ ᠢ᠋ᠶ᠋ᠠᠷ ᠪᠤᠴᠠᠭᠠᠨ ᠬᠣᠭᠣᠷᠣᠨᠳᠣ ᠪᠠᠨ ᠵᠥᠪᠳᠡᠵᠦ ᠤᠯᠤᠰ ᠤ᠋ᠨ ᠡᠵᠡᠨ ᠶᠡᠬᠡ ᠬᠦᠩ ᠬ᠌ᠸᠤᠷᠬᠢ ᠠ᠋ᠴᠠ ᠲᠤᠰᠠᠯᠠᠬᠤ ᠴᠡᠷᠢᠭ ᠭᠤᠶᠤᠪᠠᠰᠤ ᠶᠡᠬᠡ ᠬᠦᠩ ᠬ᠌ᠸᠤᠷᠬᠢ ᠶ᠋ᠢᠨ ᠦᠵᠡᠬᠦ ᠪᠡᠷ ᠵᠥᠪᠬᠡᠨ ᠥᠩᠭᠡᠷᠡᠨ ᠭᠠᠷᠬᠤ ᠪᠤᠶᠤ ᠨᠢᠭᠡ ᠬᠣᠶᠠᠷ ᠬᠣᠲᠠ ᠶ᠋ᠢ ᠳᠡᠭᠡᠷᠡᠮᠳᠡᠨ ᠪᠠᠭ᠎ᠠ ᠰᠠᠭ᠎ᠠ ᠣᠯᠵᠠ ᠣᠯᠵᠤ ᠶᠠᠪᠤᠬᠤ ᠭᠡᠮᠡᠨ ᠡᠨᠡ ᠬᠣᠶᠠᠷ ᠬᠣᠲᠠ ᠶ᠋ᠢ ᠲᠤᠰᠠᠯᠠᠭᠰᠠᠨ ᠦᠭᠡᠢ ᠃ ᠷᠶᠠᠽᠠᠨ ᠸᠠᠩ ᠶᠦᠷᠢ ᠂ ᠷᠣᠮᠠᠨ ᠸᠠᠩ ᠬᠣᠶᠠᠭᠤᠯᠠ ᠥᠪᠡᠷ ᠦ᠋ᠨ ᠬᠦᠴᠦᠨ ᠳ᠋ᠦ᠍ᠷ ᠢ᠋ᠶ᠋ᠡᠨ ᠲᠦᠰᠢᠬᠦ ᠬᠡᠷᠡᠭᠲᠡᠢ ᠪᠣᠯᠵᠤ ᠲᠤᠰ ᠲᠤᠰ ᠤ᠋ᠨ ᠬᠠᠷᠢᠶᠠᠲᠤ ᠠᠩᠴᠢᠨ ᠲᠠᠷᠢᠶᠠᠴᠢᠨ ᠢ᠋ᠶ᠋ᠠᠨ ᠴᠤᠭᠯᠠᠭᠤᠯᠤᠨ ᠴᠡᠷᠢᠭ ᠲᠡᠭᠡᠨ ᠨᠡᠮᠡᠭᠦᠷᠢ ᠪᠣᠯᠭᠠᠨ ᠲᠤᠰ ᠲᠤᠰ ᠤ᠋ᠨ ᠬᠣᠲᠠ ᠪᠠᠨ ᠪᠡᠬᠢᠯᠡᠨ ᠵᠢᠴᠢ ᠣᠢᠷ᠎ᠠ ᠬᠠᠪᠢ ᠶ᠋ᠢᠨ ᠬᠣᠲᠠ ᠲᠣᠰᠬᠣᠨ ᠠ᠋ᠴᠠ ᠲᠤᠰᠠᠯᠠᠬᠤ ᠴᠡᠷᠢᠭ ᠭᠤᠶᠤᠵᠤ ᠬᠦᠯᠢᠶᠡᠪᠡᠢ᠃ 
       ᠲᠡᠳᠦᠢ ᠳ᠋ᠦ᠍ᠷ ᠣᠷᠣᠰ ᠣᠷᠣᠨ ᠤ᠋ ᠬᠦᠢᠲᠡᠨ ᠤᠯᠠᠷᠢᠯ ᠨᠢᠭᠡᠨᠲᠡ ᠬᠦᠷᠴᠦ ᠢᠷᠡᠭᠡᠳ ᠷᠶᠠᠽᠠᠨ ᠤ᠋ ᠲᠤᠷᠰᠢᠭᠤᠯ ᠴᠠᠰᠤ ᠮᠥᠰᠥᠨ ᠳ᠋ᠦ᠍ᠷ ᠵᠠᠮ ᠲᠥᠭᠡᠷᠢᠭᠰᠡᠨ ᠬᠣᠶᠠᠷ ᠮᠣᠩᠭᠣᠯ ᠴᠡᠷᠢᠭ ᠢ᠋ ᠣᠯᠵᠠᠯᠠᠭᠠᠳ ᠡᠷᠡᠭᠦᠦ ᠲᠤᠯᠭᠠᠵᠤ ᠰᠢᠭᠦᠪᠡᠰᠦ : 《ᠬᠥᠶᠦᠭ ᠬᠠᠨ ᠤ᠋ ᠴᠡᠷᠢᠭ ᠴᠢᠭ ᠡᠮᠦᠨ᠎ᠡ ᠡᠴᠡ ᠥᠷᠭᠡᠨ ᠢ᠋ᠶ᠋ᠡᠷ ᠡᠩᠨᠡᠵᠦ ᠠᠢᠰᠤᠢ ᠃ ᠡᠨᠡ ᠪᠣᠯ ᠮᠣᠩᠭᠣᠯ ᠤ᠋ᠨ ᠭᠣᠣᠯ ᠴᠡᠷᠢᠭ ᠮᠥᠨ ᠃ ᠪᠠᠢᠯᠳᠤᠬᠤ ᠵᠠᠷᠯᠢᠭ ᠦᠭᠡᠢ ᠲᠤᠯᠠ ᠡᠪᠡᠰᠦ ᠪᠡᠯᠴᠢᠭᠡᠷ ᠦ᠋ᠨ ᠰᠠᠢᠨ ᠢ᠋ ᠳᠠᠭᠠᠵᠤ ᠲᠠᠷᠬᠠᠵᠤ ᠶᠠᠪᠤᠮᠤᠢ ᠬᠡᠮᠡᠭᠰᠡᠨ ᠳ᠋ᠦ᠍ᠷ ᠶᠦᠷᠢ ᠂ ᠢᠩᠸᠷᠸᠢᠢᠴ ᠸᠠᠩ ᠤ᠋ᠨ ᠣᠯᠠᠨ ᠵᠠᠩᠵᠤᠨ ᠲᠦᠰᠢᠮᠡᠳ ᠬᠠᠨᠴᠤᠢ ᠰᠢᠮᠠᠯᠠᠵᠤ ᠭᠦᠶᠦᠭ ᠬᠠᠨ ᠤ᠋ ᠴᠡᠷᠢᠭ ᠢ᠋ ᠪᠥᠭᠡᠮᠨᠡᠷᠡᠨ ᠪᠠᠢᠯᠳᠤᠷ᠎ᠠ ᠢᠷᠡᠬᠦ ᠡᠴᠡ ᠡᠮᠦᠨ᠎ᠡ ᠵᠠᠪᠳᠤᠵᠤ ᠭᠡᠨᠡᠳᠲᠡ ᠳᠠᠭᠠᠷᠢᠨ ᠪᠤᠲᠠ ᠴᠣᠬᠢᠵᠤ ᠮᠣᠩᠭᠣᠯᠴᠤᠳ ᠤ᠋ᠨ ᠰᠦᠷ ᠬᠦᠴᠦᠨ ᠰᠥᠰᠥ ᠵᠣᠷᠢᠭ ᠢ᠋ ᠮᠣᠬᠣᠭᠣᠵᠤ ᠶᠠᠳᠠᠬᠤ ᠳ᠋ᠠᠭᠠᠨ ᠡᠨᠡ ᠡᠪᠦᠯ ᠷᠶᠠᠽᠠᠨ ᠵᠦᠭ ᠬᠠᠨᠳᠤᠵᠤ ᠴᠢᠳᠠᠬᠤ ᠦᠭᠡᠢ ᠪᠣᠯᠭᠠᠰᠤᠭᠠᠢ᠃ ᠲᠡᠭᠷᠢ ᠶ᠋ᠢᠨ ᠥᠭᠭᠦᠭᠰᠡᠨ ᠡᠨᠡ ᠵᠠᠪᠰᠢᠶᠠᠨ ᠢ᠋ ᠬᠡᠷᠬᠢᠪᠡᠴᠦ ᠠᠯᠳᠠᠵᠤ ᠦᠯᠦ ᠪᠣᠯᠤᠮᠤᠢ ᠭᠡᠮᠡᠨ ᠱᠠᠭᠠᠷᠳᠠᠬᠤᠢ ᠳ᠋ᠤᠷ ᠶᠦᠷᠢ᠂ ᠢᠩᠸᠷᠸᠢᠢᠴ ᠸᠠᠩ ᠮᠥᠨ ᠪᠠᠭᠠᠲᠤᠷ ᠡᠷ᠎ᠡ ᠲᠤᠯᠠ ᠰᠡᠳᠬᠢᠯ ᠬᠥᠳᠡᠯᠵᠦ ᠴᠣᠬᠢᠭᠳᠠᠬᠤ ᠶ᠋ᠢ ᠬᠦᠯᠢᠶᠡᠬᠦ ᠡᠴᠡ ᠴᠣᠬᠢᠬᠤ ᠶ᠋ᠢ ᠬᠦᠷᠬᠦ ᠦᠭᠡᠢ᠃ ᠳᠠᠢᠰᠤᠨ ᠢ᠋ ᠬᠢᠯᠢ ᠶ᠋ᠢᠨ ᠭᠠᠳᠠᠨ᠎ᠠ ᠨᠢᠴᠤᠭᠠᠰᠤᠭᠠᠢ ᠭᠡᠮᠡᠨ ᠮᠣᠷᠢᠲᠤ ᠴᠡᠷᠢᠭ ᠬᠣᠶᠠᠷ ᠲᠦᠮᠡ᠂ ᠠᠩᠴᠢᠨ ᠲᠠᠷᠢᠶᠠᠴᠢᠨ ᠢ᠋ᠶ᠋ᠠᠷ ᠪᠦᠷᠢᠯᠳᠦᠭᠰᠡᠨ ᠶᠠᠪᠠᠭᠠᠨ ᠴᠡᠷᠢᠭ ᠬᠣᠶᠠᠷ ᠲᠦᠮᠡ ᠲᠡᠢ ᠨᠡᠢᠲᠡ ᠳᠥᠷᠪᠡᠨ ᠲᠦᠮᠡᠨ ᠦ᠌ ᠣᠯᠠᠨ ᠢ᠋ ᠳᠠᠢᠴᠢᠯᠠᠨ ᠡᠷᠬᠡᠪᠰᠢ ᠳᠡᠢᠯᠦᠮᠦᠢ ᠭᠡᠮᠡᠨ ᠴᠡᠷᠢᠭ ᠢ᠋ᠶ᠋ᠡᠨ ᠵᠣᠷᠢᠭᠵᠢᠭᠤᠯᠵᠤ ᠰᠢᠭᠤᠳ ᠭᠦᠶᠦᠭ ᠬᠠᠨ ᠤ᠋ ᠴᠡᠷᠢᠭ ᠢ᠋ ᠴᠢᠭᠯᠡᠨ ᠮᠣᠷᠳᠠᠪᠠ ᠃ ᠭᠤᠲᠠᠭᠠᠷ ᠡᠳᠦᠷ ᠲᠣᠷ ᠺᠣᠮᠠᠸᠠ ᠶ᠋ᠢᠨ ᠥᠷᠭᠡᠨ ᠲᠠᠯ᠎ᠠ ᠶ᠋ᠢᠨ ᠭᠦᠨ ᠣᠢᠷᠠᠲᠤᠵᠤ ᠢᠷᠡᠭᠡᠳ ᠮᠣᠩᠭᠣᠯᠴᠤᠳ ᠲᠤᠷ ᠰᠡᠷᠡᠭᠳᠡᠬᠦ ᠦᠭᠡᠢ ᠶ᠋ᠢ ᠪᠣᠳᠣᠵᠤ ᠲᠡᠷᠡ ᠰᠥᠨᠢ ᠭᠡᠷ ᠮᠠᠢᠬᠠᠨ ᠪᠠᠷᠢᠭᠰᠠᠨ ᠦᠭᠡᠢ ᠭᠠᠯ ᠭᠡᠭᠡ ᠴᠦ᠍ ᠭᠠᠷᠭᠠᠭᠰᠠᠨ ᠦᠭᠡᠢ ᠪᠡᠷ ᠴᠠᠰᠤᠨ ᠳ᠋ᠤᠷ ᠬᠡᠪᠲᠡᠵᠦ ᠥᠨᠵᠢᠭᠡᠳ ᠦᠷ ᠢ᠋ᠶ᠋ᠡᠷ ᠡᠷᠲᠡᠯᠡᠨ ᠪᠣᠰᠴᠤ ᠭᠦᠶᠦᠭ ᠬᠠᠨ ᠤ᠋ ᠴᠡᠷᠢᠭ ᠲᠦ᠍ᠷ ᠣᠢᠷᠠᠲᠤᠵᠤ ᠭᠡᠨᠡᠳᠡᠭᠦᠯᠦᠨ ᠳᠠᠭᠠᠷᠢᠰᠤᠭᠠᠢ ᠭᠡᠮᠡᠨ ᠪᠦᠬᠦᠢ ᠳ᠋ᠦ᠍ᠷ ᠵᠠᠮᠴᠢ ᠪᠣᠯᠭᠠᠨ ᠠᠪᠴᠤ ᠶᠠᠪᠤᠭ᠎ᠠ ᠬᠣᠶᠠᠷ ᠮᠣᠩᠭᠣᠯ ᠴᠡᠷᠢᠭ ᠭᠠᠷ ᠠᠨᠤ ᠬᠦᠯᠢᠶᠡᠰᠦ ᠲᠡᠢ ᠪᠣᠯᠪᠠᠴᠤ ᠠᠮᠠ ᠠᠨᠤ ᠴᠢᠯᠥᠭᠡᠲᠡᠢ ᠲᠤᠯᠠ ᠭᠡᠨᠡᠳᠲᠡ :《ᠣᠷᠣᠰ ᠠ᠋ ! ᠣᠷᠣᠰ ᠠ᠋ !》ᠭᠡᠮᠡᠨ ᠵᠡᠷᠭᠡᠪᠡᠷ ᠣᠷᠢᠯᠠᠭᠰᠠᠨ ᠳ᠋ᠤᠷ ᠪᠤᠲᠠ ᠪᠤᠷᠭᠠᠰᠤᠨ ᠤ᠋ ᠨᠥᠮᠥᠷᠢ ᠳ᠋ᠦ᠍ᠷ ᠦᠷᠭᠡᠯᠡᠵᠦ ᠪᠠᠢᠭᠰᠠᠨ ᠮᠣᠩᠭᠣᠯ ᠤ᠋ᠨ ᠲᠤᠷᠰᠢᠭᠤᠯᠴᠤᠳ ᠳᠡᠪᠬᠡᠷᠦᠨ ᠪᠣᠰᠤᠯᠴᠠᠵᠤ ᠭᠣᠣ ᠬᠣᠩᠬᠣᠷ ᠲᠤᠷ ᠪᠠᠢᠭ᠎ᠠ ᠮᠣᠷᠢ ᠤᠷᠤᠭᠤ ᠪᠠᠨ ᠪᠤᠷᠭᠢᠯᠳᠤᠨ ᠭᠦᠶᠦᠯᠳᠦᠬᠦ ᠶ᠋ᠢᠨ ᠬᠠᠮᠲᠤ ᠪᠠᠰᠠ ᠴᠢᠨᠠᠭᠰᠢᠳᠠ ᠵᠠᠯᠭ᠎ᠠ ᠵᠠᠯᠭ᠎ᠠ ᠪᠠᠷ ᠄  《ᠣᠷᠣᠰ ᠠ᠋ ᠂ ᠣᠷᠣᠰ ᠠ᠋ ! 》 ᠭᠡᠮᠡᠨ ᠵᠡᠷᠭᠡᠪᠡᠷ ᠪᠠᠷᠬᠢᠷᠠᠨ ᠦᠷ ᠦ᠋ᠨ ᠠᠨᠢᠷ ᠴᠢᠮᠡᠭᠡ ᠦᠭᠡᠢ ᠨᠠᠮ ᠵᠢᠮ ᠢ᠋ ᠡᠪᠳᠡᠵᠦ ᠲᠠᠯ᠎ᠠ ᠳᠦᠭᠦᠷᠡᠩ ᠦᠢᠮᠡᠯᠳᠦᠪᠡᠢ᠃ ᠶᠦᠷᠢ ᠸᠠᠩ ᠤ᠋ᠨ ᠴᠡᠷᠢᠭ ᠴᠢᠷᠮᠠᠢᠨ ᠪᠠᠢᠯᠳᠤᠬᠤ ᠵᠢᠭᠰᠠᠭᠠᠯ ᠢ᠋ᠶ᠋ᠠᠷ ᠤᠷᠤᠭᠰᠢᠯᠠᠬᠤᠢ ᠳ᠋ᠤᠷ ᠲᠡᠳᠡᠭᠡᠷ ᠬᠥᠮᠦᠰ ᠵᠦᠭ ᠪᠦᠷᠢ ᠪᠤᠲᠠᠷᠠᠨ ᠨᠢᠰᠴᠦ ᠶᠠᠪᠤᠮᠤᠢ᠃ ᠴᠢᠨᠠᠳᠤ ᠠ᠋ᠴᠠ ᠮᠣᠩᠭᠣᠯ ᠤ᠋ᠨ ᠮᠣᠷᠢᠲᠤ ᠴᠡᠷᠢᠭ ᠡᠩᠨᠡᠭᠡ ᠵᠢᠭᠰᠠᠭᠠᠯ ᠦᠭᠡᠢ ᠪᠡᠷ ᠪᠥᠭᠡᠮ ᠪᠥᠭᠡᠮ  ᠢ᠋ᠶ᠋ᠡᠷ ᠣᠢᠷᠠᠲᠤᠨ ᠢᠷᠡᠵᠦ ᠷᠶᠠᠽᠠᠨ ᠤ᠋ ᠮᠣᠷᠢᠲᠤ ᠴᠡᠷᠢᠭ ᠢ᠋ ᠬᠡᠳᠦ ᠨᠠᠮᠨᠠᠵᠤ ᠠᠪᠤᠭᠠᠳ ᠲᠣᠭᠣᠰᠣ ᠲᠠᠲᠠᠭᠤᠯᠤᠨ ᠳᠤᠲᠠᠭᠠᠵᠤ ᠤᠳᠤᠮᠤᠢ᠃ ᠶᠥᠷᠢ ᠸᠠᠩ ᠠᠩᠬ᠎ᠠ ᠦᠵᠡᠪᠡᠰᠦ ᠡᠬᠢ ᠵᠠᠮᠪᠠᠷᠠᠭ᠎ᠠ ᠦᠭᠡᠢ ᠪᠣᠯᠪᠠᠴᠤ ᠦᠨᠡᠨᠳᠡᠭᠡᠨ ᠴᠥᠭᠡᠨ ᠪᠥᠭᠡᠰᠦ ᠠᠷᠪᠠ ᠪᠠᠷ ᠨᠢᠭᠡᠴᠡ ᠪᠣᠯᠵᠤ ᠣᠯᠠᠨ ᠪᠥᠭᠡᠰᠦ ᠵᠠᠭᠤ ᠪᠠᠷ ᠨᠢᠭᠡᠴᠡ ᠪᠣᠯᠵᠤ ᠶᠠᠪᠤᠬᠤ ᠪᠣᠯᠠᠢ᠃ ᠲᠡᠢᠨ ᠬᠦ᠌ ᠮᠠᠰᠢ ᠭᠠᠢᠬᠠᠵᠤ ᠶᠠᠪᠠᠭᠠᠨ ᠴᠡᠷᠢᠭ  ᠢ᠋ᠶ᠋ᠡᠨ ᠱᠠᠭᠠᠷᠳᠠᠨ ᠮᠣᠷᠢᠲᠤ ᠴᠡᠷᠢᠭ ᠲᠡᠭᠡᠨ ᠲᠦᠰᠢᠭ ᠪᠣᠯᠭᠠᠨ ᠳᠥᠷᠪᠡᠯᠵᠢᠨ ᠵᠢᠭᠰᠠᠭᠠᠯ  ᠢ᠋ᠶ᠋ᠠᠷ ᠤᠷᠤᠭᠰᠢᠯᠠᠵᠤ ᠮᠣᠩᠭᠣᠯ ᠤ᠋ᠨ ᠭᠣᠣᠯ ᠬᠦᠴᠦᠨ ᠦ᠌ ᠴᠡᠷᠢᠭ ᠢ᠋ ᠡᠷᠢᠨ ᠪᠦᠬᠦᠢ ᠳ᠋ᠦ᠍ᠷ ᠮᠣᠩᠭᠣᠯᠴᠤᠳ ᠣᠯᠠᠰᠢᠷᠠᠨ ᠬᠥᠨᠳᠡᠯᠡᠨ ᠡᠴᠡ ᠪᠦᠯᠦᠭ ᠪᠦᠯᠦᠭ ᠢ᠋ᠶ᠋ᠡᠷ  ᠢ᠋ᠶ᠋ᠡᠨ ᠢᠷᠡᠵᠦ ᠳᠠᠭᠠᠷᠢᠨ ᠬᠠᠷᠪᠤᠵᠤ ᠶᠠᠪᠤᠮᠤᠢ᠃ ᠷᠶᠠᠽᠠᠨᠴᠤᠳ ᠲᠠᠢ ᠣᠢᠷᠠᠲᠤᠬᠤ ᠦᠭᠡᠢ᠃ ᠷᠶᠠᠽᠠᠨ ᠸᠠᠩ ᠡᠢᠮᠦ ᠪᠠᠢᠯᠳᠤᠭᠠᠨ ᠢ᠋ ᠦᠵᠡᠭᠰᠡᠨ ᠴᠦ᠍ ᠦᠭᠡᠢ ᠲᠤᠯᠠ ᠬᠡᠷᠬᠢᠬᠦ ᠪᠡᠨ ᠣᠯᠬᠤ ᠦᠭᠡᠢ ᠪᠦᠬᠦᠢ ᠳ᠋ᠦ᠍ᠷ ᠮᠣᠩᠭᠣᠯᠴᠤᠳ ᠰᠠᠶᠢ ᠣᠯᠠᠨ ᠲᠣᠭ᠎ᠠ ᠪᠠᠷ ᠡᠩᠨᠡᠨ ᠬᠦᠷᠴᠦ ᠢᠷᠡᠭᠡᠳ ᠷᠶᠠᠽᠠᠨᠴᠤᠳ ᠤ᠋ᠨ ᠡᠮᠦᠨ᠎ᠡ ᠬᠣᠢᠭᠤᠷ ᠳᠠᠪᠬᠢᠯᠳᠤᠨ ᠠᠭᠠᠳ ᠭᠡᠨᠡᠳᠲᠡ ᠣᠷᠢᠶᠠᠯᠳᠤᠨ ᠬᠡᠳᠦᠨ ᠲᠠᠯ᠎ᠠ ᠠ᠋ᠴᠠ ᠳᠠᠭᠠᠷᠢᠨ ᠣᠷᠣᠵᠤ ᠢᠷᠡᠭᠡᠳ ᠬᠤᠳᠬᠤᠯᠳᠤᠨ ᠴᠠᠪᠴᠢᠵᠤ ᠡᠬᠢᠯᠡᠪᠡ᠃ ᠷᠶᠠᠽᠠᠨ ᠤ᠋ ᠵᠢᠭᠰᠠᠭᠠᠯ ᠡᠩᠨᠡᠭᠡ ᠣᠭᠲᠣ ᠦᠢᠯᠡᠳᠦᠯ ᠦᠭᠡᠢ ᠪᠣᠯᠵᠤ ᠮᠥᠨ ᠠᠷᠪᠠ ᠲᠠᠪᠤ ᠪᠠᠷ  ᠢ᠋ᠶ᠋ᠠᠨ ᠨᠢᠭᠡᠨ ᠪᠥᠭᠡᠮ ᠪᠣᠯᠵᠤ ᠴᠠᠪᠴᠢᠯᠳᠤᠬᠤ ᠪᠣᠯᠤᠭᠰᠠᠨ ᠳ᠋ᠤᠷ ᠮᠣᠩᠭᠣᠯᠴᠤᠳ ᠤ᠋ᠨ ᠮᠡᠲᠦ ᠵᠣᠬᠢᠶᠠᠨ ᠪᠠᠢᠭᠤᠯᠤᠯᠲᠠ ᠦᠭᠡᠢ ᠲᠤᠯᠠ ᠬᠣᠬᠢᠷᠠᠯ ᠠᠮᠰᠠᠵᠤ ᠡᠬᠢᠯᠡᠪᠡ᠃ ᠢᠯᠠᠩᠭᠤᠶ᠎ᠠ ᠮᠣᠩᠭᠣᠯᠴᠤᠳ ᠲᠠᠰᠤᠷᠠᠯᠲᠠ ᠦᠭᠡᠢ ᠬᠡᠳᠦᠨ ᠵᠦᠭ ᠡᠴᠡ ᠨᠡᠮᠡᠭᠳᠡᠵᠦ ᠢᠷᠡᠬᠦ ᠲᠤᠯᠠ ᠢᠷᠡᠬᠦ ᠳᠣᠳᠣᠮ ᠬᠦᠴᠦᠨ ᠬᠦᠷᠦᠯᠴᠡᠬᠦ ᠦᠭᠡᠢ ᠪᠣᠯᠪᠠᠢ᠃ ᠶᠦᠷᠢ ᠸᠠᠩ ᠦᠵᠡᠲᠡᠯ᠎ᠡ ᠬᠤᠶᠠᠭ ᠦᠭᠡᠢ ᠶᠠᠪᠠᠭᠠᠨ ᠴᠡᠷᠢᠭ ᠵᠡᠪᠡ ᠳ᠋ᠦ᠍ᠷ ᠣᠨᠣᠭᠳᠠᠵᠤ ᠮᠣᠷᠢᠨ ᠤ᠋ ᠬᠥᠯ ᠳ᠋ᠦ᠍ᠷ ᠳᠠᠭᠠᠷᠢᠭᠳᠠᠬᠤ ᠠᠨᠤ ᠣᠯᠠᠨ ᠪᠣᠯᠬᠤᠢ ᠳ᠋ᠤᠷ ᠲᠡᠩᠴᠡᠬᠦ ᠦᠭᠡᠢ ᠪᠡᠨ ᠮᠡᠳᠡᠵᠦ ᠮᠣᠷᠢᠲᠤ ᠴᠡᠷᠢᠭ ᠢ᠋ᠶ᠋ᠡᠷ ᠬᠠᠮᠠᠭᠠᠯᠠᠭᠤᠯᠤᠨ ᠣᠢ ᠶ᠋ᠢ ᠴᠢᠭᠯᠡᠨ ᠤᠬᠤᠷᠢᠵᠤ ᠶᠠᠪᠤᠬᠤ ᠳ᠋ᠠᠭᠠᠨ ᠰᠠᠮᠠᠭᠤᠨ ᠴᠡᠷᠢᠭ ᠲᠦ᠍ᠷ ᠠᠯᠠᠭᠳᠠᠪᠠ᠃ ᠣᠷᠣᠰ ᠤ᠋ᠳ ᠡᠵᠡᠨ ᠦᠭᠡᠢ ᠪᠣᠯᠪᠠᠴᠤ ᠡᠷᠡᠰ ᠴᠠᠪᠴᠢᠯᠳᠤᠵᠤ ᠵᠡᠪᠰᠡᠭ ᠲᠠᠯᠪᠢᠭᠰᠠᠨ ᠬᠥᠮᠦᠨ ᠦᠭᠡᠢ᠃ ᠴᠥᠭᠡᠨ ᠬᠥᠮᠦᠨ ᠣᠢ ᠳ᠋ᠤᠷ ᠰᠢᠷᠭᠤᠵᠤ ᠵᠠᠪᠳᠤᠭᠠᠳ ᠠᠮᠢ ᠭᠠᠷᠤᠭᠰᠠᠨ ᠠ᠋ᠴᠠ ᠪᠤᠰᠤ ᠴᠥᠮ ᠡᠨᠡ ᠴᠠᠰᠤᠲᠤ ᠲᠠᠯ᠎ᠠ ᠶ᠋ᠢᠨ ᠬᠡᠭᠦᠷ ᠪᠣᠯᠵᠤ ᠬᠣᠴᠣᠷᠪᠠ᠃ 
       ᠣᠷᠣᠰ ᠨᠤᠲᠤᠭ ᠮᠣᠩᠭᠣᠯᠴᠤᠳ ᠲᠤ᠌ ᠳᠤᠷ᠎ᠠ ᠦᠭᠡᠢᠴᠡᠭᠰᠡᠨ ᠮᠡᠲᠦ ᠨᠠᠮᠤᠷ ᠤ᠋ᠨ ᠰᠡᠭᠦᠯᠴᠢ ᠪᠡᠷ ᠳᠠᠷᠤᠢ ᠴᠠᠰᠤ ᠦᠷᠭᠦᠯᠵᠢᠯᠡᠨ ᠵᠠᠯᠭ᠎ᠠ ᠪᠠᠷ ᠨᠢᠳᠦ ᠦᠭᠡᠢ ᠰᠢᠭᠤᠷᠭᠠᠨ ᠲᠠᠯᠪᠢᠵᠤ ᠭᠡᠷ ᠮᠠᠢᠬᠠᠨ ᠢ᠋ ᠠᠪᠤᠮᠠᠷ ᠪᠣᠯᠪᠠ᠃ ᠪᠠᠲᠤ ᠬᠠᠨ ᠤ᠋ ᠴᠡᠷᠢᠭ ᠴᠥᠮ ᠳᠠᠷᠠᠰᠤ ᠬᠤᠯᠤᠰᠤ ᠵᠤᠵᠠᠭᠠᠨ ᠭᠠᠵᠠᠷ ᠪᠠᠭᠤᠳᠠᠯᠯᠠᠭᠰᠠᠨ ᠲᠤᠯᠠ ᠬᠠᠷᠢᠨ ᠭᠠᠢᠭᠤᠢ᠃ ᠭᠠᠭᠴᠠ ᠬᠠᠷᠢᠴᠠᠭ᠎ᠠ ᠬᠣᠯᠪᠣᠭ᠎ᠠ ᠴᠥᠮ ᠲᠠᠰᠤᠷᠠᠵᠤ᠂ ᠶᠠᠪᠤᠭᠰᠠᠨ ᠡᠯᠴᠢ ᠪᠤᠴᠠᠬᠤ ᠦᠭᠡᠢ ᠂ ᠢᠷᠡᠬᠦ ᠡᠯᠴᠢ ᠴᠦ᠍ ᠦᠭᠡᠢ ᠪᠣᠯᠪᠠ᠃ ᠪᠠᠲᠤ ᠬᠠᠨ ᠮᠠᠰᠢ ᠰᠠᠨᠳᠤᠷᠴᠤ ᠰᠦᠪᠡᠭᠡᠲᠡᠢ ᠪᠠᠭᠠᠲᠤᠷ ᠢ᠋ ᠰᠢᠬᠠᠮᠳᠠᠭᠤᠯᠤᠨ ᠡᠳᠦᠷ ᠦ᠋ᠨ ᠰᠠᠢᠨ ᠮᠠᠭᠤ ᠶ᠋ᠢ ᠲᠤᠩᠭᠠᠬᠤ ᠦᠭᠡᠢ ᠲᠡᠮᠡᠭᠡ ᠰᠡᠭᠡᠯᠵᠡᠭᠦᠯᠦᠨ ᠴᠢᠮᠡᠭᠡ ᠮᠡᠳᠡᠭᠡ ᠠᠪᠬᠤ ᠪᠠᠷ ᠴᠢᠷᠮᠠᠢᠮᠤᠢ᠃ ᠸᠯᠠᠳᠢᠮᠢᠷᠰᠺ ᠲᠤᠷ ᠶᠠᠪᠤᠭᠰᠠᠨ ᠡᠯᠴᠢ ᠲᠥᠭᠡᠷᠢᠵᠦ ᠮᠤᠨᠤᠭᠰᠠᠭᠠᠷ ᠬᠠᠷᠢᠨ ᠬᠦᠷᠴᠦ ᠢᠷᠡᠪᠡ᠃ 
       ᠲᠡᠳᠦᠢ ᠳ᠋ᠦ᠍ᠷ ᠣᠷᠣᠰ ᠤᠯᠤᠰ ᠨᠡᠷ᠎ᠡ ᠳᠡᠭᠡᠷ᠎ᠡ ᠪᠡᠨ ᠶᠡᠬᠡ ᠬᠦᠩ ᠬᠧᠣᠷᠬᠧ ᠳ᠋ᠦ᠍ᠷ ᠬᠠᠷᠢᠶᠠᠯᠠᠭᠳᠠᠬᠤ ᠪᠣᠯᠪᠠᠴᠤ ᠬᠡᠷᠡᠭ ᠳᠡᠭᠡᠷ᠎ᠡ ᠪᠡᠨ ᠴᠥᠮ ᠸᠠᠩ  ᠤ᠋ᠳ ᠠᠨᠤ ᠬᠤᠪᠢᠲᠠᠨ ᠥᠮᠴᠢᠯᠡᠬᠦ ᠪᠥᠭᠡᠳ ᠲᠤᠰ ᠲᠤᠰ ᠢ᠋ᠶ᠋ᠠᠷ ᠴᠡᠷᠢᠭ ᠮᠣᠷᠢ ᠪᠠᠨ ᠵᠠᠬᠢᠷᠴᠤ ᠨᠤᠲᠤᠭ ᠤᠰᠤ ᠪᠠᠨ ᠬᠠᠮᠠᠭᠠᠯᠠᠬᠤ ᠠᠵᠢ᠃ ᠲᠡᠢᠨ ᠬᠦ᠌ ᠷᠶᠠᠽᠠᠨ ᠬᠢᠭᠡᠳ ᠭᠧᠯᠥᠮᠦᠨ᠎ᠠ ᠸᠠᠩ ᠣᠯᠠᠨ ᠭᠠᠵᠠᠷ ᠠ᠋ᠴᠠ ᠴᠡᠷᠢᠭ ᠭᠤᠶᠤᠭᠰᠠᠨ ᠪᠣᠯᠪᠠᠴᠤ ᠲᠤᠰ ᠲᠤᠰ ᠤ᠋ᠨ ᠥᠮᠴᠢ ᠪᠡᠨ ᠬᠠᠮᠠᠭᠠᠯᠠᠬᠤ ᠪᠠᠷ ᠶᠠᠭᠠᠷᠠᠯᠳᠤᠵᠤ ᠴᠡᠷᠢᠭ ᠦᠭᠭᠦᠭᠰᠡᠨ ᠦᠭᠡᠢ ᠬᠡᠮᠡᠮᠦ᠃ ᠭᠡᠪᠡᠴᠦ ᠷᠶᠠᠽᠠᠨ ᠤ᠋ ᠸᠠᠩ ᠶᠦᠷᠢ ᠭᠣᠣᠯ ᠤ᠋ᠨ ᠴᠡᠷᠢᠭ ᠢ ᠳᠠᠷᠤᠵᠤ ᠪᠠᠢᠯᠳᠤᠬᠤ ᠪᠠᠷ ᠴᠡᠷᠢᠭ ᠠᠪᠴᠤ ᠢᠷᠡᠭᠡᠳ ᠬᠠᠳᠠᠨ ᠬᠠᠨ᠂ ᠪᠠᠢᠲᠠᠷ ᠬᠠᠨ ᠤ᠋ ᠴᠡᠷᠢᠭ ᠲᠦ᠍ᠷ ᠲᠣᠬᠢᠶᠠᠯᠳᠤᠨ ᠡᠬᠢᠯᠡᠭᠡᠳ ᠮᠠᠨ ᠤ᠋ ᠴᠡᠷᠢᠭ ᠪᠠᠭ᠎ᠠ ᠬᠣᠬᠢᠷᠠᠯ ᠠᠮᠰᠠᠭᠰᠠᠨ ᠪᠣᠯᠪᠠᠴᠤ ᠡᠴᠦᠰ ᠲᠡᠭᠡᠨ ᠷᠶᠠᠽᠠᠨᠴᠤᠳ ᠪᠦᠷᠢᠮᠦᠰᠦᠨ ᠰᠦᠨᠦᠭᠡᠭᠳᠡᠵᠦ ᠶᠥᠷᠢ ᠸᠠᠩ ᠴᠤ᠌ ᠰᠠᠮᠠᠭᠤᠨ ᠴᠡᠷᠢᠭ ᠲᠦ᠍ᠷ ᠠᠯᠠᠭᠳᠠᠪᠠ ᠬᠡᠮᠡᠬᠦ ᠮᠡᠳᠡᠭᠡ ᠶ᠋ᠢ ᠠᠪᠴᠤ ᠢᠷᠡᠪᠡᠢ᠃ ᠳᠡᠮᠡᠢ ᠤᠳᠠᠭᠰᠠᠨ ᠦᠭᠡᠢ ᠬᠥᠶᠦᠭ ᠬᠠᠨ ᠤ᠋ ᠡᠯᠴᠢ ᠴᠦ᠍ ᠬᠦᠷᠴᠦ ᠢᠷᠡᠭᠡᠳ ᠣᠷᠣᠰ ᠤ᠋ᠨ ᠪᠠᠢᠳᠠᠯ ᠲᠥᠯᠥᠪ ᠢ ᠮᠡᠳᠡᠭᠦᠯᠵᠦ ᠴᠡᠷᠢᠭ ᠭᠠᠷᠬᠤ ᠶ᠋ᠢ ᠱᠠᠭᠠᠷᠳᠠᠭᠰᠠᠨ ᠲᠤᠯᠠ ᠪᠠᠲᠤ ᠬᠠᠨ ᠰᠥᠪᠡᠭᠡᠳᠡᠢ ᠪᠠᠭᠠᠲᠤᠷ ᠯᠤᠭ᠎ᠠ ᠦᠭᠡ ᠠᠪᠤᠯᠴᠠᠵᠤ ᠪᠠᠢᠯᠳᠤᠬᠤ ᠵᠠᠷᠯᠢᠭ ᠭᠠᠷᠭᠠᠪᠠ᠃ 
       ᠥᠭᠦᠯᠡᠬᠦ ᠢᠨᠦ ᠵᠢᠴᠢ ᠥᠷᠯᠥᠭᠡ ᠰᠥᠪᠡᠭᠡᠲᠡᠢ ᠪᠠᠭᠠᠲᠤᠷ ᠬᠣᠰᠢᠭᠤᠴᠢ ᠴᠡᠷᠢᠭ ᠢ᠋ᠶ᠋ᠡᠨ ᠠᠪᠴᠤ ᠷᠶᠠᠽᠠᠨ ᠢ᠋ ᠴᠢᠭᠯᠡᠨ ᠮᠣᠷᠳᠠᠵᠤ ᠭᠠᠷᠬᠤ ᠶ᠋ᠢ ᠥᠭᠦᠯᠡᠬᠦ ᠦᠭᠡᠢ᠃ ᠪᠠᠲᠤ ᠬᠠᠨ ᠪᠠᠭᠠᠲᠤᠷ ᠡᠷᠡᠰ ᠢ᠋ᠶ᠋ᠡᠷ ᠪᠦᠷᠢᠯᠳᠦᠭᠰᠡᠨ ᠢᠯᠠᠭᠳᠠᠰᠢ ᠦᠭᠡᠢ ᠲᠠᠪᠤᠨ ᠮᠢᠩᠭᠠᠨ ᠴᠡᠷᠢᠭ ᠢ᠋ᠶ᠋ᠡᠨ ᠠᠪᠴᠤ ᠡᠯᠮᠢᠭ ᠲᠠᠯ᠎ᠠ ᠶ᠋ᠢᠨ ᠪᠠᠢᠯᠳᠤᠭᠠᠨ ᠤ᠋ ᠲᠠᠯᠠᠪᠠᠢ ᠳ᠋ᠤᠷ ᠬᠦᠷᠴᠦ ᠢᠷᠡᠬᠦᠢ ᠳ᠋ᠦ᠍ᠷ ᠨᠢᠭᠡᠨᠲᠡ ᠲᠡᠢᠨ ᠥᠩᠭᠡᠷᠡᠭᠡᠳ ᠭᠤᠷᠪᠠᠨ ᠡᠳᠦᠷ ᠪᠣᠯᠪᠠᠢ᠃ ᠰᠠᠯᠬᠢᠨ ᠰᠢᠭᠤᠷᠭ᠎ᠠ ᠨᠢᠭᠡᠨᠲᠡ ᠠᠷᠢᠯᠵᠤ ᠬᠥᠬᠡ ᠣᠭᠲᠠᠷᠭᠤᠢ ᠨᠣᠬᠠᠢ ᠳᠣᠯᠢᠶᠠᠭᠰᠠᠨ ᠮᠡᠲᠦ ᠴᠡᠪᠡᠷ᠃ ᠨᠠᠷᠠᠨ ᠤ᠋ ᠭᠡᠷᠡᠯ ᠴᠠᠰᠤᠲᠤ ᠲᠠᠯ᠎ᠠ ᠶ᠋ᠢᠨ ᠦᠬᠦᠵᠦ ᠰᠢᠷᠬᠠᠲᠤᠭᠰᠠᠳ ᠤ᠋ᠨ ᠬᠡᠭᠦᠷ ᠰᠡᠭ ᠢ᠋ ᠠᠯᠲᠠᠨ ᠰᠢᠷᠭᠠᠯ  ᠢ᠋ᠶ᠋ᠠᠷ ᠥᠩᠭᠡᠯᠡᠵᠦ ᠬᠣᠪᠳᠣᠭ ᠬᠡᠷᠢᠶ᠎ᠡ ᠥᠯᠥᠨ ᠴᠢᠨᠣ᠎ᠠ ᠮᠣᠷᠢᠳ ᠤ᠋ᠨ ᠲᠦᠪᠦᠷᠭᠡᠨ ᠢ᠋ᠶ᠋ᠡᠷ ᠰᠣᠴᠢᠰᠬᠢᠵᠦ ᠬᠠᠵᠠᠭᠤ ᠲᠠᠰᠢ ᠪᠠᠨ ᠬᠠᠷᠠᠢᠮᠤᠢ᠃ ᠬᠠᠳᠠᠨ ᠬᠠᠨ ᠪᠠᠢᠲᠠᠷ ᠬᠠᠨ ᠮᠣᠩᠭᠣᠯ ᠴᠡᠷᠢᠭ ᠦ᠋ᠨ ᠬᠡᠭᠦᠷ ᠢ᠋ ᠴᠡᠷᠢᠭ ᠦ᠋ᠳ  ᠢ᠋ᠶ᠋ᠡᠷ ᠬᠤᠷᠢᠶᠠᠯᠭᠠᠨ ᠣᠷᠣᠰᠢᠭᠤᠯᠤᠮᠤᠢ᠃ ᠨᠥᠮᠥᠷᠢ ᠳ᠋ᠦ᠍ᠷ ᠬᠡᠪᠲᠡᠬᠦ ᠣᠷᠣᠰ ᠤ᠋ᠨ ᠣᠯᠠᠨ ᠰᠢᠷᠬᠠᠲᠤᠭᠰᠠᠳ ᠢ᠋ ᠨᠢᠭᠡᠮᠦᠰᠦᠨ ᠴᠠᠪᠴᠢᠰᠤᠭᠠᠢ ᠬᠡᠮᠡᠪᠡᠰᠦ ᠪᠠᠲᠤ ᠬᠠᠨ ᠵᠠᠩᠳᠠᠷᠤᠨ ᠭᠡᠷ ᠮᠠᠢᠬᠠᠨ ᠢ᠋ ᠲᠦᠰᠢᠭᠦᠯᠵᠦ ᠳᠤᠯᠠᠭᠠᠯᠠᠨ ᠠᠪᠴᠤ ᠲᠠᠯᠪᠢᠭᠠᠳ᠂ ᠬᠣᠷᠣᠭᠳᠠᠭᠤᠯᠵᠤ ᠪᠣᠯᠬᠤ ᠦᠭᠡᠢ ᠭᠡᠮᠡᠨ ᠵᠠᠬᠢᠭᠠᠳ ᠪᠠᠰᠠ ᠣᠯᠠᠨ ᠬᠡᠭᠦᠷ ᠳᠣᠲᠣᠷ᠎ᠠ ᠠ᠋ᠴᠠ ᠪᠤᠭᠤᠷᠤᠯ ᠭᠡᠵᠢᠭᠡᠲᠡᠢ ᠴᠠᠭᠠᠪᠲᠤᠷ ᠴᠢᠷᠠᠢ ᠲᠠᠢ ᠬᠥᠯᠳᠡᠵᠦ ᠬᠠᠪᠤᠳᠤᠭᠰᠠᠨ ᠬᠡᠭᠦᠷ ᠦ᠋ᠨ ᠡᠮᠦᠨ᠎ᠡ ᠮᠣᠷᠢ ᠲᠡᠳᠡᠨ ᠵᠣᠭᠰᠣᠵᠤ ᠲᠣᠯᠣᠭᠠᠢ ᠳᠠᠷᠤᠵᠤ ᠤᠳᠠᠲᠠᠯ᠎ᠠ ᠪᠣᠳᠣᠯ ᠪᠣᠯᠵᠤ ᠨᠢᠭᠡᠨ ᠪᠣᠰᠤᠭ᠎ᠠ ᠬᠠᠳᠠ ᠶ᠋ᠢ ᠵᠢᠭᠠᠵᠤ : 《ᠶᠦᠷᠢ ᠸᠠᠩ ᠢ᠋ ᠪᠠᠭᠠᠲᠤᠷ ᠭᠡᠮᠡᠨ ᠰᠣᠨᠣᠰᠪᠠᠢ᠃ ᠡᠳᠦᠭᠡ ᠪᠠᠢᠯᠳᠤᠭᠠᠨ ᠤ᠋ ᠲᠠᠯᠠᠪᠠᠢ ᠳ᠋ᠤᠷ ᠦᠬᠦᠭᠰᠡᠨ ᠲᠤᠯᠠ ᠬᠡᠷᠢᠶ᠎ᠡ ᠴᠢᠨᠣ᠎ᠠ ᠳ᠋ᠤᠷ ᠬᠣᠭᠣᠯᠠ ᠪᠣᠯᠭᠠᠬᠤᠢ ᠳ᠋ᠤᠷ ᠪᠤᠤ ᠬᠦᠷᠦᠭᠦᠯ ᠃ ᠲᠡᠷᠡ ᠬᠠᠳᠠ  ᠪᠠᠷ ᠲᠡᠮᠳᠡᠭ ᠪᠣᠯᠭᠠᠨ ᠪᠤᠯᠠᠰᠢᠯᠠᠭᠲᠤᠨ !》ᠬᠡᠮᠡᠭᠡᠳ᠂ ᠷᠶᠠᠽᠠᠨ ᠵᠦᠭ ᠳᠠᠪᠬᠢᠭᠤᠯᠪᠠ᠃ 
       ᠷᠶᠠᠽᠠᠨ ᠸᠠᠩ ᠨᠢᠭᠡᠨᠲᠡ ᠦᠬᠦᠭᠰᠡᠨ ᠪᠣᠯᠪᠠᠴᠤ ᠬᠣᠲᠠ ᠶ᠋ᠢ ᠰᠠᠬᠢᠬᠤ ᠸᠠᠳᠢᠮ ᠺᠦᠹᠠ ᠪᠠᠭᠠᠲᠤᠷ ᠪᠣᠳᠣᠯᠭ᠎ᠠ ᠲᠠᠢ ᠪᠥᠭᠡᠳ ᠬᠢᠨᠠᠮᠠᠭᠠᠢ ᠦᠷᠦᠰᠢᠶᠩᠭᠦᠢ ᠲᠤᠯᠠ ᠬᠣᠲᠠ ᠶ᠋ᠢᠨ ᠴᠡᠷᠢᠭ ᠠᠷᠠᠳ ᠴᠥᠮ ᠪᠢᠰᠢᠷᠡᠨ ᠳᠠᠭᠠᠮᠤᠢ᠃  ᠪᠠᠲᠤ ᠬᠠᠨ ᠤ᠋ ᠴᠥᠭᠡᠨ ᠬᠥᠮᠦᠨ ᠬᠣᠯᠠ ᠠ᠋ᠴᠠ ᠬᠦᠷᠴᠦ ᠢᠷᠡᠬᠦ ᠶ᠋ᠢ ᠷᠶᠠᠽᠠᠨᠴᠤᠳ ᠬᠣᠲᠠ ᠶ᠋ᠢᠨ ᠬᠠᠢᠰᠠᠩ ᠳᠦᠭᠦᠷᠲᠡᠯ᠎ᠡ ᠵᠣᠭᠰᠣᠯᠴᠠᠵᠤ ᠭᠠᠢᠬᠠᠨ ᠦᠵᠡᠵᠦ ᠨᠢᠭᠡᠨᠲᠡᠭᠡᠭᠦᠷ ᠲᠡᠢᠨ ᠪᠠᠢᠯᠳᠤᠭᠠᠨ ᠤ᠋ ᠠᠶᠤᠯ ᠬᠦᠷᠴᠦ ᠢᠷᠡᠪᠡ ᠭᠡᠮᠡᠨ ᠬᠥᠮᠦᠨ ᠪᠦᠬᠦᠨ ᠳ᠋ᠦ᠍ᠷ ᠠᠩᠬᠠᠷᠤᠭᠤᠯᠬᠤ ᠶ᠋ᠢᠨ ᠲᠥᠯᠥᠭᠡ ᠣᠯᠠᠨ ᠰᠦᠮ᠎ᠡ ᠶ᠋ᠢᠨ ᠪᠦᠳᠦᠭᠦᠨ ᠪᠠᠭ᠎ᠠ ᠵᠦᠭ ᠢ᠋ᠶ᠋ᠡᠨ ᠵᠡᠷᠭᠡᠪᠡᠷ ᠴᠣᠬᠢᠵᠤ ᠥᠷᠯᠥᠭᠡ ᠶ᠋ᠢᠨ ᠲᠡᠰᠬᠢᠮ᠎ᠡ ᠬᠦᠢᠲᠡᠨ ᠦ᠌ ᠨᠠᠮ ᠵᠢᠮ ᠪᠠᠢᠳᠠᠯ ᠢ᠋ ᠡᠪᠳᠡᠵᠦ ᠬᠥᠮᠦᠰ ᠲᠣᠷ ᠰᠦᠷᠳᠡᠭᠦᠯᠦᠯ ᠪᠣᠯᠤᠮᠤᠢ᠃ ᠳᠡᠮᠡᠢ ᠤᠳᠠᠭᠰᠠᠨ ᠦᠭᠡᠢ ᠮᠣᠩᠭᠣᠯ ᠤ᠋ᠨ ᠶᠡᠬᠡ ᠴᠡᠷᠢᠭ ᠲᠠᠯ᠎ᠠ ᠪᠠᠭᠲᠠᠬᠤ ᠦᠭᠡᠢ ᠬᠦᠷᠦᠯᠴᠡᠨ ᠢᠷᠡᠬᠦᠶ᠎ᠡ ᠷᠶᠠᠽᠠᠨᠴᠤᠳ ᠰᠠᠢ ᠶᠡᠬᠡᠯ᠎ᠡ ᠠᠶᠤᠯᠳᠠᠪᠠ᠃ 
       ᠪᠠᠲᠤ ᠬᠠᠨ ᠬᠡᠳᠦᠨ ᠰᠢᠳᠠᠷ ᠡᠷᠡᠰ ᠦ᠋ᠨ ᠬᠠᠮᠲᠤ ᠷᠶᠠᠽᠠᠨ ᠬᠣᠲᠠ ᠶ᠋ᠢ ᠭᠦᠢᠴᠡᠳ ᠨᠢᠭᠡ ᠲᠣᠭᠣᠷᠢᠵᠤ ᠦᠵᠡᠭᠡᠳ ᠳᠡᠷᠭᠡᠳᠡᠬᠢ ᠬᠥᠮᠦᠰ ᠲᠡᠭᠡᠨ : ᠬᠣᠲᠠ ᠡᠪᠳᠡᠬᠦ ᠵᠡᠪᠰᠡᠭ ᠬᠡᠷᠡᠭᠲᠡᠢ ᠭᠡᠮᠡᠨ ᠵᠠᠬᠢᠵᠤ ᠠᠷᠤ ᠴᠡᠷᠢᠭ ᠡᠴᠡ ᠨᠦᠳᠦᠭᠦᠷ ᠂ ᠰᠢᠳᠦᠭᠦᠷ ᠠᠪᠴᠤ ᠢᠷᠡᠭᠦᠯᠦᠨ ᠬᠣᠲᠠᠨ ᠳ᠋ᠤᠷ ᠣᠢᠷᠠᠲᠤᠭᠤᠯᠵᠤ ᠲᠠᠯᠪᠢᠭᠤᠯᠤᠨ ᠮᠣᠳᠣ ᠴᠢᠯᠠᠭᠤ ᠶ᠋ᠢ ᠬᠣᠲᠠᠨ ᠳ᠋ᠤᠷ ᠰᠤᠮᠤᠳᠠᠵᠤ ᠣᠷᠣᠭᠤᠯᠬᠤ ᠶ᠋ᠢᠨ ᠬᠠᠮᠲᠤ ᠲᠡᠮᠦᠷ ᠬᠣᠰᠢᠭᠤᠲᠤ ᠪᠦᠳᠦᠭᠦᠨ ᠨᠦᠳᠦᠭᠦᠷ ᠢ᠋ᠶ᠋ᠡᠷ ᠬᠣᠲᠠ ᠶ᠋ᠢᠨ ᠡᠭᠦᠳᠡ ᠶ᠋ᠢ ᠨᠦᠳᠦᠭᠦᠯᠪᠡᠰᠦ ᠨᠦᠳᠦᠭᠦᠷ ᠦ᠋ᠨ ᠬᠦᠴᠦᠨ ᠳ᠋ᠦ᠍ᠷ ᠬᠣᠲᠠ ᠶ᠋ᠢᠨ ᠬᠡᠷᠡᠮ ᠴᠥᠮ ᠳᠣᠯᠭᠢᠰᠴᠤ ᠬᠣᠲᠠ ᠶ᠋ᠢᠨ ᠬᠠᠭᠠᠯᠭ᠎ᠠ ᠰᠦᠢᠷᠡᠵᠦ ᠨᠤᠷᠠᠬᠤᠢ ᠳ᠋ᠤᠷ ᠬᠦᠷᠴᠦᠬᠦᠢ᠃ ᠷᠶᠠᠽᠠᠨᠴᠤᠳ ᠬᠣᠲᠠ ᠪᠠᠨ ᠦᠬᠦᠨ ᠬᠠᠮᠠᠭᠠᠯᠠᠵᠤ ᠡᠷᠡᠭᠲᠡᠢᠴᠦᠳ ᠢᠨᠦ ᠬᠣᠲᠠ ᠶ᠋ᠢᠨ ᠬᠠᠢᠰᠠᠩ ᠳ᠋ᠤᠷ ᠵᠣᠭᠰᠣᠵᠤ ᠪᠠᠢᠯᠳᠤᠬᠤᠢ ᠳ᠋ᠤᠷ ᠡᠮᠡᠭᠲᠡᠢᠴᠦᠳ ᠢᠨᠦ ᠮᠣᠳᠣ ᠴᠢᠯᠠᠭᠤ ᠵᠥᠭᠡᠭᠡᠵᠦ ᠲᠤᠰᠠᠯᠠᠮᠤᠢ᠂ ᠰᠢᠷᠦᠭᠦᠨ ᠪᠠᠢᠯᠳᠤᠭᠠᠨ ᠭᠤᠷᠪᠠᠨ ᠡᠳᠦᠷ ᠰᠥᠨᠢ ᠶᠠᠪᠤᠭᠳᠠᠵᠤ ᠺᠶᠠᠽᠠᠨᠴᠤᠳ ᠤ᠋ᠨ ᠬᠣᠲᠠ ᠰᠠᠬᠢᠬᠤ ᠬᠥᠮᠦᠰ ᠵᠡᠪᠡ ᠴᠢᠯᠠᠭᠤᠨ ᠳ᠋ᠤᠷ ᠦᠬᠦᠵᠦ ᠰᠢᠷᠬᠠᠳᠤᠭᠰᠠᠨ ᠳ᠋ᠤᠷ ᠡᠮᠡᠭᠲᠡᠢᠴᠦᠳ ᠢᠨᠦ ᠣᠷᠣᠨ ᠳ᠋ᠤᠷ ᠵᠣᠭᠰᠣᠵᠤ ᠪᠠᠢᠯᠳᠤᠮᠤᠢ᠃ ᠮᠣᠩᠭᠣᠯᠴᠤᠳ ᠬᠠᠢᠰᠠᠩ ᠤ᠋ᠨ ᠬᠥᠮᠦᠰ ᠢ᠋ ᠬᠠᠲᠠᠭᠤ ᠨᠤᠮᠤ ᠪᠠᠷ ᠬᠠᠷᠪᠤᠵᠤ ᠥᠨᠳᠡᠢᠯᠭᠡᠬᠦ ᠦᠭᠡᠢ ᠪᠠᠢᠭᠠᠳ ᠱᠠᠲᠤ ᠲᠦᠰᠢᠭᠦᠯᠵᠦ ᠠᠪᠠᠷᠢᠨ ᠭᠠᠷᠴᠤ ᠭᠱᠠᠨ ᠵᠠᠭᠤᠷ᠎ᠠ ᠬᠣᠲᠠ ᠶ᠋ᠢᠨ ᠳᠡᠭᠡᠷ᠎ᠡ ᠳᠣᠣᠷ᠎ᠠ ᠪᠠᠷᠬᠢᠷᠠᠯᠳᠤᠬᠤ ᠳᠠᠭᠤᠨ ᠪᠥᠭᠡᠮ ᠪᠣᠯᠵᠤ ᠲᠤᠯᠭᠠᠮ ᠴᠠᠪᠴᠢᠯᠳᠤᠵᠤ ᠡᠬᠢᠯᠡᠪᠡᠢ᠂ ᠨᠦᠳᠦᠭᠦᠷ ᠦ᠋ᠨ ᠬᠦᠴᠦᠨ ᠳ᠋ᠦ᠍ᠷ ᠬᠣᠲᠠ ᠶ᠋ᠢᠨ ᠡᠭᠦᠳᠡ ᠨᠢᠭᠡᠮᠦᠰᠦᠨ ᠨᠤᠷᠠᠪᠠᠰᠤ ᠴᠢᠨᠠᠳᠤ ᠳ᠋ᠤᠷ ᠳᠠᠭᠠᠷᠢᠨ ᠣᠷᠣᠬᠤ ᠪᠠᠷ ᠪᠡᠯᠡᠳᠬᠡᠵᠦ ᠵᠢᠭᠰᠠᠭᠠᠭᠰᠠᠨ ᠲᠡᠮᠦᠷ ᠬᠤᠶᠠᠭᠲᠤ ᠮᠣᠷᠢᠲᠤ ᠴᠡᠷᠢᠭ ᠤᠷᠠᠢ ᠬᠠᠰᠬᠢᠷᠤᠯᠳᠤᠨ ᠳᠠᠭᠤᠨ ᠠᠪᠤᠯᠴᠠᠵᠤ ᠰᠢᠭᠤᠳ ᠬᠣᠲᠠᠨ ᠳ᠋ᠤᠷ ᠳᠠᠭᠠᠷᠢᠨ ᠣᠷᠣᠪᠠ᠃ 
       ᠬᠣᠲᠠ ᠶ᠋ᠢᠨ ᠵᠡᠭᠦᠨ ᠡᠭᠦᠳᠡ ᠨᠢᠭᠡᠨᠲᠡ ᠠᠪᠲᠠᠬᠤ ᠪᠠᠷ ᠦᠯᠦ ᠪᠠᠷᠠᠨ ᠮᠣᠩᠭᠣᠯᠴᠤᠳ ᠬᠣᠲᠠ  ᠶ᠋ᠢ ᠳᠠᠪᠠᠵᠤ ᠣᠷᠣᠵᠤ ᠢᠷᠡᠭᠡᠳ ᠴᠠᠪᠴᠢᠯᠳᠤᠵᠤ ᠪᠣᠢ ᠪᠣᠯᠪᠠᠴᠤ ᠸᠠᠳᠢᠮ ᠺᠣᠹᠠ ᠸᠠᠩ ᠴᠡᠷᠢᠭ ᠢ᠋ᠶ᠋ᠡᠨ ᠵᠢᠭᠰᠠᠭᠠᠨ ᠭᠤᠳᠤᠮᠵᠢ ᠶ᠋ᠢ ᠪᠥᠭᠯᠡᠵᠦ ᠠᠮᠵᠢᠭᠠᠳ ᠥᠪᠡᠷ ᠦ᠋ᠨ ᠪᠡᠶ᠎ᠡ ᠪᠡᠷ ᠥᠨᠳᠥᠷ ᠬᠡᠭᠡᠷ᠎ᠡ ᠮᠣᠷᠢ ᠤᠨᠤᠵᠤ ᠲᠠᠬᠢᠷ ᠢᠯᠳᠦ ᠪᠠᠷᠢᠵᠤ ᠪᠠᠮᠪᠠᠢ ᠲᠣᠬᠣᠢᠯᠠᠨ ᠵᠣᠭᠰᠣᠪᠠ᠃ ᠲᠡᠮᠦᠷ ᠬᠤᠶᠠᠭᠲᠤ ᠮᠣᠷᠢᠲᠤ ᠴᠡᠷᠢᠭ ᠳᠠᠭᠠᠷᠢᠨ ᠢᠷᠡᠬᠦᠶ᠎ᠡ ᠪᠠᠮᠪᠠᠢ ᠵᠢᠭᠰᠠᠭᠠᠨ ᠬᠡᠷᠡᠮ ᠪᠣᠯᠭᠠᠵᠤ ᠬᠠᠲᠠᠭᠤ ᠨᠣᠮ ᠢ᠋ᠶ᠋ᠠᠷ ᠣᠨᠢᠯᠠᠵᠤ ᠬᠣᠷᠢᠵᠤ  ᠠᠪᠤᠪᠠ᠃ ᠶᠡᠬᠡ ᠴᠡᠷᠢᠭ ᠢ᠋ ᠳᠠᠭᠠᠭᠤᠯᠤᠨ ᠳᠠᠭᠠᠷᠢᠵᠤ ᠣᠷᠣᠵᠤ ᠢᠷᠡᠭᠰᠡᠨ ᠮᠢᠩᠭᠠᠨ ᠤ᠋ ᠨᠣᠶᠠᠨ ᠶᠢᠰᠦᠨᠪᠦ᠋ᠬᠡ ᠸᠠᠳᠢᠮ ᠺᠣᠹᠠ ᠶ᠋ᠢᠨ ᠡᠷᠡᠰ ᠬᠣᠷᠢᠭᠯᠠᠵᠤ ᠵᠣᠭᠰᠣᠭᠰᠠᠨ ᠳ᠋ᠤᠷ ᠶᠡᠬᠡᠳᠡ ᠠᠭᠤᠷᠯᠠᠨ ᠬᠣᠲᠠ ᠶ᠋ᠢ ᠡᠪᠳᠡᠭᠰᠡᠨ ᠪᠥᠭᠡᠲᠡᠯ᠎ᠡ ᠪᠠᠭᠤᠵᠤ ᠥᠭᠬᠦ ᠦᠭᠡᠢ ᠦᠬᠦᠯ ᠢ᠋ᠶ᠋ᠡᠨ ᠡᠷᠢᠭᠰᠡᠨ ᠠᠮᠢᠲᠠᠨ ᠭᠡᠮᠡᠨ ᠥᠨᠳᠥᠷ ᠳᠠᠭᠤᠨ ᠢ᠋ᠶ᠋ᠠᠷ ᠵᠠᠩᠳᠤᠷᠴᠤ ᠵᠢᠳᠠ ᠰᠤᠩᠭᠠᠨ ᠵᠢᠳᠠᠯᠠᠨ ᠢᠷᠡᠬᠦᠢ ᠳ᠋ᠦ᠍ᠷ ᠸᠠᠳᠢᠮ ᠺᠣᠹᠠ ᠸᠠᠩ ᠤ᠋ᠨ ᠠᠷᠤ ᠠ᠋ᠴᠠ ᠨᠢᠭᠡᠨ ᠶᠡᠬᠡ ᠡᠷ᠎ᠡ ᠤᠭᠲᠤᠨ ᠠᠪᠤᠪᠠ᠃ ᠦᠵᠡᠰᠡ ! ᠷᠶᠠᠽᠠᠨ ᠬᠣᠲᠠ ᠶ᠋ᠢᠨ ᠲᠡᠷᠢᠭᠦᠨ ᠪᠠᠭᠠᠲᠤᠷ ᠨᠢᠭᠤᠷᠠᠢ ᠠᠵᠤᠭᠤ᠃ ᠰᠦᠬᠡ ᠳᠠᠯᠠᠢᠨ ᠴᠠᠪᠴᠢᠨ ᠢᠷᠡᠬᠦᠷ ᠲᠣᠷ ᠶᠢᠰᠦᠨᠪᠦ᠋ᠬᠡ ᠵᠢᠳᠠ ᠬᠥᠨᠳᠡᠯᠢᠰᠴᠦ ᠲᠣᠰᠣᠨ ᠠᠪᠴᠤ ᠬᠣᠶᠠᠭᠤᠯᠠ ᠳᠡᠭᠡᠷ᠎ᠡ ᠳᠣᠣᠷ᠎ᠠ ᠦᠭᠡᠢ ᠶᠡᠬᠡᠳᠡ ᠪᠠᠢᠯᠳᠤᠮᠤᠢ᠃ ᠪᠠᠲᠤ ᠬᠠᠨ ᠰᠦᠪᠡᠬᠡᠲᠡᠢ ᠪᠠᠭᠠᠲᠤᠷ ᠦᠵᠡᠲᠡᠯ᠎ᠡ ᠬᠣᠲᠠ ᠶ᠋ᠢᠨ ᠡᠭᠦᠳᠡ ᠡᠪᠳᠡᠭᠳᠡᠭᠰᠡᠨ ᠪᠥᠭᠡᠲᠡᠯ᠎ᠡ ᠴᠡᠷᠢᠭ ᠤᠷᠤᠭᠰᠢᠯᠠᠨ ᠡᠰᠡ ᠴᠢᠳᠠᠬᠤᠢ ᠳ᠋ᠤᠷ ᠮᠠᠰᠢ ᠭᠠᠢᠬᠠᠵᠤ ᠮᠣᠷᠢ ᠬᠡᠢᠰᠬᠡᠨ ᠵᠠᠮ ᠪᠤᠯᠢᠶᠠᠨ ᠭᠤᠳᠤᠮᠵᠢ ᠳ᠋ᠤᠷ ᠣᠷᠣᠵᠤ ᠢᠷᠡᠪᠡᠰᠦ ᠣᠷᠣᠰ ᠴᠡᠷᠢᠭ ᠭᠤᠳᠤᠮᠵᠢ ᠶ᠋ᠢ ᠪᠥᠭᠯᠡᠨ ᠵᠣᠭᠰᠣᠭᠠᠳ ᠮᠢᠩᠭᠠᠨ ᠤ᠋ ᠨᠣᠶᠠᠨ ᠶᠢᠰᠳᠪᠥ᠋ᠭᠡ ᠨᠢᠭᠡᠨ ᠤᠯᠠᠭᠠᠨ ᠰᠠᠬᠠᠯᠲᠤ ᠶᠡᠬᠡ ᠡᠷ᠎ᠡ ᠯᠦ᠍ᠭᠡ ᠶᠡᠬᠡᠳᠡ ᠪᠠᠢᠯᠳᠤᠮᠤᠢ᠃ ᠦᠵᠡᠲᠡᠯ᠎ᠡ ᠶᠢᠰᠦᠨᠪᠦ᠋ᠬᠡ ᠴᠢᠳᠠᠯ ᠮᠡᠬᠦᠰᠳᠡᠵᠦ ᠡᠰᠡᠷᠭᠦᠴᠡᠯ ᠪᠤᠰᠤ ᠲᠤᠯᠠ᠂ ᠪᠠᠲᠤ ᠬᠠᠨ ᠬᠥᠮᠥᠰᠬᠡ ᠵᠠᠩᠭᠢᠳᠴᠤ ᠪᠠᠢᠯᠳᠤᠷ᠎ᠠ ᠭᠠᠷᠰᠤᠭᠠᠢ ᠬᠡᠮᠡᠬᠦᠢ ᠳ᠋ᠦ᠍ᠷ ᠰᠥᠪᠡᠭᠡᠲᠡᠢ ᠪᠠᠭᠠᠲᠤᠷ ᠶᠠᠭᠠᠷᠠᠨ ᠮᠣᠷᠢ ᠳᠠᠪᠠᠷᠠᠵᠤ ᠠᠶᠤᠩᠭ᠎ᠠ ᠮᠡᠲᠦ ᠶᠡᠬᠡ ᠳᠠᠭᠤᠨ ᠢ᠋ᠶ᠋ᠠᠷ ᠵᠠᠩᠳᠤᠷᠤᠨ ᠢᠷᠡᠬᠦᠢ ᠳ᠋ᠦ᠍ᠷ ᠸᠠᠳᠢᠮ ᠺᠣᠹᠠ ᠲᠠᠬᠢᠷ ᠢᠯᠳᠦ ᠳᠠᠯᠠᠢᠨ ᠰᠦᠪᠡᠭᠡᠲᠡᠢ ᠪᠠᠭᠠᠲᠤᠷ ᠢ᠋ ᠤᠭᠲᠤᠵᠤ ᠠᠪᠤᠪᠠ᠃ ᠴᠠᠪᠴᠢᠨ ᠢᠷᠡᠬᠦ ᠢᠨᠦ ᠮᠠᠰᠢ ᠬᠡᠴᠡᠭᠦᠦ ᠲᠤᠯᠠ ᠰᠥᠪᠡᠭᠡᠳᠡᠢ ᠪᠠᠭᠠᠲᠤᠷ ᠪᠠᠮᠪᠠᠢ  ᠪᠠᠷ ᠲᠣᠰᠴᠤ ᠠᠪᠤᠭᠠᠳ ᠵᠢᠳᠠ ᠢᠯᠳᠦ ᠬᠠᠷᠢᠯᠴᠠᠨ ᠬᠣᠷᠢ ᠢᠯᠡᠭᠦᠦ ᠤᠳᠠᠭ᠎ᠠ ᠪᠣᠯᠵᠤ ᠲᠠᠢᠯᠤᠨ ᠳᠡᠢᠯᠦᠭᠳᠡᠬᠦ ᠢᠯᠭᠠᠷᠠᠬᠤ ᠦᠭᠡᠢ ᠳ᠋ᠦ᠍ᠷ ᠪᠠᠲᠤ ᠬᠠᠨ ᠬᠦᠯᠢᠶᠡᠵᠦ ᠶᠠᠳᠠᠨ ᠭᠠᠷᠲᠠᠯ᠎ᠠ ᠰᠥᠪᠡᠭᠡᠳᠡᠢ ᠪᠠᠭᠠᠲᠤᠷ ᠪᠠᠲᠤ ᠬᠠᠨ ᠢ᠋ ᠡᠨᠳᠡᠭᠳᠡᠬᠦ  ᠡᠴᠡ ᠠᠶᠤᠵᠤ ᠸᠠᠳᠢᠮ ᠺᠣᠹᠠ ᠶ᠋ᠢᠨ ᠠᠩᠬᠠᠷᠤᠯ ᠪᠠᠲᠤ ᠬᠠᠨ ᠳ᠋ᠤᠷ ᠪᠣᠢ ᠵᠠᠪ ᠢ᠋ ᠠᠰᠢᠭᠯᠠᠨ ᠨᠣᠴᠣᠨ ᠣᠷᠣᠵᠤ ᠤᠯᠠᠭᠠᠨ ᠰᠤᠭᠤ ᠪᠠᠷ ᠠᠨᠤ ᠨᠡᠪᠲᠡ ᠵᠢᠳᠠᠯᠠᠨ ᠤᠨᠠᠭᠠᠪᠠ᠃ ᠮᠢᠩᠭᠠᠨ ᠤ᠋ ᠨᠣᠶᠠᠨ ᠶᠢᠰᠤᠨᠪᠦ᠋ᠬᠡ ᠨᠢᠭᠡᠨᠲᠡ ᠳᠡᠢᠯᠦᠭᠳᠡᠵᠦ ᠨᠢᠭᠤᠷᠠᠢ ᠨᠡᠬᠡᠮᠵᠢᠯᠡᠨ ᠶᠠᠪᠤᠬᠤᠢ ᠳ᠋ᠤᠷ ᠰᠥᠪᠡᠭᠡᠲᠡᠢ ᠪᠠᠭᠠᠲᠤᠷ ᠭᠡᠨᠡᠳᠲᠡ ᠠᠶᠤᠩᠭ᠎ᠠ ᠮᠡᠲᠦ ᠪᠠᠷᠬᠢᠷᠠᠨ ᠸᠠᠳᠢᠮ ᠺᠣᠹᠠ ᠶ᠋ᠢ ᠵᠢᠳᠠᠯᠠᠨ ᠤᠨᠠᠭᠠᠭᠰᠠᠨ ᠳ᠋ᠤᠷ ᠨᠢᠭᠤᠷᠠᠢ ᠰᠣᠴᠢᠵᠤ ᠮᠣᠷᠢ ᠪᠠᠨ ᠲᠠᠲᠠᠵᠤ ᠪᠤᠷᠤᠭᠤᠯᠠᠰᠤᠭᠠᠢ ᠬᠡᠮᠡᠲᠡᠯ᠎ᠡ ᠪᠠᠲᠤ ᠬᠠᠨ ᠤ᠋ ᠮᠣᠷᠢ ᠬᠤᠷᠳᠤᠨ ᠲᠤᠯᠠ ᠨᠢᠭᠡᠨᠲᠡ ᠬᠠᠷᠠᠢᠯᠭᠠᠨ ᠬᠦᠷᠴᠦ ᠣᠴᠢᠭᠠᠳ ᠵᠢᠳᠠᠯᠠᠨ ᠤᠨᠠᠭᠠᠵᠤ ᠠᠷᠤ ᠶ᠋ᠢᠨ ᠴᠡᠷᠢᠭ  ᠢ᠋ᠶ᠋ᠡᠨ ᠳᠠᠯᠠᠯᠤᠨ ᠭᠤᠳᠤᠮᠵᠢ ᠤᠷᠤᠭᠤ ᠠᠯᠠᠨ ᠣᠷᠣᠪᠠ᠃ ᠣᠷᠣᠰ ᠴᠡᠷᠢᠭ ᠨᠢᠭᠡᠨᠲᠡ ᠬᠣᠷᠢᠭᠯᠠᠵᠤ ᠴᠢᠳᠠᠬᠤ ᠦᠭᠡᠢ ᠪᠣᠯᠵᠤ ᠬᠢᠳᠤᠭᠳᠠᠵᠤ ᠡᠬᠢᠯᠡᠪᠡ᠃ ᠡᠰᠡᠷᠭᠦᠴᠡᠭᠰᠡᠳ ᠲᠣᠷ ᠴᠡᠭᠡᠷᠯᠡᠯ ᠦᠵᠡᠭᠦᠯᠬᠦ ᠶ᠋ᠢᠨ ᠲᠥᠯᠥᠭᠡ ᠬᠣᠲᠠ ᠶ᠋ᠢ ᠭᠤᠷᠪᠠᠨ ᠡᠳᠦᠷ ᠪᠤᠯᠢᠶᠠᠯᠭᠠᠪᠠ᠃ ᠬᠡᠵᠢᠶᠡᠨᠡᠢ ᠡᠴᠡ ᠰᠢᠷ᠎ᠠ ᠭᠡᠵᠢᠭᠡ ᠨᠣᠭᠣᠭᠠᠨ ᠨᠢᠳᠦᠲᠦ ᠬᠡᠦᠬᠡᠨ ᠢ᠋ ᠰᠣᠨᠢᠷᠬᠠᠵᠤ ᠪᠠᠢᠭᠰᠠᠨ ᠴᠡᠷᠢᠭ ᠦ᠋ᠨ ᠠᠷᠠᠳ ᠰᠡᠳᠬᠡᠯ ᠳ᠋ᠡᠭᠡᠨ ᠲᠣᠬᠢᠷᠠᠭᠰᠠᠨ ᠬᠥᠮᠦᠨ ᠣᠯᠬᠤ ᠶ᠋ᠢᠨ ᠲᠥᠯᠥᠭᠡ ᠬᠦᠷᠢᠶ᠎ᠡ ᠳᠠᠷᠠᠭᠠᠯᠠᠨ ᠨᠡᠩᠵᠢᠵᠦ ᠶᠠᠮᠠᠷ ᠴᠤ᠌ ᠨᠢᠭᠤᠴᠠ ᠳᠡᠯᠳᠡᠨ ᠭᠠᠵᠠᠷ ᠢ᠋ ᠴᠥᠮ ᠦᠯᠡᠳᠡᠭᠡᠭᠰᠡᠨ ᠦᠭᠡᠢ ᠮᠠᠰᠢ ᠣᠯᠠᠨ ᠡᠮᠡᠰ ᠥᠬᠢᠳ ᠣᠯᠵᠠᠯᠠᠵᠤ ᠶᠠᠪᠤᠮᠤᠢ᠃ ᠪᠠᠲᠤ ᠬᠠᠨ ᠬᠣᠲᠠ ᠶ᠋ᠢ ᠪᠠᠢᠴᠠᠭᠠᠨ ᠦᠵᠡᠵᠦ ᠶᠠᠪᠤᠬᠤᠢ ᠳ᠋ᠤᠷ ᠬᠣᠶᠠᠷ ᠺᠢᠪᠴᠠᠭ ᠡᠷ᠎ᠡ ᠨᠢᠭᠡᠨ ᠡᠮᠡᠭᠲᠡᠢ ᠶ᠋ᠢ ᠪᠤᠯᠢᠶᠠᠯᠳᠤᠨ ᠨᠢᠭᠡ ᠨᠢᠭᠡ ᠭᠠᠷ ᠠ᠋ᠴᠠ ᠪᠠᠷᠢᠵᠤ ᠬᠣᠶᠠᠷ ᠳᠠᠰᠢ ᠬᠦᠴᠦᠯᠡᠨ ᠲᠠᠲᠠᠮᠤᠢ᠃ ᠲᠡᠷᠡ ᠡᠮᠡᠭᠲᠡᠢ ᠲᠡᠰᠪᠦᠷᠢᠯᠡᠵᠦ ᠴᠢᠳᠠᠬᠤ ᠦᠭᠡᠢ ᠮᠠᠭᠤᠬᠠᠢ ᠳᠠᠭᠤᠨ ᠭᠠᠷᠬᠤᠢ ᠳ᠋ᠤᠷ ᠬᠥᠮᠦᠰ ᠦ᠋ᠨ ᠬᠤᠢᠬ᠎ᠠ ᠶ᠋ᠢᠨ ᠦᠰᠦ ᠪᠣᠰᠤᠮᠤᠢ᠃ ᠪᠠᠲᠤ ᠬᠠᠨ ᠦᠵᠡᠭᠡᠳ ᠲᠦᠪᠡᠭᠳᠡᠬᠦ ᠦᠭᠡᠢ ᠄ 《ᠳᠡᠯᠪᠢ 》ᠭᠡᠮᠡᠨ ᠵᠠᠩᠳᠤᠷᠪᠠᠰᠤ ᠲᠡᠷᠡ ᠬᠣᠶᠠᠷ ᠺᠢᠪᠴᠠᠭ ᠡᠷ᠎ᠡ ᠪᠠᠲᠤ ᠬᠠᠨ ᠢ᠋ ᠦᠯᠦ ᠲᠠᠨᠢᠠᠬᠤ ᠲᠤᠯᠠ ᠲᠠᠯᠪᠢᠬᠤ ᠦᠭᠡᠢ ᠬᠠᠷᠢᠨ : 《ᠪᠢᠳᠡ ᠪᠡᠷ ᠲᠠᠯᠪᠢᠭᠤᠯᠵᠤ ᠴᠢ ᠠᠪᠬᠤ ᠤᠤ ?  ᠬᠡᠮᠡᠭᠰᠡᠨ ᠳ᠋ᠦ᠍ ᠬᠠᠨ ᠤ᠋ ᠰᠢᠳᠠᠷ ᠡᠷᠡᠰ ᠲᠡᠷᠡ ᠬᠣᠶᠠᠷ ᠤ᠋ᠨ ᠳᠤᠭᠤᠯᠠᠭ᠎ᠠ ᠶ᠋ᠢ ᠵᠢᠳᠠ ᠪᠠᠷ ᠳᠣᠷᠭᠢᠲᠠᠯ᠎ᠠ ᠲᠣᠭᠰᠢᠵᠤ ᠄ ᠨᠢᠳᠦ ᠠᠭᠠᠳ ᠰᠣᠬᠣᠷ ᠠᠮᠢᠲᠠᠨ ᠦᠬᠦᠯ  ᠢ᠋ᠶ᠋ᠡᠨ ᠡᠷᠢᠮᠦᠢ ᠤᠤ ! 》 ᠬᠡᠮᠡᠭᠰᠡᠨ ᠳ᠋ᠦ᠍ᠷ ᠲᠡᠷᠡ ᠬᠣᠶᠠᠷ ᠠᠷᠠᠹ ᠴᠠᠭᠠᠨ ᠮᠣᠷᠢ ᠲᠠᠢ ᠨᠣᠶᠠᠨ ᠢ᠋ ᠲᠠᠨᠢᠬᠤ ᠦᠭᠡᠢ ᠪᠣᠯᠪᠠᠴᠤ ᠡᠭᠡᠯ ᠪᠤᠰᠤ ᠭᠡᠮᠡᠨ ᠮᠡᠳᠡᠵᠦ ᠭᠠᠵᠠᠷ ᠰᠥᠭᠥᠳᠴᠦ ᠶᠠᠯ᠎ᠠ ᠬᠦᠯᠢᠶᠡᠪᠡ᠃ ᠪᠠᠲᠤ ᠭᠡᠯᠢᠩᠯᠡᠨ ᠥᠭᠦᠯᠡᠷᠦᠨ :《ᠲᠠ ᠬᠣᠶᠠᠷ ᠲᠤᠷ ᠡᠭᠡᠴᠢ ᠥᠬᠢᠨ ᠳᠡᠭᠦᠦ ᠦᠭᠡᠢ ᠤᠤ ? ᠦᠵᠡᠲᠡᠯ᠎ᠡ ᠡᠨᠡ ᠡᠮᠡᠭᠲᠡᠢ ᠶ᠋ᠢ ᠠᠮᠢᠳᠤ ᠪᠠᠷ ᠰᠠᠯᠭᠠᠬᠤᠢ ᠳ᠋ᠤᠷ ᠭᠥᠷᠦᠭᠦᠯᠵᠦ ᠣᠷᠢᠯᠠᠨ ᠴᠠᠷᠯᠠᠨ ᠪᠦᠬᠦᠢ ᠳ᠋ᠦ᠍ᠷ ᠦᠷᠦ ᠡᠪᠡᠳᠬᠦ ᠦᠭᠡᠢ ᠶᠠᠭᠤᠨ? ᠡᠨᠡ ᠬᠣᠶᠠᠷ ᠢ᠋ ᠳᠡᠯᠢᠵᠦ ᠠᠮᠰᠠᠭᠤᠯ ! 》 ᠬᠡᠮᠡᠭᠰᠡᠨ ᠳ᠋ᠦ᠍ᠷ ᠬᠠᠨ ᠤ᠋ ᠠᠷᠰᠯᠠᠨ ᠪᠠᠷᠰ ᠮᠡᠲᠦ ᠡᠷᠡᠰ ᠲᠡᠷᠡ ᠬᠣᠶᠠᠷ ᠢ᠋ ᠡᠮᠡᠭᠡᠯ ᠦ᠋ᠨ ᠪᠦᠭᠦᠷᠭᠡ ᠡᠴᠡ ᠬᠣᠯᠪᠣᠵᠤ ᠲᠠᠲᠠᠭᠤᠯᠪᠠᠰᠤ ᠴᠥᠮ ᠮᠠᠭᠤ ᠳᠠᠭᠤᠨ ᠭᠠᠷᠴᠤ ᠮᠠᠨᠠᠷᠠᠪᠠ᠃ ᠪᠠᠲᠤ ᠬᠠᠨ ᠬᠣᠶᠠᠭᠤᠯᠠ ᠶ᠋ᠢ ᠰᠤᠯᠠᠯᠠᠨ ᠶᠠᠪᠤᠭᠤᠯᠵᠤ ᠡᠮᠡᠰ ᠬᠡᠦᠬᠡᠳ ᠪᠤᠯᠢᠶᠠᠬᠤ ᠶ᠋ᠢ ᠲᠠᠰᠤ ᠬᠣᠷᠢᠭᠯᠠᠬᠤ ᠵᠠᠷᠯᠢᠭ ᠭᠠᠷᠭᠠᠨ ᠬᠥᠮᠦᠨ ᠶᠠᠪᠤᠭᠤᠯᠵᠤ ᠨᠡᠢᠲᠡᠯᠡᠪᠡ᠃ 
       ᠲᠡᠷᠡ ᠬᠡᠦᠬᠡᠨ ᠳᠥᠩᠭᠡᠵᠦ ᠮᠥᠯᠬᠥᠨ ᠬᠠᠨ ᠤ᠋ ᠮᠣᠷᠢᠨ ᠤ᠋ ᠡᠮᠦᠨ᠎ᠡ ᠢᠷᠡᠵᠦ ᠠᠢᠯᠠᠳᠬᠠᠷᠤᠨ: 《ᠪᠢ ᠪᠣᠯ ᠸᠠᠳᠢᠮ ᠺᠣᠹᠠ ᠶ᠋ᠢᠨ ᠬᠡᠦᠬᠡᠨ ᠪᠣᠯᠠᠢ᠃ ᠡᠴᠢᠭᠡ ᠶ᠋ᠢᠨ ᠬᠡᠭᠦᠷ ᠢ ᠣᠷᠣᠰᠢᠭᠤᠯᠬᠤ ᠶ᠋ᠢ ᠪᠣᠳᠣᠵᠤ ᠦᠬᠦᠭᠡᠳᠦᠢ᠃ ᠡᠬᠡ ᠮᠢᠨᠦ ᠰᠠᠶᠢ ᠨᠢᠭᠡᠨ ᠺᠢᠪᠴᠠᠭ ᠡᠷᠡᠰ ᠲᠣᠷ ᠣᠯᠵᠠᠯᠠᠭᠳᠠᠵᠤ ᠶᠠᠪᠤᠪᠠ᠃ ᠸᠠᠩ ᠲᠠ ᠥᠷᠥᠰᠢᠶᠡᠨ ᠠᠪᠤᠷᠠᠬᠤ ᠪᠣᠯᠪᠠᠤ ? 》 ᠭᠡᠮᠡᠨ ᠮᠥᠷᠭᠥᠬᠦᠢ ᠳ᠋ᠦ᠍ᠷ ᠪᠠᠲᠤ ᠬᠠᠨ ᠤ᠋ ᠪᠠᠭᠠᠲᠤᠷ ᠮᠡᠷᠭᠡᠳ ᠢ᠋ ᠬᠠᠢᠷᠠᠯᠠᠬᠤ ᠰᠡᠳᠬᠢᠯ ᠢ᠋ ᠬᠥᠳᠡᠯᠭᠡᠵᠦ ᠶᠡᠬᠡᠳᠡ ᠦᠷᠦ ᠡᠪᠡᠳᠴᠦ ᠪᠣᠳᠣᠪᠠᠰᠤ ᠡᠨᠡ ᠬᠡᠦᠬᠡᠨ ᠢ᠋ ᠡᠢᠨ ᠬᠠᠶᠠᠪᠠᠰᠤ ᠮᠥᠨ ᠪᠤᠰᠤᠳ ᠤ᠋ᠨ ᠭᠠᠷ ᠲᠤᠷ ᠣᠷᠣᠬᠤ ᠠᠶᠤᠯᠲᠠᠢ ᠲᠤᠯᠠ ᠵᠠᠷᠯᠢᠭ ᠪᠣᠯᠵᠤ ᠺᠣᠹᠠ ᠸᠠᠩ ᠤ᠋ᠨ ᠬᠡᠦᠬᠡᠨ ᠢ᠋ ᠡᠷᠭᠦᠮᠡᠯ ᠪᠣᠯᠭᠠᠨ ᠷᠶᠠᠽᠠᠨ ᠬᠣᠲᠠ ᠶ᠋ᠢ ᠪᠠᠲᠤ ᠬᠠᠨ ᠤ᠋ ᠡᠷᠭᠦᠮᠡᠯ ᠥᠬᠢᠨ ᠦ᠌ ᠨᠡᠷ᠎ᠡ ᠪᠡᠷ ᠵᠠᠬᠢᠷᠤᠭᠲᠤᠨ ᠭᠡᠮᠡᠨ ᠳᠠᠭᠠᠭᠰᠠᠳ ᠠ᠋ᠴᠠ ᠠᠯᠲᠠᠨ ᠲᠡᠮᠳᠡᠭ ᠠᠪᠴᠤ ᠭᠠᠷᠳᠠᠭᠤᠯᠪᠠ᠃ ᠬᠠᠨ ᠤ᠋ ᠵᠠᠷᠯᠢᠭ ᠭᠠᠷᠤᠭᠰᠠᠨ ᠬᠣᠢᠨ᠎ᠠ ᠬᠥᠮᠦᠰ ᠬᠡᠳᠦᠢᠨᠡᠢ ᠸᠠᠳᠢᠮ ᠺᠣᠹᠠ ᠶ᠋ᠢᠨ ᠬᠠᠲᠤᠨ ᠢ ᠬᠦᠷᠭᠡᠵᠦ ᠢᠷᠡᠪᠡ᠃ ᠲᠡᠢᠨ ᠬᠦ᠌ ᠡᠬᠡ ᠬᠡᠦᠬᠡᠨ ᠠᠭᠤᠯᠵᠠᠵᠤ ᠸᠠᠳᠢᠮ ᠺᠣᠹᠠ ᠶ᠋ᠢᠨ ᠬᠡᠭᠦᠷ ᠢ ᠣᠯᠵᠤ ᠰᠦᠮ᠎ᠡ ᠳ᠋ᠦ᠍ᠷ ᠲᠠᠯᠪᠢᠵᠤ ᠷᠶᠠᠽᠠᠨ ᠬᠣᠲᠠ ᠶ᠋ᠢᠨ ᠬᠣᠴᠣᠷᠤᠭᠰᠠᠨ ᠣᠯᠠᠨ ᠢ᠋ ᠴᠤᠭᠯᠠᠭᠤᠯᠤᠨ ᠪᠡᠶ᠎ᠡ ᠪᠡᠷ ᠳᠠᠭᠠᠭᠤᠯᠵᠤ ᠬᠣᠲᠠ ᠶ᠋ᠢ ᠠᠪᠤᠷᠠᠬᠤ ᠪᠠᠷ ᠴᠢᠷᠮᠠᠢᠮᠤᠢ᠃ 
       ᠡᠨᠡ ᠬᠣᠲᠠ ᠤᠷᠢᠳ ᠬᠣᠵᠢᠳ ᠵᠢᠷᠭᠤᠭᠠᠨ ᠡᠳᠦᠷ ᠰᠥᠨᠢ ᠶ᠋ᠢᠨ ᠰᠢᠷᠦᠭᠦᠨ ᠴᠠᠪᠴᠢᠯᠳᠤᠭᠠᠨ ᠢ᠋ ᠥᠩᠭᠡᠷᠡᠭᠡᠭᠰᠡᠨ ᠲᠤᠯᠠ ᠬᠡᠭᠦᠷ ᠰᠡᠭ ᠬᠣᠲᠠ ᠳᠦᠭᠦᠷᠴᠦ ᠬ᠍ᠠ ᠶᠠ ᠦᠭᠡᠢ ᠭᠠᠯ ᠤᠲᠤᠭ᠎ᠠ ᠲᠤᠯᠠ ᠤᠷᠢᠳᠴᠢᠯᠠᠨ ᠭᠠᠯ ᠢ ᠰᠢᠨᠦᠭᠡᠵᠦ ᠬᠡᠭᠦᠷ  ᠦ᠋ᠳ ᠢ᠋ ᠬᠣᠷᠢᠶᠠᠨ ᠣᠷᠣᠰᠢᠭᠤᠯᠵᠤ ᠡᠪᠡᠳᠴᠢᠲᠡᠨ ᠰᠢᠷᠬᠠᠲᠠᠨ ᠢ᠋ ᠠᠢᠯ ᠭᠡᠷ ᠲᠦᠰᠢᠭᠦᠯᠵᠦ ᠣᠷᠣᠨ ᠰᠠᠭᠤᠴᠠ ᠲᠠᠢ ᠪᠣᠯᠭᠠᠨ ᠲᠠᠯᠪᠢᠪᠠ᠃ ᠲᠡᠢᠨ ᠬᠦ᠌ ᠬᠣᠲᠠ ᠶ᠋ᠢᠨ ᠬᠣᠴᠣᠷᠤᠭᠰᠠᠨ ᠣᠯᠠᠨ ᠴᠥᠮ ᠣᠷᠣᠵᠤ ᠡᠭᠡᠬᠦ ᠭᠠᠵᠠᠷ ᠲᠠᠢ ᠪᠣᠯᠵᠤ ᠡᠬᠡ ᠬᠡᠦᠬᠡᠨ ᠳ᠋ᠦ᠍ᠷ ᠲᠠᠯᠠᠷᠬᠠᠮᠤᠢ᠃ 
       ᠲᠡᠳᠦᠢ ᠳ᠋ᠦ᠍ᠷ ᠣᠷᠣᠰ ᠤ᠋ᠨ ᠡᠵᠡᠨ ᠶᠡᠬᠡ ᠬᠦᠩ ᠬ᠌ᠸᠤᠷᠬᠢ ᠸᠠᠩ ᠪᠣᠳᠣᠪᠠᠰᠤ ᠷᠶᠠᠽᠠᠨ ᠸᠠᠩ ᠶᠦᠷᠢ ᠳ᠋ᠦ᠍ᠷ ᠴᠡᠷᠢᠭ ᠲᠤᠰᠠᠯᠠᠭᠰᠠᠨ ᠦᠭᠡᠢ ᠳ᠋ᠡᠭᠡᠨ ᠭᠡᠮᠰᠢᠵᠦ ᠤᠷᠤᠭᠤᠯ ᠦᠭᠡᠢ ᠪᠥᠭᠡᠰᠦ ᠰᠢᠳᠦ ᠵᠢᠬᠢᠭᠦᠴᠡᠮᠣᠢ ᠭᠡᠮᠡᠨ ᠶᠡᠬᠡ ᠬᠥᠪᠡᠭᠦᠨ ᠸᠱᠸᠹᠤᠯᠤᠳ᠋ ᠲᠤᠷ ᠴᠡᠷᠢᠭ ᠥᠭᠴᠦ ᠲᠤᠰᠠᠯᠠᠷ᠎ᠠ ᠶᠠᠪᠤᠭᠤᠯᠪᠠ᠃ ᠸᠱᠸᠹᠤᠯᠤᠳ᠋ ᠵᠠᠮ ᠵᠠᠭᠤᠷ᠎ᠠ ᠪᠠᠨ ᠷᠶᠠᠽᠠᠨ ᠨᠢᠭᠡᠨᠲᠡ ᠬᠢᠳᠤᠭᠳᠠᠭᠰᠠᠨ ᠢ᠋ ᠰᠣᠨᠣᠰᠤᠭᠠᠳ ᠭᠸᠯᠤᠮᠤᠨ᠎ᠠ ᠬᠣᠲᠠᠨ ᠳ᠋ᠤᠷ ᠣᠴᠢᠵᠤ ᠨᠡᠢᠯᠡᠪᠡᠢ᠃ 
       ᠮᠣᠩᠭᠣᠯᠴᠤᠳ ᠷᠶᠠᠽᠠᠨ ᠬᠣᠲᠠ ᠳ᠋ᠤᠷ ᠬᠡᠳᠦᠨ ᠡᠳᠦᠷ ᠠᠮᠠᠷᠠᠭᠠᠳ ᠰᠢᠭᠤᠳ ᠸᠱᠸᠹᠤᠯᠤᠳ᠋ ᠤ᠋ᠨ ᠬᠣᠢᠨ᠎ᠠ ᠠ᠋ᠴᠠ ᠲᠠᠭᠠᠯᠴᠠᠨ ᠬᠦᠷᠴᠦ ᠢᠷᠡᠭᠡᠳ ᠬᠣᠲᠠ ᠶ᠋ᠢᠨ ᠣᠢᠷ᠎ᠠ ᠬᠦᠷᠢᠶᠡᠯᠡᠨ ᠪᠠᠭᠤᠳᠠᠯᠯᠠᠭᠠᠳ ᠬᠣᠲᠠ ᠶ᠋ᠢᠨ ᠡᠵᠡᠨ ᠷᠣᠮᠠᠨ ᠢ᠋ ᠪᠠᠭᠤᠵᠤ ᠥᠭ ᠭᠡᠮᠡᠨ ᠱᠠᠭᠠᠷᠳᠠᠪᠠ᠃ ᠷᠣᠮᠠᠨ ᠸᠠᠩ ᠪᠠᠭᠠᠲᠤᠷ ᠲᠠᠭᠠᠨ ᠢᠲᠡᠭᠡᠵᠦ ᠸᠱᠸᠹᠤᠯᠤᠳ᠋ ᠤ᠋ᠨ ᠬᠣᠷᠢᠭᠯᠠᠬᠤ ᠶ᠋ᠢ ᠰᠣᠨᠣᠰᠬᠤ ᠦᠭᠡᠢ ᠳᠠᠢᠰᠤᠨ ᠨᠢᠭᠡᠨᠲᠡ ᠬᠣᠲᠠ ᠶ᠋ᠢᠨ ᠳᠣᠣᠷ᠎ᠠ ᠢᠷᠡᠭᠰᠡᠨ ᠪᠥᠭᠡᠲᠡᠯ᠎ᠡ ᠪᠠᠢᠯᠳᠤᠬᠤ ᠦᠭᠡᠢ ᠪᠣᠯᠪᠠᠰᠤ ᠵᠠᠩᠵᠤᠨ ᠴᠡᠷᠢᠭ  ᠢ᠋ᠶ᠋ᠡᠷ ᠶᠠᠭᠤᠨ ᠬᠢᠬᠦ ᠭᠡᠮᠡᠨ ᠢᠷᠡᠭᠰᠡᠨ ᠡᠯᠴᠢ ᠶ᠋ᠢ ᠴᠠᠪᠴᠢᠭᠤᠯᠵᠤ ᠬᠣᠲᠠ ᠶ᠋ᠢᠨ ᠡᠭᠦᠳᠡ ᠪᠡᠨ ᠴᠠᠢᠲᠠᠯ᠎ᠠ ᠨᠡᠭᠡᠭᠡᠵᠦ ᠶᠦᠷᠢ ᠸᠠᠩ ᠬᠢᠭᠡᠳ ᠸᠠᠳᠢᠮ ᠺᠣᠹᠠ ᠸᠠᠩ ᠵᠢᠴᠢ ᠷᠶᠠᠽᠠᠨ ᠤ᠋ ᠣᠯᠠᠨ ᠤ᠋ ᠣᠰᠢᠶ᠎ᠠ ᠶ᠋ᠢ ᠠᠪᠤᠮᠤᠢ ᠭᠡᠮᠡᠨ ᠡᠰᠡᠷᠭᠦᠴᠡᠯ ᠦᠭᠡᠢ ᠭᠡᠮᠡᠨ ᠠᠯᠳᠠᠷᠰᠢᠭᠰᠠᠨ ᠬᠤᠶᠠᠭᠲᠤ ᠮᠣᠷᠢᠲᠤ ᠴᠡᠷᠢᠭ ᠲᠦᠮᠡᠨ ᠢ᠋ ᠠᠪᠴᠤ ᠭᠠᠷᠴᠤ ᠢᠷᠡᠭᠡᠳ ᠳᠥᠷᠪᠡᠯᠵᠢᠨ ᠵᠢᠭᠰᠠᠭᠠᠯ ᠢ᠋ᠶ᠋ᠠᠷ ᠵᠢᠭᠰᠠᠭᠠᠵᠤ ᠨᠡᠷ᠎ᠡ ᠵᠢᠭᠠᠵᠤ ᠪᠠᠲᠤ ᠬᠠᠨ ᠯᠤᠭ᠎ᠠ ᠪᠠᠢᠯᠳᠤᠮᠤᠢ ᠬᠡᠮᠡᠬᠦᠢ ᠳ᠋ᠦ᠍ᠷ ᠪᠠᠲᠤ ᠬᠠᠨ ᠤ᠋ ᠠᠷᠤ ᠠ᠋ᠴᠠ ᠶᠡᠬᠡ ᠵᠠᠩᠵᠤᠨ ᠪᠠᠭᠠᠲᠤᠷ ᠮᠣᠷᠢ ᠳᠠᠪᠬᠢᠯᠤᠨ ᠭᠠᠷᠴᠤ ᠢᠷᠡᠭᠡᠳ ᠦᠭᠡ ᠳᠠᠭᠤᠨ ᠦᠭᠡᠢ ᠴᠢᠪᠴᠢᠨ ᠣᠷᠣᠬᠤᠢ ᠳ᠋ᠤᠷ ᠷᠣᠮᠠᠨ ᠤ᠋ ᠠᠷᠤ ᠠ᠋ᠴᠠ ᠪᠠᠰᠠ ᠨᠢᠭᠡᠨ ᠤᠯᠠᠭᠠᠨ ᠰᠠᠬᠠᠯᠲᠤ ᠶᠡᠬᠡ ᠡᠷ᠎ᠡ ᠮᠣᠷᠢ ᠳᠠᠪᠬᠢᠯᠤᠨ ᠤᠭᠲᠤᠵᠤ ᠠᠪᠤᠪᠠ᠃ ᠬᠣᠶᠠᠷ ᠢᠯᠳᠦ ᠵᠡᠷᠭᠡᠪᠡᠷ ᠭᠢᠯᠠᠯᠵᠠᠨ ᠴᠠᠰᠤ ᠬᠢᠷᠠᠭᠤ ᠪᠠᠭᠤᠬᠤ ᠮᠡᠲᠦ ᠂ ᠬᠥᠮᠦᠨ ᠦ᠌ ᠨᠢᠳᠦ ᠴᠥᠮ ᠡᠷᠢᠶᠡᠯᠵᠡᠪᠡᠢ᠃ ᠬᠣᠷᠢᠨ ᠤᠳᠠᠭ᠎ᠠ ᠪᠣᠯᠵᠤ ᠬᠡᠨ ᠠᠯᠢᠨ ᠲᠠᠢᠯᠤᠨ ᠳᠡᠢᠯᠦᠭᠳᠡᠬᠦ ᠢᠯᠭᠠᠷᠠᠬᠤ ᠠ᠋ᠴᠠ ᠡᠮᠦᠨ᠎ᠡ ᠷᠣᠮᠠᠨ ᠤ᠋ ᠠᠷᠤ ᠠ᠋ᠴᠠ ᠨᠢᠭᠡᠨ ᠰᠠᠬᠠᠯ ᠦᠰᠦ ᠬᠠᠷ᠎ᠠ ᠶᠡᠬᠡ ᠡᠷ᠎ᠡ ᠣᠬᠣᠷ ᠰᠦᠬᠡ ᠪᠠᠷᠢᠵᠤ ᠶᠠᠪᠠᠭᠠᠨ ᠢᠷᠡᠵᠦ ᠰᠢᠭᠤᠳ ᠮᠣᠷᠢᠨ ᠤ᠋ ᠬᠥᠯ ᠢ ᠡᠷᠢᠨ ᠴᠠᠪᠴᠢᠬᠤᠢ ᠳ᠋ᠤᠷ ᠪᠠᠭᠠᠲᠤᠷ ᠵᠢᠯᠣᠭᠣ ᠳᠠᠷᠤᠵᠤ ᠪᠤᠷᠤᠭᠤᠯᠠᠪᠠ᠃ ᠷᠣᠮᠠᠨ ᠳᠥᠷᠪᠡᠯᠵᠢᠨ ᠵᠢᠭᠰᠠᠭᠠᠯ ᠢ᠋ᠶ᠋ᠠᠨ ᠬᠥᠳᠡᠯᠭᠡᠨ ᠪᠠᠲᠤ ᠬᠠᠨ ᠤ᠋ ᠴᠡᠷᠢᠭ ᠢ ᠲᠠᠭᠠᠷᠢᠬᠤᠢ ᠳ᠋ᠤᠷ ᠬᠣᠷᠢᠭᠯᠠᠵᠤ ᠴᠢᠳᠠᠭᠰᠠᠨ ᠦᠭᠡᠢ᠃ ᠮᠣᠩᠭᠣᠯᠴᠤᠳ ᠠᠷᠪᠠᠨ ᠠᠷᠪᠠᠨ ᠢ᠋ᠶ᠋ᠠᠷ  ᠢ᠋ᠶ᠋ᠠᠨ ᠰᠠᠷᠨᠢᠨ ᠪᠤᠷᠤᠭᠤᠯᠠᠪᠠ ᠃ ᠲᠡᠢᠨ ᠬᠦ᠌ ᠷᠣᠮᠠᠨ ᠨᠡᠬᠡᠮᠵᠢᠯᠡᠨ ᠬᠢᠳᠤᠰᠤᠭᠠᠢ ᠭᠡᠮᠡᠨ ᠵᠢᠭᠰᠠᠭᠠᠯ ᠢ᠋ᠶ᠋ᠠᠨ ᠤᠷᠲᠤ ᠮᠣᠭᠠᠢ ᠶ᠋ᠢᠨ ᠵᠢᠭᠰᠠᠭᠠᠯ ᠪᠣᠯᠭᠠᠨ ᠬᠤᠪᠢᠷᠠᠭᠤᠯᠵᠤ ᠤᠷᠤᠭᠰᠢᠯᠠᠬᠤᠢ ᠳ᠋ᠤᠷ ᠠᠷᠤ ᠠ᠋ᠴᠠ ᠴᠡᠷᠢᠭ ᠬᠤᠷᠢᠶᠠᠬᠤ ᠳᠣᠬᠢᠶ᠎ᠠ ᠲᠠᠯᠪᠢᠭᠰᠠᠨ ᠲᠤᠯᠠ ᠰᠠᠶᠢ ᠴᠡᠷᠢᠭ ᠢ᠋ᠶ᠋ᠡᠨ ᠬᠤᠷᠢᠶᠠᠵᠤ ᠬᠣᠲᠠᠨ ᠳ᠋ᠠᠭᠠᠨ ᠪᠤᠴᠠᠵᠤ ᠤᠭᠲᠤᠵᠤ ᠪᠠᠢᠯᠳᠤᠭᠰᠠᠨ ᠬᠣᠶᠠᠷ ᠵᠠᠩᠵᠤᠨ ᠳ᠋ᠠᠭᠠᠨ ᠠᠷᠢᠬᠢ ᠮᠢᠬ᠎ᠠ ᠥᠭᠴᠦ ᠰᠠᠢᠰᠢᠶᠠᠬᠤ ᠶ᠋ᠢᠨ ᠬᠠᠮᠲᠤ ᠸᠱᠸᠹᠤᠯᠤᠳ᠋ ᠤ᠋ᠨ ᠴᠡᠷᠢᠭ ᠬᠤᠷᠢᠶᠠᠬᠤ ᠳᠣᠬᠢᠶ᠎ᠠ ᠲᠠᠯᠪᠢᠭᠰᠠᠨ ᠳ᠋ᠤᠷ ᠳᠤᠷ᠎ᠠ ᠦᠭᠡᠢᠴᠡᠪᠡᠰᠦ ᠸᠱᠸᠹᠤᠯᠤᠳ᠋ ᠥᠭᠦᠯᠡᠷᠦᠨ :《ᠦᠵᠡᠲᠡᠯ᠎ᠡ ᠮᠣᠩᠭᠣᠯᠴᠤᠳ ᠬᠡᠳᠦᠢ ᠲᠦᠮᠡᠨ ᠬᠥᠮᠦᠨ ᠣᠢᠷ᠎ᠠ ᠪᠣᠢ ᠲᠤᠯᠠ ᠬᠡᠷᠪᠡ ᠬᠣᠲᠠᠨ ᠠ᠋ᠴᠠ ᠬᠣᠯᠠᠳᠠᠵᠤ ᠪᠦᠰᠡᠯᠡᠭᠳᠡᠭᠡᠳ ᠭᠠᠷᠴᠤ ᠴᠢᠳᠠᠬᠤ ᠦᠭᠡᠢ ᠪᠣᠯᠪᠠᠤ ᠬᠡᠮᠡᠪᠡ᠃ ᠶᠦᠷᠢ ᠸᠠᠩ ᠬᠡᠷᠪᠡ ᠵᠠᠷᠯᠢᠭ ᠲᠠᠯ᠎ᠠ ᠳ᠋ᠤᠷ ᠮᠣᠷᠳᠠᠭᠰᠠᠨ ᠦᠭᠡᠢ ᠪᠥᠭᠡᠰᠦ ᠷᠶᠡᠽᠡᠨ ᠦ᠌ ᠰᠠᠬᠢᠬᠤ ᠬᠦᠴᠦᠨ ᠠᠷᠠᠢ ᠳᠡᠭᠡᠷ᠎ᠡ ᠲᠤᠯᠠ ᠤᠳᠠᠭᠠᠨ ᠰᠠᠬᠢᠵᠤ ᠪᠣᠯᠬᠤ ᠪᠠᠢᠭᠰᠠᠨ ᠪᠥᠯᠥᠭᠡ ᠃ ᠪᠢ ᠸᠠᠩ ᠢ᠋ ᠪᠤᠴᠠᠭᠠᠭᠰᠠᠨ ᠠᠨᠤ ᠳᠠᠷᠤᠢ ᠲᠡᠭᠦᠨ ᠦ᠌ ᠡᠨᠳᠡᠭᠳᠡᠯ ᠢ ᠦᠯᠦ ᠭᠠᠷᠭᠠᠬᠤ ᠂ ᠲᠤᠰᠠ ᠳ᠋ᠤᠷ ᠪᠣᠯᠠᠢ 》ᠬᠡᠮᠡᠭᠰᠡᠨ ᠳ᠋ᠦ᠍ᠷ ᠷᠣᠮᠠᠨ ᠮᠥᠨ ᠦᠯᠦ ᠪᠢᠰᠢᠷᠡᠨ ᠵᠢᠴᠢ ᠡᠳᠦᠷ ᠡᠷᠡᠭᠴᠢᠨ ᠡᠮᠡᠭᠴᠢᠨ ᠢ᠋ ᠢᠯᠭᠠᠰᠤᠭᠠᠢ ᠭᠡᠮᠡᠨ ᠣᠷᠳᠣᠨ ᠳ᠋ᠠᠭᠠᠨ ᠪᠤᠴᠠᠪᠠ᠃ 
       ᠪᠠᠲᠤ ᠬᠠᠨ ᠣᠷᠣᠰ ᠤ᠋ᠨ ᠴᠡᠷᠢᠭ ᠬᠤᠷᠢᠶᠠᠭᠰᠠᠨ ᠢ᠋ ᠦᠵᠡᠭᠡᠳ ᠬᠣᠲᠠᠨ ᠳ᠋ᠤᠷ ᠯᠠᠪ ᠪᠣᠯᠭᠣᠮᠵᠢᠲᠠᠢ ᠮᠡᠷᠭᠡᠳ ᠪᠣᠢ ᠭᠡᠮᠡᠨ ᠪᠣᠳᠣᠵᠤ ᠬᠡᠷᠪᠡ ᠪᠤᠴᠠᠭᠰᠠᠨ ᠦᠭᠡᠢ ᠪᠥᠭᠡᠰᠦ ᠷᠣᠮᠠᠨ ᠬᠡᠳᠦᠢᠨᠡᠢ ᠰᠩ ᠪᠣᠯᠵᠤ ᠬᠣᠴᠣᠷᠪᠠ ᠭᠡᠮᠡᠨ ᠭᠡᠨᠡᠷᠡᠵᠦ᠂ ᠬᠣᠲᠠ ᠶ᠋ᠢ ᠪᠠᠢᠯᠳᠤᠭᠰᠠᠨ ᠠ᠋ᠴᠠ ᠥᠳᠥᠭᠡᠨ ᠭᠠᠷᠭᠠᠵᠤ ᠬᠢᠳᠤᠬᠤ ᠠᠨᠤ ᠬᠢᠯᠪᠠᠷ ᠭᠡᠮᠡᠨ ᠪᠣᠳᠣᠵᠤ ᠵᠢᠴᠢ ᠥᠷᠯᠥᠭᠡ ᠪᠠᠭᠠᠲᠤᠷ  ᠲᠤᠷ ᠲᠠᠪᠤᠨ ᠮᠢᠩᠭᠠᠨ ᠴᠡᠷᠢᠭ ᠥᠭᠴᠦ ᠷᠣᠮᠠᠨ ᠢ ᠨᠡᠷ᠎ᠡ ᠵᠢᠭᠠᠨ ᠪᠠᠢᠯᠳᠤᠰᠤᠭᠠᠢ ᠭᠡᠮᠡᠨ ᠳᠠᠭᠤᠳᠠᠪᠠᠰᠤ ᠷᠣᠮᠠᠨ ᠸᠱᠸᠹᠤᠯᠤᠳ᠋ ᠤ᠋ᠨ ᠬᠣᠷᠢᠭᠯᠠᠬᠤ ᠶ᠋ᠢ ᠠᠪᠠᠬᠤ ᠦᠭᠡᠢ ᠭᠠᠷᠴᠤ ᠪᠠᠢᠯᠳᠤᠭᠠᠳ ᠪᠠᠭᠠᠲᠤᠷ ᠪᠤᠷᠤᠭᠤᠯᠠᠨ ᠶᠠᠪᠤᠬᠤᠢ ᠳ᠋ᠤᠷ ᠠᠷᠭ᠎ᠠ ᠭᠡᠮᠡᠨ ᠮᠡᠳᠡᠭᠰᠡᠨ ᠦᠭᠡᠢ ᠲᠠᠯᠪᠢᠬᠤ ᠦᠭᠡᠢ ᠨᠡᠬᠡᠮᠵᠢᠯᠡᠵᠦ ᠭᠤᠴᠢᠨ ᠭᠠᠵᠠᠷ ᠭᠠᠷᠴᠤ ᠰᠠᠶᠢ ᠪᠤᠴᠠᠰᠤᠭᠠᠢ ᠬᠡᠮᠡᠲᠡᠯ᠎ᠡ ᠠᠷᠤ ᠥᠪᠥᠷ ᠡᠴᠡ ᠪᠦᠭᠭᠦᠭᠰᠡᠨ ᠴᠡᠷᠢᠭ ᠵᠡᠷᠭᠡᠪᠡᠷ ᠭᠠᠷᠴᠤ ᠲᠡᠮᠦᠷ ᠰᠠᠭᠤᠯᠠᠭ᠎ᠠ ᠮᠡᠲᠦ ᠬᠤᠮᠢᠵᠤ ᠠᠪᠤᠪᠠ᠃ ᠷᠣᠮᠠᠨ ᠸᠱᠸᠹᠤᠯᠤᠳ᠋ ᠤ᠋ᠨ ᠦᠭᠡ ᠶ᠋ᠢ ᠰᠠᠨᠠᠭᠠᠯᠵᠠᠬᠤᠢ ᠳ᠋ᠤᠷ ᠨᠢᠭᠡᠨᠲᠡ ᠤᠷᠤᠢᠲᠤᠪᠠ᠃ ᠭᠡᠪᠡᠴᠦ ᠳᠠᠭᠠᠷᠢᠨ ᠭᠠᠷᠤᠰᠤᠭᠠᠢ ᠭᠡᠮᠡᠨ ᠪᠡᠶ᠎ᠡ ᠪᠡᠷ ᠬᠣᠰᠢᠭᠤᠴᠢ ᠪᠣᠯᠵᠤ ᠶᠡᠬᠡ ᠵᠠᠩᠵᠤᠨ ᠽᠡᠲᠸᠪᠡᠨ ᠢ᠋ᠶ᠋ᠡᠷ ᠬᠠᠢᠭᠤᠯ ᠪᠣᠯᠭᠠᠨ ᠪᠤᠴᠠᠵᠤ ᠲᠠᠭᠠᠷᠢᠪᠠᠰᠤ ᠨᠢᠭᠡᠨ ᠶᠡᠬᠡ ᠵᠠᠩᠵᠤᠨ ᠮᠣᠷᠢᠨ ᠵᠢᠯᠣᠭᠣ ᠲᠠᠲᠠᠵᠤ ᠵᠠᠮ ᠬᠥᠨᠳᠡᠯᠢᠰᠦᠨ ᠪᠠᠭᠤᠵᠤ ᠥᠭ ᠭᠡᠮᠡᠨ ᠵᠠᠩᠳᠤᠷᠤᠮᠤᠢ᠃ ᠷᠣᠮᠠᠨ ᠶᠡᠬᠡᠳᠡ ᠠᠭᠤᠷᠯᠠᠨ ᠰᠦᠬᠡ ᠳᠠᠯᠠᠢᠨ ᠴᠠᠪᠴᠢᠷ᠎ᠠ ᠢᠷᠠᠪᠠᠰᠤ ᠲᠡᠭᠦᠨ ᠦ᠌ ᠠᠷᠤ ᠠ᠋ᠴᠠ ᠨᠢᠭᠡᠨ ᠪᠠᠭ᠎ᠠ ᠵᠠᠩᠵᠤᠨ ᠮᠣᠷᠢ ᠳᠠᠪᠬᠢᠯᠤᠨ ᠤᠭᠲᠤᠵᠤ ᠠᠪᠤᠪᠠ᠃ ᠡᠨᠡ ᠦᠶ᠎ᠡ ᠬᠡᠩᠭᠡᠷᠭᠡ ᠶ᠋ᠢᠨ ᠳᠠᠭᠤᠨ ᠪᠤᠷᠴᠠᠭ ᠬᠠᠭᠤᠷᠬᠤ ᠮᠡᠲᠦ ᠭᠠᠷᠴᠤ ᠪᠦᠭᠦᠳᠡᠭᠡᠷ ᠴᠥᠮ ᠪᠠᠭ᠎ᠠ ᠵᠠᠩᠵᠤᠨ ᠤ᠋ ᠪᠠᠢᠯᠳᠤᠬᠤ ᠶ᠋ᠢ ᠦᠵᠡᠰᠦᠭᠡᠢ ᠭᠡᠮᠡᠨ ᠬᠦᠴᠦᠨ ᠨᠡᠮᠡᠮᠦᠢ ᠃ ᠰᠦᠪᠡᠭᠡᠲᠡᠢ ᠪᠠᠭᠠᠲᠤᠷ ᠤ᠋ᠨ ᠬᠥᠪᠡᠭᠦᠨ ᠤᠷᠢᠶᠠᠩᠬᠠᠳᠠᠢ ᠂ ᠨᠠᠭᠠᠴᠤ ᠶ᠋ᠢᠨ ᠤᠳᠤᠮ ᠢ ᠳᠠᠭᠤᠷᠢᠶᠠᠨ ᠪᠡᠶ᠎ᠡ ᠥᠨᠳᠥᠷ ᠂ ᠴᠢᠷᠠᠢ ᠰᠢᠷᠠᠪᠲᠤᠷ ᠂ ᠭᠠᠷ ᠤ᠋ᠨ ᠬᠦᠴᠦᠨ ᠪᠠᠷᠰ ᠢ ᠨᠤᠬᠤᠯᠠᠮᠤᠢ᠃ ᠵᠢᠳᠠ ᠢᠯᠳᠦ ᠶ᠋ᠢᠨ ᠡᠷᠳᠡᠮ ᠬᠣᠣᠰ ᠦᠭᠡᠢ ᠪᠥᠭᠡᠳ ᠡᠴᠢᠭᠡ ᠶ᠋ᠢᠨ  ᠢ᠋ᠶ᠋ᠡᠨ ᠴᠡᠷᠢᠭ ᠬᠡᠷᠡᠭᠯᠡᠬᠦ ᠠᠷᠭ᠎ᠠ ᠶ᠋ᠢ ᠭᠦᠨ ᠰᠤᠷᠴᠤᠬᠤᠢ᠃ ᠲᠡᠢᠨ ᠬᠦ᠌ ᠣᠯᠠᠨ ᠴᠥᠮ ᠪᠢᠰᠢᠷᠡᠨ ᠶᠠᠷᠢᠯᠴᠠᠬᠤ ᠲᠤᠯᠠ ᠡᠨᠡ ᠡᠳᠦᠷ ᠦ᠋ᠨ ᠪᠠᠢᠯᠳᠤᠬᠤ ᠶ᠋ᠢ ᠦᠵᠡᠰᠦᠭᠡᠷ ᠬᠡᠮᠡᠮᠦᠢ᠃ 
       ᠷᠣᠮᠠᠨ ᠵᠠᠯᠠᠭᠤ ᠵᠠᠩᠵᠤᠨ ᠢ᠋ ᠳᠡᠮᠡᠢ ᠬᠡᠷᠡᠭ ᠲᠦ᠍ᠷ ᠪᠣᠳᠣᠭᠰᠠᠨ ᠦᠭᠡᠢ ᠲᠣᠰᠣᠨ ᠠᠪᠴᠤ ᠪᠠᠢᠯᠳᠤᠪᠠᠰᠤ ᠵᠢᠳᠠᠨ ᠤ᠋ ᠬᠤᠷᠴᠠ ᠠᠨᠤ ᠣᠴᠢ ᠦᠰᠦᠷᠬᠦ ᠮᠡᠲᠦ᠃ ᠨᠢᠳᠦ ᠴᠠᠪᠴᠢᠵᠤ ᠂ ᠰᠢᠯᠦᠰᠦ ᠵᠠᠯᠭᠢᠬᠤ ᠴᠢᠯᠥᠭᠡ ᠲᠠᠯᠪᠢᠬᠤ ᠦᠭᠡᠢ ᠳ᠋ᠦ᠍ᠷ ᠰᠠᠶᠢ ᠬᠡᠴᠡᠭᠦᠦ ᠭᠡᠮᠡᠨ ᠮᠡᠳᠡᠵᠦ ᠲᠦᠷᠭᠡᠯᠡᠬᠦ ᠪᠠᠨ ᠪᠣᠯᠢᠵᠤ ᠮᠠᠰᠢ ᠬᠡᠴᠢᠶᠡᠨ ᠬᠣᠷᠢᠨ ᠤᠳᠠᠭ᠎ᠠ ᠪᠣᠯᠬᠤᠢ ᠳ᠋ᠤᠷ ᠷᠣᠮᠠᠨ ᠤ᠋ ᠢᠯᠳᠦ ᠶ᠋ᠢᠨ ᠡᠷᠳᠡᠮ ᠰᠠᠮᠠᠭᠤᠷᠠᠨ ᠡᠭᠦᠰᠴᠦ ᠪᠡᠶ᠎ᠡ ᠪᠡᠨ ᠬᠠᠮᠠᠭᠠᠯᠠᠬᠤ ᠲᠡᠳᠦᠢ ᠯᠡ ᠪᠣᠯᠪᠠ᠃ ᠤᠷᠢᠶᠠᠩᠬᠠᠳᠠᠢ ᠮᠣᠩᠭᠣᠯ ᠮᠣᠷᠢᠨ ᠤ᠋ ᠤᠷᠠᠨ ᠢ᠋ ᠠᠰᠢᠭᠯᠠᠨ ᠪᠣᠷᠪᠢ ᠪᠠᠷ ᠠᠨᠤ ᠡᠷᠭᠢᠭᠦᠯᠵᠦ ᠠᠷᠤ ᠠ᠋ᠴᠠ ᠬᠦᠷᠦᠯᠴᠡᠨ ᠢᠷᠡᠵᠦ ᠨᠡᠪᠲᠡ ᠵᠢᠳᠠᠯᠠᠨ ᠮᠣᠷᠢᠨ ᠡᠴᠡ ᠤᠨᠠᠭᠠᠪᠠ᠃ ᠣᠷᠣᠰᠴᠤᠳ ᠷᠣᠮᠠᠨ ᠤ᠋ ᠦᠬᠦᠭᠰᠡᠨ ᠢ ᠦᠵᠡᠭᠡᠳ ᠴᠥᠮ ᠪᠠᠢᠯᠳᠤᠬᠤ ᠰᠡᠳᠬᠢᠯ ᠦᠭᠡᠢ ᠪᠦᠰᠡᠯᠡᠯᠲᠡ ᠶ᠋ᠢ ᠳᠠᠭᠠᠷᠢᠨ ᠬᠣᠲᠠ ᠤᠷᠤᠭᠤ ᠪᠠᠨ ᠳᠠᠪᠬᠢᠯᠳᠤᠬᠤᠢ ᠳ᠋ᠤᠷ ᠮᠣᠩᠭᠣᠯᠴᠤᠳ ᠬᠣᠯᠢᠯᠳᠤᠨ ᠰᠢᠭᠤᠳ ᠬᠣᠲᠠᠨ ᠳ᠋ᠤᠷ ᠣᠷᠣᠵᠤ ᠢᠷᠡᠪᠡ᠃ 
       ᠸᠱᠸᠹᠤᠯᠤᠳ᠋ ᠦᠵᠡᠲᠡᠯ᠎ᠡ ᠵᠠᠩᠵᠤᠨ ᠦᠬᠦᠵᠦ ᠴᠡᠷᠢᠭ ᠬᠣᠬᠢᠷᠠᠭᠠᠳ ᠬᠸᠯᠤᠮᠤᠨ᠎ᠡ ᠬᠣᠲᠠ ᠶ᠋ᠢ ᠨᠢᠭᠡᠨᠲᠡ ᠰᠠᠬᠢᠵᠤ ᠦᠯᠦ ᠴᠢᠳᠠᠬᠤ ᠲᠤᠯᠠ ᠪᠠᠷᠠᠭᠤᠨ ᠬᠠᠭᠠᠯᠭ᠎ᠠ ᠪᠠᠨ ᠨᠡᠭᠡᠭᠡᠨ ᠳᠤᠲᠠᠭᠠᠨ ᠭᠠᠷᠴᠤ ᠸᠯᠨᠳᠢᠮᠢᠷ ᠰᠦᠽᠳ᠋ᠯᠢᠰᠺ ᠲᠡᠭᠡᠨ ᠪᠤᠴᠠᠪᠠ᠃ 
       ᠬ᠌ᠸᠤᠷᠬᠢ ᠂ ᠸᠱᠸᠹᠤᠯᠤᠳ᠋ ᠤ᠋ᠨ ᠮᠡᠳᠡᠭᠦᠯᠦᠭᠰᠡᠨ ᠢ᠋ ᠰᠣᠨᠣᠰᠴᠤ ᠰᠠᠶᠢ ᠪᠠᠢᠳᠠᠯ ᠪᠤᠰᠤ ᠭᠡᠮᠡᠨ ᠮᠡᠳᠡᠵᠦ ᠶᠡᠬᠡᠳᠡ ᠰᠠᠨᠳᠤᠷᠴᠤ ᠠᠬᠠᠮᠠᠳ ᠬᠥᠪᠡᠭᠦᠨ ᠸᠱᠸᠹᠤᠯᠤᠳ᠋ ᠬᠢᠭᠡᠳ ᠳᠡᠳ᠋ ᠬᠥᠪᠡᠭᠦᠨ ᠮᠢᠴᠡᠰᠯᠤᠸᠸ  ᠢ᠋ᠶ᠋ᠠᠷ ᠨᠡᠢᠰᠯᠡᠯ ᠸᠯᠨᠳᠢᠮᠢᠷ ᠢ ᠰᠠᠬᠢᠭᠤᠯᠤᠨ ᠪᠠᠭ᠎ᠠ ᠬᠥᠪᠡᠭᠦᠨ ᠸᠯᠨᠳᠢᠮᠢᠷ ᠢ᠋ ᠮᠣᠰᠺᠸᠠ ᠶ᠋ᠢ ᠰᠠᠬᠢ ᠭᠡᠮᠡᠨ ᠬᠠᠪᠰᠤᠷᠬᠤ ᠵᠠᠩᠵᠤᠨ ᠪᠢᠯᠢᠫᠡᠹ ᠨᠢᠶᠨᠺ ᠢ᠋ ᠥᠭᠴᠦ ᠮᠣᠩᠭᠣᠯᠴᠤᠳ ᠠ᠋ᠴᠠ ᠡᠮᠦᠨ᠎ᠡ ᠠᠮᠵᠢᠵᠤ ᠬᠥᠷᠥᠭᠲᠦᠨ ᠭᠡᠮᠡᠨ ᠰᠢᠳᠠᠷ ᠴᠡᠷᠢᠭ ᠠᠷᠪᠠᠭᠠᠳ ᠠ᠋ᠴᠠ ᠥᠭᠡᠷ᠎ᠡ ᠴᠡᠷᠢᠭ ᠦᠭᠡᠢ ᠶᠠᠪᠤᠭᠤᠯᠪᠠ ᠃ ᠬᠦᠩ ᠦ᠋ᠨ ᠪᠡᠶ᠎ᠡ ᠢᠨᠤ ᠴᠡᠷᠢᠭ ᠭᠤᠶᠤᠷ᠎ᠠ ᠤᠳᠤᠮᠤᠢ ᠭᠡᠮᠡᠨ ᠭᠠᠵᠠᠷ ᠣᠷᠣᠨ ᠢ᠋ᠶ᠋ᠠᠨ ᠬᠡᠨ ᠳ᠋ᠦ᠍ᠷ ᠴᠦ᠍ ᠥᠭᠦᠯᠡᠭᠰᠡᠨ ᠦᠭᠡᠢ ᠴᠥᠭᠡᠨ ᠢᠲᠡᠭᠡᠮᠵᠢᠲᠡᠢ ᠡᠷᠡᠰ ᠢ᠋ ᠳᠠᠭᠠᠭᠤᠯᠤᠨ ᠡᠬᠡᠨᠡᠷ ᠥᠬᠢᠨ  ᠢ᠋ᠶ᠋ᠡᠨ ᠣᠷᠬᠢᠵᠤ ᠴᠠᠷᠭᠠᠨ ᠳ᠋ᠤᠷ ᠰᠠᠭᠤᠵᠤ ᠰᠠᠨᠳᠤ ᠮᠥᠨᠲᠦ ᠲᠠᠯᠲᠠᠷᠢᠪᠠᠢ᠃ 
       ᠥᠭᠦᠯᠡᠬᠦ ᠢᠨᠤ ᠭᠥᠯᠦᠭᠡᠨ ᠬᠠᠨ ᠪᠠᠷᠠᠭᠤᠨ ᠵᠢᠭᠦᠷ ᠦ᠋ᠨ ᠳᠤᠮᠳᠠ ᠵᠠᠮ ᠢ᠋ᠶ᠋ᠠᠷ ᠶᠠᠪᠤᠵᠤ ᠬᠡᠳᠦᠨ ᠡᠳᠦᠷ ᠦ᠋ᠨ ᠳᠠᠷᠠᠭ᠎ᠠ ᠮᠣᠰᠺᠸᠠ ᠬᠣᠲᠠ ᠳ᠋ᠤᠷ ᠬᠦᠷᠴᠦ ᠢᠷᠡᠪᠡᠢ᠃ ᠲᠡᠷᠡ ᠴᠠᠭ ᠮᠣᠰᠺᠸᠠ ᠪᠠᠭ᠎ᠠ ᠬᠣᠲᠠ ᠪᠠᠢᠭᠰᠠᠨ ᠲᠤᠯᠠ ᠭᠥᠯᠦᠭᠡᠨ ᠬᠠᠨ ᠳᠡᠮᠡᠢ ᠶᠡᠬᠡ ᠬᠡᠷᠡᠭ ᠪᠣᠯᠭᠠᠭᠰᠠᠨ ᠦᠭᠡᠢ ᠪᠠᠭᠤᠵᠤ ᠥᠭᠬᠦ ᠪᠠᠢᠬ᠎ᠠ ᠭᠡᠮᠡᠨ ᠴᠥᠭᠡᠨ ᠴᠡᠷᠢᠭ ᠢ᠋ᠶ᠋ᠡᠷ ᠰᠦᠷᠳᠡᠭᠦᠯᠵᠦ ᠪᠠᠢᠯᠳᠤᠪᠠ᠃ ᠲᠡᠳᠦᠢ ᠳ᠋ᠦ᠍ᠷ ᠣᠷᠣᠰ ᠤ᠋ᠨ ᠡᠵᠡᠨ ᠦ᠌ ᠪᠠᠭ᠎ᠠ ᠬᠥᠪᠡᠭᠦᠨ ᠸᠯᠨᠳᠢᠮᠢᠷ ᠤᠷᠢᠤᠴᠢᠯᠠᠨ ᠬᠦᠷᠴᠦ ᠢᠷᠡᠭᠡᠳ ᠬᠣᠲᠠ ᠰᠠᠬᠢᠬᠤ ᠪᠡᠯᠡᠳᠬᠡᠯ ᠬᠢᠵᠦ ᠠᠮᠵᠢᠭᠰᠠᠨ ᠲᠤᠯᠠ ᠬᠢᠯᠪᠠᠷᠬᠠᠨ ᠪᠠᠭᠤᠵᠤ ᠥᠭᠭᠦᠭᠰᠡᠨ ᠦᠭᠡᠢ᠃ ᠭᠥᠯᠦᠭᠡᠨ ᠬᠠᠨ ᠲᠦᠮᠡᠨ ᠦ᠌ ᠨᠣᠶᠠᠨ ᠢᠯᠡᠳᠪᠦ᠋ᠬᠡ ᠶ᠋ᠢᠨ ᠬᠣᠷᠢᠭᠯᠠᠬᠤ ᠶ᠋ᠢ ᠠᠪᠬᠤ ᠦᠭᠡᠢ᠃ ᠡᠢᠨ ᠪᠠᠭ᠎ᠠ ᠬᠣᠲᠠ ᠶ᠋ᠢ ᠠᠪᠬᠤᠢ ᠳ᠋ᠤᠷ ᠡᠳᠦᠷ ᠬᠣᠨᠣᠭ ᠪᠣᠯᠬᠤ ᠠᠨᠤ ᠶᠠᠭᠤᠨ ᠭᠡᠮᠡᠨ ᠵᠠᠩᠳᠤᠷᠴᠤ ᠪᠡᠶ᠎ᠡ ᠪᠡᠷ ᠵᠡᠪᠡ ᠴᠢᠯᠠᠭᠤᠨ ᠤ᠋ ᠳᠤᠮᠳᠠᠭᠤᠷ ᠰᠢᠷᠭᠤᠯᠤᠨ ᠶᠠᠪᠤᠵᠤ ᠠᠭᠠᠳ ᠰᠠᠮᠠᠭᠤᠨ ᠵᠡᠪᠡ ᠳ᠋ᠦ᠍ᠷ ᠣᠨᠣᠭᠳᠠᠵᠤ ᠵᠠᠪᠰᠢᠶᠠᠨ ᠪᠤᠰᠤ ᠪᠠᠷ ᠪᠡᠶ᠎ᠡ ᠦᠷᠡᠭᠳᠡᠪᠡᠢ᠃ ᠲᠦᠮᠡᠨ ᠦ᠌ ᠨᠣᠶᠠᠨ ᠢᠯᠡᠤᠠᠪᠥ᠋ᠬᠡ ᠪᠣᠭᠳᠠ ᠡᠵᠡᠨ ᠴᠢᠩᠭᠢᠰ ᠬᠠᠭᠠᠨ ᠤ᠋ ᠤᠳᠬᠤᠨ ᠬᠥᠪᠡᠭᠦᠨ ᠢ᠋ ᠬᠠᠮᠠᠭᠠᠯᠠᠵᠤ ᠡᠰᠡ ᠴᠢᠳᠠᠭᠰᠠᠨ ᠳ᠋ᠠᠭᠠᠨ ᠭᠡᠮᠰᠢᠵᠦ ᠥᠪᠡᠷ ᠦ᠋ᠨ ᠪᠡᠶ᠎ᠡ ᠪᠡᠷ ᠱᠠᠯᠠᠮᠠᠭᠠᠢᠯᠠᠨ ᠣᠷᠣᠵᠤ ᠮᠣᠰᠺᠸᠠ ᠬᠣᠲᠠ ᠶ᠋ᠢ ᠡᠵᠡᠯᠡᠨ ᠠᠪᠴᠤ ᠡᠰᠡᠷᠭᠦᠴᠡᠭᠰᠡᠨ ᠪᠦᠬᠦᠨ ᠢ ᠴᠥᠮ ᠬᠢᠳᠤᠵᠤ ᠬ᠌ᠸᠤᠷᠬᠢ ᠶᠡᠬᠡ ᠬᠦᠩ ᠦ᠋ᠨ ᠤᠳᠬᠤᠨ ᠬᠥᠪᠡᠭᠦᠨ ᠸᠯᠠᠲᠢᠮᠢᠷ ᠢ ᠬᠡᠷᠡᠭ ᠪᠣᠯᠭᠠᠨ ᠠᠮᠢᠳᠤ ᠪᠠᠷᠢᠵᠤ ᠪᠠᠲᠤ ᠬᠠᠨ ᠳ᠋ᠤᠷ ᠬᠦᠷᠭᠡᠪᠡ᠃ ᠡᠨᠡᠬᠦ ᠵᠠᠪᠰᠢᠶᠠᠨ ᠪᠤᠰᠤ ᠮᠡᠳᠡᠭᠡ ᠶ᠋ᠢ ᠣᠷᠣᠰ ᠤ᠋ᠨ ᠨᠡᠢᠰᠯᠡᠯ ᠸᠯᠠᠲᠢᠮᠢᠷ ᠵᠦᠭ ᠶᠠᠪᠤᠵᠤ ᠪᠠᠢᠭ᠎ᠠ ᠪᠠᠲᠤ ᠬᠠᠨ ᠲᠡᠷᠡ ᠳᠣᠣᠷ᠎ᠠ ᠪᠠᠨ ᠣᠯᠵᠤ ᠠᠪᠤᠭᠠᠳ ᠶᠡᠬᠡᠳᠡ ᠵᠣᠪᠠᠬᠤ ᠪᠥᠭᠡᠳ ᠬᠢᠯᠢᠩᠯᠡᠨ ᠠᠭᠤᠯᠠ ᠶ᠋ᠢᠨ ᠥᠨᠳᠥᠷ ᠲᠦ᠍ ᠭᠠᠷᠴᠤ ᠮᠠᠯᠠᠭᠠᠢ ᠪᠠᠨ ᠡᠷᠭᠦᠵᠦ ᠪᠦᠰᠡ ᠪᠡᠨ ᠴᠢᠩᠭᠠᠯᠠᠨ ᠨᠠᠷᠠᠨ ᠰᠠᠷᠠᠨ ᠲᠡᠭᠷᠢ ᠪᠤᠷᠬᠠᠨ ᠳ᠋ᠤᠷ ᠳᠠᠭᠠᠳᠬᠠᠨ ᠡᠳᠦᠷ ᠰᠥᠨᠢ ᠶ᠋ᠢ ᠥᠨᠵᠢᠭᠡᠳ ᠥᠰᠢᠶ᠎ᠡ ᠬᠣᠷᠣᠰᠤᠯ  ᠢ᠋ᠶ᠋ᠠᠨ ᠵᠠᠪᠠᠯ ᠠᠪᠰᠤᠭᠠᠢ ᠭᠡᠮᠡᠨ ᠭᠥᠯᠦᠭᠡᠨ ᠬᠠᠨ ᠤ᠋ ᠴᠢᠨᠳᠠᠷ ᠢ᠋ ᠬᠦᠨᠳᠦ ᠴᠡᠷᠢᠭ ᠢ᠋ᠶ᠋ᠡᠷ ᠰᠠᠬᠢᠭᠤᠯᠵᠤ ᠨᠡᠢᠰᠯᠡᠯ ᠬᠠᠷ᠎ᠠ ᠬᠣᠷᠢᠨ ᠳ᠋ᠤᠷ ᠡᠯᠴᠢ ᠶᠠᠪᠤᠭᠤᠯᠵᠤ ᠠᠢᠯᠠᠳᠬᠠᠪᠠ᠃ 
       ᠶᠡᠬᠡ ᠴᠡᠷᠢᠭ ᠲᠦᠷᠭᠡᠯᠡᠨ ᠶᠠᠪᠤᠵᠤ ᠸᠯᠠᠲᠢᠮᠢᠷ ᠰᠦᠽᠳ᠋ᠯᠢᠰᠺ ᠬᠣᠲᠠ ᠬᠦᠷᠴᠦ ᠣᠢᠷᠠᠲᠤᠵᠤ ᠪᠠᠭᠤᠳᠠᠯᠯᠠᠭᠠᠳ ᠶᠡᠬᠡ ᠬᠦᠩ ᠦ᠋ᠨ ᠬᠥᠪᠡᠭᠦᠨ ᠸᠯᠠᠲᠢᠮᠢᠷ ᠢ᠋ ᠬᠦᠯᠢᠶᠡᠰᠦ ᠲᠡᠢ ᠬᠣᠲᠠ ᠶ᠋ᠢᠨ ᠳᠣᠣᠷ᠎ᠠ ᠠᠪᠴᠤ ᠢᠷᠡᠭᠡᠳ ᠪᠠᠭᠤᠵᠤ ᠥᠭᠬᠦ ᠦᠭᠡᠢ ᠪᠥᠭᠡᠰᠦ ᠴᠠᠪᠴᠢᠮᠤᠢ ᠭᠡᠮᠡᠨ ᠰᠦᠷᠳᠡᠭᠦᠯᠪᠡᠰᠦ ᠡᠰᠡᠷᠭᠦᠦ ᠡᠴᠡ ᠵᠡᠪᠡ ᠴᠢᠯᠠᠭᠤ ᠶᠠᠪᠤᠭᠤᠯᠵᠤ ᠣᠭᠲᠣ ᠣᠢᠰᠢᠶᠠᠬᠤ ᠦᠭᠡᠢ᠃ ᠲᠡᠷᠡ ᠦᠶ᠎ᠡ ᠣᠯᠠᠨ ᠵᠠᠩᠵᠤᠨ ᠴᠡᠷᠢᠭ ᠴᠥᠮ ᠬᠠᠨᠴᠤᠢ ᠰᠢᠮᠠᠯᠠᠵᠤ ᠭᠥᠯᠦᠭᠡᠨ ᠬᠠᠨ ᠤ᠋ ᠥᠰᠢᠶ᠎ᠡ ᠶ᠋ᠢ ᠠᠪᠤᠮᠤᠢ ᠭᠡᠮᠡᠨ ᠭᠠᠷ ᠨᠤᠬᠤᠯᠠᠵᠤ ᠪᠠᠢᠭᠰᠠᠨ ᠲᠤᠯᠠ ᠨᠢᠭᠡᠨᠲᠡ ᠵᠠᠷᠯᠢᠭ ᠪᠠᠭᠤᠮᠠᠭᠴᠠ ᠤᠯᠠᠢᠨ ᠳᠠᠭᠠᠷᠢᠭᠰᠠᠨ ᠳ᠋ᠤᠷ ᠬᠣᠲᠠ ᠶ᠋ᠢ ᠰᠠᠬᠢᠬᠤ ᠭᠧᠤᠷᠬᠢ ᠬᠦᠩ ᠦ᠋ᠨ ᠠᠬᠠᠮᠠᠳ ᠬᠥᠪᠡᠭᠦᠨ ᠸᠱᠧᠹᠥᠯᠥᠳ᠋ ᠂ ᠮᠢᠴᠡᠰᠯᠥᠧᠧ ᠦᠬᠦᠨ ᠰᠠᠬᠢᠭᠰᠠᠨ ᠪᠣᠯᠪᠠᠴᠤ ᠮᠣᠩᠭᠣᠯ ᠤ᠋ᠨ ᠰᠢᠷᠦᠭᠦᠨ ᠳᠠᠭᠠᠷᠢᠯᠲᠠ ᠶ᠋ᠢ ᠨᠢᠴᠤᠭᠠᠵᠤ ᠴᠢᠳᠠᠭᠰᠠᠨ ᠦᠭᠡᠢ ᠭᠤᠷᠪᠠᠨ ᠡᠳᠦᠷ ᠲᠣᠷ ᠬᠣᠲᠠ ᠡᠵᠡᠯᠡᠭᠳᠡᠪᠡ᠃ ᠸᠠᠩ ᠤ᠋ᠨ ᠭᠤᠷᠪᠠᠨ ᠬᠥᠪᠡᠭᠦᠨ ᠴᠥᠮ ᠦᠬᠦᠭᠡᠳ ᠸᠠᠩ ᠤ᠋ᠨ ᠬᠠᠲᠤᠨ ᠣᠯᠠᠨ ᠪᠠᠶᠠᠳ ᠨᠣᠶᠠᠳ ᠤ᠋ᠨ ᠡᠬᠡᠨᠡᠷ ᠥᠬᠢᠳ ᠴᠥᠮ ᠠᠶᠤᠨ ᠰᠠᠨᠳᠤᠷᠴᠤ ᠶᠡᠬᠡ ᠰᠦᠮ᠎ᠡ ᠳ᠋ᠦ᠍ᠷ ᠣᠷᠣᠵᠤ ᠪᠤᠷᠬᠠᠨ ᠤ᠋ ᠬᠠᠮᠠᠭᠠᠯᠠᠯᠲᠠ ᠶ᠋ᠢ ᠣᠯᠬᠤ ᠠ᠋ᠴᠠ ᠥᠭᠡᠷ᠎ᠡ ᠠᠷᠭ᠎ᠠ ᠦᠭᠡᠢ ᠪᠣᠯᠵᠤᠬᠤᠢ᠃ ᠪᠠᠲᠤ ᠬᠠᠨ ᠵᠠᠷᠯᠢᠭ ᠥᠭᠴᠦ ᠭᠠᠷᠴᠤ ᠢᠷᠡᠭᠲᠦᠨ ᠬᠡᠮᠡᠪᠡᠰᠦ ᠡᠭᠦᠳᠡ ᠶ᠋ᠢ ᠰᠠᠬᠢᠬᠤ ᠯᠠᠮ᠎ᠠ ᠨᠠᠷ ᠵᠠᠷᠯᠢᠭ ᠤᠯᠠᠮᠵᠢᠯᠠᠬᠤ ᠬᠥᠮᠦᠰ ᠢ᠋ ᠰᠢᠳᠠᠮᠳᠠᠬᠤ ᠠᠯᠠᠭᠠᠳ ᠡᠭᠦᠳᠡ ᠪᠡᠨ ᠳᠠᠷᠤᠪᠠ᠃ ᠭᠠᠯ ᠲᠠᠯᠪᠢᠵᠤ ᠰᠦᠷᠳᠡᠭᠦᠯᠰᠦᠭᠡᠢ ᠭᠡᠮᠡᠨ ᠲᠠᠯᠪᠢᠭᠤᠯᠪᠠᠰᠤ ᠮᠥᠨ ᠭᠠᠷᠴᠤ ᠢᠷᠡᠭᠰᠡᠨ ᠦᠭᠡᠢ ᠴᠥᠮ ᠰᠢᠲᠠᠭᠳᠠᠪᠠ᠃ ᠡᠭᠦᠨᠴᠡ ᠣᠷᠣᠰ ᠤ᠋ᠨ ᠶᠡᠬᠡ ᠬᠣᠲᠠ ᠷᠶᠠᠽᠠᠨ ᠤ᠋ ᠳᠠᠷᠠᠭ᠎ᠠ ᠴᠥᠮ ᠮᠣᠩᠭᠣᠯ ᠤ᠋ᠨ ᠬᠡᠳᠦᠨ ᠵᠠᠮ ᠤ᠋ᠨ ᠴᠡᠷᠢᠭ ᠲᠦ᠍ ᠡᠵᠡᠯᠡᠭᠳᠡᠪᠡ᠃ ᠡᠭᠦᠨ ᠳ᠋ᠦ᠍ᠷ ᠭᠧᠯᠥᠮᠦᠨ᠎ᠠ ᠂ ᠸᠯᠠᠲᠢᠮᠢᠷ ᠂ ᠯᠢᠰᠲ᠋ᠣᠳ᠋  ᠶᠡᠷᠤᠰᠯᠸ ᠂ ᠽᠠᠷᠰᠺ ᠂ ᠲᠤᠤᠪᠸᠠ ᠂ ᠮᠣᠰᠺᠸᠠ ᠪᠠᠭᠲᠠᠮᠤᠢ᠃ 
       ᠲᠡᠳᠦᠢ ᠳ᠋ᠦ᠍ᠷ ᠂ ᠣᠷᠣᠰ ᠤ᠋ᠨ ᠶᠡᠬᠡ ᠬᠦᠩ ᠭᠧᠣᠯᠣᠭᠢ ᠭᠦᠨ ᠣᠢ ᠶ᠋ᠢᠨ ᠳᠠᠯᠳᠠ ᠢᠵᠢᠯ ᠮᠥᠷᠡᠨ ᠦ᠌ ᠡᠬᠢ ᠪᠡᠷ ᠢᠵᠢᠯ ᠮᠥᠷᠡᠨ ᠳ᠋ᠦ᠍ᠷ ᠴᠢᠳᠬᠤᠬᠤ ᠮᠤᠯᠤᠭ᠎ᠠ ᠭᠣᠣᠯ ᠪᠠ ᠮᠤᠯᠤᠭ᠎ᠠ ᠭᠣᠣᠯ ᠳ᠋ᠤᠷ ᠴᠢᠳᠬᠤᠬᠤ ᠰᠢᠲ ᠭᠣᠣᠯ ᠤ᠋ᠨ ᠠᠭᠤᠯᠵᠠᠷ ᠳᠠᠬᠢ ᠪᠤᠽᠸ ᠨ᠌ᠺᠠ ᠪᠠᠯᠭᠠᠰᠤᠨ ᠳ᠋ᠤᠷ ᠰᠠᠭᠤᠵᠤ ᠴᠡᠷᠢᠭ ᠮᠣᠷᠢ ᠡᠯᠰᠡᠵᠦ ᠲᠡᠭᠦᠨ ᠦ᠌ ᠬᠣᠶᠠᠷ ᠦᠶᠡᠯᠢᠳ ᠳᠡᠭᠦᠦ ᠶᠡᠯᠥᠧᠧᠰᠯᠥᠧᠧ ᠂ ᠰᠢᠤᠢᠶᠡᠲ᠋ᠦ᠋ᠧᠧᠢᠴ ᠨᠠᠷ ᠤ᠋ᠨ ᠲᠤᠰᠠᠯᠠᠬᠤ ᠴᠡᠷᠢᠭ ᠢ᠋ ᠬᠦᠯᠢᠶᠡᠵᠦ ᠰᠠᠭᠤᠪᠠᠢ᠃ 
       ᠲᠡᠳᠦᠢ ᠳ᠋ᠦ᠍ᠷ ᠡᠪᠦᠯ ᠥᠩᠭᠡᠷᠡᠵᠦ ᠨᠢᠭᠡᠨᠲᠡ ᠤᠷᠢᠨ ᠤ᠋ ᠴᠠᠭ ᠪᠣᠯᠵᠤ ᠴᠠᠰᠤ ᠮᠥᠰᠥ ᠬᠥᠨᠳᠡᠢᠷᠡᠵᠦ ᠭᠣᠣᠯ ᠮᠥᠷᠡᠨ ᠬᠠᠢᠯ ᠪᠠᠭᠤᠵᠤ ᠰᠢᠪᠠᠷ ᠱᠠᠯᠪᠠ ᠵᠠᠮ ᠮᠥᠷ ᠢ᠋ ᠬᠠᠯᠬᠠᠯᠠᠨ ᠰᠠᠭᠠᠳ ᠪᠣᠯᠬᠤ ᠶ᠋ᠢ ᠬᠡᠷᠡᠭ ᠪᠣᠯᠭᠠᠭᠰᠠᠨ ᠦᠭᠡᠢ᠃ ᠶᠡᠬᠡ ᠸᠠᠩ ᠭᠧᠦᠷᠬᠢ ᠶ᠋ᠢ ᠮᠥᠷᠳᠡᠵᠦ ᠪᠤᠽᠸ‍ᠨ᠍ᠺᠡ ᠪᠠᠯᠭᠠᠰᠤᠨ ᠳ᠋ᠤᠷ ᠬᠦᠷᠴᠦ ᠢᠷᠡᠪᠡ ᠃ 
       ᠶᠡᠬᠡ ᠬᠦᠩ ᠭᠧᠦᠷᠭᠢ ᠮᠣᠩᠭᠣᠯᠴᠤᠳ ᠢ᠋ ᠡᠨᠳᠡ ᠢᠷᠡᠮᠦᠢ ᠭᠡᠮᠡᠨ ᠵᠡᠭᠦᠳᠦᠨ ᠳ᠋ᠦ᠍ᠷ ᠴᠦ᠍ ᠦᠭᠡᠢ ᠪᠠᠢᠭᠰᠠᠨ ᠠ᠋ᠴᠠ ᠵᠠᠢᠯᠠᠵᠤ ᠵᠠᠪᠳᠤᠭᠰᠠᠨ ᠦᠭᠡᠢ ᠢᠭᠴᠠ ᠪᠦᠰᠡᠯᠡᠭᠳᠡᠪᠡ᠃ ᠭᠠᠷᠬᠤ ᠵᠠᠮ ᠦᠭᠡᠢ ᠲᠤᠯᠠ ᠪᠠᠢᠯᠳᠤᠬᠤ ᠪᠠᠷ ᠰᠢᠢᠳᠴᠦ ᠣᠯᠠᠨ  ᠢ᠋ᠶ᠋ᠠᠨ ᠳᠠᠭᠠᠭᠤᠯᠤᠨ ᠪᠤᠽᠸ‍ᠨ᠍ᠺᠡ ᠪᠠᠯᠭᠠᠰᠤᠨ ᠤ᠋ ᠶᠡᠬᠡ ᠬᠠᠭᠠᠯᠭ᠎ᠠ ᠶ᠋ᠢ ᠴᠢᠨᠡᠭᠡ ᠪᠡᠷ ᠨᠡᠭᠡᠭᠡᠵᠦ ᠭᠠᠷᠴᠤ ᠢᠷᠡᠬᠦᠢ ᠳ᠋ᠦ᠍ᠷ ᠲᠣᠬᠢᠶᠠᠯᠳᠤᠭᠰᠠᠨ ᠮᠣᠩᠭᠣᠯ ᠴᠡᠷᠢᠭ ᠴᠥᠮ ᠰᠠᠷᠨᠢᠨ ᠳᠤᠲᠠᠭᠠᠮᠤᠢ ᠃ ᠶᠡᠬᠡ ᠬᠦᠩ ᠭᠧᠦᠷᠭᠢ ᠮᠠᠰᠢ ᠭᠠᠢᠬᠠᠵᠤ ᠨᠡᠬᠡᠬᠦ ᠪᠤᠶᠤ ᠪᠤᠴᠠᠬᠤ ᠪᠤᠶᠤ ᠭᠡᠮᠡᠨ ᠪᠣᠳᠣᠵᠤ ᠪᠦᠬᠦᠢ ᠳ᠋ᠦ᠍ᠷ ᠮᠣᠩᠭᠣᠯᠴᠤᠳ ᠪᠠᠰᠠᠬᠦ ᠲᠡᠷᠡ ᠪᠠᠷᠠᠭᠤᠨ ᠢ᠋ ᠵᠢᠭᠠᠨ ᠵᠡᠭᠦᠨ ᠢ᠋ ᠪᠠᠢᠯᠳᠤᠬᠤ ᠠᠷᠭ᠎ᠠ ᠬᠡᠷᠡᠭᠯᠡᠵᠦ ᠂ ᠪᠠᠷᠠᠭᠤᠨ ᠬᠠᠭᠠᠯᠭ᠎ᠠ ᠶ᠋ᠢ ᠡᠪᠳᠡᠵᠦ ᠣᠷᠣᠵᠤ ᠢᠷᠡᠭᠡᠳ ᠬᠧᠤᠷᠬᠢ ᠶ᠋ᠢᠨ ᠠᠷᠤ ᠠ᠋ᠴᠠ ᠠᠯᠠᠵᠤ ᠢᠷᠡᠮᠦᠢ ᠃ ᠭᠧᠦᠷᠭᠢ ᠶᠡᠬᠡ ᠬᠦᠩ ᠪᠤᠴᠠᠬᠤ ᠭᠠᠵᠠᠷ ᠦᠭᠡᠢ ᠪᠣᠯᠤᠭᠰᠠᠨ ᠲᠤᠯᠠ ᠳᠡᠷᠭᠡᠳᠡ ᠪᠠᠢᠬᠤ ᠨᠢᠭᠡᠨ ᠬᠤᠳᠳᠤᠭ ᠤ᠋ᠨ ᠬᠠᠰᠢᠶ᠎ᠠ ᠶ᠋ᠢ ᠲᠦᠰᠢᠭᠯᠡᠨ ᠣᠢᠷᠠᠲᠤᠵᠤ ᠢᠷᠡᠭᠰᠡᠨ ᠮᠣᠩᠭᠣᠯ ᠲᠠᠢ ᠦᠬᠦᠨ ᠪᠠᠢᠯᠳᠤᠵᠤ ᠠᠭᠠᠳ ᠰᠠᠮᠠᠭᠤᠨ ᠴᠡᠷᠢᠭ ᠲᠦ᠍ᠷ ᠠᠯᠠᠭᠳᠠᠪᠠ᠃ ᠲᠡᠭᠦᠨ ᠦ᠌ ᠣᠯᠠᠩᠬᠢ ᠴᠡᠷᠢᠭ ᠠᠨᠤ ᠴᠥᠮ ᠬᠢᠳᠤᠭᠳᠠᠵᠤ ᠴᠥᠭᠡᠨ ᠬᠥᠮᠦᠰ ᠢᠨᠤ ᠭᠦᠨ ᠣᠢ ᠳ᠋ᠤᠷ ᠰᠢᠷᠭᠤᠵᠤ ᠠᠮᠢ ᠭᠠᠷᠴᠠᠢ᠃ 
       ᠪᠠᠲᠤ ᠬᠠᠨ ᠭᠧᠦᠷᠭᠢ ᠬᠦᠩ ᠢ ᠠᠯᠠᠵᠤ ᠣᠷᠣᠰ ᠢ᠋ ᠡᠵᠡᠨ ᠦᠭᠡᠢ ᠪᠣᠯᠭᠠᠵᠤ ᠲᠠᠯᠪᠢᠭᠠᠳ ᠲᠡᠨᠳᠡ ᠡᠴᠡ ᠨᠣᠪᠭᠤᠷᠳ᠋ ᠬᠢᠭᠡᠳ ᠹᠠᠯᠲ ᠤ᠋ᠨ ᠲᠠᠩᠭᠢᠰ ᠢ᠋ ᠴᠢᠭᠯᠡᠨ ᠶᠠᠪᠤᠬᠤᠢ ᠳ᠋ᠤᠷ ᠶᠡᠬᠡ ᠲᠡᠪᠡᠭᠡ ᠬᠥᠳᠡᠯᠵᠦ ᠰᠢᠪᠠᠷ ᠤᠰᠤ ᠨᠡᠩ ᠶᠡᠬᠡ ᠪᠣᠯᠤᠭᠰᠠᠨ ᠲᠤᠯᠠ ᠨᠣᠪᠭᠤᠷᠳ᠋ ᠣᠢᠷᠠᠲᠤᠭᠠᠳ ᠵᠢᠯᠣᠭᠣ ᠪᠠᠨ ᠭᠡᠳᠡᠷᠭᠡᠨ ᠲᠠᠲᠠᠵᠤ ᠳ᠋ᠠᠷᠪᠡᠨ ᠦ᠌ ᠣᠢᠷ᠎ᠠ ᠬᠠᠪᠢ ᠶ᠋ᠢ ᠪᠠᠢᠯᠳᠤᠵᠤ ᠡᠵᠡᠯᠡᠭᠡᠳ ᠳ᠋ᠤᠨ ᠮᠥᠷᠡᠨ ᠦ᠌ ᠤᠷᠤᠰᠬᠠᠯ ᠳᠠᠭᠠᠤ ᠲᠠᠯ᠎ᠠ ᠨᠤᠲᠤᠭ ᠲᠤᠷ ᠬᠦᠷᠴᠦ ᠵᠤᠨᠵᠢᠵᠤᠬᠤᠢ᠃ 
       ᠲᠡᠷᠡ ᠵᠤᠨ ᠣᠷᠣᠰ ᠨᠤᠲᠤᠭ ᠢ᠋ ᠶᠡᠬᠡᠳᠡ ᠳᠡᠢᠯᠦᠭᠰᠡᠨ ᠶᠣᠰᠣ ᠪᠠᠷ ᠠᠯᠲᠠᠨ ᠣᠷᠳᠣᠨ ᠢ᠋ ᠪᠠᠷᠢᠵᠤ ᠢᠯᠠᠯᠲᠠ ᠪᠠᠨ ᠪᠡᠯᠭᠡᠯᠡᠨ ᠶᠡᠬᠡ ᠨᠠᠢᠷ ᠵᠠᠷᠯᠠᠵᠤ ᠬᠥᠮᠦᠨ ᠪᠦᠷᠢ ᠶ᠋ᠢᠨ ᠭᠠᠪᠢᠶ᠎ᠠ ᠵᠢᠳᠬᠦᠯ ᠢ᠋ ᠦᠵᠡᠵᠦ ᠱᠠᠩ ᠬᠡᠰᠢᠭ ᠬᠦᠷᠲᠡᠭᠡᠨ ᠪᠠᠶᠠᠷ ᠪᠠᠶᠠᠰᠬᠤᠯᠠᠩ ᠲᠠᠢ ᠪᠠᠢᠬᠤ ᠶ᠋ᠢ ᠣᠷᠬᠢᠵᠤ ᠥᠭᠦᠯᠡᠬᠦ ᠢᠨᠤ ᠬᠥᠶᠦᠭ ᠪᠦᠷᠢ ᠵᠡᠷᠭᠡ ᠬᠠᠳ ᠨᠠᠷ ᠪᠤᠴᠠᠬᠤ ᠪᠣᠯᠤᠭᠰᠠᠨ ᠲᠤᠯᠠ ᠪᠠᠲᠤ ᠬᠠᠨ ᠠᠯᠲᠠᠨ ᠣᠷᠳᠣᠨ ᠳ᠋ᠤᠷ ᠦᠳᠡᠯᠭᠡ ᠶ᠋ᠢᠨ ᠶᠡᠬᠡ ᠬᠤᠷᠢᠮ ᠪᠡᠯᠡᠳᠬᠡᠵᠦ ᠬᠤᠷᠢᠮᠯᠠᠬᠤᠢ ᠳ᠋ᠤᠷ ᠬᠥᠶᠦᠭ ᠬᠠᠨ ᠂ ᠪᠦᠷᠢ ᠂ ᠠᠷᠭᠠᠰᠤᠨ ᠨᠠᠷ ᠲᠠᠢ ᠤᠷᠢᠳᠠ ᠡᠳᠦᠷ ᠰᠠᠷᠬᠤᠳ ᠶᠡᠬᠡ ᠤᠤᠭᠤᠭᠰᠠᠨ ᠲᠤᠯᠠ ᠬᠤᠷᠢᠮ ᠳ᠋ᠤᠷ ᠰᠣᠭᠲᠣᠭᠤ ᠢᠷᠡᠯᠴᠡᠨ ᠬᠤᠷᠢᠮᠯᠠᠬᠤᠢ ᠳ᠋ᠤᠷ ᠳᠠᠬᠠᠢᠳᠠᠮᠤᠷ ᠲᠡᠷᠡᠴᠡ ᠬᠠᠷ᠎ᠠ ᠨᠠᠷ ᠤ᠋ᠨ ᠤᠴᠢᠷ ᠪᠠ ᠠᠷᠭᠠᠰᠤᠨ ᠤ᠋ ᠰᠢᠳᠠᠷ ᠡᠷ᠎ᠡ ᠶ᠋ᠢ ᠴᠠᠪᠴᠢᠵᠤ ᠠᠷᠭᠠᠰᠤᠨ ᠢ ᠲᠠᠰᠢᠭᠤᠷᠳᠠᠵᠤ ᠬᠠᠰᠢᠷᠠᠭᠤᠯᠤᠭᠰᠠᠨ ᠵᠡᠷᠭᠡ ᠶᠠᠪᠤᠳᠠᠯ ᠳ᠋ᠤᠷ ᠰᠡᠪ ᠰᠠᠨᠠᠵᠤ ᠠᠭᠠᠳ ᠡᠨᠡ ᠡᠳᠦᠷ ᠦ᠋ᠨ ᠦᠳᠡᠯᠭᠡ ᠶ᠋ᠢᠨ ᠬᠤᠷᠢᠮ ᠠ᠋ᠴᠠ ᠦ ᠡᠷᠢᠵᠦ ᠪᠠᠲᠤ ᠬᠠᠨ ᠢ᠋  《ᠰᠠᠴᠠᠭᠤᠨ ᠪᠥᠭᠡᠲᠡᠯ᠎ᠡ ᠣᠯᠠᠨ ᠡᠴᠡ ᠤᠷᠢᠳ ᠬᠤᠷᠢᠮ ᠤ᠋ᠨ ᠳᠡᠭᠡᠵᠢ ᠶ᠋ᠢ ᠤᠤᠭᠤᠪᠠ 》 ᠭᠡᠮᠡᠨ ᠠᠭᠤᠷᠯᠠᠨ ᠬᠤᠷᠢᠮ ᠳ᠋ᠤᠷ ᠰᠠᠭᠤᠭᠰᠠᠨ ᠦᠭᠡᠢ ᠪᠡᠷ ᠮᠣᠷᠳᠠᠵᠤ᠂ ᠮᠣᠷᠳᠠᠬᠤ ᠳ᠋ᠠᠭᠠᠨ ᠪᠠᠰᠠ ᠠᠮᠠᠨ ᠳᠦᠭᠦᠷᠡᠩ ᠬᠠᠷᠢᠶᠠᠯ ᠲᠠᠯᠪᠢᠭᠰᠠᠨ ᠢ᠋ ᠪᠠᠲᠤ ᠬᠠᠨ ᠰᠣᠨᠣᠰᠤᠭᠠᠳ ᠮᠠᠰᠢ ᠬᠢᠯᠢᠩᠲᠡᠢ ᠪᠣᠯᠪᠠᠴᠤ ᠣᠳᠣ ᠪᠠᠷ ᠪᠤᠴᠠᠬᠤ ᠬᠥᠮᠦᠰ ᠲᠤᠯᠠ ᠨᠢᠭᠤᠷ ᠢ ᠪᠣᠳᠣᠵᠤ ᠦᠯᠦ ᠮᠡᠳᠡᠭᠳᠡᠮ᠎ᠡ ᠥᠩᠭᠡᠷᠡᠪᠡ᠃ ᠦᠳᠡᠯᠭᠡ ᠶ᠋ᠢᠨ ᠬᠤᠷᠢᠮ ᠡᠨᠡ ᠮᠡᠲᠦ ᠠᠶ᠎ᠠ ᠦᠭᠡᠢ ᠲᠠᠷᠬᠠᠵᠤᠬᠤᠢ᠃ 
       ᠬᠤᠷᠢᠮ ᠤ᠋ᠨ ᠳᠠᠷᠠᠭ᠎ᠠ ᠪᠠᠲᠤ ᠬᠠᠨ ᠡᠨᠡᠬᠦ ᠶᠠᠪᠤᠳᠠᠯ ᠢ ᠥᠷᠲᠡᠭᠡ ᠪᠡᠷ ᠳᠠᠮᠵᠢᠭᠤᠯᠤᠨ ᠥᠭᠡᠳᠡᠢ ᠬᠠᠨ ᠳ᠋ᠤᠷ ᠠᠢᠯᠠᠤᠳᠬᠠᠭᠰᠠᠨ ᠠᠵᠤᠭᠤ᠃ ᠲᠢ᠌ᠨ ᠬᠦ᠌ ᠲᠡᠷᠡ ᠡᠳᠦᠷ ᠥᠭᠡᠳᠡᠢ ᠬᠠᠭᠠᠨ ᠣᠷᠳᠣᠨ ᠤ᠋ ᠡᠵᠡᠨ ᠲᠦᠰᠢᠮᠡᠳ ᠦ᠋ᠨ ᠬᠤᠷᠢᠮ ᠠ᠋ᠴᠠ ᠤᠨᠲᠤᠭᠤᠲᠠᠢ ᠪᠠᠭᠤᠭᠰᠠᠨ ᠤᠴᠢᠷ ᠡᠢᠮᠦ ᠠᠵᠤᠭᠤ᠃ 
       ᠬᠣᠵᠢᠮ ᠤ᠋ᠨ ᠶᠠᠪᠤᠳᠠᠯ ᠶᠠᠮᠠᠷ ᠪᠣᠯᠬᠤ  ᠶ᠋ᠢ ᠮᠡᠳᠡᠰᠦᠭᠡᠢ ᠬᠡᠮᠡᠪᠡᠰᠦ ᠳᠣᠣᠷᠠᠲᠤ ᠪᠦᠯᠦᠭ ᠲᠣᠷ ᠦᠵᠡᠲᠦᠭᠡᠢ᠃ 

              ᠰᠤᠯᠠ ᠰᠢᠯᠦᠭ 

      ᠪᠣᠳᠣᠯᠭ᠎ᠠ ᠦᠭᠡᠢ ᠷᠶᠠᠽᠠᠨ ᠸᠠᠩ ᠪᠣᠯᠤᠮᠵᠢ ᠦᠭᠡᠢ ᠦᠭᠡᠨ ᠳ᠋ᠦ᠍ᠷ ᠣᠷᠣᠵᠤ 
          ᠨᠢᠴᠦᠭᠦᠨ ᠴᠡᠷᠢᠭ  ᠢ᠋ᠶ᠋ᠡᠨ ᠬᠢᠳᠤᠭᠤᠯᠤᠭᠰᠠᠨ ᠠᠨᠤ ᠬᠥᠭᠡᠷᠦᠬᠦᠢ 
      ᠪᠣᠭᠳᠠ ᠡᠵᠡᠨ ᠦ᠌ ᠣᠳᠬᠣᠨ ᠬᠥᠪᠡᠭᠦᠨ ᠭᠥᠯᠦᠭᠡᠨ ᠬᠠᠨ ᠪᠣᠯᠭᠣᠮᠵᠢ ᠦᠭᠡᠢ ᠳ᠋ᠡᠭᠡᠨ 
          ᠪᠠᠭ᠎ᠠ ᠬᠣᠲᠠ ᠮᠣᠰᠺᠸᠠ ᠳ᠋ᠤᠷ ᠦᠬᠦᠭᠰᠡᠨ ᠢᠨᠤ ᠬᠠᠢᠷᠠᠬᠠᠨ 
      ᠪᠤᠬᠢᠨᠢᠳᠤᠭᠰᠠᠨ ᠸᠠᠳᠢᠮ ᠺᠥᠹᠠ ᠵᠠᠩᠵᠤᠨ ᠥᠷᠥᠰᠢᠶᠡᠯ ᠵᠢᠷᠤᠮ ᠳ᠋ᠤᠷ ᠪᠣᠭᠣᠭᠳᠠᠵᠤ ᠦᠬᠦᠬᠦ 
          ᠠᠶᠤᠯ ᠠ᠋ᠴᠠ ᠵᠠᠢᠯᠠᠭᠰᠠᠨ ᠦᠭᠡᠢ ᠢᠨᠦ ᠳᠠᠭᠤᠷᠢᠶᠠᠰᠢᠲᠠᠢ 
      ᠪᠤᠶᠠᠨ ᠬᠡᠰᠢᠭ ᠪᠦᠷᠢᠳᠦᠭᠰᠡᠨ ᠪᠠᠲᠤ ᠬᠠᠨ ᠪᠠᠭᠠᠲᠤᠷ ᠬᠠᠳ ᠨᠣᠶᠠᠳ ᠤ᠋ᠨ ᠬᠠᠮᠲᠤ 
          ᠬᠠᠷᠢ ᠶ᠋ᠢᠨ ᠢᠷᠭᠡᠳ ᠢ᠋ ᠡᠩᠬᠡᠵᠢᠭᠦᠯᠦᠭᠰᠡᠨ ᠢᠨᠤ ᠪᠢᠰᠢᠷᠡᠯᠲᠡᠢ᠃