ᠬᠥᠬᠡ ᠵᠤᠯᠠ – ᠪᠣᠷᠵᠢᠭᠢᠨ ᠸᠠᠩᠵᠠᠯ - < ᠠᠷᠪᠠᠨ ᠨᠢᠭᠡ ᠂ ᠤᠯᠠᠭᠠᠨ ᠢᠳᠡᠭᠡᠨ ᠦ ᠪᠦᠯᠦᠭ 2 > Хөх зул – Боржигон Ванжал –" Арван нэг ᠂ Улаан идээний бүлэг 2 " ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠠᠷᠪᠠᠨ ᠨᠢᠭᠡ ᠂ ᠤᠯᠠᠭᠠᠨ ᠢᠳᠡᠭᠡᠨ ᠦ ᠪᠦᠯᠦᠭ 2 > Хөх зул – Боржигон Ванжал –" Арван нэг ᠂ Улаан идээний бүлэг 2 "

ᠬᠥᠬᠡ ᠵᠤᠯᠠ – ᠪᠣᠷᠵᠢᠭᠢᠨ ᠸᠠᠩᠵᠠᠯ - < ᠠᠷᠪᠠᠨ ᠨᠢᠭᠡ ᠂ ᠤᠯᠠᠭᠠᠨ ᠢᠳᠡᠭᠡᠨ ᠦ ᠪᠦᠯᠦᠭ 2 > Хөх зул – Боржигон Ванжал –" Арван нэг ᠂ Улаан идээний бүлэг 2 "

ᠠᠩᠭᠢᠯᠠᠯ:ᠵᠠᠩ ᠦᠢᠯᠡ
2024-01-09

340

ᠠᠷᠪᠠᠨ ᠨᠢᠭᠡ ᠂ ᠤᠯᠠᠭᠠᠨ ᠢᠳᠡᠭᠡᠨ ᠦ ᠪᠦᠯᠦᠭ - 2


ᠬᠣᠷᠢᠨ ᠨᠢᠭᠡᠨ ᠤᠪ ᠤ᠋ᠨ ᠵᠦᠢᠯ   
       ᠬᠣᠷᠢᠨ ᠨᠢᠭᠡᠨ ᠵᠦᠢᠯ ᠦ᠋ᠨ ᠮᠢᠬ᠎ᠠ ᠶ᠋ᠢ ᠴᠡᠭᠡᠷᠯᠡᠬᠦ ᠶᠣᠰᠣᠨ ᠢ᠋ ᠬᠣᠷᠢᠨ ᠨᠢᠭᠡᠨ ᠤᠪ ᠭᠡᠳᠡᠭ ᠃ ᠮᠣᠩᠭᠣᠯᠴᠤᠳ ᠡᠷᠲᠡ ᠢᠵᠠᠭᠤᠷ ᠡᠴᠡ ᠪᠡᠨ ᠰᠢᠭᠦᠰᠦ ᠳᠠᠪᠠᠠᠯᠠᠬᠤ ᠳ᠋ᠤ᠌ ᠠᠮᠢᠳᠤᠷᠠᠯ ᠳ᠋ᠤ᠌ ᠲᠣᠬᠢᠶᠠᠯᠳᠤᠭᠰᠠᠨ ᠪᠡᠯᠭᠡ ᠳᠡᠮᠪᠡᠷᠡᠯ ᠢ᠋ ᠦᠨᠳᠦᠰᠦᠯᠡᠨ ᠬᠣᠷᠢᠨ ᠨᠢᠭᠡᠨ ᠤᠪ ᠢ ᠲᠠᠪᠠᠭ ᠲᠠᠪᠰᠢ ᠳ᠋ᠤ᠌ ᠣᠷᠣᠭᠤᠯᠳᠠᠭ ᠦᠭᠡᠢ ᠪᠢᠯᠡ᠃ 
ᠲᠦᠭᠰᠢᠭᠦᠷᠢ ᠢᠳᠡᠵᠦ ᠪᠣᠯᠬᠤ ᠦᠭᠡᠢ    ᠮᠣᠷᠢ ᠲᠦᠭᠰᠢᠨ᠎ᠡ ᠭᠡᠳᠡᠭ᠃ 
ᠪᠦᠳᠦᠷᠬᠡᠢ ᠢᠳᠡᠵᠦ ᠪᠣᠯᠬᠤ ᠦᠭᠡᠢ    ᠮᠣᠷᠢ ᠪᠦᠳᠦᠷᠢᠨ᠎ᠡ ᠭᠡᠳᠡᠭ᠃ 
ᠭᠡᠳᠡᠰᠦᠨ ᠵᠠᠩᠭᠢᠯᠠᠭ᠎ᠠ ᠢᠳᠡᠵᠦ ᠪᠣᠯᠬᠤ ᠦᠭᠡᠢ    ᠮᠣᠷᠢ ᠵᠠᠩᠭᠢᠷᠠᠨ᠎ᠠ ᠭᠡᠳᠡᠭ᠃ 
ᠰᠠᠮᠠᠯᠳᠠᠭ ᠢᠳᠡᠵᠦ ᠪᠣᠯᠬᠤ ᠦᠭᠡᠢ    ᠮᠣᠷᠢ ᠳᠣᠷᠭᠢᠨ᠎ᠠ ᠭᠡᠳᠡᠭ᠃ 
ᠭᠣᠳᠣᠩ ᠢᠳᠡᠵᠦ ᠪᠣᠯᠬᠤ ᠦᠭᠡᠢ    ᠮᠣᠷᠢ ᠪᠤᠯᠭᠢᠨ᠎ᠠ ᠭᠡᠳᠡᠭ᠃ 
ᠣᠯᠣᠭᠠᠢ ᠢᠳᠡᠵᠦ ᠪᠣᠯᠬᠤ ᠦᠭᠡᠢ    ᠣᠯᠳᠣᠢ ᠪᠣᠯᠤᠨ᠎ᠠ ᠭᠡᠳᠡᠭ᠃ 
ᠠᠮᠠᠰᠠᠷ ᠢᠳᠡᠵᠦ ᠪᠣᠯᠬᠤ ᠦᠭᠡᠢ    ᠠᠮᠠᠨᠴᠢᠷ ᠪᠣᠯᠤᠨ᠎ᠠ ᠭᠡᠳᠡᠭ᠃ 
ᠨᠣᠢᠷ ᠢᠳᠡᠵᠦ ᠪᠣᠯᠬᠤ ᠦᠭᠡᠢ    ᠤᠨᠲᠠᠩᠬᠠᠢ ᠪᠣᠯᠤᠨ᠎ᠠ ᠭᠡᠳᠡᠭ᠃ 
ᠰᠢᠯᠢ ᠢᠳᠡᠵᠦ ᠪᠣᠯᠬᠤ ᠦᠭᠡᠢ    ᠬᠤᠯᠠᠭᠠᠢᠴᠢ ᠪᠣᠯᠤᠨ᠎ᠠ ᠭᠡᠳᠡᠭ᠃ 
ᠨᠤᠭᠤᠰᠤ ᠢᠳᠡᠵᠦ ᠪᠣᠯᠬᠤ ᠦᠭᠡᠢ     ᠵᠣᠷᠢᠭ ᠦᠭᠡᠢ ᠪᠣᠯᠤᠨ᠎ᠠ ᠭᠡᠳᠡᠭ᠃ 
ᠲᠡᠨᠡᠭ ᠲᠦᠷᠦᠭᠦᠦ ᠢᠳᠡᠵᠦ ᠪᠣᠯᠬᠤ ᠦᠭᠡᠢ    ᠡᠷᠭᠢᠭᠦᠦ ᠲᠡᠨᠡᠭ ᠪᠣᠯᠤᠨ᠎ᠠ ᠭᠡᠳᠡᠭ᠃ 
ᠲᠠᠷᠢᠬᠢ ᠢᠳᠡᠵᠦ ᠪᠣᠯᠬᠤ ᠦᠭᠡᠢ    ᠨᠢᠰᠤᠬᠠᠢ ᠪᠣᠯᠤᠨ᠎ᠠ ᠭᠡᠳᠡᠭ᠃ 
ᠳᠡᠯᠢᠭᠦᠦ ᠢᠳᠡᠵᠦ ᠪᠣᠯᠬᠤ ᠦᠭᠡᠢ    ᠬᠥᠬᠡ ᠴᠢᠷᠠᠢᠲᠠᠢ ᠪᠣᠯᠤᠨ᠎ᠠ ᠭᠡᠳᠡᠭ᠃ 
ᠪᠤᠯᠴᠢᠷᠬᠠᠢ ᠢᠳᠡᠵᠦ ᠪᠣᠯᠬᠤ ᠦᠭᠡᠢ    ᠪᠤᠵᠠᠷ ᠪᠣᠯᠤᠨ᠎ᠠ ᠭᠡᠳᠡᠭ᠃ 
ᠥᠨᠥᠴᠢᠨ ᠡᠯᠢᠭᠡ ᠢᠳᠡᠵᠦ ᠪᠣᠯᠬᠤ ᠦᠭᠡᠢ  
       ᠥᠨᠥᠴᠢᠨ ᠥᠷᠥᠭᠡᠰᠦᠨ ᠢ᠋ ᠳᠣᠷᠣᠮᠵᠢᠯᠠᠭᠰᠠᠨ ᠪᠣᠯᠤᠨ᠎ᠠ ᠭᠡᠳᠡᠭ᠃ ᠮᠥᠨ ᠥᠨᠥᠴᠢᠨ ᠬᠥᠮᠦᠨ ᠢᠳᠡᠪᠡᠯ ᠥᠪᠡᠷ ᠢ᠋   ᠪᠡᠨ ᠬᠥᠨᠥᠭᠡᠭᠰᠡᠨ ᠪᠣᠯᠤᠨ᠎ᠠ ᠭᠡᠳᠡᠭ᠃ 
ᠪᠣᠭᠣᠨᠢ ᠬᠠᠪᠢᠷᠭ᠎ᠠ ᠢᠳᠡᠵᠦ ᠪᠣᠯᠬᠤ ᠦᠭᠡᠢ 
       ᠬᠥᠮᠦᠨ ᠦ᠌ ᠭᠠᠭᠴᠠ ᠬᠦᠦ ᠶ᠋ᠢ ᠬᠥᠨᠥᠭᠡᠭᠰᠡᠨ ᠳ᠋ᠦ᠍ ᠣᠷᠣᠨ᠎ᠠ᠃ ᠬᠥᠮᠦᠨ ᠦ᠌ ᠭᠠᠭᠴᠠ ᠬᠦᠦ ᠢᠳᠡᠪᠡᠯ ᠭᠠᠢ ᠭᠠᠮᠰᠢᠭ ᠲᠤ᠌ ᠲᠣᠬᠢᠶᠠᠯᠳᠤᠨ᠎ᠠ ᠭᠡᠳᠡᠭ ᠃ ᠡᠢᠨ ᠬᠦ᠌ ᠭᠠᠯ ᠳ᠋ᠤ᠌ ᠡᠷᠭᠦᠪᠡᠯ ᠰᠠᠢᠨ ᠭᠡᠳᠡᠭ᠃ 
ᠬᠠᠷᠢᠲᠤ ᠴᠢᠮᠥᠭᠡ ᠶ᠋ᠢ ᠳᠠᠩ ᠢ᠋ᠶ᠋ᠠᠷ ᠵᠣᠴᠢᠨ ᠳ᠋ᠤ᠌ ᠢᠳᠡᠭᠦᠯᠵᠦ ᠪᠣᠯᠬᠤ ᠦᠭᠡᠢ 
       ᠬᠠᠷᠢᠶᠠᠭᠰᠠᠨ ᠳ᠋ᠤ᠌ ᠲᠣᠭᠠᠴᠠᠭᠳᠠᠨ᠎ᠠ᠃ 《ᠬᠠᠷᠢᠭᠤ ᠦᠭᠡᠢ ᠬᠥᠮᠦᠨ ᠳ᠋ᠦ᠍ ᠬᠠᠷᠢᠲᠤ ᠴᠢᠮᠥᠭᠡ 》ᠭᠡᠳᠡᠭ᠃ ᠬᠠᠭᠠᠨ ᠤ᠋ ᠬᠤᠶᠠᠭ ᠢᠳᠡᠵᠦ ᠪᠣᠯᠬᠤ ᠦᠭᠡᠢ᠂ ᠬᠠᠷᠢᠲᠠᠨ ᠳᠠᠢᠰᠤᠨ ᠳ᠋ᠤ᠌ ᠬᠣᠣᠷᠯᠠᠭᠳᠠᠨ᠎ᠠ ᠭᠡᠳᠡᠭ᠃ 
ᠪᠣᠭᠲᠣᠭᠣᠰᠣ ᠴᠢᠮᠥᠭᠡ ᠶ᠋ᠢ ᠳᠠᠩ ᠢ᠋ᠶ᠋ᠠᠷ ᠥᠭᠴᠦ ᠪᠣᠯᠬᠤ ᠦᠭᠡᠢ   ᠵᠣᠴᠢᠨ ᠢ ᠳᠣᠷᠣᠮᠵᠢᠯᠠᠭᠰᠠᠨ ᠳ᠋ᠤ᠌ ᠲᠣᠭᠠᠴᠠᠭᠳᠠᠨ᠎ᠠ᠃ 
ᠳᠠᠯᠤ ᠶ᠋ᠢ ᠭᠠᠭᠴᠠᠭᠠᠷ ᠢ᠋ᠶ᠋ᠠᠨ ᠢᠳᠡᠵᠦ ᠪᠣᠯᠬᠤ ᠦᠭᠡᠢ     ᠳᠠᠢᠰᠤᠨ ᠳ᠋ᠤ᠌ ᠳᠠᠷᠤᠯᠠᠭᠳᠠᠨ᠎ᠠ ᠭᠡᠳᠡᠭ᠃ 
ᠳᠠᠯᠤ ᠶ᠋ᠢ ᠨᠠᠭᠠᠴᠤ ᠵᠢᠭᠡ ᠳ᠋ᠦ᠍ ᠲᠠᠯᠪᠢᠵᠤ ᠪᠣᠯᠬᠤ ᠦᠭᠡᠢ    ᠶᠣᠰᠣ ᠠᠯᠳᠠᠵᠤ ᠨᠠᠭᠠᠴᠤ ᠨᠢ ᠦᠭᠡᠢᠷᠡᠨ᠎ᠡ ᠭᠡᠳᠡᠭ᠃ 
ᠱᠠᠭ᠎ᠠ ᠶ᠋ᠢᠨ ᠮᠢᠬ᠎ᠠ ᠶ᠋ᠢ ᠢᠳᠡᠵᠦ ᠪᠣᠯᠬᠤ ᠦᠭᠡᠢ   ᠶᠠᠳᠠᠭᠤᠷᠠᠵᠤ ᠱᠠᠯᠳᠠᠩ ᠪᠣᠯᠤᠨ᠎ᠠ ᠭᠡᠳᠡᠭ᠃ 
ᠡᠷᠡᠦ ᠬᠡᠯᠡ ᠶ᠋ᠢ ᠲᠠᠯᠪᠢᠵᠤ ᠥᠭᠴᠦ ᠪᠣᠯᠬᠤ ᠦᠭᠡᠢ   ᠬᠡᠯᠡ ᠠᠮᠠ ᠲᠠᠲᠠᠨ᠎ᠠ ᠭᠡᠳᠡᠭ᠃ 
       ᠡᠳᠡᠭᠡᠷ ᠬᠣᠷᠢᠨ ᠨᠢᠭᠡ ᠶ᠋ᠢ ᠡᠩᠬᠦᠷᠡᠢ ᠣᠷᠣᠭ᠎ᠠ ᠬᠡᠦᠬᠡᠳ ᠲᠦ᠍ ᠢᠳᠡᠭᠦᠯᠳᠡᠭ ᠦᠭᠡᠢ ᠪᠥᠭᠡᠳ ᠲᠠᠪᠠᠭ ᠳᠠᠪᠰᠢ ᠳ᠋ᠤ᠌ ᠣᠷᠣᠭᠤᠯᠳᠠᠭ ᠦᠭᠡᠢ᠃ ᠡᠳᠡᠭᠡᠷ ᠢ ᠭᠣᠣᠯᠳᠠᠭᠤ ᠨᠠᠰᠤᠲᠠᠢᠴᠤᠳ ᠢᠳᠡᠨ᠎ᠡ᠃ 
ᠬᠠᠪᠰᠤᠷᠤᠭ᠎ᠠ ᠬᠣᠨᠢ 
       ᠬᠣᠨᠢ ᠶ᠋ᠢ ᠠᠯᠠᠵᠤ ᠡᠪᠴᠢᠭᠦᠦ ᠶ᠋ᠢ ᠬᠠᠲᠠᠵᠤ ᠠᠪᠤᠭᠠᠳ ᠬᠠᠪᠢᠷᠭ᠎ᠠ ᠶ᠋ᠢᠨ ᠪᠤᠷ᠎ᠠ ᠶ᠋ᠢ ᠬᠥᠨᠳᠡᠨ ᠳᠡᠯᠭᠡᠭᠡᠳ᠂ ᠤᠭᠤᠴᠠ ᠶ᠋ᠢᠨ ᠡᠬᠢᠨ ᠦ᠌ ᠨᠢᠷᠤᠭᠤᠨ ᠦᠶ᠎ᠡ ᠶ᠋ᠢ ᠦᠶᠡᠯᠡᠵᠦ ᠨᠤᠭᠤᠯᠤᠨ᠂ ᠴᠡᠭᠡᠵᠢ᠂ ᠤᠭᠤᠴᠠᠨ ᠪᠡᠶ᠎ᠡ ᠶ᠋ᠢ ᠬᠠᠪᠰᠤᠷᠤᠨ ᠲᠠᠯᠪᠢᠬᠤ ᠶ᠋ᠢ ᠬᠠᠪᠰᠤᠷᠤᠭ᠎ᠠ ᠬᠣᠨᠢ ᠭᠡᠨ᠎ᠡ᠃ 
ᠵᠤᠮ᠎ᠠ ᠶ᠋ᠢᠨ ᠵᠦᠢᠯ 
       ᠬᠣᠨᠢ ᠶ᠋ᠢ ᠥᠷᠥᠴᠡᠯᠡᠨ ᠠᠯᠠᠭᠰᠠᠨ ᠤ᠋ ᠳᠠᠷᠠᠭ᠎ᠠ᠂ ᠪᠦᠬᠦ ᠦᠰᠦ ᠨᠣᠣᠰᠣ ᠶ᠋ᠢ ᠨᠢ ᠵᠤᠮᠠᠯᠠᠨ ᠬᠤᠰᠤᠵᠤ ᠬᠠᠶᠠᠭᠠᠳ᠂ ᠭᠡᠳᠡᠰᠦ ᠳᠣᠲᠣᠷ ᠢ᠋ ᠠᠭᠤᠳᠠᠯᠤᠨ ᠭᠠᠷᠭᠠᠵᠤ ᠥᠪᠴᠢ ᠪᠡᠶ᠎ᠡ ᠶ᠋ᠢ ᠡᠪᠳᠡᠬᠦ ᠦᠭᠡᠢ ᠪᠡᠷ ᠴᠡᠪᠡᠷᠯᠡᠨ ᠠᠷᠢᠯᠭᠠᠭᠰᠠᠨ ᠴᠡᠭᠡᠵᠢ ᠬᠡᠪᠡᠯᠢ ᠳ᠋ᠦ᠍ ᠳᠠᠪᠤᠰᠤ ᠲᠡᠷᠢᠭᠦᠲᠡᠨ ᠲᠠᠪᠤᠨ ᠠᠮᠲᠠᠲᠠᠨ ᠢ᠋ ᠭᠡᠮ ᠲᠠᠭᠠᠷᠠᠭᠤᠯᠤᠨ ᠬᠠᠴᠢᠷᠯᠠᠵᠤ ᠥᠷᠥᠴᠡ ᠶ᠋ᠢ ᠪᠢᠲᠡᠭᠦᠮᠵᠢᠯᠡᠨ ᠣᠶᠣᠭᠠᠳ ᠪᠥᠭᠡᠷᠡᠲᠦ ᠳᠠᠯᠠᠢ ( ᠲᠣᠭᠣᠭ᠎ᠠ ) ᠪᠤᠶᠤ ᠲᠤᠰᠬᠠᠢᠯᠠᠨ ᠪᠤᠷᠭᠠᠰᠤ ᠪᠤᠶᠤ ᠴᠢᠯᠠᠭᠤᠨ ᠢ᠋ᠶ᠋ᠠᠷ ᠪᠢᠲᠡᠭᠦᠮᠵᠢᠯᠡᠨ ᠪᠡᠯᠡᠳᠬᠡᠭᠰᠡᠨ ᠵᠢᠩᠨᠡᠭᠦᠷ ᠲᠦ᠍ ᠪᠦᠬᠦᠯᠢ ᠪᠡᠷ ᠨᠢ ᠰᠢᠷᠠᠵᠤ ᠬᠠᠭᠰᠠᠭᠠᠨ ᠪᠣᠯᠭᠣᠭᠠᠳ ᠡᠪᠡᠷ᠂ ᠬᠣᠭᠢᠰᠣ᠂ ᠪᠣᠷᠪᠢ ᠶ᠋ᠢ ᠨᠢ ᠴᠥᠮ ᠠᠪᠤᠯ ᠦᠭᠡᠢ   ᠪᠡᠷ ( ᠬᠡᠰᠢᠭᠲᠡᠨ ᠳ᠋ᠦ᠍ ᠳᠥᠷᠪᠡᠨ ᠬᠥᠯ ᠳ᠋ᠦ᠍ᠨᠢ ᠮᠥᠩᠭᠥᠨ ᠬᠣᠭᠢᠰᠣ ᠤᠭᠯᠠᠳᠠᠭ ᠶᠣᠰᠣ ᠪᠣᠢ ) ᠶᠡᠬᠡ ᠲᠠᠪᠠᠭ ᠪᠤᠶᠤ ᠡᠰᠡᠬᠦᠯ᠎ᠡ ᠴᠠᠷ᠎ᠠ ᠳ᠋ᠤ᠌ ᠵᠣᠭᠰᠣᠭ᠎ᠠ ᠪᠤᠶᠤ  ᠬᠡᠪᠲᠡᠭᠡ ᠬᠡᠯᠪᠡᠷᠢ ᠪᠡᠷ ᠲᠡᠪᠰᠢᠯᠡᠳᠡᠭ ᠃ ᠲᠣᠯᠣᠭᠠᠢ ( 《ᠪᠠᠶᠠᠷ ᠤ᠋ᠨ ᠮᠠᠩᠨᠠᠢ 》ᠭᠠᠷᠭᠠᠨ᠎ᠠ᠃ ᠬᠡᠰᠢᠭᠲᠡᠨ ᠳ᠋ᠦ᠍ ᠲᠣᠯᠣᠭᠠᠢ ᠳ᠋ᠤᠨᠢ ᠮᠥᠩᠭᠥ ᠂ ᠬᠠᠰ ᠤ᠋ᠨ  ᠲᠠᠮᠠᠭ᠎ᠠ < 卐> ᠡᠯᠭᠦᠳᠡᠭ ᠴᠦ᠍ ᠪᠣᠢ ) ᠶ᠋ᠢ ᠨᠢ ᠭᠣᠣᠯ ᠵᠣᠴᠢᠨ ᠤ᠋ ᠥᠭᠡᠳᠡ ᠬᠠᠷᠠᠭᠤᠯᠤᠨ᠎ᠠ᠃ 
       ᠮᠣᠩᠭᠣᠯᠴᠤᠳ ᠤ᠋ᠨ ᠲᠡᠦᠬᠡᠨ᠎ᠡ ᠶᠡᠬᠡ ᠲᠠᠬᠢᠯᠭ᠎ᠠ ᠪᠤᠶᠤ ᠶᠡᠬᠡ ᠳᠠᠢᠯᠠᠯᠭ᠎ᠠ ᠳ᠋ᠤ᠌ ᠵᠤᠮ᠎ᠠ ᠬᠣᠨᠢᠨ ᠳᠠᠢᠯᠠᠯᠭ᠎ᠠ ᠲᠠᠯᠪᠢᠳᠠᠭ᠃ ᠡᠨᠡ ᠨᠢ ᠢᠷᠭᠡ ᠶ᠋ᠢᠨ  ᠰᠢᠭᠦᠰᠦᠨ ᠦ᠌ ᠨᠥᠭᠦᠭᠡ ᠨᠢᠭᠡᠨ ᠬᠡᠯᠪᠡᠷᠢ᠃ 
ᠪᠦᠬᠦᠯᠢ ᠵᠤᠮ᠎ᠠ    ᠵᠤᠮ᠎ᠠ ᠬᠣᠨᠢ᠃ 
ᠵᠤᠮ᠎ᠠ ᠬᠥᠨᠳᠡᠬᠦ ᠶᠣᠰᠣ    ᠪᠦᠬᠦᠯᠢ ᠬᠣᠨᠢ ᠡᠪᠳᠡᠬᠦ ᠲᠡᠢ ᠶᠡᠷᠦᠩᠬᠡᠢ ᠳ᠋ᠡᠭᠡᠨ ᠠᠳᠠᠯᠢ᠃ ᠤᠷᠢᠳ ᠢ᠋ᠶ᠋ᠠᠷ ᠬᠣᠨᠢᠨ ᠲᠣᠯᠣᠭᠠᠢ᠂ ᠤᠭᠤᠷᠠᠭ ᠰᠡᠭᠦᠯ ᠢ᠋ ᠬᠥᠨᠳᠡᠭᠰᠡᠨ ᠦ᠌ ᠳᠠᠷᠠᠭ᠎ᠠ᠂ ᠠᠪᠴᠤ ᠭᠠᠷᠤᠭᠠᠳ ᠡᠪᠳᠡᠵᠦ ᠳᠠᠬᠢᠨ ᠣᠷᠣᠭᠤᠯᠬᠤ ᠶᠤᠮ ᠤᠤ᠂ ᠡᠰᠡᠬᠦᠯ᠎ᠡ ᠰᠢᠷᠡᠭᠡᠨ ᠳᠡᠭᠡᠷ᠎ᠡ ᠨᠢ ᠡᠪᠳᠡᠳᠡᠭ ᠭᠠᠵᠠᠷ ᠴᠤ᠌ ᠪᠣᠢ᠃ 
ᠵᠤᠮ᠎ᠠ ᠬᠢᠬᠦ ᠠᠷᠭ᠎ᠠ    ᠭᠤᠷᠪᠠᠨ ᠵᠦᠢᠯ ᠪᠠᠢᠳᠠᠭ ᠃ 
       ①  ᠪᠤᠷᠭᠠᠰᠤᠨ ᠪᠥᠬᠥᠭᠡᠭ ᠵᠣᠬᠢᠶᠠᠵᠤ ᠬᠠᠭᠰᠠᠭᠠᠬᠤ ᠠᠷᠭ᠎ᠠ᠃ ᠡᠨᠡ ᠨᠢ ᠱᠡᠵᠢᠭᠡᠢ ᠠᠷᠤᠭ ᠤ᠋ᠨ ᠬᠡᠯᠪᠡᠷᠢᠲᠡᠢ ᠪᠤᠷᠭᠠᠰᠤᠨ ᠭᠦᠷᠦᠮᠡᠯ ᠪᠥᠬᠥᠭᠡᠭ ᠦ᠋ᠨ  ᠭᠠᠳᠠᠷ ᠳᠣᠲᠣᠷ ᠲᠠᠯ᠎ᠠ ᠶ᠋ᠢ ᠰᠢᠪᠠᠷ ᠢ᠋ᠶ᠋ᠠᠷ ᠳᠥᠷᠪᠡᠨ ᠬᠤᠷᠤᠭᠤ ᠵᠤᠵᠠᠭᠠᠨ ᠰᠢᠪᠠᠵᠤ᠂ ᠪᠡᠯᠡᠳᠬᠡᠭᠰᠡᠨ ᠵᠤᠮ᠎ᠠ ᠪᠠᠨ ᠰᠢᠪᠠᠷ ᠢ᠋ᠶ᠋ᠠᠷ ᠮᠢᠯᠢᠶᠠᠭᠰᠠᠨ ᠲᠡᠩᠨᠡᠭᠦᠷ ᠠᠲᠠᠷ  ᠳᠡᠭᠡᠷ᠎ᠡ ᠬᠡᠪᠲᠡᠭᠦᠯᠦᠨ ᠲᠠᠯᠪᠢᠵᠤ᠂ ᠳᠡᠭᠡᠷ᠎ᠡ ᠨᠢ ᠪᠥᠬᠥᠭᠡᠭ ᠢ᠋ᠶ᠋ᠡᠨ ᠬᠥᠮᠥᠷᠢᠨ ᠵᠠᠭᠠᠭ ᠵᠠᠪᠰᠠᠷ ᠢ᠋ ᠨᠢ ᠪᠡᠬᠢᠯᠡᠨ ᠤᠶᠠᠵᠤ ᠰᠢᠪᠠᠷ ᠢ᠋ᠶ᠋ᠠᠷ ᠴᠢᠭᠵᠢᠵᠦ ᠰᠢᠪᠠᠭᠰᠠᠨ ᠤ᠋  ᠳᠠᠷᠠᠭ᠎ᠠ᠂ ᠵᠤᠤᠬ᠎ᠠ ᠳᠣᠲᠣᠷ᠎ᠠ ᠪᠠᠨ ᠰᠠᠭᠤᠯᠭᠠᠨ ᠠᠷᠭᠠᠯ ᠢ᠋ᠶ᠋ᠠᠷ ᠬᠤᠴᠢᠵᠤ ᠵᠦᠭ ᠪᠦᠬᠦᠨ ᠡᠴᠡ ᠨᠢ ᠭᠠᠯᠯᠠᠨ᠎ᠠ᠃ ᠪᠥᠬᠥᠭᠡᠭ ᠦ᠋ᠨ ᠳᠣᠲᠣᠷ᠎ᠠ ᠲᠠᠯ᠎ᠠ ᠪᠠᠷ ᠲᠣᠰᠣ  ᠨᠡᠪᠴᠢᠵᠦ ᠂ ᠳᠡᠭᠡᠷ᠎ᠡ ᠲᠠᠯ᠎ᠠ ᠪᠠᠷ ᠨᠢ ᠴᠢᠭᠢᠭ ᠲᠠᠲᠠᠪᠠᠯ ᠰᠢᠭᠦᠰᠦ ᠪᠣᠯᠤᠭᠰᠠᠨ ᠤ᠋ ᠢᠯᠡᠷᠡᠯ᠃ ᠲᠡᠭᠡᠭᠡᠳ ᠪᠥᠬᠥᠭᠡᠭ ᠢ᠋ᠶ᠋ᠡᠨ ᠬᠠᠭᠤᠯᠤᠨ ᠠᠪᠴᠤ ᠬᠢᠷᠪᠤᠰᠤ ᠶ᠋ᠢ ᠨᠢ  ᠲᠡᠮᠦᠷ ᠰᠢᠨᠠᠬ᠎ᠠ ᠪᠠᠷ ᠬᠤᠰᠤᠵᠤ ᠬᠠᠶᠠᠪᠠᠯ ᠵᠤᠮ᠎ᠠ ᠨᠢ ᠰᠢᠷᠭᠠᠯ ᠴᠠᠭᠠᠨ ᠥᠩᠭᠡᠲᠡᠢ ᠪᠣᠯᠤᠨ᠎ᠠ᠃ 
       ② ᠡᠯᠡᠰᠦ ᠪᠡᠷ ᠪᠤᠯᠠᠵᠤ ᠬᠠᠭᠰᠠᠭᠠᠬᠤ ᠠᠷᠭ᠎ᠠ᠂ ᠪᠡᠯᠡᠳᠬᠡᠭᠰᠡᠨ ᠵᠤᠮ᠎ᠠ ᠪᠠᠨ ᠵᠣᠭᠰᠣᠭ᠎ᠠ ᠪᠠᠷ ᠡᠯᠡᠰᠦ ᠪᠡᠷ ᠪᠤᠯᠠᠵᠤ᠂ ᠠᠷᠭᠠᠯ ᠢ᠋ᠶ᠋ᠠᠷ ᠬᠤᠴᠢᠭᠠᠳ ᠭᠠᠯ ᠣᠷᠣᠭᠤᠯᠤᠨ᠎ᠠ᠃ ᠭᠡᠳᠡᠰᠦᠨ ᠲᠠᠯ᠎ᠠ ᠪᠠᠷ ᠨᠢ ᠰᠢᠭᠦᠰᠦ ᠲᠣᠰᠣ ᠨᠢ ᠨᠡᠪᠲᠡᠷᠡᠨ ᠦᠨᠦᠷ ᠬᠠᠩᠬᠤᠯᠤᠨ᠎ᠠ᠃ ᠡᠨᠡ ᠦᠶ᠎ᠡ ᠭᠠᠷᠭᠠᠨ ᠠᠪᠴᠤ ᠬᠢᠷᠪᠤᠰᠤ ᠶ᠋ᠢ ᠬᠤᠰᠤᠵᠤ ᠳᠠᠪᠰᠢᠯᠠᠨ᠎ᠠ᠃ 
       ③ ᠭᠠᠵᠠᠷ ᠳᠡᠭᠡᠷ᠎ᠡ ᠭᠤᠷᠪᠠᠨ ᠲᠣᠬᠣᠢ ᠥᠨᠳᠥᠷ ᠴᠢᠯᠠᠭᠤᠨ ᠵᠤᠤᠬ᠎ᠠ ᠪᠠᠷᠢᠭᠠᠳ᠂ ᠤᠷᠢᠳ ᠢ᠋ᠶ᠋ᠠᠷ ᠴᠢᠯᠠᠭᠤᠨ ᠵᠤᠤᠬ᠎ᠠ ᠶᠤᠭᠠᠨ ᠤᠯᠠᠢᠰᠲᠠᠯ᠎ᠠ ᠲᠦᠯᠡᠭᠡᠳ᠂ ᠲᠡᠮᠦᠷ ᠤᠲᠠᠰᠤᠨ ᠭᠦᠷᠦᠮᠡᠯ ᠰᠠᠪᠠ ᠳ᠋ᠤ᠌ ᠵᠤᠮ᠎ᠠ ᠪᠠᠨ ᠬᠢᠵᠦ ᠳᠣᠲᠣᠷ᠎ᠠ ᠨᠢ ᠲᠠᠯᠪᠢᠵᠤ᠂ ᠳᠡᠭᠡᠭᠦᠷ ᠨᠢ ᠪᠤᠷᠭᠠᠰᠤ ᠪᠠᠷ ᠢᠭᠴᠤ ᠪᠦᠲᠡᠭᠡᠵᠦ᠂ ᠰᠢᠷᠣᠢ ᠪᠠᠷ  ᠪᠢᠲᠡᠭᠦᠮᠵᠢᠯᠡᠭᠡᠳ ᠪᠣᠯᠭᠣᠭᠰᠠᠨ ᠤ᠋ ᠳᠠᠷᠠᠭ᠎ᠠ ᠭᠠᠷᠭᠠᠵᠤ ᠠᠪᠤᠭᠠᠳ᠂ ᠬᠢᠷᠪᠤᠰᠤ ᠶ᠋ᠢ ᠬᠤᠰᠤᠨ ᠳᠠᠪᠰᠢᠯᠠᠨ᠎ᠠ᠃ ᠡᠭᠦᠨ ᠢ᠋ 《ᠮᠣᠩᠭᠣᠯ ᠤ᠋ᠨ ᠢᠳᠡᠭᠡᠨ ᠤᠮᠳᠠᠭᠠᠨ  ᠤ᠋ ᠵᠢᠩᠬᠢᠨᠢ ᠲᠣᠪᠴᠢ 》 ᠳ᠋ᠤ᠌ 《ᠪᠤᠷᠭᠠᠰᠤᠨ ᠵᠢᠩᠨᠡᠮᠡᠯ ᠬᠣᠨᠢᠨ ᠮᠢᠬ᠎ᠠ 》ᠭᠡᠵᠦ ᠨᠡᠷᠡᠢᠳᠦᠭᠰᠡᠨ ᠪᠢᠯᠡ᠃ 
ᠰᠢᠷᠠᠭᠰᠠᠨ ᠬᠣᠨᠢᠨ ᠰᠢᠭᠦᠰᠦ 
       ᠰᠢᠷᠠᠭᠰᠠᠨ ᠬᠣᠨᠢᠨ ᠰᠢᠭᠦᠰᠦ ᠨᠢ ᠬᠦᠨᠳᠦᠲᠦ ᠢᠳᠡᠭᠡᠨ ᠪᠣᠯᠤᠨ᠎ᠠ᠃ ᠵᠤᠮ᠎ᠠ ᠲᠠᠢ ᠨᠡᠯᠢᠶᠡᠳ ᠲᠥᠰᠦᠭᠡᠲᠡᠢ ᠴᠦ᠍ ᠲᠡᠭᠦᠨ ᠡᠴᠡ ᠨᠠᠷᠢᠯᠢᠭ᠃ 
ᠰᠢᠷᠠᠭᠰᠠᠨ ᠬᠣᠨᠢ ᠲᠡᠪᠰᠢᠯᠡᠬᠦ ᠶᠣᠰᠣᠨ 
       ᠰᠢᠷᠠᠭᠰᠠᠨ ᠬᠣᠨᠢ ᠪᠠᠨ ᠲᠣᠮᠣ ᠲᠠᠪᠠᠭ ᠲᠤ᠌ ᠵᠣᠭᠰᠣᠭᠠᠨ ᠵᠣᠴᠢᠳ ᠲᠠᠭᠠᠨ ᠦᠵᠡᠭᠦᠯᠵᠦ᠂ ᠳᠠᠬᠢᠨ ᠭᠠᠷᠭᠠᠵᠤ ᠠᠪᠴᠢᠷᠠᠨ ᠠᠷᠠᠰᠤ ᠶ᠋ᠢ ᠨᠢ ᠬᠡᠷᠴᠢᠨ ᠲᠠᠪᠠᠭᠯᠠᠨ ᠰᠢᠷᠡᠭᠡᠨ ᠳ᠋ᠦ᠍ ᠭᠠᠷᠭᠠᠨ᠎ᠠ᠃ ᠳᠠᠷᠠᠭ᠎ᠠ ᠨᠢ ᠬᠠᠷ᠎ᠠ ᠮᠢᠬ᠎ᠠ ᠶ᠋ᠢ ᠨᠢ ᠬᠡᠷᠴᠢᠵᠦ ᠲᠠᠪᠠᠭᠯᠠᠭᠠᠳ ᠭᠠᠷᠭᠠᠨ᠎ᠠ᠃ ᠬᠠᠮᠤᠭ ᠰᠡᠭᠦᠯ  ᠳ᠋ᠦ᠍ᠨᠢ ᠶᠠᠰᠤ ᠲᠠᠢ ᠮᠢᠬ᠎ᠠ ᠶ᠋ᠢ ᠨᠢ ᠳᠠᠪᠬᠠᠯᠠᠵᠤ ᠵᠢᠶᠠᠩᠶᠢᠦ᠂ ᠢᠰᠬᠦᠯᠡᠩ ᠰᠢᠭᠦᠰᠦ᠂ ᠰᠣᠩᠭᠢᠨ᠎ᠠ᠂ ᠰᠠᠷᠢᠮᠰᠠᠭ ᠵᠡᠷᠭᠡ ᠶ᠋ᠢ ᠬᠠᠮᠲᠤ ᠳ᠋ᠤᠨᠢ ᠪᠡᠯᠡᠳᠬᠡᠨ ᠬᠣᠭᠣᠯᠠ ᠶ᠋ᠢᠨ ᠬᠠᠮᠲᠤ ᠭᠠᠷᠭᠠᠨ᠎ᠠ᠃ ᠡᠨᠡ ᠪᠣᠯ ᠰᠢᠷᠠᠭᠰᠠᠨ ᠬᠣᠨᠢ ᠲᠡᠪᠰᠢᠯᠡᠬᠦ ᠪᠠ ᠢᠳᠡᠬᠦ ᠶᠣᠰᠣ᠃ 
ᠬᠣᠨᠢ ᠰᠢᠷᠠᠬᠤ 
       ᠳᠡᠭᠡᠷ᠎ᠡ ᠠᠮᠠᠰᠠᠷ ᠤ᠋ᠨ ᠳ᠋ᠢᠶᠠᠮᠧᠲ᠋ᠷ ᠨᠢ 90 ᠰᠡᠨᠲ᠋ᠢᠮᠧᠲ᠋ᠷ ᠂ ᠳᠣᠣᠷ᠎ᠠ ᠢᠷᠣᠭᠠᠷ ᠤ᠋ᠨ ᠳ᠋ᠢᠶᠠᠮᠧᠲ᠋ᠷ ᠨᠢ 150 ᠰᠡᠨᠲ᠋ᠢᠮᠧᠲ᠋ᠷ᠃ 180  ᠰᠡᠨᠲ᠋ᠢᠮᠧᠲ᠋ᠷ ᠥᠨᠳᠥᠷ ᠪᠣᠰᠤᠭ᠎ᠠ ᠬᠡᠯᠪᠡᠷᠢᠲᠡᠢ ᠵᠤᠤᠬ᠎ᠠ ᠶ᠋ᠢ ᠲᠣᠭᠣᠰᠬ᠎ᠠ ᠪᠤᠶᠤ ᠰᠢᠷᠢᠭ ᠵᠦᠯᠭᠡ ᠪᠡᠷ ᠪᠠᠷᠢᠵᠤ ᠂ ᠳᠣᠲᠣᠷ᠎ᠠ ᠲᠠᠯ᠎ᠠ ᠶ᠋ᠢ ᠨᠢ ᠡᠯᠡᠰᠦ ᠲᠡᠢ  ᠬᠣᠯᠢᠭᠰᠠᠨ ᠤᠯᠠᠭᠠᠨ ᠰᠢᠪᠠᠷ ᠢ᠋ ᠤᠩᠭᠠᠰᠤ ᠬᠢᠯᠭᠠᠰᠤ ᠪᠤᠶᠤ ᠵᠡᠭᠡᠰᠦᠨ ᠨᠣᠣᠯᠣᠭᠤᠷ ᠬᠢᠵᠦ ᠰᠠᠢᠲᠤᠷ ᠨᠠᠢᠷᠠᠭᠤᠯᠤᠨ ᠢᠯᠢᠵᠦ ᠂ ᠭᠠᠳᠠᠷ ᠲᠠᠯ᠎ᠠ ᠳ᠋ᠤᠨᠢ ᠵᠢᠷᠭᠤᠭᠠᠨ  ᠪᠣᠯᠣᠳ ᠰᠢᠳᠡᠮ ᠢ ᠰᠢᠬᠠᠭᠤᠯᠤᠨ ᠪᠤᠯᠠᠵᠤ ᠂ ᠲᠡᠮᠦᠷ ᠤᠲᠠᠰᠤ ᠪᠠᠷ ᠭᠤᠷᠪᠠ ᠳᠥᠷᠪᠡᠨ ᠤᠳᠠᠭ᠎ᠠ ᠪᠦᠰᠡᠯᠡᠨ ᠤᠶᠠᠵᠤ ᠨᠢᠯᠲᠠᠭ ᠰᠠᠢᠲᠠᠢ ᠰᠢᠪᠡᠷ ᠢ᠋ᠶ᠋ᠡᠷ ᠰᠠᠢᠲᠤᠷ  ᠰᠢᠪᠡᠵᠦ ᠢᠯᠢᠵᠦ ᠬᠠᠲᠠᠭᠠᠨ᠎ᠠ ᠃ ᠰᠢᠷᠠᠬᠤ ᠬᠣᠨᠢ ᠶ᠋ᠢ ᠠᠯᠠᠭᠰᠠᠨ ᠤ᠋ ᠳᠠᠷᠠᠭ᠎ᠠ ᠭᠠᠬᠠᠢ ᠵᠤᠮᠠᠯᠠᠬᠤ ᠲᠠᠢ ᠠᠳᠠᠯᠢ ᠂ ᠠᠷᠠᠰᠤᠨ ᠵᠠᠪᠰᠠᠷ ᠲᠤᠨᠢ ᠬᠡᠢ ᠳᠦᠭᠦᠷᠭᠡᠵᠦ ᠂  ᠬᠠᠯᠠᠭᠤᠨ ᠤᠰᠤᠨ ᠳ᠋ᠤ᠌ ᠨᠣᠣᠰᠣ ᠶ᠋ᠢ ᠨᠢ ᠵᠤᠮᠠᠯᠠᠵᠤ ᠠᠪᠤᠭᠠᠳ ᠲᠣᠯᠣᠭᠠᠢ ᠰᠢᠭᠢᠷ᠎ᠡ ᠶ᠋ᠢ ᠨᠢ ᠣᠭᠲᠣᠯᠤᠨ ᠠᠪᠴᠤ ᠂ ᠥᠷᠥᠴᠡ ᠳᠡᠭᠡᠷ᠎ᠡ ᠨᠢ ᠨᠠᠢ᠍ᠮᠠᠨ ᠢᠮᠠᠬᠤ  ᠬᠢᠷᠢᠲᠡᠢ ᠣᠭᠲᠣᠯᠤᠨ ᠬᠠᠭᠠᠯᠵᠤ ᠭᠡᠳᠡᠰᠦ ᠳᠣᠲᠣᠷ ᠢ᠋ ᠨᠢ ᠭᠠᠷᠭᠠᠨ᠎ᠠ ᠃ ᠲᠡᠭᠡᠭᠡᠳ ᠬᠣᠶᠠᠷ ᠯᠠᠩ ᠴᠠᠭᠠᠨ ᠰᠢᠬᠢᠷ ᠢ᠋ ᠨᠠᠢ᠍ᠮᠠᠨ ᠯᠠᠩ ᠵᠢᠶᠠᠩᠶᠢᠦ ᠲᠡᠢ ᠬᠤᠳᠬᠤᠵᠤ  ᠨᠠᠢᠷᠠᠭᠤᠯᠤᠨ ᠭᠠᠯ ᠳᠡᠭᠡᠷ᠎ᠡ ᠪᠤᠴᠠᠯᠭᠠᠭᠠᠳ ᠵᠤᠮᠠᠯᠠᠭᠰᠠᠨ ᠬᠣᠨᠢᠨ ᠤ᠋ ᠠᠷᠠᠰᠤᠨ ᠳ᠋ᠤ᠌ ᠰᠠᠢᠲᠤᠷ ᠲᠦᠷᠬᠢᠨ᠎ᠡ ᠃ ᠳᠠᠷᠠᠭ᠎ᠠ ᠨᠢ ᠬᠡᠪᠡᠯᠢ ᠴᠡᠭᠡᠵᠢᠨ ᠬᠥᠨᠳᠡᠢ ᠳ᠋ᠦ᠍  ᠬᠣᠶᠠᠷ ᠵᠢᠩ ᠣᠷᠴᠢᠮ ᠰᠣᠩᠭᠢᠨ᠎ᠠ ᠶ᠋ᠢ ᠲᠠᠪᠤᠨ ᠰᠢᠳᠦ ᠰᠠᠷᠢᠮᠰᠠᠭ ᠤ᠋ᠨ ᠬᠠᠮᠲᠤ ᠬᠡᠷᠴᠢᠨ ᠨᠦᠳᠦᠵᠦ ᠨᠡᠢᠳᠡᠮ ᠬᠢᠨ᠎ᠡ ᠃ ᠭᠡᠳᠡᠰᠦᠨ ᠳ᠋ᠦ᠍ᠨᠢ ᠴᠠᠭᠠᠨ ᠭ᠍ᠨ ᠬᠣᠶᠠᠷ  ᠯᠠᠩ ᠂ ᠪᠠᠳᠮᠠᠭᠡᠰᠡᠷ ᠨᠢᠭᠡ ᠯᠠᠩ ᠬᠠᠭᠠᠰ ᠂ ᠬᠤᠸᠠᠵᠤᠤ ᠲᠠᠪᠤᠨ ᠴᠢᠨ ᠢ᠋ ᠬᠣᠶᠠᠷ ᠵᠢᠩ ᠬᠢᠷᠢᠲᠡᠢ ᠳᠠᠪᠤᠰᠤᠨ ᠳ᠋ᠤ᠌ ᠨᠤᠨᠲᠠᠭᠯᠠᠨ ᠨᠦᠳᠦᠭᠡᠳ ᠰᠠᠢᠲᠤᠷ ᠨᠠᠢᠷᠠᠭᠤᠯᠵᠤ ᠬᠢᠬᠦ ᠶ᠋ᠢᠨ ᠵᠡᠷᠭᠡᠴᠡᠭᠡ ᠪᠡᠷ ᠴᠠᠪᠢ ᠂ ᠰᠤᠭᠤ ᠳ᠋ᠤᠨᠢ ᠢᠮᠠᠬᠤ ᠬᠢᠷᠢᠲᠡᠢ ᠨᠦᠬᠡᠯᠡᠵᠦ ᠬᠠ ᠭᠤᠶ᠎ᠠ ᠂ ᠬᠦᠵᠦᠭᠦᠨ ᠦ᠌ ᠵᠤᠵᠠᠭᠠᠨ ᠮᠢᠬᠠᠨ ᠳ᠋ᠤ᠌ ᠮᠥᠨ ᠨᠦᠬᠡᠯᠡᠵᠦ ᠰᠡᠨᠳᠡᠯᠡᠭᠡᠳ ᠂ ᠥᠨᠥᠬᠢ ᠪᠠᠭᠰᠤᠷᠤᠭᠰᠠᠨ ᠨᠠᠢᠷᠠᠭᠤᠯᠭ᠎ᠠ ᠪᠠᠨ ᠲᠣᠬᠢᠷᠠᠮᠵᠢᠲᠠᠢᠬᠠᠨ ᠬᠢᠨ᠎ᠡ ᠃ ᠡᠴᠦᠰ ᠲᠦ᠍ ᠠᠷᠠᠰᠤᠨ ᠤ᠋ ᠳᠡᠭᠡᠷ᠎ᠡ ᠦᠷ᠎ᠡ ᠶ᠋ᠢᠨ ᠲᠣᠰᠣ ᠳᠦᠷᠭᠢᠭᠡᠳ ᠬᠡᠯᠬᠢᠬᠦ ᠭᠢᠨᠵᠢᠨ ᠦ᠌ ᠪᠡᠨ ᠬᠣᠶᠠᠷ ᠦᠵᠦᠭᠦᠷ ᠢ᠋ ᠭᠡᠳᠡᠰᠦᠨ ᠦ᠌ ᠬᠠᠭᠠᠯᠤᠭᠰᠠᠨ ᠭᠠᠵᠠᠷ ᠢ᠋ᠶ᠋ᠠᠷ ᠣᠷᠣᠭᠤᠯᠵᠤ ᠂ ᠬᠣᠰᠬᠢᠨᠠᠭ ᠤ᠋ᠨ ᠰᠦᠪᠡ᠂ ᠤᠯᠠᠭᠠᠨ ᠬᠣᠭᠣᠯᠠᠢ ᠶ᠋ᠢᠨ ᠨᠦᠬᠡ ᠪᠡᠷ ᠬᠣᠶᠠᠷ ᠲᠡᠢᠰᠢ ᠰᠦᠪᠡᠯᠡᠨ ᠭᠠᠷᠭᠠᠵᠤ ᠂ ᠬᠣᠶᠠᠷ ᠦᠵᠦᠭᠦᠷ ᠦ᠋ᠨ ᠭᠣᠬ᠎ᠠ ᠶ᠋ᠢ ᠪᠤᠴᠠᠭᠠᠨ ᠭᠢᠨᠵᠢ ᠶ᠋ᠢᠨ ᠳᠤᠮᠳᠠ ᠠ᠋ᠴᠠ ᠭᠣᠬᠠᠳᠠᠵᠤ᠂ ᠲᠡᠮᠦᠷ ᠰᠢᠳᠠᠮ ᠳ᠋ᠠᠭᠠᠨ ᠰᠦᠪᠡᠯᠡᠵᠦ ᠂ 120 ᠭᠷᠠᠳᠦ᠋ᠰ ᠬᠠᠯᠠᠭᠤᠯᠤᠭᠰᠠᠨ ᠵᠤᠤᠬ᠎ᠠ ᠪᠠᠨ 80 ᠭᠷᠠᠳᠦ᠋ᠰ ᠣᠷᠴᠢᠮ ᠪᠣᠯᠲᠠᠯ᠎ᠠ ᠬᠦᠷᠦᠬᠦ ᠳ᠋ᠦ᠍ ᠬᠣᠨᠢ ᠪᠠᠨ ᠳᠡᠭᠦᠵᠢᠯᠡᠵᠦ᠂ ᠳᠡᠭᠡᠷ᠎ᠡ ᠨᠢ ᠲᠣᠮᠣ ᠲᠣᠭᠣᠭ᠎ᠠ ᠬᠥᠮᠥᠷᠢᠵᠦ ᠵᠠᠭᠠᠭ ᠵᠠᠪᠰᠠᠷ ᠢ᠋ ᠨᠢ ᠰᠠᠢᠲᠤᠷ ᠰᠢᠪᠠᠨ ᠵᠤᠤᠬ᠎ᠠ ᠶ᠋ᠢᠨ ᠳᠣᠲᠣᠷ᠎ᠠ ᠬᠣᠨᠢᠨ ᠤ᠋ ᠡᠭᠴᠡᠯᠡᠭᠰᠡᠨ ᠬᠦᠵᠦᠭᠦᠦ ᠶ᠋ᠢᠨ ᠳᠣᠣᠷ᠎ᠠ ᠲᠣᠰᠣ ᠤᠲᠤᠭ᠎ᠠ ᠭᠠᠷᠬᠤ ᠶ᠋ᠢ ᠰᠡᠷᠭᠡᠢᠯᠡᠬᠦ ᠶ᠋ᠢᠨ ᠲᠥᠯᠥᠭᠡ ᠳᠤᠮᠳᠠᠭᠤᠷ ᠤᠰᠤ ᠲᠠᠢ ᠭᠠᠳᠤᠷ᠎ᠠ ᠶ᠋ᠢ ᠲᠣᠰᠴᠤ ᠲᠠᠯᠪᠢᠳᠠᠭ᠃ ᠬᠣᠨᠢ ᠪᠠᠨ ᠰᠢᠷᠠᠭᠠᠳ ᠬᠠᠭᠠᠰ ᠴᠠᠭ ᠪᠣᠯᠤᠭᠰᠠᠨ ᠤ᠋ ᠳᠠᠷᠠᠭ᠎ᠠ᠂ ᠪᠠᠢᠳᠠᠯ ᠢ᠋ ᠦᠵᠡᠵᠦ ᠪᠠᠢᠭᠠᠳ ᠮᠣᠳᠣᠨ ᠨᠡᠭᠦᠷᠡᠰᠦ ᠨᠡᠮᠡᠬᠦ ᠡᠰᠡᠬᠦ ᠪᠡᠨ ᠲᠣᠭᠲᠠᠭᠠᠨ᠎ᠠ᠃ ᠡᠨᠡ ᠮᠡᠲᠦ ᠪᠡᠷ ᠳᠥᠷᠪᠡᠨ ᠴᠠᠭ ᠰᠢᠷᠠᠪᠠᠯ ᠪᠠᠷᠤᠭ ᠪᠣᠯᠴᠢᠬᠠᠨ᠎ᠠ ᠃ ᠮᠣᠳᠣᠨ ᠨᠡᠭᠦᠷᠡᠰᠦ ᠪᠤᠶᠤ ᠵᠠᠭ ᠢ᠋ᠶ᠋ᠠᠷ ᠲᠦᠯᠡᠨ᠎ᠡ᠃ ᠡᠨᠡ ᠪᠣᠯ ᠠᠯᠠᠱᠠ ᠰᠢᠷᠠᠭᠰᠠᠨ ᠬᠣᠨᠢ ᠪᠣᠯᠠᠢ᠃ 
ᠰᠢᠷᠠᠭᠰᠠᠨ ᠰᠢᠭᠦᠰᠦ  
       ᠬᠣᠨᠢ ᠪᠠᠨ ᠠᠯᠠᠮᠠᠭᠴᠠ ᠡᠪᠴᠢᠭᠦᠦ ᠶ᠋ᠢ ᠨᠢ ᠠᠪᠴᠤ ᠂ ᠳᠥᠷᠪᠡᠨ ᠮᠥᠴᠢ 36 ᠦᠶ᠎ᠡ ᠶ᠋ᠢ ᠳᠣᠲᠣᠷ ᠲᠠᠯ᠎ᠠ ᠠ᠋ᠴᠠ ᠨᠢ ᠮᠢᠬ᠎ᠠ ᠶ᠋ᠢ ᠨᠢ ᠰᠠᠯᠭᠠᠬᠤ ᠦᠭᠡᠢ ᠪᠡᠷ ᠪᠦᠬᠦᠨ ᠢ᠋ ᠬᠥᠨᠳᠡᠨ ᠦᠶᠡᠯᠡᠵᠦ ᠳᠡᠯᠭᠡᠭᠦᠦ ᠬᠡᠯᠪᠡᠷᠢᠲᠡᠢ ᠪᠣᠯᠭᠠᠭᠰᠠᠨ ᠤ᠋ ᠳᠠᠷᠠᠭ᠎ᠠ ᠬᠢᠲᠤᠭ᠎ᠠ ᠪᠠᠷ ᠭᠠᠳᠠᠭᠰᠢ ᠨᠡᠪᠲᠡᠯᠬᠦ ᠦᠭᠡᠢ ᠪᠡᠷ ᠰᠡᠭᠡᠷ ᠨᠢᠷᠤᠭᠤᠨ ᠤ᠋ ᠦᠶ᠎ᠡ ᠪᠦᠬᠦᠨ ᠢ᠋ ᠬᠡᠷᠴᠢᠶᠡᠰᠦᠯᠡᠨ 50 - 60 ᠵᠢᠩ ᠦ᠋ᠨ ᠬᠣᠨᠢ ᠪᠣᠯ 3 ᠯᠠᠩ ᠳᠠᠪᠤᠰᠤ ᠂ 1 ᠯᠠᠩ ᠬᠤᠸᠠᠵᠤᠤ ᠂ 2 ᠯᠠᠩ ᠤ᠋ᠨ ᠭᠠ ᠶ᠋ᠢ ᠲᠤᠰ ᠲᠤᠰ ᠨᠤᠨᠲᠠᠭᠯᠠᠵᠤ ᠂ ᠳᠥᠷᠪᠡ ᠳᠥᠷᠪᠡᠨ ᠯᠠᠩ ᠰᠣᠩᠭᠢᠨ᠎ᠠ ᠰᠠᠷᠢᠮᠰᠠᠭ ᠢ᠋ ᠬᠠᠮᠲᠤ ᠳ᠋ᠤᠨᠢ ᠨᠦᠳᠦᠵᠦ ᠨᠢᠴᠠᠯᠠᠭᠠᠳ ᠰᠢᠭᠦᠰᠦᠨ ᠣ ᠳᠣᠲᠣᠷ᠎ᠠ ᠲᠠᠯ᠎ᠠ ᠳ᠋ᠤᠨᠢ ᠰᠠᠴᠤᠵᠤ ᠂ ᠰᠢᠭᠦᠰᠦ ᠪᠡᠨ ᠳᠣᠲᠣᠷ ᠲᠠᠯ᠎ᠠ ᠪᠠᠷ ᠨᠢ ᠬᠠᠪᠰᠤᠷᠴᠤ ᠂ ᠦᠨᠦᠷ ᠠᠮᠲᠠᠲᠠᠨ ᠢ᠋ 12 ᠴᠠᠭ ᠰᠢᠩᠭᠡᠭᠡᠳ ( ᠵᠤᠨ ᠢᠯᠵᠢᠷᠡᠬᠦ ᠂ ᠡᠪᠦᠯ ᠬᠥᠯᠳᠡᠬᠦ ᠶ᠋ᠢ ᠣᠨᠴᠠ ᠠᠩᠬᠠᠷᠬᠤ ᠬᠡᠷᠡᠭᠲᠡᠢ ) ᠰᠢᠷᠠᠵᠤ ᠪᠣᠯᠭᠣᠭᠰᠠᠨ ᠢ᠋ ᠰᠢᠷᠠᠭᠰᠠᠨ ᠰᠢᠭᠦᠰᠦ ᠭᠡᠨ᠎ᠡ ᠃ ᠡᠨᠡ ᠪᠣᠯ ᠣᠷᠳᠣᠰ ᠨᠤᠲᠤᠭ ᠤ᠋ᠨ ᠡᠷᠲᠡᠨ ᠡᠴᠡ ᠤᠯᠠᠮᠵᠢᠯᠠᠵᠤ ᠢᠷᠡᠭᠰᠡᠨ ᠬᠠᠮᠤᠭ ᠤ᠋ᠨ ᠬᠦᠨᠳᠦᠲᠦ ᠵᠣᠴᠢᠯᠠᠭ᠎ᠠ ᠶ᠋ᠢᠨ ᠰᠢᠭᠦᠰᠦ ᠪᠣᠯᠤᠨ᠎ᠠ᠃ 
ᠰᠢᠷᠠᠬᠤ ᠠᠷᠭ᠎ᠠ     ᠭᠣᠣᠯᠳᠠᠭᠤ ᠭᠠᠯ ᠳᠡᠭᠡᠷ᠎ᠡ ᠪᠤᠶᠤ ᠲᠣᠭᠣᠭᠠᠨ ᠳ᠋ᠤ᠌ ᠰᠢᠷᠠᠬᠤ ᠬᠣᠶᠠᠷ ᠠᠷᠭ᠎ᠠ ᠪᠣᠢ᠃ 
       ① ᠭᠠᠯ ᠳ᠋ᠤ᠌ ᠰᠢᠷᠠᠬᠤ ᠨᠢ ᠄ ᠵᠤᠤᠬᠠᠨ ᠳᠣᠲᠣᠷᠠᠬᠢ ᠲᠡᠮᠦᠷ ᠵᠢᠶᠠᠵᠠᠨ ᠳᠡᠭᠡᠷ᠎ᠡ ᠰᠢᠭᠦᠰᠦ ᠪᠡᠨ ᠳᠡᠭᠡᠭᠰᠢ ᠬᠠᠨᠳᠤᠭᠤᠯᠤᠨ ᠳᠡᠯᠭᠡᠵᠦ ᠲᠠᠯᠪᠢᠭᠠᠳ ᠵᠤᠤᠬ᠎ᠠ ᠪᠠᠨ ᠲᠡᠮᠦᠷ ᠬᠠᠪᠬᠠᠭ ᠪᠤᠶᠤ ᠲᠣᠭᠣᠭ᠎ᠠ ᠪᠠᠷ ᠬᠥᠮᠥᠷᠢᠨ ᠲᠠᠯᠪᠢᠵᠤ ᠤᠲᠤᠭ᠎ᠠ ᠦᠭᠡᠢ ᠤᠯᠠᠢᠭᠰᠠᠨ ᠮᠣᠳᠣᠨ ᠴᠣᠭ ᠢ᠋ ᠵᠤᠤᠬᠠᠨ ᠠᠮᠠᠨ ᠳᠡᠭᠡᠷ᠎ᠡ ᠣᠪᠣᠭᠠᠯᠠᠨ ᠰᠢᠷᠠᠨ᠎ᠠ᠃ ᠰᠢᠷᠠᠬᠤ ᠶᠠᠪᠤᠴᠠ ᠳ᠋ᠤ᠌ 2 - 3 ᠤᠳᠠᠭ᠎ᠠ ᠡᠷᠭᠢᠭᠦᠯᠦᠨ ᠬᠥᠷᠪᠡᠭᠦᠯᠵᠦ 2 - 3 ᠴᠠᠭ ᠬᠢᠷᠢ ᠰᠢᠷᠠᠪᠠᠯ ᠪᠣᠯᠴᠢᠬᠠᠨ᠎ᠠ᠃ 
       ② ᠲᠣᠭᠣᠭᠠᠨ ᠳ᠋ᠤ᠌ ᠰᠢᠷᠠᠬᠤ ᠨᠢ ᠬᠣᠭᠣᠰᠣᠨ ᠲᠣᠭᠣᠭᠠᠨ ᠳᠣᠲᠣᠷ᠎ᠠ ᠰᠠᠯ ᠲᠠᠯᠪᠢᠭᠠᠳ ᠳᠡᠭᠡᠷ᠎ᠡ ᠨᠢ ᠰᠢᠭᠦᠰᠦ ᠪᠡᠨ ᠳᠡᠯᠭᠡᠨ ᠳᠡᠭᠡᠭᠰᠢ ᠬᠠᠨᠳᠤᠭᠤᠯᠤᠨ ᠲᠠᠯᠪᠢᠵᠤ ᠲᠣᠭᠣᠭ᠎ᠠ ᠪᠠᠨ ᠬᠠᠪᠬᠠᠭᠯᠠᠨ ᠭᠠᠯ ᠲᠦᠯᠡᠵᠦ ᠰᠢᠷᠠᠨ᠎ᠠ᠃ ᠰᠢᠷᠠᠬᠤ ᠶᠠᠪᠤᠴᠠ ᠳᠡᠭᠡᠷᠡᠬᠢ ᠲᠡᠢ ᠠᠳᠠᠯᠢ᠃ ᠣᠳᠣ ᠪᠣᠯ ᠨᠥᠬᠥᠴᠡᠯ ᠲᠡᠢ ᠭᠠᠵᠠᠷ ᠴᠠᠬᠢᠯᠭᠠᠨ ᠬᠠᠢᠷᠴᠠᠭ ᠲᠤ᠌ ᠰᠢᠷᠠᠪᠠᠯ ᠮᠠᠰᠢ ᠲᠣᠬᠢᠷᠠᠮᠵᠢᠲᠠᠢ ᠪᠤᠰᠤ ᠤᠤ ! 
ᠴᠢᠨᠠᠭᠠᠳ ᠰᠢᠷᠠᠭᠰᠠᠨ ᠰᠢᠭᠦᠰᠦ  
       ᠰᠢᠷᠬᠠᠰᠠᠨ ᠬᠣᠨᠢᠨ ᠤ᠋ ᠰᠢᠭᠦᠰᠦ ᠲᠡᠢ ᠠᠳᠠᠯᠢ ᠪᠠᠷ ᠦᠶ᠎ᠡ ᠭᠡᠰᠢᠭᠦᠦ ᠶ᠋ᠢ ᠨᠢ ᠳᠣᠲᠣᠷ ᠠ᠋ᠴᠠ ᠨᠢ ᠬᠥᠨᠳᠡᠵᠦ ᠳᠡᠯᠭᠡᠭᠦᠦ ᠪᠣᠯᠭᠠᠭᠰᠠᠨ ᠤ᠋ ᠳᠠᠷᠠᠭ᠎ᠠ ᠂ ᠪᠦᠬᠦᠯᠢ ᠰᠢᠭᠦᠰᠦ ᠲᠡᠢ ᠲᠡᠩᠴᠡᠭᠦᠦ ᠬᠦᠢᠲᠡᠨ ᠤᠰᠤᠨ ᠳ᠋ᠤ᠌ ᠮᠢᠬ᠎ᠠ ᠪᠠᠨ ᠬᠢᠵᠦ ᠂ ᠳᠡᠭᠡᠷ᠎ᠡ ᠨᠢ ᠲᠠᠪᠤᠨ ᠠᠮᠲᠠᠲᠠᠨ ᠢ᠋ᠶ᠋ᠠᠨ ᠲᠠᠭᠠᠷᠠᠭᠤᠯᠬᠤ ᠪᠥᠭᠡᠳ ᠨᠢᠭᠡ ᠯᠠᠩ ᠴᠥᠷᠮ᠎ᠡ ᠶ᠋ᠢ ᠲᠤᠰ ᠲᠤᠰ ᠬᠢᠵᠦ ᠴᠢᠨᠠᠭᠠᠳ ᠪᠤᠴᠠᠯᠤᠭᠰᠠᠨ ᠤ᠋ ᠬᠣᠢᠨ᠎ᠠ ᠂ ᠬᠠᠪᠬᠠᠭ ᠢ᠋ ᠨᠢ 5 –10 ᠮᠢᠨᠦ᠋ᠲ ᠨᠡᠭᠡᠭᠡᠨ᠎ᠡ᠃ ᠬᠡᠷᠪᠡ ᠬᠠᠭᠤᠴᠢᠨ ᠮᠢᠬ᠎ᠠ ᠪᠣᠯ ᠬᠠᠷ᠎ᠠ ᠠᠷᠢᠬᠢ ᠨᠢᠭᠡ ᠯᠠᠩ ᠬᠢᠵᠦ᠂ ᠪᠠᠭ᠎ᠠ ᠤᠰᠤ ᠨᠡᠮᠡᠭᠡᠳ ᠳᠠᠬᠢᠨ ᠴᠢᠨᠠᠵᠤ 1 – 2 ᠤᠳᠠᠭ᠎ᠠ ᠡᠷᠭᠢᠭᠦᠯᠦᠨ᠂ ᠨᠢᠭᠡ ᠴᠠᠭ ᠬᠠᠭᠠᠰ ᠠ᠋ᠴᠠ ᠬᠣᠶᠠᠷ ᠴᠠᠭ ᠴᠢᠨᠠᠭᠠᠳ ᠭᠠᠷᠭᠠᠨ᠎ᠠ᠃ ᠡᠨᠡᠬᠦ ᠰᠢᠭᠦᠰᠦ ᠪᠡᠨ ᠳᠡᠭᠡᠷ᠎ᠡ ᠳᠤᠷᠠᠳᠤᠭᠰᠠᠨ ᠰᠢᠷᠠᠬᠤ ᠠᠷᠭ᠎ᠠ ᠶ᠋ᠢᠨ ᠠᠯᠢ ᠨᠢᠭᠡᠨ ᠢ᠋ᠶ᠋ᠡᠷ ᠨᠢ ᠴᠠᠭ ᠬᠠᠭᠠᠰ ᠰᠢᠷᠠᠭᠠᠳ ᠭᠠᠷᠭᠠᠭᠰᠠᠨ ᠢ᠋ ᠴᠢᠨᠠᠭᠠᠳ ᠰᠢᠷᠠᠭᠰᠠᠨ ᠰᠢᠭᠦᠰᠦ ᠭᠡᠨ᠎ᠡ ᠃ ᠡᠨᠡ ᠮᠥᠨ ᠣᠷᠳᠣᠰ  ᠨᠤᠲᠤᠭ ᠤ᠋ᠨ ᠳᠠᠢᠯᠠᠯᠭ᠎ᠠ ᠪᠣᠯᠤᠨ᠎ᠠ᠃ 
ᠬᠣᠨᠢᠨ ᠮᠢᠬᠠᠨ ᠰᠢᠷᠠᠯᠭ᠎ᠠ 
       ᠡᠷᠲᠡᠨ ᠦ᠌ ᠱᠣᠷᠣᠯᠢᠭ᠃ ᠮᠣᠩᠭᠣᠯᠴᠤᠳ ᠬᠣᠨᠢ ᠶ᠋ᠢ ᠪᠦᠬᠦᠯᠢ ᠪᠡᠷ ᠨᠢ ᠰᠢᠷᠠᠵᠤ ᠬᠠᠭᠰᠠᠷᠠᠭᠠᠬᠤ ᠠ᠋ᠴᠠ ᠭᠠᠳᠠᠨ᠎ᠠ ᠪᠠᠰᠠ ᠮᠥᠴᠢᠯᠡᠨ ᠲᠤᠶᠠᠴᠢᠭᠠᠳ ᠬᠡᠰᠡᠭ ᠬᠡᠰᠡᠭ ᠢ᠋ᠶ᠋ᠡᠷ ᠣᠭᠲᠣᠯᠤᠨ ᠰᠢᠷᠠᠵᠤ ᠢᠳᠡᠳᠡᠭ᠃ ᠡᠭᠦᠨ ᠢ᠋ ᠬᠣᠨᠢᠨ ᠮᠢᠬᠠᠨ ᠰᠢᠷᠠᠮᠠᠯ ᠭᠡᠨ᠎ᠡ᠃ ᠡᠨᠡ ᠪᠣᠯ ᠮᠠᠨ ᠤ᠋ ᠮᠣᠩᠭᠣᠯᠴᠤᠳ ᠤ᠋ᠨ ᠡᠷᠲᠡᠨ ᠡᠴᠡ ᠮᠠᠯ ᠮᠠᠯᠵᠢᠵᠤ᠂ ᠠᠩ ᠠᠩᠨᠠᠵᠤ ᠠᠶᠠᠨ ᠵᠢᠩ᠂ ᠴᠡᠷᠢᠭ ᠲᠡᠢᠨ ᠳ᠋ᠦ᠍ ᠮᠣᠷᠳᠠᠬᠤ ᠳ᠋ᠤ᠌ ᠲᠣᠬᠢᠷᠠᠭᠰᠠᠨ ᠳᠥᠭᠥᠮ ᠢᠳᠡᠭᠡᠨ ᠪᠢᠯᠡ᠃ ᠣᠳᠣ ᠤᠢᠭᠤᠷᠴᠤᠳ ᠲᠡᠮᠦᠷ ᠱᠣᠷᠣ ᠪᠠᠷ ᠰᠢᠷᠠᠵᠤ ᠪᠣᠢ ᠨᠢ ᠲᠡᠷᠡ ᠦᠶ᠎ᠡ ᠶ᠋ᠢᠨ ᠦᠯᠡᠳᠡᠭᠡᠯ ᠪᠣᠯᠠᠢ᠃ ᠭᠣᠣᠯᠳᠠᠭᠤ : ᠭᠠᠯ ᠲᠠᠢ ᠲᠤᠯᠭᠠᠨ ᠬᠠᠰᠠᠭ ᠳᠡᠭᠡᠷ᠎ᠡ ᠰᠢᠷᠠᠬᠤ᠂ ᠲᠦᠯᠡᠭᠡ ᠬᠣᠵᠤᠤᠯ᠎ᠠ ᠶ᠋ᠢᠨ ᠲᠣᠷᠭᠠᠨ ᠴᠣᠭ ᠳᠡᠭᠡᠷ᠎ᠡ ᠱᠣᠷᠣᠨ ᠳ᠋ᠤ᠌ ᠬᠡᠯᠬᠢᠵᠦ ᠰᠢᠷᠠᠬᠤ᠃ ᠠᠪᠠ ᠬᠣᠮᠣᠷᠭᠠᠨ ᠳ᠋ᠤ᠌ ᠶᠠᠪᠤᠪᠠᠯ᠂ ᠣᠴᠣᠭᠯᠠᠭᠰᠠᠨ ᠭᠠᠯ ᠳᠡᠭᠡᠷ᠎ᠡ ᠨᠢᠮᠭᠡᠨ ᠬᠠᠪᠲᠠᠭᠠᠢ ᠴᠢᠯᠠᠭᠤ ᠶ᠋ᠢ ᠲᠠᠯᠪᠢᠨ ᠤᠯᠠᠢᠰᠲᠠᠯ᠎ᠠ ᠬᠠᠯᠠᠭᠤᠯᠤᠭᠠᠳ ᠮᠢᠬ᠎ᠠ ᠪᠠᠨ ᠲᠠᠯᠪᠢᠨ ᠰᠢᠷᠠᠬᠤ ᠵᠡᠷᠭᠡ ᠶᠠᠩᠵᠤ ᠪᠦᠷᠢ ᠶ᠋ᠢᠨ ᠠᠷᠭ᠎ᠠ ᠶ᠋ᠢ ᠠᠪᠳᠠᠭ ᠪᠠᠢᠯ᠎ᠠ᠃