ᠳᠡᠯ ᠲᠡᠢ ᠰᠢᠪᠠᠭᠤ - ᠴᠢᠯᠠᠭᠤᠨᠴᠢᠮᠡᠭ Deltei shuvuu - Chuluunchimeg Дэлтэй шувуу - Чулуунчимэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠯ ᠲᠡᠢ ᠰᠢᠪᠠᠭᠤ - ᠴᠢᠯᠠᠭᠤᠨᠴᠢᠮᠡᠭ Deltei shuvuu - Chuluunchimeg Дэлтэй шувуу - Чулуунчимэг

ᠳᠡᠯ ᠲᠡᠢ ᠰᠢᠪᠠᠭᠤ - ᠴᠢᠯᠠᠭᠤᠨᠴᠢᠮᠡᠭ Deltei shuvuu - Chuluunchimeg Дэлтэй шувуу - Чулуунчимэг

ᠠᠩᠭᠢᠯᠠᠯ:ᠳᠠᠭᠤᠤ ᠬᠥᠭᠵᠢᠮ
2026-07-13

1334

ᠳᠡᠯ ᠲᠡᠢ ᠰᠢᠪᠠᠭᠤ


        ᠦᠭᠡ᠄ ᠵ᠂ ᠱᠠᠭᠳᠠᠷ 
        ᠠᠶ᠎ᠠ᠄ ᠭ᠂ ᠰᠡᠷᠭᠦᠯᠡᠩ 
        ᠳᠠᠭᠤᠴᠢᠨ᠄ ᠡ᠊ ᠂ ᠴᠢᠯᠠᠭᠤᠨᠴᠢᠮᠡᠭ 

ᠬᠣᠯᠠ ᠶ᠋ᠢᠨ ᠭᠠᠵᠠᠷ  ᠠ᠋ᠴᠠ ᠪᠥᠮᠪᠥᠷᠢᠨ ᠭᠦᠶᠦᠭᠡᠳ 
ᠬᠣᠯᠠᠬᠢ ᠭᠠᠵᠠᠷ  ᠤ᠋ᠨ ᠬᠠᠶᠠᠭ᠎ᠠ ᠬᠦᠷᠦᠨ᠎ᠡ 
ᠾᠦᠩᠨᠦ ᠦᠶ᠎ᠡ ᠡᠴᠡ ᠴᠤᠤᠲᠠᠢ ᠠᠵᠢᠨᠠᠢ 
ᠬᠦᠰᠡᠯ ᠦ᠋ᠨ ᠠᠯᠳᠠᠷᠠᠢ ᠳᠡᠯ ᠲᠡᠢ ᠰᠢᠪᠠᠭᠤ 
ᠳᠠᠬᠢ ᠶ᠋ᠢᠨ ᠤᠳᠤᠮᠲᠤ ᠮᠣᠩᠭᠣᠯ ᠠᠳᠤᠭᠤ 
ᠲᠠᠬᠢᠯᠭ᠎ᠠ ᠰᠦᠯᠳᠡ ᠳ᠋ᠦ᠍ ᠮᠥᠩᠬᠡᠷᠡᠭᠰᠡᠨ ᠠᠳᠤᠭᠤ 
ᠡᠷ᠎ᠡ ᠶ᠋ᠢᠨ ᠵᠠᠶᠠᠭ᠎ᠠ ᠮᠣᠯᠣᠷ ᠡᠷᠳᠡᠨᠢ 
ᠡᠷᠭᠢᠭᠡᠳ ᠣᠯᠳᠠᠰᠢ ᠦᠭᠡᠢ ᠮᠣᠷᠢᠨ ᠡᠷᠳᠡᠨᠢ 

ᠠᠳᠤᠭᠤ ᠢᠨᠴᠠᠭᠠᠬᠤ ᠳ᠋ᠤ᠌ ᠮᠣᠳᠣᠳ ᠰᠡᠷᠪᠡᠯᠵᠡᠭᠡᠳ
ᠠᠭᠲᠠ ᠶ᠋ᠢᠨ ᠲᠦᠪᠡᠷᠭᠡᠨ ᠳ᠋ᠦ᠍ ᠰᠢᠪᠠᠭᠤᠳ ᠰᠡᠷᠢᠨ᠎ᠡ ᠠ᠋ 
ᠭᠠᠩ ᠬᠡᠲᠡ ᠰᠢᠭ ᠳᠥᠷᠪᠡᠨ ᠲᠤᠭᠤᠷᠠᠢ ᠲᠠᠢ
ᠭᠠᠵᠠᠷ  ᠢ᠋ᠶ᠋ᠠᠷ ᠨᠢᠰᠦᠭᠰᠡᠨ ᠳᠡᠯ ᠲᠡᠢ ᠰᠢᠪᠠᠭᠤ
ᠳᠠᠬᠢ ᠶ᠋ᠢᠨ ᠤᠳᠤᠮᠲᠤ ᠮᠣᠩᠭᠣᠯ ᠠᠳᠤᠭᠤ
ᠲᠠᠬᠢᠯᠭ᠎ᠠ ᠰᠦᠯᠳᠡ ᠳ᠋ᠦ᠍ ᠮᠥᠩᠬᠡᠷᠡᠭᠰᠡᠨ ᠠᠳᠤᠭᠤ
ᠡᠷ᠎ᠡ ᠶ᠋ᠢᠨ ᠵᠠᠶᠠᠭ᠎ᠠ ᠮᠣᠯᠣᠷ ᠡᠷᠳᠡᠨᠢ ᠮᠢᠨᠢ ᠠ᠋
ᠡᠷᠭᠢᠭᠡᠳ ᠣᠯᠳᠠᠰᠢ ᠦᠭᠡᠢ ᠮᠣᠷᠢᠨ ᠡᠷᠳᠡᠨᠢ

ᠠᠢᠷᠠᠭ  ᠤ᠋ᠨ ᠠᠮᠲᠠ ᠳ᠋ᠤ᠌ ᠰᠡᠳᠬᠢᠯ ᠢᠷᠠᠭᠤᠰᠠᠭᠠᠳ
ᠠᠶᠠᠯᠭᠤᠲᠤ ᠬᠤᠭᠤᠷ  ᠤ᠋ᠨ ᠴᠢᠪᠬᠠᠳᠠᠰᠤ ᠬᠥᠪᠴᠢᠷᠡᠨ᠎ᠡ
ᠭᠠᠯ ᠲᠠᠢ ᠣᠳᠣ ᠬᠣᠯᠠ ᠶ᠋ᠢᠨ ᠪᠠᠷ᠎ᠠ
ᠳᠡᠯ ᠲᠡᠢ ᠰᠢᠪᠠᠭᠤᠳ ᠦᠯᠢᠭᠡᠷ ᠦ᠋ᠨ ᠬᠦᠯᠦᠭ ᠠ᠋
ᠳᠠᠬᠢ ᠶ᠋ᠢᠨ ᠤᠳᠤᠮᠲᠤ ᠮᠣᠩᠭᠣᠯ ᠠᠳᠤᠭᠤ
ᠲᠠᠬᠢᠯᠭ᠎ᠠ ᠰᠦᠯᠳᠡ ᠳ᠋ᠦ᠍ ᠮᠥᠩᠬᠡᠷᠡᠭᠰᠡᠨ ᠠᠳᠤᠭᠤ
ᠡᠷ᠎ᠡ ᠶ᠋ᠢᠨ ᠵᠠᠶᠠᠭ᠎ᠠ ᠮᠣᠯᠣᠷ ᠡᠷᠳᠡᠨᠢ ᠮᠢᠨᠢ ᠠ᠋
ᠡᠷᠭᠢᠭᠡᠳ ᠣᠯᠳᠠᠰᠢ ᠦᠭᠡᠢ ᠮᠣᠷᠢᠨ ᠡᠷᠳᠡᠨᠢ
ᠳᠠᠬᠢ ᠶ᠋ᠢᠨ ᠤᠳᠤᠮᠲᠤ ᠮᠣᠩᠭᠣᠯ ᠠᠳᠤᠭᠤ
ᠲᠠᠬᠢᠯᠭ᠎ᠠ ᠰᠦᠯᠳᠡ ᠳ᠋ᠦ᠍ ᠮᠥᠩᠬᠡᠷᠡᠭᠰᠡᠨ ᠠᠳᠤᠭᠤ
ᠡᠷ᠎ᠡ ᠶ᠋ᠢᠨ ᠵᠠᠶᠠᠭ᠎ᠠ ᠮᠣᠯᠣᠷ ᠡᠷᠳᠡᠨᠢ ᠮᠢᠨᠢ ᠠ᠋
ᠡᠷᠭᠢᠭᠡᠳ ᠣᠯᠳᠠᠰᠢ ᠦᠭᠡᠢ ᠮᠣᠷᠢᠨ ᠡᠷᠳᠡᠨᠢ
ᠡᠷᠭᠢᠭᠡᠳ ᠣᠯᠳᠠᠰᠢ ᠦᠭᠡᠢ ᠮᠣᠷᠢᠨ ᠡᠷᠳᠡᠨᠢ

       ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
       ᠬᠢᠨᠠᠭᠴᠢ᠄ ᠤᠤᠭᠠᠨᠵᠢᠳ