ᠬᠠᠲᠤᠨ ᠵᠢᠷᠦᠬᠡᠨ ᠦ ᠬᠠᠢᠷ᠎ᠠ-ᠤᠷᠠᠨᠵᠠᠶᠠᠭ᠎ᠠУранзаяа Хатан зүрхний хайр
ᠬᠠᠲᠤᠨ ᠵᠢᠷᠦᠬᠡᠨ ᠦ ᠬᠠᠢᠷ᠎ᠠ
ᠦᠭᠡ᠄ ᠴ᠂ ᠴᠠᠭᠨᠠᠳᠣᠷᠵᠢ
ᠠᠶ᠎ᠠ᠄ ᠲ᠂ ᠨᠠᠢᠳᠠᠨᠵᠠᠪ
ᠳᠠᠭᠤᠴᠢᠨ᠄ ᠤ᠋᠂ ᠤᠷᠠᠨᠵᠠᠶᠠᠭ᠎ᠠ
ᠲᠡᠭᠷᠢ ᠶ᠋ᠢᠨ ᠰᠢᠪᠠᠭᠤᠳ ᠡᠪᠦᠯ ᠦ᠋ᠨ ᠴᠠᠰᠤ ᠰᠢᠭ᠋ ᠪᠤᠲᠠᠷᠠᠭᠠᠳ ᠯᠠ ᠪᠠᠢᠨ᠎ᠠ
ᠲᠡᠷᠭᠡᠯ ᠰᠠᠷᠠᠨ ᠴᠠᠭᠠᠨ ᠡᠭᠦᠯᠡ ᠰᠢᠭ ᠨᠡᠭᠦᠭᠡᠳ ᠪᠠᠢᠨ᠎ᠠ
ᠬᠤᠯᠤᠰᠤᠨ ᠯᠢᠩᠪᠦ ᠪᠡᠷ ᠰᠠᠯᠬᠢ ᠤᠶᠠᠷᠠᠭᠠᠨ ᠲᠣᠭᠯᠠᠮᠠᠷ ᠪᠠᠢᠨ᠎ᠠ
ᠬᠠᠢᠷᠠᠲᠠᠢ ᠴᠢᠮ᠎ᠠ ᠶ᠋ᠢ ᠪᠡᠨ ᠳᠡᠩᠳᠡᠭᠦᠦ ᠶᠡᠬᠡ ᠪᠡᠷ ᠰᠠᠨᠠᠯ᠎ᠠ ᠳᠠ
ᠬᠠᠨᠢ ᠨᠢ ᠴᠢᠮ᠎ᠠ ᠳ᠋ᠤ᠌ ᠪᠠᠨ ᠳᠡᠩᠳᠡᠭᠦᠦ ᠬᠠᠢᠷᠠᠲᠠᠢ ᠪᠣᠯᠬᠣᠷ ᠢ᠋ᠶ᠋ᠠᠨ
ᠬᠠᠲᠤᠨ ᠵᠢᠷᠦᠬᠡᠨ ᠦ᠌ ᠮᠢᠨᠢ ᠲᠡᠭᠷᠢ ᠰᠢᠲᠦᠭᠡᠨ ᠶᠦᠮ ᠰᠢᠦ ᠳᠧ
ᠬᠠᠢᠷᠠᠲᠤ ᠮᠢᠨᠢ ᠴᠢᠮ᠎ᠠ ᠶ᠋ᠢ ᠪᠡᠨ ᠬᠠᠢᠷᠠᠯᠠᠨ ᠰᠠᠨᠠᠳᠠᠭ ᠪᠣᠯᠬᠣᠷ ᠢ᠋ᠶ᠋ᠠᠨ
ᠬᠠᠯᠠᠭᠤᠬᠠᠨ ᠰᠡᠳᠬᠢᠯ ᠦ᠋ᠨ ᠮᠢᠨᠢ ᠮᠥᠩᠬᠡ ᠶ᠋ᠢᠨ ᠲᠦᠰᠢᠭ ᠶᠦᠮ ᠰᠢᠦ ᠳᠧ
ᠰᠣᠷᠮᠤᠤᠰᠤ ᠨᠢᠳᠦᠨ ᠳ᠋ᠦ᠍ ᠰᠣᠪᠣᠳᠣᠨ ᠨᠢᠯᠪᠤᠰᠤ ᠮᠡᠯᠮᠡᠷᠡᠭᠡᠳ ᠪᠠᠢᠨ᠎ᠠ
ᠰᠣᠨᠳᠣᠷ ᠰᠡᠳᠬᠢᠯ ᠲᠣᠷᠭᠠᠨ ᠠᠯᠴᠢᠭᠤᠷ ᠰᠢᠭ᠋ ᠬᠡᠢᠰᠦᠭᠡᠷᠡᠢ
ᠴᠢᠯᠠᠭᠤᠨ ᠯᠢᠩᠪᠦ ᠪᠡᠷ ᠡᠪᠡᠰᠦ ᠪᠥᠬᠥᠢᠯᠭᠡᠨ ᠲᠣᠭᠯᠠᠮᠠᠷ ᠪᠠᠢᠨ᠎ᠠ
ᠴᠢᠨᠦᠬᠢ ᠪᠡᠨ ᠲᠤᠬᠠᠢ ᠬᠠᠢᠷ᠎ᠠ ᠶ᠋ᠢᠨ ᠳᠠᠭᠤᠤ ᠪᠠᠨ ᠳᠠᠭᠤᠯᠠᠯ᠎ᠠ ᠳᠠ
ᠬᠠᠨᠢ ᠮᠢᠨᠢ ᠴᠢᠮ᠎ᠠ ᠳ᠋ᠤ᠌ ᠪᠠᠨ ᠳᠡᠩᠳᠡᠭᠦᠦ ᠬᠠᠢᠷᠠᠲᠠᠢ ᠪᠣᠯᠬᠣᠷ ᠢ᠋ᠶ᠋ᠠᠨ
ᠬᠠᠲᠤᠨ ᠵᠢᠷᠦᠬᠡᠨ ᠦ᠌ ᠮᠢᠨᠢ ᠲᠡᠭᠷᠢ ᠰᠢᠲᠦᠭᠡᠨ ᠶᠦᠮ ᠰᠢᠦ ᠳᠧ
ᠬᠠᠢᠷᠠᠲᠤ ᠮᠢᠨᠢ ᠴᠢᠮ᠎ᠠ ᠶ᠋ᠢ ᠪᠡᠨ ᠬᠠᠢᠷᠠᠯᠠᠨ ᠰᠠᠨᠠᠳᠠᠭ ᠪᠣᠯᠬᠣᠷ ᠢ᠋ᠶ᠋ᠠᠨ
ᠬᠠᠯᠠᠭᠤᠬᠠᠨ ᠰᠡᠳᠬᠢᠯ ᠦ᠋ᠨ ᠮᠢᠨᠢ ᠮᠥᠩᠬᠡ ᠶ᠋ᠢᠨ ᠲᠦᠰᠢᠭ ᠶᠦᠮ ᠰᠢᠦ ᠳᠧ
ᠰᠠᠨᠠᠭᠰᠠᠨ ᠰᠡᠳᠬᠢᠯ ᠴᠡᠩᠬᠡᠷ ᠭᠣᠷᠣᠬ᠎ᠠ ᠰᠢᠭ᠋ ᠤᠷᠤᠰᠤᠭᠠᠳ ᠪᠠᠢᠨ᠎ᠠ
ᠰᠠᠢᠬᠠᠨ ᠳᠦᠷᠢ ᠴᠢᠨᠢ ᠵᠢᠷᠦᠬᠡᠨ ᠳ᠋ᠦ᠍ ᠦᠷᠭᠦᠯᠵᠢ ᠬᠣᠨᠣᠭᠰᠢᠯᠠ ᠳᠠ
ᠲᠣᠷᠭᠠᠨ ᠯᠢᠩᠪᠦ ᠪᠡᠷ ᠨᠠᠪᠴᠢᠰ ᠬᠡᠢᠰᠬᠡᠨ ᠲᠣᠭᠯᠠᠮᠠᠷ ᠪᠠᠢᠨ᠎ᠠ
ᠲᠣᠭᠣᠷᠤᠨ ᠳᠠᠭᠤᠨ ᠢ᠋ᠶ᠋ᠠᠷ ᠴᠢᠮ᠎ᠠ ᠶ᠋ᠢ ᠰᠠᠨᠠᠨ ᠵᠣᠭᠰᠣᠯ᠎ᠠ ᠳᠠ
ᠬᠠᠨᠢ ᠮᠢᠨᠢ ᠴᠢᠮ᠎ᠠ ᠳ᠋ᠤ᠌ ᠪᠠᠨ ᠳᠡᠩᠳᠡᠭᠦᠦ ᠬᠠᠢᠷᠠᠲᠠᠢ ᠪᠣᠯᠬᠣᠷ ᠢ᠋ᠶ᠋ᠠᠨ
ᠬᠠᠲᠤᠨ ᠵᠢᠷᠦᠬᠡᠨ ᠦ᠌ ᠮᠢᠨᠢ ᠲᠡᠭᠷᠢ ᠰᠢᠲᠦᠭᠡᠨ ᠶᠦᠮ ᠰᠢᠦ ᠳᠧ
ᠬᠠᠢᠷᠠᠲᠤ ᠮᠢᠨᠢ ᠴᠢᠮ᠎ᠠ ᠶ᠋ᠢ ᠪᠡᠨ ᠬᠠᠢᠷᠠᠯᠠᠨ ᠰᠠᠨᠠᠳᠠᠭ ᠪᠣᠯᠬᠣᠷ ᠢ᠋ᠶ᠋ᠠᠨ
ᠬᠠᠯᠠᠭᠤᠬᠠᠨ ᠰᠡᠳᠬᠢᠯ ᠦ᠋ᠨ ᠮᠢᠨᠢ ᠮᠥᠩᠬᠡ ᠶ᠋ᠢᠨ ᠲᠦᠰᠢᠭ ᠶᠦᠮ ᠰᠢᠦ ᠳᠧ
ᠬᠠᠨᠢ ᠮᠢᠨᠢ ᠴᠢᠮ᠎ᠠ ᠳ᠋ᠤ᠌ ᠪᠠᠨ ᠳᠡᠩᠳᠡᠭᠦᠦ ᠬᠠᠢᠷᠠᠲᠠᠢ ᠪᠣᠯᠬᠣᠷ ᠢ᠋ᠶ᠋ᠠᠨ
ᠬᠠᠲᠤᠨ ᠵᠢᠷᠦᠬᠡᠨ ᠦ᠌ ᠮᠢᠨᠢ ᠲᠡᠭᠷᠢ ᠰᠢᠲᠦᠭᠡᠨ ᠶᠦᠮ ᠰᠢᠦ ᠳᠧ
ᠬᠠᠢᠷᠠᠲᠤ ᠮᠢᠨᠢ ᠴᠢᠮ᠎ᠠ ᠶ᠋ᠢ ᠪᠡᠨ ᠬᠠᠢᠷᠠᠯᠠᠨ ᠰᠠᠨᠠᠳᠠᠭ ᠪᠣᠯᠬᠣᠷ ᠢ᠋ᠶ᠋ᠠᠨ
ᠬᠠᠯᠠᠭᠤᠬᠠᠨ ᠰᠡᠳᠬᠢᠯ ᠦ᠋ᠨ ᠮᠢᠨᠢ ᠮᠥᠩᠬᠡ ᠶ᠋ᠢᠨ ᠲᠦᠰᠢᠭ ᠶᠦᠮ ᠰᠢᠦ ᠳᠧ
ᠬᠠᠯᠠᠭᠤᠬᠠᠨ ᠰᠡᠳᠬᠢᠯ ᠦ᠋ᠨ ᠮᠢᠨᠢ ᠮᠥᠩᠬᠡ ᠶ᠋ᠢᠨ ᠲᠦᠰᠢᠭ ᠶᠦᠮ ᠰᠢᠦ ᠳᠧ
ᠦᠭᠡ ᠬᠠᠲᠠᠵᠤ ᠠᠮᠢᠯᠠᠭᠤᠯᠤᠭᠴᠢ᠄ ᠬᠠᠷᠠᠭᠳᠠᠨ ᠷ᠂ ᠴᠢᠷᠮᠠᠢᠯᠳᠣ
ᠬᠢᠨᠠᠭᠴᠢ᠄ ᠪᠠᠳᠠᠷᠠᠯᠲᠤ
