ᠥᠯᠥᠭᠡᠢ ᠨᠤᠲᠤᠭ ᠢ᠋ᠶ᠋ᠠᠨ ᠮᠠᠭᠲᠠᠨ ᠳᠠᠭᠤᠯᠠᠶ᠎ᠠ- ᠮᠠᠨᠳᠤᠬᠤ ᠪᠠᠭᠰᠢ ᠶ᠋ᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠯᠥᠭᠡᠢ ᠨᠤᠲᠤᠭ ᠢ᠋ᠶ᠋ᠠᠨ ᠮᠠᠭᠲᠠᠨ ᠳᠠᠭᠤᠯᠠᠶ᠎ᠠ- ᠮᠠᠨᠳᠤᠬᠤ ᠪᠠᠭᠰᠢ ᠶ᠋ᠢᠨ ᠤᠷᠠᠨ ᠪᠢᠴᠢᠯᠭᠡ

ᠥᠯᠥᠭᠡᠢ ᠨᠤᠲᠤᠭ ᠢ᠋ᠶ᠋ᠠᠨ ᠮᠠᠭᠲᠠᠨ ᠳᠠᠭᠤᠯᠠᠶ᠎ᠠ- ᠮᠠᠨᠳᠤᠬᠤ ᠪᠠᠭᠰᠢ ᠶ᠋ᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2024-01-09

445

ᠥᠯᠥᠭᠡᠢ ᠨᠤᠲᠤᠭ ᠢ᠋ᠶ᠋ᠠᠨ ᠮᠠᠭᠲᠠᠨ ᠳᠠᠭᠤᠯᠠᠶ᠎ᠠ


ᠲᠩᠷᠢ ᠡᠴᠡ ᠢᠪᠡᠭᠡᠯ ᠲᠡᠢ ᠨᠤᠲᠤᠭ ᠮᠢᠨᠢ ᠰᠠᠷᠠᠭᠤᠯᠬᠠᠨ 
ᠳᠡᠭᠡᠳᠦᠰ ᠡᠴᠡ ᠢᠷᠦᠭᠡᠯ ᠲᠡᠢ ᠥᠯᠥᠭᠡᠢ ᠮᠢᠨᠢ ᠳᠤᠯᠠᠭᠠᠨ 
ᠮᠠᠯᠵᠢᠯ ᠤ᠋ᠨ ᠰᠣᠶᠣᠯ ᠲᠠᠢ ᠬᠥᠳᠡᠭᠡ ᠮᠢᠨᠢ ᠠᠭᠤᠳᠠᠮᠬᠠᠨ 
ᠮᠣᠩᠭᠣᠯ ᠤᠳᠤᠮ ᠲᠠᠢ ᠠᠷᠠᠳ ᠮᠢᠨᠢ ᠰᠠᠢᠬᠠᠨ 
ᠥᠨᠢᠷ ᠪᠠᠶᠠᠯᠢᠭ ᠮᠣᠩᠭᠣᠯ ᠨᠤᠲᠤᠭ ᠮᠢᠨᠢ 
ᠥᠷᠥᠴᠡ ᠵᠢᠷᠦᠬᠡᠨ ᠦ᠌ ᠭᠦᠨ ᠡᠴᠡ ᠤᠶᠠᠭ᠎ᠠ ᠲᠠᠢ 
ᠡᠭᠦᠷᠢᠳᠡ ᠬᠥᠭᠵᠢᠬᠦ ᠶ᠋ᠢᠨ ᠢᠷᠦᠭᠡᠯ ᠰᠢᠩᠭᠡᠭᠰᠡᠨ 
ᠦᠯᠦᠬᠡᠷ ᠨᠤᠲᠤᠭ ᠢ᠋ᠶ᠋ᠠᠨ ᠮᠠᠭᠲᠠᠨ ᠳᠠᠭᠤᠯᠠᠶ᠎ᠠ ᠃  

ᠦᠵᠡᠮᠵᠢ ᠪᠦᠷᠢᠳᠦᠭᠰᠡᠨ ᠲᠠᠯ᠎ᠠ ᠮᠢᠨᠢ ᠭᠣᠶᠣᠬᠠᠨ
ᠣᠪᠣᠭ᠎ᠠ ᠰᠦᠯᠳᠡ ᠶ᠋ᠢᠨ ᠰᠢᠲᠦᠭᠡᠨ ᠮᠢᠨᠢ ᠰᠥᠷᠯᠡᠭᠦᠨ
ᠦᠯᠢᠭᠡᠷ ᠳᠠᠭᠤᠤ ᠲᠠᠢ ᠲᠡᠦᠬᠡ ᠮᠢᠨᠢ ᠲᠣᠳᠣᠬᠠᠨ
ᠠᠤᠭ᠎ᠠ ᠪᠦᠲᠦᠭᠡᠯ ᠲᠡᠢ ᠮᠠᠯᠴᠢᠳ ᠮᠢᠨᠢ ᠴᠡᠩᠭᠡᠯᠭᠦᠨ
ᠥᠨᠢᠷ ᠪᠠᠶᠠᠯᠢᠭ ᠮᠣᠩᠭᠣᠯ ᠨᠤᠲᠤᠭ ᠮᠢᠨᠢ
ᠥᠷᠥᠴᠡ ᠵᠢᠷᠦᠬᠡᠨ ᠦ᠌ ᠭᠦᠨ ᠡᠴᠡ ᠤᠶᠠᠭ᠎ᠠ ᠲᠠᠢ
ᠡᠭᠦᠷᠢᠳᠡ ᠬᠥᠭᠵᠢᠬᠦ ᠶ᠋ᠢᠨ ᠢᠷᠦᠭᠡᠯ ᠰᠢᠩᠭᠡᠭᠰᠡᠨ
ᠦᠯᠦᠬᠡᠷ ᠨᠤᠲᠤᠭ ᠢ᠋ᠶ᠋ᠠᠨ ᠮᠠᠭᠲᠠᠨ ᠳᠠᠭᠤᠯᠠᠶ᠎ᠠ᠃ 

ᠮᠣᠩᠭᠣᠯ ᠮᠣᠷᠢᠨ ᠤ᠋ ᠮᠢᠨᠢ ᠰᠢᠨᠳᠠᠰᠤ ᠡᠷᠴᠢᠯᠡᠭᠦᠨ
ᠮᠠᠨᠳᠤᠬᠤ ᠲᠥᠷᠥ ᠶ᠋ᠢᠨ ᠰᠣᠶᠣᠯ ᠮᠢᠨᠢ ᠬᠥᠭᠵᠢᠭᠦᠨ
ᠤᠷᠲᠤ ᠶ᠋ᠢᠨ ᠳᠠᠭᠤᠤ ᠮᠢᠨᠢ ᠢᠷᠠᠭᠤ ᠡᠭᠡᠰᠢᠭᠯᠡᠭᠦᠨ
ᠣᠷᠳᠣᠰ ᠬᠤᠷᠢᠮ ᠤ᠋ᠨ ᠮᠢᠨᠢ ᠶᠣᠰᠣ ᠲᠥᠪᠯᠡᠷᠡᠭᠦᠨ
ᠥᠨᠢᠷ ᠪᠠᠶᠠᠯᠢᠭ ᠮᠣᠩᠭᠣᠯ ᠨᠤᠲᠤᠭ ᠮᠢᠨᠢ
ᠥᠷᠥᠴᠡ ᠵᠢᠷᠦᠬᠡᠨ ᠦ᠌ ᠭᠦᠨ ᠡᠴᠡ ᠤᠶᠠᠭ᠎ᠠ ᠲᠠᠢ
ᠡᠭᠦᠷᠢᠳᠡ ᠬᠥᠭᠵᠢᠬᠦ ᠶ᠋ᠢᠨ ᠢᠷᠦᠭᠡᠯ ᠰᠢᠩᠭᠡᠭᠰᠡᠨ
ᠦᠯᠦᠬᠡᠷ ᠨᠤᠲᠤᠭ ᠢ᠋ᠶ᠋ᠠᠨ ᠮᠠᠭᠲᠠᠨ ᠳᠠᠭᠤᠯᠠᠶ᠎ᠠ ᠃  

 ᠦᠰᠦᠭ ᠠᠮᠢᠯᠠᠭᠤᠯᠤᠭᠴᠢ ᠄  ᠤᠤᠭᠠᠨᠵᠢᠳ
 ᠬᠢᠨᠠᠭᠴᠢ᠄ ᠮᠡᠷᠭᠡᠨᠪᠢᠯᠢᠭ