ᠳᠣᠷᠣᠢᠲᠠᠵᠤ ᠪᠠᠢᠬᠤ ᠵᠠᠩ- ᠫ· ᠸᠠᠩᠳᠢᠩᠪᠤᠤДоройдож байх жан-П·Вандинбуу
ᠳᠣᠷᠣᠢᠲᠠᠵᠤ ᠪᠠᠢᠬᠤ ᠵᠠᠩ
ᠫ· ᠸᠠᠩᠳᠢᠩᠪᠤᠤ
ᠱᠠᠮᠰᠢᠵᠤ ᠪᠦᠷᠢᠯᠭᠡᠵᠦ ᠤᠯᠤᠰ ᠢ᠋ ᠬᠥᠨᠥᠭᠡᠬᠦ
ᠠᠪᠯᠢᠭᠠᠴᠢ ᠨᠣᠶᠠᠳ ᠤ᠋ᠨ ᠵᠠᠩ
ᠱᠠᠯᠢᠭ ᠵᠠᠪᠬᠠᠢ ᠰᠠᠮᠠᠭᠤᠨ ᠶᠠᠪᠤᠬᠤ
ᠲᠠᠩᠬᠠᠢ ᠮᠠᠭᠤ ᠶ᠋ᠢᠨ ᠵᠠᠩ
ᠰᠠᠨᠠᠭᠠᠨ ᠳᠤᠷ᠎ᠠ ᠪᠠᠷ ᠡᠯᠳᠡᠪ ᠠᠭᠠᠰᠢᠯᠠᠬᠤ
ᠪᠣᠯᠪᠠᠰᠤᠷᠠᠯ ᠮᠠᠭᠤ ᠶ᠋ᠢᠨ ᠵᠠᠩ
ᠰᠠᠵᠢᠵᠤ ᠭᠦᠪᠢᠭᠡᠳ ᠰᠠᠪᠠ ᠪᠠᠨ ᠬᠣᠭᠣᠰᠣᠯᠠᠬᠤ
ᠠᠷᠪᠢᠯᠠᠬᠤ ᠮᠠᠭᠤ ᠶ᠋ᠢᠨ ᠵᠠᠩ
ᠣᠯᠠᠨ ᠢ᠋ ᠭᠠᠰᠠᠯᠭᠠᠵᠤ ᠵᠣᠪᠠᠭᠠᠬᠤ ᠨᠢ
ᠲᠥᠷᠥ ᠪᠠᠷᠢᠭᠴᠢᠳ ᠤ᠋ᠨ ᠮᠠᠭᠤ
ᠣᠯᠠᠨ ᠠᠯᠪᠠᠲᠠᠨ ᠥᠷᠢ ᠳ᠋ᠦ᠍ ᠤᠨᠠᠭᠰᠠᠨ ᠨᠢ
ᠠᠰᠠᠷ ᠲᠡᠷᠭᠡ ᠶ᠋ᠢᠨ ᠮᠠᠭᠤ
ᠣᠷᠣᠯᠭ᠎ᠠ ᠮᠠᠭᠤᠳᠠᠵᠤ ᠮᠠᠯᠴᠢᠳ ᠥᠷᠢᠳᠡᠭᠰᠡᠨ
ᠵᠠᠷᠤᠳᠠᠯ ᠶᠡᠬᠡ ᠶ᠋ᠢᠨ ᠮᠠᠭᠤ
ᠣᠯᠵᠠ ᠠᠰᠢᠭ ᠲᠤ ᠰᠢᠨᠤᠵᠤ ᠭᠣᠷᠢᠳᠠᠬᠤ
ᠬᠤᠪᠢᠨᠴᠢᠷ ᠪᠣᠳᠣᠯ ᠤ᠋ᠨ ᠮᠠᠭᠤ
ᠪᠠᠭᠰᠢ ᠪᠠᠢᠭᠠᠳ ᠮᠥᠩᠭᠥᠨ ᠳ᠋ᠦ᠍ ᠰᠢᠨᠤᠬᠤ
ᠪᠠᠯᠠᠢ ᠮᠠᠭᠤᠬᠠᠢ ᠵᠠᠩ
ᠪᠠᠨᠳᠢ ᠪᠠᠢᠭᠠᠳ ᠬᠡᠦᠬᠡᠨ ᠳ᠋ᠦ᠍ ᠰᠢᠨᠤᠬᠤ
ᠱᠠᠯᠢᠭ ᠮᠠᠭᠤᠬᠠᠢ ᠵᠠᠩ
ᠪᠠᠷᠢᠯᠭ᠎ᠠ ᠪᠠᠷᠢᠭᠠᠳ ᠨᠤᠷᠠᠵᠤ ᠰᠦᠢᠷᠡᠬᠦ
ᠴᠢᠨᠠᠷ ᠮᠠᠭᠤ ᠶ᠋ᠢᠨ ᠤᠷᠰᠢᠭ
ᠪᠠᠶᠠᠨ ᠪᠠᠢᠭᠠᠳ ᠶᠠᠳᠠᠭᠤᠷᠠᠬᠤ ᠶᠠᠪᠤᠳᠠᠯ
ᠵᠠᠶᠠᠭ᠎ᠠ ᠮᠠᠭᠤ ᠶ᠋ᠢᠨ ᠤᠷᠰᠢᠭ
ᠰᠤᠷᠭᠠᠭᠤᠯᠢ ᠪᠣᠯᠭᠠᠨ ᠰᠤᠷᠤᠭᠴᠢ ᠶ᠋ᠢ ᠵᠣᠪᠠᠭᠠᠬᠤ
ᠰᠢᠯᠭᠠᠯᠲᠠ ᠠᠷᠭᠠᠴᠠᠬᠤ ᠵᠠᠩ
ᠰᠤᠷᠤᠯᠭ᠎ᠠ ᠶ᠋ᠢᠨ ᠪᠦᠲᠦᠮᠵᠢ ᠪᠡᠷ ᠪᠠᠭᠰᠢ ᠶ᠋ᠢ ᠦᠨᠡᠯᠡᠬᠦ
ᠣᠳᠣ ᠦᠶ᠎ᠡ ᠶ᠋ᠢᠨ ᠵᠠᠩ
ᠰᠤᠷᠭᠠᠨ ᠬᠥᠮᠦᠵᠢᠯ ᠠᠮᠵᠢᠯᠲᠠ ᠣᠯᠳᠠᠭ ᠦᠭᠡᠢ
ᠤᠳᠠᠭᠠᠨ ᠵᠢᠯ ᠦ᠋ᠨ ᠵᠠᠩ
ᠰᠤᠷᠤᠯᠭ᠎ᠠ ᠶ᠋ᠢᠨ ᠰᠦᠢᠳᠬᠡᠯ ᠥᠨᠳᠥᠷ ᠪᠠᠢᠳᠠᠭ
ᠣᠷᠣᠨ ᠪᠦᠰᠡ ᠶ᠋ᠢᠨ ᠵᠠᠩ
ᠭᠠᠢᠯᠢ ᠲᠠᠲᠠᠪᠤᠷᠢ ᠣᠯᠠᠰᠢᠷᠠᠵᠤ ᠬᠦᠨᠳᠦᠷᠡᠪᠡᠯ
ᠭᠠᠴᠢᠭᠳᠠᠵᠤ ᠪᠠᠢᠬᠤ ᠵᠠᠩ
ᠭᠠᠳᠠᠭᠠᠳᠤ ᠳᠣᠲᠣᠭᠠᠳᠤ ᠮᠠᠭᠤᠳᠠᠯᠴᠠᠵᠤ ᠪᠠᠢᠪᠠᠯ
ᠡᠪᠳᠡᠷᠡᠵᠦ ᠪᠠᠢᠬᠤ ᠵᠠᠩ
ᠠᠵᠤ ᠠᠬᠤᠢᠯᠠᠯ ᠳᠣᠷᠣᠢᠲᠠᠵᠤ ᠪᠠᠢᠪᠠᠯ
ᠬᠥᠭᠵᠢᠯᠲᠡ ᠮᠠᠭᠤᠳᠠᠬᠤ ᠵᠠᠩ
ᠠᠷᠠᠳ ᠢᠷᠭᠡᠳ ᠶᠠᠳᠠᠭᠤᠷᠠᠵᠤ ᠪᠠᠢᠪᠠᠯ
ᠳᠣᠷᠣᠢᠲᠠᠵᠤ ᠪᠠᠢᠬᠤ ᠵᠠᠩ
2024.01.04
ᠦᠰᠦᠭ ᠠᠮᠢᠯᠠᠭᠤᠯᠤᠭᠴᠢ᠄ ᠲᠣᠭᠳᠠᠭᠤᠨᠪᠠᠶᠠᠷ
ᠬᠢᠨᠠᠭᠴᠢ᠄ ᠣᠳᠬᠠᠨᠰᠣ᠎ᠠ
