ᠨᠤᠲᠤᠭ- ᠱ· ᠴᠢᠮᠡᠳᠽᠠᠶ᠎ᠠ ᠯ· ᠰᠠᠢᠨᠬᠦᠦНутаг-Ш·Чимэдзаяа Л·Сайнхүү ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠤᠲᠤᠭ- ᠱ· ᠴᠢᠮᠡᠳᠽᠠᠶ᠎ᠠ ᠯ· ᠰᠠᠢᠨᠬᠦᠦНутаг-Ш·Чимэдзаяа Л·Сайнхүү

ᠨᠤᠲᠤᠭ- ᠱ· ᠴᠢᠮᠡᠳᠽᠠᠶ᠎ᠠ ᠯ· ᠰᠠᠢᠨᠬᠦᠦНутаг-Ш·Чимэдзаяа Л·Сайнхүү

ᠠᠩᠭᠢᠯᠠᠯ:ᠳᠠᠭᠤᠤ ᠬᠥᠭᠵᠢᠮ
2024-01-08

887

ᠨᠤᠲᠤᠭ

   ᠦᠭᠡ᠄ ᠯ·ᠡᠷᠳᠡᠨᠢᠪᠠᠲᠤ 
   ᠠᠶ᠎ᠠ᠄ ᠱ· ᠦᠯᠵᠡᠢᠪᠠᠶᠠᠷ  
   ᠱ· ᠴᠢᠮᠡᠳᠽᠠᠶ᠎ᠠ ᠭᠠᠷ ᠱᠠᠪᠢ ᠯ· ᠰᠠᠢᠨᠬᠦᠦ ᠲᠡᠢ ᠳᠠᠭᠤᠯᠠᠨ᠎ᠠ 
ᠲᠣᠷᠤᠮᠠᠨ ᠲᠣᠷᠤᠮᠠᠨ ᠡᠭᠦᠯᠡᠰ ᠨᠢ ᠠᠢ ᠬᠦ  
ᠲᠤᠯᠤᠭᠠᠳ ᠳᠠᠮᠵᠢᠨ ᠡᠷᠬᠡᠯᠡᠳᠡᠭ ᠨᠤᠲᠤᠭ ᠳᠠ 
ᠪᠣᠲᠣᠭᠣᠨ ᠴᠡᠩᠬᠡᠷ ᠰᠡᠪᠰᠢᠶ᠎ᠡ ᠨᠢ ᠠᠢ ᠬᠦ 
ᠪᠣᠷᠣᠭᠠᠨ ᠤ᠋ ᠦᠨᠦᠷ ᠲᠡᠢ ᠰᠠᠨᠠᠭᠳᠠᠳᠠᠭ ᠨᠤᠲᠤᠭ ᠳᠠ 
ᠵᠣᠷᠢᠭᠠᠳ ᠣᠴᠢᠮᠠᠷ ᠨᠤᠲᠤᠭ ᠲᠠᠭᠠᠨ 
ᠵᠣᠷᠢᠭ ᠢ᠋ᠶ᠋ᠠᠷ ᠵᠣᠷᠢᠭ ᠢ᠋ᠶ᠋ᠠᠷ ᠵᠢᠷᠭᠠᠮᠠᠷ ᠠ᠋ 
ᠰᠠᠨᠠᠨ ᠰᠠᠨᠠᠨ ᠣᠴᠢᠮᠠᠷ ᠠ᠋ 
ᠰᠠᠭᠠᠲᠠᠨ ᠰᠠᠭᠠᠳᠠᠨ ᠴᠡᠩᠭᠡᠮᠡᠷ ᠠ᠋ 
ᠲᠡᠮᠡᠭᠡ ᠲᠡᠮᠡᠭᠡ ᠠᠭᠤᠯᠠᠰ ᠨᠢ ᠠᠢ ᠬᠦ 
ᠲᠩᠷᠢ ᠳ᠋ᠦ᠍ ᠣᠢᠷᠠᠬᠠᠨ ᠬᠠᠷᠠᠭᠳᠠᠳᠠᠭ ᠨᠤᠲᠤᠭ ᠳᠠ
ᠳᠡᠯᠡᠮᠡᠨ ᠳᠡᠯᠡᠮᠡᠨ ᠵᠡᠷᠭᠡᠯᠭᠡ ᠨᠢ ᠠᠢ ᠬᠦ
ᠡᠩᠭᠡᠷ ᠭᠡᠵᠢᠭᠡᠳᠡᠨ ᠮᠢᠷᠠᠯᠵᠠᠳᠠᠭ ᠨᠤᠲᠤᠭ ᠳᠠ
ᠵᠣᠷᠢᠭᠠᠳ ᠣᠴᠢᠮᠠᠷ ᠨᠤᠲᠤᠭ ᠲᠠᠭᠠᠨ
ᠵᠣᠷᠢᠭ ᠢ᠋ᠶ᠋ᠠᠷ ᠵᠣᠷᠢᠭ ᠢ᠋ᠶ᠋ᠠᠷ ᠵᠢᠷᠭᠠᠮᠠᠷ ᠠ᠋
ᠰᠠᠨᠠᠨ ᠰᠠᠨᠠᠨ ᠣᠴᠢᠮᠠᠷ ᠠ᠋
ᠰᠠᠭᠠᠳᠠᠨ ᠰᠠᠭᠠᠳᠠᠨ ᠴᠡᠩᠭᠡᠮᠡᠷ ᠠ᠋
ᠢᠷᠡᠬᠦ ᠪᠤᠴᠠᠬᠤ ᠶ᠋ᠢᠨ ᠣᠷᠴᠢᠯᠠᠩ ᠳ᠋ᠤ᠌ ᠠᠢ ᠬᠦ
ᠡᠵᠢ ᠠᠪᠤ ᠶ᠋ᠢᠨ ᠨᠥᠮᠥᠷᠢ ᠲᠡᠢ ᠯᠡ ᠨᠤᠲᠤᠭ ᠳᠠ 
ᠡᠩᠬᠦᠷᠡᠢᠯᠡᠵᠦ ᠰᠢᠲᠦᠬᠦ ᠶ᠋ᠢᠨ ᠢᠷᠦᠭᠡᠯ ᠳ᠋ᠦ᠍ ᠨᠢ ᠠᠢ ᠬᠦ
ᠢᠪᠡᠭᠡᠯ ᠬᠠᠢᠷ᠎ᠠ ᠪᠠᠨ ᠳᠡᠯᠭᠡᠭᠰᠡᠨ ᠨᠤᠲᠤᠭ ᠳᠠ
ᠵᠣᠷᠢᠭᠠᠳ ᠣᠴᠢᠮᠠᠷ ᠨᠤᠲᠤᠭ ᠲᠠᠭᠠᠨ
ᠵᠣᠷᠢᠭ ᠢ᠋ᠶ᠋ᠠᠷ ᠵᠣᠷᠢᠭ ᠢ᠋ᠶ᠋ᠠᠷ ᠵᠢᠷᠭᠠᠮᠠᠷ ᠠ᠋
ᠰᠠᠨᠠᠨ ᠰᠠᠨᠠᠨ ᠣᠴᠢᠮᠠᠷ ᠠ᠋
ᠰᠠᠭᠠᠳᠠᠨ ᠰᠠᠭᠠᠳᠠᠨ ᠴᠡᠩᠭᠡᠮᠡᠷ ᠠ᠋
ᠵᠣᠷᠢᠭᠠᠳ ᠣᠴᠢᠮᠠᠷ ᠨᠤᠲᠤᠭ ᠲᠠᠭᠠᠨ
ᠵᠣᠷᠢᠭ ᠢ᠋ᠶ᠋ᠠᠷ ᠵᠣᠷᠢᠭ ᠢ᠋ᠶ᠋ᠠᠷ ᠵᠢᠷᠭᠠᠮᠠᠷ ᠠ᠋
ᠰᠠᠨᠠᠨ ᠰᠠᠨᠠᠨ ᠣᠴᠢᠮᠠᠷ ᠠ᠋
ᠰᠠᠭᠠᠲᠠᠨ ᠰᠠᠭᠠᠲᠠᠨ ᠴᠡᠩᠭᠡᠮᠡᠷ ᠠ᠋

   ᠦᠨᠢᠮᠦ᠋ᠩᠬᠡ ᠦᠰᠦᠭ ᠬᠠᠳᠠᠪᠠ
   ᠬᠢᠨᠠᠭᠴᠢ ᠪᠠᠭᠰᠢ᠄ ᠢᠷᠡᠭᠡᠳᠦᠢ