ᠡᠵᠢ ᠲᠠᠢ ᠣᠷᠴᠢᠯᠠᠩ ᠬᠠᠮᠤᠭ ᠤᠨ ᠭᠣᠶᠣЭэжтэй орчлон хамгийн гоёSerjee - Eejtei Orchlon Hamgiin Goy ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠲᠠᠢ ᠣᠷᠴᠢᠯᠠᠩ ᠬᠠᠮᠤᠭ ᠤᠨ ᠭᠣᠶᠣЭэжтэй орчлон хамгийн гоёSerjee - Eejtei Orchlon Hamgiin Goy

ᠡᠵᠢ ᠲᠠᠢ ᠣᠷᠴᠢᠯᠠᠩ ᠬᠠᠮᠤᠭ ᠤᠨ ᠭᠣᠶᠣЭэжтэй орчлон хамгийн гоёSerjee - Eejtei Orchlon Hamgiin Goy

ᠠᠩᠭᠢᠯᠠᠯ:ᠳᠠᠭᠤᠤ ᠬᠥᠭᠵᠢᠮ
2024-01-08

425

ᠡᠵᠢ ᠲᠠᠢ ᠣᠷᠴᠢᠯᠠᠩ ᠬᠠᠮᠤᠭ ᠤᠨ ᠭᠣᠶᠣ

   ᠦᠭᠡ᠄ ᠣ᠂ ᠪᠠᠳᠣᠪᠣᠯᠣᠳ
   ᠠᠶ᠎ᠠ᠄ ᠠ᠊᠂ ᠪᠠᠰᠠᠩᠳᠡᠯᠭᠡᠷ
   ᠪ᠂ ᠰᠡᠷᠵᠢᠶᠠ ᠳᠠᠭᠤᠯᠠᠨ᠎ᠠ
ᠡᠵᠢ ᠲᠠᠢ ᠪᠠᠨ ᠯᠠ ᠶᠠᠷᠢᠬᠤ ᠬᠠᠮᠤᠭ ᠤ᠋ᠨ ᠭᠣᠶᠣ
ᠡᠷᠬᠡᠯᠡᠵᠦ ᠬᠠᠶᠠ ᠲᠤᠨᠢᠬᠤ ᠮᠢᠨᠢ ᠴᠤ᠌ ᠭᠣᠶᠣ
ᠭᠤᠨᠢᠭᠰᠠᠨ ᠣᠯᠠᠨ ᠤ᠋ ᠪᠠᠨ ᠰᠡᠳᠬᠢᠯ ᠢ᠋ ᠴᠡᠯᠮᠡᠭᠡᠵᠦ
ᠭᠡᠭᠡᠬᠡᠨ ᠣᠷᠴᠢᠯᠠᠩ ᠢ᠋ ᠳᠠᠭᠤᠯᠠᠬᠤ ᠮᠢᠨᠢ ᠭᠣᠶᠣ ᠠ᠋
ᠡᠵᠢ ᠲᠡᠢ ᠪᠦᠬᠦᠨ ᠮᠢᠨᠢ ᠵᠢᠷᠭᠠᠵᠤ ᠪᠠᠢᠬᠤ ᠪᠣᠯᠲᠤᠭᠠᠢ
ᠡᠶ᠎ᠡ ᠶ᠋ᠢᠨ ᠣᠷᠴᠢᠯᠠᠩ ᠪᠦᠲᠦᠨ ᠡᠷᠭᠢᠵᠦ ᠪᠠᠢᠭᠠᠰᠠᠢ
ᠬᠥᠮᠦᠨ ᠪᠦᠬᠦᠨ ᠬᠠᠢᠷ᠎ᠠ ᠪᠠᠷ ᠵᠢᠭᠦᠷᠯᠡᠬᠦ ᠪᠣᠯᠲᠤᠭᠠᠢ
ᠬᠦᠵᠢ ᠳᠡᠯᠡᠬᠡᠢ ᠮᠢᠨᠢ ᠮᠠᠨᠳᠤᠵᠤ ᠪᠠᠢᠭᠠᠰᠠᠢ

ᠡᠵᠢ ᠳᠤ ᠪᠡᠨ ᠲᠡᠪᠡᠷᠢᠭᠦᠯᠬᠦ ᠬᠠᠮᠤᠭ ᠤ᠋ᠨ ᠭᠣᠶᠣ
ᠢᠨᠢᠶᠡᠵᠦ ᠰᠠᠭᠤᠬᠤ ᠨᠢ ᠪᠦᠬᠦᠨ ᠡᠴᠡ ᠭᠣᠶᠣ
ᠰᠡᠳᠬᠢᠯ ᠦ᠋ᠨ ᠨᠠᠷᠠ ᠲᠠᠢ ᠣᠯᠠᠨ ᠢ᠋ ᠪᠡᠨ ᠳᠡᠭᠡᠳᠦᠯᠡᠭᠡᠳ
ᠰᠠᠢᠬᠠᠨ ᠪᠦᠬᠦᠨ ᠢ᠋ ᠳᠠᠭᠤᠯᠠᠬᠤ ᠮᠢᠨᠢ ᠭᠣᠶᠣ ᠠ᠋
ᠡᠵᠢ ᠲᠡᠢ ᠪᠦᠬᠦᠨ ᠮᠢᠨᠢ ᠵᠢᠷᠭᠠᠵᠤ ᠪᠠᠢᠬᠤ ᠪᠣᠯᠲᠤᠭᠠᠢ
ᠡᠶ᠎ᠡ ᠶ᠋ᠢᠨ ᠣᠷᠴᠢᠯᠠᠩ ᠪᠦᠲᠦᠨ ᠡᠷᠭᠢᠵᠦ ᠪᠠᠢᠭᠠᠰᠠᠢ
ᠬᠥᠮᠦᠨ ᠪᠦᠬᠦᠨ ᠬᠠᠢᠷ᠎ᠠ ᠪᠠᠷ ᠵᠢᠭᠦᠷᠯᠡᠬᠦ ᠪᠣᠯᠲᠤᠭᠠᠢ
ᠬᠦᠵᠢ ᠳᠡᠯᠡᠬᠡᠢ ᠮᠢᠨᠢ ᠮᠠᠨᠳᠤᠵᠤ ᠪᠠᠢᠭᠠᠰᠠᠢ

ᠡᠵᠢ ᠲᠡᠢ ᠳᠡᠯᠡᠬᠡᠢ ᠮᠢᠨᠢ ᠬᠠᠮᠤᠭ ᠤ᠋ᠨ ᠭᠣᠶᠣ
ᠡᠨᠡ ᠯᠡ ᠣᠷᠴᠢᠯᠠᠩ ᠨᠠᠷᠠ ᠲᠠᠢ ᠬᠤᠷ᠎ᠠ ᠲᠠᠢ ᠨᠢ ᠭᠣᠶᠣ
ᠬᠥᠮᠦᠨ ᠪᠦᠬᠦᠨ ᠳ᠋ᠦ᠍ ᠵᠢᠷᠭᠠᠯ ᠢᠷᠦᠭᠡᠭᠡᠳ
ᠬᠣᠷᠸ᠎ᠠ ᠶ᠋ᠢ ᠤᠶᠠᠷᠠᠭᠠᠵᠤ ᠳᠠᠭᠤᠯᠠᠬᠤ ᠮᠢᠨᠢ ᠭᠣᠶᠣ ᠠ᠋
ᠡᠵᠢ ᠲᠡᠢ ᠪᠦᠬᠦᠨ ᠮᠢᠨᠢ ᠵᠢᠷᠭᠠᠵᠤ ᠪᠠᠢᠬᠤ ᠪᠣᠯᠲᠤᠭᠠᠢ
ᠡᠶ᠎ᠡ ᠶ᠋ᠢᠨ ᠣᠷᠴᠢᠯᠠᠩ ᠪᠦᠲᠦᠨ ᠡᠷᠭᠢᠵᠦ ᠪᠠᠢᠭᠠᠰᠠᠢ
ᠬᠥᠮᠦᠨ ᠪᠦᠬᠦᠨ ᠬᠠᠢᠷ᠎ᠠ ᠪᠠᠷ ᠵᠢᠭᠦᠷᠯᠡᠬᠦ ᠪᠣᠯᠲᠤᠭᠠᠢ
ᠬᠦᠵᠢ ᠳᠡᠯᠡᠬᠡᠢ ᠮᠢᠨᠢ ᠮᠠᠨᠳᠤᠵᠤ ᠪᠠᠢᠭᠠᠰᠠᠢ
ᠬᠦᠵᠢ ᠳᠡᠯᠡᠬᠡᠢ ᠮᠢᠨᠢ ᠮᠠᠨᠳᠤᠵᠤ ᠪᠠᠢᠭᠠᠰᠠᠢ

   ᠦᠰᠦᠭ ᠬᠠᠲᠠᠵᠤ ᠠᠮᠢᠯᠠᠭᠤᠯᠤᠭᠴᠢ᠄ ᠬᠠᠷᠠᠭᠳᠠᠨ ᠷ᠂ ᠴᠢᠷᠮᠠᠢᠯᠳᠤ᠂ ᠭᠠᠸᠠ
   ᠬᠢᠨᠠᠭᠴᠢ᠄ ᠪᠠᠳᠠᠷᠠᠯᠲᠤ᠂ ᠢᠷᠡᠭᠡᠳᠦᠢ