ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠳᠠᠯᠠᠨ ᠬᠣᠶᠠᠳᠤᠭᠠᠷ ᠪᠦᠯᠦᠭ > Хөх судрын залгамж - Инжинаш < Далан хоёрдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠳᠠᠯᠠᠨ ᠬᠣᠶᠠᠳᠤᠭᠠᠷ ᠪᠦᠯᠦᠭ > Хөх судрын залгамж - Инжинаш < Далан хоёрдугаар бүлэг >

ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠳᠠᠯᠠᠨ ᠬᠣᠶᠠᠳᠤᠭᠠᠷ ᠪᠦᠯᠦᠭ > Хөх судрын залгамж - Инжинаш < Далан хоёрдугаар бүлэг >

ᠠᠩᠭᠢᠯᠠᠯ:ᠲᠡᠦᠬᠡ ᠰᠣᠶᠣᠯ
2024-01-07

361


                 ᠳᠠᠯᠠᠨ ᠬᠣᠶᠠᠳᠤᠭᠠᠷ ᠪᠦᠯᠦᠭ 
                                   ᠤᠯᠠᠭᠠᠨᠴᠢᠨ ᠲᠠᠬᠢᠶ᠎ᠠ ᠵᠢᠯ ᠂ ᠶᠡᠬᠡ ᠬᠥᠬᠡ ᠮᠣᠩᠭᠣᠯ ᠤ᠋ᠨ 
                                   ᠥᠭᠡᠳᠡᠢ ᠬᠠᠭᠠᠨ ᠤ᠋ ᠠᠷᠪᠠᠳᠤᠭᠠᠷ ᠣᠨ᠃ 
                                   ᠥᠭᠡᠳᠡᠢ ᠬᠠᠭᠠᠨ ᠡᠨᠡ ᠵᠢᠯ ᠲᠠᠪᠢᠨ ᠬᠣᠶᠠᠷ ᠰᠡᠭᠦᠳᠡᠷ ᠲᠡᠢ ᠪᠣᠯᠪᠠ 

          ᠪᠠᠲᠤ ᠬᠠᠨ ᠠᠬᠠᠮᠠᠳ ᠴᠡᠷᠢᠭ ᠦ᠋ᠨ ᠶᠡᠬᠡ ᠴᠠᠴᠠᠷ ᠲᠤᠷ 
                     ᠠᠩᠬ᠎ᠠ ᠤᠳᠠᠭ᠎ᠠ ᠣᠯᠠᠨ ᠳ᠋ᠤᠷ ᠴᠠᠭᠠᠵᠠ ᠵᠠᠷᠯᠠᠪᠠᠢ 
          ᠪᠠᠴᠢᠮᠳᠠᠵᠤ ᠳᠤᠲᠠᠭᠠᠭᠰᠠᠨ ᠮᠠᠭᠤ ᠡᠷ᠎ᠡ ᠪᠠᠽᠢᠮᠠᠨ ᠸᠠᠩ 
                     ᠮᠥᠩᠬᠡ ᠬᠠᠨ ᠳ᠋ᠤᠷ ᠪᠠᠷᠢᠭᠳᠠᠵᠤ ᠲᠩᠷᠢ ᠶ᠋ᠢᠨ ᠴᠠᠭ ᠢ᠋ ᠮᠡᠳᠡᠪᠡ  

       ᠥᠭᠦᠯᠡᠬᠦ ᠢᠨᠤ ᠡᠵᠡᠨ ᠦ᠌ ᠵᠠᠷᠯᠢᠭ ᠢ᠋ ᠬᠦᠯᠢᠶᠡᠭᠰᠡᠨ ᠬᠠᠳ ᠬᠥᠪᠡᠭᠦᠳ ᠪᠠᠲᠤ᠂ ᠭᠦᠶᠦᠭ᠂ ᠮᠥᠩᠬᠡ᠂ ᠪᠦᠷᠢ ᠲᠡᠷᠢᠭᠦᠲᠡᠨ ᠥᠷᠥᠨ᠎ᠡ ᠵᠦᠭ ᠢ ᠲᠠᠢᠯᠠᠭᠴᠢ ᠠᠬᠠᠮᠠᠳ ᠴᠡᠷᠢᠭ ᠺᠢᠪᠴᠠᠭ ᠨᠤᠲᠤᠭ ᠲᠤᠷ ᠪᠣᠯᠵᠣᠭᠰᠠᠨ ᠬᠤᠭᠤᠴᠠᠭᠠᠨ᠎ᠠ ᠲᠤᠰ ᠲᠤᠰ ᠴᠤᠭᠯᠠᠷᠠᠨ ᠬᠦᠷᠴᠦ ᠢᠷᠡᠮᠦᠢ᠃ ᠰᠸᠷᠢᠳᠡᠷᠢᠶ᠎ᠠ ᠮᠥᠷᠡᠨ  ᠦ᠌ ᠡᠬᠢᠨ ᠦ᠌ ᠥᠷᠭᠡᠨ ᠲᠠᠯ᠎ᠠ ᠶ᠋ᠢ ᠳᠠᠭᠠᠵᠤ ᠠᠷᠪᠠ ᠠᠷᠪᠠ ᠪᠠᠷ ᠨᠢᠭᠡᠨ ᠭᠠᠯ᠂ ᠵᠠᠭᠤ ᠵᠠᠭᠤ ᠪᠠᠷ ᠨᠢᠭᠡ ᠤᠰᠤ ᠂ ᠮᠢᠩᠭ᠎ᠠ ᠮᠢᠩᠭ᠎ᠠ ᠪᠠᠷ ᠨᠢᠭᠡ ᠲᠣᠭᠣᠷᠢᠭ ᠂ ᠲᠦᠮᠡᠨ ᠢ᠋ᠶ᠋ᠡᠷ ᠨᠢᠭᠡᠨ ᠬᠦᠷᠢᠶ᠎ᠡ ᠪᠣᠯᠵᠤ ᠪᠠᠭᠤᠳᠠᠯᠯᠠᠭᠠᠳ ᠥᠩᠭᠡ ᠪᠦᠷᠢ ᠶ᠋ᠢᠨ ᠬᠥᠰᠬᠡ ᠮᠠᠢᠬᠨ ᠢ᠋ ᠲᠤᠭ ᠬᠢᠭᠢᠷᠢ ᠶ᠋ᠢᠨ ᠥᠩᠭᠡ ᠶ᠋ᠢ ᠳᠠᠭᠠᠭᠤᠯᠤᠨ ᠪᠠᠷᠢᠭᠠᠳ ᠣᠷᠣᠵᠤ ᠭᠠᠷᠬᠤ ᠵᠠᠮ ᠭᠤᠳᠤᠮᠵᠢ ᠶ᠋ᠢ ᠥᠷᠭᠡᠨ ᠲᠠᠯᠪᠢᠵᠤ ᠤᠶᠠᠭ᠎ᠠ ᠵᠡᠯ᠎ᠡ ᠶ᠋ᠢ ᠲᠣᠭᠲᠠᠭᠠᠯ ᠶᠣᠰᠣ ᠪᠠᠷ ᠲᠠᠲᠠᠵᠤ ᠦᠢᠮᠡᠭᠡᠨ ᠳᠡᠪᠵᠢᠶᠡᠨ ᠣᠭᠲᠣ ᠦᠭᠡᠢ᠃ ᠠᠭᠲᠠ ᠶ᠋ᠢᠨ ᠰᠦᠷᠦᠭ ᠢ᠋ ᠬᠦᠷᠢᠶᠡᠨ ᠦ᠌ ᠠᠷᠤ ᠳ᠋ᠤᠷ ᠮᠠᠨᠠᠨ ᠬᠠᠷᠢᠭᠤᠯᠵᠤ ᠲᠡᠢᠨ ᠦ᠌ ᠠᠭᠲᠠ ᠶ᠋ᠢ ᠵᠡᠯ᠎ᠡ ᠳᠡᠭᠡᠷ᠎ᠡ ᠮᠥᠷᠯᠡᠨ ᠵᠡᠯᠡᠯᠵᠦᠭᠦᠢ᠃ ᠴᠡᠷᠢᠭ ᠦ᠋ᠨ ᠴᠠᠭᠠᠵᠠ ᠳᠦᠷᠢᠮ ᠬᠠᠲᠠᠭᠤ ᠲᠤᠯᠠ ᠥᠴᠦᠬᠡᠨ ᠲᠡᠳᠦᠢ ᠵᠥᠷᠢᠴᠡᠵᠦ ᠦᠯᠦ ᠪᠣᠯᠤᠮᠤᠢ᠃ ᠮᠢᠩᠭᠠᠨ ᠤ᠋ ᠦᠭᠡ ᠨᠢᠭᠡᠲᠡᠢ ᠂ ᠲᠦᠮᠡᠨ ᠦ᠌ ᠬᠥᠳᠡᠯᠪᠦᠷᠢ ᠨᠢᠭᠡᠲᠡᠢ᠃ ᠬᠡᠳᠦᠢᠪᠡᠷ ᠬᠡᠳᠦᠨ ᠵᠠᠭᠤᠨ ᠭᠠᠵᠠᠷ ᠡᠩᠨᠡᠵᠦ ᠪᠠᠭᠤᠳᠠᠯᠯᠠᠭᠰᠠᠨ ᠪᠣᠯᠪᠠᠴᠤ ᠶᠤᠸᠠᠨᠱᠤᠸᠠᠢ ᠶ᠋ᠢᠨ ᠶᠡᠬᠡ ᠴᠠᠴᠠᠷ ᠠ᠋ᠴᠠ ᠨᠢᠭᠡᠨᠲᠡ ᠳᠣᠬᠢᠶ᠎ᠠ ᠲᠠᠯᠪᠢᠮᠠᠭᠴᠠ ᠳᠠᠭᠠᠷᠢᠬᠤ ᠂ ᠰᠢᠪᠲᠤᠯᠬᠤ ᠂ ᠬᠤᠮᠢᠬᠤ ᠂ ᠪᠦᠰᠡᠯᠡᠬᠦ ᠂ ᠴᠤᠭᠯᠠᠷᠠᠬᠤ ᠂ ᠲᠠᠷᠬᠠᠬᠤ ᠶᠠᠪᠤᠳᠠᠯ ᠢ ᠬᠡᠳᠦᠬᠡᠨ ᠴᠠᠭ ᠲᠤᠷ ᠭᠦᠢᠴᠡᠳᠬᠡᠮᠦᠢ᠃ ᠴᠡᠷᠢᠭ ᠦ᠋ᠨ ᠬᠦᠷᠢᠶ᠎ᠡ ᠪᠦᠬᠦᠨ ᠳ᠋ᠦ᠍ᠷ ᠴᠥᠮ ᠬᠣᠯᠠ ᠣᠢᠷ᠎ᠠ ᠶ᠋ᠢᠨ ᠲᠤᠷᠰᠢᠭᠤᠯ ᠪᠣᠢ ᠪᠥᠭᠡᠳ ᠬᠦᠷᠢᠶ᠎ᠡ ᠬᠦᠷᠢᠶ᠎ᠡ ᠶ᠋ᠢᠨ ᠬᠣᠭᠣᠷᠣᠨᠳᠣ ᠲᠤᠭ ᠲᠡᠮᠳᠡᠭ  ᠢ᠋ᠶ᠋ᠡᠷ ᠬᠠᠷᠢᠯᠴᠠᠵᠤ ᠨᠢᠳᠦ ᠴᠢᠬᠢ ᠪᠣᠯᠵᠤ ᠰᠠᠭᠤᠬᠤ ᠠᠵᠢ᠃ 
       ᠲᠡᠳᠦᠢ ᠳ᠋ᠦ᠍ᠷ ᠪᠠᠲᠤ ᠬᠠᠨ ᠤ᠋ ᠠᠯᠲᠠᠨ ᠣᠷᠳᠣᠨ ᠢ᠋ ᠰᠢᠺᠠᠨ᠋ᠺ ᠬᠣᠲᠠ ᠠ᠋ᠴᠠ ᠬᠣᠯᠠ ᠦᠭᠡᠢ ᠠᠭᠤᠯᠠᠨ ᠲᠣᠯᠣᠭᠠᠢ ᠶ᠋ᠢᠨ ᠲᠡᠭᠰᠢ ᠳᠡᠭᠡᠷ᠎ᠡ ᠪᠠᠢᠭᠤᠯᠵᠤ ᠣᠯᠠᠨ ᠵᠠᠮ ᠤ᠋ᠨ ᠴᠡᠷᠢᠭ ᠦ᠋ᠨ ᠴᠤᠭᠯᠠᠷᠠᠵᠤ ᠢᠷᠡᠬᠦ ᠶ᠋ᠢ ᠬᠦᠯᠢᠶᠡᠨ ᠠᠭᠰᠠᠨ ᠪᠣᠯᠠᠢ᠃ ᠶᠡᠬᠡ ᠵᠠᠩᠵᠤᠨ ᠲᠦᠮᠡᠨ ᠦ᠌ ᠨᠣᠶᠠᠨ ᠰᠦᠪᠡᠭᠡᠲᠡᠢ ᠪᠠᠭᠠᠲᠤᠷ ᠥᠪᠡᠷᠦᠨ ᠲᠦᠮᠡᠨ ᠢ᠋ᠶ᠋ᠡᠨ ᠠᠯᠲᠠᠨ ᠣᠷᠳᠣᠨ ᠤ᠋ ᠪᠠᠷᠠᠭᠤᠨ ᠭᠠᠷ ᠲᠤᠷ ᠪᠠᠭᠤᠳᠠᠯᠯᠠᠭᠤᠯᠵᠤ ᠪᠠᠲᠤ ᠬᠠᠨ ᠣᠷᠳᠣᠨ ᠳ᠋ᠠᠭᠠᠨ ᠢᠷᠡᠭᠡᠳᠦᠢ ᠲᠤᠯᠠ ᠡᠵᠡᠨ ᠪᠣᠯᠵᠤ ᠰᠠᠭᠤᠵᠤᠬᠤᠢ᠃ 
       ᠡᠨᠡᠬᠦ ᠠᠯᠲᠠᠨ ᠣᠷᠳᠣᠨ ᠠᠨᠤ ᠴᠢᠩᠭᠢᠰ ᠬᠠᠭᠠᠨ ᠬᠤᠷᠸᠰᠮ ᠢ᠋ ᠳᠠᠢᠯᠠᠬᠤ ᠳ᠋ᠤᠷ ᠪᠠᠷᠢᠵᠤ ᠪᠠᠢᠭᠰᠠᠨ ᠢ᠋ᠶ᠋ᠠᠨ ᠪᠤᠴᠠᠬᠤ ᠳ᠋ᠠᠭᠠᠨ ᠠᠬᠠᠮᠠᠳ ᠬᠥᠪᠡᠭᠦᠨ ᠵᠣᠴᠢ ᠬᠠᠨ ᠳ᠋ᠤᠷ ᠦᠯᠡᠳᠡᠭᠡᠵᠦ ᠥᠭᠭᠦᠭᠰᠡᠨ ᠪᠥᠯᠥᠭᠡ᠃ ᠵᠣᠴᠢ ᠬᠠᠨ ᠨᠥᠭᠴᠢᠬᠦ ᠳ᠋ᠡᠭᠡᠨ ᠠᠬᠠᠮᠠᠳ ᠬᠥᠪᠡᠭᠦᠨ ᠪᠠᠲᠤ ᠳ᠋ᠤᠷ ᠤᠯᠠᠮᠵᠢᠯᠠᠪᠠ᠃ ᠪᠠᠲᠤ ᠬᠠᠨ ᠶᠡᠷᠦ ᠴᠠᠭ ᠡᠪᠦᠭᠡ ᠳᠡᠭᠡᠳᠦᠰ ᠦ᠋ᠨ ᠭᠡᠷᠢᠶᠡᠰᠦ ᠭᠡᠮᠡᠨ ᠬᠣᠷᠢᠶᠠᠨ ᠬᠠᠳᠠᠭᠠᠯᠠᠬᠤ ᠪᠥᠯᠥᠭᠡ᠃ ᠡᠳᠦᠭᠡ ᠶᠡᠬᠡ ᠴᠤᠭᠯᠠᠭᠠᠨ ᠪᠣᠯᠬᠤ ᠲᠤᠯᠠ ᠭᠠᠷᠭᠠᠨ ᠪᠠᠷᠢᠪᠠᠢ᠃ ᠡᠨᠡᠬᠦ ᠣᠷᠳᠣᠨ ᠶᠡᠷᠦ ᠵᠢᠷᠭᠤᠭᠠᠨ ᠵᠢᠷᠭᠤᠭ᠎ᠠ ᠭᠤᠴᠢᠨ ᠵᠢᠷᠭᠤᠭᠠᠨ ᠲᠤᠯᠭᠠᠭᠤᠷᠢ ᠲᠠᠢ ᠰᠢᠷ᠎ᠠ ᠬᠡᠮᠡᠷᠯᠢᠭ ᠪᠦᠷᠢᠶᠡᠰᠦ ᠲᠡᠢ ᠳᠥᠷᠪᠡᠯᠵᠢᠨ ᠬᠡᠪ ᠲᠡᠢ ᠪᠤᠶᠤ ᠃ ᠳᠡᠭᠡᠪᠦᠷ ᠦ᠋ᠨ ᠬᠡ ᠤᠭᠠᠯᠵᠠ ᠂ ᠡᠭᠦᠳᠡ ᠴᠣᠩᠬᠣ ᠶ᠋ᠢᠨ ᠬᠦᠷᠢᠶ᠎ᠡ ᠂ ᠣᠭᠣᠰᠣᠷ ᠪᠦᠴᠡ ᠶ᠋ᠢᠨ ᠰᠦᠪᠡᠭᠴᠢ ᠳᠠᠷᠤᠭᠤᠯ ᠳ᠋ᠤᠷ ᠬᠦᠷᠲᠡᠯ᠎ᠡ ᠴᠥᠮ ᠰᠢᠵᠢᠷ ᠠᠯᠲᠠ ᠪᠠᠷ ᠦᠢᠯᠡᠳᠦᠭᠰᠡᠨ ᠲᠤᠯᠠ ᠠᠯᠲᠠᠨ ᠣᠷᠳᠣᠨ ᠬᠡᠮᠡᠮᠦᠢ᠃ ᠰᠢᠷᠳᠡᠮᠡᠯ ᠮᠣᠳᠣᠨ ᠱᠠᠯᠠ ᠶ᠋ᠢ ᠨᠡᠢᠳᠡᠮ ᠬᠡᠪᠢᠰᠯᠡᠭᠡᠳ ᠣᠷᠳᠣᠨ ᠤ᠋ ᠭᠣᠣᠯ ᠳ᠋ᠤᠷ ᠥᠨᠳᠥᠷ ᠳᠥᠷᠪᠡᠯᠵᠢᠨ ᠲᠠᠪᠴᠠᠩ ᠲᠠᠯᠪᠢᠵᠤ ᠲᠡᠭᠦᠨ ᠦ᠌ ᠳᠡᠭᠡᠷ᠎ᠡ ᠯᠤᠤ ᠭᠠᠷᠤᠳᠢ ᠶ᠋ᠢᠨ ᠰᠡᠢᠯᠦᠮᠡᠯ ᠠᠯᠲᠠᠨ ᠰᠢᠷᠡᠭᠡ ᠰᠠᠨᠳᠠᠯᠢ ᠥᠷᠥᠵᠦᠬᠦᠢ᠃ 
       ᠲᠠᠪᠴᠠᠩ ᠤ᠋ᠨ ᠵᠡᠭᠦᠨ ᠪᠠᠷᠠᠭᠤᠨ ᠬᠠᠵᠠᠭᠤᠳᠠ ᠶᠠᠰᠤᠨ ᠭᠢᠰᠬᠢᠭᠦᠷᠲᠦ ᠱᠠᠲᠤ ᠲᠦᠰᠢᠭᠦᠯᠵᠦ ᠭᠠᠷᠴᠤ ᠪᠠᠭᠤᠬᠤᠢ ᠳ᠋ᠤᠷ ᠪᠡᠯᠡᠳᠬᠡᠵᠦᠬᠦᠢ᠃ ᠲᠠᠪᠴᠠᠩ ᠤ᠋ᠨ ᠠᠷᠤ ᠪᠠᠷ ᠬᠡᠰᠢᠭᠲᠡᠨ ᠡᠷᠡᠰ ᠵᠢᠭᠰᠠᠭᠠᠵᠤ ᠲᠠᠪᠴᠠᠩ ᠤ᠋ᠨ ᠡᠮᠦᠨ᠎ᠡ ᠵᠡᠭᠦᠨ ᠪᠠᠷᠠᠭᠤᠨ ᠭᠠᠷ  ᠢ᠋ᠶ᠋ᠠᠷ ᠽᠠᠨᠳᠠᠨ ᠰᠢᠷᠡᠭᠡ ᠰᠠᠨᠳᠠᠯᠢ ᠶ᠋ᠢ ᠵᠢᠭᠦᠷᠯᠡᠨ ᠵᠢᠭᠰᠠᠭᠠᠵᠤᠬᠤᠢ ᠃ ᠣᠷᠳᠣᠨ ᠤ᠋ ᠡᠭᠦᠳᠡᠨ ᠳ᠋ᠦ᠍ᠷ ᠨᠠᠢ᠍ᠮᠠᠨ ᠪᠦᠳᠦᠭᠦᠨ ᠬᠦᠷᠡᠯ ᠬᠦᠯᠢᠰ ᠢ᠋ ᠵᠠᠮ ᠬᠠᠪᠴᠢᠨ ᠵᠢᠭᠰᠠᠭᠠᠵᠤ ᠠᠭᠠᠷᠤ ᠽᠠᠨᠳᠠᠨ ᠤ᠋ ᠵᠦᠢᠯ ᠢ᠋ ᠳᠡᠭᠳᠡᠭᠡᠮᠦᠢ᠃ ᠣᠷᠳᠣᠨ ᠤ᠋ ᠳᠥᠷᠪᠡᠨ ᠲᠠᠯ᠎ᠠ ᠪᠠᠷ ᠪᠠᠲᠤ ᠬᠠᠨ  ᠤ᠋ ᠰᠢᠳᠠᠷ ᠴᠡᠷᠢᠭ ᠦ᠋ᠨ ᠭᠠᠪᠰᠢᠭᠠᠢ ᠡᠷᠡᠰ ᠪᠦᠷᠢᠨ ᠬᠤᠶᠠᠭᠯᠠᠵᠤ ᠬᠤᠷᠴᠠ ᠵᠡᠪᠰᠡᠭ ᠪᠠᠷᠢᠵᠤ ᠰᠠᠬᠢᠵᠤᠬᠤᠢ᠃ ᠬᠦᠷᠢᠶᠡᠨ  ᠦ᠌ ᠭᠠᠳᠠᠭᠠᠳᠤ ᠳ᠋ᠤᠷ ᠪᠠᠲᠤ ᠬᠠᠨ ᠤ᠋ ᠰᠢᠳᠠᠷ ᠴᠡᠷᠢᠭ  ᠦ᠋ᠳ ᠬᠦᠷᠢᠶᠡᠯᠡᠨ ᠪᠠᠭᠤᠳᠠᠯᠯᠠᠭᠰᠠᠨ ᠠᠵᠤᠭᠤ᠃ ᠭᠡᠷ ᠮᠠᠢᠬᠠᠨ ᠬᠣᠯᠢᠯᠳᠤᠵᠤ ᠭᠱᠠᠨ ᠵᠠᠭᠤᠷ᠎ᠠ ᠰᠢᠺᠠᠨ᠋ᠺ ᠤ᠋ᠨ ᠥᠷᠭᠡᠨ ᠲᠠᠯ᠎ᠠ ᠳ᠋ᠤᠷ ᠵᠡᠭᠦᠳᠦ ᠵᠡᠷᠭᠡᠯᠭᠡᠨ ᠮᠡᠲᠦ ᠬᠣᠲᠠ ᠵᠡᠭᠡᠯᠢ ᠪᠣᠢ ᠪᠣᠯᠵᠤ ᠰᠦᠷ ᠭᠡᠷᠡᠯ ᠬᠥᠷ ᠬᠥᠭᠵᠢᠶᠡᠨ ᠲᠡᠢ ᠪᠣᠯᠵᠤᠬᠤᠢ᠃ 
       ᠦᠳᠡ ᠶ᠋ᠢᠨ ᠬᠢᠷᠢ ᠳ᠋ᠦ᠍ᠷ ᠠᠯᠳᠠᠨ ᠣᠷᠳᠣᠨ ᠤ᠋ ᠡᠮᠦᠨᠡᠬᠢ ᠶᠡᠬᠡ ᠮᠠᠨᠲᠠᠯ ᠳ᠋ᠤᠷ ᠠᠭᠠᠷᠤ ᠽᠠᠨᠳᠠᠨ ᠳᠡᠭᠳᠡᠭᠡᠨ ᠮᠥᠩᠬᠡ ᠲᠡᠭᠷᠢ ᠶ᠋ᠢᠨ ᠢᠷᠦᠭᠡᠯ ᠢ᠋ ᠰᠢᠩᠭᠡᠭᠰᠡᠨ ᠶᠢᠰᠦᠨ ᠬᠥᠯᠲᠦ ᠶᠡᠬᠡ ᠬᠥᠬᠡ ᠲᠤᠭ ᠢ᠋ ᠥᠨᠳᠥᠷ ᠮᠠᠨᠳᠤᠭᠤᠯᠤᠭᠰᠠᠨ ᠳ᠋ᠤᠷ ᠬᠠᠳ ᠨᠣᠶᠠᠳ ᠶᠡᠬᠡ ᠴᠠᠴᠠᠷ ᠲᠤᠷ ᠠᠶᠠᠨ ᠲᠡᠢᠨ ᠦ᠌ ᠶᠡᠬᠡ ᠶᠠᠪᠤᠳᠠᠯ ᠢ᠋ ᠵᠥᠪᠳᠡᠬᠦ ᠪᠣᠯᠤᠭᠰᠠᠨ ᠭᠡᠵᠦ ᠮᠡᠳᠡᠭᠡᠳ ᠬᠡᠳᠦᠨ ᠵᠦᠭ ᠡᠴᠡ ᠪᠠᠭ ᠪᠠᠭ ᠢ᠋ᠶ᠋ᠠᠷ ᠲᠤᠰ ᠲᠤᠰ ᠤ᠋ᠨ ᠲᠡᠮᠳᠡᠭ ᠲᠤᠭ ᠬᠢᠭᠢᠷᠢ ᠶ᠋ᠢ ᠬᠡᠢᠰᠬᠡᠨ ᠠᠯᠲᠠᠨ ᠣᠷᠳᠣᠨ ᠳ᠋ᠤᠷ ᠴᠤᠭᠯᠠᠷᠠᠨ ᠢᠷᠡᠮᠦᠢ᠃ ᠯᠤᠤ ᠶ᠋ᠢᠨ ᠬᠡ ᠲᠡᠢ ᠰᠢᠷ᠎ᠠ ᠲᠤᠭ ᠴᠡᠷᠢᠭ ᠦ᠋ᠨ ᠬᠦᠷᠢᠶᠡᠨ᠎ ᠤ ᠡᠭᠦᠳᠡᠨ᠎ᠡ ᠬᠦᠷᠴᠦ ᠢᠷᠡᠭᠰᠡᠨ ᠳ᠋ᠦ᠍ᠷ ᠬᠥᠲᠥᠴᠢ ᠮᠣᠷᠢ ᠶ᠋ᠢ ᠠᠪᠴᠤ ᠡᠭᠦᠳᠡᠨ ᠦ᠌ ᠲᠦᠰᠢᠮᠡᠳ ᠬᠥᠶᠦᠭ ᠬᠠᠨ ᠮᠣᠷᠢᠯᠠᠨ ᠢᠷᠡᠪᠡ ᠭᠡᠮᠡᠨ ᠶᠡᠬᠡ ᠳᠠᠭᠤᠨ ᠢ᠋ᠶ᠋ᠠᠷ ᠳᠣᠲᠣᠭᠰᠢ ᠳᠠᠮ ᠳᠠᠮ  ᠢ᠋ᠶ᠋ᠠᠷ ᠤᠯᠠᠮᠵᠢᠯᠠᠭᠰᠠᠨ ᠳ᠋ᠤᠷ ᠰᠥᠪᠡᠭᠡᠲᠡᠢ ᠪᠠᠭᠠᠲᠤᠷ ᠪᠦᠵᠥᠭ ᠨᠣᠶᠠᠨ ᠲᠡᠷᠢᠭᠦᠯᠡᠨ ᠣᠯᠠᠨ ᠵᠠᠩᠵᠤᠨ ᠤ᠋ ᠬᠠᠮᠲᠤ ᠶᠡᠬᠡ ᠣᠷᠳᠣᠨ ᠤ᠋ ᠡᠮᠦᠨ᠎ᠡ ᠵᠣᠭᠰᠣᠵᠤ ᠤᠭᠲᠤᠪᠠᠢ᠃ ᠦᠵᠡᠪᠡᠰᠦ ᠭᠦᠶᠦᠭ ᠬᠠᠨ ᠴᠢᠷᠠᠢ ᠳᠥᠷᠪᠡᠯᠵᠢᠨ ᠵᠢᠰᠦ ᠤᠯᠠᠭᠠᠪᠲᠤᠷ ᠂ ᠪᠡᠶ᠎ᠡ ᠶ᠋ᠢᠨ ᠥᠨᠳᠥᠷ ᠳᠤᠮᠳᠠ ᠬᠡᠪ ᠂ ᠨᠠᠰᠤ ᠭᠤᠴᠢ ᠬᠦᠷᠴᠦᠬᠦᠢ᠃ ᠲᠡᠷᠢᠭᠦᠨ ᠳ᠋ᠦ᠍ᠷ ᠪᠤᠯᠠᠭᠠᠨ ᠮᠠᠯᠠᠭᠠᠢ ᠬᠡᠲᠦᠷᠴᠦ ᠪᠡᠶ᠎ᠡ ᠳ᠋ᠦ᠍ᠷ ᠯᠤᠤ ᠶ᠋ᠢᠨ ᠬᠡ ᠲᠡᠢ ᠰᠢᠷ᠎ᠠ ᠮᠠᠩᠨᠤᠭ ᠡᠮᠦᠰᠴᠦ ᠮᠢᠨᠳᠠᠰᠤᠨ ᠬᠤᠶᠠᠭ ᠳᠠᠷᠤᠭᠤᠯᠵᠤᠬᠤᠢ᠃ 
       ᠬᠦᠷᠡᠯ ᠭᠥᠯᠢᠰ ᠦ᠋ᠨ ᠳᠡᠷᠭᠡᠳᠡ ᠠᠷᠤ ᠥᠪᠥᠷ ᠲᠡᠭᠡᠨ ᠲᠣᠯᠢ ᠭᠢᠯᠠᠯᠵᠠᠭᠤᠯᠤᠭᠰᠠᠨ ᠬᠣᠶᠠᠷ ᠡᠪᠦᠭᠡᠨ ᠪᠥᠬᠡ ᠲᠠᠯ᠎ᠠ ᠬᠡᠩᠭᠡᠷᠭᠡ ᠪᠡᠨ ᠪᠠᠯᠪᠠᠵᠤ ᠲᠡᠭᠷᠢ ᠭᠠᠵᠠᠷ ᠤ᠋ᠨ ᠢᠷᠦᠭᠡᠯ ᠢ᠋ ᠤᠩᠰᠢᠵᠤ ᠠᠭᠠᠷᠤ ᠽᠠᠨᠳᠠᠨ ᠤ᠋ ᠭᠠᠯ ᠢ᠋ᠶ᠋ᠠᠷ ᠠᠷᠢᠭᠤᠳᠬᠠᠭᠰᠠᠨ ᠬᠣᠢᠨ᠎ᠠ ᠂ ᠶᠣᠰᠣᠯᠠᠯ ᠤ᠋ᠨ ᠲᠦᠰᠢᠮᠡᠳ ᠣᠷᠳᠣᠨ ᠤ᠋ ᠭᠣᠣᠯ ᠡᠭᠦᠳᠡ ᠪᠡᠷ ᠤᠳᠤᠷᠢᠳᠤᠨ ᠪᠠᠷᠠᠭᠤᠨ ᠵᠢᠭᠦᠷ ᠦ᠋ᠨ ᠲᠡᠷᠢᠭᠦᠨ ᠰᠢᠷᠡᠭᠡᠨ᠎ᠡ ᠵᠠᠯᠠᠪᠠ ᠃ ᠵᠠᠯᠭᠠᠭ᠎ᠠ ᠪᠠᠷ ᠠᠯᠲᠠᠨ ᠬᠡ ᠲᠡᠢ ᠬᠥᠬᠡ ᠲᠤᠭ ᠮᠢᠷᠠᠯᠵᠠᠨ ᠮᠥᠩᠬᠡ ᠬᠠᠨ ᠮᠣᠷᠢᠯᠠᠨ ᠢᠷᠡᠭᠰᠡᠨ ᠳ᠋ᠦ᠍ᠷ ᠄ᠮᠥᠩᠬᠡ ᠬᠠᠨ ᠮᠣᠷᠢᠯᠠᠨ ᠢᠷᠡᠪᠡ !  》ᠬᠡᠮᠡᠬᠦ ᠤᠯᠠᠮᠵᠢᠯᠠᠬᠤ ᠳᠠᠭᠤᠨ ᠳ᠋ᠤᠷ ᠰᠥᠪᠡᠭᠡᠳᠡᠢ ᠪᠠᠭᠠᠲᠤᠷ ᠪᠦᠵᠦᠭ ᠨᠣᠶᠠᠨ ᠲᠡᠷᠢᠭᠦᠯᠡᠨ ᠤᠭᠲᠤᠵᠤ ᠠᠪᠤᠪᠠ᠃ ᠦᠵᠡᠪᠡᠰᠦ ᠮᠥᠩᠬᠡ ᠬᠠᠭᠠᠨ ᠴᠢᠷᠠᠢ ᠰᠢᠷᠠᠪᠲᠤᠷ ᠪᠡᠶ᠎ᠡ ᠥᠨᠳᠥᠷ ᠂ ᠮᠥᠷᠥ ᠥᠷᠭᠡᠨ ᠴᠡᠭᠡᠵᠢ ᠠᠭᠤᠳᠠᠮ ᠂ ᠲᠡᠷᠢᠭᠦᠨ ᠳ᠋ᠦ᠍ᠷ ᠭᠠᠩ ᠳᠤᠭᠤᠯᠠᠭ᠎ᠠ ᠂ ᠪᠡᠶ᠎ᠡ ᠳ᠋ᠦ᠍ᠷ ᠭᠠᠩ ᠬᠤᠶᠠᠭ ᠂ ᠬᠥᠯ ᠳ᠋ᠦ᠍ᠷ ᠪᠣᠯᠭᠠᠷᠢ ᠭᠤᠲᠤᠯ ᠢᠰᠬᠦᠯᠵᠦ ᠠᠯᠬᠤᠵᠤ ᠭᠢᠰᠬᠢᠬᠦᠢ ᠢᠨᠤ ᠭᠠᠪᠰᠢᠭᠠᠢ ᠬᠦᠴᠦᠷᠬᠡᠭ ᠠᠭᠤᠳᠠᠮ ᠲᠠᠯᠪᠢᠭᠤ᠃ ᠨᠢᠳᠦ ᠬᠥᠮᠥᠰᠬᠡ ᠶ᠋ᠢᠨ ᠬᠣᠭᠣᠷᠣᠨᠳᠣ ᠠᠭᠤᠯᠠ ᠮᠥᠷᠡᠨ ᠢ᠋ ᠠᠬᠤᠭᠤᠯᠵᠤᠬᠤᠢ᠃ ᠡᠪᠦᠭᠡᠨ ᠪᠥᠬᠡ ᠠᠷᠢᠭᠤᠳᠬᠠᠭᠰᠠᠨ ᠬᠣᠢᠨ᠎ᠠ ᠶᠣᠰᠣᠯᠠᠯ ᠤ᠋ᠨ ᠲᠦᠰᠢᠮᠡᠯ ᠵᠡᠭᠦᠨ ᠭᠠᠷᠤᠨ ᠲᠡᠷᠢᠭᠦᠨ ᠰᠢᠷᠡᠭᠡᠨ᠎ᠡ ᠵᠠᠯᠠᠪᠠᠢ᠃ ᠬᠠᠳ ᠬᠥᠪᠡᠭᠦᠳ ᠪᠠ ᠨᠣᠶᠠᠳ ᠵᠠᠯᠭᠠᠭ᠎ᠠ ᠵᠠᠯᠭᠠᠭ᠎ᠠ ᠪᠠᠷ ᠮᠣᠷᠢᠯᠠᠨ ᠢᠷᠡᠯᠴᠡᠬᠦᠶ᠎ᠡ ᠶᠡᠬᠡ ᠬᠦᠷᠢᠶᠡᠨ ᠳ᠋ᠦ᠍ᠷ ᠲᠠᠵᠢ ᠮᠠᠩᠨᠤᠭ ᠳᠦᠭᠦᠷᠴᠦ ᠵᠠᠷ ᠵᠡᠪᠰᠡᠭ ᠭᠢᠯᠪᠡᠯᠵᠡᠨ ᠦᠪᠡᠳᠡᠭᠰᠢ ᠶᠡᠬᠡ ᠰᠦᠷ ᠭᠡᠷᠡᠯᠲᠡᠢ᠃ ᠬᠠᠳ ᠬᠥᠪᠡᠭᠦᠳ ᠨᠣᠶᠠᠳ ᠲᠦᠰᠢᠮᠡᠳ ᠪᠦᠷᠢᠳᠦᠨ ᠴᠤᠭᠯᠠᠷᠠᠨ ᠢᠷᠡᠭᠰᠡᠨ ᠬᠣᠢᠨ᠎ᠠ ᠂ ᠡᠭᠦᠳᠡᠨ  ᠦ᠌ ᠲᠦᠰᠢᠮᠡᠳ :《ᠪᠠᠲᠤ ᠬᠠᠨ ᠮᠣᠷᠢᠯᠠᠨ ᠢᠷᠡᠪᠡ!》ᠭᠡᠮᠡᠨ ᠤᠯᠠᠮᠵᠢᠯᠠᠭᠰᠠᠨ ᠳ᠋ᠤᠷ ᠣᠯᠠᠨ ᠬᠠᠳ ᠲᠡᠷᠢᠭᠦᠯᠡᠨ ᠮᠠᠯᠠᠭᠠᠢ ᠪᠦᠰᠡ ᠪᠡᠨ ᠲᠡᠭᠰᠢᠯᠡᠵᠦ ᠣᠷᠳᠣᠨ ᠤ᠋ ᠡᠮᠦᠨ᠎ᠡ ᠤᠭᠲᠤᠷ᠎ᠠ ᠭᠠᠷᠪᠠᠢ᠃ ᠪᠠᠲᠤ ᠬᠠᠨ ᠥᠨᠳᠥᠷ ᠴᠠᠭᠠᠨ ᠠᠷᠠᠹ ᠮᠣᠷᠢ ᠤᠨᠤᠵᠤ ᠰᠢᠭᠤᠳ ᠣᠷᠳᠣᠨ ᠤ᠋ ᠡᠭᠦᠳᠡᠨ ᠳ᠋ᠦ᠍ᠷ ᠬᠦᠷᠴᠦ ᠮᠣᠷᠢᠨ ᠠ᠋ᠴᠠ ᠪᠠᠨ ᠪᠠᠭᠤᠵᠤ ᠤᠷᠲᠤ ᠵᠢᠳᠠ ᠪᠠᠨ ᠳᠠᠭᠠᠬᠤ ᠡᠷᠡᠰ ᠲᠣᠷ ᠥᠭᠴᠦ ᠪᠥᠬᠡ ᠠᠷᠢᠭᠤᠳᠬᠠᠭᠰᠠᠨ ᠬᠣᠢᠨ᠎ᠠ ᠬᠡᠳᠦᠨ ᠠᠯᠬᠤᠮ ᠲᠦᠷᠭᠡᠯᠡᠨ ᠣᠷᠳᠣᠨ ᠤ᠋ ᠡᠭᠦᠳᠡᠨ ᠳ᠋ᠦ᠍ᠷ ᠤᠭᠲᠤᠨ ᠵᠣᠭᠰᠣᠭᠰᠠᠨ ᠬᠠᠳ ᠨᠣᠶᠠᠳ ᠲᠤᠷ ᠪᠡᠶ᠎ᠡ ᠮᠡᠬᠦᠢᠨ ᠣᠯᠠᠨ ᠳᠡᠭᠦᠦ ᠯᠦ᠍ᠭᠡ ᠨᠡᠷ᠎ᠡ ᠳᠠᠷᠠᠭᠠᠯᠠᠨ ᠭᠠᠷ ᠪᠠᠷᠢᠵᠤ ᠮᠡᠨᠳᠦᠯᠡᠪᠡᠢ᠃ ᠨᠠᠰᠤ ᠭᠤᠴᠢ ᠥᠩᠭᠡᠷᠡᠵᠦ ᠢᠳᠡᠷ ᠬᠦᠴᠦᠷᠬᠡᠭ ᠦ᠋ᠨ ᠲᠤᠢᠯ ᠳ᠋ᠤᠷ ᠬᠦᠷᠴᠦᠬᠦᠢ᠃ ᠪᠡᠶ᠎ᠡ ᠥᠨᠳᠥᠷ ᠂ ᠮᠥᠷᠥ ᠥᠷᠭᠡᠨ ᠴᠡᠭᠡᠵᠢ ᠠᠭᠤᠳᠠᠮ ᠂ ᠴᠢᠷᠠᠢ ᠪᠣᠷᠣᠪᠲᠤᠷ ᠬᠠᠮᠪᠠᠷ ᠥᠨᠳᠥᠷ ᠂ ᠨᠢᠳᠦ ᠣᠳᠣᠨ ᠮᠡᠲᠦ ᠭᠡᠷᠡᠯᠲᠡᠢ ᠂ ᠬᠥᠮᠥᠰᠬᠡ ᠬᠦᠷᠢ ᠬᠣᠷᠣᠬᠠᠢ ᠬᠡᠪᠲᠡᠭᠰᠡᠨ ᠳ᠋ᠦ᠍ᠷ ᠠᠳᠠᠯᠢ ᠂ ᠲᠡᠷᠢᠭᠦᠨ ᠳ᠋ᠦ᠍ᠷ ᠠᠯᠲᠠᠨ ᠳᠤᠭᠤᠯᠠᠭ᠎ᠠ ᠂ ᠪᠡᠶ᠎ᠡ ᠳ᠋ᠦ᠍ᠷ ᠠᠯᠲᠠᠨ ᠬᠤᠶᠠᠭ ᠂ ᠨᠣᠭᠣᠭᠠᠨ ᠰᠢᠷᠢ ᠰᠠᠭᠠᠳᠠᠭ ᠠᠭᠰᠠᠵᠤ ᠂ ᠠᠯᠲᠠᠨ ᠬᠣᠢᠲᠤ ᠡᠷᠳᠡᠨᠢ ᠶ᠋ᠢᠨ ᠢᠯᠳᠦ ᠵᠡᠭᠦᠵᠦ ᠰᠦᠷ ᠭᠡᠷᠡᠯ ᠣᠯᠠᠨ ᠠ᠋ᠴᠠ ᠬᠡᠲᠦᠷᠡᠵᠦᠬᠦᠢ᠃ ᠦᠨᠡᠬᠡᠷ ᠲᠡᠭᠷᠢ ᠶ᠋ᠢᠨ ᠬᠥᠮᠦᠨ ᠪᠤᠶᠤ ᠃ ᠶᠣᠰᠣᠯᠠᠯ ᠤ᠋ᠨ ᠲᠦᠰᠢᠮᠡᠯ ᠭᠣᠣᠯ ᠰᠠᠭᠤᠳᠠᠯ ᠳ᠋ᠤᠷ ᠵᠠᠯᠠᠪᠠ᠃ 
       ᠬᠠᠳ ᠤ᠋ᠨ ᠤᠳᠤᠮ ᠪᠤᠰᠤ ᠣᠯᠠᠨ ᠨᠣᠶᠠᠳ ᠴᠥᠮ ᠤᠷᠲᠠᠨ ᠤ᠋ ᠡᠭᠦᠳᠡ ᠣᠷᠣᠮᠠᠭᠴᠠ ᠬᠥᠨᠳᠡᠯᠡᠨ ᠵᠢᠭᠰᠠᠭᠠᠭᠰᠠᠨ ᠰᠢᠷᠡᠭᠡᠨ᠎ᠡ ᠰᠠᠭᠤᠯᠴᠠᠪᠠ᠃ 
       ᠬᠠᠳ ᠨᠣᠶᠠᠳ ᠮᠣᠷᠢᠯᠠᠨ ᠰᠠᠭᠤᠯᠴᠠᠭᠰᠠᠨ ᠬᠣᠢᠨ᠎ᠠ ᠰᠥᠪᠡᠭᠡᠲᠡᠢ ᠪᠠᠭᠠᠲᠤᠷ ᠰᠢᠷᠡᠭᠡᠨ ᠦ᠌ ᠡᠮᠦᠨ᠎ᠡ ᠵᠣᠭᠰᠣᠵᠤ ᠂ ᠠᠪᠠᠭ᠎ᠠ ᠭᠥᠯᠦᠭᠡᠨ ᠢ᠋ ᠵᠠᠯᠠᠵᠤ ᠬᠠᠭᠠᠨ ᠤ᠋ ᠵᠠᠷᠯᠢᠭ ᠢ᠋ ᠤᠯᠠᠮᠵᠢᠯᠠᠲᠤᠭᠠᠢ ᠭᠡᠮᠡᠨ ᠲᠠᠪᠴᠠᠩ ᠳ᠋ᠤᠷ ᠲᠦᠰᠢᠵᠦ ᠭᠠᠷᠭᠠᠨ ᠵᠠᠷᠯᠢᠭ ᠤ᠋ᠨ ᠪᠢᠴᠢᠭ ᠢ᠋ ᠳᠡᠯᠭᠡᠨ ᠪᠠᠷᠢᠭᠰᠠᠨ ᠳ᠋ᠤᠷ ᠪᠠᠲᠤ ᠬᠠᠨ ᠲᠡᠷᠢᠭᠦᠯᠡᠨ ᠣᠯᠠᠨ ᠬᠠᠳ ᠬᠥᠪᠡᠭᠦᠳ ᠴᠥᠮ ᠰᠥᠭᠥᠳᠴᠦ ᠬᠠᠭᠠᠨ ᠤ᠋ ᠵᠠᠷᠯᠢᠭ ᠢ᠋ ᠬᠦᠯᠢᠶᠡᠨ ᠠᠪᠤᠪᠠ᠃ 
       ᠵᠠᠷᠯᠢᠭ ᠤ᠋ᠨ ᠦᠭᠡᠰ ᠄  
          ᠬᠠᠭᠠᠨ ᠢ᠋ᠶ᠋ᠠᠷ ᠪᠠᠲᠤ ᠲᠡᠷᠢᠭᠦᠲᠡᠨ ᠪᠠᠷᠠᠭᠤᠨ ᠭᠠᠷ ᠤ᠋ᠨ ᠬᠥᠪᠡᠭᠦᠳ ᠂ ᠮᠥᠩᠬᠡ ᠲᠡᠷᠢᠭᠦᠲᠡᠨ ᠵᠡᠭᠦᠨ ᠭᠠᠷ ᠤ᠋ᠨ ᠬᠥᠪᠡᠭᠦᠳ ᠂ ᠭᠦᠶᠦᠭ ᠲᠡᠷᠢᠭᠦᠲᠡᠨ ᠳᠤᠮᠳᠠᠳᠤ ᠶ᠋ᠢᠨ ᠬᠥᠪᠡᠭᠦᠳ ᠲᠣᠢ ᠵᠠᠷᠯᠠᠬᠤ ᠠᠨᠤ ᠄ 
          ᠠᠩᠬ᠎ᠠ ᠬᠥᠭᠡᠭᠡᠭᠴᠢᠨ ᠬᠣᠨᠢᠨ ᠵᠢᠯ ᠰᠥᠪᠡᠬᠡᠲᠡᠢ ᠪᠠᠭᠠᠲᠤᠷ ᠨᠠᠷ ᠢ᠋ ᠬᠠᠩᠯᠢᠨ ᠂ ᠻᠢᠪᠴᠠᠭ ᠂ ᠪᠡᠵᠢᠭᠡᠳ ᠂ ᠣᠷᠣᠰ  ᠤ᠋ᠳ ᠂ ᠠᠰᠤ ᠰᠡᠰᠦ ᠂ ᠮᠠᠵᠢᠷ ᠂ ᠻᠠᠰᠢᠮᠢᠷ ᠂ ᠰᠠᠺᠡᠰ  ᠦ᠋ᠳ ᠂ ᠪᠦᠬᠠᠷ ᠂ ᠭᠡᠷᠡᠯ ᠢᠷᠭᠡᠳ ᠲᠣᠷ ᠬᠦᠷᠲᠡᠯ᠎ᠡ ᠡᠵᠡᠯᠡᠨ ᠡᠩᠬᠡᠵᠢᠭᠦᠯᠲᠦᠭᠡᠢ ᠭᠡᠮᠡᠨ ᠢᠵᠢᠯ ᠵᠢᠶᠠᠭ ᠤᠰᠤᠳᠠᠨ ᠮᠥᠷᠡᠳ ᠢ᠋ ᠭᠡᠲᠦᠯᠦᠨ ᠠᠶᠠᠯᠠᠭᠤᠯᠤᠭᠰᠠᠨ ᠪᠣᠯᠪᠠᠴᠤ ᠨᠤᠲᠤᠭ ᠠᠭᠤᠳᠠᠮ ᠴᠡᠷᠢᠭ ᠴᠥᠭᠡᠨ ᠪᠠᠢᠯᠳᠤᠪᠠᠰᠤ ᠰᠠᠬᠢᠬᠤ ᠬᠥᠮᠦᠨ ᠦᠭᠡᠢ ᠪᠡᠷᠭᠡᠯᠳᠦᠨ ᠠᠬᠤ ᠲᠤᠯᠠ ᠪᠠᠲᠤ ᠂ ᠪᠦᠷᠢ ᠂ ᠭᠦᠶᠦᠭ ᠂ ᠮᠥᠩᠬᠡ ᠲᠡᠷᠢᠭᠦᠲᠡᠨ ᠂ ᠣᠯᠠᠨ ᠬᠥᠪᠡᠭᠦᠳ ᠢ᠋ ᠠᠶᠠᠯᠠᠭᠤᠯᠵᠤ ᠪᠣᠭᠳᠠ ᠡᠵᠡᠨ ᠦ᠌ ᠳᠣᠷᠭᠣᠨ ᠣᠷᠬᠢᠭᠰᠠᠨ ᠢᠷᠭᠡᠳ ᠢ᠋ ᠨᠢᠭᠡᠮᠦᠰᠦᠨ ᠳᠠᠭᠠᠭᠤᠯᠲᠤᠭᠠᠢ ᠬᠡᠮᠡᠪᠡ ᠃ ᠠᠶᠠᠯᠠᠬᠤ ᠪᠦᠬᠦ ᠬᠥᠪᠡᠭᠦᠳ ᠢ᠋ ᠪᠠᠲᠤ ᠠᠬᠠᠯᠠᠲᠤᠭᠠᠢ᠃ ᠮᠥᠩᠬᠡ ᠲᠡᠭᠷᠢ ᠪᠣᠭᠳᠠ ᠡᠵᠡᠨ ᠡᠴᠢᠭᠡ ᠶ᠋ᠢᠨ ᠰᠦᠯᠳᠡ ᠰᠣᠶᠣᠷᠬᠠᠮᠤ ! 
                       ᠤᠯᠠᠭᠠᠭᠴᠢᠨ ᠲᠠᠬᠢᠶ᠎ᠠ ᠵᠢᠯ ᠦ᠋ᠨ ᠬᠠᠪᠤᠷ ᠤ᠋ᠨ ᠲᠡᠷᠢᠭᠦᠨ ᠰᠠᠷ᠎ᠠ ᠶ᠋ᠢᠨ 
                       ᠬᠥᠬᠡ ᠬᠤᠯᠤᠭᠠᠨ᠎ᠠ ᠡᠳᠦᠷ ᠬᠡᠮᠡᠵᠦᠬᠦᠢ᠃  

       ᠲᠡᠳᠦᠢ ᠳ᠋ᠦ᠍ᠷ ᠭᠦᠶᠦᠭ ᠬᠠᠨ ᠂ ᠮᠥᠩᠬᠡ ᠬᠠᠨ ᠳᠠᠪᠰᠢᠵᠤ ᠪᠠᠲᠤ ᠬᠠᠨ ᠢ᠋ ᠲᠦᠰᠢᠨ ᠲᠠᠪᠴᠠᠩ ᠳ᠋ᠤᠷ ᠭᠠᠷᠭᠠᠨ ᠶᠤᠸᠠᠨᠱᠤᠸᠠᠢ ᠶ᠋ᠢᠨ ᠰᠢᠷᠡᠭᠡᠨ ᠳ᠋ᠦ᠍ᠷ ᠵᠠᠯᠠᠭᠰᠠᠨ ᠳ᠋ᠤᠷ ᠪᠠᠲᠤ ᠬᠠᠨ ᠬᠡᠰᠢᠭ ᠲᠣᠷ ᠮᠥᠷᠭᠥᠨ ᠵᠠᠷᠯᠢᠭ ᠢ᠋ ᠬᠦᠯᠢᠶᠡᠨ ᠠᠪᠴᠤ ᠠᠪᠠᠭ᠎ᠠ ᠭᠥᠯᠦᠭᠡᠨ ᠢ᠋ ᠵᠣᠴᠢᠨ ᠤ᠋ ᠰᠠᠭᠤᠳᠠᠯ ᠳ᠋ᠤᠷ ᠵᠠᠯᠠᠭᠠᠳ ᠰᠢᠷᠡᠭᠡᠨ ᠳ᠋ᠦ᠍ᠷ ᠰᠠᠭᠤᠵᠤ ᠥᠭᠦᠯᠡᠷᠦᠨ :《ᠡᠳᠦᠭᠡ ᠬᠠᠭᠠᠨ ᠠᠪᠠᠭ᠎ᠠ ᠶ᠋ᠢᠨ ᠵᠠᠷᠯᠢᠭ ᠢ᠋ᠶ᠋ᠠᠷ ᠪᠣᠭᠳᠠ ᠡᠵᠡᠨ ᠴᠢᠩᠭᠢᠰ ᠬᠠᠭᠠᠨ ᠡᠪᠦᠭᠡ ᠶ᠋ᠢᠨ ᠳᠣᠷᠭᠣᠨ ᠣᠷᠬᠢᠭᠰᠠᠨ ᠥᠷᠥᠨ᠎ᠡ ᠵᠦᠭ ᠦ᠋ᠨ ᠣᠯᠠᠨ ᠢᠷᠭᠡᠳ ᠢ᠋ ᠪᠠᠢᠯᠳᠤᠨ ᠳᠠᠭᠠᠭᠤᠯᠬᠤ ᠪᠠᠷ ᠶᠠᠪᠤᠮᠤᠢ ᠃ ᠭᠠᠵᠠᠷ ᠬᠣᠯᠠ ᠴᠡᠷᠢᠭ ᠴᠥᠭᠡᠨ ᠲᠤᠯᠠ ᠬᠢᠯᠪᠠᠷ ᠭᠡᠮᠡᠨ ᠦᠵᠡᠵᠦ ᠦᠯᠦ ᠪᠣᠯᠤᠮᠤᠢ᠃ ᠮᠥᠩᠬᠡ ᠲᠡᠭᠷᠢ ᠬᠢᠭᠡᠳ ᠪᠣᠭᠳᠠ ᠡᠪᠦᠭᠡ ᠴᠢᠩᠭᠢᠰ ᠬᠠᠭᠠᠨ ᠤ᠋ ᠰᠣᠶᠣᠷᠬᠠᠯ  ᠢ᠋ᠶ᠋ᠠᠷ ᠬᠠᠨᠳᠤᠭᠰᠠᠨ ᠵᠦᠭ ᠳᠠᠢᠰᠤᠨ ᠦᠭᠡᠢ ᠰᠠᠨᠠᠭᠰᠠᠨ ᠳ᠋ᠠᠭᠠᠨ ᠬᠦᠷᠴᠦ ᠪᠣᠳᠣᠭᠰᠠᠨ  ᠢ᠋ᠶ᠋ᠠᠨ ᠭᠦᠢᠴᠡᠳᠬᠡᠰᠦᠭᠡᠢ ᠬᠡᠮᠡᠪᠡᠰᠦ ᠣᠯᠠᠨ ᠵᠠᠩᠵᠤᠨ ᠴᠡᠷᠢᠭ ᠡᠷᠬᠡᠪᠰᠢ ᠪᠣᠳᠣᠪᠠᠰᠤ ᠰᠠᠨᠠᠭ᠎ᠠ ᠨᠢᠭᠡᠲᠡᠢ ᠬᠥᠳᠡᠯᠪᠡᠰᠦ ᠬᠥᠯ ᠨᠢᠭᠡᠲᠡᠢ ᠪᠠᠢᠬᠤ ᠬᠡᠷᠡᠭᠲᠡᠢ᠃ ᠲᠡᠢᠨ ᠬᠦ᠌ ᠴᠡᠷᠢᠭ ᠦ᠋ᠨ ᠴᠠᠭᠠᠵᠠ ᠵᠠᠷᠯᠢᠭ ᠢ᠋ᠶ᠋ᠠᠷ ᠬᠡᠯᠬᠢᠶ᠎ᠡ ᠬᠡᠮᠵᠢᠭᠦᠷ ᠪᠣᠯᠭᠠᠨ ᠨᠣᠶᠠᠯᠠᠬᠤ ᠪᠤᠶᠤ᠃ ᠬᠡᠷᠪᠡ ᠴᠡᠷᠢᠭ ᠲᠦ᠍ᠷ ᠴᠠᠭᠠᠵᠠ ᠦᠭᠡᠢ ᠪᠥᠭᠡᠰᠦ ᠵᠢᠯᠣᠭᠣ ᠦᠭᠡᠢ ᠬᠦᠯᠦᠭ ᠂ ᠰᠠᠮᠠᠭᠤᠷᠠᠨ ᠰᠦᠷᠦᠭᠯᠡᠬᠦ ᠬᠡᠷᠢᠶ᠎ᠡ  ᠡᠴᠡ ᠶᠠᠭᠤᠨ ᠥᠭᠡᠷ᠎ᠡ ᠃ ᠪᠣᠭᠳᠠ ᠡᠵᠡᠨ ᠡᠪᠦᠭᠡ ᠴᠢᠩᠭᠢᠰ ᠬᠠᠭᠠᠨ ᠤ᠋ ᠰᠣᠶᠣᠷᠬᠠᠯ ᠳ᠋ᠤᠷ ᠄ ᠴᠠᠭᠠᠵᠠ ᠬᠡᠮᠡᠭᠴᠢ ᠴᠡᠷᠢᠭ ᠦ᠋ᠨ ᠦᠨᠳᠦᠰᠦ ᠪᠤᠶᠤ ᠃ ᠴᠠᠭᠠᠵᠠ ᠦᠭᠡᠢ ᠪᠥᠭᠡᠰᠦ ᠴᠡᠷᠢᠭ ᠬᠡᠮᠡᠭᠳᠡᠬᠦ ᠦᠭᠡᠢ ᠬᠡᠮᠡᠭᠰᠡᠨ ᠪᠥᠯᠥᠭᠡ᠃ ᠡᠳᠦᠭᠡ ᠬᠠᠭᠠᠨ ᠠᠪᠠᠭ᠎ᠠ ᠶ᠋ᠢᠨ ᠵᠠᠷᠯᠢᠭ ᠢ᠋ᠶ᠋ᠠᠷ ᠥᠷᠥᠨ᠎ᠡ ᠵᠦᠭ ᠢ᠋ ᠡᠩᠬᠡᠵᠢᠭᠦᠯᠬᠦ ᠶᠡᠬᠡ ᠲᠤᠰᠢᠶᠠᠯ ᠢ᠋ ᠨᠠᠮᠠᠶ᠋ᠢ ᠮᠡᠬᠦᠰ ᠬᠡᠮᠡᠭᠰᠡᠨ ᠦᠭᠡᠢ ᠠᠬᠠᠯᠠᠭᠤᠯᠤᠭᠰᠠᠨ ᠲᠤᠯᠠ ᠴᠠᠭᠠᠵᠠ ᠶ᠋ᠢ ᠶᠠᠪᠤᠭᠤᠯᠤᠮᠤᠢ᠃ ᠴᠠᠭᠠᠵᠠ ᠬᠡᠮᠡᠭᠴᠢ ᠨᠢᠭᠡᠨ ᠬᠥᠮᠦᠨ ᠡᠴᠡ ᠭᠠᠷᠴᠤ ᠲᠦᠮᠡᠨ ᠬᠥᠮᠦᠨ ᠢ᠋ ᠨᠣᠶᠠᠯᠠᠬᠤ ᠲᠤᠯᠠ ᠡᠷᠬᠢᠮ ᠳᠣᠣᠷᠠᠲᠤ ᠶ᠋ᠢ ᠦᠯᠦ ᠢᠯᠭᠠᠮᠤᠢ ᠃ ᠪᠢᠳᠡ ᠬᠡᠳᠦᠢᠪᠡᠷ ᠠᠬ᠎ᠠ ᠳᠡᠭᠦᠦ ᠠᠬᠠᠰ ᠵᠠᠬᠠᠰ ᠤ᠋ᠨ ᠬᠡᠯᠭᠡᠶ᠎ᠡ ᠪᠣᠢ ᠬᠡᠮᠡᠪᠡᠴᠦ ᠴᠡᠷᠢᠭ ᠲᠦ᠍ᠷ ᠠᠪᠠᠰᠤ ᠴᠥᠮ ᠵᠠᠩᠵᠤᠨ ᠴᠡᠷᠢᠭ ᠦ᠋ᠨ ᠬᠤᠪᠢᠶᠠᠷᠢ ᠪᠣᠯᠤᠮᠤᠢ᠃ ᠲᠡᠢᠨ ᠬᠦ᠌ ᠴᠠᠭᠠᠵᠠ ᠵᠠᠷᠯᠢᠭ ᠢ᠋ ᠠᠩᠬᠠᠷᠤᠨ ᠰᠠᠬᠢᠬᠤ ᠬᠡᠷᠡᠭᠲᠡᠢ᠃ ᠬᠡᠨ ᠬᠥᠮᠦᠨ ᠴᠠᠭᠠᠵᠠ ᠶ᠋ᠢ ᠵᠤᠷᠢᠴᠡᠪᠡᠰᠦ ᠡᠷᠬᠢᠮ ᠳᠣᠣᠷᠠᠲᠤ ᠬᠡᠮᠡᠬᠦ ᠦᠭᠡᠢ ᠠᠳᠠᠯᠢ ᠰᠢᠳᠬᠡᠮᠦᠢ ᠭᠡᠮᠡᠨ ᠰᠢᠷᠡᠭᠡᠨ ᠳ᠋ᠦ᠍ᠷ ᠲᠠᠯᠪᠢᠭᠰᠠᠨ ᠠᠯᠲᠠᠨ ᠲᠡᠮᠳᠡᠭ ᠢ ᠭᠠᠷ ᠲᠠᠭᠠᠨ ᠪᠠᠷᠢᠵᠤ: 《ᠰᠥᠪᠡᠭᠡᠲᠡᠢ ᠪᠠᠭᠠᠲᠤᠷ ᠵᠠᠷᠯᠢᠭ ᠰᠣᠨᠣᠰ ! 》ᠭᠡᠮᠡᠨ ᠳᠠᠭᠤᠳᠠᠪᠠᠰᠤ ᠰᠥᠪᠡᠭᠡᠳᠡᠢ ᠪᠠᠭᠠᠲᠤᠷ ᠲᠦᠷᠭᠡᠨ ᠠᠯᠬᠤᠵᠤ ᠲᠠᠪᠴᠠᠩ ᠳ᠋ᠤᠷ ᠭᠠᠷᠴᠤ ᠢᠷᠠᠪᠠᠰᠤ ᠪᠠᠲᠤ ᠬᠠᠨ ᠵᠠᠷᠯᠢᠭ ᠪᠣᠯᠤᠷᠤᠨ: 《ᠡᠪᠦᠭᠡᠨ ᠵᠠᠩᠵᠤᠨ ᠣᠷᠣᠰ ᠨᠤᠲᠤᠭ ᠤ᠋ᠨ ᠪᠠᠢᠳᠠᠯ ᠢ ᠮᠡᠳᠡᠬᠦ ᠲᠤᠯᠠ ᠬᠣᠶᠠᠷ ᠲᠦᠮᠡᠨ ᠢ᠋ ᠠᠪᠴᠤ ᠶᠡᠬᠡ ᠴᠡᠷᠢᠭ ᠲᠦ᠍ᠷ ᠵᠠᠮ ᠨᠡᠭᠡᠭᠡᠵᠦ ᠶᠠᠪᠤᠭᠲᠤᠨ ! ᠮᠢᠨᠦ ᠪᠡᠶ᠎ᠡ ᠬᠤᠯᠠᠳᠤᠬᠤ ᠦᠭᠡᠢ ᠲᠤᠯᠠ ᠤᠴᠢᠷ ᠶᠠᠪᠤᠳᠠᠯ ᠲᠣᠬᠢᠶᠠᠯᠳᠤᠪᠠᠰᠤ ᠵᠥᠪᠳᠡᠵᠦ ᠪᠣᠯᠤᠮᠤᠢ  ᠭᠡᠮᠡᠨ ᠪᠠᠷᠰ ᠤ᠋ᠨ ᠲᠡᠮᠳᠡᠭ ᠦᠬᠦᠭᠰᠡᠨ ᠳ᠋ᠦ᠍ᠷ ᠵᠧ ᠭᠡᠮᠡᠨ ᠪᠤᠴᠠᠪᠠ ᠃ ᠪᠠᠰᠠ ᠠᠯᠲᠠᠨ ᠠᠷᠰᠯᠠᠨ ᠲᠡᠮᠳᠡᠭ ᠢ᠋ ᠳᠡᠭᠡᠷ᠎ᠡ ᠡᠷᠭᠦᠵᠦ ᠭᠦᠶᠦᠭ ᠭᠡᠮᠡᠨ ᠳᠠᠭᠤᠳᠠᠪᠠᠰᠤ ᠭᠦᠶᠦᠭ ᠬᠠᠨ ᠴᠢᠷᠠᠢ ᠪᠠᠨ ᠲᠥᠪ ᠪᠣᠯᠭᠠᠨ ᠬᠣᠷᠮᠣᠢ ᠪᠠᠨ ᠰᠢᠭᠤᠵᠤ ᠪᠠᠷᠠᠭᠤᠨ ᠬᠠᠵᠠᠭᠤ ᠶ᠋ᠢᠨ ᠶᠢᠰᠦᠨ ᠭᠢᠰᠬᠢᠭᠦᠷᠲᠦ ᠱᠠᠲᠤ ᠪᠠᠷ ᠲᠠᠪᠴᠠᠩ ᠳ᠋ᠤᠷ ᠭᠠᠷᠴᠤ ᠰᠢᠷᠡᠭᠡᠨ ᠦ᠌ ᠡᠮᠦᠨ᠎ᠡ ᠵᠠᠷᠯᠢᠭ ᠢ᠋ ᠬᠦᠯᠢᠶᠡᠬᠦᠢ ᠳ᠋ᠦ᠍ᠷ ᠪᠠᠲᠤ ᠬᠠᠨ ᠵᠠᠷᠯᠢᠭ ᠪᠣᠯᠤᠷᠤᠨ: 《ᠡᠳᠦᠭᠡ ᠬᠠᠨ ᠳᠡᠭᠦᠦ ᠲᠠ ᠳᠤᠮᠳᠠᠳᠤ ᠵᠠᠮ ᠤ᠋ᠨ ᠳᠣᠯᠣᠭᠠᠨ ᠲᠦᠮᠡᠨ ᠢ ᠨᠣᠶᠠᠯᠠᠵᠤ ᠬᠤᠪᠢᠶᠠᠷᠢ ᠶᠤᠸᠠᠨᠱᠤᠸᠠᠢ ᠶ᠋ᠢᠨ ᠲᠤᠰᠢᠶᠠᠯ ᠢ᠋ ᠬᠦᠯᠢᠶᠡᠨ ᠬᠠᠷᠢᠶᠠᠲᠤ ᠣᠯᠠᠨ ᠵᠠᠩᠵᠤᠨ ᠢ᠋ᠶ᠋ᠠᠨ ᠠᠪᠴᠤ ᠮᠣᠷᠳᠠᠬᠤ ᠪᠡᠯᠡᠳᠬᠡᠯ  ᠢ᠋ᠶ᠋ᠡᠨ ᠭᠦᠢᠴᠡᠳᠬᠡᠭᠲᠦᠨ !ᠭᠡᠮᠡᠨ ᠲᠡᠮᠳᠡᠭ  ᠢ᠋ᠶ᠋ᠡᠨ ᠭᠠᠷᠳᠠᠭᠤᠯᠪᠠ᠃ ᠵᠢᠴᠢ ᠪᠦᠵᠥᠭ ᠨᠣᠶᠠᠨ ᠢ᠋ ᠳᠠᠭᠤᠳᠠᠨ ᠭᠦᠶᠦᠭ ᠬᠠᠨ ᠤ᠋ ᠳᠤᠮᠳᠠᠳᠤ ᠵᠠᠮ ᠤ᠋ᠨ ᠴᠡᠷᠢᠭ ᠦ᠋ᠨ ᠶᠠᠪᠤᠳᠠᠯ ᠳ᠋ᠤᠷ ᠬᠠᠪᠰᠤᠷᠤᠭᠤᠯᠪᠠ᠃ 
       ᠪᠠᠲᠤ ᠬᠠᠨ ᠡᠮᠦᠨ᠎ᠡ ᠲᠠᠯᠪᠢᠭᠰᠠᠨ ᠪᠠᠰᠠ ᠨᠢᠭᠡᠨ ᠬᠣᠣᠰ ᠪᠠᠷᠰ ᠤ᠋ᠨ ᠲᠡᠮᠳᠡᠭ ᠢ᠋ ᠠᠪᠴᠤ ᠮᠥᠩᠬᠡ ᠬᠠᠨ ᠭᠡᠮᠡᠨ ᠳᠠᠭᠤᠳᠠᠪᠠᠰᠤ ᠮᠥᠩᠬᠡ ᠬᠠᠨ《 ᠵᠧ ! 》 ᠭᠡᠮᠡᠨ ᠵᠠᠷᠯᠢᠭ ᠬᠦᠯᠢᠶᠡᠨ ᠲᠠᠪᠴᠠᠩ ᠤ᠋ᠨ ᠵᠡᠭᠦᠨ ᠲᠠᠯ᠎ᠠ ᠶ᠋ᠢᠨ ᠱᠠᠲᠤ ᠪᠠᠷ ᠭᠠᠷᠪᠠᠰᠤ ᠪᠠᠲᠤ ᠬᠠᠨ ᠵᠠᠷᠯᠢᠭ ᠪᠣᠯᠤᠷᠤᠨ :《ᠬᠠᠨ ᠳᠡᠭᠦᠦ ᠲᠠ ᠬᠠᠷᠢᠶᠠᠲᠤ ᠵᠠᠩᠵᠤᠨ ᠤ᠋ ᠪᠠᠨ ᠬᠠᠮᠲᠤ ᠵᠡᠭᠦᠨ ᠵᠠᠮ ᠤ᠋ᠨ ᠳᠥᠷᠪᠡᠨ ᠲᠦᠮᠡᠨ ᠦ᠌ ᠬᠤᠪᠢᠶᠠᠷᠢ ᠶᠤᠸᠠᠨᠱᠤᠸᠠᠢ ᠶ᠋ᠢᠨ ᠲᠤᠰᠢᠶᠠᠯ ᠢ ᠬᠦᠯᠢᠶᠡᠨ ᠮᠣᠷᠳᠠᠬᠤ ᠪᠡᠯᠡᠳᠬᠡᠯ ᠢ᠋ᠶ᠋ᠡᠨ ᠰᠢᠮᠳᠠᠵᠤ ᠭᠦᠢᠴᠡᠳᠬᠡᠨ ᠬᠦᠯᠢᠶᠡᠭᠲᠦᠨ 》 ᠭᠡᠮᠡᠨ ᠶᠡᠬᠡ ᠵᠠᠩᠵᠤᠨ ᠣᠭᠲᠠᠷ ᠢ᠋ ᠳᠠᠭᠤᠳᠠᠵᠤ ᠴᠡᠷᠢᠭ ᠦ᠋ᠨ ᠶᠠᠪᠤᠳᠠᠯ ᠳ᠋ᠤᠷ ᠬᠠᠪᠰᠤᠷᠤᠭᠤᠯᠪᠠ ᠃ ᠪᠠᠲᠤ ᠬᠠᠨ ᠡᠮᠦᠨ᠎ᠡ ᠲᠠᠯᠪᠢᠭᠰᠠᠨ ᠪᠠᠰᠠ ᠨᠢᠭᠡ ᠬᠣᠣᠰ ᠪᠠᠷᠰ ᠤ᠋ᠨ ᠲᠡᠮᠳᠡᠭ ᠢ᠋ᠶ᠋ᠡᠨ ᠠᠪᠴᠤ ᠤᠷᠳᠠ ᠬᠠᠨ ᠳ᠋ᠤᠷ ᠭᠠᠷᠳᠠᠭᠤᠯᠤᠨ ᠪᠠᠷᠠᠭᠤᠨ ᠵᠠᠮ ᠤ᠋ᠨ ᠭᠤᠷᠪᠠᠨ ᠲᠦᠮᠡᠨ ᠢ᠋ ᠤᠳᠤᠷᠢᠳᠬᠤ ᠬᠤᠪᠢᠶᠠᠷᠢ ᠶᠤᠸᠠᠨᠱᠤᠸᠠᠢ ᠶ᠋ᠢᠨ ᠲᠤᠰᠢᠶᠠᠯ ᠢ ᠥᠭᠴᠦ ᠴᠡᠷᠢᠭ ᠦ᠋ᠨ ᠶᠠᠪᠤᠳᠠᠯ ᠳ᠋ᠤᠷ ᠰᠢᠮᠤᠬᠠᠢ ᠶ᠋ᠢ ᠬᠠᠪᠰᠤᠷᠤᠭᠤᠯᠤᠭᠰᠠᠨ ᠢ᠋ ᠨᠠᠷᠢᠨ ᠥᠭᠦᠯᠡᠬᠦ ᠦᠭᠡᠢ᠃ ᠥᠭᠦᠯᠡᠬᠦ ᠢᠨᠤ ᠶᠤᠸᠠᠨᠱᠤᠸᠠᠢ ᠶ᠋ᠢᠨ ᠶᠡᠬᠡ ᠴᠠᠴᠠᠷ ᠢ ᠰᠥᠪᠡᠭᠡᠳᠡᠢ ᠪᠠᠭᠠᠲᠤᠷ ᠤ᠋ᠨ ᠠᠷᠤ ᠳ᠋ᠤᠷ ᠲᠠᠯᠪᠢᠵᠤ ᠶᠡᠬᠡ ᠴᠡᠷᠢᠭ ᠦ᠋ᠨ ᠶᠠᠪᠤᠳᠠᠯ ᠳ᠋ᠤᠷ ᠬᠠᠪᠰᠤᠷᠲᠤᠭᠠᠢ ᠭᠡᠮᠡᠨ ᠵᠠᠷᠯᠢᠭ ᠪᠣᠯᠵᠤ ᠥᠪᠡᠷ ᠦ᠋ᠨ ᠪᠡᠶ᠎ᠡ ᠢᠨᠤ ᠲᠠᠪᠤᠨ ᠮᠢᠩᠭᠠᠨ ᠰᠢᠳᠠᠷ ᠴᠡᠷᠢᠭ ᠢ ᠠᠪᠴᠤ ᠶᠠᠪᠤᠮᠤᠢ ᠭᠡᠮᠡᠨ ᠵᠢᠭᠰᠠᠭᠠᠬᠤᠢ ᠳ᠋ᠤᠷ ᠴᠠᠴᠠᠷ ᠤ᠋ᠨ ᠬᠠᠳ ᠨᠣᠶᠠᠳ ᠵᠢᠴᠢ ᠰᠤᠯᠠ ᠲᠦᠰᠢᠮᠡᠳ ᠬᠡᠰᠢᠭᠲᠡᠨ ᠡᠷᠡᠰ ᠴᠥᠮ ᠢᠪ ᠴᠢᠪ ᠴᠢᠮᠡᠭᠡ ᠦᠭᠡᠢ ᠪᠠᠲᠤ ᠬᠠᠨ ᠤ᠋ ᠵᠠᠷᠯᠢᠭ ᠢ᠋ ᠬᠢᠴᠢᠶᠡᠨ ᠰᠣᠨᠣᠰᠤᠮᠤᠢ᠃ ᠴᠠᠴᠠᠷ ᠤ᠋ᠨ ᠶᠣᠰᠣ ᠳᠦᠷᠢᠮ ᠣᠨᠴᠠ ᠴᠢᠩᠭ᠎ᠠ ᠰᠦᠷ ᠰᠦᠯᠳᠡ ᠪᠠᠳᠠᠷᠠᠩᠭᠤᠢ ᠳ᠋ᠤᠷ ᠵᠠᠩᠵᠤᠨ ᠴᠡᠷᠢᠭ ᠦ᠋ᠨ ᠢᠲᠡᠭᠡᠯ ᠵᠣᠷᠢᠭ ᠨᠡᠮᠡᠭᠳᠡᠭᠰᠡᠨ ᠢ ᠶᠠᠭᠤᠨ ᠥᠭᠦᠯᠡᠬᠦ ᠠᠵᠢ ᠃ 
       ᠪᠠᠲᠤ ᠬᠠᠨ ᠵᠢᠭᠰᠠᠭᠠᠵᠤ ᠪᠠᠷᠠᠭᠰᠠᠨ ᠤ᠋ ᠳᠠᠷᠠᠭ᠎ᠠ ᠣᠯᠠᠨ ᠬᠠᠳ ᠂ ᠨᠣᠶᠠᠳ ᠠ᠋ᠴᠠ ᠥᠭᠡᠷ᠎ᠡ ᠵᠠᠬᠢᠶ᠎ᠠ ᠵᠠᠷᠯᠢᠭ ᠦᠭᠡᠢ ᠲᠤᠯᠠ ᠬᠤᠨᠳᠠᠭ᠎ᠠ ᠡᠷᠭᠦᠨ ᠠᠷᠢᠬᠢ ᠪᠠᠷᠢᠵᠤ :《ᠡᠪᠦᠭᠡ ᠡᠴᠢᠭᠡ ᠶ᠋ᠢᠨ ᠮᠢᠨᠦ ᠵᠣᠷᠢᠭᠰᠠᠨ ᠳ᠋ᠤᠷ ᠭᠥᠷᠦᠭᠦᠯᠵᠦ ᠨᠠᠷᠠᠨ ᠰᠢᠩᠭᠡᠬᠦ ᠵᠦᠭ ᠦ᠋ᠨ ᠣᠯᠠᠨ ᠢᠷᠭᠡᠳ ᠢ᠋ ᠪᠠᠭᠠᠲᠤᠷ ᠬᠠᠳ ᠨᠣᠶᠠᠳ ᠲᠠᠨ ᠤ᠋ ᠬᠠᠮᠲᠤ ᠪᠠᠢᠯᠳᠤᠨ ᠳᠠᠭᠠᠭᠤᠯᠵᠤ ᠳᠡᠯᠡᠬᠡᠢ ᠳ᠋ᠠᠬᠢᠨ ᠢ᠋ ᠡᠩᠬᠡᠵᠢᠭᠦᠯᠦᠨ ᠬᠠᠭᠠᠨ ᠠᠪᠠᠭ᠎ᠠ ᠶ᠋ᠢᠨ ᠬᠡᠰᠢᠭ ᠢ᠋ ᠬᠠᠷᠢᠭᠤᠯᠰᠤᠭᠠᠢ 》ᠬᠡᠮᠡᠭᠰᠡᠨ ᠳ᠋ᠦ᠍ᠷ ᠣᠯᠠᠨ  ᠢ᠋ᠶ᠋ᠠᠷ ᠳᠠᠭᠤᠨ ᠨᠡᠢᠯᠡᠭᠦᠯᠦᠨ ᠤᠷᠠᠢ ᠬᠠᠰᠬᠢᠷᠴᠤ ᠤᠤᠭᠤᠯᠴᠠᠪᠠ᠃ ᠬᠡᠰᠢᠭᠲᠡᠨ ᠡᠷᠡᠰ ᠬᠤᠷᠢᠮ ᠤ᠋ᠨ ᠰᠢᠷᠡᠭᠡ ᠣᠷᠣᠭᠤᠯᠬᠤ ᠬᠠᠮᠲᠤ ᠣᠷᠳᠣᠨ ᠤ᠋ ᠡᠭᠦᠳᠡᠨ ᠳ᠋ᠦ᠍ᠷ ᠬᠡᠳᠦᠨ ᠵᠡᠷᠭᠡ ᠪᠠᠶᠠᠷ ᠤ᠋ᠨ ᠶᠡᠬᠡ ᠫᠤᠤ ᠲᠠᠯᠪᠢᠬᠤᠢ ᠳ᠋ᠤᠷ ᠫᠤᠤ ᠶ᠋ᠢᠨ ᠳᠠᠭᠤᠨ ᠣᠯᠠᠨ ᠵᠠᠩᠵᠤᠨ ᠴᠡᠷᠢᠭ ᠦ᠋ᠨ ᠪᠠᠶᠠᠷ ᠤ᠋ᠨ ᠳᠠᠭᠤᠨ ᠤ᠋ ᠬᠠᠮᠲᠤ ᠺᠢᠪᠴᠠᠭ ᠤ᠋ᠨ ᠲᠠᠯ᠎ᠠ ᠨᠤᠲᠤᠭ ᠲᠠᠢ ᠴᠤᠤᠷᠢᠶᠠᠲᠤᠮᠤᠢ᠃ 
       ᠡᠨᠡ ᠤᠳᠠᠭ᠎ᠠ ᠶ᠋ᠢᠨ ᠶᠡᠬᠡ ᠴᠤᠭᠯᠠᠭᠠᠨ ᠳ᠋ᠤᠷ ᠣᠷᠣᠯᠴᠠᠭᠰᠠᠨ ᠬᠠᠳ ᠬᠡᠮᠡᠪᠡᠰᠦ ᠵᠥᠴᠢ ᠨᠣᠶᠠᠨ ᠤ᠋ ᠳᠥᠷᠪᠡᠨ ᠬᠥᠪᠡᠭᠦᠳ ᠪᠠᠲᠤ᠂ ᠤᠷᠲᠠ᠂ ᠱᠢᠪᠢᠨ᠂ ᠪᠣᠯᠣᠳ᠃ ᠴᠠᠭᠠᠲᠠᠢ ᠨᠣᠶᠠᠨ ᠤ᠋ ᠬᠥᠪᠡᠭᠦᠳ ᠪᠠᠢᠳᠠᠷ ᠂ ᠠᠴᠢ ᠪᠦᠷᠢ᠃ ᠥᠭᠡᠳᠡᠢ ᠬᠠᠭᠠᠨ ᠤ᠋ ᠬᠥᠪᠡᠭᠦᠳ ᠭᠦᠶᠦᠭ ᠂ ᠬᠠᠢᠲᠤ ᠂ ᠬᠠᠳᠠᠨ ᠃ ᠬᠠᠭᠠᠨ ᠤ᠋ ᠤᠳᠬᠤᠨ ᠳᠡᠭᠦᠦ ᠭᠥᠯᠦᠭᠡᠨ ᠬᠠᠨ ᠃ ᠲᠤᠯᠤᠢ ᠶ᠋ᠢᠨ ᠬᠥᠪᠡᠭᠦᠳ ᠡᠴᠡ ᠮᠥᠩᠬᠡ ᠬᠠᠨ ᠂ ᠬᠤᠯᠤᠭᠤ ᠬᠠᠨ ᠪᠠᠢᠵᠤᠬᠤᠢ᠃ 
       ᠶᠢᠷᠲᠢᠨᠴᠦ ᠳ᠋ᠦ᠍ᠷ ᠦᠯᠦ ᠲᠠᠷᠬᠠᠬᠤ ᠬᠤᠷᠢᠮ ᠨᠠᠢᠷ ᠦᠭᠡᠢ ᠲᠤᠯᠠ ᠬᠠᠳ ᠬᠥᠪᠡᠭᠦᠳ ᠦ᠋ᠨ ᠵᠠᠷᠯᠠᠭᠰᠠᠨ ᠭᠤᠷᠪᠠᠨ ᠡᠳᠦᠷ ᠦ᠋ᠨ ᠶᠡᠬᠡ ᠨᠠᠢᠷ ᠬᠣᠷᠣᠮᠬᠠᠨ ᠵᠠᠭᠤᠷ᠎ᠠ ᠥᠩᠭᠡᠷᠡᠭᠡᠳ ᠶᠡᠬᠡ ᠴᠡᠷᠢᠭ ᠮᠣᠷᠳᠠᠬᠤ ᠡᠳᠦᠷ ᠬᠦᠷᠴᠦ ᠢᠷᠡᠪᠡ᠃ 
       ᠮᠠᠨᠳᠤᠬᠤ ᠨᠠᠷᠠ ᠠᠭᠤᠯᠠ ᠶ᠋ᠢᠨ ᠲᠣᠯᠣᠭᠠᠢ ᠶ᠋ᠢ ᠲᠤᠶᠠᠭᠠᠯᠠᠵᠤ ᠦᠷ ᠦ᠋ᠨ ᠪᠣᠯᠵᠣᠮᠣᠷ ᠬᠠᠯᠢᠨ ᠨᠢᠰᠴᠦ ᠥᠭᠶᠥᠭᠡᠨ ᠳ᠋ᠡᠭᠡᠨ ᠪᠠᠭᠤᠬᠤ ᠦᠶᠡᠰ ᠪᠠᠲᠤ ᠬᠠᠨ ᠲᠡᠷᠢᠭᠦᠯᠡᠨ ᠠᠯᠲᠠᠨ ᠣᠷᠳᠣᠨ ᠤ᠋ ᠡᠮᠦᠨ᠎ᠡ ᠶᠡᠬᠡ ᠮᠠᠨᠳᠠᠯ ᠳ᠋ᠤᠷ ᠴᠤᠭᠯᠠᠷᠠᠨ ᠢᠷᠡᠵᠦ ᠠᠭᠠᠷᠤ ᠽᠠᠨᠳᠠᠨ ᠳᠡᠭᠳᠡᠭᠡᠨ ᠶᠡᠬᠡ ᠪᠥᠬᠡ ᠶ᠋ᠢᠨ ᠤᠩᠰᠢᠯᠭ᠎ᠠ ᠪᠠᠷ ᠶᠢᠰᠦᠨ ᠬᠥᠯᠲᠦ ᠰᠦᠯᠳᠡ ᠶ᠋ᠢ ᠵᠠᠯᠠᠵᠤ ᠲᠡᠭᠷᠢ ᠭᠠᠵᠠᠷ ᠲᠤᠷ ᠠᠷᠢᠬᠢ ᠴᠡᠴᠦᠯᠡᠨ ᠳᠠᠢᠵᠤ ᠴᠡᠷᠢᠭ ᠮᠣᠷᠳᠠᠬᠤ ᠳᠣᠬᠢᠶ᠎ᠠ ᠲᠠᠯᠪᠢᠮᠠᠭᠴᠠ ᠬᠠᠳ ᠪᠠ ᠵᠠᠩᠵᠤᠨ ᠲᠤᠰ ᠲᠤᠰ ᠤ᠋ᠨ ᠮᠣᠷᠢᠨ ᠳ᠋ᠠᠭᠠᠨ ᠮᠣᠷᠳᠠᠵᠤ ᠬᠥᠲᠥᠴᠢ ᠪᠡᠨ ᠳᠠᠭᠠᠭᠤᠯᠤᠨ ᠵᠦᠭ ᠵᠦᠭ ᠳᠠᠪᠬᠢᠯᠳᠤᠪᠠ᠃ 
       ᠪᠠᠲᠤ ᠬᠠᠨ ᠡᠪᠦᠭᠡᠨ ᠵᠠᠩᠵᠤᠨ ᠰᠦᠪᠡᠭᠡᠳᠢ ᠪᠠᠭᠠᠲᠤᠷ ᠤ᠋ᠨ ᠬᠠᠮᠲᠤ ᠮᠠᠨᠳᠠᠯ ᠤ᠋ᠨ ᠳᠡᠷᠭᠡᠳᠡ ᠴᠠᠭᠠᠨ ᠬᠠᠷ᠎ᠠ ᠬᠣᠶᠠᠷ ᠮᠣᠷᠢᠨ ᠢ᠋ ᠵᠤᠤᠵᠠᠢ ᠬᠣᠯᠪᠣᠭᠤᠯᠵᠤ ᠵᠣᠭᠰᠣᠭᠠᠳ ᠲᠠᠯ᠎ᠠ ᠳᠦᠭᠦᠷᠡᠩ ᠭᠡᠷ ᠮᠠᠢᠬᠠᠨ ᠭᠱᠠᠨ᠎ᠠ ᠵᠠᠭᠤᠷ᠎ᠠ ᠬᠠᠷᠠᠭᠳᠠᠬᠤ ᠦᠭᠡᠢ ᠪᠣᠯᠵᠤ ᠶᠡᠬᠡ ᠴᠡᠷᠢᠭ ᠰᠠᠭᠠᠳ ᠦᠭᠡᠢ ᠮᠣᠷᠳᠠᠭᠰᠠᠨ ᠢ᠋ ᠦᠵᠡᠵᠦ ᠪᠠᠶᠠᠰᠬᠤ ᠠᠵᠤᠭᠤ᠃ 
       ᠥᠷᠯᠥᠭᠡ ᠶ᠋ᠢᠨ ᠰᠡᠷᠢᠭᠦᠨ ᠰᠠᠯᠬᠢᠨ ᠡᠪᠦᠭᠡᠨ ᠵᠠᠯᠠᠭᠤ ᠬᠣᠶᠠᠷ ᠵᠠᠩᠵᠤᠨ ᠤ᠋ ᠬᠥᠬᠡ ᠤᠯᠠᠭᠠᠨ ᠵᠠᠩᠴᠢ ᠬᠢᠭᠡᠳ ᠳᠤᠭᠤᠯᠠᠭ᠎ᠠ ᠶ᠋ᠢᠨ ᠵᠢᠳᠠ ᠶ᠋ᠢᠨ ᠣᠷᠣᠢ ᠶ᠋ᠢᠨ ᠤᠯᠠᠭᠠᠨ ᠰᠣᠨᠣᠪᠲᠤᠷ ᠢ᠋ ᠠᠷᠤᠨᠰᠢ ᠬᠡᠢᠰᠬᠡᠬᠦ ᠢᠨᠤ ᠰᠢᠷᠦᠭᠦᠨ ᠪᠣᠷᠣᠭᠠᠨ ᠲᠣᠭᠰᠢᠨ ᠰᠢᠭᠤᠷᠭ᠎ᠠ ᠶ᠋ᠢ ᠵᠥᠩᠨᠡᠭᠰᠡᠨ ᠮᠡᠲᠦ ᠃ ᠪᠠᠲᠤ ᠬᠠᠨ ᠲᠡᠭᠷᠢ ᠶ᠋ᠢᠨ ᠪᠠᠷᠠᠭᠤᠨ ᠬᠠᠶᠠᠭ᠎ᠠ ᠶ᠋ᠢ ᠬᠠᠷᠠᠵᠤ ᠤᠷᠲᠤ ᠰᠡᠭᠦᠷᠡᠰᠦᠯᠡᠬᠦᠢ ᠳ᠋ᠦ᠍ᠷ ᠡᠪᠦᠭᠡᠨ ᠵᠠᠩᠵᠤᠨ ᠰᠥᠪᠡᠭᠡᠳᠡᠢ ᠪᠠᠭᠠᠲᠤᠷ ᠵᠠᠯᠠᠭᠤ ᠶᠤᠸᠠᠨᠱᠤᠸᠠᠢ ᠶ᠋ᠢᠨ ᠲᠤᠰᠢᠶᠠᠯ ᠬᠦᠨᠳᠦ ᠲᠤᠯᠠ ᠣᠯᠠᠨ ᠢ ᠪᠣᠳᠣᠵᠤ ᠪᠠᠢᠬᠤᠢ ᠶ᠋ᠢ ᠮᠡᠳᠡᠭᠡᠳ:《ᠮᠥᠩᠬᠡ ᠲᠡᠭᠷᠢ ! ᠪᠣᠭᠳᠠ ᠡᠵᠡᠨ ᠦ᠌ ᠰᠦᠯᠲᠠᠨ ᠂ ᠬᠠᠭᠠᠨ ᠤ᠋ ᠬᠡᠰᠢᠭ  ᠢ᠋ᠶ᠋ᠡᠷ ᠬᠠᠨᠳᠤᠭᠰᠠᠨ ᠵᠦᠭ ᠳᠠᠢᠰᠤᠨ ᠦᠭᠡᠢ ᠪᠣᠯᠲᠤᠭᠠᠢ ! 》ᠭᠡᠮᠡᠨ ᠢᠷᠦᠭᠡᠪᠡ ᠃ ᠥᠭᠡᠳᠡᠢ ᠬᠠᠭᠠᠨ ᠤ᠋ ᠵᠠᠷᠯᠢᠭ ᠲᠤᠷ ᠄ᠬᠥᠮᠦᠨ ᠪᠦᠬᠦᠨ ᠴᠥᠮ ᠪᠠᠽᠢᠮᠠᠨ ᠢ᠋ ᠪᠠᠭᠠᠲᠤᠷ ᠮᠡᠷᠭᠡᠨ ᠬᠡᠮᠡᠮᠦ ᠃ ᠰᠦᠪᠡᠭᠡᠲᠡᠢ ᠪᠠᠭᠠᠲᠤᠷ ᠯᠠᠪ ᠳᠡᠢᠯᠮᠦᠢ ᠊ᠶ᠎ᠠ ᠃ ᠣᠴᠢᠵᠤ ᠪᠠᠷᠢᠭᠲᠤᠨ !》ᠬᠡᠮᠡᠭᠰᠡᠨ ᠲᠤᠯᠠ ᠡᠳᠦᠭᠡ ᠵᠠᠷᠯᠢᠭ ᠢ᠋ ᠭᠦᠢᠴᠡᠳᠬᠡᠰᠦᠭᠡᠢ ᠬᠡᠮᠡᠵᠦ ᠲᠠᠪᠢᠭᠠᠳ ᠰᠠᠢᠨ ᠡᠷᠡᠰ ᠢ᠋ ᠳᠠᠭᠠᠭᠤᠯᠤᠨ ᠶᠡᠬᠡ ᠴᠡᠷᠢᠭ ᠦ᠋ᠨ ᠦᠢᠯᠡ ᠳ᠋ᠦ᠍ᠷ ᠰᠠᠭᠠᠳ ᠪᠣᠯᠬᠤ ᠦᠭᠡᠢ ᠭᠡᠮᠡᠨ ᠰᠠᠯᠵᠤ ᠮᠣᠷᠳᠠᠪᠠ᠃ 
       ᠺᠢᠪᠴᠠᠭ ᠤ᠋ᠨ ᠡᠵᠡᠨ ᠪᠠᠽᠢᠮᠠᠨ ᠮᠣᠩᠭᠣᠯ ᠠ᠋ᠴᠠ ᠲᠡᠷᠰᠯᠡᠨ ᠰᠥᠷᠭᠡᠦ ᠪᠦᠯᠦᠭ ᠢ᠋ᠶ᠋ᠡᠨ ᠳᠠᠭᠠᠭᠤᠯᠤᠨ ᠮᠣᠩᠭᠣᠯ ᠤ᠋ᠨ ᠠᠴᠢᠶ᠎ᠠ ᠬᠥᠰᠬᠡ ᠶ᠋ᠢ ᠳᠡᠭᠡᠷᠡᠮᠳᠡᠨ ᠬᠣᠲᠠ ᠪᠠᠯᠭᠠᠰᠤᠨ ᠢ ᠳᠠᠭᠠᠷᠢᠵᠤ ᠠᠷᠪᠠᠭᠠᠳ ᠵᠢᠯ ᠲᠦᠢᠪᠡᠭᠡᠪᠡ᠃ ᠲᠡᠭᠦᠨ ᠦ᠌ ᠭᠠᠷᠭᠠᠭᠰᠠᠨ ᠲᠤᠷᠰᠢᠭᠤᠯ ᠣᠯᠠᠨ ᠵᠦᠭ ᠡᠴᠡ ᠨᠢᠳᠦ ᠴᠢᠬᠢ ᠪᠣᠯᠵᠤ ᠶᠡᠬᠡ ᠴᠡᠷᠢᠭ  ᠣᠢᠷᠠᠲᠤᠪᠠᠰᠤ ᠳᠠᠷᠤᠢ ᠪᠠᠯᠠᠷ ᠣᠢ ᠳ᠋ᠤ᠌ ᠰᠢᠷᠭᠤᠨ ᠴᠥᠭᠡᠨ ᠪᠥᠭᠡᠰᠦ ᠪᠠᠢᠯᠳᠤᠨ ᠬᠢᠳᠤᠮᠤᠢ᠃ ᠪᠠᠽᠢᠮᠠᠨ ᠤ᠋ ᠪᠠᠭᠠᠲᠤᠷ ᠮᠡᠷᠭᠡᠨ ᠠᠯᠳᠠᠷ ᠺᠢᠪᠴᠠᠭ ᠤ᠋ᠳ ᠲᠤᠷ ᠴᠤᠤ ᠲᠠᠢ ᠲᠤᠯᠠ ᠲᠡᠭᠦᠨ ᠢ᠋ ᠳᠠᠯᠳᠠ ᠪᠠᠷ ᠲᠡᠳᠬᠦᠵᠦ ᠮᠣᠩᠭᠣᠯ ᠯᠤᠭ᠎ᠠ ᠳᠠᠢᠰᠤᠩᠨᠠᠮᠤᠢ᠃ ᠡᠢᠮᠦ ᠡᠴᠡ ᠰᠥᠪᠡᠭᠡᠳᠡᠢ ᠪᠠᠭᠠᠲᠤᠷ ᠬᠠᠭᠠᠨ ᠤ᠋ ᠵᠠᠷᠯᠢᠭ ᠢ᠋ ᠬᠦᠯᠢᠶᠡᠨ ᠠᠪᠤᠮᠠᠭᠴᠠ ᠬᠥᠮᠦᠨ ᠶᠠᠪᠤᠭᠤᠯᠵᠤ ᠭᠡᠳᠡᠭᠦᠯᠦᠨ ᠮᠡᠳᠡᠭᠡᠳ ᠶᠡᠬᠡ ᠴᠡᠷᠢᠭ ᠪᠠᠷᠠᠭᠤᠨᠰᠢ ᠮᠣᠷᠳᠠᠬᠤ ᠪᠠᠷ ᠬᠠᠯᠬᠠᠪᠴᠢ ᠪᠣᠯᠭᠠᠨ ᠭᠡᠨᠡᠳᠡᠭᠦᠯᠵᠦ ᠪᠠᠷᠢᠰᠤᠭᠠᠢ ᠭᠡᠮᠡᠨ ᠴᠡᠷᠢᠭ ᠣᠯᠠᠨ ᠪᠥᠭᠡᠰᠦ ᠮᠥᠨ ᠣᠢ ᠳ᠋ᠤᠷ ᠰᠢᠷᠭᠤᠬᠤ ᠠ᠋ᠴᠠ ᠪᠣᠯᠭᠣᠮᠵᠢᠯᠠᠨ ᠴᠥᠭᠡᠨ ᠬᠥᠮᠦᠨ ᠠᠪᠴᠤ ᠣᠴᠢᠭᠰᠠᠨ ᠠᠨᠤ ᠡᠨᠡ ᠪᠣᠯᠠᠢ᠃ 
       ᠮᠣᠩᠭᠣᠯᠴᠤᠳ ᠣᠷᠣᠰ ᠢ᠋ ᠪᠠᠢᠯᠳᠤᠬᠤ ᠪᠠᠷ ᠶᠠᠭᠠᠷᠠᠯᠳᠤᠵᠤ ᠪᠣᠢ ᠭᠡᠮᠡᠨ ᠪᠠᠽᠢᠮᠠᠨ ᠲᠠᠩᠨᠠᠭᠤᠯ ᠠ᠋ᠴᠠ ᠰᠣᠨᠣᠰᠴᠤ ᠰᠡᠳᠬᠢᠯ ᠠᠮᠤᠷ ᠠᠭᠤᠯᠠ ᠶ᠋ᠢᠨ ᠴᠠᠢᠵᠠ ᠳ᠋ᠠᠭᠠᠨ ᠰᠠᠭᠤᠵᠤ ᠠᠬᠤᠢ ᠳ᠋ᠤᠷ ᠬᠠᠷᠠᠭᠤᠯ ᠤ᠋ᠨ ᠬᠥᠮᠦᠰ ᠭᠡᠨᠡᠳᠲᠡ ᠮᠣᠩᠭᠣᠯᠴᠤᠳ ᠬᠦᠷᠴᠦ ᠢᠷᠡᠪᠡᠢ ᠭᠡᠮᠡᠨ ᠮᠡᠳᠡᠭᠦᠯᠦᠰᠠᠨ ᠳ᠋ᠤᠷ ᠪᠠᠽᠠᠮᠠᠨ ᠤ᠋ ᠲᠡᠷᠢᠭᠦᠨ᠎ᠡ ᠠᠶᠤᠩᠭ᠎ᠠ ᠪᠠᠭᠤᠭᠰᠠᠨ ᠮᠡᠲᠦ ᠪᠣᠯᠤᠭᠠᠳ ᠤᠳᠠᠲᠠᠯ᠎ᠠ ᠦᠭᠡ ᠦᠭᠡᠢ ᠰᠠᠭᠤᠭᠰᠠᠨ ᠬᠣᠢᠨ᠎ᠠ ᠂ ᠴᠡᠷᠢᠭ ᠴᠥᠭᠡᠨ ᠬᠡᠮᠡᠬᠦ ᠢᠨᠤ ᠯᠠᠪ ᠵᠠᠮ ᠡᠨᠳᠡᠭᠦᠷᠡᠭᠰᠡᠨ ᠬᠥᠮᠦᠰ ᠮᠥᠨ ᠪᠣᠢ ᠊ᠶ᠎ᠠ ᠭᠡᠮᠡᠨ ᠰᠠᠨᠠᠮᠤᠢ᠃ ᠡᠭᠦᠳᠡᠨ ᠳ᠋ᠦ᠍ᠷ ᠬᠦᠷᠭᠡᠵᠦ ᠢᠷᠡᠭᠰᠡᠨ ᠢ᠋ ᠡᠰᠡ ᠠᠪᠤᠪᠠᠰᠤ ᠶᠠᠯ᠎ᠠ ᠪᠣᠯᠤᠮᠤᠢ ᠭᠡᠮᠡᠨ ᠬᠤᠷᠳᠤᠨ ᠴᠠᠭᠠᠨ ᠳ᠋ᠠᠭᠠᠨ ᠮᠣᠷᠳᠠᠵᠤ ᠭᠤᠷᠪᠠᠨ ᠵᠠᠭᠤᠨ ᠮᠣᠷᠢᠲᠠᠨ ᠠᠪᠴᠤ ᠴᠠᠢᠵᠠ ᠠ᠋ᠴᠠ ᠭᠠᠷᠴᠤ ᠯᠠᠪᠯᠠᠨ ᠦᠵᠡᠪᠡᠰᠦ ᠂ ᠨᠢᠭᠡᠨ ᠬᠠᠷ᠎ᠠ ᠮᠣᠷᠢᠲᠤ ᠮᠢᠬᠠᠯᠢᠭ ᠳᠤᠮᠳᠠ ᠬᠡᠪ ᠦ᠋ᠨ ᠪᠡᠶ᠎ᠡ ᠲᠡᠢ ᠪᠦᠳᠦᠭᠦᠨ ᠬᠠᠷ᠎ᠠ ᠡᠷ᠎ᠡ ᠭᠠᠩ ᠳᠤᠭᠤᠯᠠᠭ᠎ᠠ ᠭᠠᠩ ᠬᠤᠶᠠᠭ ᠡᠮᠦᠰᠴᠦ ᠬᠥᠬᠡ ᠲᠣᠷᠭᠠᠨ ᠵᠠᠩᠴᠢ ᠪᠠᠨ ᠠᠷᠤ ᠳ᠋ᠠᠭᠠᠨ ᠬᠠᠶᠠᠵᠤ ᠤᠷᠲᠤ ᠵᠢᠳᠠᠨ ᠢ᠋ ᠬᠥᠨᠳᠡᠯᠡᠨ ᠪᠠᠷᠢᠵᠤ ᠪᠠᠽᠢᠮᠠᠨ ᠢ᠋ ᠦᠵᠡᠵᠦ ᠵᠢᠬᠡᠭᠦᠨ  ᠢ᠋ᠶ᠋ᠡᠷ ᠢᠨᠢᠶᠡᠨ ᠵᠣᠭᠰᠣᠮᠤᠢ ᠃ ᠠᠷᠤ ᠳ᠋ᠤᠷ ᠲᠠᠪᠢ ᠰᠢᠬᠠᠮ ᠶᠡᠬᠡ ᠡᠷᠡᠰ ᠭᠠᠩ ᠬᠤᠶᠠᠭᠲᠤ ᠲᠠᠷᠭᠤᠨ ᠮᠣᠷᠢᠨ ᠳ᠋ᠠᠭᠠᠨ ᠲᠠᠪᠲᠠᠢ ᠰᠠᠭᠤᠵᠤ ᠪᠠᠽᠢᠮᠠᠨ ᠤ᠋ ᠣᠯᠠᠨ ᠢ᠋ ᠣᠭᠲᠣ ᠨᠢᠳᠦᠨ ᠳ᠋ᠡᠭᠡᠨ ᠬᠠᠪᠴᠢᠶᠠᠬᠤ ᠮᠠᠶᠢᠭ ᠦᠭᠡᠢ᠃ 
       ᠪᠠᠽᠢᠮᠠᠨ ᠶᠡᠬᠡᠳᠡ ᠰᠡᠵᠢᠭᠯᠡᠵᠦ ᠰᠦᠬᠡ ᠳᠠᠯᠠᠯᠤᠨ ᠴᠡᠷᠢᠭ ᠢ᠋ᠶ᠋ᠡᠨ ᠵᠢᠭᠰᠠᠭᠠᠨ ᠣᠷᠣᠰ ᠲᠤᠭᠤᠯᠭ᠎ᠠ ᠶ᠋ᠢᠨ ᠨᠢᠭᠤᠷ ᠤ᠋ᠨ ᠬᠠᠯᠬᠠᠪᠴᠢ ᠪᠠᠨ ᠳᠡᠭᠡᠭᠰᠢ ᠲᠦᠯᠬᠢᠨ ᠨᠡᠬᠡᠭᠡᠳ ᠄ ᠶᠠᠭᠠᠬᠢᠭᠰᠠᠨ ᠴᠡᠷᠢᠭ ?  ᠢᠷᠡᠭᠰᠡᠨ ᠤᠴᠢᠷ ᠶᠠᠭᠤᠨ ? 》  ᠭᠡᠮᠡᠨ ᠵᠠᠩᠳᠤᠷᠤᠨ ᠠᠰᠠᠭᠤᠭᠰᠠᠨ ᠳ᠋ᠤᠷ ᠰᠥᠪᠡᠭᠡᠳᠡᠢ ᠪᠠᠭᠠᠲᠤᠷ ᠦᠯᠦ ᠮᠡᠳᠡᠭᠳᠡᠮ᠎ᠡ ᠢᠨᠢᠶᠡᠨ ᠥᠭᠦᠯᠡᠷᠦᠨ᠄ 《ᠤᠯᠠᠭᠠᠨ ᠴᠢᠷᠠᠢ ᠲᠠᠢ ᠥᠨᠳᠥᠷ ᠡᠷ᠎ᠡ ᠴᠢ ᠪᠠᠽᠢᠮᠠᠨ ᠪᠤᠰᠤ ᠤᠤ ?  ᠪᠢ ᠰᠥᠪᠡᠭᠡᠲᠡᠢ ᠪᠠᠭᠠᠲᠤᠷ ᠪᠣᠯᠠᠢ᠃  ᠴᠢᠮᠠᠶ᠋ᠢ ᠪᠠᠷᠢᠰᠤᠭᠠᠢ ᠭᠡᠮᠡᠨ ᠲᠤᠰᠬᠠᠢᠯᠠᠨ ᠢᠷᠡᠪᠡ᠃ ᠪᠠᠭᠤᠵᠤ ᠥᠭᠪᠡᠰᠦ ᠠᠮᠢ ᠶ᠋ᠢ ᠴᠢᠨᠦ ᠬᠡᠯᠲᠦᠷᠢᠭᠦᠯᠰᠦᠭᠡᠢ 》ᠭᠡᠮᠡᠨ ᠥᠭᠦᠯᠡᠭᠡᠳ ᠪᠠᠽᠢᠮᠠᠨ ᠬᠠᠷᠢᠭᠤ ᠥᠴᠢᠬᠦ ᠡᠴᠡ ᠡᠮᠦᠨ᠎ᠡ ᠵᠢᠯᠣᠭᠣ ᠪᠠᠨ ᠵᠥᠪ ᠳᠠᠰᠢ ᠳᠠᠷᠤᠵᠤ ᠪᠠᠽᠢᠮᠠᠨ ᠤ᠋ ᠵᠢᠭᠰᠠᠭᠠᠯ ᠤ᠋ᠨ ᠡᠮᠦᠨᠡᠭᠦᠷ ᠮᠣᠷᠢᠨ ᠤ᠋ ᠬᠠᠲᠠᠷᠢᠶ᠎ᠠ ᠪᠠᠷ ᠴᠢᠨᠠᠭᠰᠢ ᠬᠣᠯᠠᠳᠴᠤ ᠣᠴᠢᠮᠤᠢ ᠃ ᠪᠠᠽᠢᠮᠠᠨ ᠪᠣᠳᠣᠪᠠᠰᠤ ᠠᠽᠢ ᠂ ᠧᠦ᠋ᠷᠣᠫᠠ ᠬᠣᠶᠠᠷ ᠲᠢᠪ ᠲᠣᠷ ᠠᠯᠳᠠᠷᠰᠢᠭᠰᠠᠨ ᠵᠠᠩᠵᠤᠨ ᠲᠤᠯᠠ ᠡᠢᠨ ᠬᠦ᠌ ᠬᠥᠩᠭᠡᠨ ᠲᠦᠭᠰᠢᠭᠦᠷᠢᠲᠡᠢ ᠶᠠᠪᠤᠬᠤ ᠠᠨᠤ ᠯᠠᠪ ᠠᠷᠭ᠎ᠠ ᠪᠣᠢ ᠊ᠶ᠎ᠠ ᠃ ᠰᠥᠪᠡᠭᠡᠳᠡᠢ ᠪᠠᠭᠠᠲᠤᠷ ᠢ᠋ ᠪᠠᠢᠲᠤᠭᠠᠢ ᠮᠣᠩᠭᠣᠯᠴᠤᠳ ᠬᠥᠮᠦᠨ ᠪᠦᠷᠢ ᠴᠡᠷᠢᠭ ᠪᠦᠭᠭᠦᠬᠦ ᠠᠷᠭ᠎ᠠ ᠶ᠋ᠢ ᠣᠨᠴᠠ ᠳᠠᠳᠮᠠᠭᠠᠢ ᠬᠡᠷᠡᠭᠯᠡᠬᠦ ᠲᠤᠯᠠ ᠨᠡᠬᠡᠵᠦ ᠦᠯᠦ ᠪᠣᠯᠤᠮᠤᠢ ᠭᠡᠮᠡᠨ ᠴᠡᠷᠢᠭ ᠢ᠋ᠶ᠋ᠡᠨ ᠴᠠᠢᠵᠠ ᠳ᠋ᠠᠭᠠᠨ ᠪᠤᠴᠠᠭᠠᠨ ᠥᠪᠡᠷᠦᠨ ᠪᠡᠶ᠎ᠡ ᠪᠡᠷ ᠬᠠᠢᠭᠤᠯ ᠪᠣᠯᠵᠤ ᠶᠠᠪᠤᠬᠤ ᠠᠲᠠᠯ᠎ᠠ ᠰᠦᠪᠡᠭᠡᠳᠡᠢ ᠪᠠᠭᠠᠲᠤᠷ ᠤ᠋ᠨ ᠠᠷᠤ ᠳ᠋ᠤᠷ ᠱᠣᠭᠰᠢᠭᠤᠯᠵᠤ ᠪᠠᠢᠢᠭᠰᠠᠨ ᠰᠠᠢᠨ ᠡᠷᠡᠰ ᠭᠡᠨᠡᠳᠲᠡ ᠪᠤᠴᠠᠨ ᠳᠠᠭᠠᠷᠢᠵᠤ ᠢᠷᠡᠭᠡᠳ ᠪᠠᠽᠢᠮᠠᠨ ᠤ᠋ ᠬᠣᠲᠠᠨ ᠳ᠋ᠤᠷ ᠣᠷᠣᠬᠤ ᠵᠠᠮ ᠢ᠋ ᠪᠥᠭᠯᠡᠵᠦ ᠠᠪᠤᠭᠠᠳ ᠴᠠᠪᠴᠢᠨ ᠢᠷᠡᠬᠦ ᠢᠨᠦ ᠬᠡᠴᠡᠭᠦᠦ ᠳ᠋ᠦ᠍ᠷ ᠪᠠᠽᠢᠮᠠᠨ ᠡᠰᠡᠷᠭᠦᠴᠡᠯ ᠪᠤᠰᠤ ᠪᠥᠭᠡᠳ ᠬᠣᠲᠠᠨ ᠳ᠋ᠤᠷ ᠣᠷᠣᠭᠰᠠᠨ ᠴᠡᠷᠢᠭ ᠴᠦ᠍ ᠪᠤᠴᠠᠵᠤ ᠭᠠᠷᠴᠤ ᠢᠷᠡᠵᠦ ᠠᠮᠵᠢᠬᠤ ᠦᠭᠡᠢ ᠪᠣᠯᠤᠭᠰᠠᠨ ᠲᠤᠯᠠ ᠬᠤᠷᠳᠤᠨ ᠴᠠᠭᠠᠨ ᠢ᠋ᠶ᠋ᠠᠨ ᠲᠠᠰᠢᠭᠤᠷᠳᠠᠨ ᠬᠠᠷᠠᠩᠭᠤᠢ ᠣᠢ ᠵᠦᠭ ᠳᠤᠲᠠᠭᠠᠪᠠ ᠃ ᠰᠥᠪᠡᠭᠡᠲᠡᠢ ᠪᠠᠭᠠᠲᠤᠷ ᠬᠣᠷᠢᠵᠤ ᠠᠮᠵᠢᠭᠰᠠᠨ ᠦᠭᠡᠢ  《ᠫᠠᠢ ! 》ᠭᠡᠮᠡᠨ ᠭᠡᠮᠰᠢᠵᠦ ᠦᠵᠡᠲᠡᠯ᠎ᠡ ᠪᠠᠽᠢᠮᠠᠨ ᠨᠢᠭᠡᠨᠲᠡ ᠭᠦᠨ ᠣᠢ ᠳ᠋ᠤᠷ ᠰᠢᠷᠭᠤᠪᠠ᠃ 
       ᠲᠡᠳᠦᠢ ᠳ᠋ᠦ᠍ᠷ ᠬᠥᠶᠦᠭ ᠬᠠᠨ ᠂ ᠮᠥᠩᠬᠡ ᠬᠠᠨ ᠬᠣᠶᠠᠭᠤᠯᠠ ᠰᠥᠪᠡᠭᠡᠲᠡᠢ ᠪᠠᠭᠠᠲᠤᠷ ᠪᠠᠽᠢᠮᠠᠨ ᠢ᠋ ᠪᠠᠷᠢᠷ᠎ᠠ ᠡᠴᠢᠪᠡ ᠭᠡᠮᠡᠨ ᠰᠣᠨᠣᠰᠤᠭᠠᠳ ᠲᠤᠰ ᠲᠤᠰ ᠠᠷᠪᠠᠭᠠᠳ ᠰᠠᠢᠨ ᠡᠷᠡᠰ ᠳᠠᠭᠠᠭᠤᠯᠤᠨ ᠰᠦᠪᠡᠭᠡᠲᠡᠢ ᠪᠠᠭᠠᠲᠤᠷ ᠂ ᠪᠠᠽᠢᠮᠠᠨ ᠬᠣᠶᠠᠷ ᠰᠠᠢᠨ ᠡᠷᠡᠰ ᠦ᠋ᠨ ᠪᠠᠢᠯᠳᠤᠬᠤ ᠶ᠋ᠢ ᠦᠵᠡᠰᠦᠭᠡᠢ ᠭᠡᠮᠡᠨ ᠶᠡᠬᠡ ᠴᠡᠷᠢᠭ ᠡᠴᠡ ᠪᠡᠨ ᠰᠠᠯᠵᠤ ᠨᠢᠰᠬᠦ ᠮᠡᠲᠦ ᠳᠠᠭᠠᠵᠤ ᠬᠦᠷᠴᠦ ᠢᠷᠡᠭᠰᠡᠨ ᠳ᠋ᠦ᠍ᠷ ᠪᠠᠽᠢᠮᠠᠨ ᠨᠢᠭᠡᠨᠲᠡ ᠣᠢ ᠳ᠋ᠤᠷ ᠣᠷᠣᠭᠰᠠᠨ ᠲᠡᠷᠡ ᠴᠠᠭ ᠪᠣᠯᠪᠠᠢ ᠃ ᠬᠡᠳᠦᠭᠦᠯᠡ ᠮᠠᠰᠢ ᠬᠠᠷᠠᠮᠰᠠᠵᠤ ᠲᠠᠯᠠᠭᠠᠷ ᠪᠤᠴᠠᠬᠤ ᠦᠭᠡᠢ ᠭᠡᠮᠡᠨ ᠵᠥᠪᠳᠡᠵᠦ ᠴᠠᠢᠵᠠ ᠶ᠋ᠢ ᠡᠪᠳᠡᠵᠦ ᠠᠪᠤᠰᠤᠭᠠᠢ ᠭᠡᠮᠡᠨ ᠮᠣᠳᠣᠨ ᠬᠣᠲᠠ ᠶ᠋ᠢᠨ ᠬᠠᠢᠰᠠᠩ ᠢ᠋ ᠰᠠᠬᠢᠭᠰᠠᠨ ᠴᠡᠷᠢᠭ᠎ ᠢ ᠬᠠᠲᠠᠭᠤ ᠰᠤᠮᠤ ᠵᠢᠯᠠᠨ ᠬᠣᠱ᠌ᠢᠭᠤᠲᠤ  ᠪᠠᠷ ᠬᠠᠷᠪᠤᠵᠤ ᠥᠨᠳᠡᠢᠯᠭᠡᠬᠦ ᠦᠭᠡᠢ ᠪᠠᠢᠵᠤ ᠱᠠᠲᠤ ᠲᠠᠯᠪᠢᠨ ᠰᠥᠪᠡᠭᠡᠲᠡᠢ ᠪᠠᠭᠠᠲᠤᠷ ᠵᠡᠭᠦᠨ ᠭᠠᠷ ᠲᠠᠭᠠᠨ ᠪᠠᠮᠪᠠᠢ ᠲᠣᠬᠣᠢᠯᠠᠨ ᠪᠠᠷᠠᠭᠤᠨ ᠭᠠᠷ ᠲᠠᠭᠠᠨ ᠢᠯᠳᠦ ᠪᠠᠷᠢᠵᠤ ᠴᠠᠪᠴᠢᠨ ᠭᠠᠷᠬᠤᠢ ᠳ᠋ᠤᠷ ᠬᠣᠷᠢᠭᠯᠠᠵᠤ ᠴᠢᠳᠠᠭᠰᠠᠨ ᠬᠥᠮᠦᠨ ᠦᠭᠡᠢ ᠃ ᠭᠦᠶᠦᠭ ᠬᠠᠨ ᠂ ᠮᠥᠩᠬᠡ ᠬᠠᠨ ᠴᠥᠮ ᠵᠡᠪᠡ ᠴᠢᠯᠠᠭᠤᠨ ᠤ᠋ ᠳᠤᠮᠳᠠ ᠪᠠᠷ ᠰᠢᠷᠭᠤᠯᠤᠨ ᠰᠠᠢᠨ ᠡᠷ᠎ᠡ ᠳ᠋ᠦ᠍ᠷ ᠴᠡᠷᠢᠭ  ᠢ᠋ᠶ᠋ᠡᠷ ᠲᠤᠰᠠᠯᠠᠬᠤ ᠦᠭᠡᠢ ᠪᠣᠯᠪᠠᠴᠤ ᠡᠷ᠎ᠡ ᠪᠡᠷ ᠲᠤᠰᠠᠯᠠᠰᠤᠭᠠᠢ ᠭᠡᠮᠡᠨ ᠮᠣᠳᠣᠨ ᠬᠣᠲᠠᠨ ᠳ᠋ᠤᠷ ᠴᠠᠪᠴᠢᠵᠤ ᠭᠠᠷᠤᠭᠰᠠᠨ ᠳ᠋ᠤᠷ ᠪᠠᠽᠢᠮᠠᠨ ᠤ᠋ ᠣᠯᠠᠨ ᠨᠢᠭᠡᠨᠲᠡ ᠰᠠᠮᠠᠭᠤᠷᠠᠨ ᠠᠮᠢ ᠭᠠᠷᠰᠤᠭᠠᠢ ᠭᠡᠮᠡᠨ ᠪᠠᠷᠠᠭᠤᠨ ᠬᠠᠭᠠᠯᠭ᠎ᠠ ᠪᠠᠨ ᠨᠡᠭᠡᠭᠡᠵᠦ ᠪᠤᠷᠤᠭᠤᠯᠠᠪᠠ ᠃ ᠰᠥᠪᠡᠭᠡᠳᠡᠢ ᠪᠠᠭᠠᠲᠤᠷ ᠰᠢᠭᠤᠳ ᠪᠠᠽᠢᠮᠠᠨ ᠤ᠋ ᠣᠷᠳᠣᠨ ᠳ᠋ᠤᠷ ᠣᠷᠣᠵᠤ ᠪᠠᠽᠢᠮᠠᠨ ᠤ᠋ ᠡᠮ᠎ᠡ ᠦᠷ᠎ᠡ ᠶ᠋ᠢ ᠴᠥᠮ ᠪᠠᠷᠢᠵᠤ ᠠᠪᠤᠪᠠ᠃ 
       ᠬᠥᠶᠦᠭ ᠬᠠᠨ ᠂ ᠮᠥᠩᠬᠡ ᠬᠠᠨ ᠬᠣᠶᠠᠭᠤᠯᠠ ᠰᠥᠪᠡᠭᠡᠳᠡᠢ ᠪᠠᠭᠠᠲᠤᠷ ᠤ᠋ᠨ ᠴᠥᠭᠡᠨ ᠴᠡᠷᠢᠭ  ᠢ᠋ᠶ᠋ᠡᠷ ᠪᠠᠽᠢᠮᠠᠨ ᠢ᠋ ᠣᠯᠠᠨ ᠤ᠋ ᠳᠣᠲᠣᠷ᠎ᠠ ᠠ᠋ᠴᠠ ᠲᠠᠰᠤᠯᠵᠤ ᠠᠪᠤᠭᠰᠠᠨ ᠢ ᠭᠠᠢᠬᠠᠵᠤ ᠵᠢᠷᠦᠬᠡ ᠲᠡᠢ ᠡᠷ᠎ᠡ ᠭᠡᠮᠡᠨ ᠪᠢᠰᠢᠷᠡᠵᠦ ᠶᠡᠬᠡ ᠴᠡᠷᠢᠭ ᠦ᠋ᠨ ᠠᠷᠤ ᠠ᠋ᠴᠠ ᠱᠣᠭᠰᠢᠭᠤᠯᠵᠠᠭᠠᠪᠠ᠃ 
       ᠥᠭᠦᠯᠡᠬᠦ ᠢᠨᠤ ᠮᠥᠩᠬᠡ ᠬᠠᠨ ᠵᠡᠭᠦᠨ ᠵᠠᠮ ᠤ᠋ᠨ ᠶᠡᠬᠡ ᠴᠡᠷᠢᠭ ᠢ᠋ ᠠᠪᠴᠤ ᠺᠠᠰᠫᠢ ᠲᠠᠩᠭᠢᠰ ᠢ᠋ ᠴᠢᠭᠯᠡᠨ ᠺᠢᠪᠴᠠᠭ ᠤ᠋ᠨ ᠡᠰᠡ ᠳᠠᠭᠠᠭᠰᠠᠳ ᠢ ᠳᠠᠢᠯᠠᠵᠤ ᠳᠡᠮᠡᠢ ᠰᠠᠭᠠᠳ ᠦᠭᠡᠢ ᠢᠵᠢᠯ ᠮᠥᠷᠡᠨ ᠦ᠌ ᠬᠥᠯ ᠳ᠋ᠦ᠍ᠷ ᠬᠦᠷᠴᠦ ᠢᠷᠡᠪᠡ ᠃ ᠪᠠᠽᠢᠮᠠᠨ ᠢ᠋ ᠯᠠᠪ ᠬᠣᠯᠠᠳᠠᠭᠠᠳᠤᠢ ᠭᠡᠮᠡᠨ ᠴᠡᠷᠢᠭ  ᠦ᠋ᠳ  ᠢ᠋ᠶ᠋ᠡᠷ ᠣᠢ ᠶ᠋ᠢ ᠨᠡᠩᠵᠢᠭᠦᠯᠪᠡᠰᠦ ᠨᠢᠭᠡᠨ ᠰᠢᠨᠡᠬᠡᠨ ᠪᠠᠭᠤᠴᠠ ᠲᠣᠬᠢᠶᠠᠯᠳᠤᠪᠠᠢ ᠃ ᠪᠠᠭᠤᠴᠠ ᠳ᠋ᠤᠷ ᠬᠣᠴᠣᠷᠤᠭᠰᠠᠨ ᠨᠢᠭᠡᠨ ᠡᠪᠡᠳᠴᠢᠨ ᠲᠡᠢ ᠬᠡᠪᠲᠡᠭᠡ ᠬᠥᠭᠰᠢᠨ ᠡᠴᠡ ᠠᠰᠠᠭᠤᠪᠠᠰᠤ ᠪᠠᠽᠢᠮᠠᠨ ᠰᠠᠶᠢ ᠡᠨᠳᠡ ᠡᠴᠡ ᠶᠠᠪᠤᠪᠠ ᠬᠡᠮᠡᠮᠦ ᠃ ᠮᠥᠷᠳᠡᠵᠦ ᠶᠠᠪᠤᠭᠰᠠᠭᠠᠷ ᠭᠦᠨ ᠲᠠᠩᠭᠢᠰ ᠤ᠋ᠨ ᠬᠥᠪᠡᠭᠡᠨ ᠳ᠋ᠦ᠍ᠷ ᠬᠦᠷᠪᠡᠰᠦ ᠴᠢᠪ ᠭᠡᠮᠡᠨ ᠶᠡᠬᠡ ᠰᠠᠯᠬᠢᠨ ᠲᠣᠬᠢᠶᠠᠯᠳᠤᠭᠠᠳ ᠲᠠᠩᠭᠢᠰ ᠤ᠋ᠨ ᠤᠰᠤ ᠶ᠋ᠢ ᠦᠯᠢᠶᠡᠨ ᠵᠠᠮ ᠭᠠᠷᠭᠠᠭᠰᠠᠨ ᠳ᠋ᠤᠷ ᠮᠥᠩᠬᠡ ᠬᠠᠨ ᠪᠠᠶᠠᠷᠯᠠᠵᠤ ᠲᠡᠭᠷᠢ ᠨᠠᠳᠤᠷ ᠵᠠᠮ ᠲᠠᠯᠪᠢᠵᠤ ᠥᠭᠪᠡ ᠭᠡᠮᠡᠨ ᠮᠣᠷᠢ ᠲᠠᠢ ᠭᠡᠲᠦᠯᠦᠨ ᠠᠷᠠᠯ ᠳ᠋ᠤᠷ ᠭᠠᠷᠴᠤ ᠰᠢᠭᠦᠷᠳᠡᠵᠦ ᠦᠵᠡᠪᠡᠰᠦ ᠪᠠᠽᠢᠮᠠᠨ ᠦᠨᠡᠬᠡᠷ ᠴᠥᠭᠡᠨ ᠡᠷᠡᠰ ᠦ᠋ᠨ ᠬᠠᠮᠲᠤ ᠪᠠᠢᠪᠠ᠃ ᠮᠥᠩᠬᠡ ᠬᠠᠨ ᠣᠯᠠᠨ ᠢ᠋ᠶ᠋ᠠᠨ ᠵᠢᠭᠰᠠᠭᠠᠵᠤ ᠪᠠᠽᠢᠮᠠᠨ ᠢ᠋ ᠪᠠᠭᠤᠵᠤ ᠥᠭ ᠬᠡᠮᠡᠬᠦᠢ ᠳ᠋ᠦ᠍ᠷ ᠪᠠᠽᠢᠮᠠᠨ ᠬᠦᠢᠲᠡᠨ  ᠢ᠋ᠶ᠋ᠡᠷ ᠢᠨᠢᠶᠡᠵᠦ ᠥᠭᠦᠯᠡᠷᠦᠨ :《ᠴᠢ ᠬᠥᠮᠦᠨ ᠣᠯᠠᠨ ᠭᠡᠮᠡᠨ ᠨᠠᠮᠠᠶ᠋ᠢ ᠪᠠᠰᠤᠮᠵᠢᠯᠠᠮᠤᠢ ᠤᠤ ?  ᠪᠤᠰᠤᠳ ᠤ᠋ᠨ ᠨᠤᠲᠤᠭ ᠣᠷᠣᠨ ᠳ᠋ᠤᠷ ᠡᠢᠨᠬᠦ ᠡᠵᠡᠷᠬᠡᠭᠯᠡᠨ ᠶᠠᠪᠤᠬᠤ ᠳᠠᠢᠰᠤᠨ ᠳ᠋ᠤᠷ ᠪᠠᠭᠤᠵᠤ ᠥᠭᠬᠦ ᠶᠣᠰᠣ ᠪᠣᠢ ᠪᠤᠶᠤ ?  ᠲᠠ ᠮᠢᠨᠦ ᠰᠦᠬᠡ ᠡᠴᠡ ᠠᠰᠠᠭᠤ !ᠭᠡᠮᠡᠨ ᠣᠭᠲᠣ ᠠᠶᠤᠬᠤ ᠦᠭᠡᠢ ᠵᠠᠭᠤ ᠬᠦᠷᠬᠦ ᠦᠭᠡᠢ ᠡᠷᠡᠰ  ᠢ᠋ᠶ᠋ᠡᠨ ᠲᠠᠩᠭᠢᠰ ᠢ᠋ ᠠᠷᠤᠯᠠᠵᠤ ᠵᠢᠭᠰᠠᠭᠠᠪᠠᠢ᠃ ᠦᠵᠡᠪᠡᠰᠦ ᠪᠠᠽᠢᠮᠠᠨ ᠨᠢᠳᠦ ᠰᠢᠷ᠎ᠠ ᠴᠢᠷᠠᠢ ᠤᠯᠠᠭᠠᠨ ᠂ ᠪᠡᠶ᠎ᠡ ᠥᠨᠳᠥᠷ ᠂  ᠮᠥᠷᠥ ᠥᠷᠭᠡᠨ ᠂ ᠤᠯᠠᠭᠠᠨ ᠰᠠᠬᠠᠯ  ᠢ᠋ᠶ᠋ᠠᠨ ᠡᠪᠲᠡᠢ ᠨᠠᠷᠢᠨ ᠵᠠᠰᠠᠵᠤ ᠲᠡᠷᠢᠭᠦᠨ ᠳ᠋ᠦ᠍ᠷ ᠣᠷᠣᠰ ᠳᠤᠭᠤᠯᠠᠭ᠎ᠠ ᠂ ᠪᠡᠶ᠎ᠡ ᠳ᠋ᠦ᠍ᠷ ᠣᠷᠣᠰ ᠬᠤᠶᠠᠭ ᠡᠮᠦᠰᠴᠦ ᠂ ᠭᠠᠷ ᠲᠤᠷ ᠤᠷᠲᠤ ᠡᠰᠢᠲᠦ ᠰᠦᠬᠡ ᠪᠠᠷᠢᠵᠤ ᠠᠷᠠᠪ ᠴᠠᠭᠠᠨ ᠮᠣᠷᠢ ᠣᠨᠣᠵᠤᠬᠤᠢ᠃ ᠮᠥᠩᠬᠡ ᠬᠠᠨ ᠳᠣᠲᠣᠷ᠎ᠠ ᠪᠠᠨ ᠰᠠᠢᠨ ᠡᠷ᠎ᠡ ᠬᠡᠮᠡᠭᠰᠡᠨ ᠢᠨᠤ ᠬᠤᠳᠠᠯ ᠪᠤᠰᠤ ᠭᠡᠮᠡᠨ ᠪᠣᠳᠣᠵᠤ ᠬᠠᠢᠷᠠᠯᠠᠬᠤ ᠰᠡᠳᠬᠢᠯ ᠡᠭᠦᠰᠦᠨ ᠵᠢᠳᠠ ᠪᠠᠷ ᠵᠢᠭᠠᠵᠤ ᠥᠭᠦᠯᠡᠷᠦᠨ᠄ 《ᠴᠢ ᠨᠢᠭᠡᠨᠲᠡ ᠮᠢᠨᠦ ᠭᠠᠷ ᠲᠤᠷ ᠣᠷᠣᠭᠰᠠᠨ ᠠᠮᠢᠲᠠᠨ ᠪᠣᠯᠪᠠ ᠂ ᠥᠴᠦᠬᠡᠨ ᠴᠢᠳᠠᠯ ᠳ᠋ᠠᠭᠠᠨ ᠡᠷᠡᠮᠰᠢᠵᠦ ᠦᠬᠦᠬᠦ ᠪᠡᠨ ᠡᠷᠢᠮᠦᠢ ᠤᠤ ? ᠭᠡᠮᠡᠨ ᠥᠭᠦᠯᠡᠲᠡᠯ᠎ᠡ ᠪᠠᠽᠢᠮᠠᠨ ᠦᠭᠡ ᠳᠠᠭᠤᠨ ᠦᠭᠡᠢ ᠴᠠᠪᠴᠢᠨ ᠢᠷᠡᠬᠦᠢ ᠳ᠋ᠦ᠍ᠷ ᠬᠠᠨ ᠤ᠋ ᠠᠷᠤ ᠠ᠋ᠴᠠ ᠮᠢᠩᠭᠠᠨ ᠤ᠋ ᠨᠣᠶᠠᠨ ᠶᠠᠨᠳᠠᠮᠦᠷ ᠢᠯᠳᠦ ᠳᠠᠯᠠᠢᠨ ᠤᠭᠲᠤᠨ ᠠᠪᠤᠪᠠ᠃ ᠴᠠᠪᠴᠢᠭᠰᠠᠨ ᠰᠦᠬᠡ ᠬᠦᠴᠦ ᠶᠡᠬᠡ ᠲᠤᠯᠠ ᠶᠠᠨᠳᠠᠮᠦᠷ ᠢᠯᠳᠦ ᠪᠡᠷ ᠵᠠᠢᠯᠠᠭᠤᠯᠵᠤ ᠦᠯᠦ ᠪᠣᠯᠬᠤ ᠲᠤᠯᠠ ᠪᠠᠮᠪᠠᠢ ᠪᠠᠷ ᠲᠤᠰᠤᠭᠰᠠᠨ ᠳ᠋ᠤᠷ ᠳᠠᠯᠤ ᠢᠨᠤ ᠮᠢᠨᠴᠦᠭᠦᠷᠡᠨ ᠠᠷᠠᠢ ᠥᠩᠭᠡᠷᠡᠭᠡᠵᠦ ᠴᠢᠳᠠᠯ ᠤ᠋ᠨ ᠬᠢᠷᠢ ᠪᠡᠷ ᠴᠢᠷᠮᠠᠢᠨ ᠬᠣᠷᠢ ᠰᠢᠬᠠᠮ ᠤᠳᠠᠭ᠎ᠠ ᠵᠥᠷᠢᠯᠳᠦᠵᠦ ᠲᠡᠩᠴᠡᠨ ᠴᠢᠳᠠᠬᠤ ᠦᠭᠡᠢ ᠲᠤᠯᠠ ᠬᠣᠭᠣᠰᠣᠨ ᠢ᠋ ᠴᠠᠪᠴᠢᠨ ᠪᠤᠷᠤᠭᠤᠯᠠᠪᠠ᠃ ᠪᠠᠽᠢᠮᠠᠨ ᠨᠡᠬᠡᠬᠦ ᠦᠭᠡᠢ ᠮᠣᠷᠢ ᠲᠡᠳᠡᠨ ᠵᠣᠭᠰᠣᠵᠤ ᠮᠥᠩᠬᠡ ᠬᠠᠨ ᠢ᠋ ᠪᠠᠢᠯᠳᠤᠷ᠎ᠠ ᠢᠷ᠎ᠡ ᠭᠡᠮᠡᠨ ᠳᠠᠯᠠᠯᠤᠮᠤᠢ᠃ ᠮᠥᠩᠬᠡ ᠬᠠᠨ ᠥᠴᠦᠬᠡᠨ ᠢᠨᠢᠶᠡᠮᠡᠰᠦᠭᠯᠡᠨ ᠮᠣᠷᠢᠨ ᠤ᠋ ᠵᠢᠯᠣᠭᠣ ᠳᠠᠷᠤᠵᠤ ᠵᠢᠭᠰᠠᠭᠠᠯ ᠤ᠋ᠨ ᠲᠤᠭ ᠤ᠋ᠨ ᠳᠣᠣᠷ᠎ᠠ ᠠ᠋ᠴᠠ ᠭᠠᠷᠴᠤ ᠢᠷᠠᠪᠠᠰᠤ ᠰᠦᠷ ᠭᠡᠷᠡᠯ ᠬᠥᠮᠦᠰ᠎ ᠢ ᠰᠦᠰᠦᠭᠯᠡᠭᠦᠯᠦᠮᠦᠢ᠃ ᠪᠡᠶ᠎ᠡ ᠳ᠋ᠦ᠍ᠷ ᠠᠯᠲᠠ ᠮᠥᠩᠭᠥᠨ ᠦ᠌ ᠵᠦᠢᠯ ᠦᠭᠡᠢ ᠴᠥᠮ ᠡᠩ ᠦ᠋ᠨ ᠭᠠᠩ ᠬᠤᠶᠠᠭ ᠂ ᠭᠠᠩ ᠵᠡᠪᠰᠡᠭ ᠪᠣᠯᠪᠠᠴᠤ ᠲᠡᠭᠦᠨ  ᠦ᠌ ᠡᠷᠬᠢᠮ ᠳᠡᠭᠡᠳᠦ ᠰᠤᠷᠲᠠᠯ ᠢ᠋ ᠦᠯᠦ ᠨᠥᠯᠥᠭᠡᠯᠡᠮᠦᠢ ᠃ ᠪᠠᠽᠢᠮᠠᠨ ᠲᠡᠭᠦᠨ ᠢ᠋ ᠬᠠᠳ ᠭᠡᠮᠡᠨ ᠮᠡᠳᠡᠵᠦ ᠬᠡᠳᠦᠨ ᠬᠤᠪᠢ ᠬᠢᠴᠢᠶᠡᠨ ᠪᠠᠢᠯᠳᠤᠰᠤᠭᠠᠢ ᠬᠡᠮᠡᠬᠦᠢ ᠳ᠋ᠦ᠍ᠷ ᠮᠥᠩᠬᠡ ᠬᠠᠨ ᠶᠠᠭᠠᠷᠠᠯ ᠦᠭᠡᠢ ᠵᠢᠯᠣᠭᠣ ᠳᠠᠷᠤᠵᠤ ᠢᠷᠡᠬᠦᠢ ᠳ᠋ᠦ᠍ᠷ ᠪᠠᠽᠢᠮᠠᠨ ᠬᠦᠴᠦ ᠮᠡᠳᠡᠨ ᠴᠠᠪᠴᠢᠪᠠᠰᠤ ᠮᠥᠩᠬᠡ ᠬᠠᠨ ᠪᠡᠶ᠎ᠡ ᠬᠡᠯᠪᠡᠢᠨ ᠥᠩᠭᠡᠷᠡᠭᠡᠵᠦ ᠪᠤᠴᠠᠵᠤ ᠵᠢᠳᠠᠯᠠᠭᠰᠠᠨ ᠳ᠋ᠤᠷ ᠪᠠᠽᠢᠮᠠᠨ ᠰᠦᠬᠡ ᠪᠡᠨ ᠬᠤᠷᠢᠶᠠᠵᠤ ᠠᠮᠵᠢᠭᠰᠠᠨ ᠦᠭᠡᠢ ᠪᠠᠮᠪᠠᠢ ᠪᠠᠷ  ᠢ᠋ᠶ᠋ᠠᠨ ᠲᠣᠰᠴᠤ ᠠᠪᠤᠪᠠ᠃ ᠬᠣᠶᠠᠷ ᠪᠠᠭᠠᠲᠤᠷ ᠡᠷ᠎ᠡ ᠴᠥᠮ ᠴᠢᠳᠠᠯ ᠲᠡᠩᠬᠡᠭᠡ ᠪᠡᠨ ᠭᠠᠷᠭᠠᠨ ᠬᠡᠨ ᠠᠯᠢᠨ ᠳ᠋ᠠᠭᠠᠨ ᠠᠪᠲᠠᠬᠤ ᠦᠭᠡᠢ ᠳᠥᠴᠢᠨ ᠤᠳᠠᠭ᠎ᠠ ᠪᠣᠯᠵᠤ ᠪᠠᠢᠯᠳᠤᠨ ᠬᠠᠯᠠᠮᠰᠠᠵᠤ ᠴᠥᠮ ᠮᠣᠷᠢ ᠪᠠᠨ ᠲᠡᠩᠬᠡᠷᠡᠭᠦᠯᠡᠨ ᠬᠦᠴᠦᠨ ᠢ᠋ᠶ᠋ᠡᠨ ᠰᠢᠪᠠᠬᠠᠵᠤ ᠪᠦᠬᠦᠢ ᠳ᠋ᠦ᠍ᠷ ᠣᠯᠠᠨ ᠬᠥᠮᠦᠨ ᠴᠥᠮ ᠨᠢᠳᠦ ᠡᠷᠢᠶᠡᠯᠵᠡᠨ ᠵᠢᠷᠦᠬᠡ ᠲᠦᠭᠰᠢᠵᠦ ᠴᠤᠤ ᠴᠢᠮᠡᠭᠡ ᠦᠭᠡᠢ ᠭᠠᠢᠬᠠᠬᠤᠢ ᠳ᠋ᠤᠷ ᠭᠡᠨᠡᠳᠲᠡ ᠪᠠᠽᠢᠮᠠᠨ ᠤ᠋ ᠤᠨᠤᠭᠰᠠᠨ ᠴᠠᠭᠠᠨ ᠮᠣᠷᠢ ᠪᠦᠳᠦᠷᠢᠭᠡᠳ ᠤᠷᠢᠳᠤ ᠬᠣᠶᠠᠷ ᠬᠥᠯ ᠢ᠋ᠶ᠋ᠡᠷ  ᠢ᠋ᠶ᠋ᠡᠨ ᠰᠥᠭᠥᠳᠬᠦᠢ ᠳ᠋ᠦ᠍ᠷ ᠪᠠᠽᠢᠮᠠᠨ ᠡᠮᠡᠭᠡᠯ ᠳ᠋ᠡᠭᠡᠨ ᠲᠣᠭᠲᠠᠵᠤ ᠴᠢᠳᠠᠭᠰᠠᠨ ᠦᠭᠡᠢ ᠪᠥᠮᠪᠥᠷᠢᠨ ᠣᠢᠴᠢᠪᠠ᠃ ᠮᠥᠩᠬᠡ ᠬᠠᠨ ᠤᠷᠲᠤ ᠵᠢᠳᠠ ᠪᠠᠷ ᠪᠠᠽᠢᠮᠠᠨ ᠤ᠋ ᠣᠷᠣᠰ ᠳᠤᠭᠤᠯᠠᠭ᠎ᠠ ᠶ᠋ᠢ ᠲᠣᠭᠰᠢᠵᠤ: 《ᠪᠢᠰᠢᠷᠡᠬᠦ ᠦᠭᠡᠢ ᠪᠥᠭᠡᠰᠦ ᠮᠣᠷᠢ ᠰᠣᠯᠢᠵᠤ ᠳᠠᠬᠢᠨ ᠪᠠᠢᠯᠳᠤᠷ᠎ᠠ ᠢᠷ᠎ᠡ ᠂  ᠪᠦᠳᠦᠷᠢᠬᠦᠢ ᠳ᠋ᠦ᠍ᠷ ᠨᠢᠳᠤᠷᠬᠤ ᠠᠨᠤ ᠰᠠᠢᠨ ᠡᠷ᠎ᠡ ᠶ᠋ᠢᠨ ᠶᠣᠰᠣ ᠪᠤᠰᠤ !ᠭᠡᠮᠡᠨ ᠵᠢᠳᠠ ᠪᠠᠨ ᠬᠣᠷᠢᠶᠠᠨ ᠮᠣᠷᠢ ᠪᠠᠨ ᠲᠠᠲᠠᠵᠤ ᠵᠣᠭᠰᠣᠭᠰᠠᠨ ᠳ᠋ᠤᠷ ᠪᠠᠽᠢᠮᠠᠨ ᠪᠣᠰᠴᠤ ᠵᠣᠭᠰᠣᠭᠠᠳ ᠥᠴᠢᠷᠦᠨ:《ᠮᠢᠨᠦ ᠪᠡᠶ᠎ᠡ ᠳᠠᠯᠠᠢ ᠳ᠋ᠤᠷ ᠰᠢᠷᠭᠤᠭᠰᠠᠨ ᠠᠨᠤ ᠵᠢᠭᠠᠰᠤ ᠯᠤᠭ᠎ᠠ ᠶᠠᠭᠤᠨ ᠥᠭᠡᠷ᠎ᠡ ᠃ ᠭᠡᠲᠡᠯ᠎ᠡ ᠳᠠᠯᠠᠢ ᠶ᠋ᠢᠨ ᠤᠰᠤ ᠲᠠᠲᠠᠭᠠᠳ ᠮᠢᠨᠦ ᠪᠡᠶ᠎ᠡ ᠳᠠᠯᠳᠠᠯᠠᠵᠤ ᠡᠰᠡ ᠴᠢᠳᠠᠭᠰᠠᠨ ᠪᠥᠭᠡᠳ ᠮᠢᠨᠦ ᠤᠳᠠᠭᠠᠨ ᠵᠢᠯ ᠬᠠᠨᠢᠯᠠᠭᠰᠠᠨ ᠮᠣᠷᠢ ᠬᠥᠯ ᠠᠯᠳᠠᠵᠤ ᠪᠦᠳᠦᠷᠢᠭᠡᠳ ᠡᠵᠡᠨ ᠡᠴᠡ ᠪᠡᠨ ᠲᠡᠷᠰᠯᠡᠪᠡ᠃ ᠲᠡᠭᠷᠢ ᠶ᠋ᠢᠨ ᠰᠠᠨᠠᠭ᠎ᠠ ᠪᠣᠯᠠᠢ !  》 ᠬᠡᠮᠡᠪᠡᠰᠦ ᠮᠥᠩᠬᠡ ᠬᠠᠨ ᠥᠭᠦᠯᠡᠷᠦᠨ:  《ᠲᠡᠭᠷᠢ ᠶ᠋ᠢᠨ ᠴᠠᠭ ᠭᠡᠮᠡᠨ ᠮᠡᠳᠡᠵᠦ ᠠᠭᠠᠳ ᠶᠠᠭᠤᠨ ᠳ᠋ᠤᠷ ᠰᠥᠭᠥᠳᠬᠦ ᠦᠭᠡᠢ ? 》ᠬᠡᠮᠡᠬᠦᠢ ᠳ᠋ᠦ᠍ᠷ ᠪᠠᠽᠢᠮᠠᠨ ᠴᠢᠷᠠᠢ ᠲᠥᠪ ᠪᠣᠯᠭᠠᠨ ᠥᠴᠢᠷᠦᠨ: 《ᠮᠢᠨᠦ ᠪᠡᠶ᠎ᠡ ᠨᠢᠭᠡᠨ ᠤᠯᠤᠰ ᠤ᠋ᠨ ᠡᠵᠡᠨ ᠪᠣᠯᠠᠢ ᠃ ᠲᠡᠭᠷᠢ ᠶ᠋ᠢᠨ ᠴᠠᠭ ᠨᠠᠳᠤᠷ ᠦᠭᠡᠢ ᠬᠡᠮᠡᠪᠡᠴᠦ ᠭᠤᠲᠤᠮᠰᠢᠭ ᠢ᠋ᠶ᠋ᠠᠷ ᠠᠮᠢᠳᠤᠷᠠᠬᠤ ᠶ᠋ᠢ ᠦᠯᠦ ᠰᠠᠨᠠᠮᠤᠢ᠃ ᠨᠡᠩ ᠲᠡᠮᠡᠭᠡ ᠪᠤᠰᠤ ᠠᠭᠠᠳ ᠬᠡᠷᠬᠢᠨ ᠪᠤᠰᠤᠳ ᠲᠤᠷ ᠰᠥᠭᠥᠳᠬᠦ ᠶᠣᠰᠣ ᠪᠣᠢ᠃ ᠡᠳᠦᠭᠡ ᠲᠠᠲᠠᠭᠰᠠᠨ ᠤᠰᠤ ᠬᠦᠷᠴᠦ ᠢᠷᠡᠬᠦ ᠰᠢᠬᠠᠪᠠ᠃ ᠴᠡᠷᠢᠭ ᠢ᠋ᠶ᠋ᠡᠨ ᠲᠦᠷᠭᠡᠨ ᠪᠤᠴᠠᠭᠠᠪᠠᠰᠤ ᠵᠣᠬᠢᠮᠤᠢ 》ᠭᠡᠮᠡᠨ ᠮᠥᠩᠬᠡ ᠬᠠᠨ ᠤ᠋ ᠵᠢᠳᠠᠯᠠᠬᠤ ᠶ᠋ᠢ ᠴᠡᠭᠡᠵᠢ ᠲᠡᠨᠢᠢᠯᠭᠡᠨ ᠬᠦᠯᠢᠶᠡᠵᠦ ᠵᠣᠭᠰᠣᠪᠠᠢ᠃ ᠮᠥᠩᠬᠡ ᠬᠠᠨ ᠰᠠᠢᠨ ᠡᠷ᠎ᠡ ᠶ᠋ᠢ ᠬᠠᠢᠷᠠᠯᠠᠵᠤ ᠳᠠᠭᠠᠵᠤ ᠶᠠᠪᠤ ᠭᠡᠮᠡᠨ ᠴᠡᠷᠢᠭ  ᠢ᠋ᠶ᠋ᠡᠨ ᠲᠠᠲᠠᠵᠤ ᠠᠷᠠᠢ ᠠᠮᠵᠢᠭᠰᠠᠨ ᠳ᠋ᠤᠷ ᠲᠠᠩᠭᠢᠰ ᠤ᠋ᠨ ᠤᠰᠤ ᠨᠢᠭᠡᠨᠲᠡ ᠬᠦᠷᠴᠦ ᠢᠷᠡᠪᠡ᠃ 
       ᠪᠠᠽᠢᠮᠠᠨ ᠦᠬᠦᠬᠦ ᠶ᠋ᠢ ᠡᠷᠡᠰ ᠭᠤᠶᠤᠭᠰᠠᠨ ᠳ᠋ᠤᠷ ᠮᠥᠩᠬᠡ ᠬᠠᠨ ᠰᠠᠢᠨ ᠡᠷ᠎ᠡ ᠶ᠋ᠢᠨ ᠵᠣᠷᠢᠭ ᠢ᠋ ᠭᠦᠢᠴᠡᠳᠬᠡᠰᠦᠭᠡᠢ ᠭᠡᠮᠡᠨ ᠪᠥᠵᠥᠭ ᠨᠣᠶᠠᠨ ᠳ᠋ᠤᠷ ᠲᠤᠰᠢᠶᠠᠨ ᠨᠢᠷᠤᠭᠤ ᠪᠠᠷ ᠠᠨᠤ ᠴᠠᠪᠴᠢᠭᠤᠯᠵᠤ ᠲᠡᠭᠦᠨ ᠦ᠌ ᠡᠬᠡᠨᠡᠷ ᠬᠡᠦᠬᠡᠳ ᠢ᠋ ᠬᠠᠷ᠎ᠠ ᠬᠣᠷᠢᠨ ᠳ᠋ᠤ᠌ ᠬᠦᠷᠭᠡᠨ ᠠᠰᠠᠷᠠᠭᠤᠯᠪᠠ᠃ 
       ᠤᠳᠠᠭᠰᠠᠨ ᠦᠭᠡᠢ ᠨᠢᠭᠡᠨᠲᠡ ᠵᠤᠨ ᠤ᠋ ᠡᠬᠢ ᠪᠣᠯᠤᠭᠰᠠᠨ ᠲᠤᠯᠠ ᠮᠣᠩᠭᠣᠯᠴᠤᠳ ᠤ᠋ᠨ ᠠᠳᠤᠭᠤ ᠮᠠᠯ ᠨᠣᠭᠣᠭᠠᠨ ᠳ᠋ᠤᠷ ᠴᠠᠳᠴᠤ ᠴᠢᠩᠭᠠᠷᠠᠪᠠ ᠃ ᠠᠯᠭᠤᠷ ᠤᠷᠤᠭᠰᠢᠯᠠᠵᠤ ᠨᠠᠮᠤᠷ ᠤ᠋ᠨ ᠰᠡᠭᠦᠯᠴᠢ ᠪᠡᠷ ᠰᠠᠶᠢ ᠠᠷᠤ ᠠᠷᠤ ᠠ᠋ᠴᠠ ᠪᠠᠨ ᠢᠵᠢᠯ ᠮᠥᠷᠡᠨ ᠳ᠋ᠦ᠍ᠷ ᠬᠦᠷᠦᠯᠴᠡᠨ ᠢᠷᠡᠵᠡᠭᠡᠪᠡ᠃ ᠺᠢᠪᠴᠠᠭ ᠤ᠋ᠨ ᠥᠷᠭᠡᠨ ᠠᠭᠤᠳᠠᠮ ᠲᠠᠯ᠎ᠠ ᠨᠤᠲᠤᠭ ᠬᠤᠷ᠎ᠠ ᠤᠰᠤ ᠲᠡᠭᠰᠢ ᠲᠤᠯᠠ ᠤᠰᠤ ᠪᠡᠯᠴᠢᠭᠡᠷ ᠰᠠᠨᠠᠭᠰᠠᠨ ᠠ᠋ᠴᠠ ᠢᠯᠡᠭᠦᠦ᠃ ᠠᠳᠤᠭᠤ ᠮᠠᠯ ᠴᠥᠮ ᠳᠦᠭᠦᠷᠡᠩ ᠲᠠᠷᠭᠤ ᠠᠪᠴᠤ ᠠᠢᠷᠠᠭ ᠴᠠᠭ᠎ᠠ ᠡᠯᠪᠡᠭ ᠳᠡᠯᠪᠡᠭ ᠪᠣᠯᠵᠤ ᠦᠯᠦ ᠮᠡᠳᠡᠬᠦ ᠬᠥᠮᠦᠰ ᠲᠡᠳᠡᠨ ᠢ᠋ ᠣᠲᠣᠷᠯᠠᠨ ᠶᠠᠪᠤᠬᠤ ᠨᠡᠭᠦᠳᠡᠯᠴᠢᠨ ᠠᠢᠮᠠᠭ ᠪᠤᠶᠤ ᠬᠡᠮᠡᠬᠦ ᠡᠴᠡ ᠪᠤᠰᠤ ᠠᠶᠠᠨ ᠲᠡᠢᠨ ᠳ᠋ᠦ᠍ᠷ ᠶᠠᠪᠤᠭ᠎ᠠ ᠴᠡᠷᠢᠭ ᠭᠡᠮᠡᠨ ᠰᠠᠨᠠᠬᠤ ᠦᠭᠡᠢ ᠠᠵᠢ᠃ 
       ᠪᠠᠲᠤ ᠬᠠᠨ ᠂ ᠰᠥᠪᠡᠭᠡᠳᠡᠢ ᠪᠠᠭᠠᠲᠤᠷ ᠤ᠋ᠨ ᠠᠷᠤ ᠳ᠋ᠤᠷ ᠶᠠᠪᠤᠵᠤ ᠬᠠᠮᠤᠭ ᠠ᠋ᠴᠠ ᠡᠮᠦᠨ᠎ᠡ ᠬᠦᠷᠴᠦ ᠢᠷᠡᠭᠡᠳ ᠢᠵᠢᠯ ᠮᠥᠷᠡᠨ ᠦ᠌ ᠬᠥᠪᠡᠭᠡᠨ ᠳ᠋ᠦ᠍ᠷ ᠶᠡᠬᠡ ᠴᠠᠴᠠᠷ ᠢ᠋ᠶ᠋ᠠᠨ ᠪᠠᠷᠢᠵᠤ ᠣᠯᠠᠨ ᠵᠠᠮ ᠤ᠋ᠨ ᠴᠡᠷᠢᠭ ᠬᠦᠷᠦᠯᠴᠡᠨ ᠢᠷᠡᠬᠦ ᠶ᠋ᠢ ᠬᠦᠯᠢᠶᠡᠮᠦᠢ᠃ 
       ᠢᠵᠢᠯ ᠮᠥᠷᠡᠨ ᠨᠢᠭᠡᠯ᠎ᠡ ᠶᠡᠬᠡ ᠠᠪᠤᠷᠭᠤ ᠮᠣᠭᠠᠢ ᠮᠡᠲᠦ ᠤᠷᠤᠭᠰᠢ ᠬᠣᠢᠰᠢ ᠪᠠᠨ ᠬᠥᠨᠳᠡᠯᠡᠨ ᠬᠡᠪᠲᠡᠭᠡᠳ ᠺᠢᠪᠴᠠᠭ ᠤ᠋ᠨ ᠠᠭᠤᠳᠠᠮ ᠰᠠᠷᠠᠭᠤᠯ ᠲᠠᠯ᠎ᠠ ᠨᠤᠲᠤᠭ ᠡᠨᠳᠡ ᠬᠦᠷᠦᠭᠡᠳ ᠲᠠᠰᠤᠯᠤᠭᠳᠠᠪᠠ᠃ ᠮᠥᠷᠡᠨ ᠦ᠌ ᠴᠢᠨᠠᠳᠤ ᠡᠯᠡᠰᠦᠨ ᠳᠠᠩ ᠥᠩᠭᠡᠢᠮ᠎ᠡ ᠡᠷᠭᠢ ᠳ᠋ᠦ᠍ᠷ ᠬᠤᠯᠤᠰᠤ ᠪᠤᠷᠭᠠᠰᠤ ᠵᠢᠭᠡᠰᠦ ᠮᠡᠲᠦ ᠤᠰᠤᠨ ᠤ᠋ ᠨᠣᠭᠣᠭ᠎ᠠ ᠮᠣᠳᠣ ᠬᠠᠰᠢᠵᠤ ᠣᠷᠭᠣᠭᠠᠳ ᠣᠢᠷ᠎ᠠ ᠬᠣᠯᠠ ᠬᠥᠪᠴᠢ ᠨᠦ᠍ᠭᠦᠳ ᠬᠠᠷᠠᠩᠭᠤᠢᠯᠠᠨ ᠣᠢ ᠶ᠋ᠢᠨ ᠵᠠᠪᠰᠠᠷ ᠢ᠋ᠶ᠋ᠠᠷ ᠬᠠᠶᠠ ᠦᠨᠢᠶ᠎ᠡ ᠲᠤᠭᠤᠯ ᠲᠣᠭᠣᠬᠤ ᠡᠮᠡᠭᠲᠡᠢᠴᠦᠳ ᠦ᠋ᠨ ᠤᠯᠠᠭᠠᠨ ᠴᠠᠮᠴᠠ ᠬᠠᠷᠠᠭᠳᠠᠮᠤᠢ ᠂ ᠮᠥᠷᠡᠨ ᠦ᠌ ᠵᠡᠭᠦᠨ᠎ᠡ ᠭᠡᠨᠡᠳᠲᠡ ᠬᠦᠷᠴᠦ ᠢᠷᠡᠭᠰᠡᠨ ᠨᠡᠭᠦᠳᠡᠯᠴᠢᠨ ᠠᠢᠮᠠᠭ ᠭᠡᠮᠡᠷ ᠠᠶᠠᠨ ᠲᠡᠢᠨ ᠦ᠌ ᠴᠡᠷᠢᠭ ᠡᠴᠡ ᠳᠤᠲᠠᠭᠠᠵᠤ ᠶᠠᠪᠤᠬᠤ ᠪᠣᠯᠤᠯᠲᠠᠢ᠃ ᠥᠨᠳᠥᠷ ᠡᠷᠭᠢ ᠬᠠᠳᠠ ᠶ᠋ᠢᠨ ᠳᠡᠭᠡᠭᠦᠷ ᠬᠡᠳᠦ ᠬᠡᠳᠦᠨ ᠮᠥᠷ ᠤᠷᠲᠤᠯᠢᠭ ᠮᠣᠳᠣᠨ ᠪᠠᠢᠰᠢᠩ ᠬᠠᠷᠠᠭᠳᠠᠬᠤ ᠠᠨᠤ ᠭᠣᠣᠯ ᠢ᠋ ᠰᠠᠬᠢᠬᠤ ᠴᠡᠷᠢᠭ ᠦ᠋ᠳ ᠦ᠋ᠨ ᠣᠷᠣᠨ ᠰᠠᠭᠤᠴᠠ ᠪᠣᠯᠤᠯᠲᠠᠢ᠃ ᠡᠨᠡ ᠬᠦᠷᠬᠢᠷᠡᠨ ᠤᠷᠤᠰᠬᠤ ᠶᠡᠬᠡ ᠮᠥᠷᠡᠨ ᠦ᠌ ᠰᠢᠷᠦᠭᠦᠨ ᠪᠥᠭᠡᠳ ᠥᠷᠭᠡᠨ ᠤᠷᠤᠰᠬᠠᠯ ᠢ᠋ ᠮᠣᠩᠭᠣᠯᠴᠤᠳ ᠣᠩᠭᠣᠴᠠ ᠰᠠᠯ ᠦᠭᠡᠢ ᠭᠡᠲᠦᠯᠵᠦ ᠴᠢᠳᠠᠬᠤ ᠦᠭᠡᠢ ᠬᠡᠮᠡᠭᠰᠡᠨ ᠮᠡᠲᠦ ᠬᠡᠳᠦᠨ ᠣᠷᠣᠰ ᠠᠯᠭᠤᠷ ᠠᠭᠠᠵᠢᠮ  ᠢ᠋ᠶ᠋ᠠᠷ ᠮᠥᠷᠡᠨ ᠦ᠌ ᠴᠢᠨᠠᠳᠤ ᠬᠥᠪᠡᠭᠡᠨ ᠳ᠋ᠦ᠍ᠷ ᠠᠭᠲᠠ ᠪᠠᠨ ᠤᠰᠤᠯᠠᠵᠤ ᠵᠣᠭᠰᠣᠮᠤᠢ ᠃ ᠮᠥᠷᠡᠨ ᠳ᠋ᠦ᠍ᠷ ᠠᠭᠰᠠᠨ ᠣᠩᠭᠣᠴᠠ ᠰᠠᠯ ᠢ᠋ ᠪᠣᠳᠣᠪᠠᠰᠤ ᠣᠷᠣᠰ ᠤ᠋ᠳ ᠬᠡᠳᠦᠢᠨᠡᠢ ᠬᠣᠷᠢᠶᠠᠨ ᠠᠪᠴᠤ ᠦᠭᠡᠢ ᠭᠡᠪᠡ᠃ ᠮᠣᠩᠭᠣᠯᠴᠤᠳ ᠪᠠᠰᠠ ᠣᠷᠣᠰ ᠢ᠋ ᠳᠠᠭᠤᠷᠢᠶᠠᠨ ᠮᠥᠷᠡᠨ ᠳ᠋ᠦ᠍ᠷ ᠮᠣᠷᠢ ᠪᠠᠨ ᠤᠰᠤᠯᠠᠬᠤ ᠬᠡᠮᠡᠭᠰᠡᠨ ᠳ᠋ᠦ᠍ᠷ ᠮᠣᠩᠭᠣᠯ ᠮᠣᠷᠢᠳ ᠮᠥᠷᠡᠨ ᠡᠴᠡ ᠦᠷᠭᠦᠵᠦ ᠣᠢᠷᠠᠲᠤᠬᠤ ᠦᠭᠡᠢ ᠠᠷᠤ ᠲᠠᠰᠢ ᠪᠠᠨ ᠰᠠᠭᠤᠮᠤᠢ ᠃ ᠲᠡᠷᠯᠢᠭ ᠲᠡᠢ ᠬᠡᠳᠦᠨ ᠡᠷᠡᠰ ᠤᠷᠲᠤ ᠤᠷᠲᠤ ᠤᠷᠭ᠎ᠠ ᠪᠠᠨ ᠲᠤᠯᠵᠤ ᠢᠨᠢᠶᠡᠯᠳᠦᠨ ᠨᠠᠢᠷᠰᠠᠭ ᠦᠭᠦᠯᠡᠯᠳᠦᠵᠦ ᠵᠣᠭᠰᠣᠮᠤᠢ ᠃ ᠦᠨᠢᠶ᠎ᠡ ᠲᠤᠭᠤᠯ ᠲᠣᠭᠣᠵᠤ ᠳᠠᠯᠳᠢᠷᠠᠬᠤ  ᠪᠦᠰᠡᠭᠦᠢᠴᠦᠳ ᠦ᠋ᠨ ᠲᠤᠬᠠᠢ ᠵᠤᠭ᠎ᠠ ᠪᠤᠶᠤ᠃ 
       ᠡᠨᠡᠬᠦ ᠣᠯᠣᠮ ᠪᠠᠷᠢᠵᠤ ᠭᠡᠲᠦᠯᠵᠦ ᠦᠯᠦ ᠪᠣᠯᠬᠤ ᠮᠥᠷᠡᠨ ᠢ᠋ ᠲᠡᠷᠡ ᠣᠷᠣᠢ ᠬᠡᠳᠦᠨ ᠵᠢᠷᠦᠬᠡ ᠶᠡᠬᠡᠲᠡᠢ ᠡᠷᠡᠰ ᠪᠡᠶ᠎ᠡ ᠳ᠋ᠡᠭᠡᠨ ᠬᠡᠢ ᠳᠦᠭᠦᠷᠭᠡᠭᠰᠡᠨ ᠲᠤᠯᠤᠮ ᠤᠶᠠᠵᠤ ᠭᠡᠲᠦᠯᠦᠭᠡᠳ ᠨᠢᠭᠡᠨ ᠡᠪᠦᠭᠡᠨ ᠢ᠋ ᠪᠠᠷᠢᠵᠤ ᠢᠷᠡᠪᠡ ᠃ ᠪᠠᠲᠤ ᠬᠠᠨ ᠂ ᠰᠥᠪᠡᠭᠡᠲᠡᠢ ᠪᠠᠭᠠᠲᠤᠷ ᠲᠡᠷᠡ ᠡᠪᠦᠭᠡᠨ ᠡᠴᠡ ᠠᠰᠠᠭᠤᠪᠠᠰᠤ ᠥᠭᠦᠯᠡᠬᠦ ᠢᠨᠤ ᠺᠤᠮᠠᠨ ᠤ᠋ ᠬᠠᠳ ᠨᠣᠶᠠᠳ ᠭᠡᠷ ᠪᠠᠷᠠᠭ᠎ᠠ ᠮᠠᠯ ᠬᠣᠨᠣᠷ  ᠢ᠋ᠶ᠋ᠠᠨ ᠴᠥᠮ ᠠᠪᠴᠤ ᠲᠠᠯ᠎ᠠ ᠶ᠋ᠢᠨ ᠭᠦᠨ ᠳ᠋ᠦ᠍ᠷ ᠠᠶᠤᠨ ᠰᠠᠨᠳᠤᠷᠴᠤ ᠨᠡᠭᠦᠳᠡᠯᠯᠡᠪᠡ ᠃ ᠡᠳᠦᠭᠡ ᠮᠥᠷᠡᠨ  ᠦ᠌ ᠬᠠᠷᠠᠭᠤᠯ ᠠ᠋ᠴᠠ ᠥᠭᠡᠷ᠎ᠡ ᠴᠡᠷᠢᠭ ᠢ᠋ ᠣᠯᠵᠤ ᠦᠵᠡᠭᠰᠡᠨ ᠦᠭᠡᠢ ᠬᠡᠮᠡᠮᠦᠢ ᠃ ᠡᠪᠦᠭᠡᠨ ᠦ᠌ ᠦᠭᠡ ᠬᠤᠳᠠᠯ ᠪᠤᠰᠤ ᠮᠡᠲᠦ ᠃ ᠥᠭᠡᠷ᠎ᠡ ᠨᠠᠷᠢᠨ ᠤᠴᠢᠷ ᠢ᠋ ᠮᠡᠳᠡᠬᠦ ᠦᠭᠡᠢ ᠲᠤᠯᠠ ᠴᠡᠷᠢᠭ  ᠦ᠋ᠳ ᠲᠣᠷ ᠥᠭᠴᠦ ᠶᠠᠪᠤᠭᠤᠯᠤᠭᠠᠳ ᠪᠠᠲᠤ ᠬᠠᠨ᠂ ᠰᠥᠪᠡᠬᠡᠲᠡᠢ ᠪᠠᠭᠠᠲᠤᠷ ᠠ᠋ᠴᠠ ᠣᠷᠣᠰ ᠨᠤᠲᠤᠭ ᠤ᠋ᠨ ᠪᠠᠢᠳᠠᠯ ᠂ ᠵᠠᠩ ᠰᠤᠷᠲᠠᠯ ᠢ᠋ ᠰᠣᠨᠣᠰᠴᠤ ᠮᠥᠷᠡᠨ ᠭᠡᠲᠦᠯᠦᠭᠰᠡᠨ  ᠦ᠌ ᠳᠠᠷᠠᠭ᠎ᠠ ᠴᠡᠷᠢᠭ ᠬᠡᠷᠡᠭᠯᠡᠬᠦ ᠶ᠋ᠢ ᠵᠥᠪᠳᠡᠵᠦ ᠰᠠᠭᠤᠮᠤᠢ ᠃ ᠦᠵᠡᠬᠦ ᠮᠡᠷᠭᠡᠳ ᠮᠣᠩᠭᠣᠯᠴᠤᠳ ᠺᠤᠮᠠᠨ ᠤ᠋ ᠲᠠᠯ᠎ᠠ ᠨᠤᠲᠤᠭ ᠢ᠋ ᠬᠡᠷᠬᠢᠨ ᠡᠵᠡᠯᠡᠵᠦ ᠡᠷᠬᠡᠰᠢᠶᠡᠯ ᠳ᠋ᠡᠭᠡᠨ ᠣᠷᠣᠭᠤᠯᠬᠤ ᠶ᠋ᠢ ᠮᠡᠳᠡᠰᠦᠭᠡᠢ ᠬᠡᠮᠡᠪᠡᠰᠦ ᠳᠣᠣᠷᠠᠲᠤ ᠪᠦᠯᠦᠭ ᠲᠣᠷ ᠦᠵᠡᠲᠦᠭᠡᠢ᠃ 

             ᠰᠤᠯᠠ ᠰᠢᠯᠦᠭ 
       ᠨᠢᠳᠦᠨ ᠳ᠋ᠦ᠍ᠷ ᠬᠠᠷᠠᠭᠳᠠᠮᠠᠭᠴᠠ ᠰᠠᠨᠠᠭᠠᠨ ᠳ᠋ᠤᠷ ᠲᠥᠷᠥᠭᠳᠡᠪᠡᠰᠦ ᠥᠭᠦᠯᠡᠪᠦᠷᠢ ᠠᠮᠲᠠᠲᠠᠢ 
       ᠨᠢᠭᠤᠨ ᠬᠠᠪᠴᠢᠵᠤ ᠠᠯᠪᠠ ᠪᠠᠷ ᠵᠣᠬᠢᠶᠠᠬᠤᠢ ᠳ᠋ᠤᠷ ᠶᠠᠭᠠᠬᠢᠭᠰᠠᠨ ᠴᠤ᠌ ᠦᠯᠦ ᠨᠡᠢᠴᠡᠮᠦᠢ 
       ᠨᠠᠷᠢᠨ ᠵᠢᠷᠤᠭ ᠲᠤᠷ ᠴᠢᠨ ᠴᠦᠸᠡᠨ ᠦ᠌ ᠦᠵᠡᠮᠵᠢ ᠶ᠋ᠢ ᠳᠠᠲᠠᠯᠠᠭᠴᠢᠳ 
       ᠨᠢᠭᠲᠠᠯᠠᠨ ᠦᠵᠡᠬᠦ ᠪᠡᠷ ᠴᠠᠩ ᠠᠨ ᠳ᠋ᠤᠷ  ᠬᠦᠷᠦᠭᠰᠡᠳ ᠬᠡᠳᠦᠬᠡᠨ ᠪᠣᠢ ᠃ ( ᠶᠤᠸᠠᠨ ᠬᠣᠣ ᠦᠨ )