ᠵᠢᠷᠦᠬᠡᠨ ᠦ᠌ ᠤᠨᠠᠭᠠᠨ ᠪᠠᠭᠤᠴᠠ-ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠦᠬᠡᠨ ᠦ᠌ ᠤᠨᠠᠭᠠᠨ ᠪᠠᠭᠤᠴᠠ-ᠮᠠᠨᠳᠤᠬᠤ ᠪᠠᠭᠰᠢ ᠶᠢᠨ ᠤᠷᠠᠨ ᠪᠢᠴᠢᠯᠭᠡ

ᠵᠢᠷᠦᠬᠡᠨ ᠦ᠌ ᠤᠨᠠᠭᠠᠨ ᠪᠠᠭᠤᠴᠠ-ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2024-01-07

462

ᠵᠢᠷᠦᠬᠡᠨ ᠦ᠌ ᠤᠨᠠᠭᠠᠨ ᠪᠠᠭᠤᠴᠠ


ᠬᠤᠷᠠᠭᠠᠨ ᠡᠭᠦᠯᠡᠰ ᠲᠩᠷᠢ ᠶ᠋ᠢᠨ ᠬᠠᠶᠠᠭᠠᠨ ᠳ᠋ᠤ᠌ ᠬᠥᠪᠦᠯᠵᠡᠬᠦ ᠪᠡᠷ
ᠬᠤᠨ ᠤ᠋ ᠭᠠᠩᠭᠠᠨᠠᠭ᠎ᠠ ᠨᠠᠭᠤᠷ ᠲᠠᠭᠠᠨ ᠬᠣᠷᠭᠣᠳᠠᠭᠠᠳ
ᠬᠣᠯᠠ ᠶ᠋ᠢᠨ ᠬᠣᠯᠠ ᠳ᠋ᠠᠭᠠᠨ ᠴᠠᠢᠯᠵᠠᠬᠤ ᠳᠠᠨᠠᠨ ᠴᠠᠭᠠᠨ ᠭᠡᠷ ᠮᠢᠨᠢ
ᠬᠣᠷᠸ᠎ᠠ ᠳ᠋ᠤ᠌ ᠭᠠᠭᠴᠠᠬᠠᠨ ᠵᠠᠶᠠᠭᠠᠨ ᠤ᠋ ᠮᠢᠨᠢ ᠤᠶᠠᠭ᠎ᠠ᠃
ᠠᠢ ᠬᠦ ᠮᠣᠩᠭᠣᠯ ᠭᠡᠷ ᠮᠢᠨᠢ
ᠵᠢᠷᠦᠬᠡᠨ ᠦ᠌ ᠮᠢᠨᠢ ᠤᠨᠠᠭᠠᠨ ᠪᠠᠭᠤᠴᠠ
ᠠᠶᠠᠨ ᠤ᠋ ᠬᠣᠯᠠ ᠠ᠋ᠴᠠ ᠶᠠᠳᠠᠷᠠᠵᠤ ᠢᠷᠡᠬᠦ ᠳ᠋ᠦ᠍ ᠮᠢᠨᠢ
ᠠᠶᠠᠭ᠎ᠠ ᠴᠠᠢ ᠲᠠᠢ ᠳᠤᠯᠠᠭᠠᠬᠠᠨ ᠥᠷᠭᠥᠭᠡ ᠤᠤ ᠳᠠ
ᠠᠢ ᠬᠦ ᠮᠣᠩᠭᠣᠯ ᠭᠡᠷ ᠮᠢᠨᠢ
ᠠᠮᠢᠳᠤᠷᠠᠬᠤ ᠵᠢᠷᠭᠠᠯ ᠤ᠋ᠨ ᠢᠯᠴᠢ ᠬᠠᠢᠷᠠᠯᠠᠭᠰᠠᠨ
ᠠᠴᠢᠲᠤ ᠡᠵᠢ ᠶ᠋ᠢᠨ ᠮᠢᠨᠢ ᠬᠠᠯᠠᠭᠤᠬᠠᠨ ᠡᠪᠦᠷ᠃

ᠰᠠᠷᠠᠭᠤᠯ ᠲᠠᠯ᠎ᠠ ᠳ᠋ᠠᠭᠠᠨ ᠮᠦᠰᠢᠶᠡᠬᠦ ᠴᠠᠭᠠᠨ ᠰᠠᠷ᠎ᠠ ᠮᠢᠨᠢ
ᠰᠠᠷ᠎ᠠ ᠶ᠋ᠢᠨ ᠰᠠᠷ᠎ᠠ ᠳ᠋ᠠᠭᠠᠨ ᠲᠠᠲᠠᠭᠳᠠᠬᠤ ᠰᠠᠨᠠᠭᠠᠨ ᠤ᠋ ᠮᠢᠨᠢ ᠣᠭᠣᠰᠣᠷ
ᠰᠠᠯᠬᠢᠨ ᠤ᠋ ᠦᠵᠦᠭᠦᠷ ᠲᠦ᠍ ᠨᠠᠮᠢᠷᠠᠬᠤ ᠠᠷᠭᠠᠯ ᠤ᠋ᠨ ᠤᠲᠤᠭ᠎ᠠ ᠲᠠᠢ
ᠽᠠᠮᠪᠤᠯᠢᠩ ᠳ᠋ᠤ᠌ ᠭᠠᠭᠴᠠᠬᠠᠨ ᠵᠢᠷᠦᠬᠡᠨ ᠦ᠌ ᠮᠢᠨᠢ ᠤᠶᠠᠭ᠎ᠠ᠃
ᠠᠢ ᠬᠦ ᠮᠣᠩᠭᠣᠯ ᠭᠡᠷ ᠮᠢᠨᠢ
ᠵᠢᠷᠦᠬᠡᠨ ᠦ᠌ ᠮᠢᠨᠢ ᠤᠨᠠᠭᠠᠨ ᠪᠠᠭᠤᠴᠠ
ᠠᠶᠠᠨ ᠤ᠋ ᠬᠣᠯᠠ ᠠ᠋ᠴᠠ ᠶᠠᠳᠠᠷᠠᠵᠤ ᠢᠷᠡᠬᠦ ᠳ᠋ᠦ᠍ ᠮᠢᠨᠢ
ᠠᠶᠠᠭ᠎ᠠ ᠴᠠᠢ ᠲᠠᠢ ᠳᠤᠯᠠᠭᠠᠬᠠᠨ ᠥᠷᠭᠥᠭᠡ ᠤᠤ ᠳᠠ
ᠠᠢ ᠬᠦ ᠮᠣᠩᠭᠣᠯ ᠭᠡᠷ ᠮᠢᠨᠢ
ᠠᠮᠢᠳᠤᠷᠠᠬᠤ ᠵᠢᠷᠭᠠᠯ ᠤ᠋ᠨ ᠢᠯᠴᠢ ᠬᠠᠢᠷᠠᠯᠠᠭᠰᠠᠨ
ᠠᠴᠢᠲᠤ ᠡᠵᠢ ᠶ᠋ᠢᠨ ᠮᠢᠨᠢ ᠬᠠᠯᠠᠭᠤᠬᠠᠨ ᠡᠪᠦᠷ
ᠠᠴᠢᠲᠤ ᠡᠵᠢ ᠶ᠋ᠢᠨ ᠮᠢᠨᠢ ᠬᠠᠯᠠᠭᠤᠬᠠᠨ ᠡᠪᠦᠷ᠃

   ᠦᠰᠦᠭ ᠠᠮᠢᠯᠠᠭᠤᠯᠤᠭᠴᠢ᠄ ᠨᠠᠷᠠᠨᠲᠣᠭᠣᠰ 
   ᠬᠢᠨᠠᠭᠴᠢ᠄ ᠤᠤᠭᠠᠨᠵᠢᠳ