ᠠᠵᠢᠨᠠᠢ-ᠴᠡᠴᠡᠭᠳᠡᠯᠭᠡᠷЦэцэгдэлгэр - Ажнай
ᠠᠵᠢᠨᠠᠢ
ᠦᠭᠡ ᠄ ᠯ ᠂ ᠲᠡᠮᠦᠷᠪᠠᠲᠤ
ᠠᠶ᠎ᠠ ᠄ ᠤ ᠂ ᠫᠦᠷᠪᠦᠰᠦ᠋ᠷᠦᠩ
ᠳᠠᠭᠤᠴᠢᠨ᠄ ᠴ ᠂ ᠴᠡᠴᠡᠭᠳᠡᠯᠭᠡᠷ
ᠤᠷᠲᠤ ᠶ᠋ᠢᠨ ᠰᠠᠢᠬᠠᠨ ᠳᠠᠭᠤᠨ ᠤ᠋ ᠴᠣᠮᠪᠣᠩ ᠲᠤᠭᠤᠷᠠᠢ ᠲᠠᠢ ᠠᠵᠢᠨᠠᠢ ᠳᠠ
ᠤᠶᠠᠷᠠᠨ ᠬᠠᠢᠯᠬᠤ ᠲᠤᠤᠯᠢᠰ ᠤ᠋ᠨ ᠡᠭᠦᠯᠡᠨ ᠪᠣᠷᠣ ᠨᠢ ᠠᠵᠢᠨᠠᠢ ᠳᠠ
ᠨᠠᠢ᠍ᠮᠠᠨ ᠭᠠᠨᠵᠤᠭ᠎ᠠ ᠰᠠᠴᠤᠯᠠᠬᠤ ᠲᠠᠯᠠᠮᠠᠨ ᠵᠢᠷᠣᠭ᠎ᠠ ᠠᠵᠢᠨᠠᠢ ᠳᠠ
ᠨᠠᠭᠠᠳᠤᠮ ᠤ᠋ᠨ ᠳᠡᠨᠵᠢ ᠪᠡᠨ ᠭᠣᠶᠣᠯᠠᠭᠰᠠᠨ ᠢᠬᠡᠷ᠎ᠡ ᠵᠠᠭᠠᠯ ᠨᠢ ᠠᠵᠢᠨᠠᠢ ᠳᠠ
ᠠᠵᠢᠨᠠᠢ ᠠᠵᠢᠨᠠᠢ ᠠᠵᠢᠨᠠᠢ ᠬᠦᠯᠦᠭ ᠮᠢᠨᠢ
ᠲᠡᠭᠷᠢ ᠶ᠋ᠢᠨ ᠬᠡᠢᠮᠣᠷᠢ ᠠᠵᠢᠨᠠᠢ
ᠠᠵᠢᠨᠠᠢ ᠠᠵᠢᠨᠠᠢ ᠠᠵᠢᠨᠠᠢ ᠬᠦᠯᠦᠭ ᠮᠢᠨᠢ
ᠲᠡᠩᠬᠡᠭᠡᠲᠦ ᠣᠮᠣᠭᠯᠠᠩ ᠡᠷᠳᠡᠨᠢᠲᠦ ᠬᠦᠯᠦᠭ ᠦ᠋ᠳ ᠠ᠋
ᠳᠥᠷᠥᠭᠡ ᠵᠢᠷᠤᠨ ᠨᠠᠯᠠᠬᠤ ᠤᠷᠭᠠᠴᠢ ᠬᠦᠷᠡᠩ ᠨᠢ ᠠᠵᠢᠨᠠᠢ ᠳᠠ
ᠳᠥᠩᠭᠡᠵᠦ ᠲᠥᠷᠥᠭᠰᠡᠨ ᠤᠨᠠᠭ᠎ᠠ ᠨᠢ ᠲᠡᠩᠴᠡᠵᠦ ᠪᠣᠰᠤᠭᠰᠠᠨ ᠠᠵᠢᠨᠠᠢ ᠳᠠ
ᠨᠠᠭᠠᠳᠤᠮ ᠤ᠋ᠨ ᠪᠠᠷᠢᠶᠠᠨ ᠳ᠋ᠤ᠌ ᠣᠷᠣᠭᠰᠠᠨ ᠬᠦᠯᠦᠭ ᠪᠦᠬᠦᠨ ᠨᠢ ᠠᠵᠢᠨᠠᠢ ᠳᠠ
ᠨᠠᠷᠠᠨ ᠳ᠋ᠤ᠌ ᠲᠣᠭᠣᠰᠣ ᠪᠠᠨ ᠡᠷᠭᠦᠭᠰᠡᠨ ᠲᠡᠭᠷᠢ ᠶ᠋ᠢᠨ ᠬᠡᠢᠮᠣᠷᠢ ᠠᠵᠢᠨᠠᠢ
ᠠᠵᠢᠨᠠᠢ ᠠᠵᠢᠨᠠᠢ ᠂ ᠠᠵᠢᠨᠠᠢ ᠬᠦᠯᠦᠭ ᠮᠢᠨᠢ ᠲᠡᠭᠷᠢ ᠶ᠋ᠢᠨ ᠬᠡᠢᠮᠣᠷᠢ ᠠᠵᠢᠨᠠᠢ
ᠠᠵᠢᠨᠠᠢ ᠠᠵᠢᠨᠠᠢ ᠂ ᠠᠵᠢᠨᠠᠢ ᠬᠦᠯᠦᠭ ᠮᠢᠨᠢ
ᠲᠡᠩᠬᠡᠭᠡᠲᠦ ᠣᠮᠣᠭᠯᠠᠩ ᠡᠷᠳᠡᠨᠢᠲᠦ ᠬᠦᠯᠦᠭ ᠦ᠋ᠳ ᠠ᠋
ᠬᠠᠵᠠᠭᠠᠷ ᠳᠠᠷᠤᠨ ᠲᠡᠮᠡᠦᠯᠬᠦ ᠬᠠᠲᠠᠷᠢᠴᠢ ᠬᠦᠷᠡᠩ ᠨᠢ ᠠᠵᠢᠨᠠᠢ ᠳᠠ
ᠬᠤᠯᠤᠰᠤᠨ ᠤᠷᠭ᠎ᠠ ᠠᠯᠳᠠᠭᠠᠳ ᠬᠤᠯᠵᠢᠵᠤ ᠣᠷᠣᠭᠠᠯᠠᠭᠰᠠᠨ ᠠᠵᠢᠨᠠᠢ ᠳᠠ
ᠠᠮᠠ ᠶ᠋ᠢ ᠨᠢ ᠲᠠᠲᠠᠵᠤ ᠲᠠᠢᠯᠤᠮᠠ ᠦᠭᠡᠢ ᠠᠭᠰᠤᠮ ᠬᠦᠯᠦᠭ ᠨᠢ ᠠᠵᠢᠨᠠᠢ ᠳᠠ
ᠬᠤᠢᠯᠠᠷᠠᠬᠤ ᠲᠣᠭᠣᠰᠣᠨ ᠳᠤᠮᠳᠠ ᠠ᠋ᠴᠠ ᠰᠤᠭᠤᠷᠠᠵᠤ ᠴᠣᠢᠯᠠᠭᠰᠠᠨ ᠠᠵᠢᠨᠠᠢ ᠳᠠ
ᠠᠵᠢᠨᠠᠢ ᠠᠵᠢᠨᠠᠢ ᠠᠵᠢᠨᠠᠢ ᠬᠦᠯᠦᠭ ᠮᠢᠨᠢ
ᠲᠡᠭᠷᠢ ᠶ᠋ᠢᠨ ᠬᠡᠢᠮᠣᠷᠢ ᠠᠵᠢᠨᠠᠢ
ᠠᠵᠢᠨᠠᠢ ᠠᠵᠢᠨᠠᠢ ᠠᠵᠢᠨᠠᠢ ᠬᠦᠯᠦᠭ ᠮᠢᠨᠢ
ᠲᠡᠩᠬᠡᠭᠡᠲᠦ ᠣᠮᠣᠭᠯᠠᠩ ᠡᠷᠳᠡᠨᠢᠲᠦ ᠬᠦᠯᠦᠭ ᠦ᠋ᠳ ᠠ᠋
ᠠᠵᠢᠨᠠᠢ ᠠᠵᠢᠨᠠᠢ ᠠᠵᠢᠨᠠᠢ ᠬᠦᠯᠦᠭ ᠮᠢᠨᠢ
ᠲᠡᠩᠬᠡᠭᠡᠲᠦ ᠣᠮᠣᠭᠯᠠᠩ ᠡᠷᠳᠡᠨᠢᠲᠦ ᠬᠦᠯᠦᠭ ᠦ᠋ᠳ ᠠ᠋
ᠠᠵᠢᠨᠠᠢ ᠠᠵᠢᠨᠠᠢ ᠠᠵᠢᠨᠠᠢ ᠬᠦᠯᠦᠭ ᠮᠢᠨᠢ
ᠲᠡᠩᠬᠡᠭᠡᠲᠦ ᠣᠮᠣᠭᠯᠠᠩ ᠡᠷᠳᠡᠨᠢᠲᠦ ᠬᠦᠯᠦᠭ ᠦ᠋ᠳ ᠠ᠋
ᠠᠵᠢᠨᠠᠢ ᠠᠵᠢᠨᠠᠢ ᠠᠵᠢᠨᠠᠢ ᠬᠦᠯᠦᠭ ᠮᠢᠨᠢ
ᠲᠡᠩᠬᠡᠭᠡᠲᠦ ᠣᠮᠣᠭᠯᠠᠩ ᠡᠷᠳᠡᠨᠢᠲᠦ ᠬᠦᠯᠦᠭ ᠦ᠋ᠳ ᠠ᠋
ᠦᠰᠦᠭ ᠠᠮᠢᠯᠠᠭᠤᠯᠤᠭᠰᠠᠨ ᠨᠢ ᠄ ᠭᠠᠸᠠ
ᠦᠰᠦᠭ ᠬᠠᠲᠠᠭᠰᠠᠨ ᠨᠢ ᠄ ᠭᠠᠸᠠ
ᠦᠰᠦᠭ ᠬᠢᠨᠠᠭᠴᠢ ᠄ ᠭᠠᠷᠮ᠎ᠠ
