ᠳᠥᠷᠪᠡᠨ ᠴᠠᠭ- ᠳ· ᠨᠠᠴᠤᠭᠳᠣᠷᠵᠢДөрвөн цаг-Д.Нацагдорж
ᠳᠥᠷᠪᠡᠨ ᠴᠠᠭ
ᠳ· ᠨᠠᠴᠤᠭᠳᠣᠷᠵᠢ
ᠬᠠᠪᠤᠷ
ᠮᠥᠩᠬᠡ ᠲᠩᠷᠢ ᠶ᠋ᠢᠨ ᠳᠣᠣᠷ᠎ᠠ ᠮᠢᠩᠭᠠᠨ ᠮᠢᠩᠭᠠᠨ ᠬᠠᠪᠤᠷ
ᠮᠣᠩᠭᠣᠯ ᠤ᠋ᠨ ᠰᠠᠢᠬᠠᠨ ᠣᠷᠣᠨ ᠳ᠋ᠤ᠌ ᠵᠢᠯ ᠵᠢᠯ ᠳᠡᠯᠭᠡᠷ᠃
ᠡᠩᠬᠡ ᠤᠯᠠᠷᠢᠯ ᠬᠠᠩᠬᠤᠯᠬᠤ ᠳ᠋ᠤ᠌ ᠬᠥᠮᠦᠨ ᠦ᠌ ᠰᠡᠳᠬᠢᠯ ᠲᠡᠨᠢᠭᠡᠷ
ᠡᠪᠡᠰᠦᠨ ᠦ᠌ ᠰᠣᠶᠣᠭ᠎ᠠ ᠨᠣᠭᠣᠭᠠᠷᠠᠬᠤ ᠳ᠋ᠤ᠌ ᠮᠣᠷᠢ ᠮᠠᠯ ᠬᠠᠨᠠᠭᠠᠷ᠃
ᠬᠣᠯᠠᠬᠢ ᠨᠠᠷᠠ ᠣᠢᠷᠠᠲᠤᠵᠤ ᠬᠠᠰ ᠤ᠋ᠨ ᠴᠠᠰᠤ ᠬᠠᠢᠯᠠᠬᠤ ᠳ᠋ᠤ᠌
ᠬᠣᠷᠸ᠎ᠠ ᠳᠡᠯᠡᠬᠡᠢ ᠰᠢᠨᠡᠴᠢᠯᠡᠭᠳᠡᠨ ᠬᠠᠭᠤᠴᠢᠨ ᠶᠠᠭᠤᠮ᠎ᠠ ᠬᠠᠯᠠᠭᠳᠠᠨᠠ᠃
ᠬᠥᠬᠡᠷᠡᠭᠰᠡᠨ ᠮᠣᠳᠣ ᠴᠡᠴᠡᠭᠯᠡᠵᠦ ᠬᠡᠦᠬᠡᠳ ᠪᠠᠭᠠᠴᠤᠳ ᠨᠠᠭᠠᠳᠬᠤ ᠳ᠋ᠤ᠌
ᠬᠥᠭᠰᠢᠨ ᠬᠥᠮᠦᠨ ᠥᠪᠡᠷ ᠢ᠋ ᠪᠡᠨ ᠵᠠᠯᠠᠭᠤ ᠪᠣᠯᠤᠭᠰᠠᠨ ᠰᠢᠭ᠋ ᠰᠠᠨᠠᠨ᠎ᠠ᠃
ᠬᠡᠭᠡᠷ᠎ᠡ ᠶ᠋ᠢᠨ ᠭᠠᠯᠠᠭᠤ ᠠᠢᠯᠴᠢᠯᠠᠨ ᠢᠷᠡᠵᠦ ᠭᠠᠩᠭᠠᠷ ᠭᠣᠩᠭᠣᠷ ᠳᠣᠩᠭᠣᠳᠬᠤ ᠳ᠋ᠤ᠌
ᠭᠡᠷ ᠲᠦ᠍ ᠪᠡᠨ ᠰᠠᠭᠤᠭᠰᠠᠨ ᠮᠠᠯᠴᠢᠨ ᠳᠠᠭᠤ ᠶ᠋ᠢ ᠨᠢ ᠴᠢᠩᠨᠠᠭᠠᠳ ᠤᠶᠠᠷᠠᠨ᠎ᠠ᠃
ᠬᠠᠵᠠᠭᠤ ᠳ᠋ᠠᠬᠢ ᠠᠭᠤᠯᠠᠨ ᠳ᠋ᠤ᠌ ᠭᠣᠷᠣᠬ᠎ᠠ ᠪᠤᠯᠠᠭ ᠬᠤᠷᠴᠢᠭᠢᠨᠠᠨ ᠤᠷᠤᠰᠬᠤ ᠳ᠋ᠤ᠌
ᠬᠠᠶᠠᠭᠠᠨ ᠳ᠋ᠠᠬᠢ ᠢᠰᠢᠭᠡ ᠬᠤᠷᠠᠭ᠎ᠠ ᠬᠥᠭᠵᠢᠮ ᠨᠡᠢᠯᠡᠭᠦᠯᠦᠨ ᠮᠠᠢᠯᠠᠨᠠ᠃
ᠡᠶᠡᠯᠳᠡᠭ ᠤᠷᠢᠬᠠᠨ ᠠᠮᠢᠰᠬᠤᠯ ᠠᠷᠢᠭᠤᠬᠠᠨ ᠢ᠋ᠶ᠋ᠠᠷ ᠦᠨᠦᠷᠲᠦᠭᠡᠳ
ᠡᠷᠲᠡ ᠡᠳᠦᠭᠡ ᠶ᠋ᠢ ᠪᠣᠳᠣᠭᠳᠠᠭᠤᠯᠤᠨ ᠨᠢᠭᠤᠭᠳᠠᠭᠰᠠᠨ ᠰᠡᠳᠬᠢᠯ ᠢ᠋ ᠰᠡᠷᠭᠦᠭᠡᠨ᠎ᠡ᠃
ᠥᠨᠢᠷ ᠰᠠᠢᠬᠠᠨ ᠲᠥᠯ ᠪᠠᠶᠠᠨ ᠬᠣᠲᠠ ᠶ᠋ᠢ ᠴᠢᠮᠡᠬᠦ ᠳ᠋ᠦ᠍
ᠥᠯᠥᠭᠡᠢ ᠲᠡᠢ ᠪᠢᠴᠢᠬᠠᠨ ᠬᠡᠦᠬᠡᠳ ᠡᠴᠢᠭᠡ ᠡᠬᠡ ᠪᠡᠨ ᠪᠠᠶᠠᠰᠬᠠᠨ᠎ᠠ᠃
ᠵᠤᠨ
ᠴᠠᠭ ᠤ᠋ᠨ ᠰᠠᠢᠬᠠᠨ ᠵᠤᠨ ᠤ᠋ ᠡᠬᠢᠨ ᠳ᠋ᠦ᠍
ᠭᠠᠵᠠᠷ ᠤ᠋ᠨ ᠰᠠᠢᠬᠠᠨ ᠬᠠᠩᠭᠠᠢ ᠶ᠋ᠢᠨ ᠨᠢᠷᠤᠭᠤᠨ ᠳ᠋ᠤ᠌
ᠬᠥᠬᠥᠭᠡ ᠰᠢᠪᠠᠭᠤ ᠤᠷᠢᠬᠠᠨ ᠢ᠋ᠶ᠋ᠠᠷ ᠳᠣᠩᠭᠣᠳᠬᠤ ᠳ᠋ᠤ᠌
ᠡᠨᠡ ᠳᠡᠯᠡᠬᠡᠢ ᠶᠠᠭᠤᠲᠠᠢ ᠲᠠᠭᠠᠯᠠᠮᠵᠢᠲᠠᠢ ᠪᠣᠢ!
ᠨᠣᠭᠣᠭᠠᠨ ᠤ᠋ ᠤᠨᠢᠶᠠᠷ ᠣᠭᠲᠠᠷᠭᠤᠢ ᠲᠤᠯᠵᠤ ᠵᠡᠷᠭᠡᠯᠡᠨ ᠮᠢᠷᠠᠯᠵᠠᠬᠤ ᠳ᠋ᠤ᠌
ᠬᠦᠯᠦᠭ ᠮᠣᠷᠢ ᠤᠷᠲᠤ ᠢᠨᠴᠠᠭᠠᠵᠤ ᠲᠥᠷᠥᠭᠰᠡᠨ ᠨᠤᠲᠤᠭ ᠢ᠋ ᠵᠦᠭᠯᠡᠨᠡ᠃
ᠴᠡᠴᠡᠭ ᠦ᠋ᠨ ᠬᠤᠷ᠎ᠠ ᠳᠡᠯᠡᠬᠡᠢ ᠶ᠋ᠢᠨ ᠨᠢᠭᠤᠷ ᠢ᠋ ᠤᠬᠢᠶᠠᠬᠤ ᠳ᠋ᠤ᠌
ᠵᠠᠯᠠᠭᠤ ᠬᠥᠮᠦᠰ ᠦ᠋ᠨ ᠰᠡᠳᠬᠢᠯ ᠰᠡᠷᠭᠦᠵᠦ ᠪᠡᠶ᠎ᠡ ᠪᠡᠶ᠎ᠡ ᠪᠡᠨ ᠪᠣᠳᠣᠨ᠎ᠠ᠃
ᠦᠵᠡᠰᠬᠦᠯᠡᠩᠲᠦ ᠠᠭᠤᠯᠠ ᠲᠤᠩᠭᠠᠯᠠᠭ ᠤᠰᠤ ᠵᠤᠨ ᠤ᠋ ᠴᠠᠭ ᠲᠤ᠌ ᠲᠡᠭᠰᠢ
ᠡᠷ᠎ᠡ ᠶ᠋ᠢᠨ ᠭᠤᠷᠪᠠᠨ ᠨᠠᠭᠠᠳᠤᠮ ᠮᠣᠩᠭᠣᠯ ᠭᠠᠵᠠᠷ ᠤ᠋ᠨ ᠪᠠᠶᠠᠰᠬᠤᠯᠠᠩ᠃
ᠬᠡᠦᠬᠡᠳ ᠪᠠᠭᠠᠴᠤᠳ ᠤ᠋ᠨ ᠭᠡᠢᠨ ᠭᠤᠤᠯᠠᠬᠤ ᠨᠢ ᠬᠥᠨᠳᠡᠢ ᠲᠠᠯ᠎ᠠ ᠳ᠋ᠤ᠌ ᠢᠷᠠᠭᠤ
ᠬᠤᠷᠳᠤᠨ ᠮᠣᠷᠢ ᠢᠷᠠᠯᠵᠠᠬᠤ ᠨᠢ ᠬᠥᠮᠦᠨ ᠪᠦᠬᠦᠨ ᠦ᠌ ᠪᠠᠬᠠᠳᠤᠯ᠃
ᠠᠭᠤᠳᠠᠮ ᠲᠠᠯ᠎ᠠ ᠳ᠋ᠤ᠌ ᠨᠠᠭᠠᠳᠤᠮ ᠤ᠋ᠨ ᠠᠶᠠᠯᠭᠤ ᠵᠥᠭᠡᠯᠡᠨ ᠢ᠋ᠶ᠋ᠡᠷ ᠴᠤᠤᠷᠢᠶᠠᠲᠤᠨ᠎ᠠ᠃
ᠬᠡᠭᠡᠷ᠎ᠡ ᠬᠥᠳᠡᠭᠡ ᠳ᠋ᠦ᠍ ᠮᠠᠯ ᠰᠦᠷᠦᠭ ᠳᠤᠷ᠎ᠠ ᠪᠠᠷ ᠢ᠋ᠶ᠋ᠠᠨ ᠪᠡᠯᠴᠢᠨ᠎ᠡ᠃
ᠡᠷᠦᠬᠡ ᠪᠦᠷᠢ ᠶ᠋ᠢᠨ ᠡᠭᠦᠳᠡᠨ ᠳ᠋ᠦ᠍ ᠠᠢᠷᠠᠭ ᠰᠠᠷᠬᠤᠳ ᠤ᠋ᠨ ᠦᠨᠦᠷ ᠰᠡᠩᠭᠢᠨᠡᠨ᠎ᠡ᠃
ᠡᠢᠮᠦ ᠰᠠᠢᠬᠠᠨ ᠪᠠᠶᠠᠰᠬᠤᠯᠠᠩ ᠲᠠᠢ ᠲᠡᠢᠮᠦ ᠰᠠᠢᠬᠠᠨ ᠵᠢᠷᠭᠠᠯᠠᠩ ᠲᠠᠢ᠃
ᠨᠠᠮᠤᠷ
ᠨᠠᠮᠤᠷ ᠤ᠋ᠨ ᠰᠢᠷ᠎ᠠ ᠨᠠᠷᠠ ᠨᠠᠳᠠ ᠳᠡᠭᠡᠷ᠎ᠡ ᠴᠢᠮ᠎ᠠ ᠳᠡᠭᠡᠷ᠎ᠡ ᠲᠤᠰᠤᠨ᠎ᠠ᠃
ᠨᠠᠢᠭᠤᠨ ᠨᠠᠢᠭᠤᠬᠤ ᠤᠯᠠᠷᠢᠯ ᠳ᠋ᠤ᠌ ᠨᠢ ᠪᠢᠳᠡ ᠪᠠᠰᠠ ᠨᠠᠢᠭᠤᠨ᠎ᠠ᠃
ᠪᠤᠭᠤ ᠬᠠᠨᠳᠠᠭᠠᠢ ᠣᠷᠣᠮᠳᠠᠵᠤ ᠠᠭᠤᠯᠠ ᠤᠰᠤ ᠶ᠋ᠢ ᠪᠠᠶᠠᠰᠬᠠᠬᠤ ᠳ᠋ᠤ᠌
ᠦᠬᠡᠷ ᠱᠠᠷ ᠮᠥᠭᠡᠷᠡᠯᠳᠦᠨ ᠮᠠᠯᠴᠢᠨ ᠬᠥᠮᠦᠨ ᠢ᠋ ᠵᠤᠭᠠᠴᠠᠭᠤᠯᠤᠨ᠎ᠠ᠃
ᠰᠠᠢᠬᠠᠨ ᠣᠭᠲᠠᠷᠭᠤᠢ ᠶ᠋ᠢᠨ ᠳᠤᠮᠳᠠ ᠨᠢᠮᠭᠡᠨ ᠴᠠᠭᠠᠨ ᠡᠭᠦᠯᠡ ᠨᠡᠭᠦᠬᠦ ᠳ᠋ᠦ᠍
ᠢᠳᠡᠷ ᠵᠠᠯᠠᠭᠤᠰ ᠠᠯᠤᠰ ᠭᠠᠵᠠᠷ ᠰᠤᠷᠭᠠᠭᠤᠯᠢ ᠰᠣᠶᠣᠯ ᠳ᠋ᠤ᠌ ᠣᠳᠤᠨ᠎ᠠ᠃
ᠲᠤᠩᠭᠠᠯᠠᠭ ᠮᠥᠷᠡᠨ ᠵᠥᠭᠡᠯᠡᠨ ᠢ᠋ᠶ᠋ᠡᠷ ᠲᠣᠪ ᠳᠤᠭᠤᠢ ᠤᠷᠤᠰᠬᠤ ᠳ᠋ᠤ᠌
ᠲᠡᠭᠦᠨ ᠦ᠌ ᠳᠣᠲᠣᠷ᠎ᠠ ᠰᠠᠷ᠎ᠠ ᠮᠦᠰᠢᠶᠡᠵᠦ ᠢᠨᠠᠭ ᠤ᠋ᠨ ᠦᠯᠢᠭᠡᠷ ᠰᠢᠪᠡᠨᠡᠨ᠎ᠡ᠃
ᠥᠷᠯᠥᠭᠡᠨ ᠦ᠌ ᠬᠢᠷᠠᠭᠤ ᠰᠤᠪᠤᠳ ᠤ᠋ᠨ ᠠᠳᠠᠯᠢ ᠭᠢᠯᠲᠦᠭᠡᠨᠡᠨ ᠪᠤᠭᠤᠷᠤᠯᠲᠤᠬᠤ ᠳ᠋ᠤ᠌
ᠭᠠᠳᠠᠭ᠎ᠠ ᠰᠣᠢᠭᠰᠠᠨ ᠮᠣᠷᠢ ᠪᠥᠭ ᠪᠥᠭ ᠪᠦᠩ ᠪᠦᠩ ᠴᠡᠴᠡᠷᠡᠨ᠎ᠡ᠃
ᠭᠡᠷ ᠦ᠋ᠨ ᠡᠵᠡᠨ ᠡᠷᠲᠡᠯᠡᠨ ᠦᠨᠡᠭᠡ ᠴᠢᠨᠣ᠎ᠠ ᠶ᠋ᠢ ᠭᠥᠷᠥᠭᠡᠯᠡᠷᠡ ᠣᠳᠬᠤ ᠳ᠋ᠤ᠌
ᠡᠬᠡᠨᠡᠷ ᠬᠡᠦᠬᠡᠳ ᠠᠭᠠᠷᠴᠠ ᠨᠡᠷᠡᠵᠦ ᠲᠡᠭᠦᠨ ᠢ᠋ ᠬᠦᠯᠢᠶᠡᠨ᠎ᠡ᠃
ᠤᠷᠢᠬᠠᠨ ᠬᠣᠩᠭᠣᠷ ᠰᠠᠯᠬᠢ ᠨᠢ ᠡᠪᠡᠰᠦ ᠮᠣᠳᠣ ᠶ᠋ᠢ ᠨᠠᠮᠢᠯᠵᠠᠭᠤᠯᠬᠤ ᠳ᠋ᠤ᠌
ᠬᠥᠭᠰᠢᠳ ᠵᠠᠯᠠᠭᠤᠰ ᠤ᠋ᠨ ᠰᠡᠳᠬᠢᠯ ᠪᠦᠩ ᠪᠦᠩ ᠪᠥᠮᠪᠥᠷᠢᠨ᠎ᠡ᠃
ᠰᠢᠷᠠᠯᠠᠭᠰᠠᠨ ᠮᠣᠳᠣᠨ ᠤ᠋ ᠨᠠᠪᠴᠢ ᠬᠣᠶᠠᠷ ᠨᠢᠭᠡ ᠪᠡᠷ ᠤᠨᠠᠬᠤ ᠳ᠋ᠤ᠌
ᠰᠡᠳᠬᠢᠯ ᠦ᠋ᠨ ᠳᠣᠲᠣᠷᠠᠬᠢ ᠤᠢᠳᠬᠠᠷᠲᠤ ᠶᠠᠪᠤᠳᠠᠯ ᠬᠠᠶᠠ ᠬᠠᠶᠠ ᠪᠣᠳᠣᠭᠳᠠᠨ᠎ᠠ᠃
ᠡᠪᠦᠯ
ᠠᠯᠤᠰ ᠤ᠋ᠨ ᠰᠠᠯᠬᠢ ᠵᠢᠬᠡᠭᠦᠨ ᠠᠮᠢᠰᠬᠤᠯ ᠢ᠋ᠶ᠋ᠠᠷ ᠳᠡᠰ ᠨᠢᠰ ᠭᠡᠬᠦ ᠳ᠋ᠦ᠍
ᠠᠯᠲᠠᠨ ᠳᠡᠯᠡᠬᠡᠢ ᠶ᠋ᠢᠨ ᠠᠭᠤᠯᠠ ᠲᠠᠯ᠎ᠠ ᠮᠥᠩᠭᠥᠨ ᠬᠤᠶᠠᠭ ᠡᠮᠦᠰᠦᠨ᠎ᠡ᠃
ᠡᠪᠦᠯ ᠦ᠋ᠨ ᠰᠥᠨᠢ ᠲᠩᠷᠢ ᠶ᠋ᠢᠨ ᠣᠳᠣᠨ ᠣᠴᠢ ᠮᠡᠲᠦ ᠭᠢᠯᠠᠯᠵᠠᠬᠤ ᠳ᠋ᠤ᠌
ᠠᠭᠤᠳᠠᠮ ᠲᠠᠯ᠎ᠠ ᠳ᠋ᠤ᠌ ᠵᠢᠩᠴᠢᠨ ᠬᠥᠮᠦᠨ ᠦ᠌ ᠳᠠᠭᠤ ᠲᠣᠳᠣᠬᠠᠨ ᠰᠣᠨᠣᠰᠳᠠᠨ᠎ᠠ᠃
ᠥᠨᠳᠥᠷ ᠠᠭᠤᠯᠠ ᠶ᠋ᠢᠨ ᠣᠷᠣᠢ ᠳ᠋ᠤ᠌ ᠪᠤᠳᠠᠩ ᠬᠦᠳᠡᠩ ᠵᠤᠭᠠᠴᠠᠭᠠᠳ
ᠥᠷᠭᠡᠨ ᠲᠠᠯ᠎ᠠ ᠶ᠋ᠢᠨ ᠬᠥᠨᠳᠡᠢ ᠨᠢᠳᠦ ᠭᠢᠯᠪᠠᠮ᠎ᠠ ᠮᠡᠯᠴᠡᠢᠬᠦ ᠳ᠋ᠦ᠍
ᠪᠡᠯᠴᠢᠭᠡᠷ ᠦ᠋ᠨ ᠮᠠᠯ ᠰᠣᠷᠭᠣᠭ ᠦᠰᠦ ᠪᠡᠨ ᠭᠢᠯᠠᠯᠵᠠᠭᠤᠯᠤᠨ ᠪᠤᠴᠠᠬᠤ ᠳ᠋ᠤ᠌
ᠢᠳᠡᠷ ᠵᠠᠯᠠᠭᠤ ᠮᠠᠯᠴᠢᠨ ᠲᠡᠭᠦᠨ ᠢ᠋ ᠬᠣᠷᠢᠶᠠᠨ ᠢᠰᠬᠡᠷᠦᠨ᠎ᠡ᠃
ᠥᠨᠳᠥᠷ ᠭᠠᠵᠠᠷ ᠤ᠋ᠨ ᠬᠦᠢᠲᠡᠨ ᠴᠢᠮᠥᠭᠡ ᠴᠠᠷᠴᠠᠮᠠ ᠡᠷᠴᠢᠲᠡᠢ
ᠮᠣᠩᠭᠣᠯ ᠤ᠋ᠨ ᠵᠠᠯᠠᠭᠤᠰ ᠨᠢᠭᠤᠷ ᠲᠠᠭᠠᠨ ᠴᠣᠭ ᠲᠠᠢ ᠨᠢᠳᠦᠨ ᠳ᠋ᠡᠭᠡᠨ ᠭᠠᠯ ᠲᠠᠢ᠃
ᠵᠢᠷᠭᠤᠭᠠᠨ ᠮᠡᠴᠢᠳ ᠣᠷᠣᠢ ᠳᠡᠭᠡᠷ᠎ᠡ ᠵᠤᠯᠠ ᠶ᠋ᠢᠨ ᠭᠡᠷᠡᠯ ᠬᠠᠵᠠᠭᠤ ᠳ᠋ᠤ᠌
ᠬᠥᠭᠰᠢᠳ ᠡᠪᠦᠭᠡᠳ ᠭᠠᠯ ᠢ᠋ ᠪᠠᠵᠠᠭᠠᠨ ᠬᠠᠭᠤᠴᠢᠨ ᠦᠭᠡᠰ ᠢ᠋ ᠶᠠᠷᠢᠯᠴᠠᠨ᠎ᠠ᠃
ᠡᠪᠦᠯ ᠬᠠᠪᠤᠷ ᠵᠤᠨ ᠨᠠᠮᠤᠷ ᠳᠥᠷᠪᠡᠨ ᠤᠯᠠᠷᠢᠯ ᠡᠭᠡᠯᠵᠢᠯᠡᠵᠦ
ᠠᠭᠤᠯᠠ ᠤᠰᠤ ᠨᠠᠷᠠ ᠰᠠᠷ᠎ᠠ ᠳᠥᠷᠪᠡ ᠲᠡᠢ ᠨᠥᠬᠥᠷᠯᠡᠨᠡ᠃
ᠬᠥᠮᠦᠨ ᠪᠦᠷᠢ ᠥᠲᠡᠭᠦᠰ ᠢ᠋ ᠦᠳᠡᠵᠦ ᠨᠢᠯᠬᠠᠰ ᠢ᠋ ᠤᠭᠲᠤᠨ ᠪᠡᠶᠡᠰᠴᠦ
ᠮᠢᠩᠭᠠᠨ ᠮᠢᠩᠭᠠᠨ ᠵᠢᠯ ᠥᠴᠦᠬᠡᠨ ᠴᠦ᠍ ᠴᠢᠯᠥᠭᠡ ᠵᠠᠪ ᠦᠭᠡᠢ᠃
1934 ᠣᠨ
ᠦᠰᠦᠭ ᠠᠮᠢᠯᠠᠭᠤᠯᠤᠭᠴᠢ᠄ ᠳᠡᠯᠭᠡᠷᠴᠡᠴᠡᠭ
ᠬᠢᠨᠠᠭᠴᠢ᠄ ᠭᠠᠷᠮ᠎ᠠ᠂ ᠣᠶᠤᠨᠴᠡᠴᠡᠭ᠂ ᠴᠢᠨᠳᠠᠮᠤᠨᠢ
ᠶᠡᠷᠦᠩᠬᠡᠢ ᠬᠢᠨᠠᠭᠴᠢ᠄ ᠣᠳᠬᠠᠨᠰᠣ᠎ᠠ
