ᠳᠠᠷᠢᠭᠠᠩᠭ᠎ᠠ ᠨᠤᠲᠤᠭ-ᠵᠢᠪᠬᠤᠯᠠᠩDariganga nutag-JavkhlanДариганга нутаг-Жавхлан
ᠳᠠᠷᠢᠭᠠᠩᠭ᠎ᠠ ᠨᠤᠲᠤᠭ
ᠦᠭᠡ᠄· ᠼ ᠭᠠᠩᠵᠣᠷᠢᠭ
ᠠᠶ᠎ᠠ᠄ ᠲ· ᠰᠡᠷᠣ᠋ᠳᠤ
ᠳᠠᠭᠤᠴᠢᠨ᠄ ᠰ· ᠵᠢᠪᠬᠤᠯᠠᠩ
ᠠᠪᠤᠷᠭᠤ ᠬᠦᠴᠦᠲᠦ ᠪᠥᠬᠡᠴᠦᠳ ᠦ᠋ᠨ
ᠲᠡᠦᠬᠡᠨ ᠳᠣᠮᠣᠭ ᠮᠥᠩᠬᠡᠷᠡᠭᠰᠡᠨ
ᠠᠷᠭᠤᠮᠠᠭ ᠬᠤᠷᠳᠤᠨ ᠬᠦᠯᠦᠭ ᠦ᠋ᠳ ᠦ᠋ᠨ
ᠲᠤᠭᠤᠷᠠᠢ ᠶ᠋ᠢᠨ ᠲᠦᠪᠡᠷᠭᠡᠨ ᠨᠦᠷᠭᠢᠯᠡᠭᠰᠡᠨ
ᠠᠯᠳᠠᠷᠲᠤ ᠮᠡᠷᠭᠡᠨ ᠬᠠᠷᠪᠤᠭᠠᠴᠢ ᠶ᠋ᠢᠨ
ᠤᠤᠬᠠᠢ ᠶ᠋ᠢᠨ ᠳᠠᠭᠤᠨ ᠰᠣᠨᠣᠰᠳᠠᠭᠰᠠᠨ
ᠠᠵᠠᠢ ᠪᠤᠭᠤᠷᠤᠯ ᠳᠡᠭᠡᠳᠦᠰ ᠦ᠋ᠨ
ᠮᠡᠷᠭᠡᠨ ᠰᠤᠷᠭᠠᠯ ᠠᠢᠯᠠᠳᠬᠠᠭᠰᠠᠨ
ᠠᠳᠤᠭᠤᠨ ᠤ᠋ ᠬᠢᠨᠢ ᠪᠡᠯᠴᠢᠭᠡᠷ ᠲᠦ᠍ ᠭᠡᠭᠦᠦ
ᠤᠨᠠᠭᠠᠯᠠᠵᠤ ᠬᠤᠷᠳᠤ ᠨᠡᠮᠡᠭᠰᠡᠨ
ᠠᠢᠯ ᠤ᠋ᠨ ᠬᠢᠨᠢ ᠬᠣᠢᠮᠣᠷ ᠲᠤ᠌ ᠬᠦᠦ
ᠲᠥᠷᠥᠵᠦ ᠬᠦᠴᠦ ᠨᠡᠮᠡᠭᠰᠡᠨ
ᠠᠷᠭᠠᠮᠵᠢᠶᠠᠨ ᠤ᠋ ᠬᠢᠨᠢ ᠳᠡᠷᠭᠡᠳᠡ ᠬᠡᠦᠬᠡᠳ
ᠲᠣᠭᠯᠠᠵᠤ ᠨᠤᠮᠤ ᠬᠠᠷᠪᠤᠭᠰᠠᠨ
ᠠᠯᠲᠠᠨ ᠣᠪᠣᠭ᠎ᠠ ᠰᠢᠯᠢ ᠶ᠋ᠢᠨ ᠪᠣᠭᠳᠠ
ᠳᠠᠷᠢᠭᠠᠩᠭ᠎ᠠ ᠨᠤᠲᠤᠭ ᠮᠢᠨᠦ ᠨᠤᠲᠤᠭ ᠠ᠋
ᠨᠡᠭᠦᠳᠡᠯ ᠦ᠋ᠨ ᠰᠢᠪᠠᠭᠤᠳ ᠪᠤᠴᠠᠬᠤ ᠳ᠋ᠤ᠌ ᠪᠠᠨ
ᠴᠤᠪᠤᠵᠤ ᠨᠢᠭᠡᠨ ᠴᠡᠩᠭᠡᠳᠡᠭ
ᠨᠠᠰᠤᠨ ᠤ᠋ ᠬᠠᠨᠢ ᠪᠠᠨ ᠰᠣᠩᠭᠣᠬᠤ ᠳ᠋ᠤ᠌ ᠪᠠᠨ
ᠵᠠᠯᠪᠠᠷᠢᠵᠤ ᠵᠠᠪᠠᠯ ᠳᠠᠭᠠᠳᠬᠠᠳᠠᠭ
ᠨᠠᠭᠤᠷ ᠤ᠋ᠨ ᠳᠡᠷᠭᠡᠳᠡᠬᠢ ᠪᠤᠯᠠᠭ ᠨᠢ
ᠬᠤᠭᠤᠷ ᠤ᠋ᠨ ᠡᠬᠡᠰᠢᠭ ᠢ᠋ᠶ᠋ᠡᠷ ᠣᠷᠭᠢᠯᠤᠭᠰᠠᠨ
ᠨᠤᠲᠤᠭ ᠤ᠋ᠨ ᠲᠦᠮᠡᠨ ᠦ᠌ ᠪᠠᠬᠠᠷᠬᠠᠯ
ᠨᠢᠭᠤᠴᠠᠬᠠᠨ ᠨᠢᠭᠡᠨ ᠰᠢᠲᠦᠭᠡᠨ ᠮᠢᠨᠢ ᠳᠡ
ᠠᠳᠤᠭᠤᠨ ᠤ᠋ ᠬᠢᠨᠢ ᠪᠡᠯᠴᠢᠭᠡᠷ ᠲᠦ᠍ ᠭᠡᠭᠦᠦ
ᠤᠨᠠᠭᠠᠯᠠᠵᠤ ᠬᠤᠷᠳᠤ ᠨᠡᠮᠡᠭᠰᠡᠨ
ᠠᠢᠯ ᠤ᠋ᠨ ᠬᠢᠨᠢ ᠬᠣᠢᠮᠣᠷ ᠲᠤ᠌ ᠬᠦᠦ
ᠲᠥᠷᠥᠵᠦ ᠬᠦᠴᠦ ᠨᠡᠮᠡᠭᠰᠡᠨ
ᠠᠷᠭᠠᠮᠵᠢᠶᠠᠨ ᠤ᠋ ᠬᠢᠨ ᠳᠡᠷᠭᠡᠳᠡ ᠬᠡᠦᠬᠡᠳ
ᠲᠣᠭᠯᠠᠵᠤ ᠨᠤᠮᠤ ᠬᠠᠷᠪᠤᠭᠰᠠᠨ
ᠠᠯᠲᠠᠨ ᠣᠪᠣᠭ᠎ᠠ ᠰᠢᠯᠢ ᠶ᠋ᠢᠨ ᠪᠣᠭᠳᠠ
ᠳᠠᠷᠢᠭᠠᠩᠭ᠎ᠠ ᠨᠤᠲᠤᠭ ᠪᠢᠳᠡᠨ ᠦ᠌ ᠨᠤᠲᠤᠭ ᠠ᠋
ᠤᠳᠤᠮ ᠳᠠᠮᠵᠢᠭᠰᠠᠨ ᠳᠠᠷᠬᠠᠴᠤᠳ ᠤ᠋ᠨ
ᠤᠷᠠᠨ ᠬᠢᠴᠡ ᠨᠢ ᠭᠠᠢᠬᠠᠭᠳᠠᠭᠰᠠᠨ
ᠠᠭᠤᠯᠠ ᠲᠠᠯ᠎ᠠ ᠶ᠋ᠢᠨ ᠪᠡᠯᠴᠢᠭᠡᠷ ᠲᠦ᠍
ᠤᠤᠭᠠᠯ ᠰᠦᠷᠦᠭ ᠨᠢ ᠨᠠᠯᠠᠢᠭᠰᠠᠨ
ᠠᠳᠤᠭᠤ ᠢᠨᠴᠠᠭᠠᠵᠤ ᠳᠠᠷᠭᠢᠵᠤ
ᠠᠢᠯ ᠤ᠋ᠨ ᠨᠡᠭᠦᠳᠡᠯ ᠨᠠᠭᠠᠰᠢᠯᠠᠭᠰᠠᠨ
ᠠᠷᠠᠳ ᠲᠦᠮᠡᠨ ᠦ᠌ ᠬᠢᠨᠢ ᠰᠡᠳᠬᠢᠯ ᠡᠴᠡ
ᠰᠦᠨ ᠰᠠᠴᠤᠯᠢ ᠨᠢ ᠡᠷᠭᠦᠭᠳᠡᠭᠰᠡᠨ
ᠠᠳᠤᠭᠤᠨ ᠤ᠋ ᠬᠢᠨᠢ ᠪᠡᠯᠴᠢᠭᠡᠷ ᠲᠦ᠍ ᠭᠡᠭᠦᠦ
ᠤᠨᠠᠭᠠᠯᠠᠵᠤ ᠬᠤᠷᠳᠤ ᠨᠡᠮᠡᠭᠰᠡᠨ
ᠠᠢᠯ ᠤ᠋ᠨ ᠬᠢᠨᠢ ᠬᠣᠢᠮᠣᠷ ᠲᠤ᠌ ᠬᠦᠦ
ᠲᠥᠷᠥᠵᠦ ᠬᠦᠴᠦ ᠨᠡᠮᠡᠭᠰᠡᠨ
ᠠᠷᠭᠠᠮᠵᠢᠶᠠᠨ ᠤ᠋ ᠬᠢᠨᠢ ᠳᠡᠷᠭᠡᠳᠡ ᠬᠡᠦᠬᠡᠳ
ᠲᠣᠭᠯᠠᠵᠤ ᠨᠤᠮᠤ ᠬᠠᠷᠪᠤᠭᠰᠠᠨ
ᠠᠯᠲᠠᠨ ᠣᠪᠣᠭ᠎ᠠ ᠰᠢᠯᠢ ᠶ᠋ᠢᠨ ᠪᠣᠭᠳᠠ
ᠳᠠᠷᠢᠭᠠᠩᠭ᠎ᠠ ᠨᠤᠲᠤᠭ ᠮᠣᠩᠭᠣᠯ ᠤ᠋ᠨ ᠨᠤᠲᠤᠭ ᠠ᠋
ᠠᠳᠤᠭᠤᠨ ᠤ᠋ ᠬᠢᠨᠢ ᠪᠡᠯᠴᠢᠭᠡᠷ ᠲᠦ᠍ ᠭᠡᠭᠦᠦ
ᠤᠨᠠᠭᠠᠯᠠᠵᠤ ᠬᠤᠷᠳᠤ ᠨᠡᠮᠡᠭᠰᠡᠨ
ᠠᠢᠯ ᠤ᠋ᠨ ᠬᠢᠨᠢ ᠬᠣᠢᠮᠣᠷ ᠲᠤ᠌ ᠬᠦᠦ
ᠲᠥᠷᠥᠵᠦ ᠬᠦᠴᠦ ᠨᠡᠮᠡᠭᠰᠡᠨ
ᠠᠷᠭᠠᠮᠵᠢᠶᠠᠨ ᠤ᠋ ᠬᠢᠨᠢ ᠳᠡᠷᠭᠡᠳᠡ ᠬᠡᠦᠬᠡᠳ
ᠲᠣᠭᠯᠠᠵᠤ ᠨᠤᠮᠤ ᠬᠠᠷᠪᠤᠭᠰᠠᠨ
ᠠᠯᠲᠠᠨ ᠣᠪᠣᠭ᠎ᠠ ᠰᠢᠯᠢ ᠶ᠋ᠢᠨ ᠪᠣᠭᠳᠠ
ᠳᠠᠷᠢᠭᠠᠩᠭ᠎ᠠ ᠨᠤᠲᠤᠭ ᠮᠣᠩᠭᠣᠯ ᠤ᠋ᠨ ᠨᠤᠲᠤᠭ ᠠ᠋
ᠳᠠᠷᠢᠭᠠᠩᠭ᠎ᠠ ᠨᠤᠲᠤᠭ ᠮᠣᠩᠭᠣᠯ ᠤ᠋ᠨ ᠨᠤᠲᠤᠭ ᠠ᠋
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ
