ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠳᠠᠯᠠᠨ ᠨᠢᠭᠡᠳᠦᠭᠡᠷ ᠪᠦᠯᠦᠭ > Хөх судрын залгамж - Инжинаш < Далан нэгдүгээр бүлэг >
ᠳᠠᠯᠠᠨ ᠨᠢᠭᠡᠳᠦᠭᠡᠷ ᠪᠦᠯᠦᠭ
ᠤᠯᠠᠭᠠᠨᠴᠢᠨ ᠲᠠᠬᠢᠶ᠎ᠠ ᠵᠢᠯ ᠂ ᠥᠭᠡᠳᠡᠢ ᠬᠠᠭᠠᠨ ᠤ᠋ ᠠᠷᠪᠠᠳᠤᠭᠠᠷ ᠣᠨ ᠂
ᠥᠭᠡᠳᠡᠢ ᠬᠠᠭᠠᠨ ᠡᠨᠡ ᠵᠢᠯ ᠲᠠᠪᠢᠨ ᠬᠣᠶᠠᠷ ᠰᠡᠭᠦᠳᠡᠢ ᠲᠡᠢ
ᠡᠴᠢᠭᠡ ᠶᠦ᠍ᠭᠡᠨ ᠳᠣᠷᠭᠣᠨ ᠲᠠᠯᠪᠢᠭᠰᠠᠨ ᠢᠷᠭᠡᠳ ᠢ᠋ ᠪᠠᠢᠯᠳᠤᠨ ᠳᠠᠭᠠᠭᠤᠯᠬᠤ ᠪᠠᠷ
ᠥᠷᠥᠨ᠎ᠡ ᠵᠦᠭ ᠭᠤᠷᠪᠠᠨ ᠵᠠᠮ ᠤ᠋ᠨ ᠴᠡᠷᠢᠭ ᠬᠡᠷᠡᠭᠯᠡᠪᠡᠢ
ᠡᠵᠡᠨ ᠴᠢᠩᠭᠢᠰ ᠪᠣᠭᠳᠠ ᠶ᠋ᠢᠨ ᠴᠡᠷᠢᠭ ᠦ᠋ᠨ ᠤᠬᠠᠭᠠᠨ ᠢ᠋
ᠪᠢᠴᠢᠭ ᠴᠡᠷᠢᠭ ᠦ᠋ᠨ ᠲᠦᠰᠢᠮᠡᠳ ᠪᠢᠰᠢᠷᠡᠨ ᠰᠢᠭᠦᠮᠵᠢᠯᠡᠪᠡᠢ
ᠥᠭᠦᠯᠡᠬᠦ ᠢᠨᠦ ᠥᠭᠡᠳᠡᠢ ᠬᠠᠭᠠᠨ ᠰᠠᠭᠤᠷᠢᠨ ᠢ᠋ ᠵᠠᠯᠭᠠᠮᠵᠢᠯᠠᠭᠰᠠᠨ ᠬᠣᠢᠨ᠎ᠠ ᠂ ᠴᠢᠩᠭᠢᠰ ᠬᠠᠭᠠᠨ ᠡᠴᠢᠭᠡ ᠶᠦ᠍ᠭᠡᠨ ᠥᠷᠭᠡᠨ ᠶᠡᠬᠡ ᠤᠯᠤᠰ ᠣᠷᠣᠨ ᠢ᠋ ᠡᠩᠬᠡᠵᠢᠭᠦᠯᠦᠨ ᠳᠣᠷᠭᠣᠨ ᠲᠠᠯᠪᠢᠭᠰᠠᠨ ᠢᠷᠭᠡᠳ ᠢ᠋ ᠪᠠᠢᠯᠳᠤᠨ ᠳᠠᠭᠠᠭᠤᠯᠬᠤ ᠪᠠᠷ ᠨᠠᠷᠠ ᠮᠠᠨᠳᠤᠬᠤ ᠵᠦᠭ ᠦ᠋ᠨ ᠰᠣᠯᠣᠩᠭᠣᠰ ᠤ᠋ᠨ ᠸᠠᠩ ᠳ᠋ᠦᠨ ᠦ᠌ ᠤᠷᠪᠠᠯᠭᠠᠨ ᠢ᠋ ᠳᠠᠷᠤᠩᠭᠤᠢᠯᠠᠬᠤ ᠪᠠᠷ ᠵᠠᠯᠠᠢᠷᠲᠠᠢ ᠬᠣᠷᠴᠢ ᠳ᠋ᠤᠷ ᠭᠤᠷᠪᠠᠨ ᠲᠦᠮᠡᠨ ᠶᠡᠬᠡ ᠴᠡᠷᠢᠭ ᠥᠭᠴᠦ ᠶᠠᠪᠤᠭᠤᠯᠤᠭᠠᠳ ᠵᠠᠯᠠᠢ᠌ᠷᠲᠠᠶ ᠬᠣᠣᠷᠯᠠᠭᠳᠠᠭᠰᠠᠨ ᠤ᠋ ᠬᠣᠢᠨ᠎ᠠ ᠶᠢᠰᠦᠨᠲᠠᠷ ᠬᠣᠷᠴᠢ ᠶ᠋ᠢ ᠶᠠᠪᠤᠭᠤᠯᠵᠤ ᠪᠠᠢᠯᠳᠤᠭᠰᠠᠨ ᠠ᠋ᠴᠠ ᠰᠣᠯᠣᠩᠭᠣᠰ ᠸᠠᠩ ᠳ᠋ᠦᠨ ᠬᠡᠳᠦᠨ ᠵᠡᠷᠭᠡ ᠳᠡᠢᠯᠦᠭᠳᠡᠭᠡᠳ ᠠᠷᠭ᠎ᠠ ᠪᠤᠰᠤ ᠶᠠᠯ᠎ᠠ ᠬᠦᠯᠢᠶᠡᠨ ᠬᠥᠪᠡᠭᠦᠨ ᠢ᠋ᠶ᠋ᠡᠨ ᠳᠡᠨᠵᠢ ᠪᠣᠯᠭᠠᠨ ᠠᠯᠪᠠ ᠪᠠᠨ ᠨᠡᠮᠡᠵᠦ ᠳᠠᠭᠠᠬᠤ ᠶ᠋ᠢ ᠭᠤᠶᠤᠭᠰᠠᠨ ᠳ᠋ᠤᠷ ᠥᠭᠡᠳᠡᠢ ᠬᠠᠭᠠᠨ ᠂ ᠳᠠᠭᠠᠬᠤ ᠶ᠋ᠢ ᠵᠥᠪᠰᠢᠶᠡᠷᠡᠭᠰᠡᠨ ᠪᠣᠯᠪᠠᠴᠤ ᠶᠢᠰᠦᠨᠲᠠᠷ ᠬᠣᠷᠴᠢ ᠶ᠋ᠢ ᠲᠡᠨᠳᠡ ᠳᠠᠮᠠᠨ ᠪᠣᠯᠲᠤᠭᠠᠢ ᠭᠡᠮᠡᠨ ᠵᠠᠬᠢᠷᠤᠨ ᠰᠠᠭᠤᠯᠭᠠᠪᠠ ᠃ ᠪᠠᠰᠠ ᠴᠢᠩᠭᠢᠰ ᠬᠠᠭᠠᠨ ᠡᠴᠢᠭᠡ ᠶᠦ᠍ᠭᠡᠨ ᠳᠣᠷᠭᠣᠨ ᠲᠠᠯᠪᠢᠭᠰᠠᠨ ᠢᠷᠭᠡᠨ ᠦ᠌ ᠪᠠᠭᠲᠠᠳ ᠂ ᠢᠷᠡᠨ ᠦ᠌ ᠬᠠᠯᠢᠫᠢ ᠰᠦᠯᠳᠡ ᠶ᠋ᠢ ᠪᠠᠢᠯᠳᠤᠨ ᠳᠠᠭᠠᠭᠤᠯᠬᠤ ᠪᠠᠷ ᠴᠤᠷᠮᠠᠬᠠᠨ ᠬᠣᠷᠴᠢ ᠳ᠋ᠤᠷ ᠭᠤᠷᠪᠠᠨ ᠲᠦᠮᠡᠨ ᠰᠢᠳᠠᠷ ᠴᠡᠷᠢᠭ ᠥᠭᠴᠦ ᠨᠠᠷᠠ ᠰᠢᠩᠭᠡᠬᠦ ᠵᠦᠭ ᠶᠠᠪᠤᠭᠤᠯᠤᠭᠰᠠᠨ ᠪᠠ ᠲᠡᠭᠦᠨ ᠦ᠌ ᠬᠣᠢᠨ᠎ᠠ ᠠ᠋ᠴᠠ ᠵᠠᠩᠵᠤᠨ ᠣᠭᠣᠲᠣᠷ᠂ ᠮᠥᠩᠬᠡᠲᠦ ᠳ᠋ᠦ᠍ᠷ ᠪᠠᠰᠠ ᠬᠣᠶᠠᠷ ᠲᠦᠮᠡᠨ ᠴᠡᠷᠢᠭ ᠥᠭᠴᠦ ᠲᠤᠰᠠᠯᠠᠷ᠎ᠠ ᠶᠠᠪᠤᠭᠤᠯᠤᠭᠰᠠᠨ ᠪᠥᠯᠥᠭᠡ᠃ ᠪᠠᠰᠠ ᠬᠠᠩᠯᠢᠨ ᠂ ᠺᠢᠪᠴᠠᠭ ᠤ᠋ᠳ ᠂ ᠪᠡᠵᠢᠭᠡᠳ ᠂ ᠣᠷᠣᠰ ᠤ᠋ᠳ ᠂ ᠠᠰᠤ ᠂ ᠰᠡᠰᠦ ᠂ ᠮᠠᠵᠠᠷ ᠂ ᠺᠠᠰᠢᠮᠢᠷ ᠂ ᠰᠠᠺᠠᠰ ᠤ᠋ᠳ ᠂ ᠪᠦᠬᠠᠷ ᠂ ᠭᠡᠷᠡᠯ ᠢᠷᠭᠡᠨ ᠳ᠋ᠦ᠍ᠷ ᠬᠦᠷᠲᠡᠯ᠎ᠡ ᠢᠵᠢᠯ ᠵᠢᠶᠠᠭ ᠵᠡᠷᠭᠡ ᠤᠰᠤ ᠶᠡᠬᠡᠲᠡᠢ ᠮᠥᠷᠡᠨ ᠨᠦ᠍ᠭᠦᠳ ᠢ᠋ ᠭᠡᠲᠦᠯᠦᠨ ᠮᠡᠬᠡᠤᠠᠮᠡᠨ ᠂ ᠬᠠᠢᠫᠠ ᠵᠡᠷᠭᠡ ᠣᠯᠠᠨ ᠪᠠᠯᠭᠠᠰᠤᠨ ᠢ᠋ ᠪᠠᠢᠯᠳᠤᠨ ᠳᠠᠭᠠᠭᠤᠯᠲᠤᠭᠠᠢ ᠭᠡᠮᠡᠨ ᠰᠥᠪᠡᠭᠡᠲᠡᠢ ᠪᠠᠭᠠᠲᠤᠷ ᠢ ᠶᠠᠪᠤᠭᠤᠯᠤᠭᠠᠳ ᠰᠥᠪᠡᠭᠡᠳᠡᠢ ᠪᠠᠭᠠᠲᠤᠷ ᠤ᠋ᠨ ᠠᠷᠤ ᠠ᠋ᠴᠠ ᠪᠠᠲᠤ ᠂ ᠪᠦᠷᠢ ᠂ ᠭᠦᠶᠦᠭ ᠂ ᠮᠥᠩᠬᠡ ᠲᠡᠷᠢᠭᠦᠲᠡᠨ ᠠᠬᠠᠮᠠᠳ ᠬᠥᠪᠡᠭᠦᠳ ᠦ᠋ᠨ ᠴᠡᠷᠢᠭ ᠢ᠋ ᠶᠠᠪᠤᠭᠤᠯᠵᠤ ᠥᠷᠥᠨ᠎ᠡ ᠵᠦᠭ ᠦ᠋ᠨ ᠣᠯᠠᠨ ᠤᠯᠤᠰ ᠢ᠋ ᠨᠢᠭᠡᠮᠦᠰᠦᠨ ᠲᠣᠭᠲᠠᠭᠠᠲᠤᠭᠠᠢ ᠬᠡᠮᠡᠪᠡ ᠃ ᠡᠨᠡ ᠤᠳᠠᠭᠠᠨ ᠤ᠋ ᠠᠶᠠᠨ ᠲᠡᠢᠨ ᠳ᠋ᠦ᠍ᠷ ᠬᠠᠭᠠᠨ ᠤ᠋ ᠠᠬ᠎ᠠ ᠴᠠᠭᠠᠲᠠᠢ ᠶ᠋ᠢᠨ ᠢ᠋ᠶ᠋ᠡᠨ ᠰᠠᠨᠠᠭᠤᠯᠭ᠎ᠠ ᠪᠠᠷ ᠬᠠᠳ ᠨᠣᠶᠠᠳ ᠴᠡᠷᠢᠭ ᠠᠷᠠᠳ ᠭᠡᠮᠡᠨ ᠢᠯᠭᠠᠬᠤ ᠦᠭᠡᠢ ᠪᠡᠷ ᠴᠥᠮ ᠠᠬᠠᠮᠠᠳ ᠬᠥᠪᠡᠭᠦᠨ ᠢ᠋ ᠠᠮᠠᠯᠠᠵᠤ ᠮᠣᠷᠳᠠᠭᠤᠯᠤᠭᠰᠠᠨ ᠲᠤᠯᠠ ᠴᠡᠷᠢᠭ ᠦ᠋ᠨ ᠲᠣᠭ᠎ᠠ ᠣᠯᠠᠨ ᠪᠥᠭᠡᠳ ᠴᠢᠭᠢᠷᠠᠭ ᠪᠣᠯᠪᠠ ᠃ ᠥᠷᠥᠨ᠎ᠡ ᠵᠦᠭ ᠦ᠋ᠨ ᠣᠯᠠᠨ ᠤᠯᠤᠰ ᠲᠤᠷ ᠵᠠᠭᠤᠨ ᠲᠦᠮᠡ ᠭᠡᠮᠡᠨ ᠠᠯᠳᠠᠷᠰᠢᠭᠤᠯᠤᠭᠰᠠᠨ ᠪᠣᠯᠪᠠᠴᠤ ᠦᠨᠡᠨ ᠳ᠋ᠡᠭᠡᠨ ᠲᠡᠳᠦᠢ ᠬᠦᠷᠦᠭᠰᠡᠨ ᠦᠭᠡᠢ ᠃ ᠪᠣᠳᠣᠪᠠᠯ ᠴᠤᠷᠮᠠᠬᠠᠨ ᠤ᠋ ᠨᠢᠭᠡᠨ ᠵᠠᠮ ᠲᠠᠪᠤᠨ ᠲᠦᠮᠡ ᠂ ᠰᠥᠪᠡᠭᠡᠲᠡᠢ ᠪᠠᠭᠠᠲᠤᠷ ᠤ᠋ᠨ ᠨᠢᠭᠡᠨ ᠵᠠᠮ ᠬᠣᠶᠠᠷ ᠲᠦᠮᠡ ᠂ ᠪᠠᠲᠤ ᠬᠠᠨ ᠤ᠋ ᠠᠬᠠᠮᠠᠳ ᠴᠡᠷᠢᠭ ᠠᠷᠪᠠᠨ ᠲᠠᠪᠤᠨ ᠲᠦᠮᠡ ᠲᠡᠢ ᠨᠡᠢᠯᠡᠭᠡᠳ ᠰᠠᠶᠢ ᠬᠣᠷᠢᠨ ᠬᠡᠳᠦᠨ ᠲᠦᠮᠡ ᠪᠣᠯᠵᠤᠬᠤᠢ ᠃ ᠬᠣᠵᠢᠮ ᠪᠣᠯᠵᠤ ᠲᠡᠢᠨ ᠪᠠᠢᠯᠳᠤᠭᠠᠨ ᠤ᠋ ᠳᠤᠮᠳᠠ ᠣᠯᠵᠠᠯᠠᠭᠰᠠᠨ ᠴᠡᠷᠢᠭ ᠦ᠋ᠳ ᠲᠡᠢ ᠨᠡᠢᠯᠡᠭᠡᠳ ᠪᠠᠲᠤ ᠬᠠᠨ ᠤ᠋ ᠨᠢᠭᠡᠨ ᠰᠠᠯᠠᠭ᠎ᠠ ᠳᠠᠷᠤᠢ ᠭᠤᠴᠢᠨ ᠲᠠᠪᠤᠨ ᠲᠦᠮᠡ ᠬᠦᠷᠴᠦ ᠨᠡᠢᠲᠡ ᠵᠢᠷᠠᠨ ᠬᠡᠳᠦᠨ ᠲᠦᠮᠡ ᠪᠣᠯᠪᠠ᠃
ᠶᠡᠬᠡ ᠴᠡᠷᠢᠭ ᠨᠢᠭᠡᠨᠲᠡ ᠳᠣᠷᠣᠨ᠎ᠠ ᠥᠷᠥᠨ᠎ᠡ ᠬᠣᠶᠠᠷ ᠵᠦᠭ ᠢ᠋ ᠳᠠᠢᠯᠠᠷ᠎ᠠ ᠮᠣᠷᠳᠠᠭᠰᠠᠨ ᠤ᠋ ᠬᠣᠢᠨ᠎ᠠ ᠲᠠᠢᠱ᠌ᠢ ᠳᠡᠰ ᠲᠣᠭᠣᠰ ᠂ ᠬᠡᠦᠬᠡᠨ ᠪᠥᠬᠡ ᠬᠠᠨ ᠂ ᠸᠠᠩ ᠱᠢ ᠰᠢᠶᠠᠨ ᠂ ᠱᠢ ᠲᠢᠶᠠᠨ ᠽᠧ ᠨᠠᠷ ᠤ᠋ᠨ ᠴᠡᠷᠢᠭ ᠢ᠋ᠶ᠋ᠡᠷ ᠰᠥᠩ ᠤᠯᠤᠰ ᠢ᠋ ᠰᠡᠷᠭᠡᠢᠯᠡᠨ ᠰᠠᠭᠤᠯᠭᠠᠪᠠ᠃ ᠤᠴᠢᠷ ᠠᠨᠤ ᠰᠥᠩ ᠤᠯᠤᠰ ᠬᠡᠮᠡᠭᠴᠢ ᠥᠴᠦᠬᠡᠨ ᠰᠤᠯᠠ ᠲᠠᠯᠪᠢᠪᠠᠰᠤ ᠳᠠᠷᠤᠢ ᠵᠡᠷᠯᠢᠭ ᠮᠣᠩᠭᠣᠯ ᠢ᠋ ᠰᠥᠨᠥᠭᠡᠵᠦ ᠵᠦᠩ ᠶᠤᠸᠠᠨ ᠤ᠋ ᠭᠠᠵᠠᠷ ᠢ᠋ ᠠᠪᠤᠮᠤᠢ ᠭᠡᠮᠡᠨ ᠂ ᠳᠠᠷᠤᠭᠳᠠᠪᠠᠰᠤ ᠡᠶᠡᠳᠡᠵᠦ ᠬᠥᠪᠡᠭᠦᠨ ᠤᠯᠤᠰ ᠪᠣᠯᠤᠶ᠎ᠠ ᠭᠡᠮᠡᠨ ᠠᠯᠲᠠᠨ ᠬᠠᠰ ᠡᠳ᠋ ᠡᠷᠳᠡᠨᠢ ᠂ ᠥᠬᠢᠳ ᠡᠮᠡᠰ ᠢ᠋ᠶ᠋ᠡᠨ ᠬᠦᠷᠭᠡᠨ ᠢᠷᠡᠵᠦ ᠭᠤᠶᠤᠬᠤ ᠪᠥᠯᠥᠭᠡ ᠃ ᠢᠲᠡᠭᠡᠮᠵᠢ ᠦᠭᠡᠢ ᠲᠤᠯᠠ ᠬᠦᠷᠰᠢ ᠤᠯᠤᠰ ᠭᠡᠮᠡᠨ ᠰᠡᠷᠭᠡᠢᠯᠡᠬᠦ ᠦᠭᠡᠢ ᠦᠯᠦ ᠪᠣᠯᠬᠤ ᠠᠵᠢ ᠃
ᠲᠡᠳᠦᠢ ᠳ᠋ᠦ᠍ᠷ ᠪᠠᠭᠠᠲᠤᠷ ᠴᠤᠷᠮᠠᠬᠠᠨ ᠥᠭᠡᠳᠡᠢ ᠬᠠᠭᠠᠨ ᠤ᠋ ᠰᠢᠳᠠᠷ ᠴᠡᠷᠢᠭ ᠭᠤᠷᠪᠠᠨ ᠲᠦᠮᠡᠨ ᠴᠡᠷᠢᠭ ᠠᠠᠪᠴᠤ ᠮᠣᠷᠳᠠᠭᠠᠳ ᠂ ᠶᠠᠭᠤᠨ ᠤ᠋ ᠡᠮᠦᠨ᠎ᠡ ᠮᠣᠩᠭᠣᠯ ᠯᠤᠭ᠎ᠠ ᠡᠰᠡᠷᠭᠦᠴᠡᠯᠳᠦᠵᠦ ᠢᠷᠡᠨ ᠂ ᠢᠷᠠᠺ ᠢ᠋ ᠥᠳᠥᠭᠡᠨ ᠤᠷᠪᠠᠭᠤᠯᠵᠤ ᠂ ᠬᠠᠯᠢᠫᠢ ᠰᠦᠯᠲᠠᠨ ᠵᠡᠷᠭᠡ ᠥᠷᠥᠨ᠎ᠡ ᠠᠽᠢᠶ᠎ᠠ ᠶ᠋ᠢ ᠳᠦᠢᠪᠡᠭᠡᠵᠦ ᠪᠠᠢᠬᠤ ᠵᠸᠯᠡᠯ ᠡᠳ᠋ ᠳ᠋ᠢᠨ ᠢ᠋ ᠪᠠᠷᠢᠬᠤ ᠦᠭᠡᠢ ᠪᠥᠭᠡᠰᠦ ᠭᠠᠪᠢᠶ᠎ᠠ ᠪᠦᠲᠦᠬᠦᠶ᠎ᠡ ᠪᠡᠷᠬᠡ ᠭᠡᠮᠡᠨ ᠵᠸᠯᠡᠯ ᠡᠳ᠋ ᠳ᠋ᠢᠨ ᠦ᠌ ᠴᠢᠮᠡᠭᠡ ᠶ᠋ᠢ ᠠᠪᠤᠭᠤᠯᠪᠠᠰᠤ ᠰᠧᠯᠳ᠋ᠴᠤᠺᠠ ᠲᠥᠷᠥ ᠶ᠋ᠢᠨ ᠰᠦᠯᠳᠡ ᠺᠠᠢᠺᠦᠪᠠᠲᠤ ᠶ᠋ᠢᠨ ᠬᠣᠯᠪᠣᠭᠠᠲᠤ ᠴᠡᠷᠢᠭ ᠲᠦ᠍ᠷ ᠳᠡᠢᠯᠦᠭᠳᠡᠭᠡᠳ ᠠᠽᠠᠷᠪᠠᠢᠵᠢᠶᠠᠩ ᠳ᠋ᠤᠷ ᠳᠤᠲᠠᠭᠠᠨ ᠢᠷᠡᠭᠰᠡᠨ ᠢ᠋ ᠯᠠᠪᠲᠠᠢ ᠮᠡᠳᠡᠭᠡᠳ ᠬᠠᠷᠢ ᠤᠯᠤᠰ ᠬᠣᠷᠱᠠᠨ ᠢ᠋ ᠪᠠᠢᠯᠳᠤᠭᠰᠠᠨ ᠦᠭᠡᠢ ᠣᠷᠬᠢᠭᠠᠳ ᠰᠢᠭᠤᠳ ᠵᠠᠮ ᠪᠤᠯᠢᠶᠠᠨ ᠠᠽᠠᠷᠪᠠᠢᠵᠢᠶᠠᠩ ᠳ᠋ᠤᠷ ᠬᠦᠷᠴᠦ ᠢᠷᠡᠪᠡᠢ ᠃
ᠲᠡᠳᠦᠢ ᠳ᠋ᠦ᠍ᠷ ᠵᠸᠯᠡᠯ ᠡᠳ᠋ ᠳ᠋ᠢᠨ ᠰᠠᠶᠢ ᠠᠽᠠᠷᠪᠠᠢᠵᠠᠶᠠᠩ ᠳ᠋ᠤᠷ ᠳᠤᠲᠠᠭᠠᠨ ᠢᠷᠡᠭᠡᠳ ᠢᠰᠯᠡᠮᠴᠦᠳ ᠢ᠋ ᠳᠠᠭᠠᠭᠤᠯᠤᠨ ᠾᠷᠢᠰᠲ᠋ᠣᠰ ᠰᠤᠷᠲᠠᠬᠤᠨ ᠤ᠋ ᠣᠯᠠᠨ ᠢ᠋ ᠬᠢᠳᠤᠵᠤ ᠠᠪᠠᠢ ᠃
ᠴᠤᠷᠮᠠᠬᠠᠨ ᠤ᠋ ᠴᠡᠷᠢᠭ ᠲᠡᠭᠦᠨ ᠦ᠌ ᠰᠠᠨᠠᠮᠰᠠᠷ ᠦᠭᠡᠢ ᠪᠠᠢᠬᠤᠢ ᠳ᠋ᠤᠷ ᠭᠡᠨᠡᠳᠲᠡ ᠲᠡᠭᠷᠢ ᠡᠴᠡ ᠪᠠᠭᠤᠭᠰᠠᠨ ᠮᠡᠲᠦ ᠬᠦᠷᠴᠦ ᠢᠷᠡᠬᠦᠶ᠎ᠡ ᠳᠤᠲᠠᠭᠠᠵᠤ ᠵᠠᠪᠳᠤᠭᠰᠠᠨ ᠦᠭᠡᠢ ᠃ ᠵᠸᠯᠡᠯ ᠡᠳ᠋ ᠳ᠋ᠢᠨ ᠬᠡᠳᠦᠢᠪᠡᠷ ᠰᠢᠨᠡᠬᠡᠨ ᠳᠡᠢᠯᠦᠭᠳᠡᠭᠰᠡᠨ ᠪᠣᠯᠪᠠᠴᠤ ᠪᠠᠰᠠ ᠰᠢᠨ᠎ᠡ ᠬᠠᠭᠤᠴᠢᠨ ᠲᠠᠢ ᠨᠡᠢᠯᠡᠭᠡᠳ ᠭᠤᠷᠪᠠᠨ ᠲᠦᠮᠡ ᠢᠯᠡᠭᠦᠦ ᠬᠥᠮᠦᠨ ᠪᠣᠢ ᠲᠤᠯᠠ ᠶᠠᠮᠠᠷ ᠪᠣᠯᠤᠭᠰᠠᠨ ᠴᠤ᠌ ᠨᠢᠭᠡᠨᠲᠡ ᠪᠠᠢᠯᠳᠤᠵᠤ ᠪᠠᠢᠭᠠᠳ ᠮᠡᠳᠡᠰᠦᠭᠡᠢ ᠭᠡᠮᠡᠨ ᠴᠡᠷᠢᠭ ᠢ᠋ᠶ᠋ᠡᠨ ᠠᠪᠴᠤ ᠲᠡᠪᠷᠢᠽᠢ ᠬᠣᠲᠠ ᠠ᠋ᠴᠠ ᠭᠤᠴᠢᠨ ᠭᠠᠵᠠᠷ ᠬᠣᠯᠠ ᠭᠠᠷᠴᠤ ᠪᠠᠭᠤᠳᠠᠯᠯᠠᠭᠠᠳ ᠴᠤᠷᠮᠠᠬᠠᠨ ᠤ᠋ ᠪᠠᠢᠯᠳᠤᠷ᠎ᠠ ᠢᠷᠡᠬᠦ ᠶ᠋ᠢ ᠬᠦᠯᠢᠶᠡᠪᠡᠢ᠃
ᠥᠭᠦᠯᠡᠬᠦ ᠢᠨᠦ ᠴᠣᠷᠮᠠᠬᠠᠨ ᠴᠡᠷᠢᠭ ᠭᠠᠷᠭᠠᠵᠤ ᠲᠡᠭᠦᠨ ᠦ᠌ ᠳᠤᠲᠠᠭᠠᠬᠤ ᠵᠠᠮ ᠢ᠋ ᠴᠥᠮ ᠪᠦᠭᠭᠦᠵᠦ ᠲᠠᠯᠪᠢᠭᠠᠳ ᠴᠠᠴᠠᠷ ᠤ᠋ᠨ ᠣᠯᠠᠨ ᠵᠠᠩᠵᠤᠨ ᠳ᠋ᠤᠷ ᠥᠭᠦᠯᠡᠷᠦᠨ ᠄ 《ᠵᠸᠯᠠᠯ ᠡᠳ᠋ ᠳ᠋ᠢᠨ ᠬᠡᠳᠦᠢᠪᠡᠷ ᠰᠢᠨᠡᠬᠡᠨ ᠳᠡᠢᠯᠦᠭᠳᠡᠭᠰᠡᠨ ᠪᠣᠯᠪᠠᠴᠤ ᠬᠥᠮᠦᠨ ᠪᠠᠰᠠᠴᠤ ᠵᠤᠵᠠᠭᠠᠨ ᠪᠣᠢ ᠂ ᠬᠡᠲᠦᠷᠬᠡᠢ ᠰᠢᠬᠠᠮᠳᠠᠭᠤᠯᠪᠠᠰᠤ ᠰᠢᠷᠬ᠎ᠠ ᠲᠠᠢ ᠴᠢᠨᠣ᠎ᠠ ᠮᠡᠲᠦ ᠤᠯᠠᠢᠷᠠᠨ ᠳᠠᠭᠠᠷᠢᠮᠤᠢ᠃ ᠰᠤᠯᠠ ᠲᠠᠯᠪᠢᠪᠠᠰᠤ ᠬᠠᠷᠢᠨ ᠳᠤᠲᠠᠭᠠᠨ ᠰᠠᠮᠠᠭᠤᠷᠠᠵᠤ ᠪᠠᠷᠢᠬᠤᠢ ᠳ᠋ᠤᠷ ᠬᠢᠯᠪᠠᠷ ᠪᠣᠯᠬᠤ ᠪᠤᠶᠤ᠃ ᠢᠯᠠᠩᠭᠤᠶ᠎ᠠ ᠪᠢᠳᠡ ᠡᠰᠡ ᠪᠠᠢᠯᠳᠤᠪᠠᠰᠤ ᠲᠡᠭᠦᠨ ᠦ᠌ ᠴᠡᠷᠢᠭ ᠤᠯᠠᠮ ᠰᠡᠵᠢᠭᠯᠡᠨ ᠰᠠᠮᠠᠭᠤᠷᠠᠬᠤ ᠲᠤᠯᠠ ᠪᠢᠳᠡ ᠬᠠᠪᠴᠢᠯ ᠪᠣᠭᠣᠮᠲᠠ ᠪᠠᠨ ᠪᠡᠬᠢᠯᠡᠨ ᠰᠠᠬᠢᠵᠤ ᠵᠸᠯᠠᠯ ᠡᠳ᠋ ᠳ᠋ᠢᠨ ᠦ᠌ ᠪᠠᠢᠳᠠᠯ ᠢ᠋ ᠦᠵᠡᠵᠦ ᠳᠤᠲᠠᠭᠠᠬᠤ ᠶ᠋ᠢ ᠰᠡᠷᠭᠡᠢᠯᠡᠨ ᠠᠲᠤᠭᠠᠢ ᠭᠡᠮᠡᠨ ᠴᠢᠩᠳᠠᠯᠠᠨ ᠬᠠᠷᠢᠶᠠᠲᠤ ᠣᠯᠠᠨ ᠢ᠋ ᠪᠡᠨ ᠲᠤᠰ ᠲᠤᠰ ᠤ᠋ᠨ ᠰᠠᠬᠢᠭᠰᠠᠨ ᠭᠠᠵᠠᠷ ᠶᠠᠪᠤᠭᠤᠯᠤᠭᠠᠳ ᠥᠪᠡᠷ ᠦ᠋ᠨ ᠪᠡᠶ᠎ᠡ ᠢᠨᠤ ᠴᠠᠴᠠᠷ ᠤ᠋ᠨ ᠣᠯᠠᠨ ᠵᠠᠩᠵᠤᠨ ᠲᠦᠰᠢᠮᠡᠳ ᠦ᠋ᠨ ᠬᠠᠮᠲᠤ ᠬᠤᠷᠢᠮᠯᠠᠵᠤ ᠰᠠᠭᠤᠮᠤᠢ᠃ ᠵᠸᠯᠠᠯ ᠡᠳ᠋ ᠳ᠋ᠢᠨ ᠬᠦᠷᠢᠶ᠎ᠡ ᠪᠠᠭᠤᠭᠠᠳ ᠴᠡᠷᠢᠭ ᠦ᠋ᠨ ᠬᠤᠷᠴᠠ ᠳᠡᠭᠡᠷ᠎ᠡ ᠪᠠᠢᠯᠳᠤᠰᠤᠭᠠᠢ ᠭᠡᠮᠡᠨ ᠭᠤᠷᠪᠠᠨ ᠡᠳᠦᠷ ᠬᠦᠯᠢᠶᠡᠭᠰᠡᠨ ᠪᠣᠯᠪᠠᠴᠤ ᠮᠣᠩᠭᠣᠯ ᠴᠡᠷᠢᠭ ᠣᠭᠲᠣ ᠴᠢᠮᠡᠭᠡ ᠦᠭᠡᠢ ᠃ ᠬᠥᠮᠦᠨ ᠵᠠᠷᠤᠵᠤ ᠲᠤᠷᠰᠢᠭᠤᠯᠪᠠᠰᠤ ᠬᠠᠷᠢᠨ ᠴᠠᠴᠠᠷ ᠲᠠᠭᠠᠨ ᠬᠤᠷᠢᠮᠯᠠᠵᠤ ᠰᠠᠭᠤᠮᠤᠢ ᠬᠡᠮᠡᠮᠦ ᠂ ᠪᠠᠰᠠ ᠶᠠᠮᠠᠷ ᠠᠷᠭ᠎ᠠ ᠤᠬᠠᠭᠠᠨ ᠭᠠᠷᠭᠠᠵᠤ ᠪᠠᠢᠬᠤ ᠮᠠᠭᠠᠳ ᠭᠡᠮᠡᠨ ᠦᠨᠡᠨ ᠬᠤᠳᠠᠯ ᠢ᠋ ᠮᠡᠳᠡᠰᠦᠭᠡᠢ ᠭᠡᠮᠡᠨ ᠥᠪᠡᠷᠦᠨ ᠪᠡᠶ᠎ᠡ ᠪᠡᠷ ᠭᠤᠷᠪᠠᠨ ᠮᠢᠩᠭᠠᠨ ᠰᠢᠯᠢᠳᠡᠭ ᠴᠡᠷᠢᠭ ᠠᠪᠴᠤ ᠴᠤᠷᠮᠠᠬᠠᠨ ᠤ᠋ ᠴᠡᠷᠢᠭ ᠦ᠋ᠨ ᠬᠦᠷᠢᠶᠡᠨ ᠳ᠋ᠦ᠍ᠷ ᠢᠷᠡᠵᠦ ᠪᠠᠢᠯᠳᠤᠰᠤᠭᠠᠢ ᠭᠡᠮᠡᠨ ᠥᠳᠥᠭᠡᠪᠡᠰᠦ ᠣᠭᠲᠣ ᠣᠢᠰᠢᠶᠠᠬᠤ ᠦᠭᠡᠢ ᠂ ᠳᠠᠷᠠᠭᠠᠯᠠᠨ ᠭᠤᠷᠪᠠᠨ ᠡᠳᠦᠷ ᠢᠷᠡᠵᠦ ᠬᠡᠷᠬᠢᠨ ᠢᠴᠢᠭᠡᠨ ᠬᠠᠷᠢᠶᠠᠪᠠᠴᠤ ᠰᠣᠨᠣᠰᠤᠭᠰᠠᠨ ᠦᠭᠡᠢ ᠮᠡᠲᠦ ᠃ ᠴᠠᠴᠠᠷ ᠲᠠᠭᠠᠨ ᠬᠤᠷᠢᠮᠯᠠᠨ ᠬᠥᠭᠵᠢᠮ ᠦ᠋ᠨ ᠳᠠᠭᠤᠨ ᠠᠨᠤ ᠰᠠᠯᠬᠢᠨ ᠤ᠋ ᠠᠶ᠎ᠠ ᠪᠠᠷ ᠵᠸᠯᠠᠯ ᠡᠳ᠋ ᠳ᠋ᠢᠨ ᠦ᠌ ᠴᠢᠬᠢᠨ ᠳ᠋ᠦ᠍ᠷ ᠬᠦᠷᠭᠡᠮᠦᠢ ᠃ ᠥᠷᠯᠥᠭᠡ ᠡᠴᠡ ᠣᠷᠣᠢ ᠪᠣᠯᠲᠠᠯ᠎ᠠ ᠬᠠᠷᠢᠶᠠᠪᠠᠴᠤ ᠪᠠᠢᠯᠳᠤᠷ᠎ᠠ ᠭᠠᠷᠴᠤ ᠢᠷᠡᠬᠦ ᠦᠭᠡᠢ ᠲᠤᠯᠠ ᠴᠡᠷᠢᠭ ᠦ᠋ᠨ ᠠᠷᠠᠳ ᠨᠢᠵᠠᠭᠠᠢᠷᠠᠬᠤ ᠪᠠᠷ ᠪᠠᠷᠠᠬᠤ ᠦᠭᠡᠢ ᠵᠸᠯᠠᠯ ᠡᠳ᠋ ᠳ᠋ᠢᠨ ᠴᠦ᠍ ᠤᠷᠮ᠎ᠠ ᠦᠭᠡᠢ ᠪᠣᠯᠪᠠ ᠃ ᠴᠣᠷᠮᠠᠬᠠᠨ ᠤ᠋ ᠴᠠᠴᠠᠷ ᠤ᠋ᠨ ᠣᠯᠠᠨ ᠵᠠᠩᠵᠤᠨ ᠴᠥᠮ ᠡᠨᠡᠬᠦ ᠪᠠᠢᠳᠠᠯ ᠢ᠋ ᠦᠵᠡᠭᠡᠳ ᠭᠠᠷᠴᠤ ᠪᠠᠢᠯᠳᠤᠪᠠᠰᠤ ᠵᠸᠯᠡᠯ ᠡᠳ᠋ ᠳ᠋ᠶ᠋ᠨ ᠢ᠋ ᠪᠠᠷᠢᠵᠤ ᠡᠰᠡ ᠴᠢᠳᠠᠪᠠᠴᠤ ᠨᠢᠭᠡᠨ ᠵᠡᠷᠭᠡ ᠳᠠᠷᠤᠵᠤ ᠪᠣᠯᠤᠮᠤᠢ ᠬᠡᠮᠡᠬᠦᠢ ᠳ᠋ᠦ᠍ᠷ ᠴᠤᠷᠮᠠᠬᠠᠨ ᠥᠭᠦᠯᠡᠷᠦᠨ :《ᠪᠢᠳᠡ ᠬᠡᠳᠦᠨ ᠡᠳᠦᠷ ᠭᠠᠷᠴᠤ ᠪᠠᠢᠯᠳᠤᠭᠰᠠᠨ ᠦᠭᠡᠢ ᠳ᠋ᠦ᠍ᠷ ᠵᠸᠯᠡᠯ ᠡᠳ᠋ ᠳ᠋ᠶ᠋ᠨ ᠰᠡᠵᠢᠭᠯᠡᠵᠦ ᠲᠤᠷᠰᠢᠨ ᠮᠡᠳᠡᠰᠦᠭᠡᠢ ᠭᠡᠮᠡᠨ ᠪᠠᠢᠯᠳᠤᠷ᠎ᠠ ᠢᠷᠡᠪᠡ ᠃ ᠡᠳᠦᠭᠡ ᠪᠢᠳᠡ ᠪᠠᠢᠯᠳᠤᠬᠤ ᠪᠠᠷ ᠭᠠᠷᠬᠤ ᠦᠭᠡᠢ ᠪᠥᠭᠡᠰᠦ ᠲᠡᠳᠡ ᠤᠯᠠᠮ ᠰᠡᠵᠢᠭᠯᠡᠨ ᠲᠣᠭᠲᠠᠵᠤ ᠶᠠᠳᠠᠮᠤᠢ ᠃ ᠪᠢᠳᠡ ᠳᠠᠬᠢᠨ ᠬᠡᠳᠦᠨ ᠡᠳᠦᠷ ᠲᠡᠰᠪᠦᠷᠢᠯᠡᠨ ᠬᠦᠯᠢᠶᠡᠪᠡᠰᠦ ᠯᠠᠪ ᠨᠢᠭᠡᠨ ᠬᠤᠪᠢᠷᠠᠯ ᠭᠠᠷᠤᠮᠤᠢ ᠃ ᠲᠡᠷᠡ ᠦᠶ᠎ᠡ ᠳ᠋ᠦ᠍ᠷ ᠲᠣᠬᠢᠶᠠᠯ ᠢ᠋ ᠦᠵᠡᠵᠦ ᠵᠸᠯᠡᠯ ᠡᠳ᠋ ᠳ᠋ᠶ᠋ᠨ ᠢ᠋ ᠪᠠᠷᠢᠰᠤᠭᠠᠢ ᠭᠡᠮᠡᠨ ᠣᠯᠠᠨ ᠵᠠᠩᠵᠤᠨ ᠢ᠋ ᠪᠡᠨ ᠬᠣᠷᠢᠭᠯᠠᠵᠤ ᠵᠣᠭᠰᠣᠭᠠᠪᠠ᠃
ᠲᠡᠷᠡ ᠣᠷᠣᠢ ᠵᠸᠯᠡᠯ ᠡᠳ᠋ ᠳ᠋ᠢᠨ ᠤᠷᠮ᠎ᠠ ᠦᠭᠡᠢ ᠴᠡᠷᠢᠭ ᠢ᠋ᠶ᠋ᠡᠨ ᠬᠤᠷᠢᠶᠠᠵᠤ ᠬᠦᠷᠢᠶᠡᠨ᠎ᠡ ᠪᠤᠴᠠᠭᠰᠠᠨ ᠤ᠋ ᠬᠣᠢᠨ᠎ᠠ ᠬᠡᠳᠦᠨ ᠬᠤᠨᠳᠠᠭ᠎ᠠ ᠪᠢᠲᠡᠭᠦᠦ ᠠᠷᠢᠬᠢ ᠤᠤᠭᠤᠵᠤ᠂ ᠴᠠᠴᠠᠷ ᠤ᠋ᠨ ᠣᠯᠠᠨ ᠯᠤᠭ᠎ᠠ ᠪᠠᠨ ᠵᠥᠪᠳᠡᠪᠡᠰᠦ ᠵᠠᠷᠢᠮ ᠠᠨᠤ ᠮᠣᠩᠭᠣᠯᠴᠤᠳ ᠢ᠋ ᠭᠡᠨᠡᠳᠡᠭᠦᠯᠦᠨ ᠳᠤᠲᠠᠭᠠᠵᠤ ᠭᠠᠷᠬᠤ ᠶ᠋ᠢ ᠬᠦᠷᠬᠦ ᠦᠭᠡᠢ ᠃ ᠡᠢᠨ ᠬᠦ᠌ ᠡᠳᠦᠷ ᠬᠣᠨᠣᠭ ᠤᠳᠠᠪᠠᠰᠤ ᠠᠮᠤ ᠬᠦᠨᠡᠰᠦ ᠴᠦ᠍ ᠲᠠᠰᠤᠷᠠᠬᠤ ᠳ᠋ᠤᠷ ᠬᠦᠷᠦᠮᠦᠢ ᠭᠡᠮᠡᠨ ᠢᠳᠬᠠᠮᠤᠢ ᠃ ᠵᠸᠯᠡᠯ ᠡᠳ᠋ ᠳ᠋ᠶ᠋ᠨ ᠲᠠᠴᠢᠶᠠᠳᠠᠨ ᠰᠢᠷᠡᠭᠡ ᠠᠯᠠᠭᠠᠳᠠᠵᠤ ᠥᠭᠦᠯᠡᠷᠦᠨ : 《ᠳᠤᠲᠠᠭᠠᠬᠤ ᠶ᠋ᠢ ᠪᠢ ᠮᠠᠭᠤ ᠮᠡᠳᠡᠮᠦᠢ ᠤᠤ ᠃ ᠳᠤᠲᠠᠭᠠᠬᠤ ᠵᠠᠮ ᠣᠯᠳᠠᠬᠤ ᠦᠭᠡᠢ ᠳ᠋ᠦ᠍ᠷ ᠰᠠᠶᠢ ᠭᠠᠴᠢᠭᠳᠠᠬᠤ ᠪᠣᠯᠠᠢ ᠃ ᠦᠭᠡᠢ ᠪᠥᠭᠡᠰᠦ ᠬᠡᠳᠦᠢᠨᠡᠢ ᠶᠠᠪᠤᠭᠰᠠᠨ ᠪᠣᠢ ᠶᠠ 》 ᠬᠡᠮᠡᠬᠦᠢ ᠳ᠋ᠦ᠍ᠷ ᠴᠠᠴᠠᠷ ᠤ᠋ᠨ ᠵᠥᠪᠯᠡᠭᠴᠢ ᠥᠭᠦᠯᠡᠷᠦᠨ : 《ᠪᠢᠳᠡ ᠡᠢᠨ ᠬᠦ᠌ ᠬᠦᠯᠢᠶᠡᠨ ᠰᠠᠭᠤᠬᠤ ᠠᠨᠤ ᠰᠠᠢᠨ ᠴᠥᠭᠡᠨ ᠮᠠᠭᠤ ᠦᠯᠡᠮᠵᠢ ᠪᠣᠯᠠᠢ ᠃ ᠰᠦᠯᠳᠡ ᠲᠠ ᠡᠭᠡᠨᠡᠭᠲᠡ ᠮᠣᠩᠭᠣᠯᠴᠤᠳ ᠯᠤᠭ᠎ᠠ ᠡᠷᠡᠭᠴᠢᠨ ᠡᠮᠡᠭᠴᠢᠨ ᠢ᠋ ᠢᠯᠭᠠᠰᠤᠭᠠᠢ ᠬᠡᠮᠡᠪᠡᠰᠦ ᠦᠯᠦ ᠪᠣᠯᠬᠤ ᠲᠤᠯᠠ ᠲᠠ ᠭᠠᠪᠰᠢᠭᠠᠢ ᠡᠷᠡᠰ ᠳᠠᠭᠠᠭᠤᠯᠤᠨ ᠮᠣᠩᠭᠣᠯᠴᠤᠳ ᠤ᠋ᠨ ᠢᠷᠡᠭᠰᠡᠨ ᠵᠠᠮ ᠢ᠋ ᠡᠯᠭᠦᠵᠦ ᠠᠪᠤᠭᠠᠳ ᠵᠡᠭᠦᠨ ᠵᠦᠭ ᠳᠠᠪᠰᠢᠭᠤᠯᠤᠨ ᠣᠴᠢᠲᠤᠭᠠᠢ ᠃ ᠨᠡᠬᠡᠬᠦ ᠴᠡᠷᠢᠭ ᠦᠭᠡᠢ ᠪᠥᠭᠡᠰᠦ ᠪᠠᠷᠠᠭᠤᠨᠰᠢ ᠪᠠᠨ ᠡᠷᠭᠢᠵᠦ ᠂ ᠢᠰᠫᠠᠬᠠᠨ ᠂ ᠪᠠᠭᠲᠤᠨ ᠣᠷᠣᠪᠠᠰᠤ ᠵᠢᠭᠠᠰᠤ ᠳᠠᠯᠠᠢ ᠳ᠋ᠤᠷ ᠣᠷᠣᠭᠰᠠᠨ ᠮᠡᠲᠦ ᠪᠣᠯᠤᠮᠤᠢ ᠃ ᠪᠢᠳᠡᠨ ᠡᠵᠡᠨ ᠦ᠌ ᠲᠤᠭ ᠲᠡᠮᠳᠡᠭ ᠢ᠋ ᠬᠡᠷᠡᠭᠯᠡᠨ ᠮᠣᠩᠭᠣᠯᠴᠤᠳ ᠤ᠋ᠨ ᠴᠡᠷᠢᠭ ᠦ᠋ᠨ ᠬᠦᠷᠢᠶ᠎ᠡ ᠶ᠋ᠢ ᠳᠠᠷᠤᠷ᠎ᠠ ᠣᠴᠢᠵᠤ ᠲᠡᠳᠡᠨ ᠦ᠌ ᠠᠩᠬᠠᠷᠤᠯ ᠢ᠋ ᠲᠠᠲᠠᠰᠤᠭᠠᠢ ᠃ ᠬᠡᠷᠡᠭ ᠪᠦᠲᠦᠪᠡᠰᠦ ᠡᠵᠡᠨ ᠦ᠌ ᠠᠷᠤ ᠠ᠋ᠴᠠ ᠣᠴᠢᠮᠤᠢ ᠶᠠ ᠃ ᠬᠡᠷᠪᠡ ᠬᠡᠷᠡᠭ ᠪᠦᠲᠦᠬᠦ ᠦᠭᠡᠢ ᠪᠥᠭᠡᠰᠦ ᠶᠠᠮᠠᠷ ᠪᠣᠯᠬᠤ ᠶ᠋ᠢ ᠠᠯᠯᠠᠾ ᠲᠡᠭᠷᠢ ᠮᠡᠳᠡᠲᠦᠭᠡᠢ 》ᠬᠡᠮᠡᠪᠡ ᠃ ᠵᠸᠯᠡᠯ ᠡᠳ᠋ ᠳ᠋ᠢᠨ ᠪᠣᠳᠣᠪᠠᠰᠤ ᠮᠣᠩᠭᠣᠯᠴᠤᠳ ᠯᠠᠪ ᠵᠦᠭᠡᠷ ᠰᠠᠭᠤᠬᠤ ᠦᠭᠡᠢ ᠬᠠᠷᠢᠨ ᠶᠠᠮᠠᠷ ᠨᠢᠭᠡᠨ ᠠᠷᠭ᠎ᠠ ᠠᠪᠴᠤ ᠪᠠᠢᠬᠤ ᠠᠨᠤ ᠵᠠᠢᠯᠠᠰᠢ ᠦᠭᠡᠢ ᠃ ᠭᠠᠭᠴᠠ ᠪᠡᠶ᠎ᠡ ᠪᠡᠷ ᠴᠥᠭᠡᠨ ᠡᠷᠡᠰ ᠳᠠᠭᠠᠭᠤᠯᠤᠨ ᠶᠠᠪᠤᠬᠤ ᠠᠨᠤ ᠳᠥᠭᠥᠮ ᠪᠣᠯᠪᠠᠴᠤ ᠲᠦᠭᠰᠢᠭᠦᠷᠢᠲᠡᠢ ᠃ ᠨᠢᠭᠡᠨᠲᠡ ᠰᠡᠷᠡᠭᠳᠡᠪᠡᠰᠦ ᠪᠠᠷᠢᠭᠳᠠᠬᠤ ᠠ᠋ᠴᠠ ᠥᠭᠡᠷ᠎ᠡ ᠵᠠᠮ ᠦᠭᠡᠢ ᠪᠥᠭᠡᠳ ᠠᠷᠪᠠᠨ ᠬᠡᠳᠦᠨ ᠵᠢᠯ ᠦ᠋ᠨ ᠬᠤᠷᠠᠮᠳᠤᠭᠤᠯᠤᠭᠰᠠᠨ ᠬᠡᠳᠦᠨ ᠲᠦᠮᠡᠨ ᠦ᠌ ᠣᠯᠠᠨ ᠢ᠋ᠶ᠋ᠠᠨ ᠨᠢᠭᠡᠨ ᠰᠥᠨᠢ ᠶ᠋ᠢᠨ ᠬᠣᠭᠣᠷᠣᠨᠳᠣ ᠪᠠᠷᠰ ᠤ᠋ᠨ ᠠᠮᠠᠨ ᠳ᠋ᠤᠷ ᠣᠷᠣᠭᠤᠯᠵᠤ ᠶᠠᠭᠤ ᠴᠤ᠌ ᠦᠭᠡᠢ ᠬᠣᠭᠣᠰᠣᠨ ᠬᠣᠴᠣᠷᠬᠤ ᠠ᠋ᠴᠠ ᠬᠠᠷᠢᠨ ᠪᠦᠬᠦ ᠬᠦᠴᠦᠨ ᠢ᠋ᠶ᠋ᠡᠷ ᠮᠣᠩᠭᠣᠯ ᠤ᠋ᠨ ᠴᠡᠷᠢᠭ ᠦ᠋ᠨ ᠬᠦᠷᠢᠶ᠎ᠡ ᠶ᠋ᠢ ᠳᠠᠷᠤᠷ᠎ᠠ ᠣᠴᠢᠬᠤ ᠠᠨᠤ ᠳᠡᠭᠡᠳᠦ ᠠᠷᠭ᠎ᠠ ᠪᠣᠯᠠᠢ ᠭᠡᠮᠡᠨ ᠪᠣᠳᠣᠵᠤ ᠲᠣᠭᠲᠠᠭᠠᠳ ᠵᠠᠷᠯᠢᠭ ᠭᠠᠷᠭᠠᠨ ᠴᠡᠷᠢᠭ ᠦ᠋ᠨ ᠠᠷᠠᠳ ᠢ᠋ᠶ᠋ᠠᠷ ᠲᠦᠯᠡᠭᠡ ᠡᠪᠡᠰᠦ ᠢᠯᠡᠭᠦᠬᠡᠨ ᠪᠡᠯᠡᠳᠬᠡᠵᠦ ᠬᠡᠷᠡᠭᠯᠡᠬᠦ ᠶ᠋ᠢ ᠬᠦᠯᠢᠶᠡᠭᠲᠦᠨ ᠭᠡᠮᠡᠨ ᠪᠠᠰᠠ ᠲᠣᠰᠣ ᠬᠠᠢᠯᠤᠭᠤᠯᠤᠨ ᠪᠠᠮᠪᠠᠷ ᠤᠶᠠᠭᠤᠯᠵᠤ ᠰᠠᠭᠤᠪᠠᠢ ᠃ ᠮᠣᠩᠭᠣᠯᠴᠤᠳ ᠤ᠋ᠨ ᠰᠡᠵᠢᠭ ᠠᠪᠬᠤ ᠠ᠋ᠴᠠ ᠠᠶᠤᠨ ᠡᠳᠦᠷ ᠪᠦᠷᠢ ᠴᠡᠷᠢᠭ ᠠᠪᠴᠤ ᠢᠷᠡᠭᠡᠳ ᠪᠠᠢᠯᠳᠤᠰᠤᠭᠠᠢ ᠭᠡᠮᠡᠨ ᠥᠳᠥᠭᠡᠬᠦᠢ ᠳ᠋ᠦ᠍ᠷ ᠴᠤᠷᠮᠠᠬᠠᠨ ᠭᠡᠨᠡᠳᠲᠡ ᠨᠢᠭᠡᠨ ᠵᠦᠢᠯ ᠢ᠋ ᠰᠠᠨᠠᠭᠠᠯᠵᠠᠵᠤ ᠭᠠᠪᠰᠢᠭᠠᠢ ᠵᠠᠩᠵᠤᠨ ᠪᠠᠷᠰ ᠲᠤᠷ ᠴᠥᠭᠡᠨ ᠰᠠᠢᠨ ᠡᠷᠡᠰ ᠥᠭᠴᠦ ᠵᠸᠯᠡᠯ ᠡᠳ᠋ ᠳ᠋ᠢᠨ ᠦ᠌ ᠴᠡᠷᠢᠭ ᠬᠤᠷᠢᠶᠠᠬᠤᠢ ᠳ᠋ᠤᠷ ᠠᠷᠤ ᠠ᠋ᠴᠠ ᠳᠠᠭᠠᠭᠤᠯᠤᠨ ᠶᠠᠪᠤᠭᠤᠯᠪᠠᠢ ᠃ ᠪᠠᠷᠰ ᠵᠠᠬᠢᠭᠰᠠᠨ ᠶᠣᠰᠣᠭᠠᠷ ᠰᠠᠯᠵᠤ ᠬᠣᠴᠣᠷᠤᠭᠰᠠᠨ ᠬᠣᠶᠠᠷ ᠴᠡᠷᠢᠭ ᠢ ᠠᠮᠢᠳᠤ ᠪᠠᠷᠢᠵᠤ ᠢᠷᠡᠭᠡᠳ ᠴᠠᠴᠠᠷ ᠲᠤᠷ ᠲᠤᠰᠢᠶᠠᠪᠠ ᠃ ᠴᠤᠷᠮᠠᠬᠠᠨ ᠲᠡᠷᠡ ᠬᠣᠶᠠᠭᠤᠯᠠ ᠳ᠋ᠤᠷ ᠮᠢᠬ᠎ᠠ ᠠᠷᠢᠬᠢ ᠥᠭᠴᠦ ᠠᠰᠠᠭᠤᠪᠠᠰᠤ ᠵᠸᠯᠡᠯ ᠡᠳ᠋ ᠳ᠋ᠢᠨ ᠡᠪᠡᠰᠦ ᠲᠦᠯᠡᠭᠡ ᠬᠣᠷᠢᠶᠠᠨ ᠪᠠᠮᠪᠠᠷ ᠤᠶᠠᠭᠤᠯᠵᠤ ᠶᠠᠭᠠᠷᠠᠯᠳᠤᠮᠤᠢ ᠬᠡᠮᠡᠪᠡᠢ ᠃ ᠴᠤᠷᠮᠠᠬᠠᠨ ᠡᠭᠦᠨ ᠢ᠋ ᠰᠣᠨᠣᠰᠤᠭᠠᠳ ᠪᠠᠬᠠᠨ ᠢᠨᠢᠶᠡᠮᠰᠦᠭᠯᠡᠨ ᠬᠣᠶᠠᠷ ᠴᠡᠷᠢᠭ ᠢ᠋ ᠭᠠᠷᠭᠠᠵᠤ ᠴᠠᠴᠠᠷ ᠤ᠋ᠨ ᠣᠯᠠᠨ ᠳ᠋ᠤᠷ ᠥᠭᠦᠯᠡᠷᠦᠨ : 《ᠵᠸᠯᠡᠯ ᠡᠳ᠋ ᠳ᠋ᠢᠨ ᠮᠠᠨ ᠤ᠋ ᠴᠡᠷᠢᠭ ᠦ᠋ᠨ ᠬᠦᠷᠢᠶ᠎ᠡ ᠶ᠋ᠢ ᠳᠠᠷᠤᠰᠤᠭᠠᠢ ᠬᠡᠮᠡᠮᠦᠢ ᠶᠠ ᠃ ᠬᠢᠴᠢᠶᠡᠪᠡᠰᠦ ᠵᠣᠬᠢᠮᠤᠢ 》 ᠭᠡᠮᠡᠨ ᠴᠠᠴᠠᠷ ᠤ᠋ᠨ ᠠᠷᠠᠳ ᠢ ᠳᠠᠭᠤᠳᠠᠨ ᠠᠰᠠᠭᠤᠪᠠᠰᠤ ᠤᠮᠠᠶᠠ ᠰᠠᠯᠬᠢᠨ ᠮᠠᠰᠢ ᠬᠦᠴᠦ ᠲᠡᠢ ᠬᠡᠮᠡᠬᠦ ᠶ᠋ᠢ ᠰᠣᠨᠣᠰᠤᠭᠠᠳ ᠶᠡᠬᠡᠳᠡ ᠰᠣᠴᠢᠵᠤ ᠨᠢᠭᠡᠨᠲᠡ ᠨᠠᠷᠠ ᠰᠢᠩᠭᠡᠬᠦ ᠴᠠᠭ ᠪᠣᠯᠤᠭᠰᠠᠨ ᠲᠤᠯᠠ ᠡᠰᠡ ᠲᠦᠷᠭᠡᠯᠡᠪᠡᠰᠦ ᠪᠣᠯᠬᠤ ᠦᠭᠡᠢ ᠭᠡᠮᠡᠨ ᠳᠣᠬᠢᠶ᠎ᠠ ᠲᠠᠯᠪᠢᠵᠤ ᠵᠠᠩᠵᠤᠨ ᠴᠡᠷᠢᠭ ᠢ᠋ᠶ᠋ᠡᠨ ᠴᠤᠭᠯᠠᠭᠤᠯᠤᠨ ᠵᠢᠭᠰᠠᠭᠠᠵᠤ ᠶᠡᠬᠡ ᠵᠠᠩᠵᠤᠨ ᠲᠦᠮᠡᠨ ᠦ᠌ ᠨᠣᠶᠠᠨ ᠣᠭᠣᠲᠣᠷ ᠢ᠋ ᠳᠠᠭᠤᠳᠠᠵᠤ ᠰᠤᠷᠭᠠᠨ ᠥᠭᠦᠯᠡᠷᠦᠨ ᠄ 《ᠡᠨᠡ ᠰᠥᠨᠢ ᠵᠸᠯᠡᠯ ᠡᠳ᠋ ᠳ᠋ᠢᠨ ᠮᠠᠨ ᠤ᠋ ᠴᠡᠷᠢᠭ ᠦ᠋ᠨ ᠬᠦᠷᠢᠶ᠎ᠡ ᠶ᠋ᠢ ᠳᠠᠷᠤᠷ᠎ᠠ ᠢᠷᠡᠮᠦᠢ ᠃ ᠲᠠ ᠲᠦᠮᠡᠨ ᠢ᠋ᠶ᠋ᠡᠨ ᠠᠪᠴᠤ ᠲᠡᠭᠦᠨ ᠤ ᠵᠠᠮ ᠳ᠋ᠤᠷ ᠪᠦᠭᠭᠦᠵᠦ ᠲᠡᠭᠦᠨ ᠦ᠌ ᠴᠡᠷᠢᠭ ᠬᠦᠷᠴᠦ ᠢᠷᠠᠪᠠᠰᠤ ᠪᠠᠢᠯᠳᠤᠬᠤ ᠦᠭᠡᠢ ᠪᠡᠷ ᠲᠠᠯᠪᠢᠵᠤ ᠭᠠᠷᠭᠠᠨ ᠪᠤᠴᠠᠬᠤ ᠵᠠᠮ ᠢ᠋ ᠪᠦᠭᠭᠦᠵᠦ ᠭᠠᠯ ᠲᠠᠯᠪᠢᠨ ᠰᠦᠷ ᠦᠵᠡᠭᠦᠯᠵᠦ ᠲᠡᠭᠦᠨ ᠦ᠌ ᠪᠤᠴᠠᠬᠤ ᠭᠣᠷᠢᠳᠠᠯ ᠢ᠋ ᠲᠠᠰᠤᠯᠠᠭᠲᠤᠨ 》ᠬᠡᠮᠡᠪᠡᠰᠦ ᠲᠣᠭᠣᠨ ᠨᠣᠶᠠᠨ ᠄ 《ᠶᠠᠭᠤᠨ ᠢ᠋ᠶ᠋ᠠᠷ ᠵᠸᠯᠡᠯ ᠡᠳ᠋ ᠳ᠋ᠢᠨ ᠮᠠᠨ ᠤ᠋ ᠴᠡᠷᠢᠭ ᠦ᠋ᠨ ᠬᠦᠷᠢᠶ᠎ᠡ ᠶ᠋ᠢ ᠡᠨᠡ ᠰᠥᠨᠢ ᠳᠠᠷᠤᠷ᠎ᠠ ᠢᠷᠡᠬᠦ ᠶ᠋ᠢ ᠮᠡᠳᠡᠪᠡ 》ᠭᠡᠮᠡᠨ ᠠᠰᠠᠭᠤᠪᠠᠰᠤ ᠴᠤᠷᠮᠠᠬᠠᠨ :《ᠳᠠᠢᠰᠤᠨ ᠪᠡᠯᠡᠳᠬᠡᠵᠦ ᠤᠳᠠᠪᠠ ᠃ ᠭᠠᠭᠴᠠ ᠰᠠᠯᠬᠢᠨ ᠬᠦᠯᠢᠶᠡᠭᠰᠡᠨ ᠪᠣᠯᠠᠢ ᠂ ᠡᠨᠡ ᠰᠥᠨᠢ ᠶ᠋ᠢᠨ ᠮᠡᠲᠦ ᠰᠠᠯᠬᠢᠨ ᠲᠡᠭᠦᠨ ᠳ᠋ᠦ᠍ᠷ ᠣᠯᠠᠨ ᠲᠣᠬᠢᠶᠠᠯᠳᠤᠮᠤᠢ ᠤᠤ 》ᠬᠡᠮᠡᠭᠡᠳ ᠂ ᠪᠠᠰᠠ ᠥᠭᠦᠯᠡᠷᠦᠨ :《 ᠵᠸᠯᠡᠯ ᠡᠳ᠋ ᠳ᠋ᠢᠨ ᠬᠡᠷᠪᠡ ᠵᠡᠪᠡ ᠶ᠋ᠢᠨ ᠠᠮᠠ ᠪᠠᠷ ᠣᠷᠣᠪᠠᠰᠤ ᠲᠠᠭᠠᠯᠴᠠᠨ ᠣᠴᠢᠵᠤ ᠵᠡᠪᠡ ᠶ᠋ᠢᠨ ᠠᠮᠠ ᠶ᠋ᠢ ᠮᠣᠳᠣ ᠴᠢᠯᠠᠭᠤ ᠣᠪᠣᠭᠠᠯᠠᠨ ᠪᠥᠭᠯᠡᠵᠦ ᠲᠠᠯᠪᠢᠭᠠᠳ ᠭᠤᠷᠪᠠᠨ ᠵᠡᠷᠭᠡ ᠲᠡᠮᠳᠡᠭ ᠫᠤᠤ ᠲᠠᠯᠪᠢᠭᠲᠤᠨ ᠮᠢᠨᠦ ᠪᠣᠳᠣᠭᠰᠠᠨ ᠭᠠᠵᠠᠷ ᠪᠣᠢ 》ᠭᠡᠮᠡᠨ ᠶᠠᠪᠤᠭᠤᠯᠤᠭᠠᠳ ᠵᠠᠭᠤᠨ ᠤ᠋ ᠨᠣᠶᠠᠨ ᠬᠠᠷ᠎ᠠ ᠪᠦᠷᠭᠦᠳ ᠢ᠋ ᠳᠠᠭᠤᠳᠠᠵᠤ ᠰᠤᠷᠭᠠᠨ ᠥᠭᠦᠯᠡᠷᠦᠨ :《ᠡᠨᠳᠡ ᠡᠴᠡ ᠵᠡᠭᠦᠨ ᠡᠮᠦᠨᠡᠲᠦ ᠠᠷᠪᠠᠨ ᠲᠠᠪᠤᠨ ᠭᠠᠵᠠᠷ ᠵᠠᠢᠲᠠᠢ ᠨᠢᠭᠡᠨ ᠠᠭᠤᠯᠠ ᠶ᠋ᠢᠨ ᠵᠡᠪᠡ ᠪᠣᠢ ᠃ ᠲᠠ ᠵᠠᠭᠤᠨ ᠢ᠋ᠶ᠋ᠠᠨ ᠠᠪᠴᠤ ᠵᠡᠪᠡ ᠶ᠋ᠢᠨ ᠠᠮᠠᠨ ᠳ᠋ᠤᠷ ᠬᠡᠳᠦᠨ ᠣᠪᠣᠭ᠎ᠠ ᠲᠦᠯᠡᠭᠡ ᠮᠣᠳᠣ ᠬᠣᠷᠢᠶᠠᠨ ᠬᠤᠯᠤᠭᠠᠨ᠎ᠠ ᠴᠠᠭ ᠤ᠋ᠨ ᠰᠡᠭᠦᠯᠴᠢ ᠪᠡᠷ ᠭᠠᠯ ᠭᠡᠭᠡ ᠭᠠᠷᠭᠠᠵᠤ ᠰᠠᠭᠤ ᠃ ᠳᠠᠢᠰᠤᠨ ᠤ᠋ ᠴᠡᠷᠢᠭ ᠣᠢᠷᠠᠲᠤᠵᠤ ᠢᠷᠡᠪᠡᠰᠦ ᠵᠡᠪᠡ ᠶ᠋ᠢᠨ ᠠᠮᠠ ᠪᠠᠷ ᠣᠷᠣᠵᠤ ᠶᠠᠪᠤᠭᠲᠤᠨ ᠂ ᠰᠠᠭᠠᠲᠠᠵᠤ ᠪᠣᠯᠬᠤ ᠦᠭᠡᠢ 》ᠭᠡᠮᠡᠨ ᠶᠠᠪᠤᠭᠤᠯᠪᠠ ᠃ ᠪᠠᠰᠠ ᠲᠦᠮᠡᠨ ᠦ᠌ ᠨᠣᠶᠠᠨ ᠶᠢᠰᠦᠨᠲᠡᠷ ᠂ ᠰᠢᠳᠤᠷᠭᠤ ᠶ᠋ᠢ ᠳᠠᠭᠤᠳᠠᠵᠤ ᠲᠤᠰ ᠲᠤᠰ ᠨᠠᠢ᠍ᠮᠠᠨ ᠮᠢᠩᠭᠠᠨ ᠴᠡᠷᠢᠭ ᠥᠭᠴᠦ ᠠᠭᠤᠯᠠᠨ ᠵᠡᠪᠡ ᠶ᠋ᠢᠨ ᠬᠣᠶᠠᠷ ᠬᠠᠵᠠᠭᠤ ᠪᠠᠷ ᠪᠦᠭᠭᠦᠭᠦᠯᠵᠦ ᠮᠣᠳᠣ ᠴᠢᠯᠠᠭᠤ ᠣᠪᠣᠭᠠᠯᠠᠨ ᠵᠸᠯᠡᠯ ᠡᠳ᠋ ᠳ᠋ᠢᠨ ᠦ᠌ ᠣᠯᠠᠨ ᠠᠭᠤᠯᠠ ᠥᠭᠡᠳᠡ ᠮᠠᠴᠤᠪᠠᠰᠤ ᠪᠠᠭᠤᠯᠭᠠᠬᠤ ᠪᠠᠷ ᠪᠡᠯᠡᠳᠭᠡ ᠭᠡᠮᠡᠨ ᠶᠠᠪᠤᠭᠤᠯᠤᠭᠠᠳ ᠥᠪᠡᠷ ᠦ᠋ᠨ ᠪᠡᠶ᠎ᠡ ᠪᠡᠷ ᠭᠤᠷᠪᠠᠨ ᠮᠢᠩᠭᠠᠨ ᠴᠡᠷᠢᠭ ᠠᠪᠴᠤ ᠵᠡᠪᠡ ᠶ᠋ᠢᠨ ᠠᠮᠠ ᠪᠠᠷ ᠣᠷᠣᠵᠤ ᠣᠴᠢᠪᠠᠢ᠃
ᠣᠯᠠᠨ ᠴᠥᠮ ᠭᠠᠢᠬᠠᠵᠤ : ᠵᠡᠪᠡ ᠶ᠋ᠢᠨ ᠠᠮᠠ ᠳ᠋ᠤᠷ ᠭᠠᠯ ᠭᠡᠷᠡᠯ ᠲᠡᠢ ᠪᠥᠭᠡᠰᠦ ᠵᠸᠯᠡᠯ ᠡᠳ᠋ ᠳ᠋ᠢᠨ ᠵᠠᠢᠯᠠᠵᠤ ᠣᠴᠢᠬᠤ ᠪᠥᠭᠡᠲᠡᠯ᠎ᠡ ᠵᠡᠪᠡ ᠳ᠋ᠦ᠍ᠷ ᠴᠡᠷᠢᠭ ᠪᠦᠭᠭᠦᠬᠦ ᠢᠨᠤ ᠢᠯᠡᠭᠦᠴᠡ ᠪᠤᠰᠤ ᠤᠤ ? ᠵᠸᠯᠡᠯ ᠡᠳ᠋ ᠳ᠋ᠢᠨ ᠦ᠌ ᠪᠠᠭᠠᠲᠤᠷ ᠰᠦᠷ ᠡᠴᠡ ᠴᠤᠷᠮᠠᠬᠠᠨ ᠠᠶᠤᠨ ᠵᠠᠢᠯᠠᠬᠤ ᠠᠷᠭ᠎ᠠ ᠮᠠᠭᠠᠳ ᠭᠡᠮᠡᠨ ᠵᠠᠷᠢᠮ ᠬᠥᠮᠦᠰ ᠦᠭᠦᠯᠡᠯᠳᠦᠮᠦᠢ ᠃ ᠭᠡᠪᠡᠴᠦ ᠵᠠᠩᠵᠤᠨ ᠤ᠋ ᠵᠠᠷᠯᠢᠭ ᠠ᠋ᠴᠠ ᠵᠥᠷᠢᠴᠡᠪᠡᠰᠦ ᠶᠠᠯ᠎ᠠ ᠣᠯᠬᠤ ᠲᠤᠯᠠ ᠴᠥᠮ ᠲᠤᠰᠢᠶᠠᠯ ᠳ᠋ᠠᠭᠠᠨ ᠶᠠᠪᠤᠪᠠ ᠃
ᠥᠭᠦᠯᠡᠬᠦ ᠢᠨᠣ ᠂ ᠵᠸᠯᠡᠯ ᠡᠳ᠋ ᠳ᠋ᠢᠨ ᠲᠡᠷᠡ ᠡᠳᠦᠷ ᠪᠤᠴᠠᠵᠤ ᠢᠷᠡᠭᠡᠳ ᠬᠦᠷᠢᠶ᠎ᠡ ᠳᠠᠷᠤᠬᠤ ᠪᠡᠯᠡᠳᠬᠡᠯ ᠢ᠋ᠶ᠋ᠡᠨ ᠪᠠᠢᠴᠠᠭᠠᠨ ᠦᠵᠡᠵᠦ ᠪᠦᠬᠦᠢ ᠳ᠋ᠦ᠍ᠷ ᠬᠦᠷᠢᠶᠡᠨ ᠦ᠌ ᠲᠤᠭ ᠳᠠᠯᠪᠠᠭ᠎ᠠ ᠴᠥᠮ ᠵᠡᠭᠦᠨ ᠡᠮᠦᠨ᠎ᠡ ᠵᠦᠭ ᠬᠡᠢᠰᠦᠨ ᠳᠠᠷᠪᠠᠯᠵᠠᠮᠤᠢ ᠃ ᠪᠥᠭᠡᠮ ᠪᠥᠭᠡᠮ ᠬᠠᠷ᠎ᠠ ᠡᠭᠦᠯᠡ ᠨᠡᠭᠦᠵᠦ ᠰᠠᠯᠬᠢᠨ ᠮᠠᠰᠢ ᠬᠦᠴᠦᠲᠡᠢ ᠃ ᠵᠦᠭ ᠴᠢᠭ ᠴᠦ᠍ ᠲᠣᠬᠢᠷᠠᠬᠤ ᠲᠤᠯᠠ ᠠᠯᠯᠠᠾ ᠲᠡᠭᠷᠢ ᠥᠷᠥᠰᠢᠶᠡᠪᠡᠢ ᠭᠡᠮᠡᠨ ᠵᠠᠷᠯᠢᠭ ᠪᠣᠯᠵᠤ ᠬᠥᠮᠦᠨ ᠪᠦᠷᠢ ᠭᠠᠯ ᠪᠠᠮᠪᠠᠷ ᠳᠥᠷᠪᠡ ᠂ ᠲᠦᠯᠡᠭᠡ ᠨᠢᠭᠡ ᠪᠣᠭᠣᠯᠲᠠ ᠂ ᠭᠤᠷᠪᠠᠨ ᠬᠣᠨᠣᠭ ᠤ᠋ᠨ ᠬᠦᠨᠡᠰᠦ ᠠᠪᠴᠤ ᠭᠠᠬᠠᠢ ᠴᠠᠭ ᠲᠤᠷ ᠪᠤᠳᠠᠭᠠᠯᠠᠨ ᠬᠤᠯᠤᠭᠠᠨ᠎ᠠ ᠴᠠᠭ ᠲᠤᠷ ᠮᠣᠷᠳᠠᠵᠤ ᠦᠬᠡᠷ ᠴᠠᠭ ᠤ᠋ᠨ ᠡᠬᠢ ᠪᠡᠷ ᠮᠣᠩᠭᠣᠯ ᠤ᠋ᠨ ᠴᠡᠷᠢᠭ ᠦ᠋ᠨ ᠬᠦᠷᠢᠶᠡᠨ ᠳ᠋ᠦ᠍ᠷ ᠬᠦᠷᠴᠦ ᠲᠡᠮᠳᠡᠭ ᠫᠤᠤ ᠶ᠋ᠢᠨ ᠳᠠᠭᠤᠨ ᠢ᠋ᠶ᠋ᠠᠷ ᠵᠡᠷᠭᠡᠪᠡᠷ ᠭᠠᠯ ᠲᠠᠯᠪᠢᠨ ᠳᠠᠷᠤᠨ ᠣᠷᠣ ᠭᠡᠮᠡᠨ ᠴᠡᠷᠢᠭ ᠦ᠋ᠨ ᠬᠦᠷᠢᠶᠡᠨ᠎ᠡ ᠡᠳᠦᠷ ᠪᠠᠢᠯᠳᠤᠬᠤ ᠪᠠᠷ ᠭᠠᠷᠤᠭᠰᠠᠨ ᠭᠤᠷᠪᠠᠨ ᠮᠢᠩᠭᠠᠨ ᠴᠡᠷᠢᠭ ᠬᠣᠴᠣᠷᠭᠠᠵᠤ ᠰᠠᠬᠢᠬᠤ ᠪᠠᠷ ᠪᠣᠯᠪᠠ᠃
ᠵᠸᠯᠡᠯ ᠡᠳ᠋ ᠳ᠋ᠢᠨ ᠥᠪᠡᠷᠦᠨ ᠠᠷᠭ᠎ᠠ ᠪᠠᠨ ᠪᠤᠷᠬᠠᠨ ᠰᠠᠬᠢᠭᠤᠯᠰᠤᠨ ᠤ᠋ ᠰᠠᠨᠠᠭᠠᠨ ᠳ᠋ᠤᠷ ᠦᠭᠡᠢ ᠭᠡᠮᠡᠨ ᠬᠥᠮᠦᠨ ᠳ᠋ᠦ᠍ᠷ ᠮᠣᠳᠣ ᠡᠮᠬᠦᠭᠦᠯᠦᠨ ᠮᠣᠷᠢᠨ ᠤ᠋ ᠬᠤᠩᠬ᠎ᠠ ᠶ᠋ᠢ ᠠᠪᠴᠤ ᠭᠤᠷᠪᠠᠨ ᠵᠠᠮ ᠢ᠋ᠶ᠋ᠠᠷ ᠱᠣᠭᠰᠢᠭᠤᠯᠤᠨ ᠶᠠᠪᠤᠭᠰᠠᠭᠠᠷ ᠬᠤᠯᠤᠭᠠᠨ᠎ᠠ ᠴᠠᠭ ᠤ᠋ᠨ ᠰᠡᠭᠦᠯᠴᠢ ᠪᠡᠷ ᠬᠦᠷᠴᠦ ᠢᠷᠡᠭᠡᠳ ᠦᠵᠡᠪᠡᠰᠦ ᠴᠠᠴᠠᠷ ᠮᠠᠢᠬᠠᠨ ᠵᠤᠤᠬ᠎ᠠ ᠲᠤᠯᠭ᠎ᠠ ᠶ᠋ᠢᠨ ᠣᠷᠣ ᠶ᠋ᠢᠨ ᠲᠡᠳᠦᠢᠯᠡ ᠬᠣᠴᠣᠷᠴᠤ ᠮᠣᠩᠭᠣᠯᠴᠤᠳ ᠣᠷᠣ ᠮᠥᠷ ᠦᠭᠡᠢ ᠪᠣᠯᠪᠠ ᠃ ᠵᠸᠯᠡᠯ ᠡᠳ᠋ ᠳ᠋ᠢᠨ ᠶᠡᠬᠡᠳᠡᠨ ᠬᠢᠷᠳ᠋ᠬᠢᠨ ᠲᠦᠷᠭᠡᠨ ᠪᠤᠴᠠᠭᠲᠤᠨ ᠭᠡᠮᠡᠨ ᠵᠠᠷᠯᠢᠭ ᠪᠣᠯᠲᠠᠯ᠎ᠠ ᠠᠷᠤ ᠳ᠋ᠤᠷ ᠭᠠᠯ ᠭᠡᠷᠡᠯ ᠶᠡᠬᠡᠳᠡ ᠮᠠᠨᠳᠤᠵᠤ ᠬᠥᠮᠦᠨ ᠮᠣᠷᠢ ᠶ᠋ᠢᠨ ᠱᠤᠤᠭᠢᠶᠠᠨ ᠮᠥᠷᠡᠨ ᠳᠠᠯᠠᠢ ᠴᠠᠯᠭᠢᠯᠠᠬᠤ ᠮᠡᠲᠦ ᠣᠢᠷᠠᠲᠤᠵᠤ ᠢᠷᠡᠮᠦᠢ᠂ ᠪᠤᠴᠬᠤ ᠵᠠᠮ ᠨᠢᠭᠡᠨᠲᠡ ᠲᠠᠰᠤᠷᠠᠭᠰᠠᠨ ᠲᠤᠯᠠ ᠡᠮᠦᠨᠡᠰᠢ ᠪᠡᠨ ᠭᠠᠷᠰᠤᠭᠠᠢ ᠬᠡᠮᠡᠪᠡᠰᠦ ᠮᠣᠩᠭᠣᠯᠴᠤᠳ ᠬᠡᠳᠦᠢᠨᠡᠢ ᠬᠠᠪᠴᠢᠯ ᠪᠣᠭᠣᠮᠲᠠ ᠶ᠋ᠢ ᠡᠵᠡᠯᠡᠨ ᠰᠠᠬᠢᠵᠤ ᠰᠠᠭᠤᠭᠰᠠᠨ ᠲᠤᠯᠠ ᠦᠯᠦ ᠪᠣᠯᠬᠤ ᠶ᠋ᠢ ᠮᠡᠳᠡᠵᠦ ᠤᠮᠠᠷ᠎ᠠ ᠵᠦᠭ ᠲᠦ᠍ᠷ ᠵᠡᠷᠯᠢᠭ ᠲᠠᠯ᠎ᠠ ᠡᠵᠡᠭᠦᠷ ᠠᠭᠤᠯᠠ ᠲᠤᠯᠠ ᠬᠥᠯ ᠲᠣᠭᠲᠠᠬᠤ ᠭᠠᠵᠠᠷ ᠦᠭᠡᠢ ᠭᠡᠮᠡᠨ ᠭᠠᠷᠬᠤ ᠵᠦᠭ ᠢ᠋ᠶ᠋ᠡᠨ ᠣᠯᠬᠤ ᠦᠭᠡᠢ ᠭᠠᠴᠢᠭᠳᠠᠨ ᠲᠠᠲᠠᠭᠠᠯᠵᠠᠵᠤ ᠪᠠᠢᠲᠠᠯ᠎ᠠ ᠵᠡᠭᠦᠨ ᠡᠮᠦᠨ᠎ᠡ ᠳ᠋ᠦ᠍ᠷ ᠭᠠᠯ ᠭᠡᠷᠡᠯ ᠭᠠᠷᠴᠤ ᠴᠡᠷᠢᠭ ᠮᠣᠷᠢ ᠪᠠᠢᠬᠤ ᠮᠡᠲᠦ᠃ ᠬᠥᠮᠦᠨ ᠶᠠᠪᠤᠭᠤᠯᠵᠤ ᠲᠤᠷᠰᠢᠭᠤᠯᠪᠠᠰᠤ ᠵᠡᠪᠡ ᠶ᠋ᠢᠨ ᠠᠮᠠᠨ ᠳ᠋ᠤᠷ ᠴᠥᠭᠡᠨ ᠮᠣᠩᠭᠣᠯᠴᠤᠳ ᠬᠡᠳᠦᠨ ᠣᠪᠣᠭ᠎ᠠ ᠲᠦᠯᠡᠭᠡ ᠣᠪᠣᠭᠠᠯᠠᠨ ᠭᠠᠯ ᠥᠷᠳᠡᠵᠦ ᠰᠠᠭᠤᠮᠤᠢ ᠭᠡᠮᠡᠨ ᠮᠡᠳᠡᠭᠦᠯᠦᠭᠰᠡᠨ ᠳ᠋ᠦ᠍ᠷ ᠵᠸᠯᠡᠯ ᠡᠳ᠋ ᠳ᠋ᠢᠨ ᠶᠡᠬᠡᠳᠡ ᠢᠨᠢᠶᠡᠨ ᠥᠭᠦᠯᠡᠷᠦᠨ : 《ᠡᠨᠡ ᠢᠨᠣ ᠪᠠᠭ᠎ᠠ ᠬᠡᠦᠬᠡᠳ ᠢ᠋ ᠬᠠᠭᠤᠷᠬᠤ ᠠᠷᠭ᠎ᠠ ᠪᠣᠯᠠᠢ ᠃ ᠲᠡᠷᠡ ᠭᠠᠯ ᠭᠡᠷᠡᠯ ᠦᠭᠡᠢ ᠪᠥᠭᠡᠰᠦ ᠪᠢ ᠬᠠᠷᠢᠨ ᠲᠠᠲᠠᠭᠠᠯᠵᠠᠬᠤ ᠪᠥᠯᠥᠭᠡ ᠃ ᠴᠤᠷᠮᠠᠬᠠᠨ ᠤ᠋ ᠴᠥᠭᠡᠨ ᠴᠡᠷᠢᠭ ᠬᠡᠷᠬᠢᠨ ᠵᠠᠮ ᠪᠦᠬᠦᠨ ᠢ᠋ ᠰᠠᠬᠢᠵᠤ ᠴᠢᠳᠠᠬᠤ ᠠᠵᠢ ᠃ ᠠᠷᠭ᠎ᠠ ᠦᠭᠡᠢ ᠰᠡᠵᠢᠭᠯᠡᠭᠦᠯᠬᠦ ᠴᠡᠷᠢᠭ ᠬᠡᠷᠡᠭᠯᠡᠭᠰᠡᠨ ᠢᠨᠣ ᠡᠨᠡ ᠪᠣᠯᠠᠢ 》ᠭᠡᠮᠡᠨ ᠴᠡᠷᠢᠭ ᠢ᠋ᠶ᠋ᠡᠨ ᠳᠠᠭᠠᠭᠤᠯᠤᠨ ᠵᠡᠪᠡ ᠶ᠋ᠢᠨ ᠠᠮᠠ ᠪᠠᠷ ᠠᠵᠢᠭ ᠦᠭᠡᠢ ᠣᠷᠣᠵᠤ ᠣᠴᠢᠪᠠ ᠃ ᠲᠡᠷᠡ ᠴᠥᠭᠡᠨ ᠮᠣᠩᠭᠣᠯᠴᠤᠳ ᠪᠠᠷᠠᠭᠤᠨ ᠡᠮᠦᠨ᠎ᠡ ᠵᠦᠭ ᠰᠠᠷᠨᠢᠨ ᠪᠤᠷᠤᠭᠤᠯᠠᠪᠠ ᠃ ᠵᠥᠪᠯᠡᠭᠴᠢ ᠢᠨᠣ : 《ᠵᠡᠪᠡ ᠳ᠋ᠦ᠍ᠷ ᠣᠷᠣᠵᠤ ᠦᠯᠦ ᠪᠣᠯᠤᠮᠤᠢ 》ᠭᠡᠮᠡᠨ ᠬᠣᠷᠢᠭᠯᠠᠪᠠᠰᠤ ᠵᠸᠯᠡᠯ ᠡᠳ᠋ ᠳ᠋ᠢᠨ ᠶᠡᠬᠡᠳᠡ ᠢᠨᠢᠶᠡᠨ ᠥᠭᠦᠯᠡᠷᠦᠨ :《ᠴᠤᠷᠮᠠᠬᠠᠨ ᠴᠢ ᠪᠤᠰᠤᠳ ᠢ᠋ ᠮᠡᠬᠡᠯᠡᠵᠦ ᠴᠢᠳᠠᠮᠤᠢ ᠶᠠ᠂ ᠨᠠᠮᠠᠶ᠋ᠢ ᠬᠡᠷᠬᠢᠨ ᠴᠢᠳᠠᠮᠤᠢ 》ᠭᠡᠮᠡᠨ ᠬᠥᠮᠦᠨ ᠪᠦᠷᠢ ᠳ᠋ᠦ᠍ᠷ ᠴᠥᠮ ᠪᠠᠮᠪᠠᠷ ᠪᠠᠷᠢᠭᠤᠯᠵᠤ ᠵᠡᠪᠡ ᠶ᠋ᠢ ᠳᠠᠭᠠᠵᠤ ᠶᠠᠪᠤᠬᠤ ᠲᠤᠯᠠ ᠦᠨᠡᠬᠡᠷ ᠭᠠᠯ ᠯᠤᠤ ᠭᠦᠷᠪᠡᠯᠵᠡᠬᠦ ᠮᠡᠲᠦ ᠬᠠᠷᠠᠭᠳᠠᠮᠤᠢ ᠃ ᠳᠥᠷᠪᠡᠨ ᠵᠦᠭ ᠲᠦ᠍ᠷ ᠣᠭᠲᠣ ᠴᠢᠮᠡᠭᠡ ᠨᠠᠢᠷ ᠦᠭᠡᠢ ᠂ ᠭᠠᠭᠴᠠ ᠲᠡᠷᠡ ᠵᠠᠭᠤᠭᠠᠳ ᠮᠣᠷᠢᠲᠠᠨ ᠤ᠋ ᠬᠣᠯᠠᠳᠠᠬᠤ ᠴᠢᠮᠡᠭᠡ ᠰᠣᠨᠣᠰᠳᠠᠮᠤᠢ ᠃ ᠵᠸᠯᠡᠯ ᠡᠳ᠋ ᠳ᠋ᠢᠨ ᠦ᠌ ᠣᠯᠠᠨ ᠲᠦᠷᠭᠡᠯᠡᠨ ᠶᠠᠪᠤᠭᠰᠠᠭᠠᠷ ᠦᠷ ᠴᠠᠢᠬᠤ ᠦᠶᠡᠰ ᠦᠵᠡᠪᠡᠰᠦ ᠵᠡᠪᠡ ᠶ᠋ᠢᠨ ᠵᠠᠮ ᠶᠠᠪᠤᠬᠤ ᠳᠣᠳᠣᠮ ᠢᠪᠴᠣᠭᠠᠷᠠᠵᠤ ᠴᠢᠨᠠᠭᠰᠢᠳᠠ ᠠᠴᠢᠶ᠎ᠠ ᠬᠥᠰᠬᠡ ᠵᠡᠷᠭᠡᠴᠡᠵᠦ ᠪᠣᠯᠬᠤ ᠦᠭᠡᠢ ᠪᠣᠯᠤᠭᠰᠠᠨ ᠳ᠋ᠤᠷ ᠰᠠᠶᠢ ᠪᠠᠬᠠᠨ ᠰᠡᠵᠢᠭᠯᠡᠵᠦ ᠬᠥᠮᠦᠨ ᠶᠠᠪᠤᠭᠤᠯᠤᠨ ᠵᠠᠮ ᠦᠵᠡᠭᠦᠯᠪᠡᠰᠦ ᠶᠠᠪᠤᠬᠤ ᠳᠣᠳᠣᠮ ᠢᠪᠴᠤᠤ ᠪᠣᠯᠤᠮᠤᠢ ᠬᠡᠮᠡᠭᠰᠡᠨ ᠲᠤᠯᠠ ᠥᠭᠡᠷ᠎ᠡ ᠵᠠᠮ ᠡᠷᠢᠨ ᠭᠠᠷᠰᠤᠭᠠᠢ ᠭᠡᠮᠡᠨ ᠥᠭᠦᠯᠡᠲᠡᠯᠡ ᠠᠷᠤ ᠠ᠋ᠴᠠ ᠫᠤᠤ ᠶ᠋ᠢᠨ ᠳᠠᠭᠤᠨ ᠠᠭᠤᠯᠠ ᠨᠤᠷᠠᠵᠤ ᠤᠰᠤ ᠴᠠᠯᠭᠢᠬᠤ ᠮᠡᠲᠦ ᠭᠠᠷᠤᠮᠠᠭᠴᠠ ᠵᠡᠪᠡ ᠶ᠋ᠢᠨ ᠬᠣᠶᠠᠷ ᠬᠠᠵᠠᠭᠤ ᠶ᠋ᠢᠨ ᠥᠨᠳᠥᠷ ᠲᠣᠷ ᠭᠡᠨᠡᠳᠲᠡ ᠲᠤᠭ ᠬᠢᠭᠢᠷᠢ ᠴᠤᠬᠣᠢᠯᠵᠠᠨ ᠬᠥᠮᠦᠨ ᠮᠣᠷᠢ ᠵᠡᠷᠭᠡ ᠪᠡᠷ ᠢᠯᠡᠷᠡᠨ ᠭᠠᠷᠴᠤ ᠢᠷᠡᠪᠡ᠃ ᠵᠸᠯᠡᠯ ᠡᠳ᠋ ᠳ᠋ᠢᠨ ᠶᠡᠬᠡᠳᠡ ᠭᠡᠯᠮᠡᠵᠦ ᠦᠵᠡᠪᠡᠰᠦ ᠡᠰᠡᠷᠭᠦ ᠲᠠᠯ᠎ᠠ ᠶ᠋ᠢᠨ ᠥᠨᠳᠥᠷ ᠬᠠᠳᠠᠨ ᠳ᠋ᠤᠷ ᠴᠤᠷᠮᠠᠬᠠᠨ ᠴᠠᠴᠠᠷ ᠤ᠋ᠨ ᠣᠯᠠᠨ ᠢ᠋ᠶ᠋ᠠᠨ ᠳᠠᠭᠠᠭᠤᠯᠤᠨ ᠮᠣᠷᠢᠨ ᠵᠢᠯᠣᠭᠣ ᠲᠠᠲᠠᠵᠤ ᠵᠣᠭᠰᠣᠮᠤᠢ ᠃ ᠪᠡᠶ᠎ᠡ ᠥᠨᠳᠥᠷ᠂ ᠰᠠᠬᠠᠯ ᠤᠷᠲᠤ ᠂ ᠴᠢᠷᠠᠢ ᠴᠠᠭᠠᠪᠲᠤᠷ ᠂ ᠵᠡᠭᠡᠷᠳᠡ ᠮᠣᠷᠢ ᠤᠨᠤᠵᠤ ᠰᠢᠯᠤᠭᠤᠨ ᠤᠷᠲᠤ ᠵᠢᠳᠠ ᠪᠠᠷᠢᠵᠤᠬᠤᠢ᠃ ᠪᠡᠶ᠎ᠡ ᠳ᠋ᠦ᠍ᠷ ᠭᠠᠩ ᠬᠤᠶᠠᠭ ᠳᠤᠭᠤᠯᠠᠭ᠎ᠠ ᠬᠡᠳᠦᠷᠴᠦ ᠂ ᠠᠯᠲᠠᠨ ᠲᠣᠯᠢ ᠪᠠᠷ ᠠᠷᠤ ᠥᠪᠥᠷ ᠢ᠋ᠶ᠋ᠡᠨ ᠬᠠᠮᠠᠭᠠᠯᠠᠵᠤᠬᠤᠢ ᠃ ᠦᠨᠡᠬᠡᠷ ᠪᠠᠭᠠᠲᠤᠷ ᠡᠷᠳᠡᠮ ᠬᠣᠣᠰᠯᠠᠨ ᠰᠦᠷ ᠭᠡᠷᠡᠯ ᠬᠥᠮᠦᠨ ᠢ᠋ ᠭᠢᠯᠠᠰᠤᠭᠠᠮᠤᠢ᠃
ᠵᠧᠯᠡᠯ ᠡᠳ᠋ ᠳ᠋ᠢᠨ ᠠᠷᠭᠠᠨ ᠳ᠋ᠤᠷ ᠣᠷᠣᠭᠰᠠᠨ ᠳ᠋ᠠᠭᠠᠨ ᠲᠤᠢᠯ ᠢ᠋ᠶ᠋ᠠᠷ ᠬᠣᠷᠣᠰᠴᠤ ᠬᠠᠳᠠ ᠥᠭᠡᠳᠡ ᠮᠠᠴᠤᠨ ᠭᠠᠷᠴᠤ ᠠᠯᠠᠰᠤᠭᠠᠢ ᠭᠡᠮᠡᠨ ᠵᠠᠮ ᠡᠷᠢᠬᠦᠢ ᠳ᠋ᠦ᠍ᠷ ᠴᠤᠷᠮᠠᠬᠠᠨ ᠵᠢᠳᠠᠨ ᠢ᠋ᠶ᠋ᠠᠷ ᠵᠢᠭᠠᠵᠤ ᠥᠭᠦᠯᠡᠷᠦᠨ : 《ᠪᠢ ᠭᠤᠷᠪᠠᠨ ᠲᠦᠮᠡᠨ ᠦ᠌ ᠣᠯᠠᠨ ᠢ᠋ᠶ᠋ᠠᠨ ᠴᠥᠮ ᠡᠨᠳᠡ ᠵᠢᠭᠰᠠᠭᠠᠨ ᠴᠢᠨᠦ ᠢᠷᠡᠬᠦ ᠶ᠋ᠢ ᠬᠦᠯᠢᠶᠡᠨ ᠤᠳᠠᠪᠠ᠃ ᠪᠠᠭᠤᠵᠤ ᠥᠭᠬᠦ ᠦᠭᠡᠢ ᠪᠠᠰᠠ ᠶᠠᠮᠪᠠᠷ ᠴᠠᠭ ᠢ᠋ ᠬᠦᠯᠢᠶᠡᠮᠦᠢ ! ᠡᠷᠲᠡ ᠴᠠᠭ ᠴᠢ ᠰᠢᠨᠳ᠋ ᠮᠥᠷᠡᠨ ᠦ᠌ ᠥᠨᠳᠥᠷ ᠬᠠᠳᠠ ᠠ᠋ᠴᠠ ᠮᠣᠷᠢ ᠬᠠᠷᠠᠢᠯᠭᠠᠨ ᠪᠠᠭᠤᠵᠤ ᠳᠤᠲᠠᠭᠠᠪᠠ ᠬᠡᠮᠡᠬᠦ ᠪᠥᠯᠥᠭᠡ᠃ ᠡᠳᠦᠭᠡ ᠲᠡᠢᠨ ᠬᠥᠩᠭᠡᠨ ᠰᠠᠨᠠᠵᠤ ᠦᠯᠦ ᠪᠣᠯᠤᠮᠤᠢ᠃ ᠬᠡᠷᠪᠡ ᠵᠢᠭᠦᠷ ᠤᠷᠭᠤᠬᠤ ᠦᠭᠡᠢ ᠪᠥᠭᠡᠰᠦ ᠮᠢᠨᠦ ᠭᠠᠷ ᠠ᠋ᠴᠠ ᠭᠠᠷᠬᠤ ᠶ᠋ᠢ ᠪᠤᠤ ᠰᠠᠨᠠ᠃ ᠪᠠᠬᠠᠨ ᠲᠦᠳᠡᠭᠡᠯᠵᠡᠪᠡᠰᠦ ᠨᠢᠭᠡᠨ ᠫᠤᠤ ᠶ᠋ᠢᠨ ᠳᠠᠭᠤᠨ ᠳ᠋ᠤᠷ ᠴᠢᠨᠦ ᠭᠤᠷᠪᠠᠨ ᠲᠦᠮᠡᠨ ᠦ᠌ ᠣᠯᠠᠨ ᠭᠱᠠᠨ᠎ᠠ ᠵᠠᠭᠤᠷ᠎ᠠ ᠮᠣᠳᠣ ᠴᠢᠯᠠᠭᠤᠨ ᠳ᠋ᠤᠷ ᠪᠤᠯᠠᠰᠢᠯᠠᠭᠳᠠᠮᠤᠢ 》ᠬᠡᠮᠡᠬᠦᠢ ᠳ᠋ᠦ᠍ᠷ ᠂ ᠵᠧᠯᠡᠯ ᠡᠳ᠋ ᠳ᠋ᠢᠨ ᠶᠡᠬᠡᠳᠡ ᠭᠡᠯᠢᠭᠯᠡᠨ ᠨᠢᠳᠦ ᠤᠯᠠᠢᠨ ᠴᠤᠷᠮᠠᠬᠠᠨ ᠢ᠋ ᠵᠢᠭᠠᠵᠤ ᠥᠭᠦᠯᠡᠷᠦᠨ ᠄ 《ᠪᠢ ᠴᠢᠨᠦ ᠬᠤᠢᠬᠤᠷ ᠠᠷᠭᠠᠨ ᠳ᠋ᠤᠷ ᠣᠷᠣᠵᠤ ᠡᠢᠨ ᠬᠦ᠌ ᠦᠬᠦᠬᠦ ᠶ᠋ᠢ ᠮᠡᠳᠡᠭᠰᠡᠨ ᠪᠥᠭᠡᠰᠦ ᠡᠷᠲᠡ ᠴᠠᠭ ᠴᠢᠨᠦ ᠡᠵᠡᠨ ᠴᠢᠩᠭᠢᠰ ᠦ᠋ᠨ ᠭᠠᠷ ᠲᠤᠷ ᠦᠬᠦᠭᠰᠡᠨ ᠢ᠋ ᠬᠦᠷᠬᠦ ᠦᠭᠡᠢ ᠪᠥᠯᠥᠭᠡ᠃ ᠡᠳᠦᠭᠡ ᠨᠢᠭᠡᠨᠲᠡ ᠡᠷᠡᠭᠴᠢᠨ ᠡᠮᠡᠭᠴᠢᠨ ᠢ᠋ ᠢᠯᠭᠠᠵᠤ ᠴᠢᠳᠠᠭᠰᠠᠨ ᠦᠭᠡᠢ ᠦᠬᠦᠬᠦ ᠳ᠋ᠦ᠍ᠷ ᠭᠣᠮᠣᠳᠠᠮᠤᠢ 》 ᠭᠡᠮᠡᠨ ᠬᠠᠳᠠ ᠥᠭᠡᠳᠡ ᠭᠠᠷᠰᠤᠭᠠᠢ ᠭᠡᠮᠡᠨ ᠵᠠᠮ ᠡᠷᠢᠮᠦᠢ᠃ ᠡᠭᠦᠨ ᠢ᠋ ᠦᠵᠡᠭᠡᠳ ᠴᠣᠷᠮᠠᠬᠠᠨ ᠢᠨᠢᠶᠡᠨ ᠥᠭᠦᠯᠡᠷᠦᠨ : 《ᠪᠢ ᠴᠢᠮᠠᠶ᠋ᠢ ᠪᠠᠭᠠᠲᠤᠷ ᠭᠡᠮᠡᠨ ᠰᠣᠨᠣᠰᠴᠤ ᠮᠠᠰᠢ ᠤᠳᠠᠪᠠ᠃ ᠡᠳᠦᠭᠡ ᠦᠵᠡᠪᠡᠰᠦ ᠬᠣᠭᠣᠰᠣᠨ ᠨᠡᠷ᠎ᠡ ᠶ᠋ᠢᠨ ᠲᠡᠳᠦᠢᠯᠡ ᠪᠣᠯᠠᠢ᠃ ᠴᠢ ᠪᠠᠢᠯᠳᠤᠭᠠᠳ ᠳᠡᠢᠯᠦᠭᠳᠡᠪᠡᠰᠦ ᠣᠯᠠᠨ ᠢ᠋ᠶ᠋ᠠᠨ ᠳᠠᠭᠠᠭᠤᠯᠤᠨ ᠪᠠᠭᠤᠵᠤ ᠦᠭᠪᠡᠰᠦ ᠪᠢ ᠴᠢᠮ᠎ᠠ ᠳ᠋ᠤᠷ ᠨᠢᠭᠡᠨᠲᠡ ᠪᠠᠢᠯᠳᠤᠬᠤ ᠵᠠᠪᠰᠢᠶᠠᠨ ᠣᠯᠭᠣᠰᠤᠭᠠᠢ 》ᠬᠡᠮᠡᠬᠦᠢ ᠳ᠋ᠦ᠍ᠷ ᠴᠠᠴᠠᠷ ᠤ᠋ᠨ ᠵᠠᠩᠵᠤᠨ ᠲᠦᠰᠢᠮᠡᠳ ᠴᠥᠮ ᠰᠣᠴᠢᠵᠤ ᠵᠡᠷᠭᠡᠪᠡᠷ ᠬᠣᠷᠢᠭᠯᠠᠵᠤ ᠄ 《ᠵᠠᠩᠵᠤᠨ ᠲᠠ ᠡᠵᠡᠨ ᠦ᠌ ᠬᠦᠨᠳᠦ ᠨᠠᠢᠳᠠᠭᠰᠠᠨ ᠢ᠋ ᠬᠡᠷᠬᠢᠰᠦ ᠬᠡᠮᠡᠮᠦᠢ ᠁᠃ ᠦᠬᠦᠯ ᠦ᠋ᠨ ᠵᠠᠮ ᠳ᠋ᠤᠷ ᠣᠷᠣᠭᠰᠠᠨ ᠥᠴᠦᠬᠡᠨ ᠴᠡᠷᠢᠭ ᠦ᠋ᠨ ᠡᠷ᠎ᠡ ᠯᠦ᠍ᠭᠡ ᠬᠥᠩᠭᠡᠯᠡᠵᠦ ᠪᠠᠢᠯᠳᠤᠬᠤ ᠠᠨᠤ ᠵᠠᠩᠵᠤᠨ ᠲᠠᠨ ᠤ᠋ ᠬᠢᠬᠦ ᠬᠡᠷᠡᠭ ᠪᠤᠰᠤ 》 ᠬᠡᠮᠡᠪᠡᠰᠦ ᠴᠣᠷᠮᠠᠬᠠᠨ ᠢᠨᠢᠶᠡᠨ ᠥᠭᠦᠯᠡᠷᠦᠨ : 《ᠵᠧᠯᠡᠯ ᠡᠳ᠋ ᠳ᠋ᠢᠨ ᠦ᠌ ᠣᠯᠠᠨ ᠪᠥᠭᠡᠰᠦ ᠲᠡᠭᠦᠨ ᠤ ᠠᠷᠪᠠᠨ ᠬᠡᠳᠦᠨ ᠵᠢᠯ ᠯᠠᠯᠤᠴᠤᠳ ᠤ᠋ᠨ ᠳᠤᠮᠳᠠ ᠬᠥᠨᠳᠡᠯᠡᠨ ᠭᠤᠯᠳᠤ ᠶᠠᠪᠤᠬᠤ ᠳ᠋ᠠᠭᠠᠨ ᠴᠤᠭᠯᠠᠭᠤᠯᠤᠭᠰᠠᠨ ᠡᠷᠡᠰ ᠪᠣᠯᠠᠢ᠃ ᠬᠡᠷᠪᠡ ᠵᠧᠯᠡᠯ ᠡᠳ᠋ ᠳ᠋ᠢᠨ ᠢ᠋ ᠡᠳᠦᠭᠡ ᠴᠢᠯᠠᠭᠤ ᠮᠣᠳᠣᠨ ᠳ᠋ᠤᠷ ᠦᠬᠦᠭᠦᠯᠬᠦᠢ ᠳ᠋ᠦ᠍ᠷ ᠬᠦᠷᠪᠡᠰᠦ ᠲᠡᠭᠦᠨ ᠣᠯᠠᠨ ᠮᠠᠨ ᠢ᠋ ᠦᠯᠦ ᠪᠢᠰᠢᠷᠡᠵᠦ ᠦᠬᠦᠪᠡᠴᠦ ᠦᠯᠦ ᠳᠠᠭᠠᠬᠤ ᠪᠣᠯᠠᠢ᠃ ᠪᠦᠬᠦᠨ ᠢ᠋ ᠬᠢᠳᠤᠪᠠᠰᠤ ᠮᠢᠨᠦ ᠬᠠᠷᠭᠢᠰ ᠨᠡᠷ᠎ᠡ ᠯᠠᠯᠤᠴᠤᠳ ᠤ᠋ᠨ ᠣᠯᠠᠨ ᠤᠯᠤᠰ ᠲᠤᠷ ᠲᠠᠷᠬᠠᠵᠤ ᠬᠣᠷᠢᠶᠠᠨ ᠠᠪᠬᠤᠢ ᠳ᠋ᠤᠷ ᠪᠡᠷᠬᠡ ᠪᠣᠯᠤᠮᠤᠢ᠃ ᠡᠢᠨ ᠪᠥᠭᠡᠰᠦ ᠡᠵᠡᠨ ᠦ᠌ ᠬᠦᠨᠳᠦ ᠨᠠᠢᠳᠠᠭᠰᠠᠨ ᠳ᠋ᠤᠷ ᠬᠦᠷᠭᠡᠵᠦ ᠴᠢᠳᠠᠬᠤ ᠦᠭᠡᠢ ᠪᠤᠶᠤ ᠃ ᠲᠡᠢᠨ ᠬᠦ᠌ ᠵᠧᠯᠡᠯ ᠡᠳ᠋ ᠳ᠋ᠢᠨ ᠯᠤᠭ᠎ᠠ ᠬᠡᠳᠦᠨ ᠤᠳᠠᠭ᠎ᠠ ᠵᠥᠷᠢᠵᠦ ᠮᠣᠬᠣᠭᠣᠰᠤᠭᠠᠢ ᠬᠡᠮᠡᠬᠦᠢ ᠪᠤᠶᠤ ᠃ ᠡᠷ᠎ᠡ ᠶ᠋ᠢᠨ ᠰᠠᠢᠨ ᠢ᠋ ᠰᠢᠯᠭᠠᠬᠤ ᠶ᠋ᠢᠨ ᠲᠥᠯᠥᠭᠡ ᠪᠤᠰᠤ 》ᠭᠡᠮᠡᠨ ᠵᠠᠷᠯᠢᠭ ᠥᠭᠴᠦ ᠵᠧᠯᠡᠯ ᠡᠳ᠋ ᠳ᠋ᠢᠨ ᠳ᠋ᠦ᠍ᠷ ᠵᠠᠮ ᠲᠠᠯᠪᠢᠵᠤ ᠥᠭᠭᠦᠭᠰᠡᠨ ᠳ᠋ᠦ᠍ᠷ ᠵᠧᠯᠡᠯ ᠡᠳ᠋ ᠳ᠋ᠢᠨ ᠬᠣᠷᠢᠭᠤᠯ ᠠ᠋ᠴᠠ ᠭᠠᠷᠤᠭᠰᠠᠨ ᠪᠠᠷᠰ ᠰᠢᠭ᠋ ᠮᠣᠷᠢ ᠲᠠᠰᠢᠭᠤᠷᠳᠠᠨ ᠵᠡᠪᠡ ᠡᠴᠡ ᠭᠠᠷᠴᠤ ᠣᠯᠠᠨ ᠤ᠋ ᠡᠮᠦᠨ᠎ᠡ ᠲᠠᠩᠭᠠᠷᠢᠭᠯᠠᠨ ᠰᠢᠭᠤᠳ ᠵᠢᠳᠠ ᠪᠥᠵᠢᠭᠯᠡᠨ ᠴᠤᠷᠮᠠᠬᠠᠨ ᠢ᠋ ᠴᠢᠭᠯᠡᠨ ᠢᠷᠡᠬᠦᠢ ᠳ᠋ᠦ᠍ᠷ ᠴᠤᠷᠮᠠᠬᠠᠨ ᠮᠣᠷᠢᠨ ᠵᠢᠯᠣᠭᠣ ᠬᠡᠢᠰᠬᠡᠨ ᠤᠭᠲᠤᠨ ᠠᠪᠤᠪᠠ᠃ ᠵᠧᠯᠡᠯ ᠡᠳ᠋ ᠳ᠋ᠢᠨ ᠴᠣᠷᠮᠠᠬᠠᠨ ᠤ᠋ ᠵᠢᠳᠠ ᠶ᠋ᠢ ᠵᠠᠢᠯᠠᠭᠤᠯᠤᠨ ᠬᠠᠷᠢᠭᠤ ᠵᠢᠳᠠᠯᠠᠬᠤ ᠶ᠋ᠢᠨ ᠬᠣᠭᠣᠷᠣᠨᠳᠣ ᠬᠣᠶᠠᠷ ᠮᠣᠷᠢ ᠬᠡᠳᠦᠢᠨ ᠵᠥᠷᠢᠯᠳᠦᠨ ᠭᠠᠷᠪᠠᠢ ᠃ ᠮᠣᠷᠢᠨ ᠪᠤᠴᠠᠭᠠᠨ ᠵᠢᠳᠠᠯᠠᠨ ᠣᠷᠣᠬᠤᠢ ᠳ᠋ᠤᠷ ᠬᠣᠶᠠᠷ ᠵᠢᠳᠠ ᠬᠥᠰᠢᠯᠳᠦᠨ ᠥᠩᠭᠡᠷᠡᠪᠡ ᠃ ᠡᠢᠨ ᠬᠦ᠌ ᠠᠷᠪᠠᠨ ᠬᠡᠳᠦᠨ ᠤᠳᠠᠭ᠎ᠠ ᠪᠣᠯᠤᠭᠰᠠᠨ ᠳ᠋ᠤᠷ ᠵᠧᠯᠡᠯ ᠡᠳ᠋ ᠳ᠋ᠢᠨ ᠰᠠᠶᠢ ᠴᠣᠷᠮᠠᠬᠠᠨ ᠢ᠋ ᠬᠢᠯᠪᠠᠷ ᠲᠠᠢᠯᠵᠤ ᠴᠢᠳᠠᠬᠤ ᠦᠭᠡᠢ ᠭᠡᠮᠡᠨ ᠬᠢᠴᠢᠶᠡᠬᠦᠢ ᠳ᠋ᠦ᠍ᠷ ᠴᠤᠷᠮᠠᠬᠠᠨ ᠴᠤ᠌ ᠵᠧᠯᠡᠯ ᠡᠳ᠋ ᠳ᠋ᠢᠨ ᠦ᠌ ᠵᠢᠳᠠ ᠶ᠋ᠢᠨ ᠡᠷᠳᠡᠮ ᠬᠢᠯᠪᠠᠷ ᠪᠤᠰᠤ ᠶ᠋ᠢ ᠮᠡᠳᠡᠵᠦ ᠬᠣᠶᠠᠭᠤᠯᠠ ᠴᠥᠮ ᠬᠡᠨ ᠠᠯᠢᠨ ᠠ᠋ᠴᠠ ᠪᠠᠨ ᠬᠢᠴᠢᠶᠡᠨ ᠬᠥᠩᠭᠡᠨ ᠢ᠋ᠶ᠋ᠡᠷ ᠣᠷᠣᠬᠤ ᠦᠭᠡᠢ ᠪᠣᠯᠪᠠᠢ᠃ ᠬᠣᠶᠠᠷ ᠮᠣᠷᠢ ᠬᠣᠭᠣᠰᠣᠨ ᠵᠥᠷᠢᠬᠦᠢ ᠳ᠋ᠦ᠍ᠷ ᠬᠣᠶᠠᠷ ᠡᠲᠡᠭᠡᠳ ᠦ᠋ᠨ ᠬᠡᠳᠦᠨ ᠲᠦᠮᠡᠨ ᠬᠥᠮᠦᠨ ᠬᠦᠴᠦ ᠨᠡᠮᠡᠲᠦᠭᠡᠢ ᠭᠡᠮᠡᠨ ᠪᠠᠷᠬᠢᠷᠠᠬᠤ ᠳᠠᠭᠤᠨ ᠠᠭᠤᠯᠠ ᠨᠤᠷᠠᠵᠤ ᠳᠠᠯᠠᠢ ᠴᠠᠯᠭᠢᠬᠤ ᠮᠡᠲᠦ ᠪᠣᠯᠪᠠᠢ᠃ ᠵᠧᠯᠡᠯ ᠡᠳ᠋ ᠳ᠋ᠢᠨ ᠤᠳᠠᠭᠠᠨ ᠪᠠᠢᠯᠳᠤᠪᠠᠰᠤ ᠠᠰᠢᠭ ᠦᠭᠡᠢ ᠭᠡᠮᠡᠨ ᠪᠣᠳᠣᠵᠤ ᠬᠣᠶᠠᠷ ᠮᠣᠷᠢ ᠳᠠᠬᠢᠨ ᠵᠥᠷᠢᠬᠦᠢ ᠶ᠋ᠢᠨ ᠵᠠᠭᠤᠷ᠎ᠠ ᠪᠦᠬᠦ ᠬᠦᠴᠦᠨ ᠢ᠋ᠶ᠋ᠡᠨ ᠵᠢᠳᠠ ᠶ᠋ᠢᠨ ᠦᠵᠦᠭᠦᠷ ᠲᠣᠷ ᠭᠠᠷᠭᠠᠨ ᠬᠦᠴᠦᠯᠡᠨ ᠴᠣᠷᠮᠠᠬᠠᠨ ᠤ᠋ ᠠᠮᠢᠨ ᠭᠠᠵᠠᠷ ᠢ᠋ ᠡᠷᠢᠨ ᠵᠠᠳᠠᠯᠠᠬᠤᠢ ᠳ᠋ᠤᠷ ᠴᠤᠷᠮᠠᠬᠠᠨ ᠬᠦᠴᠦᠨ ᠶᠡᠬᠡ ᠲᠤᠯᠠ ᠵᠢᠳᠠᠨ ᠢ᠋ ᠴᠣᠬᠢᠨ ᠵᠠᠢᠯᠠᠭᠤᠯᠵᠤ ᠬᠥᠨᠳᠡᠯᠡᠨ ᠰᠢᠷᠪᠠᠨ ᠴᠣᠬᠢᠭᠰᠠᠨ ᠳ᠋ᠤᠷ ᠵᠸᠯᠡᠯ ᠡᠳ᠋ ᠳ᠋ᠶ᠋ᠨ ᠵᠢᠳᠠ ᠪᠠᠨ ᠬᠤᠷᠢᠶᠠᠵᠤ ᠠᠮᠵᠢᠭᠰᠠᠨ ᠦᠭᠡᠢ ᠨᠢᠷᠤᠭᠤ ᠬᠠᠪᠢᠷᠭ᠎ᠠ ᠣᠨᠣᠭᠳᠠᠵᠤ ᠮᠣᠷᠢ ᠳᠡᠭᠡᠷ᠎ᠡ ᠪᠡᠨ ᠠᠷᠠᠢ ᠲᠣᠭᠲᠠᠵᠤ ᠡᠮᠡᠭᠡᠯ ᠦ᠋ᠨ ᠪᠦᠭᠦᠷᠭᠡ ᠲᠡᠪᠡᠷᠢᠨ ᠵᠡᠭᠦᠨ ᠡᠮᠦᠨ᠎ᠡ ᠵᠦᠭ ᠪᠤᠷᠤᠭᠤᠯᠠᠨ ᠣᠳᠪᠠᠢ᠃ ᠴᠤᠷᠮᠠᠬᠠᠨ ᠮᠣᠷᠢ ᠪᠠᠨ ᠲᠠᠲᠠᠵᠤ ᠭᠠᠪᠰᠢᠭᠠᠢ ᠵᠠᠩᠵᠤᠨ ᠴᠧᠯᠡ ᠶ᠋ᠢ ᠨᠡᠬᠡᠭᠦᠯᠬᠦ ᠪᠡᠷ ᠢᠯᠡᠭᠡᠪᠡ᠃ ᠵᠸᠯᠡᠯ ᠡᠳ᠋ ᠳ᠋ᠶ᠋ᠨ ᠤ ᠣᠯᠠᠨ ᠴᠡᠷᠢᠭ ᠡᠵᠡᠨ ᠦ᠌ ᠪᠡᠨ ᠳᠡᠢᠯᠦᠭᠳᠡᠨ ᠪᠤᠷᠤᠭᠤᠯᠤᠭᠰᠠᠨ ᠳ᠋ᠤᠷ ᠡᠷ᠎ᠡ ᠶ᠋ᠢᠨ ᠲᠤᠷᠢᠮ ᠣᠭᠲᠣ ᠦᠭᠡᠢ ᠲᠠᠩᠭᠠᠷᠢᠭ ᠢ᠋ᠶ᠋ᠠᠨ ᠢᠳᠡᠪᠡ ᠭᠡᠮᠡᠨ ᠵᠢᠭᠰᠢᠵᠦ ᠴᠤᠷᠮᠠᠬᠠᠨ ᠤ᠋ ᠪᠠᠭᠠᠲᠤᠷ ᠥᠷᠥᠰᠢᠶᠡᠩᠭᠦᠢ ᠳ᠋ᠦ᠍ᠷ ᠪᠢᠰᠢᠷᠡᠨ ᠳᠠᠭᠠᠭᠰᠠᠨ ᠲᠤᠯᠠ ᠯᠠᠯᠤᠴᠤᠳ ᠢ᠋ ᠬᠣᠷᠢᠶᠠᠨ ᠲᠣᠭᠲᠠᠭᠠᠬᠤᠢ ᠳ᠋ᠤᠷ ᠶᠡᠬᠡ ᠲᠤᠰᠠ ᠪᠣᠯᠤᠭᠰᠠᠨ ᠬᠣᠵᠢᠮ ᠤ᠋ᠨ ᠦᠭᠡ ᠶ᠋ᠢ ᠡᠨᠳᠡ ᠶᠠᠷᠢᠬᠤ ᠦᠭᠡᠢ ᠃ ᠥᠭᠦᠯᠡᠬᠦ ᠠᠨᠤ ᠴᠤᠷᠮᠠᠬᠠᠨ ᠵᠸᠯᠡᠯ ᠡᠳ᠋ ᠳ᠋ᠶ᠋ᠨ ᠦ᠌ ᠴᠡᠷᠢᠭ ᠦ᠋ᠨ ᠲᠠᠩᠭᠠᠷᠢᠭ ᠢ᠋ ᠠᠪᠴᠤ ᠰᠢᠨ᠎ᠡ ᠲᠦᠮᠡᠨ ᠭᠡᠮᠡᠨ ᠨᠡᠷᠡᠳᠴᠦ ᠨᠢᠭᠦᠯᠡ ᠂ ᠴᠣᠴᠤᠯᠢ ᠂ ᠲᠠᠲᠠᠲᠤᠩᠭ᠎ᠠ ᠨᠠᠷ ᠲᠤᠷ ᠬᠠᠷᠢᠶᠠᠯᠠᠭᠤᠯᠤᠨ ᠡᠮᠦᠨ᠎ᠡ ᠵᠠᠮ ᠤ᠋ᠨ ᠴᠡᠷᠢᠭ ᠪᠣᠯᠭᠠᠨ ᠵᠸᠯᠡᠯ ᠡᠳ᠋ ᠳ᠋ᠶ᠋ᠨ ᠦ᠌ ᠴᠡᠷᠢᠭ ᠦ᠋ᠨ ᠬᠦᠷᠢᠶ᠎ᠡ ᠶ᠋ᠢ ᠠᠪᠤᠷᠠ ᠢᠷᠡᠬᠦᠢ ᠳ᠋ᠦ᠍ᠷ ᠴᠥᠮ ᠳᠠᠭᠠᠬᠤ ᠶ᠋ᠢ ᠭᠤᠶᠤᠭᠰᠠᠨ ᠲᠤᠯᠠ ᠨᠢᠭᠡᠴᠦ ᠬᠣᠷᠣᠭᠳᠠᠯ ᠦᠭᠡᠢ ᠴᠥᠮ ᠢ᠋ ᠬᠣᠷᠢᠶᠠᠨ ᠠᠪᠤᠪᠠ᠃ ᠲᠡᠪᠡᠷᠢᠼᠢ ᠬᠣᠲᠠ ᠶ᠋ᠢᠨ ᠴᠡᠷᠢᠭ ᠠᠷᠠᠳ ᠴᠤᠷᠮᠠᠬᠠᠨ ᠤ᠋ ᠪᠠᠭᠠᠲᠤᠷ ᠥᠷᠥᠰᠢᠶᠡᠩᠭᠦᠢ ᠶ᠋ᠢ ᠰᠣᠨᠣᠰᠴᠤ ᠮᠥᠨ ᠳᠠᠭᠠᠷ᠎ᠠ ᠢᠷᠡᠵᠦᠬᠦᠢ ᠃ ᠲᠡᠭᠦᠨ ᠡᠴᠡ ᠯᠠᠯᠤᠴᠤᠳ ᠤ᠋ᠨ ᠣᠯᠠᠨ ᠤᠯᠤᠰ ᠲᠤᠷ ᠨᠡᠷ᠎ᠡ ᠶᠡᠬᠡᠳᠡ ᠠᠯᠳᠠᠷᠰᠢᠪᠠ ᠃
ᠲᠡᠳᠦᠢ ᠳ᠋ᠦ᠍ᠷ ᠵᠸᠯᠡᠯ ᠡᠳ᠋ ᠳ᠋ᠶ᠋ᠨ ᠦ᠌ ᠰᠢᠷᠬ᠎ᠠ ᠬᠦᠨᠳᠦᠷᠡᠨ ᠶᠠᠪᠤᠵᠤ ᠴᠢᠳᠠᠬᠤ ᠦᠭᠡᠢ ᠪᠣᠯᠵᠤ ᠮᠠᠩᠬᠠᠨ ᠤ᠋ ᠪᠤᠷᠭᠠᠰᠤᠨ ᠳ᠋ᠤᠷ ᠰᠢᠷᠭᠤᠵᠤ ᠠᠬᠤᠢ ᠳ᠋ᠤᠷ ᠺᠦᠷᠲᠡᠴᠦᠳ ᠮᠥᠷ ᠢ᠋ ᠮᠥᠰᠬᠡᠵᠦ ᠢᠷᠡᠭᠡᠳ ᠵᠸᠯᠡᠯ ᠡᠳ᠋ ᠳ᠋ᠶ᠋ᠨ ᠦ᠌ ᠵᠠᠷ ᠵᠡᠪᠡᠰᠡᠭ ᠪᠠ ᠬᠤᠪᠴᠠᠰᠤ ᠬᠤᠨᠠᠷ ᠢ᠋ ᠰᠢᠪᠲᠤᠯᠤᠨ ᠠᠪᠴᠤ ᠴᠠᠪᠴᠢᠵᠤ ᠠᠯᠠᠭᠠᠳ ᠪᠠᠢᠬᠤᠢ ᠳ᠋ᠤᠷ ᠴᠧᠯᠡ ᠠᠮᠵᠢᠨ ᠬᠦᠷᠴᠦ ᠣᠴᠢᠭᠠᠳ ᠲᠡᠳᠡᠭᠡᠷ ᠺᠦᠷᠲᠡᠴᠦᠳ ᠢ᠋ ᠪᠠᠷᠢᠵᠤ ᠵᠸᠯᠡᠯ ᠡᠳ᠋ ᠳ᠋ᠶ᠋ᠨ ᠦ᠌ ᠬᠡᠭᠦᠷ ᠦ᠋ᠨ ᠬᠠᠮᠲᠤ ᠠᠪᠴᠤ ᠢᠷᠡᠭᠡᠳ ᠴᠤᠷᠮᠠᠬᠠᠨ ᠳ᠋ᠤᠷ ᠲᠤᠰᠢᠶᠠᠪᠠ᠃ ᠲᠠᠨᠢᠬᠤ ᠬᠥᠮᠦᠰ ᠢ᠋ᠶ᠋ᠡᠷ ᠪᠠᠢᠴᠠᠭᠠᠨ ᠦᠵᠡᠭᠦᠯᠵᠦ ᠦᠨᠡᠨ ᠢ᠋ ᠮᠡᠳᠡᠵᠦ ᠨᠡᠢᠰᠯᠡᠯ ᠬᠠᠷ᠎ᠠ ᠬᠣᠷᠢᠨ ᠳ᠋ᠤᠷ ᠮᠡᠳᠡᠭᠦᠯᠦᠷ᠎ᠡ ᠳᠠᠪᠬᠢᠭᠤᠯᠪᠠ᠃
ᠴᠣᠷᠮᠠᠬᠠᠨ ᠤ᠋ ᠨᠡᠷ᠎ᠡ ᠶᠡᠬᠡᠳᠡ ᠠᠯᠳᠠᠷᠰᠢᠭᠰᠠᠨ ᠳ᠋ᠤᠷ ᠷᠣᠮ ᠤ᠋ᠨ ᠰᠸᠯᠳ᠋ᠴᠤᠺᠡ ᠲᠡᠷᠢᠭᠦᠯᠡᠨ ᠢᠷᠡᠨ ᠂ ᠢᠷᠠᠺ ᠂ ᠹᠯᠠᠰᠣ ᠂ ᠰᠡᠰᠦ ᠂ ᠬᠤᠷᠱᠠᠨ ᠂ ᠢᠰᠫᠠᠬᠠᠨ ᠵᠡᠷᠭᠡ ᠶ᠋ᠢᠨ ᠣᠯᠠᠨ ᠤᠯᠤᠰ ᠲᠤᠰ ᠲᠤᠰ ᠳᠠᠭᠠᠷ᠎ᠠ ᠢᠷᠡᠵᠦ ᠰᠢᠳᠤᠷᠠᠭᠤ ᠶ᠋ᠢ ᠭᠦᠢᠴᠡᠳᠬᠡᠬᠦ ᠲᠠᠩᠭᠠᠷᠢᠭ ᠢ᠋ᠶ᠋ᠠᠨ ᠥᠭᠴᠦ ᠬᠠᠯᠢᠫᠢ ᠰᠦᠯᠲᠠᠨ ᠬᠦᠷᠲᠡᠯ᠎ᠡ ᠲᠦᠷ ᠵᠠᠬᠢᠷᠤᠭᠠ ᠶ᠋ᠢ ᠬᠦᠯᠢᠶᠡᠪᠡ᠃
ᠴᠤᠷᠮᠠᠬᠠᠨ ᠯᠠᠯᠤᠴᠤᠳ ᠤ᠋ᠨ ᠣᠯᠠᠨ ᠤᠯᠤᠰ ᠢ᠋ ᠡᠷᠬᠡᠰᠢᠶᠡᠯ ᠳ᠋ᠡᠭᠡᠨ ᠣᠷᠣᠭᠤᠯᠵᠤ ᠡᠩᠬᠡᠵᠢᠭᠦᠯᠦᠭᠡᠳ ᠯᠠᠯᠤᠴᠤᠳ ᠤ᠋ᠨ ᠬᠡᠷᠡᠭ ᠢ᠋ ᠯᠠᠯᠤᠴᠤᠤᠳ ᠢ᠋ᠶ᠋ᠠᠷ ᠵᠠᠬᠢᠷᠤᠭᠤᠯᠤᠨ ᠠᠮᠤᠭᠤᠯᠠᠩ ᠲᠦᠪᠰᠢᠨ ᠪᠣᠯᠭᠠᠭᠰᠠᠨ ᠢ᠋ ᠠᠢᠯᠠᠳᠬᠠᠬᠤᠢ ᠳ᠋ᠤᠷ ᠥᠭᠡᠳᠡᠢ ᠬᠠᠭᠠᠨ ᠮᠠᠰᠢ ᠪᠡᠶᠡᠰᠴᠦ ᠴᠤᠷᠮᠠᠬᠠᠨ ᠢ᠋ ᠲᠡᠨᠳᠡ ᠲᠠᠮᠠᠨ ᠰᠠᠭᠤᠲᠤᠭᠠᠢ ᠬᠡᠮᠡᠭᠡᠳ ᠵᠢᠯ ᠪᠦᠷᠢ ᠠᠯᠲᠠ ᠂ ᠠᠯᠲᠠᠨ ᠡᠮᠡᠭᠡᠯ ᠂ ᠠᠯᠲᠠᠨ ᠨᠡᠬᠡᠮᠡᠯ ᠂ ᠠᠷᠠᠹ ᠮᠣᠷᠢ ᠂ ᠠᠷᠠᠹ ᠲᠡᠮᠡᠭᠡ ᠯᠠᠭᠤᠰᠠ ᠵᠡᠷᠭᠡ ᠶ᠋ᠢ ᠠᠯᠪᠠ ᠪᠠᠷᠢᠭᠤᠯᠬᠤ ᠪᠠᠷ ᠪᠣᠯᠪᠠ᠃ ᠥᠭᠦᠯᠡᠬᠦ ᠢᠨᠣ ᠳᠡᠢᠯᠦᠭᠰᠡᠨ ᠪᠠᠶᠠᠷ ᠲᠤᠷ ᠨᠡᠢᠯᠡᠭᠦᠯᠦᠨ ᠥᠭᠡᠳᠡᠢ ᠬᠠᠭᠠᠨ ᠬᠤᠷᠢᠮ ᠤ᠋ᠨ ᠶᠡᠬᠡ ᠤᠷᠲᠤᠨ᠎ᠠ ᠣᠯᠠᠨ ᠰᠠᠢᠳ ᠲᠦᠰᠢᠮᠡᠳ ᠲᠦ᠍ᠷ ᠨᠠᠢᠷ ᠬᠠᠢᠷᠠᠯᠠᠨ ᠬᠤᠷᠢᠮᠯᠠᠬᠤᠢ ᠳ᠋ᠤᠷ ᠪᠦᠭᠦᠳᠡᠭᠡᠷ ᠪᠣᠭᠳᠠ ᠡᠵᠡᠨ ᠴᠢᠩᠭᠢᠰ ᠬᠠᠭᠠᠨ ᠤ᠋ ᠪᠠᠷᠠᠭᠤᠨ ᠬᠢᠵᠠᠭᠠᠷ ᠢ᠋ ᠲᠣᠭᠲᠠᠭᠠᠭᠰᠠᠨ ᠢ᠋ ᠰᠠᠨᠠᠭᠠᠯᠵᠠᠵᠤ ᠶᠠᠷᠢᠯᠴᠠᠬᠤᠢ ᠳ᠋ᠤᠷ ᠶᠡᠬᠡ ᠵᠠᠩᠵᠤᠨ ᠰᠢ ᠲᠢᠶᠠᠨ ᠽᠧ ᠂ ᠶᠧ ᠯᠢᠦᠢ ᠴᠦ ᠽᠠᠢ ᠠ᠋ᠴᠠ ᠠᠰᠠᠭᠤᠷᠤᠨ ᠄ 《ᠪᠣᠭᠳᠠ ᠡᠵᠡᠨ ᠭᠠᠭᠴᠠ ᠠᠷᠪᠠᠨ ᠲᠦᠮᠡᠨ ᠦ᠌ ᠣᠯᠠᠨ ᠢ᠋ᠶ᠋ᠠᠷ ᠲᠠᠪᠢᠨ ᠲᠦᠮᠡᠨ ᠰᠢᠯᠢᠳᠡᠭ ᠴᠡᠷᠢᠭ ᠪᠦᠬᠦᠢ ᠶᠡᠬᠡ ᠤᠯᠤᠰ ᠬᠤᠷᠸᠰᠮ ᠢ᠋ ᠳᠠᠢᠯᠠᠷ᠎ᠠ ᠣᠳᠤᠭᠰᠠᠨ ᠢ᠋ ᠬᠡᠷᠬᠢᠨ ᠳᠡᠢᠯᠪᠡᠰᠦ ᠵᠣᠬᠢᠮᠤᠢ ! ᠴᠡᠷᠢᠭ ᠦ᠋ᠨ ᠪᠢᠴᠢᠭ ᠲᠣᠷ ᠮᠢᠩᠭᠠᠨ ᠭᠠᠵᠠᠷ ᠤ᠋ᠨ ᠬᠣᠯᠠ ᠠ᠋ᠴᠠ ᠳᠣᠪᠲᠣᠯᠤᠨ ᠴᠣᠬᠢᠬᠤᠢ ᠳ᠋ᠤᠷ ᠵᠦᠳᠡᠷᠡᠭᠰᠡᠨ ᠳᠦᠷᠰᠦ ᠴᠡᠷᠢᠭ ᠦ᠋ᠨ ᠨᠢᠭᠤᠷ ᠲᠤᠷ ᠢᠯᠡᠷᠡᠮᠦᠢ ᠬᠡᠮᠡᠵᠦᠬᠦᠢ ᠃ ᠬᠠᠲᠠᠭᠤ ᠵᠡᠪᠡ ᠶ᠋ᠢᠨ ᠡᠴᠦᠰ ᠲᠦ᠍ᠷ ᠨᠢᠮᠭᠡᠨ ᠪᠥᠰ ᠢ᠋ ᠡᠰᠡ ᠨᠡᠪᠲᠡᠴᠡᠬᠦ ᠬᠡᠮᠡᠬᠦ ᠪᠥᠭᠡᠲᠡᠯ᠎ᠡ ᠬᠣᠶᠠᠷ ᠮᠢᠩᠭᠠᠨ ᠭᠠᠵᠠᠷ ᠤ᠋ᠨ ᠪᠡᠷᠬᠡ ᠵᠠᠮ ᠢ᠋ ᠲᠤᠭᠤᠯᠵᠤ ᠡᠵᠡᠨ ᠪᠠᠢᠷᠢ ᠳ᠋ᠤᠷ ᠠᠠᠬᠤ ᠠᠮᠤᠷ ᠴᠡᠷᠢᠭ ᠢ᠋ ᠪᠠᠢᠯᠳᠤᠷ᠎ᠠ ᠣᠴᠢᠬᠤ ᠠᠨᠤ ᠴᠥᠮ ᠴᠡᠷᠢᠭ ᠬᠡᠷᠡᠭᠯᠡᠭᠴᠢᠳ ᠦ᠋ᠨ ᠴᠡᠭᠡᠷᠯᠡᠯ ᠲᠤᠯᠠ ᠬᠡᠷᠪᠡ ᠠᠷᠪᠠᠨ ᠬᠤᠪᠢ ᠶ᠋ᠢᠨ ᠠᠰᠢᠭᠲᠠᠢ ᠪᠠᠢᠷᠢ ᠶ᠋ᠢ ᠡᠰᠡ ᠡᠵᠡᠯᠡᠪᠡᠰᠦ ᠳᠠᠷᠤᠢ ᠲᠦᠭᠰᠢᠭᠦᠷᠢᠲᠡᠢ ᠴᠡᠷᠢᠭ ᠬᠡᠮᠡᠮᠦᠢ ᠃ ᠪᠣᠨᠳᠠ ᠡᠵᠡᠨ ᠡᠳᠡᠭᠡᠷ ᠴᠡᠭᠡᠷᠯᠡᠯ ᠢ᠋ ᠡᠰᠡ ᠬᠠᠢᠬᠤᠷᠤᠨ ᠴᠥᠭᠡᠨ ᠴᠡᠷᠢᠭ ᠢ᠋ᠶ᠋ᠡᠷ ᠴᠢᠭᠢᠷᠠᠭ ᠳᠠᠢᠰᠤᠨ ᠢ᠋ ᠣᠬᠣᠷᠬᠠᠨ ᠬᠤᠭᠤᠴᠠᠭᠠᠨ᠎ᠠ ᠰᠥᠨᠥᠭᠡᠭᠰᠡᠨ ᠢ᠋ ᠲᠡᠭᠷᠢ ᠶ᠋ᠢᠨ ᠰᠠᠨᠠᠭ᠎ᠠ ᠬᠥᠮᠦᠨ ᠦ᠌ ᠦᠢᠯᠡ ᠶ᠋ᠢᠨ ᠠᠯᠢᠨ ᠢ᠋ ᠪᠣᠯᠬᠤ ᠶ᠋ᠢ ᠮᠤᠩᠬᠠᠭ ᠴᠡᠷᠢᠭ ᠦ᠋ᠨ ᠡᠷ᠎ᠡ ᠪᠢ ᠦᠯᠦ ᠤᠬᠠᠮᠤᠢ ᠃ ᠡᠷᠭᠢᠨ ᠴᠧᠩᠰᠢᠶᠠᠩ ᠮᠢᠨᠦ ᠪᠥᠭᠯᠡᠷᠡᠭᠰᠡᠨ ᠢ᠋ ᠲᠠᠢᠯᠵᠤ ᠦᠭᠭᠦᠮᠦ 》 ᠬᠡᠮᠡᠪᠡᠢ ᠃ ᠶᠧ ᠯᠢᠦᠢ ᠴᠦ ᠽᠠᠢ ᠤᠷᠲᠤ ᠰᠠᠬᠠᠯ ᠢ᠋ᠶ᠋ᠠᠨ ᠰᠢᠪᠳᠤᠷᠴᠤ ᠲᠣᠯᠣᠭᠠᠢ ᠳᠣᠬᠢᠨ ᠨᠡᠯᠢᠶᠡᠳ ᠤᠳᠠᠭᠠᠳ ᠥᠭᠦᠯᠡᠷᠦᠨ ᠄ 《ᠪᠣᠭᠳᠠ ᠡᠵᠡᠨ ᠦ᠌ ᠴᠡᠷᠢᠭ ᠬᠡᠷᠡᠭᠯᠡᠬᠦ ᠶ᠋ᠢ ᠰᠠᠬᠢᠭᠤᠯᠰᠤᠨ ᠰᠢᠮᠨᠤ ᠦᠯᠦ ᠤᠬᠠᠮᠤᠢ ᠃ ᠪᠣᠳᠣᠪᠠᠰᠤ ᠰᠦᠨ ᠦ ᠴᠦ᠍ ᠬᠦᠷᠦᠯᠴᠡᠬᠦ ᠦᠭᠡᠢ ᠭᠠᠵᠠᠷ ᠣᠯᠠᠨ ᠪᠣᠢ ᠃ ᠪᠢᠳᠡ ᠨᠠᠷ ᠢ᠋ ᠨᠡᠩ ᠶᠠᠭᠤᠨ ᠥᠭᠦᠯᠡᠬᠦ ᠠᠵᠢ ᠃ ᠪᠣᠨᠳᠠ ᠡᠵᠡᠨ ᠴᠡᠷᠢᠭ ᠬᠡᠷᠡᠭᠯᠡᠬᠦᠢ ᠳ᠋ᠦ᠍ᠷ ᠶᠡᠷᠦ ᠪᠤᠰᠤᠳ ᠯᠤᠭ᠎ᠠ ᠵᠥᠪᠳᠡᠬᠦ ᠦᠭᠡᠢ ᠲᠤᠯᠠ ᠴᠣᠬᠣᠮ ᠬᠡᠳᠦᠢ ᠴᠡᠷᠢᠭ ᠢ᠋ ᠶᠠᠭᠠᠬᠢᠵᠤ ᠬᠡᠷᠡᠭᠯᠡᠬᠦ ᠶ᠋ᠢ ᠪᠢᠴᠢᠭ ᠴᠡᠷᠢᠭ ᠦ᠋ᠨ ᠲᠦᠰᠢᠮᠡᠳ ᠬᠡᠨ ᠠᠶᠤᠮᠰᠢᠭ ᠦᠭᠡᠢ ᠠᠰᠠᠭᠤᠮᠤᠢ ᠃ ᠲᠡᠢᠨ ᠪᠠᠢᠯᠳᠤᠭᠠᠨ ᠥᠩᠭᠡᠷᠡᠭᠰᠡᠨ ᠦ᠌ ᠬᠣᠢᠨ᠎ᠠ ᠮᠡᠳᠡᠭᠡᠳ ᠰᠠᠶᠢ ᠬᠡᠯᠡ ᠭᠠᠷᠭᠠᠬᠤ ᠪᠣᠯᠠᠢ 》ᠭᠡᠮᠡᠨ ᠡᠮᠦᠨᠡᠬᠢ ᠴᠠᠢ ᠪᠠᠨ ᠰᠢᠮᠡᠵᠦ ᠵᠠᠯᠭᠠᠵᠤ ᠶᠠᠷᠢᠪᠠ ᠃ ᠶᠡᠬᠡ ᠴᠡᠷᠢᠭ ᠰᠸᠷᠢᠳᠡᠷᠢᠶᠡ ᠮᠥᠷᠡᠨ ᠬᠦᠷᠦᠭᠰᠡᠨ ᠳ᠋ᠦ᠍ᠷ ᠣᠲ᠋ᠷᠡᠷ ᠬᠣᠲᠠ ᠶ᠋ᠢ ᠬᠡᠷᠡᠭ ᠦ᠋ᠨ ᠡᠵᠡᠨ ᠢᠨᠠᠯᠴᠠᠭ ᠲᠠᠪᠤᠨ ᠲᠦᠮᠡᠨ ᠶᠡᠬᠡ ᠴᠡᠷᠢᠭ ᠢ᠋ᠶ᠋ᠡᠷ ᠰᠠᠬᠢᠨ ᠰᠠᠭᠤᠵᠤ ᠠᠪᠠᠢ᠃ ᠪᠢᠳᠡ ᠴᠥᠮ ᠣᠲ᠋ᠷᠡᠷ ᠬᠣᠲᠠ ᠶ᠋ᠢ ᠪᠠᠢᠯᠳᠤᠵᠤ ᠢᠨᠠᠯᠴᠠᠭ ᠢ᠋ ᠪᠠᠷᠢᠵᠤ ᠥᠰᠢᠶ᠎ᠡ ᠠᠪᠤᠨ ᠣᠯᠠᠨ ᠢ᠋ ᠬᠢᠳᠤᠬᠤ ᠪᠣᠯᠠᠢ ᠭᠡᠮᠡᠨ ᠰᠠᠨᠠᠭᠰᠠᠨ ᠪᠥᠯᠥᠭᠡ᠃ ᠰᠠᠨᠠᠮᠰᠠᠷ ᠦᠭᠡᠢ ᠪᠣᠭᠳᠠ ᠡᠵᠡᠨ ᠭᠤᠷᠪᠠᠨ ᠲᠦᠮᠡᠨ ᠴᠡᠷᠢᠭ ᠢ᠋ᠶ᠋ᠡᠷ ᠣᠲ᠋ᠷᠡᠷ ᠬᠣᠲᠠ ᠶ᠋ᠢ ᠪᠦᠰᠡᠯᠡᠵᠦ ᠲᠠᠯᠪᠢᠭᠠᠳ ᠶᠡᠬᠡ ᠲᠠᠢᠽᠢ ᠵᠣᠴᠢ ᠳ᠋ᠤᠷ ᠲᠠᠪᠤᠨ ᠮᠢᠩᠭᠠᠨ ᠴᠡᠷᠢᠭ ᠥᠭᠴᠦ ᠮᠥᠷᠡᠨ ᠥᠭᠡᠳᠡᠯᠡᠨ ᠤᠷᠤᠰᠬᠠᠯ ᠳᠠᠭᠠᠤ ᠣᠯᠠᠨ ᠬᠣᠲᠠ ᠶ᠋ᠢ ᠠᠪᠤᠭᠲᠤᠨ ᠭᠡᠮᠡᠨ ᠶᠠᠪᠤᠭᠤᠯᠵᠤ ᠂ ᠵᠢᠴᠢ ᠲᠠᠢᠽᠢ ᠴᠠᠭᠠᠲᠠᠢ ᠳ᠋ᠤᠷ ᠲᠠᠪᠤᠨ ᠮᠢᠩᠭᠠᠨ ᠴᠡᠷᠢᠭ ᠥᠭᠴᠦ ᠤᠷᠤᠰᠬᠠᠯ ᠤᠷᠤᠭᠤᠳᠠᠨ ᠮᠥᠷᠡᠨ ᠳᠠᠭᠠᠤ ᠣᠯᠠᠨ ᠬᠣᠲᠠ ᠶ᠋ᠢ ᠠᠪᠴᠤ ᠠᠮᠤ ᠬᠦᠨᠡᠰᠦ ᠬᠣᠷᠢᠶᠠᠨ ᠣᠲ᠋ᠷᠡᠢ ᠬᠣᠲᠠ ᠶ᠋ᠢ ᠪᠦᠰᠡᠯᠡᠭᠰᠡᠨ ᠴᠡᠷᠢᠭ ᠲᠦ᠍ᠷ ᠲᠦᠰᠢᠭ ᠪᠣᠯᠤᠭᠲᠤᠨ ᠭᠡᠮᠡᠨ ᠶᠠᠪᠤᠭᠤᠯᠪᠠ᠃ ᠥᠭᠡᠷ᠎ᠡ ᠬᠥᠮᠦᠨ ᠢ᠋ ᠪᠠᠢᠲᠤᠭᠠᠢ ᠡᠵᠡᠨ ᠦ᠌ ᠳᠡᠷᠭᠡᠳᠡ ᠪᠠᠢᠬᠤ ᠮᠢᠨᠦ ᠪᠡᠶ᠎ᠡ ᠴᠦ᠍ ᠮᠠᠨ ᠤ᠋ ᠴᠡᠷᠢᠭ ᠦ᠋ᠨ ᠭᠣᠣᠯ ᠬᠦᠴᠦᠨ ᠬᠠᠮᠢᠭ᠎ᠠ ᠪᠠᠢᠬᠤ ᠶ᠋ᠢ ᠡᠰᠡ ᠮᠡᠳᠡᠮᠦᠢ᠃ ᠡᠵᠡᠨ ᠦ᠌ ᠪᠡᠶ᠎ᠡ ᠶᠡᠬᠡ ᠴᠡᠷᠢᠭ ᠠᠪᠴᠤ ᠰᠢᠭᠤᠳ ᠬᠠᠷᠡᠬᠦᠮ ᠦ᠋ᠨ ᠶᠡᠬᠡ ᠮᠠᠩᠬ᠎ᠠ ᠶ᠋ᠢ ᠲᠤᠭᠤᠯᠵᠤ ᠢᠨᠠᠳᠤ ᠪᠠᠢᠭ᠎ᠠ ᠰᠠᠮᠠᠷᠺᠠᠨᠳ᠋ ᠢ᠋ ᠣᠷᠬᠢᠵᠤ ᠰᠢᠭᠤᠳ ᠴᠢᠨᠠᠳᠤ ᠳ᠋ᠤᠷ ᠪᠣᠢ ᠪᠦᠬᠠᠷ ᠬᠣᠲᠠ ᠶ᠋ᠢ ᠰᠢᠷᠦᠭᠦᠨ ᠳᠠᠭᠠᠷᠢᠪᠠ ᠃ ᠡᠭᠦᠨ ᠢ᠋ ᠪᠢᠳᠡ ᠲᠡᠷᠡ ᠳᠣᠣᠷ᠎ᠠ ᠪᠠᠨ ᠤᠬᠠᠭᠰᠠᠨ ᠦᠭᠡᠢ᠃ ᠬᠣᠵᠢᠮ ᠰᠡᠳᠬᠢᠯ ᠲᠠᠯᠪᠢᠵᠤ ᠪᠣᠳᠣᠭᠠᠳ ᠪᠠᠭ᠎ᠠ ᠰᠠᠭ᠎ᠠ ᠤᠬᠠᠬᠤ ᠪᠣᠯᠪᠠᠢ 》ᠬᠡᠮᠡᠪᠡ᠃
《ᠤᠲ᠋ᠷᠠᠷ ᠬᠣᠲᠠ ᠶ᠋ᠢ ᠪᠦᠰᠡᠯᠡᠭᠡᠳ ᠪᠠᠢᠯᠳᠤᠭᠰᠠᠨ ᠦᠭᠡᠢ ᠶᠠᠭᠤᠨ ? ᠰᠠᠮᠠᠷᠺᠠᠨᠳ᠋ ᠢ᠋ ᠣᠷᠬᠢᠵᠤ ᠪᠦᠬᠠᠷ ᠢ᠋ ᠪᠠᠢᠯᠳᠤᠭᠰᠠᠨ ᠠᠨᠤ ᠪᠠᠰᠠ ᠶᠠᠭᠤᠨ ? ᠪᠢᠳᠡ ᠨᠠᠷ ᠤ᠋ᠨ ᠦᠯᠦ ᠮᠡᠳᠡᠬᠦ ᠠᠨᠤ ᠪᠣᠯᠠᠢ 》ᠭᠡᠮᠡᠨ ᠰᠢ ᠲᠢᠶᠠᠨ ᠽᠧ ᠳᠠᠪᠰᠢᠵᠤ ᠠᠰᠠᠭᠤᠪᠠ ᠃ ᠶᠧ ᠯᠢᠦᠢ ᠴᠦ ᠽᠠᠢ ᠢᠨᠢᠶᠡᠨ ᠥᠭᠦᠯᠡᠷᠦᠨ : 《ᠴᠢᠨᠦ ᠦᠭᠡ ᠪᠡᠷ ᠴᠢᠨᠦ ᠠᠰᠠᠭᠤᠭᠰᠠᠨ ᠢ ᠬᠠᠷᠢᠭᠤᠯᠰᠤᠭᠠᠢ 》ᠬᠡᠮᠡᠵᠦ ᠰᠠᠬᠠᠯ ᠰᠢᠪᠲᠤᠷᠴᠤ ᠥᠭᠦᠯᠡᠷᠦᠨ : 《ᠲᠠ ᠰᠠᠶᠢ ᠬᠠᠲᠠᠭᠤ ᠰᠤᠮᠤ ᠶ᠋ᠢᠨ ᠡᠴᠦᠰ ᠲᠦ᠍ᠷ ᠨᠢᠮᠭᠡᠨ ᠪᠥᠰ ᠢ ᠦᠯᠦ ᠨᠡᠪᠲᠡᠴᠡᠬᠦ ᠬᠡᠮᠡᠭᠰᠡᠨ ᠪᠤᠰᠤ ᠤᠤ ? ᠬᠠᠲᠠᠭᠤ ᠰᠤᠮᠤ ᠶ᠋ᠢᠨ ᠡᠬᠢᠨ ᠦ᠌ ᠬᠦᠴᠦᠨ ᠢ᠋ ᠥᠴᠦᠬᠡᠨ ᠣᠲ᠋ᠷᠠᠷ ᠬᠣᠲᠠᠨ ᠳ᠋ᠤᠷ ᠬᠡᠷᠡᠭᠯᠡᠪᠡᠰᠦ ᠲᠠᠬᠢᠶ᠎ᠠ ᠳ᠋ᠤᠷ ᠦᠬᠡᠷ ᠠᠯᠠᠬᠤ ᠬᠢᠲᠤᠭ᠎ᠠ ᠬᠡᠷᠡᠭᠯᠡᠭᠰᠡᠨ ᠤᠴᠢᠷ ᠪᠣᠯᠤᠮᠤᠢ᠃ ᠰᠠᠮᠠᠷᠺᠠᠨᠳ᠋ ᠶᠡᠬᠡ ᠬᠣᠲᠠ ᠪᠣᠯᠪᠠᠴᠤ ᠬᠣᠷᠸᠰᠮ ᠤ᠋ᠨ ᠠᠷᠪᠠᠨ ᠬᠤᠷᠤᠭᠤᠨ ᠤ᠋ ᠨᠢᠭᠡᠨ ᠪᠤᠶᠤ᠃ ᠡᠵᠡᠯᠡᠵᠦ ᠠᠪᠤᠭᠰᠠᠨ ᠴᠤ᠌ ᠨᠢᠭᠡᠯᠡ ᠬᠤᠷᠤᠭᠤ ᠶ᠋ᠢ ᠲᠠᠰᠤᠯᠬᠤ ᠲᠡᠳᠦᠢ ᠪᠣᠯᠠᠢ᠃ ᠪᠥᠬᠠᠷ ᠬᠡᠳᠦᠢᠪᠡᠷ ᠡᠨᠡ ᠤᠯᠤᠰ ᠤ᠋ᠨ ᠨᠡᠢᠰᠯᠡᠯ ᠪᠤᠰᠤ ᠪᠣᠯᠪᠠᠴᠤ ᠲᠥᠪ ᠪᠣᠯᠤᠮᠤᠢ᠃ ᠬᠤᠷᠸᠰᠮ ᠦ᠋ᠨ ᠠᠶᠤᠤᠯᠢᠬᠠᠢ ᠴᠡᠭᠡᠵᠢ ᠪᠣᠯᠠᠢ ᠃ ᠠᠶᠤᠤᠯᠢᠬᠠᠢ ᠶ᠋ᠢ ᠵᠢᠳᠠᠯᠠᠪᠠᠰᠤ ᠳᠠᠢᠰᠤᠨ ᠦᠬᠦᠬᠦ ᠦᠭᠡᠢ ᠶᠣᠰᠣ ᠪᠤᠶᠤ ? ᠵᠢᠴᠢ ᠴᠡᠷᠢᠭ ᠬᠡᠷᠡᠭᠯᠡᠬᠦ ᠲᠠᠯ᠎ᠠ ᠪᠠᠷ ᠠᠪᠴᠤ ᠦᠵᠡᠪᠡᠰᠦ ᠰᠡᠮᠡᠷᠺᠠᠨᠳ᠋ ᠪᠡᠯᠡᠳᠬᠡᠯ ᠲᠡᠢ ᠳ᠋ᠦ᠍ᠷ ᠪᠦᠬᠠᠷ ᠰᠠᠮᠠᠷᠺᠠᠨᠳ᠋ ᠤ᠋ᠨ ᠠᠷᠤ ᠳ᠋ᠤᠷ ᠪᠣᠢ ᠲᠤᠯᠠ ᠪᠡᠯᠡᠳᠬᠡᠯ ᠦᠭᠡᠢ ᠃ ᠳᠠᠢᠰᠤᠨ ᠤ᠋ ᠪᠠᠢᠯᠳᠤᠬᠤ ᠦᠭᠡᠢ ᠬᠡᠮᠡᠭᠰᠡᠨ ᠢ᠋ ᠪᠠᠢᠯᠳᠤᠵᠤ ᠪᠡᠯᠡᠳᠬᠡᠯ ᠲᠡᠢ ᠶ᠋ᠢ ᠪᠠᠢᠯᠳᠤᠬᠤ ᠦᠭᠡᠢ ᠂ ᠪᠡᠯᠡᠳᠬᠡᠯ ᠦᠭᠡᠢ ᠶ᠋ᠢ ᠪᠠᠢᠯᠳᠤᠵᠤ ᠳᠠᠢᠰᠤᠨ ᠢ᠋ ᠪᠡᠯᠡᠳᠬᠡᠵᠦ ᠵᠠᠪᠳᠤᠬᠤ ᠦᠭᠡᠢ ᠂ ᠬᠠᠮᠠᠭᠠᠯᠠᠵᠤ ᠵᠠᠪᠳᠤᠬᠤ ᠦᠭᠡᠢ ᠪᠣᠯᠭᠠᠨ ᠵᠣᠴᠢᠨ ᠤ᠋ ᠪᠠᠢᠷᠢ ᠠ᠋ᠴᠠ ᠡᠵᠡᠨ ᠦ᠌ ᠪᠠᠢᠷᠢ ᠶ᠋ᠢ ᠡᠵᠡᠯᠡᠬᠦ ᠢᠨᠦ ᠡᠨᠡ ᠪᠣᠯᠠᠢ ᠃ ᠣᠲ᠋ᠷᠠᠷ ᠬᠣᠲᠠ ᠨᠢᠭᠡᠨᠲᠡ ᠲᠣᠭᠣᠭᠠᠨ ᠳ᠋ᠤᠷ ᠣᠷᠣᠭᠰᠠᠨ ᠵᠢᠭᠠᠰᠤ ᠲᠤᠯᠠ ᠬᠠᠲᠠᠭᠤ ᠰᠤᠮᠤ ᠶ᠋ᠢᠨ ᠡᠴᠦᠰ ᠦ᠋ᠨ ᠬᠦᠴᠦ ᠶ᠋ᠢ ᠴᠦ᠍ ᠬᠡᠷᠡᠭᠯᠡᠬᠦ ᠦᠭᠡᠢ ᠠᠶᠠᠨᠳᠠᠭᠠᠨ ᠲᠣᠭᠲᠠᠵᠤ ᠦᠯᠦ ᠴᠢᠳᠠᠮᠤᠢ ᠃ ᠪᠠᠢᠯᠳᠤᠭᠠᠨ ᠤ᠋ ᠶᠠᠪᠤᠴᠠ ᠠ᠋ᠴᠠ ᠦᠵᠡᠪᠡᠰᠦ ᠡᠴᠦᠰ ᠲᠡᠭᠡᠨ ᠴᠥᠮ ᠪᠣᠭᠳᠠ ᠡᠵᠡᠨ ᠦ᠌ ᠪᠣᠳᠣᠭᠰᠠᠨ ᠢ᠋ᠶ᠋ᠠᠷ ᠪᠣᠯᠪᠠ ᠃ ᠮᠢᠨᠦ ᠡᠳᠡᠭᠡᠷ ᠦᠭᠡ ᠴᠥᠮ ᠬᠤᠳᠳᠤᠭ ᠲᠤᠷ ᠰᠠᠭᠤᠵᠤ ᠲᠡᠭᠷᠢ ᠶ᠋ᠢ ᠰᠢᠭᠦᠮᠵᠢᠯᠡᠬᠦ ᠲᠡᠳᠦᠢ ᠪᠣᠯᠠᠢ 》 ᠬᠡᠮᠡᠪᠡᠢ᠃
ᠠᠯᠲᠠᠨ ᠤᠯᠤᠰ ᠢ᠋ ᠳᠣᠷᠭᠣᠨ ᠲᠠᠯᠪᠢᠵᠤ ᠬᠣᠷᠸᠰᠮ ᠢ᠋ ᠪᠠᠢᠯᠳᠤᠭᠰᠠᠨ ᠪᠠ ᠵᠸᠯᠡᠯ ᠡᠳ᠋ ᠳ᠋ᠢᠨ ᠢ᠋ ᠪᠠᠷᠢᠪᠠ ᠬᠡᠮᠡᠭᠡᠳ ᠬᠤᠳᠠᠯ ᠪᠣᠯᠭᠠᠭᠰᠠᠨ ᠢ᠋ ᠪᠢᠴᠢᠭ ᠴᠡᠷᠢᠭ ᠦ᠋ᠨ ᠲᠦᠰᠢᠮᠡᠳ ᠰᠣᠨᠣᠰᠬᠤ ᠶ᠋ᠢ ᠬᠦᠰᠡᠬᠦᠢ ᠳ᠋ᠦ᠍ᠷ ᠶᠧ ᠯᠢᠦᠢ ᠴᠦ ᠽᠠᠢ ᠡᠵᠡᠨ ᠢ᠋ ᠬᠠᠷᠠᠪᠠᠰᠤ ᠥᠭᠡᠳᠡᠢ ᠬᠠᠭᠠᠨ ᠲᠣᠯᠣᠭᠠᠢ ᠲᠣᠬᠢᠬᠤ ᠲᠤᠯᠠ ᠵᠠᠯᠭᠠᠵᠤ ᠶᠠᠷᠢᠪᠠᠢ᠃ ᠣᠲ᠋ᠷᠠᠷ ᠬᠣᠲᠠ ᠶ᠋ᠢ ᠪᠦᠰᠡᠯᠡᠵᠦ ᠲᠠᠯᠪᠢᠭᠠᠳ ᠡᠵᠡᠨ ᠦ᠌ ᠴᠡᠷᠢᠭ ᠬᠠᠷᠠᠺᠥᠮ ᠦ᠋ᠨ ᠮᠢᠩᠭᠠᠨ ᠭᠠᠵᠠᠷ ᠤ᠋ᠨ ᠥᠷᠭᠡᠨ ᠮᠠᠩᠬᠠᠨ ᠳᠠᠯᠠᠢ ᠶ᠋ᠢ ᠲᠤᠭᠤᠯᠤᠨ ᠪᠦᠬᠠᠷ ᠬᠣᠲᠠ ᠶ᠋ᠢ ᠳᠠᠭᠠᠷᠢᠬᠤᠢ ᠳ᠋ᠤᠷ ᠪᠢᠳᠡ ᠴᠥᠮ ᠳᠠᠢᠰᠤᠨ ᠳ᠋ᠤᠷ ᠬᠠᠪᠴᠢᠭᠳᠠᠬᠤ ᠠ᠋ᠴᠠ ᠠᠶᠤᠨ ᠵᠣᠪᠠᠭᠰᠠᠨ ᠪᠥᠯᠥᠭᠡ᠃ ᠭᠡᠲᠡᠯ᠎ᠡ ᠡᠵᠡᠨ ᠬᠣᠶᠠᠷ ᠬᠣᠲᠠ ᠶ᠋ᠢᠨ ᠳᠤᠮᠳᠠᠳᠤ ᠬᠠᠪᠴᠢᠯ ᠳ᠋ᠤᠷ ᠭᠤᠷᠪᠠᠨ ᠲᠦᠮᠡᠨ ᠴᠡᠷᠢᠭ ᠪᠦᠭᠭᠦᠵᠦ ᠲᠠᠯᠪᠢᠭᠰᠠᠨ ᠢ᠋ ᠬᠡᠨ ᠴᠦ᠍ ᠣᠯᠵᠤ ᠮᠡᠳᠡᠭᠰᠡᠨ ᠦᠭᠡᠢ᠃ ᠪᠦᠬᠠᠷ ᠬᠣᠲᠠ ᠠ᠋ᠴᠠ ᠳᠤᠲᠠᠭᠠᠨ ᠭᠠᠷᠤᠭᠰᠠᠨ ᠲᠠᠪᠤᠨ ᠲᠦᠮᠡᠨ ᠲᠦᠷᠺ ᠴᠡᠷᠢᠭ ᠲᠡᠨᠳᠡ ᠰᠥᠨᠥᠭᠡᠭᠳᠡᠪᠡ ᠃ ᠬᠡᠷᠪᠡ ᠰᠠᠮᠠᠷᠺᠠᠨᠳ᠋ ᠠ᠋ᠴᠠ ᠪᠦᠬᠠᠷ ᠢ᠋ ᠲᠤᠰᠠᠯᠠᠷ᠎ᠠ ᠢᠷᠡᠭᠰᠡᠨ ᠠᠪᠠᠰᠤ ᠮᠥᠨ ᠲᠡᠨᠳᠡ ᠤᠰᠠᠳᠬᠠᠭᠳᠠᠬᠤ ᠠᠨᠤ ᠵᠠᠢᠯᠠᠰᠢ ᠦᠭᠡᠢ᠃ ᠪᠥᠬᠠᠷ ᠬᠣᠲᠠ ᠶ᠋ᠢ ᠨᠤᠷᠠᠭᠠᠵᠤ ᠲᠠᠯᠪᠢᠭᠠᠳ ᠪᠤᠴᠠᠵᠤ ᠰᠠᠮᠠᠷᠺᠠᠨᠳ᠋ ᠲᠤᠷ ᠬᠦᠷᠴᠦ ᠢᠷᠡᠪᠡᠰᠦ ᠡᠨᠡ ᠬᠣᠲᠠ ᠶ᠋ᠢ ᠬᠡᠳᠦᠢᠪᠡᠷ ᠠᠷᠪᠠᠨ ᠨᠢᠭᠡᠨ ᠲᠦᠮᠡᠨ ᠴᠡᠷᠢᠭ ᠰᠡᠷᠭᠡᠢᠯᠡᠨ ᠰᠠᠬᠢᠭᠰᠠᠨ ᠪᠣᠯᠪᠠᠴᠤ ᠪᠦᠬᠠᠷ ᠬᠣᠲᠠ ᠬᠢᠳᠤᠭᠳᠠᠭᠰᠠᠨ ᠢ᠋ ᠰᠣᠨᠣᠰᠤᠭᠠᠳ ᠨᠢᠭᠡᠮᠦᠰᠦᠨ ᠠᠶᠤᠨ ᠳᠣᠯᠭᠢᠰᠴᠤ ᠭᠠᠳᠠᠷ ᠬᠣᠲᠠ ᠰᠠᠬᠢᠬᠤ ᠲᠠᠪᠤᠨ ᠲᠦᠮᠡ ᠢᠯᠡᠭᠦᠦ ᠴᠡᠷᠢᠭ ᠭᠠᠷᠴᠤ ᠳᠤᠲᠠᠭᠠᠭᠰᠠᠨ ᠳ᠋ᠤᠷ ᠮᠥᠨ ᠪᠦᠭᠭᠦᠭᠰᠡᠨ ᠴᠡᠷᠢᠭ ᠲᠦ᠍ᠷ ᠬᠢᠳᠤᠭᠳᠠᠪᠠ᠃ ᠰᠠᠮᠠᠷᠺᠠᠨᠳ᠋ ᠪᠠᠭᠤᠵᠤ ᠥᠭᠭᠦᠭᠰᠡᠨ ᠦ᠌ ᠳᠠᠷᠠᠭ᠎ᠠ ᠡᠵᠡᠨ ᠦ᠌ ᠪᠡᠶ᠎ᠡ ᠳᠠᠷᠤᠢ ᠪᠦᠬᠠᠷ ᠂ ᠰᠠᠮᠠᠷᠺᠠᠨᠳ᠋ ᠬᠣᠶᠠᠷ ᠬᠣᠲᠠ ᠶ᠋ᠢᠨ ᠬᠣᠭᠣᠷᠣᠨᠳᠣ ᠪᠠᠭᠤᠳᠠᠯᠯᠠᠨ ᠬᠣᠷᠸᠰᠮ ᠤ᠋ᠨ ᠪᠦᠬᠦ ᠪᠠᠢᠳᠠᠯ ᠢ᠋ ᠣᠢᠯᠠᠭᠠᠨ ᠰᠠᠭᠤᠬᠤ ᠶ᠋ᠢᠨ ᠬᠠᠮᠲᠤ ᠰᠦᠪᠡᠭᠡᠳᠡᠢ ᠪᠠᠭᠠᠲᠤᠷ ᠂ ᠵᠡᠪᠡ ᠨᠣᠶᠠᠨ ᠤ᠋ ᠲᠦᠮᠡᠨ ᠢ᠋ ᠶᠠᠪᠤᠭᠤᠯᠵᠤ ᠠᠮᠤᠲᠠᠷᠢᠶᠠ ᠮᠥᠷᠡᠨ ᠡᠴᠡ ᠪᠠᠷᠠᠭᠤᠨᠰᠢ ᠬᠣᠷᠸᠰᠮ ᠤ᠋ᠨ ᠡᠵᠡᠨ ᠱᠠᠭ ᠮᠥᠬᠠᠮᠸᠳ᠋ ᠢ᠋ ᠡᠷᠬᠡᠪᠰᠢ ᠪᠡᠷᠢ ᠭᠡᠮᠡᠨ ᠶᠠᠪᠤᠭᠤᠯᠪᠠ᠃
ᠪᠣᠭᠳᠠ ᠡᠵᠡᠨ ᠬᠣᠷᠸᠰᠮ ᠳ᠋ᠤᠷ ᠴᠡᠷᠢᠭ ᠣᠷᠣᠬᠤ ᠦᠶ᠎ᠡ ᠬᠣᠷᠸᠰᠮ ᠤ᠋ᠨ ᠡᠵᠡᠨᠲᠦ ᠤᠯᠤᠰ ᠬᠡᠮᠡᠭᠴᠢ ᠬᠠᠷ᠎ᠠ ᠬᠢᠳᠠᠨ ᠠ᠋ᠴᠠ ᠪᠠᠷᠠᠭᠤᠨᠰᠢ ᠂ ᠺᠠᠰᠫᠢ ᠲᠠᠩᠭᠢᠰ ᠠ᠋ᠴᠠ ᠵᠡᠭᠦᠨᠰᠢ ᠺᠤᠮᠠᠨ ᠠ᠋ᠴᠠ ᠡᠮᠦᠨ᠎ᠡ ᠡᠨᠡᠳᠬᠡᠭ ᠂ ᠢᠷᠡᠨ ᠦ᠌ ᠬᠡᠰᠡᠭ ᠨᠤᠲᠤᠭ ᠢ᠋ ᠪᠠᠭᠲᠠᠭᠠᠭᠰᠠᠨ ᠶᠡᠬᠡ ᠤᠯᠤᠰ ᠪᠣᠯᠠᠢ ᠃ ᠬᠤᠷᠸᠰᠮ ᠤ᠋ᠨ ᠡᠵᠡᠨ ᠱᠠᠭ ᠮᠦᠬᠠᠮᠸᠳ᠋ ᠤ᠋ᠨ ᠡᠯᠴᠢ ᠵᠥᠩᠲᠦ ᠪᠡᠷ ᠬᠦᠷᠴᠦ ᠮᠣᠩᠭᠣᠯᠴᠤᠳ ᠤ᠋ᠨ ᠠᠯᠲᠠᠨ ᠤᠯᠤᠰ ᠢ᠋ ᠪᠠᠢᠯᠳᠤᠵᠤ ᠪᠠᠢᠭ᠎ᠠ ᠲᠡᠢᠨ ᠪᠠᠢᠯᠳᠤᠭᠠᠨ ᠳ᠋ᠤᠷ ᠰᠡᠳᠬᠢᠯ ᠲᠠᠯᠪᠢᠵᠤ ᠵᠡᠷᠯᠢᠭ ᠰᠠᠨᠠᠭ᠎ᠠ ᠡᠪᠦᠷᠯᠡᠵᠦ ᠪᠠᠢᠪᠠ ᠬᠡᠮᠡᠮᠦ ᠃ ᠪᠣᠭᠳᠠ ᠡᠵᠡᠨ ᠴᠢᠩᠭᠢᠰ ᠬᠠᠭᠠᠨ ᠡᠯᠴᠢ ᠶ᠋ᠢ ᠵᠣᠴᠢᠯᠠᠨ ᠬᠣᠶᠠᠷ ᠤᠯᠤᠰ ᠢ᠋ᠶ᠋ᠠᠷ ᠨᠠᠢᠷᠠᠮᠳᠠᠨ ᠣᠷᠣᠰᠢᠵᠤ ᠠᠷᠠᠯᠵᠢᠶ᠎ᠠ ᠬᠤᠳᠠᠯᠳᠤᠭ᠎ᠠ ᠬᠥᠭᠵᠢᠭᠦᠯᠬᠦ ᠶ᠋ᠢ ᠵᠥᠪᠳᠡᠵᠦ ᠪᠤᠴᠠᠭᠠᠪᠠ᠃ ᠤᠳᠠᠭᠰᠠᠨ ᠦᠭᠡᠢ ᠮᠠᠨ ᠤ᠋ ᠡᠯᠴᠢ ᠬᠤᠷᠸᠰᠮ ᠳ᠋ᠤᠷ ᠬᠦᠷᠴᠦ ᠨᠠᠢᠷᠠᠮᠳᠠᠬᠤ ᠭᠡᠷ᠎ᠡ ᠪᠠᠢᠭᠤᠯᠵᠤ ᠪᠤᠴᠠᠵᠤ ᠢᠷᠡᠪᠡ᠃ ᠲᠡᠭᠦᠨ ᠦ᠌ ᠳᠠᠷᠠᠭ᠎ᠠ ᠮᠣᠩᠭᠣᠯ ᠠ᠋ᠴᠠ ᠢᠰᠯᠡᠮᠴᠦᠳ ᠳᠥᠷᠪᠡᠨ ᠬᠥᠮᠦᠨ ᠢ᠋ ᠤᠬᠤᠨ᠎ᠠ ᠪᠠᠷ ᠠᠠᠬᠠᠯᠠᠭᠤᠯᠤᠨ ᠳᠥᠷᠪᠡᠨ ᠵᠠᠭᠤ ᠲᠠᠪᠢᠨ ᠬᠥᠲᠥᠴᠢ ᠂ ᠲᠠᠪᠤᠨ ᠵᠠᠭᠤ ᠢᠯᠡᠭᠦᠦ ᠲᠡᠮᠡᠭᠡᠨ ᠠᠴᠢᠶ᠎ᠠ ᠬᠥᠰᠬᠡ ᠲᠡᠢ ᠠᠷᠠᠯᠵᠢᠶ᠎ᠠ ᠬᠢᠬᠦ ᠪᠡᠷ ᠰᠧᠷᠢᠲᠠᠷᠢᠶᠠ ᠮᠥᠷᠡᠨ ᠦ᠌ ᠵᠡᠭᠦᠨ ᠬᠥᠪᠡᠭᠡᠨ ᠦ᠌ ᠣᠲ᠋ᠷᠡᠷ ᠬᠣᠲᠠᠨ ᠳ᠋ᠤᠷ ᠬᠦᠷᠴᠦ ᠣᠴᠢᠪᠠ᠃
ᠲᠡᠷᠡ ᠬᠣᠲᠠ ᠶ᠋ᠢᠨ ᠨᠣᠶᠠᠨ ᠢᠨᠠᠯᠴᠠᠭ ᠪᠣᠯᠪᠠᠰᠤ ᠤᠯᠤᠰ ᠤ᠋ᠨ ᠡᠵᠡᠨ ᠮᠦᠬᠠᠮᠸᠳ᠋ ᠤ᠋ᠨ ᠨᠠᠭᠠᠴᠤ ᠶ᠋ᠢᠨ ᠲᠥᠷᠥᠯ ᠭᠡᠮᠡᠨ ᠰᠠᠭᠰᠤᠷᠤᠭᠰᠠᠨ ᠬᠠᠷᠭᠢᠰ ᠬᠡᠷᠴᠡᠭᠡᠢ ᠡᠵᠡᠷᠬᠡᠭ ᠬᠥᠮᠦᠨ ᠪᠠᠢᠪᠠ ᠃ ᠮᠣᠩᠭᠣᠯᠴᠤᠳ ᠤ᠋ᠨ ᠡᠳ᠋ ᠡᠷᠳᠡᠨᠢ ᠳ᠋ᠦ᠍ᠷ ᠬᠣᠪᠳᠣᠭᠯᠠᠵᠤ ᠬᠤᠳᠠᠯᠳᠤᠭᠠᠴᠢᠳ ᠢ᠋ ᠲᠠᠩᠨᠠᠭᠤᠯ ᠭᠡᠮᠡᠨ ᠨᠡᠷ᠎ᠡ ᠬᠠᠯᠳᠠᠭᠠᠵᠤ ᠠᠯᠠᠭᠠᠳ ᠡᠳ᠋ ᠪᠣᠳᠠᠰ ᠢ ᠡᠵᠡᠨ ᠮᠦᠬᠠᠮᠸᠳ᠋ ᠲᠠᠭᠠᠨ ᠪᠠᠭ᠎ᠠ ᠥᠭᠴᠦ ᠶᠡᠬᠡᠩᠬᠢ ᠬᠡᠰᠡᠭ ᠢ᠋ ᠴᠥᠮ ᠥᠪᠡᠷᠲᠡᠭᠡᠨ ᠰᠢᠩᠭᠡᠪᠡᠢ᠃ ᠵᠣᠯ ᠢ᠋ᠶ᠋ᠠᠷ ᠠᠮᠢ ᠭᠠᠷᠤᠭᠰᠠᠨ ᠨᠢᠭᠡᠨ ᠬᠥᠲᠥᠴᠢ ᠵᠢᠯ ᠲᠣᠭᠣᠷᠢᠨ ᠲᠡᠨᠦᠵᠦ ᠡᠨᠡᠬᠦ ᠮᠠᠭᠤ ᠮᠡᠳᠡᠭᠡ ᠶ᠋ᠢ ᠮᠣᠩᠭᠣᠯ ᠨᠤᠲᠤᠭ ᠲᠤᠷ ᠬᠦᠷᠭᠡᠵᠦ ᠢᠷᠡᠭᠰᠡᠨ ᠪᠣᠯᠠᠢ ᠃ ᠪᠣᠭᠳᠠ ᠡᠵᠡᠨ ᠴᠢᠩᠭᠢᠰ ᠬᠠᠭᠠᠨ ᠰᠣᠨᠣᠰᠤᠭᠠᠳ ᠢᠰᠯᠠᠮ ᠤ᠋ᠨ ᠪᠠᠭᠯᠠ ᠂ ᠢᠪᠤᠩ ᠂ ᠺᠫᠠᠴᠢ ᠂ ᠪᠥᠭᠯᠡ ᠨᠠᠷ ᠢ᠋ ᠬᠣᠶᠠᠷ ᠮᠣᠩᠭᠣᠯ ᠡᠯᠴᠢ ᠶ᠋ᠢᠨ ᠬᠠᠮᠲᠤ ᠶᠠᠪᠤᠭᠤᠯᠵᠤ ᠬᠤᠷᠸᠰᠮ ᠤ᠋ᠨ ᠡᠵᠡᠨ ᠡᠴᠡ ᠶᠠᠯ᠎ᠠ ᠠᠰᠠᠭᠤᠨ ᠢᠨᠠᠯᠴᠠᠭ ᠢ᠋ ᠮᠣᠩᠭᠣᠯ ᠳ᠋ᠤᠷ ᠥᠭᠴᠦ ᠶᠠᠯᠠᠯᠠᠭᠤᠯᠬᠤ ᠦᠭᠡᠢ ᠪᠥᠭᠡᠰᠦ ᠮᠦᠬᠠᠮᠸᠳ᠋ ᠤ᠋ᠨ ᠠᠷᠠᠳ ᠢᠷᠭᠡᠳ ᠤᠯᠤᠰ ᠭᠡᠷ ᠶᠠᠮᠠᠷ ᠪᠣᠯᠬᠤ ᠶ᠋ᠢ ᠮᠡᠳᠡᠬᠦᠶ᠎ᠡ ᠪᠡᠷᠬᠡ ᠭᠡᠮᠡᠨ ᠬᠡᠯᠡ ᠪᠣᠯᠪᠠ ᠃ ᠮᠦᠬᠠᠮᠸᠳ᠋ ᠮᠣᠩᠭᠣᠯᠴᠤᠳ ᠢ᠋ ᠵᠡᠷᠯᠢᠭ ᠠᠢᠮᠠᠭ ᠭᠡᠮᠡᠨ ᠨᠢᠳᠦᠨ ᠳ᠋ᠡᠭᠡᠨ ᠬᠠᠪᠴᠢᠬᠤ ᠦᠭᠡᠢ ᠪᠥᠭᠯᠡ ᠨᠠᠷ ᠢ᠋ ᠲᠡᠷᠡ ᠳᠣᠣᠷ᠎ᠠ ᠠᠨᠤ ᠮᠣᠩᠭᠣᠯ ᠳ᠋ᠤᠷ ᠤᠢᠴᠢᠯᠠᠯᠠᠪᠠ ᠭᠡᠮᠡᠨ ᠠᠯᠠᠭᠠᠳ ᠬᠣᠶᠠᠷ ᠮᠣᠩᠭᠣᠯ ᠡᠯᠴᠢ ᠶ᠋ᠢᠨ ᠰᠠᠬᠠᠯ ᠢ᠋ ᠣᠭᠲᠣᠯᠵᠤ ᠪᠤᠴᠠᠭᠠᠪᠠᠢ ᠃ ᠡᠨᠡ ᠪᠣᠯᠪᠠᠰᠤ ᠢᠰᠯᠠᠮ ᠤ᠋ᠨ ᠵᠠᠩᠰᠢᠯ ᠳ᠋ᠤᠷ ᠲᠤᠢᠯ ᠢ᠋ᠶ᠋ᠠᠷ ᠭᠤᠲᠠᠭᠠᠭᠰᠠᠨ ᠬᠡᠷᠡᠭ ᠮᠥᠨ ᠃ ᠡᠢᠨ ᠬᠦ᠌ ᠶᠣᠰᠣ ᠪᠤᠰᠤ ᠶᠠᠪᠤᠳᠠᠯ ᠢ᠋ ᠬᠡᠨ ᠬᠦᠯᠢᠶᠡᠨ ᠴᠢᠳᠠᠬᠤ ᠪᠣᠢ 》 ᠭᠡᠮᠡᠨ ᠶᠧ ᠯᠢᠦᠢ ᠴᠦ᠍ ᠽᠠᠢ ᠬᠣᠭᠣᠯᠠᠢ ᠵᠠᠰᠠᠵᠤ ᠴᠠᠢ ᠵᠠᠯᠭᠢᠯᠠᠨ : 《ᠡᠨᠡ ᠳᠠᠷᠤᠢ ᠪᠣᠭᠳᠠ ᠡᠵᠡᠨ ᠦ᠌ ᠬᠤᠷᠸᠰᠮ ᠢ᠋ ᠪᠠᠢᠯᠳᠤᠭᠰᠠᠨ ᠰᠢᠯᠲᠠᠭᠠᠨ ᠪᠣᠯᠠᠢ 》ᠭᠡᠮᠡᠨ ᠴᠢᠨᠠᠭᠰᠢᠳᠠ ᠵᠠᠯᠭᠠᠵᠤ ᠶᠠᠷᠢᠪᠠᠢ᠃
ᠬᠥᠬᠡᠭᠴᠢᠨ ᠲᠠᠤᠯᠠᠢ ᠵᠢᠯ ᠳ᠋ᠦ᠍ᠷ ᠪᠣᠨᠲᠠ ᠴᠢᠩᠭᠢᠰ ᠬᠠᠭᠠᠨ ᠡᠷᠲ᠋ᠢᠱ ᠮᠥᠷᠡᠨ ᠦ᠌ ᠳᠡᠭᠡᠳᠦ ᠡᠬᠢᠨ ᠳ᠋ᠦ᠍ᠷ ᠮᠣᠷᠢᠲᠤ ᠶᠠᠪᠠᠭᠠᠨ ᠴᠡᠷᠢᠭ ᠠᠷᠪᠠᠨ ᠲᠠᠪᠤᠨ ᠲᠦᠮᠡ ᠂ ᠬᠣᠲᠠ ᠡᠪᠳᠡᠬᠦ ᠪᠦᠳᠦᠭᠦᠨ ᠫᠤᠤ ᠂ ᠴᠢᠯᠠᠭᠤᠨ ᠰᠢᠳᠦᠭᠦᠷ ᠂ ᠬᠡᠷᠡᠮᠦᠨ ᠨᠦᠳᠦᠭᠦᠷ ᠂ ᠳᠠᠷᠢ ᠬᠡᠷᠡᠭᠯᠡᠬᠦ ᠳᠡᠯᠪᠡᠴᠢᠬᠦ ᠪᠥᠮᠪᠥᠭᠡ ᠵᠡᠷᠭᠡ ᠶ᠋ᠢ ᠦᠢᠯᠡᠳᠬᠦ ᠤᠷᠠᠴᠤᠳ ᠪᠠ ᠴᠡᠷᠢᠭ ᠦ᠋ᠨ ᠬᠥᠮᠦᠨ ᠬᠣᠶᠠᠷ ᠲᠦᠮᠡ ᠂ ᠲᠡᠷᠭᠡ ᠲᠡᠮᠡᠭᠡᠨ ᠦ᠌ ᠬᠥᠲᠥᠴᠢ ᠭᠤᠷᠪᠠᠨ ᠲᠦᠮᠡᠨ ᠢ᠋ ᠲᠠᠪᠢᠨ ᠲᠦᠮᠡ ᠭᠡᠮᠡᠨ ᠠᠯᠳᠠᠷᠰᠢᠭᠤᠯᠵᠤ ᠠᠯᠲᠠᠢ ᠠᠭᠤᠯᠠ ᠶ᠋ᠢ ᠬᠥᠨᠳᠡᠯᠡᠨ ᠳᠠᠪᠠᠵᠤ ᠹᠠᠯᠺᠠᠱ ᠨᠠᠭᠤᠷ ᠤ᠋ᠨ ᠡᠮᠦᠨ᠎ᠡ ᠺᠠᠶᠠᠯᠢᠭ᠋ ᠤ᠋ᠨ ᠲᠠᠯ᠎ᠠ ᠳ᠋ᠤᠷ ᠬᠦᠷᠴᠦ ᠴᠡᠷᠢᠭ ᠢ᠋ᠶ᠋ᠡᠨ ᠡᠴᠦᠰ ᠦ᠋ᠨ ᠰᠢᠯᠭᠠᠯᠲᠠ ᠬᠢᠵᠦ ᠬᠡᠳᠦᠨ ᠡᠳᠦᠷ ᠠᠮᠠᠷᠠᠭᠤᠯᠵᠤ ᠬᠣᠶᠠᠷ ᠮᠢᠩᠭᠠᠨ ᠭᠠᠵᠠᠷ ᠥᠷᠭᠡᠨ ᠡᠯᠡᠰᠦᠨ ᠳᠠᠯᠠᠢ ᠶ᠋ᠢ ᠲᠤᠭᠤᠯᠬᠤ ᠪᠡᠷᠬᠡ ᠠᠶᠠᠯᠠᠯ ᠢ᠋ ᠬᠢᠪᠡ ᠬᠡᠮᠡᠪᠡ᠃
ᠵᠠᠯᠭᠠᠵᠤ ᠬᠤᠷᠸᠰᠮ ᠤ᠋ᠨ ᠡᠵᠡᠨ ᠱᠠᠭ ᠮᠦᠬᠠᠮᠸᠳ᠋ ᠤ᠋ᠨ ᠡᠴᠦᠰᠯᠡᠭᠰᠡᠨ ᠢ᠋ ᠥᠭᠦᠯᠡᠭᠰᠡᠨ ᠢᠨᠦ᠄ 《ᠲᠡᠳᠦᠢ ᠳ᠋ᠦ᠍ᠷ ᠡᠵᠡᠨ ᠱᠠᠭ ᠮᠦᠬᠠᠮᠸᠳ᠋ ᠪᠠᠯᠸ ᠬᠣᠲᠠᠨ ᠠ᠋ᠴᠠ ᠠᠷᠠᠢ ᠨᠢᠭᠡᠨ ᠠᠯᠬᠤᠮ ᠤᠷᠢᠳᠠ ᠳᠤᠲᠠᠭᠠᠵᠤ ᠠᠮᠵᠢᠭᠰᠠᠨ ᠦᠭᠡᠢ ᠪᠥᠭᠡᠰᠦ ᠰᠦᠪᠡᠭᠡᠲᠢ ᠪᠠᠭᠠᠲᠤᠷ ᠂ ᠵᠡᠪᠡ ᠨᠣᠶᠠᠨ ᠤ᠋ ᠣᠯᠠᠨ ᠳ᠋ᠤᠷ ᠪᠠᠷᠢᠭᠳᠠᠬᠤ ᠪᠣᠯᠠᠢ ᠃ ᠭᠡᠮᠡᠨ ᠦᠭᠡ ᠪᠡᠨ ᠪᠤᠴᠠᠭᠠᠨ ᠰᠦᠪᠡᠭᠡᠳᠡᠢ ᠪᠠᠭᠠᠲᠤᠷ ᠂ ᠵᠡᠪᠡ ᠨᠣᠶᠠᠨ ᠮᠦᠬᠠᠮᠸᠳᠢ ᠶ᠋ᠢ ᠨᠡᠬᠡᠮᠵᠢᠯᠡᠨ ᠬᠠᠷ᠎ᠠ ᠲᠠᠩᠭᠢᠰ ᠬᠦᠷᠲᠡᠯ᠎ᠡ ᠶᠠᠪᠤᠭᠰᠠᠨ ᠠᠶᠠᠨ ᠲᠡᠢᠨ ᠦ᠌ ᠶᠠᠪᠤᠳᠠᠯ ᠢ᠋ ᠰᠠᠨᠠᠭᠠᠯᠵᠠᠪᠠ ᠃ ᠲᠡᠳᠦᠢ ᠳ᠋ᠦ᠍ᠷ ᠰᠦᠪᠡᠭᠡᠳᠡᠷ ᠪᠠᠭᠠᠲᠤᠷ ᠵᠡᠪᠡ ᠨᠣᠶᠠᠨ ᠡᠵᠡᠨ ᠦ᠌ ᠵᠠᠷᠯᠢᠭ ᠢ᠋ᠶ᠋ᠠᠷ ᠵᠠᠪᠠᠯ ᠮᠦᠬᠠᠮᠸᠳ᠋ ᠢ᠋ ᠪᠠᠷᠢᠰᠤᠭᠠᠢ ᠭᠡᠮᠡᠨ ᠨᠡᠬᠡᠮᠵᠢᠯᠡᠵᠦ ᠢᠷᠡᠨ ᠦ᠌ ᠪᠠᠷᠠᠭᠤᠨ ᠬᠣᠢᠲᠤ ᠬᠡᠰᠡᠭ ᠢ᠋ ᠲᠣᠭᠣᠷᠢᠨ ᠣᠯᠠᠨ ᠬᠣᠲᠠ ᠶ᠋ᠢ ᠳᠡᠮᠵᠢᠵᠦ ᠺᠠᠽᠸᠠᠢᠨ ᠢ᠋ ᠡᠵᠡᠯᠡᠨ ᠠᠪᠤᠭᠠᠳ ᠠᠽᠠᠷᠪᠠᠢᠵᠢᠶᠠᠩ ᠤ᠋ᠨ ᠮᠤᠭᠠᠩ ᠪᠡᠯᠴᠢᠭᠡᠷ ᠲᠦ᠍ ᠡᠪᠦᠯᠵᠢᠪᠡᠢ ᠃ ᠠᠷᠮᠢᠨᠢᠶᠡ ᠶ᠋ᠢᠨ ᠪᠠᠭᠠᠲᠤᠷ ᠺᠸᠣᠷᠺᠸᠣᠰ ᠳᠥᠷᠪᠡᠳᠦᠭᠡᠷ ᠸᠠᠩ ᠲᠦᠮᠡᠨ ᠮᠣᠷᠢᠲᠠᠨ ᠠᠪᠴᠤ ᠪᠠᠢᠯᠳᠤᠷ᠎ᠠ ᠢᠷᠡᠭᠡᠳ ᠪᠤᠲᠠ ᠴᠣᠬᠢᠭᠳᠠᠪᠠ ᠃ ᠲᠡᠨᠳᠡ ᠡᠴᠡ ᠺᠤᠯᠠ ᠭᠣᠣᠯ ᠥᠭᠡᠳᠡᠯᠡᠨ ᠲᠡᠪᠡᠷᠢᠽᠢ ᠳ᠋ᠦ᠍ᠷ ᠬᠦᠷᠴᠦ ᠬ᠌ᠷᠣᠵᠢᠶᠡ ᠶ᠋ᠢᠨ ᠭᠣᠣᠯ ᠬᠦᠴᠦᠨ ᠦ᠌ ᠴᠡᠷᠢᠭ ᠢ᠋ ᠰᠥᠨᠥᠭᠡᠭᠡᠳ ᠮᠦᠬᠠᠮᠸᠳ᠋ ᠤ᠋ᠨ ᠰᠤᠷᠠᠭ ᠴᠢᠮᠡᠭᠡ ᠶ᠋ᠢ ᠣᠯᠤᠭᠰᠠᠨ ᠦᠭᠡᠢ ᠲᠤᠯᠠ ᠬᠣᠲᠠ ᠶ᠋ᠢ ᠡᠵᠡᠯᠡᠭᠰᠡᠨ ᠦᠭᠡᠢ ᠳᠠᠬᠢᠨ ᠪᠤᠴᠠᠵᠤ ᠢᠷᠡᠨ ᠳ᠋ᠦ᠍ᠷ ᠢᠷᠡᠭᠡᠳ ᠬᠠᠮᠠᠳᠠᠩ ᠬᠣᠲᠠ ᠶ᠋ᠢ ᠪᠠᠢᠯᠳᠤᠨ ᠠᠪᠴᠤ ᠲᠡᠨᠳᠡ ᠡᠴᠡ ᠪᠠᠭᠲᠠᠳ ᠲᠤᠷ ᠡᠯᠴᠢ ᠶᠠᠪᠤᠭᠤᠯᠵᠤ ᠱᠠᠰᠢᠨ ᠤ᠋ ᠡᠵᠡᠨ ᠬᠠᠯᠢᠫᠢ ᠠ᠋ᠴᠠ ᠪᠠᠯᠠᠩ ᠰᠡᠯᠲᠡ ᠠᠯᠪᠠᠲᠠᠨ ᠠᠪᠴᠤ ᠮᠦᠬᠠᠮᠸᠳ᠋ ᠢ᠋ ᠣᠯᠤᠭᠰᠠᠨ ᠦᠭᠡᠢ ᠲᠤᠯᠠ ᠳᠠᠬᠢᠨ ᠬ᠌ᠷᠣᠵᠢᠶᠡ ᠳ᠋ᠦ᠍ᠷ ᠣᠷᠣᠵᠤ ᠵᠠᠮ ᠢ᠋ ᠬᠠᠰᠢᠭᠰᠠᠨ ᠪᠠᠰᠠ ᠨᠢᠭᠡᠨ ᠰᠠᠯᠠᠭ᠎ᠠ ᠬ᠌ᠷᠣᠵᠢᠶᠡ ᠴᠡᠷᠢᠭ ᠢ᠋ ᠰᠥᠨᠥᠭᠡᠵᠦ ᠰᠢᠷᠸᠠᠨ ᠬᠢᠭᠡᠳ ᠳ᠋ᠸᠷᠪᠸᠨᠳᠣ᠋ ᠳ᠋ᠤᠷ ᠬᠦᠷᠴᠦ ᠭᠦᠨ᠎ᠡ ᠬᠠᠪᠴᠢᠯ ᠳ᠋ᠤᠷ ᠬᠥᠭᠥᠷᠭᠡ ᠲᠠᠯᠪᠢᠵᠤ ᠭᠡᠲᠦᠯᠦᠭᠡᠳ ᠺᠢᠪᠴᠠᠭ ᠤ᠋ᠳ ᠪᠠ ᠢᠷᠠᠨᠴᠤᠳ ᠤ᠋ᠨ ᠬᠣᠯᠪᠣᠭᠠᠲᠤ ᠴᠡᠷᠢᠭ ᠢ᠋ ᠪᠤᠲᠠ ᠴᠣᠬᠢᠭᠠᠳ ᠦᠺᠸᠷᠠᠢᠨ ᠬᠢᠭᠡᠳ ᠭᠷᠠᠮ ᠢ᠋ ᠡᠵᠡᠯᠡᠵᠦ ᠬᠠᠷᠠᠭᠴᠢᠨ ᠮᠣᠷᠢᠨ ᠵᠢᠯ ᠦ᠋ᠨ ᠡᠪᠦᠯ ᠢ᠋ ᠲᠡᠨᠳᠡ ᠥᠩᠭᠡᠷᠡᠭᠡᠪᠡ ᠃ ᠲᠡᠢᠨ ᠬᠦ᠌ ᠣᠷᠣᠰ ᠣᠷᠣᠨ ᠴᠥᠮ ᠳᠣᠯᠭᠢᠰᠤᠨ :《ᠲᠠᠲ᠋ᠠᠷᠴᠤᠳ ᠠᠢᠰᠤᠢ ! 》ᠭᠡᠮᠡᠨ ᠦᠢᠮᠡᠯᠳᠦᠵᠦ ᠨᠠᠢ᠍ᠮᠠᠨ ᠲᠦᠮᠡ ᠲᠠᠪᠤᠨ ᠮᠢᠩᠭᠠᠨ ᠴᠡᠷᠢᠭ ᠳᠠᠢᠴᠢᠯᠠᠨ ᠭᠠᠷᠢᠴᠢ ᠬᠦᠩ ᠮᠦᠰᠴᠡᠰᠯᠡᠸ ᠤᠳᠤᠷᠢᠳᠴᠤ ᠲᠠᠲ᠋ᠠᠷᠴᠤᠳ ᠤ᠋ᠨ ᠴᠥᠭᠡᠨ ᠴᠡᠷᠢᠭ ᠢ᠋ ᠰᠥᠨᠥᠭᠡᠮᠦᠢ ᠭᠡᠮᠡᠨ ᠪᠡᠯᠡᠳᠬᠡᠪᠡ ᠃ ᠰᠦᠪᠡᠭᠡᠲᠡᠢ ᠪᠠᠭᠠᠲᠤᠷ ᠂ ᠵᠡᠪᠡ ᠨᠣᠶᠠᠨ ᠬᠥᠭᠰᠢᠨ ᠵᠡᠮᠳᠡᠭ ᠴᠡᠷᠢᠭ ᠢ᠋ᠶ᠋ᠡᠨ ᠡᠮᠦᠨ᠎ᠡ ᠵᠢᠭᠰᠠᠭᠠᠵᠤ ᠳᠣᠷᠣᠢ ᠪᠠᠢᠳᠠᠯ ᠦᠵᠡᠭᠦᠯᠦᠨ ᠥᠳᠥᠭᠡᠭᠰᠡᠨ ᠳ᠋ᠦ᠍ᠷ ᠮᠦᠰᠴᠡᠰᠯᠡᠸ ᠮᠣᠩᠭᠣᠯᠴᠤᠳ ᠴᠥᠭᠡᠨ ᠪᠥᠭᠡᠳ ᠪᠠᠭᠤᠷᠠᠢ ᠭᠡᠮᠡᠨ ᠪᠠᠰᠤᠮᠵᠢᠯᠠᠵᠤ ᠰᠢᠭᠤᠳ ᠳᠠᠷᠤᠨ ᠣᠷᠣᠵᠤ ᠢᠷᠡᠭᠦᠷ ᠲᠣᠷ ᠮᠣᠩᠭᠣᠯᠴᠤᠳ ᠠᠴᠢᠶ᠎ᠠ ᠬᠥᠰᠬᠡ ᠪᠡᠨ ᠬᠠᠶᠠᠵᠤ ᠺᠯᠠᠺ ᠭᠣᠣᠯ ᠤᠷᠤᠭᠤ ᠪᠤᠷᠤᠭᠤᠯᠠᠪᠠᠢ ᠃ ᠮᠦᠰᠴᠡᠰᠯᠡᠸ ᠲᠠᠢᠯᠪᠠ ᠭᠡᠮᠡᠨ ᠲᠠᠯᠪᠢᠬᠤ ᠦᠭᠡᠢ ᠨᠡᠬᠡᠵᠦ ᠶᠠᠪᠤᠬᠤ ᠶ᠋ᠢᠨ ᠬᠠᠮᠲᠤ ᠮᠣᠩᠭᠣᠯᠴᠤᠳ ᠤ᠋ᠨ ᠬᠠᠶᠠᠵᠤ ᠣᠷᠬᠢᠭᠰᠠᠨ ᠠᠴᠢᠶ᠎ᠠ ᠬᠥᠰᠬᠡ ᠶ᠋ᠢ ᠪᠦᠯᠢᠶᠠᠯᠲᠤᠨ ᠵᠢᠭᠰᠠᠭᠠᠯ ᠡᠩᠨᠡᠭᠡ ᠦᠭᠡᠢ ᠳᠠᠪᠬᠢᠯᠳᠤᠵᠤ ᠪᠠᠢᠭᠠᠳ ᠮᠣᠩᠭᠣᠯᠴᠤᠳ ᠤ᠋ᠨ ᠪᠦᠭᠭᠦᠭᠰᠡᠨ ᠴᠡᠷᠢᠭ ᠦ᠋ᠨ ᠵᠢᠭᠰᠠᠭᠠᠯ ᠳ᠋ᠤᠷ ᠣᠷᠣᠵᠤ ᠬᠠᠪᠴᠢᠭᠳᠠᠨ ᠴᠣᠬᠢᠭᠳᠠᠭᠠᠳ ᠣᠯᠠᠨ ᠬᠥᠮᠦᠨ ᠴᠥᠮ ᠬᠡᠭᠦᠷ ᠪᠣᠯᠵᠤ ᠬᠣᠴᠣᠷᠪᠠ᠃
ᠲᠡᠳᠦᠢ ᠳ᠋ᠦ᠍ ᠣᠷᠣᠰ ᠤ᠋ᠨ ᠠᠷᠤ ᠶ᠋ᠢᠨ ᠴᠡᠷᠢᠭ ᠲᠠᠲ᠋ᠠᠷᠴᠤᠳ ᠢ᠋ ᠳᠡᠢᠯᠪᠡᠢ ᠭᠡᠮᠡᠨ ᠣᠯᠵᠠ ᠣᠯᠣᠰᠤᠭᠠᠢ ᠭᠡᠮᠡᠨ ᠠᠷᠤ ᠠᠷᠤ ᠠ᠋ᠴᠠ ᠪᠠᠨ ᠳᠠᠪᠬᠢᠵᠤ ᠪᠠᠢᠭᠠᠳ ᠡᠮᠦᠨ᠎ᠡ ᠴᠡᠷᠢᠭ ᠦ᠋ᠨ ᠪᠤᠴᠠᠵᠤ ᠳᠤᠲᠠᠭᠠᠬᠤ ᠬᠥᠯ ᠳ᠋ᠦ᠍ᠷ ᠳᠠᠭᠠᠷᠢᠭᠳᠠᠨ ᠰᠠᠮᠠᠭᠤᠷᠠᠪᠠ᠃ ᠮᠣᠩᠭᠣᠯᠴᠤᠳ ᠨᠡᠬᠡᠮᠵᠢᠯᠡᠨ ᠬᠦᠷᠴᠦ ᠢᠷᠡᠭᠡᠳ ᠵᠠᠬ᠎ᠠ ᠳᠠᠷᠠᠭᠠᠯᠠᠨ ᠴᠠᠪᠴᠢᠵᠤ ᠂ ᠰᠥᠨᠥᠭᠡᠪᠡ᠃ ᠵᠥᠪᠬᠡᠨ ᠺᠠᠶᠧᠧ ᠡᠴᠡ ᠢᠷᠡᠭᠰᠡᠨ ᠨᠢᠭᠡᠨ ᠰᠠᠯᠠᠭ᠎ᠠ ᠴᠡᠷᠢᠭ ᠢᠨᠦ ᠮᠣᠳᠣᠨ ᠬᠣᠲᠠ ᠳ᠋ᠠᠭᠠᠨ ᠣᠷᠣᠵᠤ ᠠᠮᠵᠢᠭᠰᠠᠨ ᠲᠤᠯᠠ ᠬᠡᠳᠦᠢᠪᠡᠷ ᠪᠦᠰᠡᠯᠡᠭᠳᠡᠨ ᠳ᠋ᠸᠨᠢᠶᠸᠪᠸᠷ ᠭᠣᠣᠯ ᠤᠷᠤᠭᠤ ᠰᠢᠬᠠᠭᠳᠠᠨ ᠰᠠᠨᠳᠤᠷᠤᠭᠰᠠᠨ ᠪᠣᠯᠪᠠᠴᠤ ᠶᠡᠬᠡ ᠬᠣᠬᠢᠷᠠᠭᠰᠠᠨ ᠦᠭᠡᠢ᠃
ᠮᠦᠬᠠᠮᠸᠳ᠋ ᠣᠷᠣᠬᠤ ᠭᠠᠵᠠᠷ ᠦᠭᠡᠢ ᠳᠤᠲᠠᠭᠠᠨ ᠶᠠᠪᠤᠭᠰᠠᠭᠠᠷ ᠳᠠᠭᠠᠬᠤ ᠠᠷᠠᠳ ᠠᠷᠪᠠ ᠬᠦᠷᠬᠦ ᠦᠭᠡᠢ᠃ ᠠᠷᠤ ᠠ᠋ᠴᠠ ᠰᠥᠪᠡᠭᠡᠲᠡᠢ ᠪᠠᠭᠠᠲᠤᠷ᠂ ᠵᠡᠪᠡ ᠨᠣᠶᠠᠨ ᠤ᠋ ᠴᠡᠷᠢᠭ ᠵᠠᠢ ᠲᠠᠯᠪᠢᠬᠤ ᠦᠭᠡᠢ ᠨᠡᠬᠡᠮᠵᠢᠯᠡᠬᠦᠢ ᠳ᠋ᠦ᠍ᠷ ᠶᠡᠬᠡᠳᠡ ᠭᠤᠳᠤᠷᠠᠨ ᠭᠡᠮᠰᠢᠵᠦ ᠴᠡᠷᠢᠭ ᠲᠡᠢᠨ ᠦ᠌ ᠬᠥᠯ ᠡᠴᠡ ᠰᠠᠯᠵᠤ ᠠᠮᠤᠷ ᠰᠠᠭᠤᠬᠤ ᠭᠠᠵᠠᠷ ᠣᠯᠰᠤᠭᠠᠢ ᠭᠡᠮᠡᠨ ᠰᠢᠳᠠᠷ ᠬᠥᠮᠦᠰ ᠲᠡᠭᠡᠨ ᠥᠭᠦᠯᠡᠪᠡᠰᠦ ᠰᠢᠳᠠᠷ ᠬᠥᠮᠦᠰ : 《 ᠡᠳᠦᠭᠡ ᠬᠤᠷᠸᠰᠮ ᠤ᠋ᠨ ᠪᠦᠬᠦ ᠨᠤᠲᠤᠭ ᠨᠢᠭᠡᠨᠲᠡ ᠵᠡᠭᠦᠦ ᠬᠠᠳᠬᠤᠬᠤ ᠡᠩᠬᠡ ᠭᠠᠵᠠᠷ ᠦᠭᠡᠢ ᠪᠣᠯᠪᠠᠢ᠃ ᠭᠠᠭᠴᠠᠬᠦ ᠺᠠᠰᠫᠢ ᠲᠠᠩᠭᠢᠰ ᠲᠤᠷ ᠨᠢᠭᠡᠨ ᠡᠵᠡᠭᠦᠢ ᠠᠷᠠᠯ ᠪᠣᠢ᠃ ᠲᠡᠨᠳᠡ ᠨᠢᠭᠤᠭᠳᠠᠨ ᠰᠠᠭᠤᠵᠤ ᠪᠣᠯᠤᠮᠤᠢ 》ᠭᠡᠮᠡᠨ ᠣᠩᠭᠣᠴᠠ ᠣᠯᠵᠤ ᠲᠡᠷᠡ ᠠᠷᠠᠯ ᠳ᠋ᠤᠷ ᠭᠠᠷᠴᠤ ᠢᠰᠡᠭᠡᠢ ᠭᠡᠷ ᠪᠠᠷᠢᠵᠤ ᠬᠣᠭᠣᠯᠠ ᠬᠦᠨᠡᠰᠦ ᠵᠡᠷᠭᠡ ᠶ᠋ᠢ ᠪᠡᠯᠡᠳᠬᠡᠨ ᠥᠭᠭᠦᠭᠰᠡᠨ ᠬᠣᠢᠨ᠎ᠠ ᠡᠵᠡᠨ ᠱᠠᠭ ᠮᠦᠬᠠᠮᠸᠳ᠋ ᠵᠡᠭᠦᠭᠰᠡᠨ ᠡᠷᠳᠡᠨᠢ ᠶ᠋ᠢᠨ ᠢᠯᠳᠦ ᠪᠡᠨ ᠰᠢᠳᠠᠷ ᠠᠷᠠᠳ ᠲᠠᠭᠠᠨ ᠥᠭᠴᠦ ᠥᠭᠦᠯᠡᠷᠦᠨ : 《ᠮᠢᠨᠦ ᠠᠯᠳᠠᠭᠰᠠᠨ ᠤᠯᠤᠰ ᠢ ᠰᠡᠷᠭᠦᠭᠡᠬᠦ ᠢᠨᠦ ᠮᠢᠨᠦ ᠶᠡᠬᠡ ᠬᠥᠪᠡᠭᠦᠨ ᠪᠤᠶᠤ᠃ ᠪᠢ ᠡᠳᠦᠭᠡ ᠡᠵᠡᠨ ᠰᠠᠭᠤᠷᠢᠨ ᠢ ᠲᠡᠭᠦᠨ ᠳ᠋ᠦ᠍ᠷ ᠲᠠᠯᠪᠢᠵᠤ ᠥᠭᠰᠦᠭᠡᠢ᠃ ᠡᠭᠦᠨ ᠡᠴᠡ ᠬᠣᠢᠰᠢ ᠤᠯᠤᠰ ᠳᠠᠶᠠᠭᠠᠷ ᠲᠡᠭᠦᠨ ᠦ᠌ ᠵᠠᠷᠯᠢᠭ ᠢ ᠬᠦᠯᠢᠶᠡᠨ ᠪᠦᠬᠦ ᠬᠦᠴᠦᠨ ᠢ᠋ᠶ᠋ᠡᠷ ᠢ᠋ᠶ᠋ᠡᠨ ᠵᠢᠳᠬᠦᠲᠦᠭᠡᠢ᠃ ᠲᠠ ᠨᠠᠷ ᠮᠢᠨᠦ ᠵᠠᠷᠯᠢᠭ ᠢ ᠠᠪᠴᠤ ᠤᠳᠤᠭᠲᠤᠨ᠃ ᠠᠯᠯᠠᠾ ᠲᠡᠭᠷᠢ ᠰᠣᠶᠣᠷᠬᠠᠮᠤ ! 》ᠬᠡᠮᠡᠵᠦ ᠠᠷᠪᠠᠨ ᠲᠠᠪᠤᠨ ᠬᠣᠨᠣᠭ ᠤ᠋ᠨ ᠳᠠᠷᠠᠭ᠎ᠠ ᠪᠤᠴᠠᠵᠤ ᠢᠷ᠎ᠡ ᠭᠡᠮᠡᠨ ᠪᠣᠯᠵᠣᠭᠠᠯᠠᠪᠠ᠃ ᠰᠢᠳᠠᠷ ᠠᠷᠠᠳ ᠵᠠᠷᠯᠢᠭ ᠢ᠋ ᠬᠦᠯᠢᠶᠡᠨ ᠵᠸᠯᠡᠯ ᠡᠳ᠋ ᠳ᠋ᠢᠨ ᠳ᠋ᠦ᠍ᠷ ᠤᠯᠠᠮᠵᠢᠯᠠᠬᠤ ᠪᠠᠷ ᠣᠩᠭᠣᠴᠠᠨ᠎ᠠ ᠭᠠᠷᠴᠤ ᠰᠠᠯᠵᠤ ᠶᠠᠪᠤᠬᠤᠢ ᠳ᠋ᠤᠷ ᠡᠵᠡᠨ ᠱᠠᠭ ᠮᠦᠬᠠᠮᠸᠳ᠋ ᠲᠠᠩᠭᠢᠰ ᠤ᠋ᠨ ᠡᠯᠡᠰᠦᠨ ᠠᠷᠠᠯ ᠳᠡᠭᠡᠷ᠎ᠡ ᠭᠠᠭᠴᠠ ᠪᠡᠶ᠎ᠡ ᠪᠡᠷ ᠥᠨᠥᠴᠢᠷᠡᠨ ᠬᠣᠴᠣᠷᠪᠠ᠃
ᠣᠩᠭᠣᠴᠠ ᠳᠠᠷᠪᠠᠭᠤᠯ ᠳᠦᠭᠦᠷᠡᠩ ᠰᠠᠯᠬᠢ ᠲᠠᠲᠠᠵᠤ ᠤᠨᠢᠶᠠᠷ ᠮᠠᠨᠠᠨ ᠲᠠᠲᠠᠭᠰᠠᠨ ᠴᠢᠨᠠᠳᠤ ᠬᠥᠬᠡ ᠠᠭᠤᠯᠠ ᠶ᠋ᠢᠨ ᠵᠦᠭ ᠮᠠᠰᠢ ᠲᠦᠷᠭᠡᠨ ᠬᠣᠯᠠᠳᠤᠨ ᠣᠳᠪᠠᠢ᠃ ᠨᠢᠭᠡᠨ ᠦᠶ᠎ᠡ ᠶ᠋ᠢᠨ ᠶᠡᠬᠡ ᠤᠯᠤᠰ ᠤ᠋ᠨ ᠡᠵᠡᠨ ᠪᠠᠢᠭᠰᠠᠨ ᠡᠷᠬᠡ ᠰᠦᠷ ᠲᠠᠩᠭᠢᠰ ᠢ᠋ ᠢᠯᠪᠢᠨ ᠥᠩᠭᠡᠷᠡᠬᠦ ᠬᠣᠩᠭᠣᠷ ᠰᠠᠯᠬᠢᠨ ᠮᠡᠲᠦ ᠣᠷᠣ ᠮᠥᠷ ᠦᠭᠡᠢ ᠪᠣᠯᠪᠠᠢ᠃ ᠮᠦᠬᠠᠮᠸᠳ᠋ ᠡᠳᠦᠭᠡ᠂ ᠰᠡᠭᠦᠳᠡᠷ ᠡᠴᠡ ᠪᠡᠨ ᠥᠭᠡᠷ᠎ᠡ ᠬᠠᠨᠢ ᠦᠭᠡᠢ᠂ ᠵᠡᠭᠦᠳᠦᠨ ᠡᠴᠡ ᠪᠡᠨ ᠥᠭᠡᠷ᠎ᠡ ᠵᠢᠷᠭᠠᠯ ᠦᠭᠡᠢ᠂ ᠲᠣᠭᠣᠭ᠎ᠠ ᠰᠢᠨᠠᠭ᠎ᠠ ᠬᠥᠳᠡᠯᠭᠡᠵᠦ ᠬᠣᠭᠣᠯᠠ ᠴᠠᠢ ᠬᠢᠬᠦᠢ ᠳ᠋ᠦ᠍ᠷ ᠬᠦᠷᠴᠡᠢ᠃
ᠵᠣᠪᠠᠯᠠᠩ ᠢᠷᠡᠪᠡᠰᠦ ᠳᠠᠪᠬᠤᠷ ᠬᠡᠮᠡᠭᠰᠡᠨ ᠢ᠋ᠶ᠋ᠡᠷ ᠡᠨᠡ ᠠᠷᠠᠯ ᠳ᠋ᠤᠷ ᠤᠶᠣᠮᠤᠨ ᠭᠡᠳᠡᠭ ᠠᠯᠯᠠᠾ ᠲᠡᠭᠷᠢ ᠶ᠋ᠢᠨ ᠰᠢᠳᠬᠡᠯ ᠢ᠋ ᠬᠦᠯᠢᠶᠡᠭᠰᠡᠨ ᠦᠯᠦ ᠡᠳᠡᠭᠡᠬᠦ ᠬᠠᠯᠳᠠᠪᠤᠷᠢᠲᠤ ᠶᠠᠷ᠎ᠠ ᠡᠪᠡᠳᠴᠢᠲᠡᠨ ᠨᠢᠭᠤᠭᠳᠠᠵᠤ ᠪᠠᠢᠭᠰᠠᠨ ᠠᠵᠢ᠃ ᠢᠢᠮᠦ ᠡᠪᠡᠳᠴᠢᠲᠡᠨ ᠡᠷᠡᠭᠦᠯ ᠬᠥᠮᠦᠨ ᠳ᠋ᠦ᠍ᠷ ᠲᠣᠬᠢᠶᠠᠯᠳᠤᠪᠠᠰᠤ ᠠᠮᠢᠳᠤ ᠪᠠᠷ ᠰᠢᠲᠠᠭᠠᠬᠤ ᠲᠤᠯᠠ ᠡᠨᠡ ᠡᠵᠡᠭᠦᠢ ᠠᠷᠠᠯ ᠳ᠋ᠤᠷ ᠢᠷᠡᠵᠦ ᠦᠬᠦᠬᠦ ᠪᠡᠨ ᠬᠦᠯᠢᠶᠡᠬᠦ ᠠᠵᠢ᠃ ᠮᠦᠬᠠᠮᠸᠳ᠋ ᠲᠠᠩᠭᠢᠰ ᠤ᠋ᠨ ᠬᠥᠪᠡᠭᠡᠨ ᠳ᠋ᠦ᠍ᠷ ᠵᠣᠭᠰᠣᠵᠤ ᠶᠡᠬᠡ ᠶᠠᠭᠤᠮ᠎ᠠ ᠪᠣᠳᠣᠵᠤ ᠠᠬᠤᠢ ᠳ᠋ᠤᠷ ᠲᠡᠭᠦᠨ ᠤ ᠴᠠᠭᠠᠨ ᠭᠡᠷ ᠢ᠋ ᠡᠳᠡᠭᠡᠷ ᠤᠶᠤᠮᠤᠨ ᠡᠪᠡᠳᠴᠢᠲᠡᠨ ᠡᠵᠡᠯᠡᠨ ᠠᠪᠤᠭᠠᠳ ᠮᠦᠬᠠᠮᠸᠳ᠋ ᠬᠦᠷᠴᠦ ᠢᠷᠠᠪᠠᠰᠤ ᠤᠷᠤᠭᠤᠯ ᠢᠯᠵᠢᠷᠬᠡᠢ ᠨᠢᠭᠡ ᠬᠠᠷ᠎ᠠ ᠡᠷ᠎ᠡ ᠲᠤᠰᠢᠶᠠᠵᠤ ᠥᠭᠦᠯᠡᠷᠦᠨ :《ᠡᠨᠡ ᠠᠷᠠᠯ ᠳ᠋ᠤᠷ ᠢᠷᠡᠭᠰᠡᠨ ᠴᠥᠮ ᠨᠠᠳᠤᠷ ᠵᠠᠬᠢᠷᠤᠭᠳᠠᠮᠤᠢ ᠃ ᠴᠢ ᠪᠣᠯ ᠡᠨᠡ ᠠᠷᠠᠯ ᠳᠡᠭᠡᠷᠡᠬᠢ ᠭᠠᠭᠴᠠ ᠡᠷᠡᠭᠦᠯ ᠬᠥᠮᠦᠨ ᠲᠤᠯᠠ ᠤᠰᠤ ᠲᠦᠯᠡᠭᠡ ᠣᠢᠷᠠᠲᠤᠭᠤᠯᠬᠤ ᠪᠠ ᠵᠢᠭᠠᠰᠤᠨ ᠳ᠋ᠤᠷ ᠲᠣᠣᠷ ᠲᠠᠯᠪᠢᠬᠤ ᠠᠵᠢᠯ ᠢ᠋ ᠭᠦᠢᠴᠡᠳᠭᠡ ! 》ᠬᠡᠮᠡᠭᠡᠳ ᠪᠠᠰᠠ 《ᠡᠵᠡᠨ ᠱᠠᠭ ᠬᠡᠮᠡᠭᠴᠢ ᠲᠡᠭᠷᠢ ᠶ᠋ᠢᠨ ᠬᠥᠮᠦᠨ ᠲᠤᠯᠠ ᠬᠤᠪᠴᠠᠰᠤ ᠴᠢᠨᠦ ᠮᠠᠨ ᠤ᠋ ᠡᠪᠡᠳᠴᠢᠨ ᠢ᠋ ᠡᠳᠡᠭᠡᠵᠦ ᠪᠣᠯᠬᠤ ᠮᠠᠭᠠᠳ ᠲᠤᠯᠠ ᠲᠠᠢᠯᠵᠤ ᠣᠷᠭᠢ 》ᠭᠡᠮᠡᠨ ᠭᠠᠷ ᠬᠥᠳᠡᠯᠬᠦᠢ ᠳ᠋ᠦ᠍ᠷ ᠮᠦᠬᠠᠮᠸᠳ᠋ ᠡᠳᠡᠭᠡᠷ ᠳᠥᠷᠪᠡᠨ ᠮᠥᠴᠢ ᠲᠠᠪᠤᠨ ᠡᠷᠬᠡᠲᠡᠨ ᠪᠦᠷᠢᠨ ᠦᠭᠡᠢ ᠴᠢᠰᠤ ᠨᠥᠵᠢ ᠪᠡᠨ ᠭᠣᠭᠣᠵᠢᠭᠤᠯᠬᠤ ᠠᠮᠢᠳᠤ ᠴᠢᠳᠬᠥᠷ ᠡᠴᠡ ᠰᠠᠯᠤᠰᠣᠭᠠᠢ ᠭᠡᠮᠡᠨ ᠳᠤᠲᠠᠭᠠᠨ ᠶᠠᠪᠤᠵᠤ ᠲᠠᠩᠭᠢᠰ ᠤ᠋ᠨ ᠬᠥᠪᠡᠭᠡᠨ ᠳ᠋ᠦ᠍ᠷ ᠭᠠᠯ ᠲᠠᠯᠪᠢᠵᠤ ᠬᠠᠷ᠎ᠠ ᠤᠲᠤᠭ᠎ᠠ ᠪᠠᠭᠠᠭᠢᠭᠤᠯᠤᠨ ᠰᠠᠭᠤᠮᠤᠢ᠃ ᠣᠩᠭᠣᠴᠠ ᠶ᠋ᠢᠨ ᠬᠥᠮᠦᠰ ᠤᠲᠤᠭ᠎ᠠ ᠶ᠋ᠢ ᠦᠵᠡᠪᠡᠰᠦ ᠪᠤᠴᠠᠬᠤ ᠮᠠᠭᠠᠳ ᠭᠡᠮᠡᠨ ᠰᠠᠨᠠᠭᠰᠠᠨ ᠪᠣᠯᠤᠯᠲᠠᠢ᠃
ᠠᠷᠪᠠᠨ ᠲᠠᠪᠤᠨ ᠬᠣᠨᠣᠭ ᠪᠣᠯᠵᠤ ᠰᠢᠳᠠᠷᠴᠤᠳ ᠠᠨᠤ ᠵᠠᠷᠯᠢᠭ ᠢ᠋ ᠭᠦᠢᠴᠡᠳᠬᠡᠨ ᠬᠣᠷᠸᠰᠮ ᠤ᠋ᠨ ᠡᠵᠡᠨ ᠦ᠌ ᠶᠡᠬᠡ ᠵᠠᠩᠵᠤᠨ ᠲᠡᠮᠦᠷ ᠮᠸᠯᠢᠭ᠌ ᠦ᠋ᠨ ᠬᠠᠮᠲᠤ ᠬᠡᠳᠦᠨ ᠠᠷᠪᠠᠨ ᠰᠠᠢᠨ ᠡᠷᠡᠰ ᠢ᠋ ᠠᠪᠴᠤ ᠶᠡᠬᠡ ᠰᠦᠯᠲᠠᠨ ᠳ᠋ᠠᠭᠡᠨ ᠪᠠᠷᠠᠭᠠᠯᠰᠤᠭᠠᠢ ᠭᠡᠮᠡᠨ ᠢᠷᠠᠪᠠᠰᠤ ᠮᠦᠬᠠᠮᠸᠳ᠋ ᠡᠵᠡᠨ ᠡᠯᠡᠰᠦᠨ ᠳᠣᠪᠣ ᠳᠡᠭᠡᠷ᠎ᠡ ᠴᠡᠷᠮᠡᠨ ᠨᠢᠴᠦᠭᠦᠨ ᠢ᠋ᠶ᠋ᠡᠷ ᠲᠠᠩᠭᠢᠰ ᠤ᠋ᠨ ᠴᠢᠨᠠᠳᠤ ᠬᠥᠪᠡᠭᠡᠨ ᠢ᠋ ᠬᠠᠷᠠᠭᠰᠠᠭᠠᠷ ᠬᠡᠪᠲᠡᠮᠦᠢ᠃ ᠨᠢᠭᠡᠨ ᠨᠢᠳᠦ ᠶ᠋ᠢ ᠬᠡᠷᠢᠶ᠎ᠡ ᠳᠤᠩᠰᠢᠵᠤᠬᠤᠢ᠂ ᠨᠥᠭᠥᠭᠡ ᠨᠢᠭᠡᠨ ᠨᠢᠳᠦ ᠠᠨᠤ ᠠᠮᠢᠳᠤ ᠰᠢᠭ᠋ ᠬᠡᠷᠡᠯᠳᠦᠵᠦ ᠰᠢᠳᠠᠷᠴᠤᠳ ᠢ᠋ᠶ᠋ᠠᠨ ᠬᠠᠷᠠᠵᠤ ᠭᠣᠮᠣᠳᠠᠯ ᠢ᠋ᠶ᠋ᠠᠨ ᠶᠠᠷᠢᠰᠤᠭᠠᠢ ᠬᠡᠮᠡᠬᠦ ᠮᠡᠲᠦ ᠬᠠᠷᠠᠭᠳᠠᠮᠤᠢ᠃ ᠨᠢᠭᠡᠨᠲᠡ ᠦᠬᠦᠭᠡᠳ ᠤᠳᠠᠪᠠ᠃ ᠪᠦᠭᠦᠳᠡᠭᠡᠷ ᠭᠠᠢᠬᠠᠵᠤ ᠳᠣᠲᠣᠭᠰᠢ ᠶᠠᠪᠤᠪᠠᠰᠤ ᠮᠦᠬᠠᠮᠸᠳ᠋ ᠤ᠋ᠨ ᠬᠤᠪᠴᠠᠰᠤ ᠶ᠋ᠢ ᠡᠮᠦᠰᠴᠦ ᠶᠠᠪᠤᠭ᠎ᠠ ᠤᠶᠤᠮᠤᠨ ᠡᠪᠡᠳᠴᠢᠲᠡᠨ ᠦ᠌ ᠠᠬᠠᠠᠯᠠᠭᠴᠢ ᠶ᠋ᠢ ᠣᠯᠵᠤ ᠦᠵᠡᠭᠡᠳ ᠤᠴᠢᠷ ᠢ᠋ ᠠᠰᠠᠭᠤᠬᠤ ᠦᠭᠡᠢ ᠣᠯᠵᠤ ᠮᠡᠳᠡᠪᠡ᠃ ᠲᠡᠮᠦᠷ ᠮᠧᠯᠢᠭ᠌ ᠰᠡᠯᠡᠮ᠎ᠡ ᠪᠤᠵᠠᠷᠯᠠᠬᠤ ᠭᠡᠮᠡᠨ ᠥᠷᠭᠡᠨ ᠬᠣᠰᠢᠭᠤᠲᠤ ᠰᠤᠮᠤ ᠪᠠᠷ ᠭᠡᠳᠡᠰᠦ ᠪᠡᠷ ᠠᠨᠤ ᠲᠠᠰᠤ ᠬᠠᠷᠪᠤᠵᠤ ᠠᠯᠠᠭᠠᠳ ᠪᠤᠰᠤᠳ ᠢ᠋ ᠴᠥᠮ ᠬᠢᠳᠤᠰᠤᠭᠠᠢ ᠬᠡᠮᠡᠪᠡᠰᠦ ᠲᠡᠮᠦᠷ ᠮᠧᠯᠢᠭ᠌ ᠬᠣᠷᠢᠭᠯᠠᠵᠤ ᠠᠯᠯᠠᠾ ᠲᠡᠭᠷᠢ ᠨᠢᠭᠡᠨᠲᠡ ᠡᠢᠨ ᠰᠢᠳᠬᠡᠪᠡ ᠭᠡᠮᠡᠨ ᠡᠯᠡᠰᠦ ᠶ᠋ᠢ ᠬᠣᠩᠬᠣᠢᠯᠠᠨ ᠡᠵᠡᠨ ᠬᠠᠭᠠᠨ ᠢ᠋ᠶ᠋ᠠᠨ ᠬᠠᠰᠢ ᠶᠠᠰᠢ ᠣᠷᠣᠰᠢᠭᠤᠯᠵᠤ ᠭᠡᠮᠰᠢᠵᠦ ᠥᠭᠦᠯᠡᠷᠦᠨ :《ᠠᠭᠠᠷ ᠲᠡᠭᠷᠢ ᠳ᠋ᠦ᠍ᠷ ᠳᠡᠭᠦᠯᠢᠬᠦ ᠪᠦᠷᠭᠦᠳ ᠮᠡᠲᠦ ᠂ ᠥᠨᠳᠥᠷ ᠠᠯᠠᠭ ᠣᠢ ᠳ᠋ᠤᠷ ᠣᠷᠬᠢᠷᠠᠬᠤ ᠪᠠᠷᠰ ᠮᠡᠲᠦ ᠬᠦᠴᠦᠷᠬᠡᠭ ᠂ ᠪᠦᠬᠦ ᠳᠡᠯᠡᠬᠡᠢ ᠶ᠋ᠢ ᠳᠠᠭᠠᠭᠤᠯᠬᠤ ᠶᠡᠬᠡ ᠴᠡᠷᠢᠭ ᠲᠡᠢ ᠯᠠᠯᠤ ᠶ᠋ᠢᠨ ᠡᠵᠡᠳ ᠦ᠋ᠨ ᠬᠠᠮᠤᠭ ᠤ᠋ᠨ ᠬᠦᠴᠦᠷᠬᠡᠭ ᠬᠡᠮᠡᠭᠳᠡᠨ ᠰᠢᠲᠦᠭᠳᠡᠵᠦ ᠪᠠᠢᠢᠭᠰᠠᠨ ᠡᠵᠡᠨ ᠱᠠᠭ ᠮᠦᠬᠠᠮᠸᠳ᠋ ᠡᠴᠦᠰ ᠲᠡᠭᠡᠨ ᠲᠣᠯᠣᠭᠠᠢ ᠳᠡᠭᠡᠷ᠎ᠡ ᠢᠨᠦ ᠰᠠᠭᠤᠭᠰᠠᠨ ᠬᠡᠷᠢᠶ᠎ᠡ ᠶ᠋ᠢ ᠭᠠᠷ ᠡᠷᠭᠦᠨ ᠦᠷᠭᠦᠭᠡᠬᠦ ᠴᠢᠳᠠᠯ ᠦᠭᠡᠢ᠃ ᠡᠮᠦᠰᠴᠦ ᠶᠠᠪᠤᠭᠰᠠᠨ ᠬᠤᠪᠴᠠᠰᠤᠨ ᠳ᠋ᠠᠭᠠᠨ ᠡᠵᠡᠨ ᠪᠣᠯᠵᠤ ᠴᠢᠳᠠᠬᠤ ᠦᠭᠡᠢ ᠭᠤᠲᠤᠮᠰᠢᠭ ᠢ᠋ᠶ᠋ᠠᠷ ᠶᠢᠷᠲᠢᠨᠴᠦ ᠡᠴᠡ ᠠᠩᠭᠢᠵᠢᠷᠠᠭᠰᠠᠨ ᠠᠨᠤ ᠡᠨᠡ ᠪᠤᠶᠤ ? 》ᠭᠡᠮᠡᠨ ᠨᠠᠰᠤ ᠪᠠᠷ ᠢ᠋ᠶ᠋ᠠᠨ ᠡᠢᠮᠦ ᠨᠢᠭᠡ ᠠᠮᠢᠲᠠᠨ ᠳ᠋ᠤᠷ ᠵᠢᠳᠬᠦᠭᠰᠡᠨ ᠳ᠋ᠡᠭᠡᠨ ᠭᠤᠲᠤᠷᠠᠵᠤ ᠺᠠᠰᠫᠢ ᠲᠠᠩᠭᠢᠰ ᠠ᠋ᠴᠠ ᠶᠠᠭᠠᠷᠠᠨ ᠵᠠᠢᠯᠠᠵᠤ ᠵᠸᠯᠠᠯ ᠡᠳ᠋ ᠳ᠋ᠢᠨ ᠳ᠋ᠦ᠍ᠷ ᠡᠨᠡ ᠶᠠᠪᠤᠳᠠᠯ ᠢ᠋ ᠮᠡᠳᠡᠭᠦᠯᠬᠦ ᠪᠡᠷ ᠶᠠᠪᠤᠪᠠ᠃
ᠮᠦᠬᠠᠮᠸᠳ᠋ ᠤ᠋ᠨ ᠨᠢᠭᠡᠨᠲᠡ ᠦᠬᠦᠭᠰᠡᠨ ᠮᠡᠳᠡᠭᠡ ᠶ᠋ᠢ ᠣᠯᠵᠤ ᠰᠦᠪᠡᠭᠡᠳᠡᠢ ᠪᠠᠭᠠᠲᠤᠷ᠂ ᠵᠡᠪᠡ ᠨᠣᠶᠠᠨ ᠮᠣᠷᠢᠨ ᠵᠢᠯᠣᠭᠣ ᠪᠠᠨ ᠨᠢᠴᠤᠨ ᠲᠠᠲᠠᠪᠠ᠃ ᠵᠠᠮ ᠵᠠᠭᠤᠷ᠎ᠠ ᠪᠠᠨ ᠢᠵᠢᠯ ᠮᠥᠷᠡᠨ ᠦ᠌ ᠳᠡᠭᠡᠳᠦ ᠵᠠᠬ᠎ᠠ ᠶ᠋ᠢᠨ ᠶᠡᠬᠡ ᠪᠣᠯᠭᠠᠷᠢ ᠤᠯᠤᠰ ᠢ᠋ ᠳᠠᠭᠠᠭᠤᠯᠤᠨ ᠡᠵᠡᠯᠡᠪᠡ᠃ ᠬᠠᠷᠠᠮᠰᠠᠯᠲᠠᠢ ᠠᠨᠤ ᠡᠵᠡᠨ ᠦ᠌ ᠳᠥᠷᠪᠡᠨ ᠥᠷᠯᠥᠭ ᠦ᠋ᠨ ᠨᠢᠭᠡ ᠢᠨᠦ ᠵᠡᠪᠡ ᠨᠣᠶᠠᠨ ᠵᠠᠮ ᠵᠠᠭᠤᠷ᠎ᠠ ᠪᠠᠨ ᠭᠡᠨᠡᠳᠲᠡ ᠡᠪᠡᠳᠴᠢᠯᠡᠨ ᠪᠣᠭᠳᠠ ᠡᠵᠡᠨ ᠳ᠋ᠦ᠍ᠷ ᠪᠠᠷᠠᠭᠠᠯᠠᠵᠤ ᠴᠢᠳᠠᠭᠰᠠᠨ ᠦᠭᠡᠢ ᠬᠡᠮᠡᠪᠡ᠃
ᠲᠡᠳᠦᠢ ᠳ᠋ᠦ᠍ᠷ ᠂ ᠵᠸᠯᠡᠯ ᠡᠳ᠋ ᠳ᠋ᠢᠨ ᠨᠡᠢᠰᠯᠡᠯ ᠥᠷᠭᠡᠭᠴᠢ ᠬᠣᠲᠠᠨ ᠳ᠋ᠤᠷ ᠡᠴᠢᠭᠡ ᠶ᠋ᠢᠨ ᠢ᠋ᠶ᠋ᠡᠨ ᠦᠬᠦᠭᠰᠡᠨ ᠢ᠋ ᠰᠣᠨᠣᠰᠴᠤ ᠮᠠᠰᠢ ᠭᠠᠰᠢᠭᠤᠳᠠᠨ ᠰᠠᠭᠤᠷᠢᠨ ᠢ᠋ ᠵᠠᠯᠭᠠᠮᠵᠢᠯᠠᠨ ᠡᠴᠢᠭᠡ ᠪᠡᠨ ᠰᠢᠨᠡᠳᠬᠡᠨ ᠣᠷᠣᠰᠢᠭᠤᠯᠰᠤᠭᠠᠢ ᠭᠡᠮᠡᠨ ᠪᠦᠬᠦᠢ ᠳ᠋ᠦ᠍ᠷ ᠨᠢᠭᠡᠨᠲᠡ ᠮᠣᠩᠭᠣᠯ ᠤ᠋ᠨ ᠡᠵᠡᠨ ᠳ᠋ᠦ᠍ᠷ ᠲᠤᠰᠢᠶᠠᠬᠤ ᠪᠠᠷ ᠬᠡᠭᠦᠷ ᠢ ᠨᠢᠭᠡᠨᠲᠡ ᠠᠪᠴᠤ ᠶᠠᠪᠤᠭᠰᠠᠨ ᠪᠠ ᠪᠦᠬᠠᠷ ᠂ ᠰᠠᠮᠡᠷᠺᠠᠨᠳ᠋ ᠤ᠋ᠨ ᠳᠠᠷᠠᠭ᠎ᠠ ᠬᠡᠳᠦᠨ ᠰᠠᠷ᠎ᠠ ᠪᠦᠰᠡᠯᠡᠭᠳᠡᠭᠡᠳ ᠤᠲ᠋ᠷᠠᠷ ᠠᠪᠲᠠᠵᠤ ᠢᠨᠠᠯᠴᠠᠭ ᠢ᠋ ᠠᠮᠢᠳᠤ ᠪᠠᠷᠢᠵᠤ ᠶᠡᠬᠡ ᠴᠡᠷᠢᠭ ᠨᠡᠢᠰᠯᠡᠯ ᠥᠷᠭᠡᠭᠴᠢ ᠶ᠋ᠢ ᠠᠪᠬᠤ ᠪᠠᠷ ᠠᠢᠰᠤᠢ ᠭᠡᠮᠡᠨ ᠰᠣᠨᠣᠰᠤᠭᠠᠳ ᠥᠨᠥᠴᠢᠨ ᠬᠣᠲᠠ ᠶ᠋ᠢ ᠰᠠᠬᠢᠪᠠᠴᠤ ᠠᠰᠢᠭ ᠦᠭᠡᠢ ᠭᠡᠮᠡᠨ ᠶᠢᠰᠦᠨ ᠲᠦᠮᠡᠨ ᠴᠡᠷᠢᠭ ᠦᠯᠡᠳᠡᠭᠡᠵᠦ ᠪᠢ ᠭᠠᠳᠠᠨ᠎ᠠ ᠠ᠋ᠴᠠ ᠲᠤᠰᠠᠯᠠᠮᠤᠢ ᠭᠡᠮᠡᠨ ᠬᠡᠳᠦᠨ ᠵᠠᠭᠤᠨ ᠲᠦᠷᠺᠠᠮᠸᠨ ᠴᠡᠷᠢᠭ ᠳᠠᠭᠠᠭᠤᠯᠤᠨ ᠬᠠᠷᠠᠺᠥᠮ ᠦ᠋ᠨ ᠮᠠᠩᠬ᠎ᠠ ᠶ᠋ᠢ ᠵᠡᠭᠦᠨᠰᠢ ᠲᠤᠭᠤᠯᠵᠤ ᠨᠸᠰ ᠬᠣᠲᠠ ᠶ᠋ᠢ ᠴᠢᠭᠯᠡᠪᠡ ᠃ ᠭᠡᠲᠡᠯ᠎ᠡ ᠨᠸᠰ ᠬᠣᠲᠠ ᠨᠢᠭᠡᠨᠲᠡ ᠮᠣᠩᠭᠣᠯᠴᠤᠳ ᠲᠤᠷ ᠡᠵᠡᠯᠡᠭᠳᠡᠭᠰᠡᠨ ᠲᠤᠯᠠ ᠠᠷᠭ᠎ᠠ ᠪᠤᠰᠤ ᠪᠦᠬᠦᠢ ᠳ᠋ᠦ᠍ᠷ ᠺᠣᠫᠸᠲ - ᠳ᠋ᠠᠭ ᠠᠭᠤᠯᠠ ᠶ᠋ᠢᠨ ᠪᠠᠯ ᠳ᠋ᠤᠷ ᠴᠥᠭᠡᠨ ᠮᠣᠩᠭᠣᠯ ᠴᠡᠷᠢᠭ ᠪᠠᠭᠤᠳᠠᠯᠯᠠᠨ ᠪᠦᠬᠦᠢ ᠶ᠋ᠢ ᠮᠡᠳᠡᠭᠡᠳ ᠰᠥᠨᠢ ᠴᠡᠷᠢᠭ ᠦ᠋ᠨ ᠬᠦᠷᠢᠶᠡᠨ ᠢ᠋ ᠢᠨᠤ ᠳᠠᠷᠤᠵᠤ ᠲᠤᠯᠭᠠᠮ᠎ᠠ ᠴᠠᠪᠴᠢᠯᠳᠤᠵᠤ ᠠᠭᠠᠳ ᠥᠪᠡᠷᠰᠡᠳ ᠦ᠋ᠨ ᠶᠠᠳᠠᠷᠠᠭᠰᠠᠨ ᠠᠭᠲᠠ ᠪᠠᠨ ᠬᠠᠶᠠᠵᠤ ᠮᠣᠩᠭᠣᠯᠴᠤᠳ ᠤ᠋ᠨ ᠲᠠᠷᠭᠤᠨ ᠴᠠᠳᠬᠤᠯᠠᠩ ᠠᠭᠲᠠ ᠶ᠋ᠢ ᠪᠤᠯᠢᠶᠠᠨ ᠤᠨᠤᠵᠤ ᠠᠭᠤᠯᠠ ᠶ᠋ᠢᠨ ᠴᠤᠪᠤᠭ᠎ᠠ ᠵᠠᠮ ᠢ᠋ᠶ᠋ᠠᠷ ᠨᠢᠱᠠᠫᠤᠷ ᠬᠣᠲᠠ ᠶ᠋ᠢ ᠴᠢᠭᠯᠡᠨ ᠳᠤᠲᠠᠭᠠᠪᠠ ᠃ ᠶᠠᠭ ᠡᠨᠡ ᠦᠶ᠎ᠡ ᠲᠡᠭᠦᠨ ᠦ᠌ ᠳᠡᠭᠦᠦ ᠤᠽᠠᠯᠢᠭ᠋ ᠱᠠᠭ ᠂ ᠠᠺᠠ ᠱᠠᠭ ᠬᠣᠶᠠᠭᠤᠯᠠ ᠭᠡᠷ ᠦ᠋ᠨ ᠣᠯᠠᠨ ᠢ᠋ᠶ᠋ᠠᠨ ᠠᠪᠴᠤ ᠨᠸᠰ ᠬᠣᠲᠠᠨ ᠳ᠋ᠤᠷ ᠠᠬ᠎ᠠ ᠪᠠᠨ ᠡᠷᠢᠷ᠎ᠡ ᠢᠷᠡᠭᠡᠳ ᠮᠣᠩᠭᠣᠯᠴᠤᠳ ᠤ᠋ᠨ ᠬᠢᠯᠢᠩ ᠳ᠋ᠦ᠍ᠷ ᠲᠣᠬᠢᠶᠠᠯᠳᠤᠨ ᠴᠥᠮ ᠠᠯᠠᠭᠳᠠᠪᠠ᠃
ᠡᠵᠡᠨ ᠱᠠᠭ ᠵᠸᠯᠡᠯ ᠡᠳ᠋ ᠳ᠋ᠶ᠋ᠨ ᠨᠢᠱᠠᠫᠤᠷ ᠬᠣᠲᠠ ᠪᠠᠷ ᠥᠩᠭᠡᠷᠡᠨ ᠵᠦᠽᠠᠨ ᠺᠸᠤᠷᠲ ᠮᠣᠵᠢ ᠶ᠋ᠢ ᠬᠥᠨᠳᠡᠯᠡᠨ ᠲᠤᠭᠤᠯᠵᠤ ᠪᠦᠰᠲ ᠬᠤᠳᠠᠨ᠎ᠠ ᠬᠦᠷᠴᠦ ᠢᠷᠡᠭᠡᠳ ᠡᠵᠡᠨ ᠱᠠᠭ ᠮᠥᠬᠠᠮᠸᠳ᠋ ᠤ᠋ᠨ ᠰᠠᠷᠨᠢᠭᠰᠠᠨ ᠴᠡᠷᠢᠭ ᠢ᠋ ᠴᠤᠭᠯᠠᠭᠤᠯᠵᠤ ᠨᠡᠯᠢᠶᠡᠳ ᠬᠥᠮᠦᠨ ᠲᠡᠢ ᠪᠣᠯᠵᠤ ᠪᠠᠰᠠ ᠠᠯᠢᠨ ᠂ ᠠᠯ ᠂ ᠮᠥᠯᠺᠠ ᠶ᠋ᠢᠨ ᠴᠡᠷᠢᠭ ᠲᠡᠢ ᠨᠡᠢᠯᠡᠭᠡᠳ ᠴᠢᠨᠠᠭᠰᠢᠳᠠ ᠡᠵᠡᠨ ᠪᠣᠯᠵᠤ ᠰᠠᠭᠤᠬᠤ ᠠ᠋ᠴᠠ ᠡᠮᠦᠨ᠎ᠡ ᠥᠮᠴᠢᠯᠡᠵᠦ ᠪᠠᠢᠭᠰᠠᠨ ᠺᠠᠨᠽᠠᠨ ᠬᠣᠲᠠᠨ ᠳ᠋ᠤᠷ ᠬᠦᠷᠴᠦ ᠣᠯᠠᠨ ᠨᠣᠶᠠᠳ ᠲᠦᠰᠢᠮᠡᠳ ᠡᠴᠡ ᠰᠢᠳᠤᠷᠭᠤ ᠪᠠᠲᠤ ᠶ᠋ᠢ ᠰᠠᠬᠢᠬᠤ ᠲᠠᠩᠭᠠᠷᠢᠭ ᠢ᠋ ᠠᠪᠴᠤ ᠡᠭᠦᠨ ᠦ᠌ ᠳᠡᠭᠡᠷ᠎ᠡ ᠠᠸᠭᠠᠨ ᠂ ᠬᠠᠷᠯᠢᠭ᠋ ᠬᠣᠶᠠᠷ ᠠᠢᠮᠠᠭ ᠴᠡᠷᠢᠭ ᠢᠷᠡᠵᠦ ᠨᠡᠢᠯᠡᠭᠰᠡᠨ ᠳ᠋ᠦ᠍ᠷ ᠮᠣᠷᠢ ᠲᠠᠢ ᠶᠠᠪᠠᠭᠠᠨ ᠨᠠᠢ᠍ᠮᠠᠨ ᠲᠦᠮᠡ ᠢᠯᠡᠭᠦᠦ ᠣᠯᠠᠨ ᠲᠠᠢ ᠪᠣᠯᠪᠠᠢ᠃ ᠲᠡᠨᠳᠡ ᠡᠴᠡ ᠯᠥᠭᠠᠷ ᠭᠣᠣᠯ ᠥᠭᠡᠳᠡᠯᠡᠨ ᠫᠸᠷᠸᠠᠨ ᠬᠣᠲᠠᠨ ᠤ᠋ ᠳᠡᠷᠭᠡᠳᠡ ᠪᠠᠭᠤᠳᠠᠯᠯᠠᠭᠰᠠᠨ ᠲᠦᠷᠺᠠᠰᠲ᠋ᠠᠨᠴᠤᠳ ᠢ᠋ ᠣᠯᠵᠠᠯᠠᠨ ᠸᠠᠷᠢᠶᠠᠨ ᠴᠠᠢᠵᠠ ᠶ᠋ᠢ ᠪᠠᠢᠯᠳᠤᠵᠤ ᠪᠠᠢᠭᠰᠠᠨ ᠮᠤᠬᠠᠵᠢᠭ ᠮᠢᠩᠭᠠᠨ ᠤ᠋ ᠴᠡᠷᠢᠭ ᠢ᠋ ᠳᠠᠭᠠᠷᠢᠨ ᠴᠥᠬᠢᠪᠠᠢ ᠃ ᠮᠤᠬᠠᠵᠢᠭ ᠮᠢᠩᠭᠠᠨ ᠨᠡᠯᠢᠶᠡᠳ ᠬᠥᠮᠦᠨ ᠢ᠋ᠶ᠋ᠡᠨ ᠠᠪᠲᠠᠵᠤ ᠠᠷᠠᠢ ᠭᠡᠵᠦ ᠫᠶᠠᠨᠳᠠᠰᠢᠷ ᠭᠣᠣᠯ ᠢ᠋ ᠭᠡᠲᠦᠯᠵᠦ ᠬᠥᠭᠥᠷᠭᠡ ᠶ᠋ᠢ ᠡᠪᠳᠡᠵᠦ ᠨᠡᠬᠡᠬᠦ ᠴᠡᠷᠢᠭ ᠦ᠋ᠨ ᠵᠠᠮ ᠢ ᠲᠠᠰᠤᠯᠤᠭᠠᠳ ᠠᠮᠢ ᠭᠠᠷᠴᠤ ᠶᠠᠭᠠᠷᠠᠨ ᠪᠣᠭᠳᠠ ᠴᠢᠩᠭᠢᠰ ᠬᠠᠭᠠᠨ ᠳ᠋ᠤᠷ ᠮᠡᠳᠡᠭᠦᠯᠦᠷ᠎ᠡ ᠳᠠᠪᠬᠢᠭᠤᠯᠪᠠ ᠃
ᠪᠣᠭᠳᠠ ᠡᠵᠡᠨ ᠴᠢᠩᠭᠢᠰ ᠬᠠᠭᠠᠨ ᠰᠢᠭᠢᠬᠤᠲᠤᠭ ᠨᠣᠶᠠᠨ ᠳ᠋ᠤᠷ ᠳᠥᠷᠪᠡᠨ ᠲᠦᠮᠡᠨ ᠴᠡᠷᠢᠭ ᠥᠭᠴᠦ ᠫᠸᠷᠸᠠᠨ ᠬᠣᠲᠠ ᠶ᠋ᠢ ᠴᠢᠭᠯᠡᠭᠦᠯᠦᠨ ᠵᠸᠯᠡᠯ ᠡᠳ᠋ ᠳ᠋ᠢᠨ ᠢ᠋ ᠪᠠᠢᠯᠳᠤᠭᠤᠯᠬᠤ ᠪᠠᠷ ᠶᠠᠪᠤᠭᠤᠯᠪᠠ᠃ ᠵᠸᠯᠡᠯ ᠡᠳ᠋ ᠳ᠋ᠢᠨ ᠮᠣᠩᠭᠣᠯ ᠤ᠋ᠨ ᠶᠡᠬᠡ ᠴᠡᠷᠢᠭ ᠠᠢᠰᠤᠢ ᠴᠢᠮᠡᠭᠡ ᠶ᠋ᠢ ᠣᠯᠵᠤ ᠫᠸᠷᠸᠠᠨ ᠬᠣᠲᠠ ᠶ᠋ᠢᠨ ᠵᠡᠭᠦᠨ᠎ᠡ ᠬᠣᠷᠢᠨ ᠭᠠᠵᠠᠷ ᠬᠣᠯᠠ ᠨᠢᠭᠡᠨ ᠬᠠᠪᠴᠢᠯ ᠢ᠋ ᠰᠠᠬᠢᠨ ᠰᠠᠭᠤᠪᠠ ᠃ ᠰᠢᠭᠢᠬᠤᠲᠤᠭ ᠴᠡᠷᠢᠭ ᠢ᠋ᠶ᠋ᠡᠨ ᠤᠯᠠᠷᠢᠭᠤᠯᠵᠤ ᠴᠢᠳᠠᠭᠰᠠᠨ ᠦᠭᠡᠢ᠂ ᠬᠤᠳᠬᠤᠯᠳᠤᠨ ᠴᠠᠪᠴᠢᠯᠳᠤᠭᠠᠳ ᠶᠡᠬᠡᠳᠡ ᠳᠠᠷᠤᠭᠳᠠᠪᠠ ᠃ ᠰᠢᠭᠢᠬᠤᠲᠤᠭ ᠳᠡᠢᠯᠦᠭᠳᠡᠭᠰᠡᠨ ᠳ᠋ᠡᠭᠡᠨ ᠮᠠᠰᠢ ᠠᠶᠤᠨ ᠰᠢᠯᠲᠠᠭᠠᠨ ᠢ᠋ᠶ᠋ᠠᠨ ᠠᠢᠯᠠᠳᠬᠠᠭᠰᠠᠨ ᠳ᠋ᠤᠷ ᠪᠣᠭᠳᠠ ᠴᠢᠩᠭᠢᠰ ᠬᠠᠭᠠᠨ 《ᠴᠡᠷᠢᠭ ᠳᠠᠭᠠᠭᠤᠯᠬᠤᠢ ᠳ᠋ᠤᠷ ᠳᠡᠢᠯᠬᠦ ᠶ᠋ᠢ ᠯᠡ ᠪᠣᠳᠣᠭᠰᠠᠨ ᠠ᠋ᠴᠠ ᠪᠤᠰᠤ ᠳᠡᠢᠯᠦᠭᠳᠡᠬᠦ ᠶ᠋ᠢ ᠪᠣᠳᠣᠭᠰᠠᠨ ᠦᠭᠡᠢ ᠲᠤᠯᠠ ᠳᠡᠢᠯᠦᠭᠳᠡᠬᠦ ᠢᠨᠣ ᠵᠦᠢ ᠃ ᠳᠡᠢᠯᠦᠭᠳᠡᠭᠰᠡᠨ ᠢ᠋ᠶ᠋ᠡᠷ ᠬᠠᠰᠢᠷ ᠪᠣᠯᠤᠮᠤᠢ 》ᠭᠡᠮᠡᠨ ᠥᠷᠥᠰᠢᠶᠡᠪᠡᠢ᠃
ᠡᠭᠦᠨ ᠳ᠋ᠦ᠍ᠷ ᠂ ᠡᠵᠡᠨ ᠱᠠᠭ ᠰᠦᠯᠳᠡ ᠵᠸᠯᠡᠯ ᠡᠳ᠋ ᠳ᠋ᠢᠨ ᠮᠣᠩᠭᠣᠯ ᠢ᠋ ᠲᠠᠢᠯᠪᠠ ᠭᠡᠮᠡᠨ ᠴᠢᠮᠡᠭᠡ ᠲᠠᠷᠬᠠᠵᠤ ᠵᠠᠷᠢᠮ ᠬᠣᠲᠠ ᠶ᠋ᠢᠨ ᠯᠠᠯᠴᠤᠳ ᠮᠣᠩᠭᠣᠯᠴᠤᠳ ᠢ᠋ ᠬᠢᠳᠤᠵᠤ ᠰᠢᠨ᠎ᠡ ᠰᠦᠯᠳᠡ ᠪᠡᠨ ᠤᠭᠲᠤᠮᠤᠢ ᠭᠡᠮᠡᠨ ᠰᠠᠮᠠᠭᠤᠷᠠᠯ ᠳᠡᠭᠳᠡᠭᠡᠵᠦᠬᠦᠢ ᠃ ᠡᠢᠮᠦ ᠡᠴᠡ ᠪᠣᠭᠳᠠ ᠡᠵᠡᠨ ᠴᠢᠩᠭᠢᠰ ᠬᠠᠭᠠᠨ ᠵᠸᠯᠡᠯ ᠡᠳ᠋ ᠳ᠋ᠢᠨ ᠢ᠋ ᠡᠷᠬᠡᠪᠰᠢ ᠤᠰᠠᠳᠬᠠᠰᠤᠭᠠᠢ ᠭᠡᠮᠡᠨ ᠵᠠᠪᠰᠢᠶᠠᠨ ᠢ᠋ ᠬᠦᠯᠢᠶᠡᠵᠦ ᠰᠠᠭᠤᠪᠠ ᠃ ᠵᠸᠯᠡᠯ ᠡᠳ᠋ ᠳ᠋ᠢᠨ ᠬᠡᠳᠦᠢᠪᠡᠷ ᠬᠡᠳᠦᠨ ᠵᠡᠷᠭᠡ ᠳᠡᠢᠯᠦᠭᠰᠡᠨ ᠪᠣᠯᠪᠠᠴᠤ ᠤᠳᠠᠭᠠᠨ ᠪᠠᠢᠯᠳᠤᠬᠤ ᠪᠡᠯᠡᠳᠬᠡᠯ ᠦᠭᠡᠢ ᠪᠣᠯᠬᠤ ᠦᠭᠡᠢ ᠭᠡᠮᠡᠨ ᠪᠣᠳᠣᠵᠤ ᠰᠢᠨᠳ᠋ ( ᠢᠨᠳᠤᠰ ) ᠮᠥᠷᠡᠨ ᠢ᠋ ᠭᠡᠲᠦᠯᠵᠦ ᠳᠣᠭᠰᠢᠨ ᠤᠷᠤᠰᠬᠠᠯ ᠢ᠋ᠶ᠋ᠠᠷ ᠬᠠᠯᠬᠠᠪᠴᠢ ᠪᠣᠯᠭᠠᠨ ᠴᠡᠷᠢᠭ ᠮᠣᠷᠢ ᠪᠠᠨ ᠪᠣᠯᠪᠠᠰᠤᠷᠠᠬᠤ ᠴᠢᠯᠥᠭᠡ ᠣᠯᠰᠤᠭᠠᠢ ᠭᠡᠮᠡᠨ ᠫᠸᠷᠸᠠᠨ ᠬᠣᠲᠠ ᠪᠠᠨ ᠬᠠᠶᠠᠵᠤ ᠡᠮᠦᠨᠡᠰᠢ ᠰᠢᠨᠳ᠋ ᠮᠥᠷᠡᠨ ᠳ᠋ᠦ᠍ᠷ ᠢᠷᠡᠪᠡ᠃
ᠡᠨᠡ ᠦᠶᠡᠰ ᠮᠣᠩᠭᠣᠯ ᠤ᠋ᠨ ᠭᠤᠷᠪᠠᠨ ᠪᠠᠭᠠᠲᠤᠷ ᠬᠠᠨ ᠥᠷᠭᠡᠭᠴᠢ ᠬᠣᠲᠠ ᠶ᠋ᠢ ᠲᠠᠪᠤᠨ ᠰᠠᠷ᠎ᠠ ᠪᠠᠢᠯᠳᠤᠵᠤ ᠡᠵᠡᠯᠡᠭᠡᠳ ᠬᠣᠲᠠ ᠰᠠᠬᠢᠭᠰᠠᠨ ᠶᠢᠰᠦᠨ ᠲᠦᠮᠡᠨ ᠴᠡᠷᠢᠭ ᠢ᠋ ᠴᠥᠮ ᠬᠢᠳᠤᠵᠤ ᠪᠦᠬᠦᠢ ᠳ᠋ᠦ᠍ᠷ ᠪᠣᠭᠳᠠ ᠡᠵᠡᠨ ᠡᠴᠢᠭᠡ ᠶ᠋ᠢᠨ ᠢ᠋ᠶ᠋ᠡᠨ ᠵᠠᠷᠯᠢᠭ ᠢ᠋ ᠬᠦᠯᠢᠶᠡᠨ ᠵᠸᠯᠡᠯ ᠡᠳ᠋ ᠳ᠋ᠢᠨ ᠢ᠋ ᠣᠢᠷᠠᠲᠤᠮᠤᠢ᠃ ᠵᠸᠯᠡᠯ ᠡᠳ᠋ ᠳ᠋ᠢᠨ ᠮᠥᠷᠡᠨ ᠭᠡᠲᠦᠯᠰᠦᠭᠡᠢ ᠭᠡᠮᠡᠨ ᠥᠭᠡᠳᠡ ᠤᠷᠤᠭᠤ ᠣᠯᠣᠮ ᠡᠷᠢᠭᠡᠳ ᠳᠥᠷᠪᠡᠨ ᠡᠳᠦᠷ ᠪᠣᠯᠪᠠᠢ᠃
ᠤᠰᠤ ᠶᠡᠬᠡᠲᠡᠢ ᠰᠢᠨᠳ᠋ ᠮᠥᠷᠡᠨ ᠡᠨᠳᠡ ᠬᠦᠷᠴᠦ ᠢᠷᠡᠭᠡᠳ ᠠᠭᠤᠯᠠ ᠶ᠋ᠢᠨ ᠬᠠᠪᠴᠢᠯ ᠳ᠋ᠤᠷ ᠬᠣᠷᠢᠭᠳᠠᠨ ᠪᠤᠯᠠᠩᠭᠢᠷ ᠪᠤᠭᠤᠷᠤᠯ ᠳᠠᠪᠠᠯᠭᠠᠨ ᠬᠣᠶᠠᠷ ᠡᠷᠭᠢ ᠶ᠋ᠢᠨ ᠬᠣᠭᠣᠷᠣᠨᠳᠣ ᠪᠠᠭᠲᠠᠵᠤ ᠶᠠᠳᠠᠨ ᠵᠡᠷᠯᠢᠭ ᠠᠷᠢᠶᠠᠲᠠᠨ ᠮᠡᠲᠦ ᠳᠣᠭᠰᠢᠷᠠᠨ ᠳᠣᠯᠭᠢᠶᠠᠯᠠᠵᠤ ᠬᠦᠷᠴᠢᠭᠢᠨᠡᠬᠦ ᠳᠠᠭᠤᠨ ᠰᠢᠷᠦᠭᠦᠨ ᠠᠶᠤᠩᠭ᠎ᠠ ᠮᠡᠲᠦ ᠬᠣᠯᠠ ᠣᠢᠷ᠎ᠠ ᠦᠭᠡᠢ ᠰᠣᠨᠣᠰᠳᠠᠮᠤᠢ᠃ ᠣᠩᠭᠣᠴᠠ ᠰᠠᠯ ᠣᠷᠣᠭᠤᠯᠪᠠᠰᠤ ᠰᠢᠭᠤᠳ ᠬᠠᠳᠠᠨ ᠮᠥᠷᠭᠥᠵᠦ ᠳᠡᠯᠪᠡᠷᠡᠮᠦᠢ ᠃ ᠵᠸᠯᠡᠯ ᠡᠳ᠋ ᠳ᠋ᠢᠨ ᠬᠡᠳᠦᠨ ᠤᠳᠠᠭ᠎ᠠ ᠪᠡᠶ᠎ᠡ ᠪᠡᠷ ᠢ᠋ᠶ᠋ᠡᠨ ᠣᠩᠭᠣᠴᠠ ᠰᠠᠯ ᠬᠡᠷᠡᠭᠯᠡᠨ ᠭᠡᠲᠦᠯᠰᠦᠭᠡᠢ ᠬᠡᠮᠡᠭᠡᠳ ᠴᠥᠮ ᠴᠢᠳᠠᠭᠰᠠᠨ ᠦᠭᠡᠢ᠃
ᠪᠣᠭᠳᠠ ᠡᠵᠡᠨ ᠴᠢᠩᠭᠢᠰ ᠬᠠᠭᠠᠨ ᠡᠨᠡ ᠴᠢᠮᠡᠭᠡ ᠶ᠋ᠢ ᠣᠯᠤᠮᠠᠭᠴᠠ ᠳᠠᠷᠤᠢ ᠴᠡᠷᠢᠭ ᠢ᠋ᠶ᠋ᠡᠨ ᠱᠠᠭᠠᠷᠳᠠᠨ ᠤᠷᠤᠭᠰᠢᠯᠠᠭᠤᠯᠵᠤ ᠵᠸᠯᠡᠯ ᠡᠳ᠋ ᠳ᠋ᠢᠨ ᠦ᠌ ᠲᠤᠷᠰᠢᠭᠤᠯ ᠠ᠋ᠴᠠ ᠤᠷᠢᠳᠴᠢᠯᠠᠨ ᠬᠦᠷᠴᠦ ᠢᠷᠡᠪᠡᠢ᠃ ᠵᠸᠯᠡᠯ ᠡᠳ᠋ ᠳ᠋ᠢᠨ ᠮᠣᠩᠭᠣᠯ ᠴᠡᠷᠢᠭ ᠬᠦᠷᠴᠦ ᠢᠷᠡᠭᠰᠡᠨ ᠢ᠋ ᠰᠣᠨᠣᠰᠤᠨ ᠭᠠᠷᠴᠤ ᠦᠵᠡᠪᠡᠰᠦ ᠲᠡᠷᠡ ᠰᠥᠨᠢ ᠲᠡᠭᠷᠢ ᠡᠭᠦᠯᠡᠲᠦᠵᠦ ᠲᠣᠭᠣᠭ᠎ᠠ ᠬᠥᠮᠥᠷᠢᠭᠰᠡᠨ ᠮᠡᠲᠦ ᠫᠠᠳ ᠬᠠᠷᠠᠩᠭᠤᠢ ᠲᠤᠯᠠ ᠴᠡᠷᠢᠭ ᠮᠣᠷᠢ ᠬᠥᠳᠡᠯᠬᠦ ᠠᠷᠭ᠎ᠠ ᠦᠭᠡᠢ᠃ ᠦᠷ ᠴᠠᠢᠯᠭᠠᠵᠤ ᠦᠵᠡᠪᠡᠰᠦ ᠮᠣᠩᠭᠣᠯᠴᠤᠳ ᠨᠢᠭᠡᠨᠲᠡ ᠨᠤᠮᠤ ᠶ᠋ᠢᠨ ᠵᠢᠭᠰᠠᠭᠠᠯ ᠲᠠᠲᠠᠵᠤ ᠰᠢᠨᠳ᠋ ᠮᠥᠷᠡᠨ ᠢ᠋ᠶ᠋ᠡᠷ ᠬᠥᠪᠴᠢᠯᠡᠵᠦ ᠠᠪᠤᠪᠠ᠃
ᠵᠸᠯᠡᠯ ᠡᠳ᠋ ᠳ᠋ᠢᠨ ᠰᠢᠯᠵᠢᠬᠦ ᠭᠠᠵᠠᠷ ᠦᠭᠡᠢ ᠪᠣᠯᠤᠭᠰᠠᠨ ᠲᠤᠯᠠ ᠮᠥᠷᠡᠨ ᠢ᠋ ᠠᠷᠤᠯᠠᠵᠤ ᠪᠠᠢᠯᠳᠤᠬᠤ ᠠ᠋ᠴᠠ ᠥᠭᠡᠷ᠎ᠡ ᠵᠠᠮ ᠦᠭᠡᠢ ᠪᠣᠯᠵᠤᠬᠤᠢ᠃ ᠲᠡᠢᠨ ᠬᠦ᠌ ᠴᠡᠷᠢᠭ ᠢ᠋ᠶ᠋ᠡᠨ ᠲᠠᠪᠤᠨ ᠠᠩᠭᠢ ᠬᠤᠪᠢᠶᠠᠵᠤ ᠭᠠᠷᠤᠳᠢ ᠶ᠋ᠢᠨ ᠵᠢᠭᠰᠠᠭᠠᠯ ᠪᠣᠯᠭᠠᠨ ᠬᠤᠪᠢᠷᠠᠭᠤᠯᠵᠤ ᠥᠪᠡᠷᠦᠨ ᠪᠡᠶ᠎ᠡ ᠢᠨᠣ ᠰᠢᠯᠢᠳᠡᠭ ᠴᠡᠷᠢᠭ ᠢ᠋ᠶ᠋ᠡᠨ ᠠᠪᠴᠤ ᠬᠣᠰᠢᠭᠤ ᠪᠣᠯᠵᠤ ᠳᠡᠰ ᠳᠠᠭᠠᠷᠢᠨ ᠭᠠᠷᠬᠤ ᠶ᠋ᠢ ᠪᠣᠳᠣᠵᠤ ᠬᠡᠩᠭᠡᠷᠭᠡ ᠳᠡᠯᠡᠳᠦᠨ ᠳᠠᠭᠠᠷᠢᠨ ᠣᠷᠣᠭᠰᠠᠨ ᠳ᠋ᠤᠷ ᠮᠣᠩᠭᠣᠯᠴᠤᠳ ᠬᠣᠶᠠᠷ ᠲᠡᠰᠢ ᠬᠤᠷᠳᠤᠯᠠᠨ ᠤᠬᠤᠷᠢᠵᠤ ᠯᠠᠯᠤᠴᠤᠳ ᠢ᠋ ᠲᠠᠯᠪᠢᠵᠤ ᠭᠠᠷᠭᠠᠪᠠᠢ᠃ ᠯᠠᠯᠤᠴᠤᠳ ᠠᠷᠭ᠎ᠠ ᠭᠡᠮᠡᠨ ᠮᠡᠳᠡᠭᠰᠡᠨ ᠦᠭᠡᠢ ᠬᠠᠷᠢᠨ ᠵᠢᠭᠰᠠᠭᠠᠯ ᠢ᠋ ᠡᠪᠳᠡᠪᠡ ᠭᠡᠮᠡᠨ ᠮᠣᠷᠢ ᠳᠠᠪᠬᠢᠨ ᠳᠠᠭᠠᠷᠢᠨ ᠣᠷᠣᠪᠠ ᠃ ᠬᠠᠭᠠᠰ ᠥᠩᠭᠡᠷᠡᠬᠦ ᠦᠶᠡᠰ ᠪᠣᠭᠳᠠ ᠡᠵᠡᠨ ᠦ᠌ ᠵᠡᠪᠡ ᠪᠣᠯᠭᠠᠨ ᠪᠦᠭᠭᠦᠵᠦ ᠲᠠᠯᠪᠢᠭᠰᠠᠨ ᠬᠦᠨᠳᠦ ᠬᠤᠶᠠᠭᠲᠤ ᠮᠣᠷᠢᠲᠤ ᠴᠡᠷᠢᠭ ᠬᠥᠨᠳᠡᠯᠡᠨ ᠡᠴᠡ ᠰᠢᠪᠲᠤ ᠳᠠᠭᠠᠷᠢᠨ ᠳᠠᠢᠰᠤᠨ ᠤ᠋ ᠴᠡᠷᠢᠭ ᠢ᠋ ᠬᠣᠶᠠᠷ ᠠᠩᠭᠢ ᠪᠣᠯᠭᠠᠨ ᠠᠮᠢᠨ ᠂ ᠠᠯ ᠂ ᠮᠦᠯᠺᠡ ᠶ᠋ᠢᠨ ᠵᠠᠬᠢᠷᠤᠭᠰᠠᠨ ᠲᠦᠷᠺᠡᠮᠸᠨᠴᠤᠳ ᠤ᠋ᠨ ᠪᠠᠷᠠᠭᠤᠨ ᠵᠢᠭᠦᠷ ᠢ᠋ᠶ᠋ᠡᠷ ᠴᠥᠮᠥᠷᠡᠨ ᠣᠷᠣᠵᠤ ᠵᠢᠭᠰᠠᠭᠠᠯ ᠢ᠋ ᠢᠨᠦ ᠡᠪᠳᠡᠭᠰᠡᠨ ᠳ᠋ᠦ᠍ᠷ ᠲᠦᠷᠺᠡᠮᠸᠡᠨ ᠴᠡᠷᠢᠭ ᠰᠠᠮᠠᠭᠤᠷᠠᠨ ᠡᠭᠦᠰᠪᠡᠢ ᠃ ᠵᠡᠭᠦᠨ ᠵᠢᠭᠦᠷ ᠢᠨᠣ ᠰᠠᠭᠤᠷᠢ ᠦᠭᠡᠢ ᠪᠣᠯᠵᠤ ᠥᠪᠡᠷ ᠵᠠᠭᠤᠷ᠎ᠠ ᠪᠠᠨ ᠵᠢᠭᠤᠷᠠᠯᠳᠤᠨ ᠲᠣᠯᠣᠭᠠᠢ ᠰᠡᠭᠦᠯ ᠢ᠋ᠶ᠋ᠡᠨ ᠣᠯᠬᠤ ᠦᠭᠡᠢ ᠪᠣᠯᠪᠠ᠃
ᠭᠠᠷᠤᠳᠢ ᠶ᠋ᠢᠨ ᠬᠣᠰᠢᠭᠤ ᠪᠣᠯᠤᠭᠰᠠᠨ ᠵᠸᠯᠡᠯ ᠡᠳ᠋ ᠳ᠋ᠢᠨ ᠲᠣᠯᠣᠭᠠᠢ ᠰᠡᠭᠦᠯ ᠢ᠋ᠶ᠋ᠡᠨ ᠬᠠᠮᠠᠭᠠᠯᠠᠬᠤ ᠭᠡᠵᠦ ᠥᠭᠡᠳᠡ ᠤᠷᠤᠭᠤ ᠵᠡᠭᠦᠨᠰᠢ ᠪᠠᠷᠠᠭᠤᠨᠰᠢ ᠳᠡᠮᠡᠢ ᠯᠡ ᠳᠠᠪᠬᠢᠵᠤ ᠪᠠᠢᠭᠠᠳ ᠬᠦᠴᠦᠨ ᠮᠤᠬᠤᠷᠳᠠᠵᠤ ᠬᠡᠷᠬᠢᠨ ᠪᠠᠢᠯᠳᠤᠭᠰᠠᠨ ᠴᠤ᠌ ᠨᠢᠭᠡᠨᠲᠡ ᠲᠠᠯᠠᠭᠠᠷ ᠪᠣᠯᠤᠭᠰᠠᠨ ᠢ᠋ᠶ᠋ᠠᠨ ᠰᠠᠶᠢ ᠣᠯᠵᠤ ᠮᠡᠳᠡᠪᠡ ᠃ ᠮᠣᠩᠭᠣᠯᠴᠤᠳ ᠵᠢᠭᠰᠠᠭᠠᠯ ᠢ᠋ᠶ᠋ᠠᠨ ᠠᠯᠭᠤᠷ ᠬᠤᠮᠢᠵᠤ ᠢᠷᠡᠬᠦ ᠬᠠᠮᠲᠤ ᠣᠯᠠᠨ ᠴᠡᠷᠢᠭ ᠦ᠋ᠳ ᠄ 《ᠬᠠᠭᠠᠨ ᠤ᠋ ᠵᠠᠷᠯᠢᠭ! ᠵᠸᠯᠡᠯ ᠡᠳ᠋ ᠳ᠋ᠢᠨ ᠢ᠋ ᠠᠮᠢᠳᠤ ᠪᠡᠷᠢ ! ᠬᠠᠷᠪᠤᠨ ᠠᠯᠠᠵᠤ ᠪᠣᠯᠬᠤ ᠦᠭᠡᠢ 》ᠭᠡᠮᠡᠨ ᠳᠠᠭᠤᠳᠠᠯᠴᠠᠬᠤ ᠢᠨᠣ ᠠᠭᠤᠯᠠ ᠶ᠋ᠢ ᠨᠡᠭᠦᠯᠭᠡᠨ ᠳᠠᠯᠠᠢ ᠶ᠋ᠢ ᠶᠡᠭᠦᠯᠡᠬᠦ ᠮᠡᠲᠦ᠃ ᠵᠸᠯᠡᠯ ᠡᠳ᠋ ᠳ᠋ᠢᠨ ᠦᠵᠡᠪᠡᠰᠦ ᠲᠡᠭᠦᠨ ᠢ᠋ ᠳᠠᠭᠠᠵᠤ ᠪᠠᠢᠯᠳᠤᠬᠤ ᠰᠢᠳᠠᠷ ᠴᠡᠷᠢᠭ ᠤᠯᠠᠮ ᠴᠥᠭᠡᠬᠡᠷᠡᠵᠦ ᠦᠵᠡᠲᠡᠯ᠎ᠡ ᠪᠠᠷᠢᠭᠳᠠᠬᠤᠢ ᠳ᠋ᠤᠷ ᠬᠦᠷᠦᠭᠰᠡᠨ ᠲᠤᠯᠠ ᠬᠤᠶᠠᠭ ᠳᠤᠭᠤᠯᠠᠭ᠎ᠠ ᠪᠠᠨ ᠲᠠᠢᠯᠵᠤ ᠬᠠᠶᠠᠭᠠᠳ ᠣᠬᠣᠷ ᠢᠯᠳᠦ ᠪᠠᠷᠢᠵᠤ ᠵᠢᠯᠣᠭᠣ ᠪᠠᠨ ᠮᠥᠷᠡᠨ ᠦ᠌ ᠵᠦᠭ ᠲᠠᠲᠠᠵᠤ ᠬᠠᠪᠴᠢᠯ ᠤ᠋ᠨ ᠥᠨᠳᠥᠷ ᠲᠣᠷ ᠭᠠᠷᠴᠤ ᠳ᠋ᠤᠷ ᠳᠣᠷᠣᠭᠰᠢ ᠬᠠᠷᠠᠪᠠᠰᠤ ᠬᠡᠳᠦᠨ ᠠᠷᠪᠠᠨ ᠲᠣᠬᠣᠢ ᠭᠦᠨ ᠬᠠᠪᠴᠢᠯ ᠤ᠋ᠨ ᠢᠷᠣᠭᠠᠷ ᠲᠤᠷ ᠰᠢᠨᠳ᠋ ᠮᠥᠷᠡᠨ ᠦ᠌ ᠤᠰᠤ ᠤᠯᠠᠭᠠᠨ ᠢ᠋ᠶ᠋ᠠᠷ ᠤᠷᠪᠠᠵᠤ ᠬᠢᠯᠢᠩᠲᠦ ᠴᠠᠭᠠᠨ ᠬᠥᠭᠡᠰᠦ ᠪᠡᠨ ᠠᠭᠠᠷ ᠲᠡᠭᠷᠢ ᠵᠦᠭ ᠰᠦᠷᠴᠢᠮᠦᠢ᠃
ᠵᠸᠯᠡᠯ ᠡᠳ᠋ ᠳ᠋ᠢᠨ ᠨᠢᠭᠡᠨ ᠡᠳᠦᠷ ᠪᠠᠢᠯᠳᠤᠭᠰᠠᠨ ᠪᠠᠢᠯᠳᠤᠭᠠᠨ ᠤ᠋ ᠲᠠᠯᠠᠪᠠᠢ ᠪᠠᠨ ᠡᠷᠭᠢᠵᠦ ᠬᠠᠷᠠᠪᠠᠰᠤ ᠲᠡᠭᠦᠨ ᠦ᠌ ᠨᠠᠢ᠍ᠮᠠᠨ ᠲᠦᠮᠡ ᠢᠯᠡᠭᠦᠦ ᠴᠡᠷᠢᠭ ᠨᠢᠭᠡᠨᠲᠡ ᠰᠥᠨᠥᠭᠡᠭᠳᠡᠵᠦ ᠪᠠᠢᠯᠳᠤᠬᠤ ᠬᠥᠮᠦᠰ ᠬᠠᠷᠠᠭᠳᠠᠬᠤ ᠦᠭᠡᠢ ᠪᠣᠯᠪᠠ ᠃ ᠨᠡᠬᠡᠬᠦ ᠴᠡᠷᠢᠭ ᠣᠢᠷᠠᠲᠤᠭᠰᠠᠨ ᠲᠤᠯᠠ ᠣᠯᠠᠨ ᠢ᠋ ᠪᠣᠳᠣᠬᠤ ᠴᠢᠯᠥᠭᠡ ᠦᠭᠡᠢ ᠮᠣᠷᠢ ᠪᠠᠨ ᠲᠠᠰᠢᠭᠤᠷᠳᠠᠨ ᠰᠢᠨᠳ᠋ ᠮᠥᠷᠡᠨ ᠤᠷᠤᠭᠤ ᠬᠠᠷᠠᠢᠯᠭᠠᠪᠠ᠃ ᠪᠣᠭᠳᠠ ᠡᠵᠡᠨ ᠴᠢᠩᠭᠢᠰ ᠬᠠᠭᠠᠨ ᠦᠵᠡᠭᠡᠳ 《ᠬᠦᠦ ᠪᠠᠢᠨ᠎ᠠ 》ᠭᠡᠮᠡᠨ ᠳᠠᠭᠤᠨ ᠠᠯᠳᠠᠪᠠ ᠬᠡᠮᠡᠮᠦ᠃ ᠦᠵᠡᠭᠰᠡᠳ ᠴᠥᠮ 《ᠡᠷ᠎ᠡ ᠬᠥᠮᠦᠨ 》ᠭᠡᠵᠡᠭᠡᠪᠡ᠃
ᠵᠸᠯᠡᠯ ᠡᠳ᠋ ᠳ᠋ᠢᠨ ᠰᠠᠨᠠᠭᠠᠨ ᠳ᠋ᠤᠷ ᠦᠭᠡᠢ ᠮᠥᠷᠡᠨ ᠢ᠋ ᠭᠡᠲᠦᠯᠵᠦ ᠪᠤᠷᠤᠭᠤᠯᠠᠨ ᠭᠠᠷᠤᠭᠰᠠᠨ ᠢ᠋ ᠪᠣᠭᠳᠠ ᠡᠵᠡᠨ ᠡᠷᠬᠡᠪᠰᠢ ᠪᠡᠷᠢ ᠭᠡᠮᠡᠨ ᠲᠦᠮᠡᠨ ᠦ᠌ ᠨᠣᠶᠠᠨ ᠪᠠᠷᠰ ᠢ᠋ ᠶᠠᠪᠤᠭᠤᠯᠵᠤ ᠨᠡᠬᠡᠭᠦᠯᠦᠨ ᠪᠦᠬᠦᠢ ᠳ᠋ᠦ᠍ᠷ ᠲᠡᠷᠡ ᠭᠠᠵᠠᠷ ᠤ᠋ᠨ ᠬᠥᠮᠦᠨ ᠨᠢᠭᠡᠨ ᠠᠯᠲᠠᠨ ᠬᠤᠶᠠᠭ ᠳᠤᠭᠤᠯᠠᠭ᠎ᠠ ᠲᠠᠢ ᠬᠠᠷ᠎ᠠ ᠡᠷ᠎ᠡ ᠶ᠋ᠢ ᠵᠸᠯᠡᠯ ᠡᠳ᠋ ᠳ᠋ᠢᠨ ᠭᠡᠮᠡᠨ ᠬᠦᠷᠭᠡᠵᠦ ᠢᠷᠡᠪᠡᠢ᠃ ᠵᠠᠷ ᠵᠡᠪᠰᠡᠭ ᠬᠤᠶᠠᠭ ᠳᠤᠭᠤᠯᠠᠭ᠎ᠠ ᠠᠨᠤ ᠮᠠᠭᠠᠳ ᠵᠸᠯᠡᠯ ᠡᠳ᠋ ᠳ᠋ᠢᠨ ᠦ᠌ ᠮᠥᠨ ᠲᠤᠯᠠ ᠲᠡᠷᠡ ᠳᠣᠣᠷ᠎ᠠ ᠪᠠᠨ ᠰᠡᠵᠢᠭᠯᠡᠭᠰᠡᠨ ᠬᠥᠮᠦᠨ ᠦᠭᠡᠢ᠃ ᠠᠯᠠᠬᠤ ᠭᠡᠵᠦ ᠬᠣᠷᠢᠭᠤᠯ ᠠ᠋ᠴᠠ ᠭᠠᠷᠭᠠᠬᠤᠢ ᠳ᠋ᠤᠷ ᠲᠡᠷᠡ ᠬᠥᠮᠦᠨ ᠬᠢᠯᠢᠰ ᠭᠡᠮᠡᠨ ᠪᠠᠷᠬᠢᠷᠪᠠ ᠃ ᠤᠴᠢᠷ ᠢ᠋ ᠠᠰᠠᠭᠤᠪᠠᠰᠤ ᠵᠸᠯᠡᠯ ᠡᠳ᠋ ᠳ᠋ᠢᠨ ᠪᠤᠰᠤ ᠬᠠᠷᠢᠨ ᠵᠸᠯᠡᠯ ᠡᠳ᠋ ᠳ᠋ᠢᠨ ᠦ᠌ ᠰᠢᠳᠠᠷ ᠡᠷ᠎ᠡ ᠪᠣᠯᠠᠢ ᠃ ᠲᠡᠷᠡ ᠵᠸᠯᠡᠯ ᠡᠳ᠋ ᠳ᠋ᠢᠨ ᠦ᠌ ᠲᠠᠢᠯᠵᠤ ᠣᠷᠬᠢᠭᠰᠠᠨ ᠵᠠᠷ ᠵᠡᠪᠰᠡᠭ ᠬᠤᠶᠠᠭ ᠳᠤᠭᠤᠯᠠᠭ᠎ᠠ ᠶ᠋ᠢ ᠬᠣᠷᠢᠶᠠᠨ ᠠᠪᠴᠤ ᠬᠠᠳᠠᠨ ᠵᠠᠪᠰᠠᠷ ᠰᠢᠷᠭᠤᠵᠤ ᠠᠮᠢ ᠭᠠᠷᠤᠭᠠᠳ ᠴᠡᠷᠢᠭ ᠮᠣᠷᠢ ᠬᠣᠯᠠᠳᠤᠭᠰᠠᠨ ᠬᠣᠢᠨ᠎ᠠ ᠰᠢᠨᠳ᠋ ᠮᠥᠷᠡᠨ ᠡᠴᠡ ᠵᠠᠢᠯᠠᠵᠤ ᠪᠣᠢᠳᠠ ᠪᠥᠭᠯᠡᠭᠦᠦ ᠢᠰᠯᠡᠮᠴᠦᠳ ᠦ᠋ᠨ ᠠᠢᠯ ᠲᠣᠰᠬᠣᠨ ᠢ᠋ᠶ᠋ᠠᠷ ᠲᠡᠨᠦᠵᠦ ᠶᠠᠪᠤᠬᠤ ᠳ᠋ᠠᠭᠠᠨ ᠪᠢ ᠪᠣᠯ ᠵᠸᠯᠡᠯ ᠡᠳ᠋ ᠳ᠋ᠢᠨ ᠮᠥᠨ ᠭᠡᠵᠦ᠂ ᠬᠣᠭᠣᠯᠠ ᠬᠣᠨᠣᠭ ᠮᠡᠬᠡᠯᠡᠨ ᠣᠯᠵᠤ ᠪᠠᠢᠭᠠᠳ ᠱᠠᠩ ᠬᠡᠰᠢᠭ ᠲᠣᠷ ᠳᠤᠷᠠᠯᠠᠭᠰᠠᠨ ᠡᠷᠡᠴᠦᠳ ᠲᠣᠷ ᠪᠠᠷᠢᠭᠳᠠᠵᠤ ᠬᠦᠷᠭᠡᠭᠳᠡᠪᠡ ᠃
ᠵᠸᠯᠡᠯ ᠡᠳ᠋ ᠳ᠋ᠢᠨ ᠬᠠᠷᠢᠨ ᠦᠬᠦᠭᠰᠡᠨ ᠦᠭᠡᠢ ᠠᠮᠢᠳᠤ ᠭᠠᠷᠴᠤ ᠡᠨᠡᠳᠬᠡᠭ ᠲᠣᠷ ᠨᠢᠭᠤᠭᠳᠠᠨ ᠴᠥᠭᠡᠨ ᠬᠠᠭᠤᠴᠢᠨ ᠬᠥᠮᠦᠨ ᠪᠠ ᠬᠠᠷ᠎ᠠ ᠡᠷᠡᠰ ᠯᠦ᠍ᠭᠡ ᠨᠡᠢᠯᠡᠵᠦ ᠳᠡᠭᠡᠷᠡᠮᠳᠡᠨ ᠶᠠᠪᠤᠵᠤ ᠤᠯᠤᠰ ᠢ᠋ᠶ᠋ᠠᠨ ᠰᠡᠷᠭᠦᠭᠡᠬᠦ ᠶ᠋ᠢ ᠪᠣᠳᠣᠵᠤ ᠪᠠᠢᠪᠠ ᠬᠡᠮᠡᠮᠦ ᠃ ᠪᠣᠭᠳᠠ ᠡᠵᠡᠨ ᠴᠢᠩᠭᠢᠰ ᠬᠠᠭᠠᠨ ᠲᠡᠭᠷᠢ ᠪᠣᠯᠤᠭᠰᠠᠨ ᠤ᠋ ᠬᠣᠢᠨ᠎ᠠ ᠵᠸᠯᠡᠯ ᠡᠳ᠋ ᠳ᠋ᠢᠨ ᠦ᠌ ᠹᠯᠠᠰᠤ ᠶ᠋ᠢᠨ ᠬᠢᠯᠢ ᠪᠡᠷ ᠢᠷᠡᠨ ᠦ᠌ ᠢᠰᠫᠠᠬᠠᠨ ᠳ᠋ᠤᠷ ᠢᠷᠡᠭᠰᠡᠨ ᠳ᠋ᠦ᠍ᠷ ᠵᠸᠯᠡᠯ ᠡᠳ᠋ ᠳ᠋ᠢᠨ ᠢ᠋ ᠳᠠᠬᠢᠨ ᠡᠵᠡᠨ ᠂ ᠱᠠᠭ ᠂ ᠰᠦᠯᠲᠠᠨ ᠭᠡᠮᠡᠨ ᠡᠷᠭᠦᠮᠵᠢᠯᠡᠪᠡ ᠃
ᠬᠥᠬᠡᠭᠴᠢᠨ ᠲᠠᠬᠢᠶ᠎ᠠ ᠵᠢᠯ ᠵᠸᠯᠡᠯ ᠡᠳ᠋ ᠳ᠋ᠢᠨ ᠺᠸᠯᠤᠮᠠᠨ ᠰᠢᠯᠡᠽᠢ ᠂ ᠬᠣᠷᠱᠠᠨ ᠂ ᠮᠠᠽᠠᠨᠳᠠᠯᠠᠩ ᠵᠡᠷᠭᠡ ᠭᠠᠵᠠᠷ ᠠ᠋ᠴᠠ ᠴᠡᠷᠢᠭ ᠮᠣᠷᠢ ᠡᠯᠰᠡᠵᠦ ᠪᠠᠬᠠᠨ ᠴᠢᠳᠠᠯ ᠲᠠᠢ ᠪᠣᠯᠣᠮᠠᠭᠴᠠ ᠪᠠᠭᠲᠠᠳ ᠤ᠋ᠨ ᠬᠠᠯᠢᠫᠢ ᠨᠠᠰᠸᠷ ᠠ᠋ᠴᠠ ᠱᠠᠰᠢᠨ ᠤ᠋ ᠡᠷᠬᠡ ᠪᠤᠯᠢᠶᠠᠬᠤ ᠭᠡᠵᠦ ᠂ ᠡᠴᠢᠭᠡ ᠶ᠋ᠢᠨ ᠥᠰᠢᠶ᠎ᠡ ᠶ᠋ᠢ ᠠᠪᠤᠮᠤᠢ ᠭᠡᠮᠡᠨ ᠲᠡᠢᠨ ᠵᠠᠷᠯᠠᠪᠠ ᠃ ᠨᠠᠰᠸᠷ ᠳᠥᠷᠺᠠᠮᠸᠠᠴᠦᠳ ᠪᠠ ᠠᠷᠹᠴᠤᠳ ᠤ᠋ᠨ ᠲᠤᠰᠠᠯᠠᠮᠵᠢ ᠶ᠋ᠢ ᠣᠯᠤᠭᠰᠠᠨ ᠲᠤᠯᠠ ᠵᠸᠯᠡᠯ ᠡᠳ᠋ ᠳ᠋ᠢᠨ ᠳᠡᠢᠯᠦᠭᠰᠡᠨ ᠦᠭᠡᠢ ᠳᠣᠪᠲᠣᠯᠬᠤ ᠬᠠᠷᠠᠯᠲᠠ ᠪᠠᠨ ᠠᠽᠠᠷᠪᠠᠢᠵᠢᠠᠩ ᠵᠦᠭ ᠰᠢᠯᠵᠭᠦᠯᠵᠦ ᠡᠵᠡᠯᠡᠭᠡᠳ ᠬ᠌ᠷᠤᠵᠢᠶᠠ ᠶ᠋ᠢ ᠳᠣᠪᠲᠣᠯᠵᠤ ᠳᠠᠪᠷᠢᠼ ᠬᠣᠲᠠ ᠶ᠋ᠢᠨ ᠾᠷᠢᠰᠲ᠋ᠣᠰ ᠰᠤᠷᠲᠠᠬᠤᠨᠴᠤᠳ ᠢ᠋ ᠬᠢᠳᠤᠪᠠ ᠃
ᠵᠸᠯᠡᠯ ᠡᠳ᠋ ᠳ᠋ᠢᠨ ᠦ᠌ ᠰᠠᠮᠠᠭᠤᠷᠠᠯ ᠢ᠋ ᠳᠠᠷᠤᠩᠭᠤᠢᠯᠠᠬᠤ ᠭᠡᠵᠦ ᠮᠣᠩᠭᠣᠯᠴᠤᠳ ᠳ᠋ᠡᠮᠦᠺᠠᠨ ᠳ᠋ᠤᠷ ᠲᠣᠰᠴᠤ ᠠᠪᠤᠭᠠᠳ ᠪᠠᠷᠢᠵᠤ ᠴᠢᠳᠠᠭᠰᠠᠨ ᠦᠭᠡᠢ ᠃ ᠬᠥᠬᠡ ᠬᠤᠯᠤᠭᠠᠨ᠎ᠠ ᠵᠢᠯ ᠳ᠋ᠦ᠍ᠷ ᠢᠰᠪᠠᠨᠢ ᠣᠷᠴᠢᠮ ᠪᠠᠰᠠ ᠲᠠᠪᠤᠨ ᠲᠦᠮᠡᠨ ᠶᠡᠬᠡ ᠴᠡᠷᠢᠭ ᠢ᠋ᠶ᠋ᠡᠷ ᠪᠦᠰᠡᠯᠡᠵᠦ ᠴᠣᠬᠢᠭᠠᠳ ᠲᠡᠭᠦᠨ ᠦ᠌ ᠬᠠᠭᠠᠰ ᠴᠡᠷᠢᠭ ᠢ᠋ ᠢᠨᠤ ᠠᠯᠠᠵᠤ ᠰᠠᠷᠨᠢᠭᠤᠯᠤᠭᠰᠠᠨ ᠪᠣᠯᠪᠠᠴᠤ ᠬᠠᠭᠠᠰ ᠢ᠋ ᠠᠯᠳᠠᠵᠤ ᠭᠠᠷᠭᠠᠪᠠ ᠃ ᠬᠠᠷᠭᠢᠰ ᠬᠡᠷᠴᠡᠭᠡᠢ ᠵᠸᠯᠡᠯ ᠡᠳ᠋ ᠳ᠋ᠢᠨ ᠢᠯᠠᠭᠳᠠᠯ ᠳ᠋ᠠᠭᠠᠨ ᠵᠢᠷᠦᠬᠡ ᠦᠬᠦᠬᠦ ᠦᠭᠡᠢ ᠳᠠᠬᠢᠨ ᠴᠡᠷᠢᠭ ᠪᠠᠢᠭᠤᠯᠵᠤ ᠠᠷᠮᠢᠨᠢᠶᠠ ᠪᠣᠯᠤᠨ ᠢᠷᠠᠺ ᠢ᠋ ᠳᠣᠪᠲᠣᠯᠤᠨ ᠡᠵᠡᠯᠡᠪᠡ ᠃ ᠲᠡᠳᠦᠢ ᠳ᠋ᠦ᠍ᠷ ᠱᠠᠰᠢᠨ ᠤ᠋ ᠡᠵᠡᠨ ᠬᠠᠯᠢᠫᠢ ᠨᠠᠰᠸᠷ ᠦᠬᠦᠭᠡᠳ ᠤᠰᠲ᠋ᠠᠱ ᠬᠠᠯᠢᠫᠢ ᠪᠣᠯᠵᠤ ᠵᠸᠯᠡᠯ ᠡᠳ᠋ ᠳ᠋ᠢᠨ ᠦ᠌ ᠰᠦᠷ ᠬᠦᠴᠦᠨ ᠳ᠋ᠦ᠍ᠷ ᠳᠠᠷᠤᠭᠳᠠᠨ ᠢᠷᠡᠨ ᠦ᠌ ᠮᠣᠩᠭᠣᠯ ᠤ᠋ᠨ ᠵᠠᠬᠢᠷᠤᠭᠠ ᠠ᠋ᠴᠠ ᠭᠠᠳᠠᠨ᠎ᠠ ᠬᠡᠰᠡᠭ ᠭᠠᠵᠠᠷ ᠢ᠋ ᠵᠠᠬᠢᠷᠠᠬᠤ ᠡᠷᠬᠡ ᠶ᠋ᠢ ᠵᠥᠪᠰᠢᠶᠡᠷᠡᠭᠰᠡᠨ ᠪᠣᠯᠪᠠᠴᠤ ᠢᠷᠠᠺ ᠢ ᠵᠠᠬᠢᠷᠠᠬᠤ ᠡᠷᠬᠡ ᠶ᠋ᠢ ᠥᠭᠭᠦᠭᠰᠡᠨ ᠦᠭᠡᠢ ᠃ ᠵᠸᠯᠡᠯ ᠡᠳ᠋ ᠳ᠋ᠢᠨ ᠰᠥᠷᠭᠡᠦ ᠰᠡᠳᠬᠢᠯ ᠡᠪᠦᠷᠯᠡᠵᠦ ᠷᠣᠮ ᠤ᠋ᠨ ᠰᠸᠯᠳ᠋ᠴᠤᠺ ᠲᠥᠷᠥ ᠶ᠋ᠢᠨ ᠰᠦᠯᠲᠠᠨ ᠺᠠᠢᠺᠤᠪᠠᠲᠤ ᠯᠤᠭ᠎ᠠ ᠬᠣᠯᠪᠣᠭᠠᠯᠠᠵᠤ ᠪᠤᠷᠤᠭᠤ ᠨᠣᠮᠲᠠᠨ ᠢ ᠬᠢᠳᠤᠬᠤ ᠭᠡᠷ᠎ᠡ ᠪᠠᠢᠭᠤᠯᠰᠤᠭᠠᠢ ᠬᠡᠮᠡᠭᠡᠳ ᠬᠣᠶᠠᠭᠤᠯᠠ ᠪᠠᠨ ᠰᠠᠨᠠᠯ ᠵᠥᠷᠢᠯᠳᠦᠵᠦ ᠂ ᠺᠠᠢᠺᠤᠪᠠᠲᠤ ᠠᠨᠤ ᠵᠸᠯᠡᠯ ᠡᠳ᠋ ᠳ᠋ᠢᠨ ᠢ᠋ ᠦᠯᠦ ᠲᠠᠭᠠᠯᠠᠮᠵᠢᠯᠠᠬᠤ ᠢᠰᠯᠡᠮᠴᠦᠳ ᠲᠡᠢ ᠬᠣᠯᠪᠣᠭᠠᠯᠠᠨ ᠵᠸᠯᠡᠯ ᠡᠳ᠋ ᠳ᠋ᠢᠨ ᠦ᠌ ᠡᠰᠡᠷᠭᠦᠦ ᠲᠡᠢᠨ ᠵᠠᠷᠯᠠᠪᠠ ᠃ ᠵᠸᠯᠡᠯ ᠡᠳ᠋ ᠳ᠋ᠢᠨ ᠳᠡᠢᠯᠦᠭᠳᠡᠭᠡᠳ ᠠᠽᠠᠷᠪᠠᠢᠵᠢᠠᠩ ᠳ᠋ᠤᠷ ᠳᠤᠲᠠᠭᠠᠨ ᠢᠷᠡᠭᠡᠳ ᠾᠷᠢᠰᠲ᠋ᠣᠰ ᠰᠤᠷᠳᠠᠬᠤᠨᠴᠤᠳ ᠢ᠋ ᠬᠢᠳᠤᠵᠤ ᠠᠬᠤᠢ ᠳ᠋ᠤᠷ ᠴᠤᠷᠮᠠᠬᠠᠨ ᠬᠦᠷᠴᠦ ᠣᠴᠢᠭᠠᠳ ᠨᠢᠭᠡᠮᠦᠰᠦᠨ ᠠᠷᠢᠯᠭᠠᠪᠠ ᠭᠡᠮᠡᠨ ᠶᠧ ᠯᠢᠦᠢ ᠴᠦ ᠽᠠᠢ ᠦᠭᠡ ᠪᠡᠨ ᠬᠤᠷᠢᠶᠠᠪᠠ᠃ ᠪᠢᠴᠢᠭ ᠴᠡᠷᠢᠭ ᠦ᠋ᠨ ᠲᠦᠰᠢᠮᠡᠳ ᠤᠲ᠋ᠷᠠᠷ ᠬᠣᠲᠠ ᠶ᠋ᠢ ᠬᠡᠷᠬᠢᠨ ᠠᠪᠤᠭᠰᠠᠨ ᠢ᠋ ᠠᠰᠠᠭᠤᠪᠠᠰᠤ ᠲᠦᠯᠬᠢᠵᠦ ᠡᠰᠡ ᠪᠣᠯᠬᠤ ᠲᠤᠯᠠ ᠵᠠᠯᠭᠠᠵᠤ ᠥᠭᠦᠯᠡᠭᠰᠡᠨ ᠢᠨᠤ : ᠤᠲ᠋ᠷᠠᠷ ᠬᠣᠲᠠᠨ ᠠᠨᠤ ᠪᠣᠭᠳᠠ ᠡᠵᠡᠨ ᠦ᠌ ᠪᠣᠳᠣᠭᠰᠠᠨ ᠠ᠋ᠴᠠ ᠭᠠᠷᠤᠭᠰᠠᠨ ᠦᠭᠡᠢ ᠬᠢᠯᠪᠠᠷᠬᠠᠨ ᠡᠪᠳᠡᠭᠳᠡᠪᠡ ᠃ ᠢᠨᠡᠯᠴᠠᠭ ᠮᠣᠩᠭᠣᠯ ᠤ᠋ᠨ ᠴᠡᠷᠢᠭ ᠬᠦᠷᠴᠦ ᠢᠷᠡᠭᠡᠳ ᠬᠣᠲᠠ ᠶ᠋ᠢ ᠪᠦᠰᠡᠯᠡᠬᠦᠢ ᠳ᠋ᠦ᠍ᠷ ᠂ ᠬᠣᠲᠠ ᠪᠡᠬᠢ ᠂ ᠴᠡᠷᠢᠭ ᠣᠯᠠᠨ ᠂ ᠡᠵᠡᠨ ᠦ᠌ ᠲᠤᠰᠠᠯᠠᠮᠵᠢ ᠪᠣᠢ ᠭᠡᠮᠡᠨ ᠣᠢᠰᠢᠶᠠᠭᠰᠠᠨ ᠦᠭᠡᠢ ᠃ ᠮᠣᠩᠭᠣᠯᠴᠤᠳ ᠴᠤ᠌ ᠬᠣᠲᠠ ᠶ᠋ᠢ ᠪᠠᠢᠯᠳᠤᠬᠤ ᠶ᠋ᠢ ᠶᠠᠭᠠᠷᠠᠭᠰᠠᠨ ᠦᠭᠡᠢ ᠭᠣᠣ ᠤᠨᠠᠭᠤᠯ ᠮᠠᠯᠲᠠᠵᠤ ᠬᠠᠲᠠᠭᠤ ᠨᠤᠮᠤ ᠪᠦᠳᠦᠭᠦᠨ ᠫᠤᠤ ᠪᠠᠷ ᠪᠡᠬᠢᠯᠡᠨ ᠬᠥᠮᠦᠨ ᠢ᠋ ᠣᠭᠲᠣ ᠣᠢᠷᠠᠲᠤᠭᠤᠯᠬᠤ ᠦᠭᠡᠢ ᠬᠡᠳᠦᠨ ᠰᠠᠷ᠎ᠠ ᠪᠣᠯᠵᠤ ᠪᠦᠬᠠᠷ ᠰᠠᠮᠠᠷᠺᠠᠨᠳ᠋ ᠠ᠋ᠴᠠ ᠴᠢᠮᠡᠭᠡ ᠣᠭᠲᠣ ᠦᠭᠡᠢ ᠳ᠋ᠦ᠍ᠷ ᠪᠠᠬᠠᠨ ᠠᠶᠤᠵᠤ ᠰᠡᠵᠢᠭᠯᠡᠪᠡ᠃
ᠨᠢᠭᠡᠨ ᠡᠳᠦᠷ ᠴᠡᠷᠢᠭ ᠦ᠋ᠨ ᠠᠷᠠᠳ ᠨᠢᠭᠡᠨ ᠬᠥᠮᠦᠨ ᠢ᠋ ᠳᠠᠭᠠᠭᠤᠯᠤᠨ ᠣᠷᠣᠵᠤ ᠢᠷᠡᠪᠡ ᠃ ᠦᠵᠡᠰᠡ ᠬᠠᠷᠢᠨ ᠪᠦᠬᠠᠷ ᠲᠤᠷ ᠶᠠᠪᠤᠭᠤᠯᠤᠭᠰᠠᠨ ᠡᠯᠴᠢ ᠬᠠᠵᠸ ᠠᠵᠤᠭᠤ ᠃ ᠡᠴᠡᠵᠦ ᠲᠤᠷᠠᠭᠠᠳ ᠲᠠᠨᠢᠭᠳᠠᠰᠢ ᠦᠭᠡᠢ ᠪᠣᠯᠪᠠᠢ ᠃ ᠠᠰᠠᠭᠤᠪᠠᠰᠤ ᠰᠸᠷᠢᠲᠠᠷᠢᠶᠠ ᠮᠥᠷᠡᠨ ᠳᠠᠭᠠᠤ ᠴᠥᠮ ᠮᠣᠩᠭᠣᠯ ᠤ᠋ᠨ ᠪᠣᠯᠤᠭᠰᠠᠨ ᠢ᠋ᠶ᠋ᠠᠷ ᠦᠯᠦ ᠪᠠᠷᠠᠨ ᠥᠷᠭᠡᠭᠴᠢ ᠡᠴᠡ ᠪᠤᠰᠤ ᠶᠡᠬᠡ ᠬᠣᠲᠠᠳ ᠴᠥᠮ ᠮᠣᠩᠭᠣᠯ ᠳ᠋ᠤᠷ ᠡᠵᠡᠯᠡᠭᠳᠡᠪᠡ ᠃ ᠡᠵᠡᠨ ᠂ ᠱᠠᠭ ᠂ ᠮᠥᠬᠠᠮᠸᠳ᠋ ᠴᠥᠮ ᠭᠠᠷᠴᠤ ᠳᠤᠲᠠᠭᠠᠭᠰᠠᠨ ᠲᠤᠯᠠ ᠡᠰᠡ ᠠᠭᠤᠯᠵᠠᠪᠠᠢ ᠃ ᠪᠤᠴᠠᠬᠤ ᠵᠠᠮ ᠳ᠋ᠤᠷ ᠮᠣᠩᠭᠣᠯᠴᠤᠳ ᠲᠤᠷ ᠪᠠᠷᠢᠭᠳᠠᠵᠤ ᠤᠳᠠᠭᠠᠳ ᠡᠨᠡ ᠡᠳᠦᠷ ᠲᠠᠯᠪᠢᠵᠤ ᠬᠣᠲᠠᠨ ᠳ᠋ᠤᠷ ᠣᠷᠣᠭᠤᠯᠪᠠ ᠭᠡᠮᠡᠨ ᠥᠭᠦᠯᠡᠬᠦᠢ ᠳ᠋ᠦ᠍ᠷ ᠢᠨᠠᠯᠴᠠᠭ ᠮᠠᠰᠢ ᠰᠣᠴᠢᠵᠤ ᠂ ᠴᠡᠷᠢᠭ ᠦ᠋ᠨ ᠰᠡᠳᠬᠢᠯ ᠬᠥᠳᠡᠯᠬᠦ ᠡᠴᠡ ᠠᠶᠤᠵᠤ ᠬᠠᠵᠸ ᠢ᠋ ᠮᠣᠩᠭᠣᠯ ᠤ᠋ᠨ ᠲᠠᠩᠨᠠᠭᠤᠯ ᠭᠡᠮᠡᠨ ᠳᠠᠭᠤᠨ ᠭᠠᠷᠴᠤ ᠠᠮᠵᠢᠬᠤ ᠠ᠋ᠴᠠ ᠡᠮᠦᠨ᠎ᠡ ᠲᠠᠰᠤ ᠴᠠᠪᠴᠢᠪᠠ᠃ ᠳᠡᠷᠭᠡᠳᠡ ᠪᠠᠢᠭᠰᠠᠨ ᠣᠯᠠᠨ ᠴᠡᠷᠢᠭ ᠵᠠᠩᠵᠤᠨ ᠡᠭᠦᠨ ᠢ᠋ ᠦᠵᠡᠭᠡᠳ ᠴᠥᠮ ᠭᠡᠯᠮᠡᠪᠡᠢ᠃ ᠬᠣᠲᠠ ᠶ᠋ᠢᠨ ᠴᠡᠷᠢᠭ ᠠᠷᠠᠳ ᠰᠢᠪᠡᠨᠡᠯᠴᠡᠨ ᠶᠠᠷᠢᠬᠤ ᠶ᠋ᠢ ᠥᠭᠦᠯᠡᠬᠦ ᠦᠭᠡᠢ᠃ ᠠᠮᠤ ᠬᠦᠨᠡᠰᠦ ᠲᠠᠰᠤᠷᠠᠭᠰᠠᠨ ᠠ᠋ᠴᠠ ᠳᠣᠲᠣᠭᠠᠳᠤ ᠬᠣᠲᠠ ᠶ᠋ᠢᠨ ᠰᠢᠳᠠᠷ ᠴᠡᠷᠢᠭ ᠢᠨᠦ ᠭᠠᠳᠠᠭᠠᠳᠤ ᠬᠣᠲᠠ ᠰᠠᠬᠢᠬᠤ ᠴᠡᠷᠢᠭ ᠦ᠋ᠨ ᠠᠭᠲᠠ ᠶ᠋ᠢ ᠠᠯᠪᠠᠲᠠᠨ ᠠᠪᠴᠤ ᠢᠳᠡᠬᠦ ᠪᠤᠶᠤ ᠳᠡᠭᠡᠷᠡᠮᠳᠡᠨ ᠢᠳᠡᠬᠦ ᠪᠣᠯᠪᠠᠢ᠃ ᠮᠣᠷᠢ ᠬᠡᠮᠡᠭᠴᠢ ᠴᠡᠷᠢᠭ ᠦ᠋ᠨ ᠡᠷ᠎ᠡ ᠶ᠋ᠢᠨ ᠠᠮᠢ ᠲᠤᠯᠠ ᠭᠠᠳᠠᠷ ᠬᠣᠲᠠ ᠶ᠋ᠢᠨ ᠴᠡᠷᠢᠭ ᠦ᠋ᠳ ᠲᠤᠰ ᠲᠤᠰ ᠤ᠋ᠨ ᠮᠣᠷᠢ ᠪᠠᠨ ᠬᠠᠮᠠᠭᠠᠯᠠᠬᠤ ᠭᠡᠵᠦ ᠳᠣᠲᠣᠷ ᠭᠠᠳᠠᠷ ᠬᠣᠲᠠ ᠶ᠋ᠢᠨ ᠬᠣᠭᠣᠷᠣᠨᠳᠣ ᠵᠢᠭᠤᠷᠠᠯᠳᠤᠨ ᠴᠠᠪᠴᠢᠯᠳᠤᠬᠤ ᠶᠠᠪᠤᠳᠠᠯ ᠦᠷᠭᠦᠯᠵᠢ ᠭᠠᠷᠤᠮᠤᠢ᠃ ᠬᠣᠢᠨ᠎ᠠ ᠬᠣᠢᠨ᠎ᠠ ᠪᠠᠨ ᠪᠣᠯᠵᠤ ᠳᠣᠲᠣᠷ ᠭᠠᠳᠠᠷ ᠬᠣᠲᠠ ᠶ᠋ᠢᠨ ᠬᠣᠭᠣᠷᠣᠨᠳᠣ ᠳᠠᠢᠰᠤᠩᠨᠠᠬᠤ ᠪᠣᠯᠪᠠᠢ᠃ ᠢᠨᠠᠯᠴᠠᠭ ᠡᠶᠡᠳᠡᠭᠦᠯᠬᠦ ᠬᠡᠮᠡᠵᠦ ᠬᠤᠷᠢᠮ ᠪᠡᠯᠡᠳᠬᠡᠵᠦ ᠤᠷᠢᠪᠠᠰᠤ ᠭᠠᠳᠠᠷ ᠬᠣᠲᠠ ᠶ᠋ᠢᠨ ᠨᠣᠶᠠᠳ ᠠᠷᠭ᠎ᠠ ᠮᠠᠭᠠᠳ ᠭᠡᠮᠡᠨ ᠠᠶᠤᠵᠤ ᠬᠤᠷᠢᠮ ᠳ᠋ᠤᠷ ᠣᠴᠢᠭᠰᠠᠨ ᠦᠭᠡᠢ᠃ ᠡᠢᠮᠦ ᠡᠴᠡ ᠢᠨᠠᠯᠴᠠᠭ ᠶᠡᠬᠡᠳᠡ ᠢᠴᠢᠩᠭᠦᠷᠡᠵᠦ ᠲᠠᠪᠤᠨ ᠵᠠᠭᠤᠨ ᠴᠡᠷᠢᠭ ᠳᠠᠭᠠᠭᠤᠯᠤᠨ ᠭᠠᠷᠴᠤ ᠢᠷᠡᠭᠡᠳ ᠬᠤᠷᠢᠮ ᠳ᠋ᠤᠷ ᠣᠴᠢᠭᠰᠠᠨ ᠦᠭᠡᠢ ᠬᠥᠮᠦᠰ ᠡᠴᠡ ᠶᠠᠯ᠎ᠠ ᠠᠰᠠᠭᠤᠷ᠎ᠠ ᠢᠷᠡᠭᠰᠡᠨ ᠳ᠋ᠦ᠍ᠷ ᠭᠠᠳᠠᠷ ᠬᠣᠲᠠ ᠶ᠋ᠢᠨ ᠬᠥᠮᠦᠰ ᠪᠠᠷᠢᠷ᠎ᠠ ᠢᠷᠡᠪᠡ ᠭᠡᠮᠡᠨ ᠴᠡᠷᠢᠭ ᠵᠢᠭᠰᠠᠭᠠᠨ ᠶᠡᠬᠡᠳᠡ ᠪᠠᠢᠯᠳᠤᠪᠠ᠃ ᠢᠨᠠᠯᠴᠠᠭ ᠳᠡᠢᠯᠦᠭᠳᠡᠨ ᠳᠣᠲᠣᠷ ᠬᠣᠲᠠᠨ ᠳ᠋ᠠᠭᠠᠨ ᠣᠷᠣᠭᠠᠳ ᠬᠣᠶᠠᠷ ᠵᠠᠭᠤᠨ ᠴᠡᠷᠢᠭ ᠲᠡᠳᠡᠨ ᠠᠪᠴᠤ ᠯᠠᠯᠤ ᠶ᠋ᠢᠨ ᠰᠦᠮ᠎ᠡ ᠶ᠋ᠢᠨ ᠢᠷᠣᠭᠠᠷ ᠲᠤᠷ ᠶᠡᠬᠡ ᠨᠦᠬᠡ ᠡᠷᠦᠭᠦᠯᠵᠦ ᠪᠣᠢ ᠪᠦᠬᠦᠢ ᠡᠳ᠋ ᠪᠠᠷᠠᠭ᠎ᠠ ᠪᠠᠨ ᠪᠤᠯᠠᠭᠤᠯᠵᠤ ᠨᠢᠭᠤᠴᠠ ᠵᠠᠳᠠᠷᠠᠬᠤ ᠦᠭᠡᠢ ᠭᠡᠮᠡᠨ ᠲᠡᠳᠡᠭᠡᠷ ᠴᠡᠷᠢᠭ ᠢ᠋ ᠴᠥᠮ ᠤᠷᠪᠠᠪᠠ ᠭᠡᠮᠡᠨ ᠨᠢᠭᠡᠴᠦ ᠦᠯᠡᠳᠡᠭᠡᠯ ᠦᠭᠡᠢ ᠠᠯᠠᠪᠠ᠃ ᠡᠢᠨ ᠬᠦ᠌ ᠥᠷᠥᠰᠢᠶᠡᠯ ᠦᠭᠡᠢ ᠶᠠᠪᠤᠳᠠᠯ ᠢ᠋ ᠴᠡᠷᠢᠭ ᠦ᠋ᠨ ᠠᠷᠠᠳ ᠰᠣᠨᠣᠰᠤᠭᠠᠳ ᠶᠡᠬᠡᠯ᠎ᠡ ᠬᠣᠷᠣᠰᠴᠤ ᠮᠣᠩᠭᠣᠯ ᠳ᠋ᠤᠷ ᠳᠠᠭᠠᠪᠠ᠃ ᠢᠨᠠᠯᠴᠠᠭ ᠯᠠᠯᠤ ᠶ᠋ᠢᠨ ᠰᠦᠮ᠎ᠡ ᠶ᠋ᠢᠨ ᠬᠦᠷᠢᠶ᠎ᠡ ᠶ᠋ᠢ ᠬᠡᠳᠦᠨ ᠵᠠᠭᠤᠨ ᠰᠢᠳᠠᠷ ᠡᠷᠡᠰ ᠦ᠋ᠨ ᠬᠠᠮᠲᠤ ᠰᠠᠬᠢᠵᠤ ᠪᠠᠭᠤᠵᠤ ᠥᠭᠬᠦ ᠦᠭᠡᠢ ᠳ᠋ᠦ᠍ᠷ ᠰᠦᠮ᠎ᠡ ᠶ᠋ᠢᠨ ᠬᠡᠷᠡᠮ ᠢ᠋ ᠨᠤᠷᠠᠭᠠᠵᠤ ᠪᠣᠭᠳᠠ ᠡᠵᠡᠨ ᠤ ᠵᠠᠷᠯᠢᠭ ᠢ᠋ᠶ᠋ᠠᠷ ᠠᠮᠢᠳᠤ ᠪᠠᠷᠢᠰᠤᠭᠠᠢ ᠭᠡᠮᠡᠨ ᠪᠣᠭᠣᠮᠢᠳᠠᠵᠤ ᠪᠠᠷᠢᠪᠠ᠃ ᠬᠣᠲᠠ ᠶ᠋ᠢ ᠨᠤᠷᠠᠭᠠᠵᠤ ᠢᠨᠠᠯᠴᠠᠭ ᠢ᠋ ᠡᠵᠡᠨ ᠳ᠋ᠦ᠍ᠷ ᠬᠦᠷᠭᠡᠬᠦᠢ ᠳ᠋ᠦ᠍ᠷ ᠡᠳ᠋ ᠮᠥᠩᠭᠥᠨ ᠳ᠋ᠦ᠍ᠷ ᠰᠢᠨᠤᠬᠠᠢ ᠭᠡᠮᠡᠨ ᠮᠥᠩᠭᠥ ᠴᠢᠳᠬᠤᠵᠤ ᠠᠯᠠᠪᠠ ᠃ ᠬᠣᠵᠢᠮ ᠰᠦᠮ᠎ᠡ ᠶ᠋ᠢᠨ ᠢᠷᠣᠭᠠᠷ ᠲᠤᠷ ᠪᠤᠯᠠᠭᠰᠠᠨ ᠡᠳ᠋ ᠡᠷᠳᠡᠨᠢ ᠶ᠋ᠢ ᠭᠠᠷᠭᠠᠨ ᠠᠪᠬᠤᠢ ᠳ᠋ᠤᠷ ᠮᠣᠩᠭᠣᠯ ᠤ᠋ᠨ ᠠᠷᠠᠯᠵᠢᠭᠠᠴᠢᠳ ᠤ᠋ᠨ ᠡᠳ᠋ ᠪᠠᠷᠠᠭ᠎ᠠ ᠠ᠋ᠴᠠ ᠬᠡᠳᠦ ᠳᠠᠬᠢᠨ ᠢᠯᠡᠭᠦᠦ ᠣᠯᠪᠠ ᠬᠡᠮᠡᠮᠦ᠃
ᠢᠨᠠᠯᠴᠠᠭ ᠤ᠋ᠨ ᠬᠣᠪᠳᠣᠭ ᠰᠢᠨᠤᠬᠠᠢ ᠠ᠋ᠴᠠ ᠪᠣᠯᠵᠤ ᠬᠣᠷᠸᠰᠮ ᠡᠵᠡᠨᠲᠦ ᠤᠯᠤᠰ ᠢ᠋ ᠮᠥᠬᠥᠭᠡᠭᠰᠡᠨ ᠢ᠋ᠶ᠋ᠡᠷ ᠦᠯᠦ ᠪᠠᠷᠠᠨ ᠴᠡᠴᠡᠭᠯᠡᠨ ᠬᠥᠭᠵᠢᠵᠦ ᠪᠠᠢᠭ᠎ᠠ ᠲᠥᠪ ᠠᠽᠢ ᠪᠠ ᠥᠷᠥᠨ᠎ᠡ ᠠᠽᠢ ᠶ᠋ᠢᠨ ᠢᠰᠯᠠᠮ ᠰᠣᠶᠣᠯ ᠪᠤᠴᠠᠯᠲᠠ ᠦᠭᠡᠢ ᠰᠥᠨᠥᠵᠦ ᠬᠠᠷ᠎ᠠ ᠲᠠᠩᠭᠢᠰ ᠲᠣᠭᠣᠷᠢᠨ ᠤ᠋ ᠧᠦ᠋ᠷᠣᠫᠠ ᠤᠯᠤᠰ ᠤ᠋ᠳ ᠢ᠋ ᠮᠣᠩᠭᠣᠯ ᠮᠣᠷᠢᠳ ᠤ᠋ᠨ ᠠᠶᠠᠨ ᠲᠡᠢᠨ ᠦ᠌ ᠲᠣᠭᠣᠰᠣᠨ ᠳ᠋ᠤᠷ ᠪᠤᠯᠠᠭᠤᠯᠵᠠᠢ᠃
ᠥᠭᠡᠳᠡᠢ ᠬᠠᠭᠠᠨ ᠪᠢᠴᠢᠭ ᠴᠡᠷᠢᠭ ᠦ᠋ᠨ ᠣᠯᠠᠨ ᠲᠦᠰᠢᠮᠡᠨ ᠬᠠᠮᠲᠤ ᠬᠤᠷᠢᠮᠯᠠᠵᠤ ᠨᠠᠢᠷᠠᠯᠳᠤᠨ ᠡᠷᠲᠡᠨ ᠡᠳᠦᠭᠡᠬᠢ ᠶ᠋ᠢ ᠰᠢᠭᠦᠮᠵᠢᠯᠡᠨ ᠠᠬᠤᠢ ᠳ᠋ᠤᠷ ᠪᠠᠷᠠᠭᠤᠨ ᠬᠢᠵᠠᠭᠠᠷ ᠲᠤᠷ ᠮᠣᠷᠳᠠᠭᠰᠠᠨ ᠠᠬᠠᠮᠠᠳ ᠴᠡᠷᠢᠭ ᠦ᠋ᠨ ᠶᠤᠸᠠᠨᠱᠤᠸᠠᠢ ᠪᠠᠲᠤ ᠬᠠᠨ ᠤ᠋ ᠠᠢᠯᠠᠳᠬᠠᠯ ᠬᠦᠷᠴᠦ ᠢᠷᠡᠪᠡ ᠃ ᠥᠭᠡᠳᠡᠢ ᠬᠠᠭᠠᠨ ᠠᠢᠯᠠᠳᠬᠠᠯ ᠢ᠋ ᠦᠵᠡᠭᠡᠳ ᠴᠢᠷᠠᠢ ᠳ᠋ᠤᠷ ᠬᠢᠯᠢᠩ ᠦ᠋ᠨ ᠪᠠᠢᠳᠠᠯ ᠢᠯᠡᠷᠡᠵᠦ ᠬᠠᠨᠴᠤᠢ ᠰᠠᠵᠢᠵᠤ ᠳᠣᠲᠣᠭᠠᠳᠤ ᠣᠷᠳᠣᠨ ᠳ᠋ᠠᠭᠠᠨ ᠪᠤᠴᠠᠪᠠ᠃
ᠣᠯᠠᠨ ᠪᠢᠴᠢᠭ ᠴᠡᠷᠢᠭ ᠦ᠋ᠨ ᠰᠠᠢᠳ ᠲᠦᠰᠢᠮᠡᠨ ᠠᠬᠠᠮᠠᠳ ᠴᠡᠷᠢᠭ ᠦ᠋ᠨ ᠲᠠᠢᠯᠤᠨ ᠳᠡᠢᠯᠦᠭᠳᠡᠭᠰᠡᠨ ᠢ᠋ ᠮᠡᠳᠡᠬᠦ ᠦᠭᠡᠢ ᠴᠥᠮ ᠠᠶᠤᠯᠳᠤᠨ ᠡᠵᠡᠨ ᠦ᠌ ᠬᠤᠷᠢᠮ ᠤ᠋ᠨ ᠬᠡᠰᠢᠭ ᠲᠣᠷ ᠮᠥᠷᠭᠥᠨ ᠲᠤᠰ ᠲᠤᠰ ᠲᠠᠭᠠᠨ ᠳᠠᠷᠬᠠᠨ ᠶᠠᠪᠤᠪᠠ᠃
ᠦᠵᠡᠬᠦ ᠮᠡᠷᠭᠡᠳ ᠠᠬᠠᠮᠠᠳ ᠴᠡᠷᠢᠭ ᠦ᠋ᠨ ᠲᠡᠢᠨ ᠦ᠌ ᠪᠠᠢᠳᠠᠯ ᠢ᠋ ᠮᠠᠲᠠᠰᠤᠭᠡᠢ ᠬᠡᠮᠡᠪᠡᠰᠦ ᠳᠣᠣᠷᠠᠲᠤ ᠪᠦᠯᠦᠭ ᠲᠣᠷ ᠦᠵᠡᠭᠲᠦᠨ᠃
ᠰᠤᠯᠠ ᠰᠢᠯᠦᠭ
ᠬᠠᠯᠠᠭᠤᠨ ᠨᠠᠷᠠ ᠠᠭᠤᠯᠠ ᠶ᠋ᠢ ᠲᠡᠰᠢᠵᠦ ᠰᠢᠩᠭᠡᠪᠡᠢ
ᠬᠠᠲᠤᠨ ᠭᠣᠣᠯ ᠳᠠᠯᠠᠢ ᠳ᠋ᠤᠷ ᠴᠢᠳᠬᠤᠨ ᠤᠷᠤᠰᠤᠷᠤᠨ
ᠬᠠᠷᠠᠭᠠᠨ ᠤ᠋ ᠴᠢᠨᠡᠬᠡᠪᠡᠷ ᠬᠣᠯᠠ ᠶ᠋ᠢ ᠦᠵᠡᠰᠦᠭᠡᠢ ᠬᠡᠮᠡᠪᠡᠰᠦ
ᠬᠠᠰᠢᠯᠠ ᠨᠡᠩ ᠨᠢᠭᠡᠨ ᠳᠠᠪᠬᠤᠷ ᠲᠤᠷ ᠭᠠᠷᠤᠮᠤ ᠃
( ᠸᠠᠩ ᡁᠢ ᠬᠤᠸᠠᠨ ᠤ᠋ ᠬᠤᠸᠠᠨ ᠴᠢᠶᠣᠤ ᠯᠧᠦ ᠬᠡᠮᠡᠬᠦ ᠰᠢᠯᠦᠭ ᠢ᠋ᠶ᠋ᠡᠷ ᠵᠤᠨ ᠤ᠋ ᠡᠳᠦᠷ ᠦ᠋ᠨ ᠲᠡᠮᠳᠡᠭᠯᠡᠯ ᠪᠣᠯᠭᠠᠪᠠ )
