ᠤᠴᠠᠷᠠᠨ ᠵᠣᠯᠭᠠᠬᠤ ᠶᠢᠨ ᠢᠷᠥᠭᠡᠯ- ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠴᠠᠷᠠᠨ ᠵᠣᠯᠭᠠᠬᠤ ᠶᠢᠨ ᠢᠷᠥᠭᠡᠯ- ᠮᠠᠨᠳᠤᠬᠤ ᠪᠠᠭᠰᠢ ᠶᠢᠨ ᠤᠷᠠᠨ ᠪᠢᠴᠢᠯᠭᠡ

ᠤᠴᠠᠷᠠᠨ ᠵᠣᠯᠭᠠᠬᠤ ᠶᠢᠨ ᠢᠷᠥᠭᠡᠯ- ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2024-01-05

710

ᠤᠴᠠᠷᠠᠨ ᠵᠣᠯᠭᠠᠬᠤ ᠶᠢᠨ ᠢᠷᠥᠭᠡᠯ


ᠦᠭᠡ᠄ ᠰᠣᠳᠨᠠᠮᠳᠣᠷᠵᠢ
ᠠᠶ᠎ᠠ᠄ ᠴᠢᠩᠵᠣᠷᠢᠭ

ᠠᠷᠠᠳ ᠤ᠋ᠨ ᠰᠤᠷᠭᠠᠭᠤᠯᠢ ᠶ᠋ᠢᠨ ᠠᠯᠲᠠᠨ ᠪᠣᠱᠣᠭ᠎ᠠ ᠶ᠋ᠢ
ᠠᠯᠬᠤᠵᠤ ᠣᠷᠣᠭᠰᠠᠨ ᠠᠩᠬᠠᠨ ᠤ᠋ ᠡᠳᠦᠷ ᠡᠴᠡ
ᠠᠷᠪᠢᠨ ᠡᠷᠳᠡᠮ ᠦ᠋ᠨ ᠰᠢᠮ᠎ᠡ ᠶ᠋ᠢ ᠬᠦᠷᠲᠡᠭᠰᠡᠭᠡᠷ
ᠠᠷᠪᠠᠨ ᠵᠢᠯ ᠢ᠋ ᠠᠷᠤ ᠳ᠋ᠠᠭᠠᠨ ᠣᠷᠬᠢᠯ᠎ᠠ᠃ 

ᠬᠦᠰᠡᠯ ᠦ᠋ᠨ ᠵᠢᠭᠦᠷ ᠢ᠋ ᠤᠷᠭᠤᠭᠤᠯᠵᠤ ᠥᠭᠭᠦᠭᠰᠡᠨ
ᠬᠦᠷᠬᠦ ᠢᠷᠡᠭᠡᠳᠦᠢ ᠶ᠋ᠢ ᠤᠭᠲᠤᠭᠤᠯᠵᠤ ᠵᠢᠭᠠᠭᠰᠠᠨ
ᠠᠷᠪᠠᠨ ᠵᠢᠯ ᠦ᠋ᠨ ᠰᠤᠷᠭᠠᠭᠤᠯᠢ ᠪᠠᠨ ᠳᠤᠷᠠᠰᠴᠤ
ᠠᠴᠢᠲᠤ ᠪᠠᠭᠰᠢ ᠨᠠᠷ ᠢ᠋ᠶ᠋ᠠᠨ ᠰᠠᠨᠠᠨ ᠶᠠᠪᠤᠨ᠎ᠠ ᠃ 

ᠬᠡᠳᠦᠬᠡᠨ ᠰᠢᠬᠢᠷ ᠢ᠋ᠶ᠋ᠡᠨ ᠲᠠᠯᠠᠯᠠᠨ ᠬᠤᠪᠢᠶᠠᠵᠤ
ᠬᠡᠴᠡᠭᠦᠬᠡᠨ ᠬᠢᠴᠢᠶᠡᠯ ᠢ᠋ᠶ᠋ᠡᠨ ᠬᠠᠮᠲᠤᠷᠠᠨ ᠳᠠᠪᠲᠠᠵᠤ
ᠰᠤᠷᠤᠭᠴᠢ ᠶ᠋ᠢᠨ ᠬᠤᠪᠴᠠᠰᠤ ᠪᠠᠷ ᠢᠵᠢᠯᠳᠡᠨ ᠭᠤᠶᠤᠭᠰᠠᠨ
ᠰᠤᠷᠭᠠᠭᠤᠯᠢ ᠶ᠋ᠢᠨ ᠵᠢᠯ ᠦ᠋ᠳ ᠲᠦ᠍ ᠳᠡᠩᠳᠡᠭᠦᠦ ᠳᠠᠰᠴᠠᠢ᠃ 

ᠵᠤᠵᠠᠭᠠᠨ ᠳᠡᠪᠲᠡᠷ ᠲᠦ᠍ ᠦᠯᠡᠳᠡᠭᠡᠵᠦ ᠥᠭᠭᠦᠭᠰᠡᠨ
ᠵᠢᠷᠤᠭ ᠳᠤᠷᠠᠰᠬᠠᠯ ᠴᠢᠨᠢ ᠳᠤᠷᠠᠢᠵᠤ ᠪᠠᠢᠨ᠎ᠠ
ᠵᠠᠭᠤᠷᠠᠳᠤ ᠶ᠋ᠢᠨ ᠪᠢᠰᠢ ᠡᠭᠦᠷᠢᠳᠡ ᠶ᠋ᠢᠨ ᠰᠡᠳᠬᠢᠯ ᠢ᠋ᠶ᠋ᠡᠷ
ᠵᠠᠭᠤ ᠨᠠᠰᠤᠯᠠᠭᠰᠠᠨ ᠴᠤ᠌ ᠬᠠᠳᠠᠭᠠᠯᠠᠵᠤ ᠶᠠᠪᠤᠨ᠎ᠠ᠃ 

ᠠᠵᠢᠯ ᠡᠷᠳᠡᠮ ᠦ᠋ᠨ ᠵᠠᠮ ᠢ᠋ ᠳᠠᠭᠠᠭᠠᠳ
ᠠᠷᠪᠠᠨ ᠵᠦᠭ ᠲᠡᠭᠡᠨ ᠵᠠᠮᠨᠠᠨ ᠤᠳᠤᠭᠠᠳ
ᠠᠭᠤᠵᠢᠮ ᠨᠤᠲᠤᠭ ᠲᠠᠭᠠᠨ ᠳᠠᠷᠬᠠᠨ ᠰᠠᠭᠤᠭᠰᠠᠨ ᠴᠤ᠌ 
ᠤᠴᠠᠷᠠᠨ ᠵᠣᠯᠭᠠᠬᠤ ᠶ᠋ᠢᠨ ᠢᠷᠦᠭᠡᠯ ᠪᠠᠢᠨ᠎ᠠ
ᠤᠴᠠᠷᠠᠨ ᠵᠣᠯᠭᠠᠬᠤ ᠶ᠋ᠢᠨ ᠢᠷᠦᠭᠡᠯ ᠪᠠᠢᠨ᠎ᠠ  
ᠤᠴᠠᠷᠠᠨ ᠵᠣᠯᠭᠠᠬᠤ ᠶ᠋ᠢᠨ ᠢᠷᠦᠭᠡᠯ ᠪᠠᠢᠨ᠎ᠠ ᠃
  
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ