ᠬᠥᠬᠡ ᠰᠤᠳᠤᠷ ᠤᠨ ᠵᠠᠯᠭᠠᠮᠵᠢ - ᠢᠨᠵᠠᠨᠨᠠᠰᠢ < ᠳᠠᠯᠠᠳᠤᠭᠠᠷ ᠪᠦᠯᠦᠭ > Хөх судрын залгамж - Инжинаш < Далдугаар бүлэг >
ᠥᠷᠥᠰᠢᠶᠡᠯ ᠶᠡᠬᠡᠲᠦ ᠥᠭᠡᠳᠡᠢ ᠬᠠᠭᠠᠨ ᠰᠥᠩ ᠤᠯᠤᠰ ᠲᠤᠷ ᠨᠠᠢᠷ ᠲᠠᠯᠪᠢᠵᠤ ᠠᠯᠪᠠ ᠪᠠᠷᠢᠵᠤ ᠡᠶᠡᠳᠡᠬᠦ ᠶᠢ ᠵᠥᠪᠰᠢᠶᠡᠷᠡᠪᠡᠢ
ᠦᠷᠦ ᠡᠪᠡᠳᠦᠯᠳᠦ ᠭᠣᠣ ᠶ᠋ᠢᠨ ᠶᠠᠩ ᠨᠠᠷ ᠰᠡᠳᠬᠢᠭᠰᠡᠨ ᠢ᠋ ᠪᠦᠲᠦᠭᠡᠭᠴᠢ ᠰᠦᠮ᠎ᠡ ᠳ᠋ᠦ᠍ᠷ ᠨᠢᠭᠤᠭᠳᠠᠵᠤ ᠮᠣᠩᠭᠣᠯ ᠤ᠋ᠨ ᠴᠡᠷᠢᠭ ᠢ᠋ ᠭᠣᠷᠢᠳᠠᠵᠤ ᠰᠠᠭᠤᠪᠠᠢ
ᠳᠠᠯᠠᠳᠤᠭᠠᠷ ᠪᠦᠯᠦᠭ
ᠤᠯᠠᠭᠠᠨ ᠪᠡᠴᠢᠨ ᠵᠢᠯ ᠂ ᠶᠡᠬᠡ ᠬᠥᠬᠡ ᠮᠣᠩᠭᠣᠯ ᠤ᠋ᠨ ᠥᠭᠡᠳᠡᠢ ᠬᠠᠭᠠᠨ ᠤ᠋ ᠶᠢᠰᠦᠳᠦᠭᠡᠷ ᠣᠨ᠂
ᠰᠥᠩ ᠤᠯᠤᠰ ᠤ᠋ᠨ ᠯᠢᠽᠦᠶ᠋ᠩ ᠬᠠᠭᠠᠨ ᠵᠣᠣ ᠶᠦᠨ ᠤ ᠳ᠋ᠤᠸᠠᠨ ᠹᠢᠩ ᠦ᠋ᠨ ᠳᠥᠷᠪᠡᠳᠦᠭᠡᠷ ᠣᠨ᠃
ᠥᠭᠡᠳᠡᠢ ᠬᠠᠭᠠᠨ ᠡᠨᠡ ᠵᠢᠯ ᠲᠠᠪᠢᠨ ᠨᠢᠭᠡᠨ ᠰᠡᠭᠦᠳᠡᠷ ᠲᠡᠢ
ᠥᠷᠥᠰᠢᠶᠡᠯ ᠶᠡᠬᠡᠲᠦ ᠥᠭᠡᠳᠡᠢ ᠬᠠᠭᠠᠨ ᠰᠥᠩ ᠤᠯᠤᠰ ᠲᠤᠷ ᠨᠠᠢᠷ ᠲᠠᠯᠪᠢᠵᠤ
ᠠᠯᠪᠠ ᠪᠠᠷᠢᠵᠤ ᠡᠶᠡᠳᠡᠬᠦ ᠶ᠋ᠢ ᠵᠥᠪᠰᠢᠶᠡᠷᠡᠪᠡᠢ
ᠦᠷᠦ ᠡᠪᠡᠳᠦᠯᠳᠦ ᠭᠣᠣ ᠶ᠋ᠢᠨ ᠶᠠᠩ ᠨᠠᠷ ᠰᠡᠳᠬᠢᠭᠰᠡᠨ ᠢ᠋ ᠪᠦᠲᠦᠭᠡᠭᠴᠢ ᠰᠦᠮ᠎ᠡ ᠳ᠋ᠦ᠍ᠷ ᠨᠢᠭᠤᠭᠳᠠᠵᠤ
ᠮᠣᠩᠭᠣᠯ ᠤ᠋ᠨ ᠴᠡᠷᠢᠭ ᠢ᠋ ᠭᠣᠷᠢᠳᠠᠵᠤ ᠰᠠᠭᠤᠪᠠᠢ
ᠥᠭᠦᠯᠡᠬᠦ ᠢᠨᠤ ᠂ ᠥᠭᠡᠳᠡᠢ ᠬᠠᠭᠠᠨ ᠤ᠋ ᠵᠦᠭ ᠴᠢᠭ ᠴᠠᠭ ᠮᠥᠴᠡ ᠶ᠋ᠢ ᠰᠠᠬᠢᠬᠤ ᠲᠦᠰᠢᠮᠡᠯ ᠡᠷ᠎ᠡ ᠮᠠᠨᠵᠢᠨ ᠤ᠋ ᠬᠥᠪᠡᠭᠦᠨ ᠴᠠᠭᠠᠨ ᠰᠥᠩ ᠤᠯᠤᠰ ᠤ᠋ᠨ ᠵᠧᠩᠵᠧᠦ ᠬᠣᠲᠠ ᠶ᠋ᠢᠨ ᡁᠢ ᠵᠧᠦ ᠲᠦᠰᠢᠮᠡᠯ ᠴᠢᠶᠣᠤ ᠶᠦᠸᠧ ᠳ᠋ᠦ᠍ᠷ ᠬᠡᠳᠦᠨ ᠵᠡᠷᠭᠡ ᠴᠡᠷᠢᠭ ᠳᠠᠷᠤᠭᠳᠠᠭᠰᠠᠨ ᠤ᠋ ᠳᠡᠭᠡᠷ᠎ᠡ ᠪᠠᠰᠠ ᠭᠦᠶᠦᠭ ᠬᠠᠨ ᠤ᠋ ᠰᠢᠳᠠᠷ ᠵᠠᠩᠵᠤᠨ ᠲᠦᠮᠡᠨᠲᠡᠢ ᠰᠥᠩ ᠤᠯᠤᠰ ᠤ᠋ᠨ ᠠᠯᠳᠠᠷᠲᠤ ᠵᠠᠩᠵᠤᠨ ᠮᠧᠩ ᠬᠦᠩ ᠦ᠋ᠨ ᠠᠷᠭᠠᠨ ᠳ᠋ᠤ᠌ ᠣᠷᠣᠵᠤ ᠳᠡᠢᠯᠦᠭᠳᠡᠭᠡᠳ ᠭᠡᠨᠡᠳᠲᠡ ᠴᠡᠷᠢᠭ ᠤᠬᠤᠷᠢᠭᠰᠠᠨ ᠲᠤᠯᠠ ᠰᠢᠶᠠᠩ ᠶᠠᠩ ᠤ᠋ᠨ ᠳᠡᠷᠭᠡᠳᠡ ᠪᠠᠢᠢᠭᠰᠠᠨ ᠭᠤᠷᠪᠠᠨ ᠹᠦ ᠶ᠋ᠢᠨ ᠬᠣᠷᠢᠨ ᠳᠥᠷᠪᠡᠨ ᠬᠦᠷᠢᠶ᠎ᠡ ᠬᠣᠶᠠᠷ ᠲᠦᠮᠡ ᠢᠯᠡᠭᠦᠦ ᠣᠯᠵᠠᠯᠠᠭᠰᠠᠨ ᠠᠷᠠᠳ ᠢ᠋ᠶ᠋ᠠᠨ ᠰᠥᠩ ᠤᠯᠤᠰ ᠤ᠋ᠨ ᠴᠡᠷᠢᠭ ᠲᠦ᠍ᠷ ᠭᠡᠳᠡᠷᠭᠡᠨ ᠪᠤᠯᠢᠶᠠᠭᠳᠠᠭᠰᠠᠨ ᠳ᠋ᠤᠷ ᠬᠤᠪᠢ ᠢᠷᠦᠭᠡᠯ ᠮᠠᠭᠤ ᠭᠣᠣ ᠶ᠋ᠢᠨ ᠶᠠᠩ ᠰᠢᠶᠣᠤ ᠵᠢᠶᠧ ᠪᠠ ᠵᠣᠣ ᠢᠦᠢ ᠵᠣ᠌ ᠂ ᠵᠣᠣ ᠢᠦᠢ ᠵᠢᠩ ᠠᠬ᠎ᠠ ᠥᠬᠢᠨ ᠳᠡᠭᠦᠦ ᠂ ᠵᠢᠴᠢ ᠵᠢᠶᠧ ᠹᠧᠢ ᠂ ᠵᠸᠨ ᠪᠦᠸᠧ ᠂ ᠭᠣᠣ ᠹᠦ ᠷᠸᠨ ᠨᠠᠷ ᠴᠥᠮ ᠡᠭᠦᠨ ᠳ᠋ᠦ᠍ᠷ ᠬᠤᠮᠢᠭᠳᠠᠪᠠ᠃ ᠡᠨᠡ ᠦᠨᠡᠬᠡᠷ ᠭᠡᠷ ᠭᠣᠭᠣᠵᠢᠩᠬᠠᠢ ᠬᠡᠮᠡᠬᠦᠢ ᠳ᠋ᠦ᠍ᠷ ᠬᠠᠷᠢᠨ ᠴᠢᠪ ᠭᠡᠮᠡᠨ ᠶᠡᠬᠡ ᠪᠣᠷᠣᠭᠠᠨ ᠲᠣᠬᠢᠶᠠᠯᠳᠤᠪᠠᠢ᠃
ᠲᠡᠳᠦᠢ ᠳ᠋ᠦ᠍ᠷ ᠭᠣᠣ ᠶ᠋ᠢᠨ ᠶᠠᠩ ᠨᠠᠷ ᠣᠯᠵᠠᠯᠠᠭᠳᠠᠭᠰᠠᠳ ᠤ᠋ᠨ ᠶᠡᠬᠡ ᠬᠦᠷᠢᠶᠡᠨ ᠳ᠋ᠦ᠍ᠷ ᠪᠣᠢ ᠪᠣᠯᠪᠠᠴᠤ ᠬᠥᠶᠦᠭ ᠬᠠᠨ ᠤ᠋ ᠡᠷᠭᠦᠮᠡᠯ ᠭᠡᠮᠡᠨ ᠣᠨᠴᠠ ᠬᠠᠮᠠᠭᠠᠯᠠᠭᠳᠠᠵᠤ ᠴᠠᠭ ᠵᠢᠭᠠᠵᠤ ᠮᠣᠩᠭᠣᠯ ᠤ᠋ᠨ ᠨᠡᠢᠰᠯᠡᠯ ᠳ᠋ᠦ᠍ᠷ ᠣᠴᠢᠮᠤᠢ ᠭᠡᠮᠡᠨ ᠰᠠᠨᠠᠭ᠎ᠠ ᠠᠮᠤᠷ ᠪᠠᠢᠭᠠᠳ ᠰᠥᠩ ᠦ᠋ᠨ ᠴᠡᠷᠢᠭ ᠭᠡᠨᠡᠳᠲᠡ ᠢᠷᠡᠬᠦ ᠶ᠋ᠢ ᠰᠡᠷᠭᠡᠢᠯᠡᠭᠰᠡᠨ ᠦᠭᠡᠢ ᠶ᠋ᠢᠨ ᠭᠠᠢ ᠪᠠᠷ ᠡᠢᠮᠦ ᠵᠣᠪᠠᠯᠠᠩ ᠳ᠋ᠤᠷ ᠲᠣᠬᠢᠶᠠᠯᠳᠤᠪᠠᠢ᠃ ᠮᠣᠩᠭᠣᠯ ᠤ᠋ᠨ ᠴᠡᠷᠢᠭ ᠰᠢᠶᠠᠩ ᠶᠠᠩ ᠬᠣᠲᠠ ᠶ᠋ᠢᠨ ᠣᠢᠷ᠎ᠠ ᠪᠠᠢᠭ᠍ᠰᠠᠭᠠᠷ ᠲᠤᠯᠠ ᠰᠥᠩ ᠤᠯᠤᠰ ᠪᠤᠴᠠᠭᠠᠨ ᠠᠪᠤᠭᠰᠠᠨ ᠢᠷᠭᠡᠳ ᠢ᠋ᠶ᠋ᠡᠨ ᠲᠦᠷᠭᠡᠨ ᠵᠠᠢᠯᠠᠭᠤᠯᠰᠤᠭᠠᠢ ᠭᠡᠮᠡᠨ ᠮᠣᠷᠢ ᠲᠠᠢ ᠶᠠᠪᠠᠭᠠᠨ ᠬᠡᠳᠦᠨ ᠮᠢᠩᠭᠠᠨ ᠴᠡᠷᠢᠭ ᠢ᠋ᠶ᠋ᠡᠷ ᠳᠠᠷᠤᠩᠭᠤᠢᠯᠠᠨ ᠶᠠᠪᠤᠬᠤᠢ ᠳ᠋ᠤᠷ ᠲᠠᠰᠢᠭᠤᠷ ᠰᠢᠲᠠᠮ ᠡᠷᠭᠢᠭᠦᠯᠦᠨ ᠬᠥᠭᠰᠢᠨ ᠵᠠᠯᠠᠭᠤ ᠡᠷᠡᠭᠲᠡᠢ ᠡᠮᠡᠭᠲᠡᠢ ᠢᠯᠭᠠᠯ ᠦᠭᠡᠢ ᠨᠢᠳᠦ ᠨᠢᠭᠤᠷ ᠦᠭᠡᠢ ᠵᠠᠨᠴᠢᠨ ᠲᠠᠰᠢᠭᠤᠷᠳᠠᠵᠤ᠂ ᠬᠣᠴᠣᠷᠤᠭᠰᠠᠨ ᠬᠥᠮᠦᠰ ᠢ᠋ ᠮᠣᠷᠢ ᠪᠠᠷ ᠳᠠᠭᠠᠷᠢᠭᠤᠯᠬᠤ ᠪᠠ ᠬᠢᠳᠤᠬᠤᠢ ᠳ᠋ᠤᠷ ᠬᠥᠭᠡᠷᠦᠬᠦᠢ ᠡᠳᠡᠭᠡᠷ ᠢᠷᠭᠡᠳ ᠠᠮᠢ ᠲᠡᠮᠡᠴᠡᠨ ᠶᠠᠪᠤᠵᠤ ᠭᠣᠣ ᠰᠤᠪᠠᠭ ᠲᠤᠷ ᠤᠨᠠᠨ ᠣᠯᠠᠨ ᠤ᠋ ᠬᠥᠯ ᠳ᠋ᠦ᠍ᠷ ᠳᠠᠭᠠᠷᠢᠭᠳᠠᠨ ᠦᠬᠦᠭᠰᠡᠨ ᠢᠨᠦ ᠨᠡᠩ ᠲᠣᠭ᠎ᠠ ᠦᠭᠡᠢ ᠣᠯᠠᠨ ᠪᠣᠯᠵᠤ ᠤᠬᠢᠯᠠᠬᠤ ᠳᠠᠭᠤᠨ ᠲᠡᠭᠷᠢ ᠲᠤᠯᠪᠠᠢ ᠃
ᠭᠣᠣ ᠶ᠋ᠢᠨ ᠶᠠᠩ ᠠᠷᠠᠢ ᠡᠷᠡᠴᠢᠯᠡᠨ ᠴᠢᠮᠡᠵᠦ ᠠᠮᠵᠢᠭᠰᠠᠨ ᠲᠤᠯᠠ ᠵᠣᠣ ᠢᠦᠢ ᠵᠣ᠌ ᠪᠠ ᠲᠡᠭᠦᠨ ᠦ᠌ ᠭᠡᠷ ᠦ᠋ᠨ ᠠᠷᠠᠳ ᠬᠡᠳᠦᠨ ᠬᠥᠮᠦᠨ ᠦ᠌ ᠬᠠᠮᠲᠤ ᠨᠠᠷᠢᠨ ᠵᠥᠭᠡᠯᠡᠨ ᠢ᠋ᠶ᠋ᠡᠨ ᠮᠥᠷᠥᠯᠡᠨ ᠶᠠᠪᠤᠮᠤᠢ᠃ ᠲᠡᠷᠭᠡ ᠮᠣᠷᠢ ᠪᠠᠨ ᠴᠥᠮ ᠰᠠᠮᠠᠭᠤᠨ ᠴᠡᠷᠢᠭ ᠲᠦ᠍ᠷ ᠠᠯᠳᠠᠭᠰᠠᠨ ᠲᠤᠯᠠ ᠵᠣᠣ ᠢᠦᠢ ᠵᠢᠩ ᠵᠢᠴᠢ ᠵᠢᠶᠧ ᠹᠧᠢ ᠬᠠᠲᠤᠨ᠂ ᠵᠧᠨ ᠪᠦᠸᠧ ᠂ ᠭᠣᠣ ᠹᠦ ᠷᠸᠨ ᠨᠠᠷ ᠴᠥᠮ ᠥᠬᠢᠳ ᠢ᠋ᠶ᠋ᠡᠨ ᠲᠦᠰᠢᠯᠴᠡᠨ ᠭᠡᠵᠢᠭᠡ ᠦᠰᠦ ᠪᠡᠨ ᠲᠠᠯᠪᠢᠵᠤ ᠬᠣᠭ ᠲᠣᠭᠣᠰᠣᠨ ᠳ᠋ᠤᠷ ᠳᠠᠷᠤᠭᠳᠠᠵᠤ᠂ ᠣᠯᠠᠨ ᠢᠷᠭᠡᠳ ᠦ᠋ᠨ ᠳᠣᠲᠣᠷ᠎ᠠ ᠢᠢᠨ ᠬᠣᠯᠢᠯᠳᠤᠨ ᠶᠠᠪᠤᠬᠤ ᠠᠵᠤᠭᠤ᠃
ᠦᠵᠡᠲᠡᠯ᠎ᠡ ᠰᠢᠶᠠᠩ ᠶᠠᠩ ᠬᠣᠲᠠ ᠠ᠋ᠴᠠ ᠶᠠᠪᠤᠬᠤ ᠳᠣᠳᠣᠮ ᠬᠣᠯᠠᠳᠠᠵᠤ᠂ ᠱᠤ᠌ ᠶ᠋ᠢᠨ ᠭᠠᠵᠠᠷ ᠵᠦᠭ ᠣᠴᠢᠮᠤᠢ᠃ ᠭᠣᠣ ᠶ᠋ᠢᠨ ᠶᠠᠩ ᠪᠣᠳᠣᠪᠠᠰᠤ ᠮᠣᠩᠭᠣᠯ ᠤ᠋ᠨ ᠵᠠᠩᠵᠤᠨ ᠸᠠᠩ ᠢᠦᠢ ᠵᠸᠨ ᠪᠤᠶᠤ ᠴᠠᠭᠠᠨ ᠤ᠋ ᠴᠡᠷᠢᠭ ᠲᠦ᠍ᠷ ᠳᠠᠬᠢᠨ ᠠᠭᠤᠯᠵᠠᠬᠤ ᠠᠨᠤ ᠨᠢᠭᠡᠨᠲᠡ ᠲᠡᠭᠷᠢ ᠡᠴᠡ ᠬᠣᠯᠠ ᠰᠠᠨᠠᠭᠳᠠᠵᠤ ᠴᠢᠨᠠᠭᠰᠢᠳᠠ ᠱᠤ᠌ ᠶ᠋ᠢᠨ ᠭᠠᠵᠠᠷ ᠣᠢᠷᠠᠲᠤᠬᠤᠢ ᠳ᠋ᠤᠷ ᠥᠰᠢᠶᠡᠲᠡᠨ ᠹᠠᠨ ᠬᠦᠢ ᠶ᠋ᠢᠨ ᠭᠠᠵᠠᠷ ᠲᠤᠷ ᠳᠠᠬᠢᠨ ᠣᠷᠣᠪᠠᠰᠤ ᠠᠮᠢᠳᠤ ᠭᠠᠷᠬᠤᠶ᠎ᠠ ᠪᠡᠷᠬᠡ ᠲᠤᠯᠠ ᠠᠶᠤᠨ ᠵᠣᠪᠠᠬᠤ ᠶ᠋ᠢ ᠶᠠᠭᠤᠨ ᠥᠭᠦᠯᠡᠬᠦ ᠠᠵᠢ᠃
ᠭᠣᠣ ᠶ᠋ᠢᠨ ᠶᠠᠩ ᠲᠤᠢᠯ ᠢ᠋ᠶ᠋ᠠᠷ ᠪᠠᠴᠢᠮᠳᠠᠵᠤ᠂ ᠥᠬᠢᠳ ᠬᠥᠪᠡᠭᠦᠳ ᠦ᠋ᠨ ᠢᠴᠢᠵᠦ ᠰᠢᠷᠪᠡᠭᠡᠲᠦᠬᠦ ᠪᠠ ᠶᠣᠰᠣ ᠰᠤᠷᠭᠠᠯ ᠢ᠋ ᠨᠢᠭᠡ ᠲᠠᠯ᠎ᠠ ᠳ᠋ᠤᠷ ᠣᠷᠬᠢᠵᠤ ᠵᠣᠣ ᠢᠦᠢ ᠵᠣ᠌ ᠶ᠋ᠢᠨ ᠬᠠᠨᠴᠤᠢ ᠡᠴᠡ ᠰᠡᠮᠡᠬᠡᠷ ᠲᠠᠲᠠᠵᠤ ᠥᠭᠦᠯᠡᠷᠦᠨ: 《ᠪᠢᠳᠡ ᠲᠡᠳᠦᠢᠯᠡ ᠣᠯᠠᠨ ᠢᠷᠭᠡᠳ ᠢ ᠲᠠᠭᠠᠨᠨ ᠬᠠᠮᠢᠭ᠎ᠠ ᠤᠳᠤᠮᠤᠢ᠃ ᠲᠠ ᠪᠢᠳᠡ ᠰᠥᠩ ᠤᠯᠤᠰ ᠤ᠋ᠨ ᠬᠥᠮᠦᠨ ᠪᠣᠯᠪᠠᠴᠤ ᠡᠳᠦᠭᠡ ᠰᠥᠩ ᠤᠯᠤᠰ ᠲᠤᠷ ᠬᠥᠯ ᠵᠣᠭᠰᠣᠬᠤ ᠭᠠᠵᠠᠷ ᠦᠭᠡᠢ ᠪᠣᠯᠪᠠ᠃ ᠮᠣᠩᠭᠣᠯ ᠴᠡᠷᠢᠭ ᠲᠦ᠍ᠷ ᠣᠢᠷᠠᠲᠤᠪᠠᠰᠤ ᠬᠠᠷᠢᠨ ᠠᠮᠢ ᠭᠠᠷᠴᠤ ᠪᠣᠯᠤᠮᠤᠢ᠃ ᠱᠤ᠌ ᠶ᠋ᠢᠨ ᠭᠠᠵᠠᠷ ᠣᠴᠢᠭᠠᠳ ᠨᠢᠭᠡᠨᠲᠡ ᠰᠡᠷᠡᠭᠳᠡᠪᠡᠰᠦ ᠬᠠᠷᠢᠨᠴᠤ ᠨᠠᠭᠠᠳᠤᠮ ᠪᠤᠰᠤ᠃ ᠡᠷᠲᠡᠬᠡᠨ ᠨᠢᠭᠡᠨ ᠠᠷᠭ᠎ᠠ ᠪᠣᠳᠣᠪᠠᠰᠤ ᠵᠣᠬᠢᠮᠤᠢ 》ᠬᠡᠮᠡᠭᠰᠡᠨ ᠳ᠋ᠦ᠍ᠷ᠂ ᠵᠣᠣ ᠢᠦᠢ ᠵᠣ᠌ ᠬᠠᠷᠢᠭᠤ ᠥᠭᠦᠯᠡᠷᠦᠨ: 《ᠡᠨᠳᠡ ᠡᠴᠡ ᠮᠧᠢ ᠶᠤᠸᠠᠨᠸᠠᠢ ᠶ᠋ᠢᠨ ᠭᠠᠴᠠᠭ᠎ᠠ ᠯᠢᠩ ᠢᠦᠢ ᠹᠦ ᠬᠣᠯᠠ ᠦᠭᠡᠢ ᠪᠣᠯᠵᠤᠬᠤᠢ᠂ ᠣᠯᠳᠠᠪᠠᠰᠤ ᠲᠡᠨᠳᠡ ᠬᠥᠯ ᠲᠣᠭᠲᠠᠵᠤ ᠬᠣᠢᠰᠢᠬᠢ ᠤᠴᠢᠷ ᠢ᠋ ᠵᠢᠴᠢ ᠮᠡᠳᠡᠰᠦᠭᠡᠢ ᠭᠡᠮᠡᠨ ᠰᠠᠨᠠᠮᠤᠢ᠃ ᠭᠠᠭᠴᠠ ᠳᠠᠷᠤᠩᠭᠤᠢᠯᠠᠨ ᠶᠠᠪᠤᠬᠤ ᠴᠡᠷᠢᠭ ᠪᠣᠢ ᠲᠤᠯᠠ ᠣᠯᠠᠨ ᠤ᠋ ᠰᠦᠷᠦᠭ ᠡᠴᠡ ᠰᠠᠯᠬᠤ ᠠᠷᠭ᠎ᠠ ᠣᠯᠳᠠᠬᠤ ᠦᠭᠡᠢ ᠶ᠋ᠢ ᠬᠡᠷᠬᠢᠰᠦ 》ᠬᠡᠮᠡᠪᠡᠢ᠃ ᠪᠣᠳᠣᠪᠠᠰᠤ ᠦᠨᠡᠬᠡᠷ ᠥᠭᠡᠷ᠎ᠡ ᠠᠷᠭ᠎ᠠ ᠦᠭᠡᠢ ᠲᠤᠯᠠ ᠭᠣᠣ ᠶ᠋ᠢᠨ ᠶᠠᠩ ᠮᠥᠨ ᠭᠡᠮᠡᠨ ᠰᠠᠯᠵᠤ ᠣᠳᠬᠤ ᠵᠠᠪᠰᠢᠶᠠᠨ ᠢ᠋ ᠡᠷᠢᠵᠦ ᠶᠠᠪᠤᠮᠤᠢ᠃ ᠭᠡᠨᠡᠳᠲᠡ ᠠᠷᠤ ᠲᠠᠯ᠎ᠠ ᠠ᠋ᠴᠠ ᠬᠣᠭ ᠲᠣᠭᠣᠰᠣᠨ ᠲᠡᠭᠷᠢ ᠲᠤᠯᠤᠮ᠎ᠠ ᠳᠡᠭᠳᠡᠵᠦ ᠬᠥᠮᠦᠨ ᠮᠣᠷᠢᠨ ᠤ᠋ ᠦᠢᠮᠡᠭᠡᠨ ᠳᠠᠯᠠᠢ ᠶ᠋ᠢᠨ ᠤᠰᠤ ᠴᠠᠯᠭᠢᠯᠠᠬᠤ ᠮᠡᠲᠦ ᠪᠣᠯᠬᠤᠢ ᠳ᠋ᠤᠷ᠂ ᠣᠯᠠᠨ ᠬᠥᠮᠦᠨ ᠴᠥᠮ ᠮᠣᠩᠭᠣᠯ ᠤ᠋ᠨ ᠴᠡᠷᠢᠭ ᠠᠢᠰᠤᠢ ᠭᠡᠮᠡᠨ ᠪᠠᠷᠬᠢᠷᠠᠯᠳᠤᠨ ᠰᠠᠮᠠᠭᠤᠷᠠᠵᠤ ᠠᠮᠢ ᠭᠠᠷᠰᠤᠭᠠᠢ ᠭᠡᠮᠡᠨ ᠳᠠᠷᠤᠩᠭᠤᠢᠯᠠᠨ ᠶᠠᠪᠤᠬᠤ ᠴᠡᠷᠢᠭ ᠦ᠋ᠨ ᠴᠣᠬᠢᠵᠤ ᠬᠠᠷᠢᠶᠠᠬᠤ ᠶ᠋ᠢ ᠣᠢᠰᠢᠶᠠᠬᠤ ᠦᠭᠡᠢ ᠵᠦᠭ ᠵᠦᠭ ᠰᠠᠷᠨᠢᠨ ᠪᠤᠲᠠᠷᠠᠵᠤ ᠡᠬᠢᠯᠡᠪᠡ᠃ ᠳᠠᠷᠤᠩᠭᠤᠢᠯᠠᠨ ᠶᠠᠪᠤᠬᠤ ᠴᠡᠷᠢᠭ ᠦ᠋ᠳ ᠴᠦ᠍ ᠶᠡᠬᠡᠯ᠎ᠡ ᠠᠯᠮᠠᠢᠷᠠᠵᠤ ᠶᠠᠭᠤ ᠪᠣᠯᠵᠤ ᠪᠠᠢᠬᠤ ᠶ᠋ᠢ ᠮᠡᠳᠡᠬᠦ ᠦᠭᠡᠢ ᠲᠤᠯᠠ ᠵᠠᠭᠤᠨ ᠠᠷᠭ᠎ᠠ ᠠ᠋ᠴᠠ ᠵᠢᠭᠤᠲᠠᠬᠤ ᠠᠨᠤ ᠳᠡᠭᠡᠳᠦ ᠬᠡᠮᠡᠵᠦ ᠮᠥᠨ ᠵᠠᠮ ᠪᠤᠯᠢᠶᠠᠯᠳᠤᠨ ᠳᠤᠲᠠᠭᠠᠵᠤ ᠡᠬᠢᠯᠡᠪᠡ᠃ ᠬᠥᠭᠡᠷᠦᠬᠦᠢ ᠣᠯᠠᠨ ᠢᠷᠭᠡᠳ ᠬᠥᠮᠦᠨ ᠮᠣᠷᠢᠨ ᠤ᠋ ᠬᠥᠯ ᠳ᠋ᠦ᠍ᠷ ᠭᠢᠰᠬᠢᠭᠳᠡᠨ ᠦᠬᠦᠭᠰᠡᠨ ᠢᠨᠦ ᠨᠡᠩ ᠲᠣᠭ᠎ᠠ ᠦᠭᠡᠢ ᠣᠯᠠᠨ ᠪᠣᠯᠵᠤᠬᠤᠢ᠃ ᠤᠬᠢᠯᠠᠬᠤ ᠶᠣᠣᠯᠠᠬᠤ ᠳᠠᠭᠤᠨ ᠬᠣᠯᠠ ᠣᠢᠷ᠎ᠠ ᠦᠭᠡᠢ ᠰᠣᠨᠣᠰᠳᠠᠮᠤᠢ᠃ ᠵᠣᠣ ᠢᠦᠢ ᠵᠣ᠌ ᠂ ᠭᠣᠣ ᠶ᠋ᠢᠨ ᠶᠠᠩ ᠬᠣᠶᠠᠭᠤᠯᠠ ᠬᠡᠵᠢᠶᠡᠨᠡᠢ ᠪᠡᠯᠡᠳᠬᠡᠯ ᠲᠡᠢ ᠵᠠᠬ᠎ᠠ ᠪᠠᠷᠢᠵᠤ ᠶᠠᠪᠤᠭᠰᠠᠨ ᠲᠤᠯᠠ ᠂ ᠳᠤᠲᠠᠭᠠᠨ ᠵᠢᠭᠤᠲᠠᠬᠤᠢ ᠳ᠋ᠤᠷ ᠬᠠᠷᠢᠨᠴᠤ ᠮᠠᠰᠢ ᠳᠥᠭᠥᠮ ᠪᠣᠯᠵᠤ ᠵᠢᠶᠧ ᠹᠧᠢ ᠂ ᠭᠣᠣ ᠹᠦ ᠷᠸᠨ ᠨᠠᠷ ᠢ ᠦᠬᠦᠨ ᠲᠠᠲᠠᠵᠤ ᠣᠯᠠᠨ ᠤ᠋ ᠬᠥᠯ ᠦ᠋ᠨ ᠠᠶᠤᠯ ᠡᠴᠡ ᠵᠠᠢᠯᠠᠭᠤᠯᠤᠨ ᠦᠨᠡᠨ ᠬᠤᠳᠠᠯ ᠢ᠋ ᠢᠯᠭᠠᠬᠤ ᠦᠭᠡᠢ ᠵᠥᠪᠬᠡᠨ ᠬᠥᠮᠦᠨ ᠴᠥᠭᠡᠨ ᠵᠦᠭ ᠢ᠋ ᠪᠠᠷᠢᠵᠤ ᠳᠤᠲᠠᠭᠠᠨ ᠶᠠᠪᠤᠭᠰᠠᠭᠠᠷ ᠨᠢᠭᠡᠨ ᠶᠡᠬᠡ ᠵᠡᠪᠡ ᠶ᠋ᠢᠨ ᠠᠮᠠ ᠲᠣᠬᠢᠶᠠᠯᠳᠤᠭᠰᠠᠨ ᠲᠤᠯᠠ ᠤᠨᠠᠨ ᠲᠣᠰᠣᠨ ᠥᠭᠡᠳᠡᠯᠡᠨ ᠶᠠᠪᠤᠮᠤᠢ᠃
ᠡᠳᠡᠭᠡᠷ ᠬᠥᠮᠦᠰ ᠴᠥᠮ ᠡᠷᠬᠢᠮ ᠬᠡᠷᠭᠡᠮᠲᠡᠨ ᠦ᠌ ᠭᠦᠨ ᠣᠷᠳᠣᠨ ᠳ᠋ᠤᠷ ᠥᠰᠴᠦ ᠲᠥᠷᠥᠭᠰᠡᠨ ᠠᠪᠠᠬᠠᠢ ᠰᠢᠶᠣᠤ ᠵᠢᠶᠧ ᠨᠠᠷ ᠪᠣᠯᠬᠤ ᠲᠤᠯᠠ ᠡᠨᠡ ᠮᠡᠲᠦ ᠶ᠋ᠢᠨ ᠠᠶᠤᠯ ᠵᠣᠪᠠᠯᠠᠩ ᠢ᠋ ᠬᠡᠷᠬᠢᠨ ᠣᠯᠵᠤ ᠮᠡᠳᠡᠮᠦᠢ᠃ ᠠᠮᠢ ᠭᠠᠷᠰᠤᠭᠠᠢ ᠭᠡᠮᠡᠨ ᠨᠢᠭᠡᠨ ᠵᠡᠷᠭᠡ ᠤᠬᠠᠭᠠᠨ ᠦᠭᠡᠢ ᠭᠦᠶᠦᠯᠳᠦᠭᠡᠳ ᠴᠡᠷᠢᠭ ᠮᠣᠷᠢᠨ ᠤ᠋ ᠠᠶᠤᠯ ᠪᠠᠬᠠᠨ ᠬᠣᠯᠠᠳᠠᠮᠠᠭᠴᠠ ᠳᠠᠷᠤᠢ ᠠᠮᠢᠰᠬᠤᠭ᠎ᠠ ᠪᠥᠭᠯᠡᠷᠡᠨ ᠲᠠᠮᠢᠷ ᠲᠡᠩᠬᠡᠭᠡ ᠪᠡᠨ ᠠᠯᠳᠠᠵᠤ ᠪᠡᠶ᠎ᠡ ᠰᠤᠯᠠᠷᠠᠨ ᠬᠥᠯ ᠳᠡᠭᠡᠷ᠎ᠡ ᠪᠡᠨ ᠲᠣᠭᠲᠠᠵᠤ ᠴᠢᠳᠠᠬᠤ ᠦᠭᠡᠢ ᠪᠣᠯᠵᠤᠬᠤᠢ᠃ ᠲᠡᠢᠨ ᠬᠦ᠌ ᠦᠬᠦᠬᠦᠢ ᠳ᠋ᠦ᠍ᠷ ᠦᠯᠦ ᠬᠥᠷᠥᠮᠦᠢ ᠭᠡᠮᠡᠨ ᠵᠢᠭᠤᠷᠠᠯᠳᠤᠨ ᠤᠬᠢᠯᠠᠯᠳᠤᠮᠤᠢ᠃ ᠭᠣᠣ ᠶ᠋ᠢᠨ ᠶᠠᠩ ᠬᠠᠷᠠᠬᠠᠨ ᠪᠠᠭ᠎ᠠ ᠠ᠋ᠴᠠ ᠡᠴᠢᠭᠡ ᠪᠡᠨ ᠳᠠᠭᠠᠵᠤ ᠴᠡᠷᠢᠭ ᠮᠣᠷᠢᠨ ᠤ᠋ ᠡᠷᠳᠡᠮ ᠰᠤᠷᠤᠭᠰᠠᠨ ᠬᠥᠮᠦᠨ ᠲᠤᠯᠠ ᠬᠡᠷᠡᠭ ᠲᠣᠬᠢᠶᠠᠯᠳᠤᠪᠠᠰᠤ ᠠᠷᠠᠢ ᠲᠤᠯᠭᠠᠭᠤᠷᠢ ᠲᠠᠢ ᠪᠥᠯᠥᠭᠡ ᠃ ᠭᠡᠪᠡᠴᠦ ᠡᠨᠡ ᠬᠢᠷᠢ ᠳ᠋ᠦ᠍ᠷ ᠬᠦᠷᠦᠭᠡᠳ ᠮᠥᠨ ᠠᠷᠭ᠎ᠠ ᠦᠭᠡᠢ ᠪᠣᠯᠵᠤ 《ᠬᠥᠬᠡ ᠲᠡᠭᠷᠢ ᠠ᠋ ! 》 ᠭᠡᠮᠡᠨ ᠳᠠᠭᠤᠨ ᠠᠯᠳᠠᠵᠤ ᠨᠢᠯᠪᠤᠰᠤ ᠤᠨᠠᠭᠠᠮᠤᠢ ᠃ ᠭᠠᠴᠢᠭᠳᠠᠯ ᠤ᠋ᠨ ᠲᠤᠢᠯ ᠳ᠋ᠤᠷ ᠬᠦᠷᠦᠭᠡᠳ ᠨᠢᠳᠦ ᠡᠷᠭᠦᠨ ᠦᠵᠡᠪᠡᠰᠦ ᠨᠢᠭᠡᠨ ᠵᠤᠷᠪᠤᠰ ᠭᠣᠷᠣᠬ᠎ᠠ ᠶ᠋ᠢᠨ ᠲᠤᠩᠭᠠᠯᠠᠭ ᠤᠷᠤᠰᠬᠠᠯ ᠶᠠᠪᠤᠬᠤ ᠵᠠᠮ ᠢ᠋ ᠬᠥᠨᠳᠡᠯᠢᠰᠦᠨ ᠴᠢᠨᠠᠳᠤ ᠠᠭᠤᠯᠠ ᠶ᠋ᠢᠨ ᠪᠠᠯ ᠤ᠋ᠨ ᠰᠡᠢᠷᠡᠭ ᠣᠢ ᠶ᠋ᠢᠨ ᠳᠣᠲᠣᠷ᠎ᠠ ᠬᠡᠳᠦᠨ ᠲᠠᠰᠤᠯᠭ᠎ᠠ ᠬᠥᠬᠡ ᠸᠠᠭᠠᠷᠤᠨ ᠪᠠᠢᠰᠢᠩ ᠤ᠋ᠨ ᠣᠷᠣᠢ ᠬᠠᠷᠠᠭᠳᠠᠮᠤᠢ ᠃ ᠡᠨᠡ ᠦᠨᠡᠬᠡᠷ ᠄ 《ᠠᠭᠤᠯᠠ ᠠᠨᠤ ᠳᠠᠪᠬᠤᠷᠯᠠᠨ ᠤᠰᠤᠨ ᠠᠨᠤ ᠲᠣᠭᠣᠷᠢᠯᠳᠤᠭᠠᠳ ᠵᠠᠮ ᠲᠠᠰᠤᠷᠠᠪᠠᠢ ᠭᠡᠮᠡᠨ ᠲᠦᠳᠡᠭᠡᠯᠵᠡᠪᠡᠰᠦ ᠨᠣᠭᠣᠭᠠᠨ ᠤᠳᠠ ᠤᠯᠠᠭᠠᠨ ᠴᠡᠴᠡᠭᠲᠦ ᠪᠠᠰᠠ ᠨᠢᠭᠡᠨ ᠠᠢᠯ ᠬᠠᠷᠠᠭᠳᠠᠪᠠᠢ 》ᠬᠡᠮᠡᠭᠰᠡᠨ ᠢᠨᠦ ᠡᠨᠡ ᠪᠣᠯᠠᠢ ᠃ ᠭᠣᠣ ᠶ᠋ᠢᠨ ᠶᠠᠩ ᠠᠯᠠᠰᠬᠢᠨ ᠶᠡᠬᠡᠳᠡ ᠪᠠᠶᠠᠷᠯᠠᠨ: 《ᠣᠢ ᠶ᠋ᠢᠨ ᠳᠣᠲᠣᠷ᠎ᠠ ᠠᠢᠯ ᠬᠠᠷᠠᠭᠳᠠᠮᠤᠢ 》ᠭᠡᠮᠡᠨ ᠥᠭᠦᠯᠡᠭᠰᠡᠨ ᠳ᠋ᠦ᠍ᠷ ᠵᠢᠶᠧ ᠹᠧᠢ ᠨᠠᠷ ᠭᠡᠳᠡᠰᠬᠢᠨ ᠰᠣᠴᠢᠵᠤ ᠤᠬᠢᠯᠠᠬᠤ ᠪᠠᠨ ᠲᠦᠷ ᠵᠣᠭᠰᠣᠨ ᠵᠢᠭᠠᠭᠰᠠᠨ ᠵᠦᠭ ᠰᠠᠷᠠᠪᠴᠢᠯᠠᠨ ᠦᠵᠡᠭᠡᠳ ᠲᠡᠰᠬᠡᠯ ᠦᠭᠡᠢ ᠪᠠᠶᠠᠷᠯᠠᠵᠤ ᠶᠠᠳᠠᠷᠠᠵᠤ ᠵᠦᠳᠡᠷᠡᠬᠦ ᠪᠡᠨ ᠤᠮᠠᠷᠲᠠᠪᠠᠢ ᠃ ᠪᠠᠷᠤᠭᠯᠠᠪᠠᠰᠤ ᠭᠤᠷᠪᠠ ᠲᠠᠪᠤᠨ ᠭᠠᠵᠠᠷ ᠠ᠋ᠴᠠ ᠢᠯᠡᠭᠦᠦ ᠦᠭᠡᠢ ᠲᠤᠯᠠ ᠬᠠᠷᠢᠯᠴᠠᠨ ᠲᠦᠰᠢᠯᠴᠡᠵᠦ ᠮᠠᠴᠤᠯᠬᠢᠯᠠᠨ ᠶᠠᠪᠤᠵᠠᠭᠠᠮᠤᠢ ᠃ ᠴᠢᠯᠠᠭᠤᠨ ᠭᠢᠰᠬᠢᠭᠦᠷ ᠢ᠋ᠶ᠋ᠡᠷ ᠭᠣᠷᠣᠬ᠎ᠠ ᠶ᠋ᠢ ᠭᠡᠲᠦᠯᠵᠦ ᠰᠡᠢᠷᠡᠭ ᠣᠢ ᠶ᠋ᠢᠨ ᠳᠤᠮᠳᠠᠭᠤᠷ ᠶᠠᠪᠤᠵᠤ ᠠᠢᠯ ᠤ᠋ᠨ ᠳᠡᠷᠭᠡᠳᠡ ᠬᠦᠷᠪᠡᠰᠦ ᠬᠠᠷᠢᠨ 《ᠰᠡᠳᠬᠢᠭᠰᠡᠨ ᠢ᠋ ᠪᠦᠲᠦᠭᠡᠭᠴᠢ 》ᠪᠣᠮᠪᠣ ᠶ᠋ᠢᠨ ᠰᠦᠮ᠎ᠡ ᠡᠠᠵᠤᠭᠤ ᠃ ᠨᠢᠳᠦ ᠡᠷᠭᠦᠨ ᠦᠵᠡᠪᠡᠰᠦ ᠭᠤᠷᠪᠠᠨ ᠲᠠᠰᠤᠯᠭ᠎ᠠ ᠵᠢᠵᠢᠭ ᠱᠠᠨ ᠮᠸᠨ ᠦ᠌ ᠭᠣᠣᠯ ᠤ᠋ᠨ ᠬᠠᠷ᠎ᠠ ᠪᠢᠶᠠᠨ ᠳᠡᠭᠡᠷ᠎ᠡ 《ᠷᠸ᠋ ᠢ ᠭᠤᠸᠠᠨ 》ᠬᠡᠮᠡᠬᠦ ᠭᠤᠷᠪᠠᠨ ᠠᠯᠲᠠᠨ ᠦᠰᠦᠭ ᠪᠣᠢ ᠃ ᠱᠠᠨ ᠮᠸᠨ ᠦ᠌ ᠬᠣᠶᠠᠷ ᠬᠠᠵᠠᠭᠤᠳᠠ ᠲᠤᠰ ᠲᠤᠰ ᠵᠢᠭᠦᠷ ᠡᠭᠦᠳᠡᠨ ᠠᠵᠤ ᠳᠣᠲᠣᠷ᠎ᠠ ᠠ᠋ᠴᠠ ᠲᠠᠭ ᠬᠠᠭᠠᠵᠤᠬᠤᠢ ᠃ ᠤᠳᠠᠭᠠᠨ ᠵᠢᠯ ᠵᠠᠰᠠᠵᠤ ᠰᠢᠨᠡᠳᠬᠡᠭᠰᠡᠨ ᠦᠭᠡᠢ ᠡᠴᠡ ᠬᠠᠭᠠᠯᠭ᠎ᠠ ᠶ᠋ᠢᠨ ᠰᠢᠷ ᠪᠣᠳᠣᠭ ᠬᠠᠯᠴᠠᠭᠠᠢᠷᠠᠨ ᠰᠦᠮ᠎ᠡ ᠶ᠋ᠢᠨ ᠸᠠᠭᠠᠷ ᠲᠣᠭᠣᠰᠬ᠎ᠠ ᠶ᠋ᠢᠨ ᠵᠠᠢ ᠵᠠᠪᠰᠠᠷ ᠡᠪᠡᠰᠦ ᠰᠢᠷᠠᠯᠵᠢ ᠣᠷᠭᠣᠭᠠᠳ ᠡᠯᠦᠢ ᠬᠤᠯᠤᠢ ᠣᠭᠲᠣ ᠴᠢᠮᠡᠭᠡ ᠠᠨᠢᠷ ᠦᠭᠡᠢ ᠃ ᠡᠵᠡᠨ ᠦᠭᠡᠢ ᠰᠦᠮ᠎ᠡ ᠪᠣᠢ ᠬ᠌ ᠠ ᠭᠡᠮᠡᠨ ᠭᠣᠣ ᠶ᠋ᠢᠨ ᠶᠠᠩ ᠤᠷᠤᠭᠰᠢ ᠳᠠᠪᠰᠢᠵᠤ ᠭᠠᠷ ᠡᠷᠭᠦᠨ ᠰᠦᠮ᠎ᠡ ᠶ᠋ᠢᠨ ᠵᠡᠭᠦᠨ ᠵᠢᠭᠦᠷ ᠦ᠋ᠨ ᠬᠠᠭᠠᠯᠭ᠎ᠠ ᠶ᠋ᠢ ᠲᠣᠭᠰᠢᠭᠰᠠᠨ ᠳ᠋ᠤᠷ ᠬᠠᠪᠠ ᠨᠣᠬᠠᠢ ᠶ᠋ᠢᠨ ᠬᠥᠪ ᠬᠥᠪ ᠬᠤᠴᠠᠬᠤ ᠳᠠᠭᠤᠨ ᠬᠣᠯᠠ ᠠ᠋ᠴᠠ ᠰᠣᠨᠣᠰᠳᠠᠵᠤ ᠨᠡᠯᠢᠶᠡᠳ ᠤᠳᠠᠭᠠᠳ ᠬᠥᠯ ᠦ᠋ᠨ ᠴᠢᠮᠡᠭᠡ ᠠᠯᠭᠤᠷ ᠭᠠᠷᠴᠤ ᠬᠠᠭᠠᠯᠭ᠎ᠠ ᠪᠠᠬᠠᠨ ᠵᠠᠪᠰᠠᠷᠯᠠᠭᠳᠠᠭᠠᠳ ᠨᠢᠭᠡᠨ ᠬᠥᠭᠰᠢᠨ ᠪᠣᠮᠪᠣ ᠬᠠᠭᠠᠰ ᠨᠢᠭᠤᠷ ᠢ᠋ᠶ᠋ᠠᠨ ᠭᠠᠷᠭᠠᠵᠤ ᠣᠯᠠᠨ ᠬᠥᠮᠦᠨ ᠢ᠋ ᠨᠢᠭᠡᠨ ᠵᠡᠷᠭᠡ ᠰᠠᠢᠲᠤᠷ ᠠᠵᠢᠭᠯᠠᠭᠰᠠᠨ ᠬᠣᠢᠨ᠎ᠠ ᠰᠠᠶᠢ ᠭᠠᠷᠴᠤ ᠢᠷᠡᠭᠡᠳ ᠠᠯᠠᠭ᠎ᠠ ᠪᠠᠨ ᠬᠠᠮᠲᠤᠳᠬᠠᠨ ᠠᠰᠠᠭᠤᠷᠤᠨ ᠄ 《ᠥᠸᠧ ᠮᠢ ᠲᠦᠸᠧ ᠹᠥᠸᠸ ! ᠥᠭᠯᠢᠭᠡ ᠶ᠋ᠢᠨ ᠡᠵᠡᠳ ᠬᠠᠮᠢᠭ᠎ᠠ ᠠ᠋ᠴᠠ ᠢᠷᠡᠪᠡ ? ᠶᠠᠳᠠᠭᠤ ᠰᠦᠮ᠎ᠡ ᠳ᠋ᠦ᠍ᠷ ᠢᠷᠡᠭᠰᠡᠨ ᠬᠡᠷᠡᠭ ᠶᠠᠭᠤᠨ ?》ᠬᠡᠮᠡᠪᠡᠰᠦ ᠂ ᠭᠣᠣ ᠶ᠋ᠢᠨ ᠶᠠᠩ ᠶᠠᠭᠠᠷᠠᠨ ᠣᠷᠣᠭᠰᠢ ᠲᠠᠪᠰᠢᠵᠤ ᠪᠡᠶ᠎ᠡ ᠮᠡᠬᠦᠢᠨ ᠥᠴᠢᠷᠦᠨ:《ᠴᠡᠷᠢᠭ ᠲᠡᠢᠨ ᠦ᠌ ᠬᠥᠯ ᠡᠴᠡ ᠵᠠᠢᠯᠠᠵᠤ ᠶᠠᠪᠤᠭᠰᠠᠭᠠᠷ ᠰᠠᠨᠠᠮᠰᠠᠷ ᠦᠭᠡᠢ ᠡᠷᠭᠢᠨ ᠪᠠᠭᠰᠢ ᠶ᠋ᠢᠨ ᠡᠷᠳᠡᠨᠢᠰ ᠦ᠋ᠨ ᠰᠦᠮ᠎ᠡ ᠳ᠋ᠦ᠍ᠷ ᠬᠦᠷᠴᠦ ᠢᠷᠡᠪᠡᠢ ᠃ ᠬᠡᠳᠦᠨ ᠬᠣᠨᠣᠭ ᠳᠠᠯᠳᠠᠯᠠᠨ ᠰᠠᠭᠤᠵᠤ ᠲᠡᠢᠨ ᠪᠠᠢᠯᠳᠤᠭᠠᠨ ᠥᠩᠭᠡᠷᠡᠭᠰᠡᠨ ᠤ ᠳᠠᠷᠠᠭ᠎ᠠ ᠲᠡᠷᠭᠡ ᠤᠨᠤᠭ᠎ᠠ ᠬᠥᠯᠥᠰᠥᠯᠡᠨ ᠯᠢᠶᠠᠩ ᠢᠦᠢ ᠹᠦ ᠳ᠋ᠦ᠍ᠷ ᠲᠥᠷᠥᠯ ᠰᠠᠳᠤᠨ ᠢ᠋ᠶ᠋ᠠᠨ ᠡᠷᠢᠷ᠎ᠡ ᠡᠴᠢᠮᠦᠢ 》ᠭᠡᠮᠡᠨ ᠳᠠᠬᠢᠨ ᠭᠦᠨ ᠶᠣᠰᠣᠯᠠᠪᠠᠢ᠃ ᠰᠣᠨᠣᠰᠪᠠᠰᠤ ᠦᠭᠡ ᠠᠶᠠᠯᠭᠤ ᠲᠣᠳᠣᠷᠬᠠᠢ ᠂ ᠳᠠᠭᠤᠨ ᠤ᠋ ᠥᠩᠭᠡ ᠲᠤᠩᠭᠠᠯᠠᠭ ᠨᠠᠢᠷᠠᠮᠳᠠᠬᠤ᠃ ᠬᠥᠭᠰᠢᠨ ᠪᠣᠮᠪᠣ ᠬᠡᠷᠡᠭ ᠶᠠᠪᠤᠳᠠᠯ ᠢ᠋ ᠣᠯᠠᠨᠲᠠ ᠥᠩᠭᠡᠷᠡᠭᠡᠭᠰᠡᠨ ᠬᠠᠰᠢᠷ ᠬᠥᠮᠦᠨ ᠲᠤᠯᠠ ᠣᠯᠠᠨ ᠬᠥᠮᠦᠨ ᠢ᠋ ᠶᠠᠭᠠᠷᠠᠯ ᠦᠭᠡᠢ ᠨᠢᠭᠡᠨ ᠨᠢᠭᠡᠨ ᠢ᠋ᠶ᠋ᠡᠷ ᠠᠵᠢᠭᠯᠠᠪᠠᠰᠤ ᠭᠤᠷᠪᠠᠨ ᠹᠦ ᠷᠧᠨ ᠬᠡᠳᠦᠢᠪᠡᠷ ᠴᠥᠮ ᠳᠤᠮᠳᠠ ᠨᠠᠰᠤᠨ᠎ᠠ ᠬᠦᠷᠴᠦ ᠬᠣᠭ ᠲᠣᠭᠣᠰᠣᠨ ᠳ᠋ᠤᠷ ᠳᠠᠷᠤᠭᠳᠠᠭᠰᠠᠨ ᠪᠣᠯᠪᠠᠴᠤ ᠨᠢᠳᠦ ᠨᠢᠭᠤᠷ ᠲᠤᠩᠭᠠᠯᠠᠭ᠂ ᠥᠩᠭᠡ ᠵᠢᠰᠦ ᠢᠷᠠᠭᠤ ᠭᠣᠶᠣᠮᠰᠣᠭ᠃ ᠪᠡᠶ᠎ᠡ ᠲᠥᠯᠥᠪ ᠮᠢᠬᠠᠯᠢᠭ ᠳᠦᠭᠦᠷᠡᠩ᠃ ᠲᠤᠰ ᠲᠤᠰ ᠥᠬᠢᠳ ᠢ᠋ ᠲᠦᠰᠢᠵᠦ ᠵᠣᠭᠰᠣᠮᠤᠢ᠃ ᠲᠡᠳᠡᠨ ᠦ᠌ ᠳᠡᠷᠭᠡᠳᠡ ᠵᠣᠭᠰᠣᠭᠰᠠᠨ ᠨᠢᠭᠡᠨ ᠰᠢᠶᠣᠤ ᠵᠢᠶᠧ ᠨᠠᠰᠤ ᠪᠠᠭ᠎ᠠ ᠪᠣᠯᠪᠠᠴᠤ ᠥᠩᠭᠡ ᠵᠢᠰᠦ ᠰᠠᠷ᠎ᠠ ᠶ᠋ᠢ ᠭᠤᠲᠤᠭᠠᠵᠤ ᠴᠡᠴᠡᠭ ᠢ᠋ ᠢᠴᠢᠭᠡᠮᠦᠢ ᠃ ᠤᠷᠲᠤᠯᠢᠭ ᠴᠢᠷᠠᠢ ᠂ ᠬᠡᠪ ᠲᠡᠢ ᠪᠡᠶ᠎ᠡ ᠂ ᠡᠮᠦᠰᠴᠦ ᠬᠤᠪᠴᠠᠯᠠᠭᠰᠠᠨ ᠠᠨᠤ ᠡᠭᠡᠯ ᠶᠡᠷᠦᠮᠳᠡᠭ ᠪᠤᠰᠤ ᠂ ᠦᠨᠡᠬᠡᠷ ᠥ ᠦᠭᠡᠢ ᠨᠢᠭᠡᠨ ᠬᠡᠰᠡᠭ ᠬᠠᠰ ᠮᠢᠩᠭᠠᠨ ᠯᠠᠩ ᠤ᠋ᠨ ᠰᠢᠶᠣᠤ ᠵᠢᠶᠧ ᠬᠡᠮᠡᠪᠡᠰᠦ ᠪᠣᠯᠤᠮᠤᠢ᠃ ᠳᠡᠷᠭᠡᠳᠡ ᠢᠨᠤ ᠵᠣᠭᠰᠣᠭᠰᠠᠨ ᠬᠣᠶᠠᠷ ᠭᠦᠩᠽᠢ ᠶ᠋ᠢ ᠦᠵᠡᠪᠡᠰᠦ ᠡᠮᠦᠨᠡᠲᠦ ᠳᠠᠯᠠᠢ ᠶ᠋ᠢᠨ ᠬᠤᠮᠰᠢᠮ ᠪᠣᠳᠢᠰᠠᠳ᠋ᠸ᠎ᠠ ᠶ᠋ᠢᠨ ᠠᠯᠲᠠᠨ ᠬᠥᠪᠡᠭᠦᠨ ᠬᠡᠮᠡᠪᠡᠴᠦ ᠬᠡᠲᠦᠷᠡᠬᠦ ᠦᠭᠡᠢ ᠴᠥᠮ ᠠᠷᠪᠠᠨ ᠬᠡᠳᠦᠨ ᠨᠠᠰᠤᠨ ᠤ᠋ ᠬᠥᠮᠦᠨ ᠪᠣᠯᠠᠢ ᠃ ᠥᠴᠢᠵᠦ ᠥᠭᠦᠯᠡᠬᠦ ᠪᠠ ᠠᠯᠬᠤᠵᠤ ᠭᠢᠰᠬᠢᠬᠦᠢ ᠳ᠋ᠦ᠍ᠷ ᠴᠥᠮ ᠥᠪᠡᠷᠮᠢᠴᠡ ᠬᠡᠭᠡᠨᠴᠢᠷ ᠲᠥᠯᠥᠪ ᠪᠠᠢᠳᠠᠯ ᠪᠣᠢ ᠃ ᠲᠡᠭᠦᠨ ᠦ᠌ ᠠᠷᠤ ᠳ᠋ᠤᠷ ᠵᠣᠭᠰᠣᠭᠰᠠᠨ ᠂ ᠭᠡᠷ ᠦ᠋ᠨ ᠠᠷᠠᠳ ᠪᠣᠯᠪᠠᠴᠤ ᠠᠷᠤᠤᠬᠠᠨ ᠬᠢᠴᠢᠶᠡᠩᠭᠦᠢ ᠃ ᠡᠩ ᠦ᠋ᠨ ᠥᠭᠯᠢᠭᠡ ᠶ᠋ᠢᠨ ᠡᠵᠡᠨ ᠣᠭᠲᠣ ᠪᠤᠰᠤ ᠃ ᠦᠨᠡᠬᠡᠷ ᠡᠳ᠋ ᠦ᠋ᠨ ᠡᠵᠡᠳ ᠬᠦᠷᠴᠦ ᠢᠷᠡᠭᠰᠡᠨ ᠢ᠋ ᠬᠥᠭᠰᠢᠨ ᠪᠣᠮᠪᠣ ᠮᠡᠳᠡᠭᠡᠳ ᠢᠯᠠᠭᠠᠨ ᠤ᠋ ᠦᠯᠳᠡᠭᠦᠷ ᠢ᠋ᠶ᠋ᠡᠨ ᠮᠥᠷᠥ ᠳᠡᠭᠡᠷ᠎ᠡ ᠪᠡᠨ ᠲᠠᠯᠪᠢᠵᠤ ᠪᠠᠬᠠᠨ ᠢᠨᠢᠶᠡᠮᠰᠦᠭᠯᠡᠨ ᠭᠠᠷ ᠬᠠᠮᠲᠤᠳᠬᠠᠵᠤ ᠥᠭᠦᠯᠡᠷᠦᠨ:《ᠥᠭᠯᠢᠭᠡ ᠶ᠋ᠢᠨ ᠡᠵᠡᠳ ᠢ᠋ ᠦᠵᠡᠪᠡᠰᠦ ᠦᠳᠡᠯ᠎ᠡ ᠪᠤᠰᠤ᠃ ᠡᠷᠬᠢᠮ ᠬᠥᠮᠦᠰ ᠥᠴᠦᠬᠡᠨ ᠰᠦᠮ᠎ᠡ ᠶ᠋ᠢ ᠬᠡᠷᠡᠯᠳᠦᠭᠦᠯᠡᠷᠡ ᠢᠷᠡᠭᠰᠡᠨ ᠳ᠋ᠦ᠍ᠷ ᠴᠣᠬᠣᠮ ᠪᠠᠶᠠᠷᠯᠠᠨ ᠤᠭᠲᠤᠪᠠᠰᠤ ᠵᠣᠬᠢᠬᠤ ᠪᠥᠯᠥᠭᠡ ᠃ ᠭᠠᠭᠴᠠᠬᠦ ᠶᠠᠳᠠᠭᠤ ᠰᠦᠮ᠎ᠡ ᠬᠦᠵᠢ ᠵᠤᠯᠠ ᠲᠠᠰᠤᠷᠠᠭᠠᠳ ᠤᠳᠠᠪᠠᠢ᠃ ᠨᠢᠭᠡᠨ ᠱᠠᠪᠢ ᠪᠠᠢᠭᠰᠠᠨ ᠠᠪᠠᠴᠤ ᠶᠠᠳᠠᠬᠤ ᠵᠦᠳᠡᠬᠦ ᠡᠴᠡ ᠵᠠᠢᠯᠠᠵᠤ ᠥᠪᠡᠷ ᠦ᠋ᠨ ᠬᠠᠷ᠎ᠠ ᠭᠡᠷ ᠲᠡᠭᠡᠨ ᠠᠮᠢ ᠲᠡᠵᠢᠭᠡᠷᠡ ᠬᠠᠷᠢᠵᠤᠬᠤᠢ ᠃ ᠬᠥᠭᠰᠢᠨ ᠪᠣᠮᠪᠣ ᠾᠦᠢ ᠶᠦᠨ ᠪᠢ ᠱᠠᠪᠢ ᠾᠦᠢ ᠡᠯ ᠯᠦ᠍ᠭᠡ ᠣᠴᠢᠬᠤ ᠭᠠᠵᠠᠷ ᠦᠭᠡᠢ ᠲᠤᠯᠠ ᠠᠷᠭ᠎ᠠ ᠪᠤᠶᠤ ᠡᠨᠳᠡ ᠬᠣᠴᠣᠷᠴᠤ ᠡᠪᠡᠰᠦ ᠨᠣᠭᠣᠭ᠎ᠠ ᠪᠠᠷ ᠠᠮᠢ ᠭᠣᠣᠯ ᠢ᠋ᠶ᠋ᠠᠨ ᠲᠡᠵᠢᠭᠡᠮᠦᠢ᠃ ᠡᠷᠬᠢᠮ ᠥᠭᠯᠢᠭᠡ ᠶ᠋ᠢᠨ ᠡᠵᠡᠳ ᠢ᠋ ᠶᠠᠮᠠᠷ ᠨᠢᠭᠤᠷ ᠢ᠋ᠶ᠋ᠠᠷ ᠠᠶᠤᠮᠰᠢᠭ ᠦᠭᠡᠢ ᠵᠠᠯᠠᠮᠤᠢ᠃ ᠠᠶ᠎ᠠ ᠡᠵᠡᠳ ᠰᠠᠬᠢᠭᠤᠯᠰᠤᠨ ᠮᠢᠨᠦ ! ᠶᠠᠳᠠᠭᠤ ᠪᠣᠮᠪᠣ ᠶ᠋ᠢᠨ ᠰᠦᠮ᠎ᠡ ᠶ᠋ᠢ ᠭᠣᠯᠣᠬᠤ ᠦᠭᠡᠢ ᠭᠡᠷᠡᠯᠲᠦᠭᠦᠯᠦᠨ ᠪᠠᠭᠤᠪᠠᠰᠤ ᠵᠠᠪᠰᠢᠶᠠᠨ ᠪᠣᠯᠠᠢ 》ᠭᠡᠮᠡᠨ ᠬᠠᠵᠠᠭᠤ ᠲᠡᠰᠢ ᠪᠡᠨ ᠵᠣᠭᠰᠣᠵᠤ ᠭᠠᠷ ᠢ᠋ᠶ᠋ᠠᠨ ᠬᠠᠮᠲᠤᠳᠬᠠᠨ ᠳᠣᠲᠣᠭᠰᠢ ᠨᠠᠢᠷ ᠲᠠᠯᠪᠢᠪᠠ᠃
ᠣᠯᠠᠨ ᠢ᠋ᠶ᠋ᠠᠷ ᠦᠵᠡᠪᠡᠰᠦ ᠬᠥᠭᠰᠢᠨ ᠪᠣᠮᠪᠣ ᠲᠠᠪᠢ ᠰᠢᠬᠠᠵᠤᠬᠤᠢ᠃ ᠵᠣᠪᠠᠭᠤᠷᠢ ᠵᠦᠳᠡᠭᠦᠷᠢ ᠡᠴᠡ ᠪᠣᠯᠵᠤ ᠵᠠᠵᠢ ᠶ᠋ᠢᠨ ᠥᠰᠦᠨ᠎ᠡ ᠬᠢᠷᠠᠭᠤ ᠪᠠᠭᠤᠵᠤ ᠠᠨᠢᠰᠬ᠎ᠠ ᠶ᠋ᠢᠨ ᠬᠤᠨᠢᠶᠠᠰᠤ ᠳᠠᠪᠬᠤᠷᠯᠠᠨ ᠨᠢᠷᠤᠭᠤ ᠪᠠᠭ᠎ᠠ ᠪᠥᠭᠲᠥᠷ ᠪᠣᠯᠵᠤᠬᠤᠢ᠃ ᠪᠡᠶ᠎ᠡ ᠳ᠋ᠦ᠍ᠷ ᠮᠠᠰᠢ ᠬᠠᠭᠤᠴᠢᠷᠠᠭᠰᠠᠨ ᠠᠭᠤᠤ ᠬᠠᠨᠴᠤᠢᠲᠤ ᠪᠣᠮᠪᠣ ᠶ᠋ᠢᠨ ᠬᠤᠪᠴᠠᠰᠤ ᠡᠮᠦᠰᠴᠦ ᠭᠠᠷ ᠲᠠᠭᠠᠨ ᠢᠯᠠᠭᠠᠨ ᠤ᠋ ᠦᠯᠳᠡᠭᠦᠷ ᠪᠠᠷᠢᠵᠤ ᠨᠢᠭᠦᠯᠡᠰᠬᠦᠢ ᠰᠡᠳᠬᠢᠯ ᠴᠢᠷᠠᠢ ᠳᠦᠭᠦᠷᠡᠩ ᠢᠯᠡᠷᠡᠵᠦᠬᠦᠢ᠃
ᠭᠣᠣ ᠶ᠋ᠢᠨ ᠶᠠᠩ ᠨᠠᠷ ᠡᠮᠦᠨ᠎ᠡ ᠬᠠᠭᠠᠯᠭ᠎ᠠ ᠪᠠᠷ ᠣᠷᠣᠭᠠᠳ ᠲᠡᠷᠢᠭᠦᠨ ᠡᠷᠭᠦᠨ ᠦᠵᠡᠪᠡᠰᠦ ᠭᠣᠣᠯ ᠰᠦᠮ᠎ᠡ ᠲᠠᠪᠤᠨ ᠲᠠᠰᠤᠯᠭ᠎ᠠ ᠡᠯᠭᠦᠭᠰᠡᠨ ᠬᠠᠷ᠎ᠠ ᠪᠢᠶᠠᠨ ᠳ᠋ᠤᠷ《ᠰᠠᠨ ᠶᠤᠸᠠᠨ ᠲᠢᠶᠠᠨ 》ᠬᠡᠮᠡᠬᠦ ᠪᠦᠳᠦᠭᠦᠨ ᠠᠯᠲᠠᠨ ᠦᠰᠦᠭ ᠬᠠᠷᠠᠭᠳᠠᠮᠤᠢ᠃ ᠰᠦᠮ᠎ᠡ ᠶ᠋ᠢᠨ ᠡᠮᠦᠨ᠎ᠡ ᠬᠣᠶᠠᠷ ᠰᠠᠭᠤᠷᠢ ᠬᠥᠭᠰᠢᠨ ᠨᠠᠷᠠᠰᠤ ᠰᠢᠭᠦᠷ ᠮᠡᠲᠦ ᠰᠠᠭᠰᠠᠢᠨ ᠰᠡᠭᠦᠳᠡᠷᠯᠡᠮᠦᠢ᠃ ᠰᠦᠮ᠎ᠡ ᠶ᠋ᠢᠨ ᠵᠡᠭᠦᠨ ᠪᠠᠷᠠᠭᠤᠨ ᠬᠣᠶᠠᠷ ᠲᠠᠯ᠎ᠠ ᠳ᠋ᠤᠷ ᠭᠤᠷᠪᠠ ᠭᠤᠷᠪᠠᠨ ᠲᠠᠰᠤᠯᠭ᠎ᠠ ᠴᠡᠭᠡᠨ ᠭᠡᠷ ᠪᠠᠢᠬᠤ ᠪᠥᠭᠡᠳ ᠪᠠᠷᠠᠭᠤᠨ ᠴᠢᠬᠢᠨ ᠭᠡᠷ ᠦ᠋ᠨ ᠡᠭᠦᠳᠡᠨ ᠳ᠋ᠦ᠍ᠷ ᠶᠣᠰᠣᠨ ᠤ᠋ ᠲᠠᠰᠤᠯᠭ᠎ᠠ 《ᠳ᠋ᠣᠣ ᠳᠠᠩ 》ᠬᠡᠮᠡᠬᠦ ᠬᠣᠶᠠᠷ ᠠᠯᠲᠠᠨ ᠦᠰᠦᠭ ᠪᠣᠢ ᠃ ᠵᠡᠭᠦᠨ ᠴᠢᠬᠢᠨ ᠭᠡᠷ ᠦ᠋ᠨ ᠡᠭᠦᠳᠡᠨ ᠳ᠋ᠦ᠍ᠷ ᠪᠠᠴᠠᠭ ᠪᠠᠷᠢᠬᠤ ᠲᠠᠰᠤᠯᠭ᠎ᠠ 《ᠵᠢᠩ ᠳᠠᠩ 》 ᠬᠡᠮᠡᠬᠦ ᠬᠣᠶᠠᠷ ᠠᠯᠲᠠᠨ ᠦᠰᠦᠭ ᠪᠣᠢ᠃ ᠡᠨᠡ ᠮᠥᠨᠴᠥ ᠬᠥᠭᠰᠢᠨ ᠪᠣᠮᠪᠣ ᠶ᠋ᠢᠨ ᠤᠨᠲᠠᠵᠤ ᠬᠡᠪᠲᠡᠬᠦ ᠥᠷᠥᠭᠡ ᠪᠥᠯᠥᠭᠡ ᠃ ᠬᠦᠷᠢᠶᠡᠨ ᠤ ᠵᠡᠭᠦᠨ ᠬᠡᠷᠡᠮ ᠢ᠋ ᠳᠠᠭᠠᠵᠤ ᠲᠠᠪᠤᠨ ᠲᠠᠰᠤᠯᠭ᠎ᠠ ᠬᠥᠨᠳᠡᠯᠡᠨ ᠭᠡᠷ ᠢᠨᠤ ᠱᠠᠪᠢ ᠨᠠᠷ ᠤ᠋ᠨ ᠣᠷᠣᠨ ᠰᠠᠭᠤᠴᠠ ᠠᠵᠤᠭᠤ᠃ ᠰᠦᠮ᠎ᠡ ᠶ᠋ᠢᠨ ᠪᠠᠷᠠᠭᠤᠨ ᠲᠠᠯ᠎ᠠ ᠪᠠᠷ ᠬᠡ ᠤᠭᠠᠯᠵᠠ ᠭᠠᠷᠭᠠᠵᠤ ᠪᠠᠷᠢᠭᠰᠠᠨ ᠬᠤᠸᠠ ᠴᠢᠶᠠᠩ ᠬᠡᠷᠡᠮ ᠳᠠᠭᠠᠤ ᠤᠷᠭᠤᠭᠰᠠᠨ ᠬᠥᠬᠡ ᠬᠤᠯᠤᠰᠤ ᠶ᠋ᠢᠨ ᠳᠠᠯᠳᠠ ᠨᠢᠭᠡᠨ ᠲᠥᠭᠥᠷᠢᠭ ᠰᠠᠷᠠᠨ ᠡᠭᠦᠳᠡᠨ ᠦ᠌ ᠲᠠᠯ᠎ᠠ ᠨᠢᠭᠤᠷ ᠬᠠᠷᠠᠭᠳᠠᠮᠤᠢ᠃ ᠬᠡᠷᠡᠮ ᠦ᠋ᠨ ᠴᠢᠨᠠᠳᠤ ᠠ᠋ᠴᠠ ᠢᠨᠠᠭᠰᠢ ᠴᠤᠬᠤᠢᠵᠤ ᠭᠠᠷᠤᠭᠰᠠᠨ ᠬᠡᠳᠦᠨ ᠰᠠᠯᠠᠭ᠎ᠠ ᠬᠥᠭᠰᠢᠨ ᠮᠢ ᠴᠡᠴᠡᠭ ᠴᠥᠭᠡᠨ ᠨᠠᠪᠴᠢᠯᠠᠵᠤᠬᠤᠢ᠃ ᠬᠠᠷᠢᠨ ᠬᠥᠬᠡ ᠲᠣᠭᠣᠰᠬ᠎ᠠ ᠶ᠋ᠢᠨ ᠶᠦᠩ ᠯᠧᠦ ᠶ᠋ᠢᠨ ᠬᠣᠶᠠᠷ ᠬᠠᠵᠠᠭᠤᠳᠠ ᠰᠠᠭᠤᠯᠭᠠᠭᠰᠠᠨ ᠬᠡᠳᠦᠨ ᠪᠤᠲᠠ ᠬᠡᠭᠡᠷ᠎ᠡ ᠶ᠋ᠢᠨ ᠴᠡᠴᠡᠭ ᠥᠩᠭᠡ ᠲᠡᠮᠡᠴᠡᠯᠳᠦᠨ ᠳᠡᠯᠭᠡᠷᠡᠮᠦᠢ᠃ ᠬᠥᠭᠰᠢᠨ ᠪᠣᠮᠪᠣ ᠾᠦᠢ ᠶᠦᠨ ᠰᠢᠭᠤᠳ ᠳᠣᠲᠣᠭᠠᠳᠤ ᠬᠦᠷᠢᠶᠡᠨ ᠳ᠋ᠦ᠍ᠷ ᠵᠠᠯᠠᠰᠤᠭᠠᠢ ᠭᠡᠮᠡᠨ ᠵᠠᠮ ᠤᠳᠤᠷᠢᠳᠤᠨ ᠬᠥᠬᠡ ᠬᠤᠯᠤᠰᠤᠨ ᠤ᠋ ᠳᠤᠮᠳᠠᠭᠤᠷ ᠰᠠᠷᠠᠨ ᠡᠭᠦᠳᠡᠨ᠎ᠡ ᠬᠦᠷᠴᠦ ᠢᠷᠡᠪᠡᠰᠦ ᠬᠠᠯᠬᠠᠪᠴᠢ ᠬᠡᠷᠡᠮ ᠳ᠋ᠦ᠍ᠷ ᠪᠢᠴᠢᠮᠡᠯ ᠲᠢᠭ ᠢ᠋ᠶ᠋ᠡᠷ ᠄ 《ᠮᠤᠷᠤᠢ ᠵᠠᠮ ᠭᠦᠨ ᠳ᠋ᠦ᠍ᠷ ᠨᠠᠪᠲᠠᠷᠠᠮᠤᠢ 》ᠬᠡᠮᠡᠬᠦ ᠳᠥᠷᠪᠡᠨ ᠶᠡᠬᠡ ᠦᠰᠦᠭ ᠬᠠᠷᠠᠭᠠᠨ ᠳ᠋ᠤᠷ ᠣᠷᠣᠵᠤ ᠦᠵᠡᠮᠵᠢ ᠯᠣᠭᠡ ᠵᠣᠬᠢᠴᠠᠵᠤ ᠬᠥᠮᠦᠨ ᠳ᠋ᠦ᠍ᠷ ᠠᠷᠢᠭᠤᠨ ᠲᠤᠩᠭᠠᠯᠠᠭ ᠰᠡᠳᠬᠢᠯᠭᠡ ᠲᠥᠷᠥᠭᠳᠡᠭᠦᠯᠦᠮᠦᠢ᠃
ᠬᠠᠯᠬᠠᠪᠴᠢ ᠶ᠋ᠢ ᠲᠣᠭᠣᠷᠢᠨ ᠣᠷᠣᠪᠠᠰᠤ ᠳᠠᠷᠤᠢ ᠳᠣᠲᠣᠭᠠᠳᠤ ᠬᠦᠷᠢᠶ᠎ᠡ ᠪᠣᠯᠤᠮᠤᠢ᠃ ᠡᠭᠦᠨ ᠳ᠋ᠦ᠍ᠷ ᠭᠣᠣᠯ ᠭᠡᠷ ᠲᠠᠪᠤᠨ ᠲᠠᠰᠤᠯᠭ᠎ᠠ᠂ ᠪᠠᠷᠠᠭᠤᠨ ᠬᠥᠨᠳᠡᠯᠡᠨ ᠲᠠᠪᠤᠨ ᠲᠠᠰᠤᠯᠭ᠎ᠠ ᠶ᠋ᠢ ᠰᠠᠷᠠᠪᠴᠢ ᠨᠡᠢᠯᠡᠭᠦᠯᠦᠨ ᠪᠠᠷᠢᠭᠠᠳ ᠰᠡᠢᠯᠦᠮᠡᠯ ᠨᠢᠷᠤᠭᠤ ᠵᠢᠷᠤᠮᠠᠯ ᠳᠡᠭᠡᠪᠦᠷ ᠬᠡᠷᠡᠯᠳᠦᠵᠦ ᠶᠡᠨᠳᠡᠷ ᠬᠡᠷᠡᠰᠬᠡ ᠵᠠᠯᠭᠠᠯᠳᠤᠨ ᠥᠩᠭᠡᠷᠡᠭᠰᠡᠨ ᠦ᠌ ᠨᠢᠭᠡᠨ ᠦᠶ᠎ᠡ ᠶ᠋ᠢᠨ ᠪᠠᠶᠠᠨ ᠡᠷᠬᠢᠮ ᠪᠠᠢᠭᠰᠠᠨ ᠢ᠋ᠶ᠋ᠠᠨ ᠬᠠᠷᠠᠭᠤᠯᠤᠮᠤᠢ᠃ ᠬᠡᠷᠡᠮ ᠦ᠋ᠨ ᠴᠠᠭᠠᠨ᠎ᠠ ᠬᠠᠳᠠ ᠮᠣᠳᠣ ᠬᠠᠷᠠᠭᠳᠠᠬᠤ ᠠᠨᠤ ᠳᠠᠷᠤᠢ ᠥᠨᠳᠥᠷ ᠬᠡᠷᠡᠮ ᠢ᠋ᠶ᠋ᠡᠷ ᠪᠢᠲᠡᠭᠦᠯᠡᠭᠰᠡᠨ ᠵᠢᠮᠢᠰ ᠦ᠋ᠨ ᠬᠦᠷᠢᠶᠡᠯᠡᠩ ᠪᠣᠯᠤᠮᠤᠢ᠃
ᠬᠦᠷᠢᠶ᠎ᠡ ᠶ᠋ᠢ ᠳᠥᠷᠪᠡᠯᠵᠢᠨ ᠬᠥᠬᠡ ᠲᠣᠭᠣᠰᠬ᠎ᠠ ᠪᠠᠷ ᠳᠡᠪᠢᠰᠴᠦ ᠬᠦᠷᠢᠶᠡᠨ ᠦ᠌ ᠭᠣᠣᠯ ᠳ᠋ᠤᠷ ᠬᠡᠳᠦᠨ ᠵᠦᠢᠯ ᠦ᠋ᠨ ᠴᠠᠬᠢᠷᠮ᠎ᠠ ᠴᠡᠴᠡᠭ ᠡᠴᠡ ᠥᠪᠡᠷ᠎ᠡ ᠡᠪᠡᠰᠦ ᠮᠣᠳᠣ ᠦᠭᠡᠢ ᠃ ᠬᠦᠷᠢᠶᠡᠨ ᠦ᠌ ᠠᠭᠠᠷ ᠠᠮᠢᠰᠬᠤᠯ ᠭᠡᠨᠡᠳᠲᠡ ᠵᠥᠭᠡᠯᠡᠨ ᠨᠠᠢᠷᠠᠮᠳᠠᠬᠤ ᠪᠣᠯᠵᠤ ᠦᠨᠡᠬᠡᠷ ᠥᠪᠡᠷ᠎ᠡ ᠨᠢᠭᠡᠨ ᠣᠷᠴᠢᠯᠠᠩ ᠳ᠋ᠤᠷ ᠣᠷᠣᠭᠰᠠᠨ ᠮᠡᠲᠦ ᠰᠠᠨᠠᠭᠳᠠᠮᠤᠢ᠃ ᠬᠥᠭᠰᠢᠨ ᠪᠣᠮᠪᠣ ᠾᠦᠢ ᠶᠦᠨ ᠤᠳᠤᠷᠢᠳᠤᠨ ᠭᠣᠣᠯ ᠭᠡᠷ ᠦ᠋ᠨ ᠡᠭᠦᠳᠡᠨ ᠳ᠋ᠦ᠍ᠷ ᠬᠦᠷᠴᠦ ᠳᠣᠲᠣᠭᠰᠢ ᠨᠠᠢᠷ ᠲᠠᠯᠪᠢᠬᠤᠢ ᠳ᠋ᠤᠷ ᠂ ᠵᠣᠣ ᠢᠦᠢ ᠵᠣ᠌ ᠂ ᠭᠣᠣ ᠶ᠋ᠢᠨ ᠶᠠᠩ ᠨᠠᠷ ᠴᠥᠮ ᠵᠠᠯᠠᠭᠤ ᠬᠥᠮᠦᠨ ᠲᠤᠯᠠ ᠬᠡᠲᠦᠷᠢᠪᠡᠷ ᠵᠦᠳᠡᠷᠡᠭᠰᠡᠨ ᠪᠣᠯᠪᠠᠴᠤ ᠰᠣᠨᠢᠷᠬᠠᠬᠤ ᠰᠡᠳᠬᠢᠯ ᠦᠯᠡᠮᠵᠢ ᠲᠤᠯᠠ ᠶᠠᠪᠤᠬᠤ ᠶ᠋ᠢ ᠵᠣᠭᠰᠣᠵᠤ ᠡᠭᠦᠳᠡᠨ ᠦ᠌ ᠬᠣᠣᠰ ᠤᠶᠠᠩᠭ᠎ᠠ ᠶ᠋ᠢ ᠦᠵᠡᠪᠡᠰᠦ ᠳᠡᠭᠡᠷ᠎ᠡ ᠪᠠᠳᠠᠭ ᠠᠨᠤ :
ᠤᠯᠠᠭᠠᠨ ᠨᠠᠪᠴᠢ ᠮᠤᠷᠤᠢ ᠵᠠᠮ ᠢ᠋ ᠪᠤᠯᠠᠰᠢᠯᠠᠪᠠᠢ ᠬᠡᠮᠡᠵᠦ ᠳᠣᠣᠷ᠎ᠠ ᠪᠠᠳᠠᠭ ᠠᠨᠤ ᠄
ᠬᠠᠷ᠎ᠠ ᠠᠭᠤᠯᠠ ᠡᠷᠲᠡᠨ ᠦ᠌ ᠰᠦᠮ᠎ᠡ ᠶ᠋ᠢ ᠬᠠᠯᠬᠠᠯᠠᠮᠤᠢ ᠬᠡᠮᠡᠵᠦ ᠬᠥᠨᠳᠡᠯᠡᠨ ᠳ᠋ᠦ᠍ᠷ ᠄
ᠥᠷᠯᠥᠭᠡ ᠶ᠋ᠢᠨ ᠵᠦᠩ ᠣᠷᠣᠢ ᠶ᠋ᠢᠨ ᠬᠡᠩᠭᠡᠷᠭᠡ ᠬᠡᠮᠡᠵᠦᠬᠦᠢ ᠃ ᠭᠣᠣ ᠶ᠋ᠢᠨ ᠶᠠᠩ ᠳᠣᠲᠣᠷ᠎ᠠ ᠪᠠᠨ < ᠵᠡᠷᠯᠢᠭ ᠡᠪᠡᠰᠦ > ᠬᠡᠮᠡᠲᠡᠯ᠎ᠡ ᠤᠯᠠᠭᠠᠨ ᠨᠠᠪᠴᠢ ᠬᠡᠮᠡᠬᠦ ᠂ ᠬᠥᠬᠡ ᠠᠭᠤᠯᠠ ᠬᠡᠮᠡᠲᠡᠯ᠎ᠡ 《ᠬᠠᠷ᠎ᠠ ᠠᠭᠤᠯᠠ 》ᠬᠡᠮᠡᠬᠦ ᠤᠳᠬ᠎ᠠ ᠶ᠋ᠢ ᠪᠣᠳᠣᠵᠤ ᠤᠯᠠᠭᠠᠨ ᠥᠩᠭᠡᠲᠡᠨ ᠦ᠌ ᠵᠠᠶᠠᠭ᠎ᠠ ᠨᠢᠮᠭᠡᠨ ᠬᠡᠮᠡᠬᠦ ᠳᠠᠯᠳᠠ ᠤᠳᠬ᠎ᠠ ᠬᠠᠳᠠᠭᠠᠯᠠᠭᠰᠠᠨ ᠢ ᠤᠬᠠᠵᠤ ᠰᠡᠭᠦᠷᠡᠰᠦ ᠠᠯᠲᠠᠨ ᠠᠯᠮᠠᠢᠷᠠᠨ ᠵᠣᠭᠰᠣᠬᠤᠢ ᠬ᠌ ᠠ ᠂ ᠵᠣᠣ ᠢᠦᠢ ᠵᠢᠩ ᠬᠠᠨᠴᠤᠢ ᠠ᠋ᠴᠠ ᠲᠠᠲᠠᠭᠰᠠᠨ ᠳ᠋ᠤᠷ ᠲᠡᠷᠡ ᠰᠠᠶᠢ ᠰᠡᠬᠡᠰᠬᠢᠵᠦ ᠬᠤᠯᠤᠰᠤᠨ ᠣᠷᠬᠢᠭᠤᠯ ᠢ᠋ ᠰᠦᠢ ᠶᠧ ᠬᠡᠳᠦᠢᠨᠡᠢ ᠰᠡᠬᠦᠵᠦ ᠵᠣᠭᠰᠣᠭᠰᠠᠨ ᠲᠤᠯᠠ ᠂ ᠪᠣᠮᠪᠣ ᠶ᠋ᠢ ᠳᠠᠭᠠᠵᠤ ᠡᠭᠦᠳᠡ ᠣᠷᠣᠵᠤ ᠬᠠᠵᠠᠭᠤ ᠲᠡᠰᠢ ᠪᠡᠨ ᠵᠣᠭᠰᠣᠵᠤ ᠭᠤᠷᠪᠠᠨ ᠹᠦ ᠷᠸᠨ ᠦ᠌ ᠰᠠᠭᠤᠯᠴᠠᠬᠤ ᠶ᠋ᠢ ᠬᠦᠯᠢᠶᠡᠪᠡᠢ᠃ ᠦᠵᠡᠪᠡᠰᠦ ᠭᠠᠳᠠᠷ ᠭᠤᠷᠪᠠᠨ ᠲᠠᠰᠤᠯᠭ᠎ᠠ ᠶ᠋ᠢ ᠪᠢᠴᠢᠭ ᠦ᠋ᠨ ᠭᠡᠷ ᠪᠣᠯᠭᠠᠨ ᠵᠡᠭᠦᠨ ᠬᠣᠶᠠᠷ ᠲᠠᠰᠤᠯᠭ᠎ᠠ ᠶ᠋ᠢ ᠬᠡ ᠱᠠᠨ ᠢ᠋ᠶ᠋ᠠᠷ ᠲᠠᠰᠤᠯᠵᠤ ᠬᠣᠨᠣᠭ ᠤ᠋ᠨ ᠪᠠᠢᠷᠢ ᠪᠣᠯᠭᠠᠵᠤᠬᠤᠢ᠃ ᠰᠢᠷᠡᠭᠡ ᠰᠠᠨᠳᠠᠯᠢ ᠣᠷᠣ ᠳᠡᠪᠢᠰᠬᠡᠷ ᠮᠠᠰᠢ ᠪᠦᠷᠢᠨ ᠪᠣᠯᠪᠠᠴᠤ ᠭᠠᠭᠴᠠ ᠤᠳᠠᠭᠠᠨ ᠡᠳᠦᠷ ᠬᠥᠮᠦᠨ ᠰᠠᠭᠤᠭᠰᠠᠨ ᠦᠭᠡᠢ ᠲᠤᠯᠠ ᠴᠢᠭᠢᠭ ᠸᠠ ᠶ᠋ᠢᠨ ᠦᠨᠦᠷ ᠬᠠᠮᠪᠠᠷ ᠬᠠᠳᠬᠤᠵᠤ ᠬᠣᠭ ᠲᠣᠭᠣᠰᠣᠨ ᠳ᠋ᠤᠷ ᠳᠠᠷᠤᠭᠳᠠᠨ ᠨᠢᠭᠡᠨ ᠪᠦᠳᠦᠭᠦᠨ ᠬᠤᠯᠤᠭᠠᠨ᠎ᠠ ᠣᠷᠣᠬᠤ ᠭᠠᠵᠠᠷ ᠦᠭᠡᠢ ᠨᠠᠰᠢ ᠴᠠᠰᠢ ᠰᠦᠯᠵᠢᠨ ᠭᠦᠶᠦᠮᠦᠢ ᠃ ᠬᠡᠳᠦᠢ ᠡᠢᠨ ᠬᠡᠮᠡᠪᠡᠴᠦ ᠠᠶᠤᠯ ᠵᠣᠪᠠᠯᠠᠩ ᠠ᠋ᠴᠠ ᠮᠤᠯᠲᠤᠷᠠᠭᠠᠳ ᠭᠡᠨᠡᠳᠲᠡ ᠵᠠᠭᠤᠷ᠎ᠠ ᠡᠢᠮᠦ ᠨᠢᠭᠡᠨ ᠨᠠᠮ ᠵᠢᠮ ᠪᠤᠷᠬᠠᠨ ᠤ᠋ ᠣᠷᠣᠨ ᠳ᠋ᠤᠷ ᠢᠷᠡᠭᠰᠡᠨ ᠲᠤᠯᠠ ᠲᠥᠷᠥᠯ ᠬᠠᠯᠠᠵᠤ ᠥᠪᠡᠷ᠎ᠡ ᠨᠢᠭᠡᠨ ᠶᠢᠷᠲᠢᠨᠴᠦ ᠳ᠋ᠦ᠍ᠷ ᠣᠷᠣᠭᠰᠠᠨ ᠮᠡᠲᠦ ᠠᠮᠣᠷᠠᠯᠢᠩᠭᠤᠢ ᠪᠣᠯᠪᠠᠢ᠃ ᠶᠠᠳᠠᠷᠠᠵᠤ ᠵᠦᠳᠡᠷᠡᠬᠦ ᠶ᠋ᠢᠨ ᠲᠤᠢᠯ ᠳ᠋ᠤᠷ ᠬᠦᠷᠦᠭᠰᠡᠨ ᠲᠤᠯᠠ ᠬᠥᠯ ᠳᠡᠭᠡᠷ᠎ᠡ ᠪᠡᠨ ᠲᠣᠭᠲᠠᠵᠤ ᠶᠠᠳᠠᠨ ᠬᠥᠭᠰᠢᠨ ᠪᠣᠮᠪᠣ ᠶ᠋ᠢᠨ ᠨᠠᠢᠷ ᠲᠠᠯᠪᠢᠬᠤ ᠶ᠋ᠢ ᠬᠦᠯᠢᠶᠡᠯ ᠦᠭᠡᠢ ᠠᠶ᠎ᠠ ᠭᠡᠮᠡᠨ ᠳᠠᠭᠤᠳᠠᠯᠴᠠᠨ ᠰᠠᠨᠳᠠᠯᠢ ᠲᠦᠰᠢᠵᠦ ᠰᠠᠭᠤᠯᠴᠠᠪᠠᠢ᠃ ᠭᠣᠣ ᠶ᠋ᠸᠨ ᠶᠠᠩ ᠂ ᠵᠣᠣ ᠢᠦᠢ ᠵᠣ᠌ ᠬᠣᠶᠠᠭᠤᠯᠠ ᠴᠢᠷᠮᠠᠢᠨ ᠵᠣᠭᠰᠣᠵᠤ ᠬᠥᠭᠰᠢᠨ ᠪᠣᠮᠪᠣ ᠳ᠋ᠤᠷ ᠳᠠᠬᠢᠨ ᠲᠠᠯᠠᠷᠬᠠᠵᠤ ᠥᠭᠦᠯᠡᠷᠦᠨ᠂ 《ᠶᠣᠰᠣᠨ ᠤ᠋ ᠪᠠᠭᠰᠢ ᠨᠢᠭᠦᠯᠡᠰᠴᠦ ᠡᠬᠡ ᠬᠥᠪᠡᠭᠦᠨ ᠪᠢᠳᠡ ᠬᠡᠳᠦᠭᠦᠯᠡ ᠶ᠋ᠢ ᠦᠯᠡᠳᠡᠭᠡᠨ ᠠᠪᠤᠭᠰᠠᠨ ᠳ᠋ᠤᠷ ᠲᠤᠢᠯ ᠢ᠋ᠶ᠋ᠠᠷ ᠲᠠᠯᠠᠷᠬᠠᠮᠤᠢ᠃ ᠬᠡᠳᠦᠢᠪᠡᠷ ᠬᠡᠳᠦᠨ ᠬᠣᠨᠣᠭ ᠪᠠᠭᠰᠢ ᠶ᠋ᠢᠨ ᠠᠷᠢᠭᠤᠨ ᠲᠤᠩᠭᠠᠯᠠᠭ ᠲᠤᠷ ᠬᠠᠷᠰᠢᠯᠠᠬᠤ ᠪᠣᠯᠪᠠᠴᠤ᠂ ᠠᠯᠢᠪᠠ ᠵᠠᠷᠤᠳᠠᠯ ᠢ᠋ ᠲᠣᠭ᠎ᠠ ᠶᠣᠰᠣᠭᠠᠷ ᠬᠠᠷᠢᠭᠤᠯᠰᠤᠭᠠᠢ᠂ ᠥᠷᠥᠰᠢᠶᠡᠨ ᠠᠪᠠᠴᠢᠮᠤ 》ᠭᠡᠮᠡᠨ ᠭᠣᠣ ᠶ᠋ᠢᠨ ᠶᠠᠩ ᠬᠠᠨᠴᠤᠢ ᠡᠴᠡ ᠪᠡᠨ ᠠᠷᠪᠠᠨ ᠯᠠᠩ ᠴᠠᠭᠠᠨ ᠮᠥᠩᠭᠥ ᠭᠠᠷᠭᠠᠨ ᠲᠦᠷ ᠬᠡᠳᠦᠨ ᠬᠣᠨᠣᠭ ᠤ᠋ᠨ ᠬᠣᠭᠣᠯᠠ ᠴᠠᠢ ᠶ᠋ᠢᠨ ᠦᠨ᠎ᠡ ᠪᠣᠯᠭᠠᠰᠤᠭᠠᠢ ᠭᠡᠮᠡᠨ ᠪᠠᠷᠢᠭᠰᠠᠨ ᠳ᠋ᠤᠷ ᠬᠥᠭᠰᠢᠨ ᠪᠣᠮᠪᠣ ᠤᠳᠠᠭᠠᠨ ᠵᠢᠯ ᠡᠢᠮᠦ ᠶᠠᠭᠤᠮ᠎ᠠ ᠣᠯᠵᠤ ᠦᠵᠡᠭᠰᠡᠨ ᠦᠭᠡᠢ ᠲᠤᠯᠠ ᠪᠠᠶᠠᠷᠯᠠᠬᠤ ᠴᠢᠷᠠᠢ ᠢᠯᠡᠷᠡᠵᠦ ᠂ ᠠᠪᠬᠤ ᠦᠭᠡᠢ ᠬᠡᠮᠡᠭᠰᠡᠨ ᠦᠭᠡᠢ ᠬᠠᠨᠴᠤᠢᠯᠠᠵᠤ ᠠᠯᠠᠭ᠎ᠠ ᠪᠠᠨ ᠬᠠᠮᠲᠤᠤᠳᠬᠠᠨ ᠄ 《ᠥᠸᠧ ᠮᠢ ᠲᠦᠸᠧ ᠹᠥᠸᠸ ! ᠡᠢᠨᠬᠦ ᠰᠠᠮᠠᠭᠤᠨ ᠴᠠᠭ ᠠᠯᠲᠠ ᠬᠠᠰ ᠲᠠᠨᠢᠭᠳᠠᠬᠤ ᠦᠭᠡᠢ ᠬᠣᠭ ᠲᠣᠭᠣᠰᠣᠨ ᠳ᠋ᠤᠷ ᠬᠣᠯᠢᠭᠳᠠᠵᠤ ᠪᠣᠢ ᠲᠤᠯᠠ ᠪᠠᠰᠠ ᠶᠠᠭᠤᠨ ᠢ᠋ ᠥᠭᠦᠯᠡᠬᠦ ᠠᠵᠢ᠃ ᠬᠥᠭᠰᠢᠨ ᠪᠣᠮᠪᠣ ᠪᠢ ᠶᠠᠮᠠᠷ ᠪᠣᠯᠤᠭᠰᠠᠨ ᠴᠤ᠌ ᠴᠠᠪ ᠴᠠᠢ ᠪᠡᠯᠡᠳᠬᠡᠵᠦ ᠦᠵᠡᠰᠦᠭᠡᠢ 》ᠭᠡᠮᠡᠨ ᠭᠠᠷᠴᠤ ᠢᠷᠡᠭᠡᠳ ᠦᠵᠡᠪᠡᠰᠦ ᠳᠠᠭᠠᠯᠴᠠᠬᠤ ᠥᠬᠢᠳ ᠪᠠ ᠭᠡᠷ ᠦ᠋ᠨ ᠠᠷᠠᠳ ᠴᠥᠮ ᠶᠡᠨᠳᠡᠷ ᠲᠦᠰᠢᠵᠦ᠂ ᠭᠠᠵᠠᠷ ᠰᠠᠭᠤᠵᠤ ᠪᠠᠢᠬᠤᠢ ᠳ᠋ᠤᠷ ᠶᠡᠬᠡᠳᠡ ᠰᠠᠨᠳᠤᠷᠴᠤ ᠯᠠᠮᠠ ᠪᠤᠷᠬᠠᠨ ᠠ᠋ ᠭᠡᠮᠡᠨ ᠳᠠᠭᠤᠨ ᠠᠯᠳᠠᠵᠤ ᠬᠦᠦᠨᠢᠶᠠᠩ ᠤ᠋ᠳ ᠪᠠ ᠭᠤᠸᠠᠨ ᠵᠢᠶᠠ ᠨᠠᠷ ᠢ᠋ ᠬᠥᠩᠭᠡᠪᠴᠢᠯᠡᠪᠡ ᠭᠡᠮᠡᠨ ᠪᠤᠷᠤᠭᠤ ᠬᠦᠯᠢᠶᠡᠨ ᠬᠥᠨᠳᠡᠯᠡᠨ ᠭᠡᠷ ᠲᠦ᠍ᠷ ᠵᠠᠯᠠᠨ ᠣᠷᠣᠭᠤᠯᠵᠤ ᠲᠠᠲᠠᠵᠤ ᠰᠠᠭᠤᠯᠭᠠᠭᠠᠳ ᠳᠠᠬᠢᠨ ᠳᠠᠪᠲᠠᠨ ᠨᠢᠭᠦᠯᠡᠰᠬᠦ ᠶ᠋ᠢ ᠭᠤᠶᠤᠵᠤ ᠰᠠᠶᠢ ᠭᠠᠷᠴᠤ ᠣᠳᠪᠠ᠃ ᠪᠠᠬᠠᠨ ᠤᠳᠠᠭᠠᠳ ᠬᠣᠶᠠᠷ ᠳ᠋ᠢ᠍ᠶᠧᠽᠢ ᠳᠠᠪᠤᠰᠤᠲᠠᠢ ᠨᠣᠭᠣᠭ᠎ᠠ ᠨᠢᠭᠡᠨ ᠪᠦᠳᠦᠭᠦᠨ ᠸᠠᠭᠠᠷ ᠨᠣᠭᠣᠭ᠎ᠠ ᠬᠣᠯᠢᠭᠰᠠᠨ ᠰᠢᠩᠭᠡᠨ ᠪᠤᠳᠠᠭ᠎ᠠ ᠠᠪᠴᠤ ᠢᠷᠡᠭᠡᠳ ᠰᠢᠭᠤᠳ ᠳᠡᠭᠡᠳᠦ ᠭᠡᠷ ᠵᠦᠭ ᠶᠠᠪᠤᠬᠤ ᠶ᠋ᠢ ᠥᠬᠢᠳ ᠰᠦᠢ ᠶᠧ ᠂ ᠰᠦᠢ ᠬᠣᠩ ᠂ ᠶᠦᠨ ᠯᠠᠨ ᠨᠠᠷ ᠣᠯᠵᠤ ᠦᠵᠡᠭᠡᠳ ᠶᠠᠭᠠᠷᠠᠨ ᠲᠣᠰᠣᠨ ᠠᠪᠴᠤ ᠦᠵᠡᠪᠡᠰᠦ ᠨᠢᠭᠡ ᠳ᠋ᠢ᠍ᠶᠧᠽᠢ ᠢᠨᠤ ᠳᠠᠪᠤᠰᠤᠯᠠᠭᠰᠠᠨ ᠬᠥᠬᠡ ᠨᠣᠭᠣᠭ᠎ᠠ ᠂ ᠨᠢᠭᠡ ᠳ᠋ᠢ᠍ᠶᠧᠽᠢ ᠢᠨᠦ ᠬᠠᠲᠠᠭᠠᠭᠰᠠᠨ ᠳ᠋ᠧᠦᠹᠦ᠋ ᠪᠣᠯᠠᠢ᠃ ᠳᠡᠢᠡᠬᠦ ᠰᠢᠷᠡᠭᠡ ᠵᠠᠰᠠᠵᠤ ᠠᠶᠠᠭ᠎ᠠ ᠰᠠᠪᠬ᠎ᠠ ᠶ᠋ᠢ ᠳᠠᠬᠢᠨ ᠴᠡᠪᠡᠷᠯᠡᠨ ᠵᠢᠭᠰᠠᠭᠠᠵᠤ ᠂ ᠨᠣᠭᠣᠭ᠎ᠠ ᠲᠠᠯᠪᠢᠭᠠᠳ ᠰᠠᠶᠢ ᠪᠤᠳᠠᠭ᠎ᠠ ᠣᠷᠣᠭᠤᠯᠤᠭᠰᠠᠨ ᠳ᠋ᠤᠷ ᠂ ᠭᠤᠷᠪᠠᠨ ᠹᠦ ᠷᠧᠨ ᠢ ᠪᠠᠢᠲᠤᠭᠠᠢ ᠭᠣᠣ ᠶ᠋ᠢᠨ ᠶᠠᠩ ᠂ ᠵᠣᠣ ᠢᠦᠢ ᠵᠢᠩ ᠬᠦᠷᠲᠡᠯ᠎ᠡ ᠴᠥᠮ ᠨᠢᠭᠡᠨ ᠪᠦᠳᠦᠭᠦᠨ ᠠᠶᠠᠭ᠎ᠠ ᠣᠭᠣᠴᠢᠭᠠᠳ ᠂ ᠲᠥᠷᠥᠯᠬᠢ ᠣᠯᠵᠤ ᠢᠳᠡᠭᠰᠡᠨ ᠦᠭᠡᠢ ᠰᠠᠢᠬᠠᠨ ᠬᠣᠭᠣᠯᠠ ᠭᠡᠮᠡᠨ ᠱᠠᠭᠰᠢᠵᠠᠭᠠᠮᠤᠢ᠃ ᠬᠥᠭᠰᠢᠨ ᠪᠣᠮᠪᠣ ᠭᠠᠷ ᠬᠠᠮᠲᠤᠤᠬᠠᠨ ᠥᠭᠦᠯᠡᠷᠦᠨ᠄ 《ᠦᠨᠡᠬᠡᠷ ᠴᠢᠷᠠᠢ ᠤᠯᠠᠢᠮᠤᠢ ᠃ ᠪᠠᠰᠠ ᠪᠠᠬᠠᠨ ᠨᠢᠭᠤᠷ ᠬᠦᠷᠲᠡᠭᠡᠬᠦ ᠪᠣᠯᠪᠠᠤ ? 》ᠭᠡᠮᠡᠨ ᠳᠠᠬᠢᠨ ᠳᠠᠪᠲᠠᠨ ᠱᠠᠭᠠᠷᠳᠠᠨ ᠵᠠᠯᠪᠠᠷᠢᠵᠤ ᠵᠣᠭᠰᠣᠮᠤᠢ᠃ ᠰᠢᠷᠡᠭᠡ ᠬᠤᠷᠢᠶᠠᠬᠤᠢ ᠳ᠋ᠤᠷ ᠭᠤᠷᠪᠠᠨ ᠹᠦ ᠷᠧᠨ ᠲᠡᠷᠢᠭᠦᠯᠡᠨ ᠰᠠᠭᠤᠭᠰᠠᠨ ᠣᠷᠣᠨ ᠠ᠋ᠴᠠ ᠵᠠᠢᠯᠠᠵᠤ ᠪᠡᠶ᠎ᠡ ᠮᠡᠬᠦᠢᠨ ᠲᠠᠯᠠᠷᠬᠠᠪᠠ᠃ ᠥᠬᠢᠳ ᠪᠠ ᠭᠡᠷ ᠦ᠋ᠨ ᠠᠷᠠᠳ ᠳᠣᠣᠷ᠎ᠠ ᠭᠡᠷ ᠲᠦ᠍ᠷ ᠰᠢᠩᠭᠡᠨ ᠪᠤᠳᠠᠭ᠎ᠠ ᠢᠳᠡᠬᠦ ᠶ᠋ᠢ ᠨᠠᠷᠢᠨ ᠥᠭᠦᠯᠡᠬᠦ ᠦᠭᠡᠢ᠃ ᠡᠭᠦᠨ ᠡᠴᠡ ᠬᠦᠵᠢ ᠵᠤᠯᠠ ᠶ᠋ᠢᠨ ᠤᠲᠤᠭᠠᠨ ᠲᠠᠰᠤᠷᠠᠭᠰᠠᠨ 《ᠰᠡᠳᠬᠢᠭᠰᠡᠨ ᠢ᠋ ᠪᠦᠲᠦᠭᠡᠭᠴᠢ 》ᠰᠦᠮ᠎ᠡ ᠬᠠᠷᠢᠨ ᠳᠡᠭᠵᠢᠷᠡᠬᠦ ᠪᠠᠢᠳᠠᠯ ᠲᠠᠢ ᠪᠣᠯᠪᠠ ᠃ ᠲᠡᠭᠦᠨ ᠡᠴᠡ ᠬᠥᠭᠰᠢᠨ ᠪᠣᠮᠪᠣ ᠱᠠᠪᠢ ᠾᠦᠢ ᠡᠯ ᠢ᠋ ᠳᠠᠭᠤᠳᠠᠵᠤ ᠬᠣᠭᠣᠯᠠ ᠴᠠᠢ ᠶ᠋ᠢ ᠪᠡᠯᠡᠳᠬᠡᠭᠦᠯᠵᠦ ᠂ ᠪᠠᠰᠠ ᠲᠡᠭᠦᠨ ᠦ᠌ ᠠᠬ᠎ᠠ ᠬᠤ᠌ ᠳᠠ ᠶ᠋ᠢ ᠳᠠᠭᠤᠳᠠᠭᠤᠯᠵᠤ ᠂ ᠬᠡᠳᠦᠨ ᠯᠠᠩ ᠮᠥᠩᠭᠥ ᠥᠭᠴᠦ ᠴᠠᠢ ᠪᠤᠳᠠᠭ᠎ᠠ ᠂ ᠨᠣᠭᠣᠬᠠ ᠵᠢᠮᠢᠰ ᠂ ᠪᠥᠰ ᠪᠠᠷᠠᠭ᠎ᠠ ᠬᠤᠳᠠᠯᠳᠤᠨ ᠠᠪᠤᠭᠤᠯᠵᠤ ᠂ ᠣᠷᠣ ᠳᠡᠪᠢᠰᠬᠡᠷ ᠢ᠋ᠶ᠋ᠡᠨ ᠰᠢᠨᠡᠳᠬᠡᠨ ᠡᠳᠦᠷ ᠪᠦᠷᠢ ᠶᠡᠬᠡ ᠬᠤᠷᠢᠮ ᠨᠠᠢᠷ ᠦᠭᠡᠢ ᠪᠣᠯᠪᠠᠴᠤ ᠂ ᠨᠣᠭᠣᠭ᠎ᠠ ᠵᠢᠮᠢᠰ ᠠᠷᠢᠬᠢ ᠳᠠᠷᠠᠰᠤ ᠬᠡᠳᠦᠨ ᠵᠦᠢᠯ ᠢ᠋ ᠵᠡᠷᠭᠡᠴᠡᠭᠦᠯᠬᠦ ᠪᠣᠯᠪᠠ ᠃ ᠬᠡᠳᠦᠨ ᠬᠣᠨᠣᠭ ᠪᠣᠯᠤᠭᠠᠳ ᠴᠥᠮ ᠪᠡᠶ᠎ᠡ ᠲᠡᠩᠬᠡᠷᠡᠨ ᠰᠡᠳᠬᠢᠯ ᠠᠮᠤᠷ ᠪᠣᠯᠵᠤ ᠬᠥᠭᠰᠢᠨ ᠪᠣᠮᠪᠣ ᠲᠠᠢ ᠮᠠᠰᠢ ᠳᠠᠰᠤᠯᠴᠠᠭᠰᠠᠨ ᠲᠤᠯᠠ ᠵᠢᠶᠧ ᠹᠧᠢ ᠬᠠᠲᠤᠨ ᠂ ᠵᠧᠨ ᠪᠦᠸᠧ ᠂ ᠭᠣᠣ ᠹᠦ ᠷᠧᠨ ᠨᠠᠷ ᠬᠥᠭᠰᠢᠨ ᠪᠣᠮᠪᠣ ᠶ᠋ᠢᠨ ᠨᠣᠮ ᠤ᠋ᠨ ᠵᠣᠭᠣᠭ ᠲᠤᠷ ᠠᠮᠲᠠᠰᠢᠭᠠᠳ ᠢᠯᠠᠩᠭᠤᠶ᠎ᠠ ᠡᠨᠡ ᠤᠳᠠᠭᠠᠨ ᠤ᠋ ᠠᠶᠤᠯ ᠵᠣᠪᠠᠯᠠᠩ ᠢ᠋ ᠠᠮᠰᠠᠭᠠᠳ ᠪᠠᠶᠠᠨ ᠡᠷᠬᠢᠮ ᠨᠢᠭᠡᠨᠲᠡ ᠬᠣᠯᠠᠳᠠᠵᠤ ᠬᠠᠳᠠᠨ ᠤ᠋ ᠴᠠᠢ ᠠᠭᠤᠯᠠ ᠶ᠋ᠢᠨ ᠵᠢᠮᠢᠰ ᠂ ᠱᠠᠶᠢᠦ ᠴᠠᠪ ᠂ ᠪᠤᠷᠬᠠᠨ ᠤ᠋ ᠨᠣᠮ ᠳ᠋ᠤᠷ ᠰᠣᠭᠲᠣᠭᠤᠷᠠᠨ 《ᠰᠡᠳᠬᠢᠭᠰᠡᠨ ᠢ᠋ ᠪᠦᠲᠦᠭᠡᠭᠴᠢ 》ᠰᠦᠮ᠎ᠡ ᠳ᠋ᠦ᠍ᠷ ᠢᠷᠡᠭᠰᠡᠨ ᠢᠨᠦ ᠬᠣᠵᠢᠮᠳᠠᠪᠠᠢ ᠬᠡᠮᠡᠮᠦᠢ᠃ ᠡᠷᠡᠰ ᠡᠮᠡᠰ ᠬᠣᠯᠢᠯᠳᠤᠬᠤ ᠶ᠋ᠢ ᠴᠡᠭᠡᠷᠯᠡᠬᠦ ᠲᠤᠯᠠ ᠵᠣᠣ ᠢᠦᠢ ᠵᠣ᠌ ᠭᠡᠷ ᠦ᠋ᠨ ᠠᠷᠠᠳ ᠵᠣᠣ ᠰᠠᠨ ᠬᠢᠭᠡᠳ ᠵᠣᠣ ᠸᠸᠨ ᠬᠣᠶᠠᠭᠤᠯᠠ ᠶ᠋ᠢ ᠠᠪᠴᠤ ᠱᠠᠨ ᠮᠸᠨ ᠦ᠌ ᠪᠠᠢᠰᠢᠩ ᠢ ᠴᠡᠪᠡᠷᠯᠡᠨ ᠣᠷᠣ ᠰᠢᠷᠡᠭᠡ ᠲᠠᠯᠪᠢᠵᠤ ᠰᠠᠭᠤᠯᠭᠠᠪᠠ᠃ ᠵᠠᠪᠰᠢᠶᠠᠨ ᠢ᠋ᠶ᠋ᠠᠷ ᠡᠭᠦᠳᠡᠨ ᠰᠠᠬᠢᠭᠤᠯᠰᠤᠨ ᠴᠥᠮ ᠱᠤᠭᠤᠮᠠᠯ ᠪᠤᠰᠤ ᠵᠢᠷᠤᠮᠠᠯ ᠲᠤᠯᠠ ᠬᠡᠨ ᠠᠯᠢᠨ ᠳ᠋ᠠᠭᠠᠨ ᠰᠠᠭᠠᠳ ᠦᠭᠡᠢ ᠨᠠᠢᠷᠠᠮᠳᠠᠬᠤ ᠣᠷᠣᠰᠢᠪᠠᠢ᠃ ᠠᠪᠠᠭ᠎ᠠ ᠵᠣᠣ ᠶᠠᠨ ᠨᠠ ᠬᠥᠶᠦᠭ ᠬᠠᠨ ᠤ᠋ ᠮᠡᠳᠡᠭᠡ ᠶ᠋ᠢ ᠠᠪᠤᠭᠤᠯᠬᠤ ᠪᠠᠷ ᠵᠣᠣ ᠰᠠᠨ ᠢ᠋ ᠵᠣᠣ ᠢᠦᠢ ᠵᠣ᠌ ᠶᠠᠪᠤᠭᠤᠯᠪᠠᠰᠤ ᠵᠣᠣ ᠶᠠᠨ ᠨᠠ ᠴᠡᠷᠢᠭ ᠳᠡᠢᠯᠦᠭᠳᠡᠭᠰᠡᠨ ᠲᠤᠯᠠ ᠰᠥᠩ ᠤᠯᠤᠰ ᠤ᠋ᠨ ᠨᠡᠢᠰᠯᠡᠯ ᠯᠢᠨ ᠠᠨ ᠳ᠋ᠤᠷ ᠶᠠᠯ᠎ᠠ ᠬᠦᠯᠢᠶᠡᠷ᠎ᠡ ᠶᠠᠪᠤᠭᠠᠳ ᠦᠬᠦᠵᠦ ᠡᠳᠡᠭᠡᠬᠦ ᠶ᠋ᠢ ᠮᠡᠳᠡᠬᠦ ᠦᠭᠡᠢ ᠬᠡᠮᠡᠮᠦᠢ᠃ ᠭᠦᠶᠦᠭ ᠬᠠᠨ ᠨᠢᠭᠡᠨᠲᠡ ᠪᠠᠷᠠᠭᠤᠨ ᠬᠢᠵᠠᠭᠠᠷ ᠲᠤᠷ ᠮᠣᠷᠳᠠᠪᠠ ᠬᠡᠮᠡᠮᠦ᠃ ᠲᠡᠢᠨᠬᠦ ᠡᠨᠳᠡ ᠰᠠᠭᠤᠵᠤ ᠬᠦᠯᠢᠶᠡᠬᠦ ᠡᠴᠡ ᠥᠭᠡᠷ᠎ᠡ ᠶᠠᠪᠤᠳᠠᠯ ᠦᠭᠡᠢ ᠲᠤᠯᠠ ᠵᠣᠣ ᠢᠦᠢ ᠵᠣ᠌ ᠭᠠᠭᠴᠠᠭᠠᠷ ᠲᠤᠤ ᠴᠢᠶᠠᠨ ᠢ᠋ ᠳᠠᠭᠤᠷᠢᠶᠠᠨ ᠬᠡᠳᠦᠨ ᠪᠠᠳᠠᠭ ᠠᠭᠤᠯᠠ ᠤᠰᠤ ᠶ᠋ᠢᠨ ᠰᠢᠯᠦᠭ ᠪᠢᠴᠢᠭᠡᠳ 《ᠲᠣᠯᠬᠢᠵᠤ ᠲᠣᠭᠰᠢᠵᠤ 》ᠬᠢᠨᠠᠮᠤᠢ᠃
ᠨᠢᠭᠡᠨ ᠡᠳᠦᠷ ᠵᠣᠣ ᠢᠦᠢ ᠵᠣ᠌ 《ᠰᠡᠳᠬᠢᠭᠰᠡᠨ ᠢ᠋ ᠪᠦᠲᠦᠭᠡᠭᠴᠢ 》ᠰᠦᠮ᠎ᠡ ᠶ᠋ᠢᠨ ᠱᠠᠨ ᠮᠧᠨ ᠳ᠋ᠦ᠍ᠷ ᠬᠥᠯ ᠰᠣᠯᠪᠢᠵᠤ ᠲᠤᠤ ᠶᠤᠸᠠᠨ ᠮᠢᠩ ᠦ᠋ᠨ ᠠᠷᠢᠬᠢᠨ ᠤ᠋ ᠰᠢᠯᠦᠭ ᠢ ᠤᠩᠰᠢᠵᠤ ᠠᠮᠲᠠᠰᠢᠭᠠᠳ ᠠᠷᠢᠬᠢ ᠠᠪᠴᠢᠷᠠᠭᠤᠯᠤᠨ ᠬᠡᠳᠦᠨ ᠬᠤᠨᠳᠠᠭ᠎ᠠ ᠤᠤᠭᠤᠵᠤ ᠣᠮᠣᠭᠰᠢᠭᠰᠠᠨ ᠤ᠋ ᠳᠡᠭᠡᠷ᠎ᠡ ᠬᠠᠯᠠᠮᠰᠠᠭᠠᠳ ᠶᠡᠬᠡ ᠳᠠᠭᠤᠨ ᠢ᠋ᠶ᠋ᠠᠷ ᠠᠶᠠᠰ ᠲᠠᠲᠠᠵᠤ ᠤᠩᠰᠢᠷᠤᠨ ᠄
ᠠᠢᠯ ᠠ᠋ᠴᠠ ᠬᠣᠯᠠᠳᠠᠵᠤ ᠪᠦᠷᠭᠡ ᠪᠡᠨ ᠪᠠᠷᠢᠪᠠᠢ
ᠠᠮᠤᠷ ᠰᠡᠯᠡᠭᠦᠨ ᠲᠡᠷᠭᠡ ᠮᠣᠷᠢᠨ ᠤ᠋ ᠦᠢᠮᠡᠭᠡᠨ ᠦᠭᠡᠢ
ᠠᠶ᠎ᠠ ᠲᠠ ᠶᠠᠭᠠᠬᠢᠨ ᠪᠣᠯᠬᠤ ᠠᠵᠢ ᠬᠡᠮᠡᠪᠡᠰᠦ
ᠠᠭᠯᠠᠭ ᠰᠡᠳᠬᠢᠯ ᠡᠪᠦᠷᠯᠡᠪᠡᠰᠦ ᠭᠠᠵᠠᠷ ᠠᠶᠠᠨᠳᠠᠭᠠᠨ ᠠᠯᠤᠰ
ᠠᠵᠢᠭ ᠦᠭᠡᠢ ᠵᠡᠭᠦᠨ ᠬᠠᠰᠢᠶᠠᠨ ᠠ᠋ᠴᠠ ᠮᠠᠨᠳᠠᠷᠠᠸ᠎ᠠ ᠲᠡᠭᠦᠬᠦᠶᠡ
ᠠᠭᠢᠰᠬᠢᠵᠦ ᠡᠮᠦᠨᠡᠲᠦ ᠠᠭᠤᠯᠠ ᠬᠠᠷᠠᠭᠠᠨ ᠳ᠋ᠤᠷ ᠣᠷᠣᠮᠤᠢ
ᠠᠭᠤᠯᠠ ᠶ᠋ᠢᠨ ᠥᠩᠭᠡ ᠣᠷᠣᠢ ᠪᠣᠯᠬᠤᠶ᠎ᠠ ᠭᠣᠶᠣᠮᠰᠣᠭ ᠪᠣᠯᠵᠤ
ᠠᠷᠢᠶᠠᠲᠠᠨ ᠰᠢᠪᠠᠭᠤᠳ ᠡᠭᠦᠷ ᠣᠭᠣᠰᠢᠨ ᠳ᠋ᠠᠭᠠᠨ ᠪᠤᠴᠠᠮᠤᠢ
ᠠᠳᠠᠪᠠᠰᠢ ᠡᠭᠦᠨ ᠦ᠌ ᠳᠣᠲᠣᠷᠠᠬᠢ ᠦᠨᠡᠨ ᠤᠳᠬ᠎ᠠ ᠶ᠋ᠢ ᠣᠯᠪᠠᠢ ᠭᠡᠮᠡᠨ ᠠᠷᠠᠢ ᠰᠡᠳᠬᠢᠵᠦ ᠤᠩᠰᠢᠰᠤᠭᠠᠢ ᠬᠡᠮᠡᠪᠡᠰᠦ ᠨᠢᠭᠡᠨᠲᠡ ᠰᠠᠨᠠᠭᠠᠨ ᠳ᠋ᠤᠷ ᠦᠭᠡᠢ ᠪᠣᠯᠪᠠ ᠭᠡᠮᠡᠨ ᠬᠤᠨᠳᠠᠭ᠎ᠠ ᠲᠠᠢ ᠠᠷᠢᠬᠢ ᠪᠠᠨ ᠰᠢᠮᠡᠵᠦ ᠵᠠᠯᠭᠠᠨ ᠤᠩᠰᠢᠰᠤᠭᠠᠢ ᠬᠡᠮᠡᠪᠡᠰᠦ ᠰᠥᠩᠭᠤᠸᠠᠨ ᠵᠣᠣ ᠰᠠᠨ ᠬᠣᠷᠢᠭᠯᠠᠵᠤ ᠥᠭᠦᠯᠡᠷᠦᠨ:《ᠱᠠᠨ ᠮᠸᠨ ᠦ᠌ ᠪᠠᠢᠰᠢᠩ ᠴᠢᠭᠢᠭ ᠶᠡᠬᠡᠲᠡᠢ ᠲᠤᠯᠠ ᠣᠷᠣ ᠳᠡᠪᠢᠰᠬᠡᠷ ᠴᠥᠮ ᠤᠰᠤ ᠭᠣᠭᠣᠵᠢᠬᠤ ᠰᠢᠬᠠᠪᠠ ᠃ ᠡᠨᠡᠦᠬᠡᠨ ᠦ᠌ ᠨᠠᠷᠠᠨ ᠭᠡᠷᠡᠯ ᠳ᠋ᠦ᠍ᠷ ᠡᠰᠡ ᠬᠠᠲᠠᠭᠠᠪᠠᠰᠤ ᠠᠭᠡ ᠲᠠᠨ ᠤ᠋ ᠡᠷᠡᠭᠦᠯ ᠢ᠋ ᠬᠠᠷᠰᠢᠯᠠᠮᠤᠢ ᠃ ᠲᠡᠢᠨᠬᠦ ᠪᠤᠰᠤ ᠲᠠᠰᠢ ᠮᠣᠷᠢᠯᠠᠨ ᠰᠠᠭᠤᠬᠤ ᠪᠣᠯᠪᠠᠤ 》ᠬᠡᠮᠡᠬᠦᠢ ᠳ᠋ᠦ᠍ᠷ ᠠᠭᠡ ᠵᠣᠣ ᠢᠦᠢ ᠵᠣ᠌ ᠰᠢᠯᠦᠭ ᠦ᠋ᠨ ᠤᠷᠮ᠎ᠠ ᠬᠤᠭᠤᠷᠠᠭᠰᠠᠨ ᠪᠣᠯᠪᠠᠴᠤ᠂ ᠠᠭᠤᠯᠠ ᠤᠰᠤᠨ ᠤ᠋ ᠲᠤᠩᠭᠠᠯᠠᠭ ᠲᠤᠷ ᠤᠷᠮ᠎ᠠ ᠳᠡᠭᠳᠡᠵᠦ ᠭᠡᠷ ᠦ᠋ᠨ ᠠᠷᠠᠳ ᠵᠣᠣ ᠸᠸᠨ ᠢ᠋ ᠳᠠᠭᠤᠳᠠᠵᠤ ᠰᠢᠯᠦᠭ ᠪᠢᠴᠢᠭ ᠢ᠋ ᠳᠠᠮᠨᠠᠵᠤ ᠮᠢᠨᠦ ᠠᠷᠤ ᠠ᠋ᠴᠠ ᠢᠷ᠎ᠡ ᠭᠡᠮᠡᠨ ᠬᠠᠨᠴᠤᠢ ᠰᠠᠵᠢᠵᠤ 《ᠰᠡᠳᠬᠢᠭᠰᠡᠨ ᠢ᠋ ᠪᠦᠲᠦᠭᠡᠭᠴᠢ 》ᠰᠦᠮ᠎ᠡ ᠶ᠋ᠢᠨ ᠶᠡᠨᠳᠡᠷ ᠡᠴᠡ ᠪᠠᠭᠤᠵᠤ ᠨᠠᠷᠠᠰᠤᠨ ᠤ᠋ ᠰᠢᠭᠤᠢ ᠳ᠋ᠤᠷ ᠣᠷᠣᠵᠤ ᠴᠢᠨᠠᠭᠰᠢᠳᠠ ᠭᠣᠷᠣᠬ᠎ᠠ ᠶ᠋ᠢ ᠭᠠᠲᠤᠯᠵᠤ ᠡᠮᠦᠨᠡᠲᠦ ᠠᠭᠤᠯᠠ ᠪᠠᠷ ᠵᠤᠭᠠᠴᠠᠰᠤᠭᠠᠢ ᠭᠡᠮᠡᠨ ᠰᠠᠶᠢ ᠭᠣᠷᠣᠬ᠎ᠠ ᠬᠦᠷᠴᠦ ᠢᠷᠠᠪᠠᠰᠤ ᠴᠢᠨᠠᠳᠤ ᠠ᠋ᠴᠠ ᠬᠤ᠌ ᠳᠠ ᠨᠢᠭᠡᠨ ᠳᠠᠮᠨᠠᠭᠤᠷ ᠣᠷᠣ ᠳᠡᠪᠢᠰᠬᠡᠷ ᠨᠣᠮ ᠪᠢᠴᠢᠭ ᠢ᠋ ᠳᠠᠭᠠᠭᠠᠵᠤ ᠶᠠᠳᠠᠲᠠᠯ᠎ᠠ ᠳᠠᠮᠨᠠᠵᠤ ᠠᠢᠰᠤᠢ᠃ ᠠᠷᠤ ᠳ᠋ᠤᠷ ᠨᠢᠭᠡᠨ ᠥᠬᠢᠨ ᠪᠣᠮᠪᠣ ᠣᠢᠷ᠎ᠠ ᠳᠠᠭᠠᠵᠤ ᠶᠠᠪᠤᠮᠤᠢ᠃ ᠵᠣᠣ ᠢᠦᠢ ᠵᠣ᠌ ᠶ᠋ᠢᠨ ᠬᠠᠷᠠᠭ᠎ᠠ ᠰᠠᠨᠠᠮᠰᠠᠷ ᠦᠭᠡᠢ ᠥᠬᠢᠨ ᠪᠣᠮᠪᠣ ᠶ᠋ᠢᠨ ᠬᠠᠷᠠᠭ᠎ᠠ ᠲᠠᠢ ᠬᠠᠷᠢᠯᠴᠠᠨ ᠠᠭᠤᠯᠵᠠᠮᠠᠭᠴᠠ ᠬᠣᠶᠠᠭᠤᠯᠠ ᠴᠥᠮ ᠬᠡᠷᠲ᠌ᠭᠢᠵᠦ ᠬᠠᠷᠢᠯᠴᠠᠨ ᠬᠠᠮᠢᠭ᠎ᠠ ᠭᠠᠵᠠᠷ ᠲᠠᠨᠢᠯᠴᠠᠭᠰᠠᠨ ᠮᠡᠲᠦ ᠰᠠᠨᠠᠭᠳᠠᠭᠠᠳ ᠵᠣᠭᠬᠢᠨ ᠥᠭᠡᠳᠡ ᠥᠭᠡᠳᠡ ᠡᠴᠡ ᠪᠡᠨ ᠬᠠᠷᠠᠵᠤ ᠪᠡᠭᠲᠡᠷᠡᠨ ᠵᠣᠭᠰᠣᠭᠰᠠᠨ ᠳ᠋ᠤᠷ ᠵᠣᠣ ᠸᠸᠨ ᠬᠠᠷᠢᠨ ᠲᠡᠭᠦᠨ ᠢ᠋ ᠲᠠᠲᠠᠵᠤ ᠬᠤ᠌ ᠳᠠ ᠳ᠋ᠤᠷ ᠵᠠᠮ ᠲᠠᠯᠪᠢᠨ ᠥᠭᠦᠯᠡᠷᠦᠨ : 《ᠬᠤ᠌ ᠳᠠ ᠬᠡ ᠰᠡᠢᠨᠡᠦ ? ᠲᠡᠷᠡ ᠴᠢᠨᠦ ᠯᠠᠪ ᠬᠤᠪᠢᠯᠭᠠᠨ ᠪᠠᠭᠰᠢ ᠬᠤ᠌ ᠾᠦᠢ ᠡᠯ ᠪᠣᠢ ᠢ᠋᠎ᠠ ? 》ᠭᠡᠮᠡᠨ ᠣᠭᠲᠣ ᠡᠷᠢᠶᠡᠯ ᠦᠭᠡᠢ ᠬᠠᠭᠤᠴᠢᠨ ᠲᠠᠨᠢᠯ ᠮᠡᠲᠦ ᠱᠣᠭᠯᠠᠨ ᠠᠵᠢᠭ ᠦᠭᠡᠢ ᠢᠨᠢᠶᠡᠮᠦᠢ᠃
ᠲᠡᠳᠦᠢ ᠳ᠋ᠦ᠍ᠷ ᠾᠦᠢ ᠡᠯ ᠰᠡᠬᠡᠰᠬᠢᠵᠦ ᠥᠪᠡᠷᠦᠨ ᠭᠡᠨᠡᠳᠲᠡ ᠠᠯᠮᠠᠢᠷᠠᠭᠰᠠᠨ ᠳ᠋ᠠᠭᠠᠨ ᠰᠢᠷᠪᠡᠭᠡᠲᠦᠵᠦ ᠳᠣᠭᠣᠭᠰᠢ ᠬᠠᠷᠠᠵᠤ ᠠᠬ᠎ᠠ ᠪᠠᠨ ᠳᠠᠭᠠᠵᠤ 《ᠰᠡᠳᠬᠢᠭᠰᠡᠨ ᠢ᠋ ᠪᠦᠲᠦᠭᠡᠭᠴᠢ 》ᠰᠦᠮ᠎ᠡ ᠶ᠋ᠢᠨ ᠵᠦᠭ ᠣᠴᠢᠪᠠᠢ ᠃ ᠡᠪᠬᠡᠷᠡᠯᠲᠥᠭᠦᠯᠦᠨ ᠬᠣᠶᠠᠷ ᠬᠤᠪᠢᠶᠠᠵᠤ ᠬᠦᠷᠦᠭᠰᠡᠨ ᠬᠠᠷ᠎ᠠ ᠭᠡᠵᠢᠭᠡ ᠪᠡᠨ ᠪᠢᠴᠢᠬᠠᠨ ᠮᠢᠶᠣᠤ ᠴᠠᠩ ᠤ᠋ᠨ ᠮᠠᠯᠠᠭᠠᠢ ᠪᠠᠷ ᠳᠠᠷᠤᠭᠤᠯᠵᠤ ᠂ ᠪᠡᠶ᠎ᠡ ᠳ᠋ᠡᠭᠡᠨ ᠴᠠᠢᠪᠠᠷ ᠥᠩᠭᠡᠲᠦ ᠠᠭᠤᠤ ᠬᠠᠨᠴᠣᠢᠲᠠᠢ ᠰᠦᠯᠵᠢᠮᠡᠯ ᠡᠩᠭᠡᠷᠲᠦ ᠪᠣᠮᠪᠣ ᠶ᠋ᠢᠨ ᠬᠤᠪᠴᠠᠰᠤ ᠡᠮᠦᠰᠴᠦ ᠬᠥᠯ ᠳ᠋ᠡᠭᠡᠨ ᠵᠤᠵᠠᠭᠠᠨ ᠴᠠᠭᠠᠨ ᠤᠯᠠ ᠲᠠᠢ ᠡᠭᠦᠯᠡᠨ ᠬᠡ ᠲᠡᠢ ᠬᠠᠷ᠎ᠠ ᠲᠣᠷᠭᠠᠨ ᠭᠤᠲᠤᠯ ᠲᠠᠲᠠᠵᠤ ᠪᠡᠶ᠎ᠡ ᠶ᠋ᠢᠨ ᠪᠠᠢᠴᠠ ᠴᠡᠯᠡᠭᠡᠷ ᠬᠡᠭᠡᠨᠴᠢᠷ ᠨᠢᠳᠦ ᠬᠥᠮᠥᠰᠬᠡ ᠶ᠋ᠢᠨ ᠬᠣᠭᠣᠷᠣᠨᠳᠣ ᠥᠪᠡᠷᠮᠢᠴᠡ ᠭᠤᠸ᠎ᠠ ᠦᠵᠡᠰᠬᠦᠯᠡᠩ ᠢ᠋ ᠣᠨᠢᠰᠤᠯᠠᠵᠠᠢ᠃
ᠥᠭᠦᠯᠡᠬᠦ ᠢᠨᠦ ᠾᠦᠢ ᠡᠯ ᠠᠬ᠎ᠠ ᠠ᠋ᠴᠠ ᠪᠠᠨ ᠰᠦᠮ᠎ᠡ ᠳ᠋ᠦ᠍ᠷ ᠰᠠᠮᠠᠭᠤᠨ ᠠ᠋ᠴᠠ ᠵᠠᠢᠯᠠᠵᠤ ᠢᠷᠡᠭᠰᠡᠨ ᠡᠳᠡᠭᠡᠷ ᠬᠥᠮᠦᠰ ᠦ᠋ᠨ ᠲᠤᠬᠠᠢ ᠬᠡᠳᠦᠨ ᠤᠳᠠᠭ᠎ᠠ ᠰᠣᠨᠣᠰᠤᠭᠰᠠᠨ ᠲᠤᠯᠠ᠂ ᠶᠡᠬᠡ ᠲᠥᠯᠥᠪ ᠨᠢᠭᠡᠨ ᠵᠣᠣ ᠣᠪᠣᠭᠲᠤ ᠭᠦᠩᠽᠢ ᠪᠣᠢ ᠬᠡᠮᠡᠭᠰᠡᠨ ᠢᠨᠦ ᠳᠠᠷᠤᠢ ᠡᠨᠡ ᠬᠥᠮᠦᠨ ᠪᠣᠢ ᠶᠠ ᠭᠡᠮᠡᠨ ᠬᠠᠷᠠᠪᠠᠰᠤ ᠲᠠᠨᠢᠬᠤ ᠬᠥᠮᠦᠨ ᠮᠡᠲᠦ ᠳᠣᠲᠣᠨᠣ ᠰᠠᠨᠠᠭᠳᠠᠬᠤ ᠲᠤᠯᠠ ᠨᠠᠷᠢᠪᠴᠢᠯᠠᠨ ᠰᠢᠨᠵᠢᠪᠡᠰᠦ ᠵᠣᠣ ᠢᠦᠢ ᠵᠣ᠌ ᠠᠷᠢᠭᠤᠨ ᠶᠡᠬᠡᠮᠰᠦᠭ ᠂ ᠴᠢᠷᠠᠢ ᠴᠠᠭᠠᠨ ᠬᠥᠮᠥᠰᠬᠡ ᠤᠷᠲᠤ ᠂ ᠨᠢᠳᠦ ᠲᠤᠩᠭᠠᠯᠠᠭ ᠂ ᠪᠡᠶ᠎ᠡ ᠨᠠᠷᠢᠪᠲᠤᠷ ᠂ ᠠᠯᠬᠤᠵᠤ ᠭᠢᠰᠬᠢᠬᠦᠢ ᠢᠨᠤ ᠨᠠᠢᠷᠠᠮᠳᠠᠬᠤ ᠲᠠᠭᠠᠯᠠᠮᠵᠢᠲᠠᠢ ᠃ ᠾᠦᠢ ᠡᠯ ᠦ᠋ᠨ ᠬᠦᠰᠡᠵᠦ ᠬᠣᠷᠣᠭᠣᠯᠵᠠᠬᠤ ᠰᠡᠳᠬᠢᠯᠭᠡ ᠶ᠋ᠢ ᠲᠥᠷᠥᠭᠦᠯᠬᠦᠢ ᠳ᠋ᠦ᠍ᠷ ᠰᠠᠶᠢ ᠠᠩᠬ᠎ᠠ ᠲᠥᠷᠥᠯ ᠦ᠋ᠨ ᠬᠢᠯᠢᠨᠴᠡ ᠡᠨᠳᠡ ᠳ᠋ᠡᠭᠡᠨ ᠠᠭᠤᠯᠵᠠᠪᠠᠢ ᠭᠡᠮᠡᠨ ᠪᠣᠳᠣᠵᠤ ᠬᠡᠳᠦ ᠳᠠᠬᠢᠨ ᠭᠡᠳᠡᠷᠭᠡᠨ ᠬᠠᠷᠠᠪᠠᠰᠤ ᠵᠣᠣ ᠢᠦᠢ ᠵᠣ᠌ ᠪᠡᠭᠲᠡᠷᠡᠵᠦ ᠵᠣᠭᠰᠣᠭᠰᠠᠨ ᠬᠡᠪ ᠢ᠋ᠶ᠋ᠡᠷ ᠢ᠋ᠶ᠋ᠡᠨ ᠬᠣᠴᠣᠷᠪᠠ᠃
ᠲᠡᠭᠦᠨ ᠡᠴᠡ ᠵᠣᠣ ᠢᠦᠢ ᠵᠣ᠌ ᠶ᠋ᠢᠨ ᠰᠢᠯᠦᠭ ᠦ᠋ᠨ ᠲᠤᠩᠭᠠᠯᠠᠭ ᠤᠷᠮ᠎ᠠ ᠬᠤᠪᠢᠷᠠᠵᠤ ᠤᠯᠠᠭᠠᠨ ᠢ᠋ ᠬᠠᠢᠷᠠᠯᠠᠨ ᠨᠣᠭᠣᠭᠠᠨ ᠢ ᠪᠠᠬᠠᠷᠴᠤ ᠤᠴᠢᠷ ᠰᠢᠯᠲᠠᠭᠠᠨ ᠡᠷᠢᠵᠦ ᠡᠳᠦᠷ ᠲᠦ᠍ ᠬᠡᠳᠦ ᠤᠳᠠᠭ᠎ᠠ ᠾᠦᠢ ᠡᠯ ᠳ᠋ᠦ᠍ᠷ ᠠᠭᠤᠯᠵᠠᠬᠤ ᠦᠭᠡᠢ ᠪᠥᠭᠡᠰᠦ ᠲᠣᠭᠲᠠᠵᠤ ᠴᠢᠳᠠᠵᠤ ᠦᠭᠡᠢ ᠪᠣᠯᠪᠠᠢ᠃
ᠾᠦᠢ ᠡᠯ ᠦ᠋ᠨ ᠪᠠᠭᠰᠢ ᠠ᠋ᠴᠠ ᠰᠣᠨᠣᠰᠪᠠᠰᠤ᠂ ᠾᠦᠢ ᠡᠯ ᠬᠠᠷ᠎ᠠ ᠪᠠᠭ᠎ᠠ ᠠ᠋ᠴᠠ ᠪᠠᠨ ᠰᠡᠴᠡᠨ ᠰᠡᠷᠭᠦᠯᠡᠩ᠂ ᠣᠢᠷ᠎ᠠ ᠬᠠᠪᠢ ᠶ᠋ᠢᠨ ᠬᠡᠳᠦᠨ ᠵᠠᠭᠤᠨ ᠭᠠᠵᠠᠷ ᠠᠮᠢᠳᠤ ᠰᠢ ᠱᠢ ᠭᠡᠮᠡᠨ ᠠᠯᠳᠠᠷᠰᠢᠵᠤ ᠬᠡᠳᠦ ᠬᠡᠳᠦᠨ ᠪᠠᠶᠠᠳ ᠨᠣᠶᠠᠳ ᠤ᠋ᠨ ᠭᠡᠷ ᠡᠴᠡ ᠶᠠᠳᠠᠭᠤ ᠵᠦᠳᠡᠭᠦᠦ ᠭᠡᠮᠡᠨ ᠭᠤᠯᠣᠯ ᠦᠭᠡᠢ ᠪᠡᠷ ᠵᠠᠭᠤᠴᠢ ᠢᠯᠡᠭᠡᠵᠦ ᠤᠷᠤᠭ ᠤ᠋ᠨ ᠤᠴᠢᠷ ᠢ ᠳᠤᠷᠠᠳᠤᠭᠰᠠᠨ ᠪᠣᠯᠪᠠᠴᠤ ᠴᠥᠮ ᠥᠯᠵᠡᠢ ᠪᠤᠰᠤ ᠶᠠᠪᠤᠳᠠᠯ ᠲᠣᠬᠢᠶᠠᠯᠳᠤᠵᠤ ᠦᠵᠡᠭᠡᠴᠢ ᠪᠡᠷ ᠦᠵᠡᠭᠦᠯᠪᠡᠰᠦ᠂ ᠾᠦᠢ ᠡᠯ ᠦ᠋ᠨ ᠵᠠᠶᠠᠭ᠎ᠠ ᠬᠠᠲᠠᠭᠤ ᠲᠤᠯᠠ ᠶᠡᠬᠡ ᠰᠠᠢᠳ ᠡᠷᠳᠡᠮᠲᠡᠨ ᠪᠤᠰᠤ ᠪᠣᠯᠪᠠᠰᠤ ᠳᠠᠷᠤᠵᠤ ᠴᠢᠳᠠᠬᠤ ᠦᠭᠡᠢ ᠬᠡᠮᠡᠪᠡᠢ᠃ ᠤᠳᠠᠭᠰᠠᠨ ᠦᠭᠡᠢ ᠾᠦᠢ ᠡᠯ ᠦ᠋ᠨ ᠡᠴᠢᠭᠡ ᠡᠬᠡ ᠴᠥᠮ ᠵᠠᠯᠭᠠᠪᠠᠷ ᠡᠪᠡᠳᠴᠢᠯᠡᠵᠦ ᠦᠬᠦᠭᠰᠡᠨ ᠳ᠋ᠦ᠍ᠷ ᠠᠬ᠎ᠠ ᠬᠤ᠌ ᠳᠠ ᠮᠠᠰᠢ ᠰᠡᠵᠢᠭᠯᠡᠨ ᠭᠡᠷᠭᠡᠢ ᠯᠤᠭᠡ ᠪᠡᠨ ᠵᠥᠪᠳᠡᠵᠦ ᠥᠭᠦᠯᠡᠷᠦᠨ :《ᠬᠡᠵᠢᠶ᠎ᠡ ᠡᠭᠦᠨ ᠦ᠌ ᠰᠠᠢᠳ ᠡᠷᠳᠡᠮᠲᠡᠨ ᠳ᠋ᠦ᠍ᠷ ᠮᠣᠷᠳᠠᠬᠤ ᠶ᠋ᠢ ᠬᠦᠯᠢᠶᠡᠬᠦ ᠠᠵᠢ᠃ ᠡᠴᠢᠭᠡ ᠡᠬᠡ ᠶ᠋ᠢ ᠴᠥᠮ ᠬᠠᠵᠠᠭᠰᠠᠨ ᠠᠲᠠᠯ᠎ᠠ ᠠᠬ᠎ᠠ ᠪᠡᠷᠭᠡᠨ ᠢ᠋ ᠨᠡᠩ ᠶᠠᠭᠤᠨ ᠥᠭᠦᠯᠡᠮᠦᠢ᠃ ᠡᠷᠲᠡᠬᠡᠨ ᠵᠠᠯᠠᠵᠤ ᠭᠠᠷᠭᠠᠪᠠᠯ ᠳᠡᠭᠡᠷ᠎ᠡ 》ᠭᠡᠮᠡᠨ 《ᠰᠡᠳᠬᠢᠭᠰᠡᠨ ᠢ᠋ ᠪᠦᠲᠦᠭᠡᠭᠴᠢ》 ᠰᠦᠮ᠎ᠡ ᠶ᠋ᠢᠨ ᠬᠥᠭᠰᠢᠨ ᠪᠣᠮᠪᠣ ᠶ᠋ᠢᠨ ᠱᠠᠪᠢ ᠪᠣᠯᠭᠠᠪᠠ ᠬᠡᠮᠡᠮᠦ᠃
ᠾᠦᠢ ᠡᠯ ᠡᠳᠦᠭᠡ ᠰᠠᠨᠠᠮᠰᠠᠷ ᠦᠭᠡᠢ ᠵᠣᠣ ᠢᠦᠢ ᠵᠣ᠌ ᠨᠠᠷ ᠲᠠᠢ ᠤᠴᠠᠷᠠᠵᠤ ᠬᠡᠳᠦᠢᠪᠡᠷ ᠨᠠᠷᠢᠨ ᠤᠴᠢᠷ ᠢ᠋ ᠮᠡᠳᠡᠬᠦ ᠦᠭᠡᠢ ᠪᠣᠯᠪᠠᠴᠤ ᠵᠠᠶᠠᠭᠠᠨ ᠤ᠋ ᠪᠠᠷᠢᠯᠳᠤᠯᠭ᠎ᠠ ᠲᠠᠢ ᠬᠥᠮᠦᠨ ᠮᠠᠭᠠᠳ ᠭᠡᠮᠡᠨ ᠪᠣᠳᠣᠬᠤ ᠲᠤᠯᠠ ᠡᠭᠦᠨ ᠡᠴᠡ ᠡᠭᠦᠰᠦᠭᠰᠡᠨ ᠲᠦᠮᠡᠨ ᠵᠦᠢᠯ ᠦ᠋ᠨ ᠪᠠᠬᠠᠷᠤᠯ ᠮᠢᠩᠭᠠᠨ ᠵᠦᠢᠯ ᠦ᠋ᠨ ᠬᠠᠢᠷ᠎ᠠ ᠭᠡᠩᠭᠦᠷᠡᠯ ᠢ᠋ ᠴᠡᠭᠡᠵᠢᠨ ᠳ᠋ᠦ᠍ ᠪᠠᠭᠲᠠᠵᠤ ᠶᠠᠳᠠᠨ ᠨᠢᠳᠦ ᠬᠥᠮᠥᠰᠬᠡ ᠠᠯᠬᠤᠵᠤ ᠭᠢᠰᠬᠢᠬᠦᠢ ᠳ᠋ᠦ᠍ᠷ ᠢᠯᠡᠷᠡᠮᠦᠢ᠃ ᠾᠦᠢ ᠡᠯ ᠦ᠋ᠨ ᠲᠥᠯᠥᠪ ᠪᠠᠢᠳᠠᠯ ᠠᠷᠤᠤᠬᠠᠨ ᠂ ᠠᠭᠤᠳᠠᠮ ᠲᠠᠯᠪᠢᠭᠤ ᠂ ᠬᠥᠮᠦᠨ ᠳ᠋ᠦ᠍ᠷ ᠬᠤᠪᠢ ᠲᠠᠢ ᠲᠤᠯᠠ ᠭᠣᠣ ᠶ᠋ᠢᠨ ᠶᠠᠩ ᠂ ᠵᠣᠣ ᠢᠦᠢ ᠵᠢᠩ ᠨᠠᠷ ᠴᠥᠮ ᠬᠦᠨᠳᠦᠳᠬᠡᠨ ᠵᠤᠵᠠᠭᠠᠨ ᠨᠥᠬᠥᠷᠯᠡᠭᠰᠡᠨ ᠢ᠋ ᠪᠠᠢᠲᠤᠭᠠᠢ ᠭᠤᠷᠪᠠᠨ ᠹᠦ ᠷᠧᠨ ᠳ᠋ᠦ᠍ᠷ ᠬᠦᠷᠲᠡᠯ᠎ᠡ ᠴᠥᠮ ᠲᠡᠭᠦᠨ ᠢ᠋ ᠥᠷᠥᠰᠢᠶᠡᠨ ᠬᠠᠢᠷᠠᠯᠠᠮᠤᠢ᠃
ᠨᠢᠭᠡᠨ ᠰᠠᠷ᠎ᠠ ᠲᠠᠢ ᠰᠥᠨᠢ ᠵᠢᠶᠧ ᠹᠧᠢ ᠨᠠᠷ ᠤ᠋ᠨ ᠳᠡᠷᠭᠡᠳᠡ ᠵᠣᠣ ᠢᠦᠢ ᠵᠣ᠌ ᠠᠮᠤᠷ ᠡᠷᠢᠷ᠎ᠡ ᠢᠷᠡᠭᠡᠳ ᠪᠠᠬᠠᠨ ᠣᠷᠣᠢ ᠪᠣᠯᠵᠤ ᠭᠠᠷᠴᠤ ᠢᠷᠠᠪᠠᠰᠤ ᠬᠦᠷᠢᠶ᠎ᠡ ᠳᠦᠭᠦᠷᠡᠩ ᠲᠤᠩᠭᠠᠯᠠᠭ ᠰᠠᠷᠠᠨ ᠴᠡᠴᠡᠭ ᠦ᠋ᠨ ᠰᠡᠭᠦᠳᠡᠷ ᠢ᠋ ᠦᠵᠡᠭᠡᠳ ᠬᠥᠪᠬᠡᠭᠰᠡᠨ ᠰᠡᠳᠬᠢᠯ ᠢ᠋ᠶ᠋ᠡᠨ ᠳᠠᠷᠤᠵᠤ ᠴᠢᠳᠠᠬᠤ ᠦᠭᠡᠢ ᠨᠢᠭᠡᠨ ᠪᠠᠳᠠᠭ ᠣᠯᠵᠤ ᠡᠢᠨ ᠤᠩᠰᠢᠷᠤᠨ ᠄
ᠰᠠᠷᠠᠨ ᠤ᠋ ᠭᠡᠷᠡᠯ ᠨᠠᠢᠷᠠᠮᠳᠠᠬᠤ ᠤᠶᠠᠬᠠᠨ ᠰᠥᠨᠢ
ᠰᠠᠢᠬᠠᠨ ᠴᠡᠴᠡᠭ ᠤᠢᠳᠬᠠᠷᠯᠠᠬᠤ ᠬᠠᠪᠤᠷ
ᠰᠠᠨᠠᠮᠠᠰᠠᠷ ᠦᠭᠡᠢ ᠵᠡᠭᠦᠨ ᠦ᠌ ᠰᠠᠯᠬᠢᠨ᠎ᠠ ᠥᠭᠦᠯᠡᠷᠦᠨ:
ᠰᠠᠨᠠᠭᠠᠨ ᠤ᠋ ᠬᠥᠮᠦᠨ ᠶᠠᠭᠤᠲᠠᠢ ᠨᠣᠢᠷ ᠦᠯᠡᠮᠵᠢ ! ᠭᠡᠮᠡᠨ ᠭᠠᠳᠠᠭᠰᠢ ᠶᠠᠪᠤᠬᠤᠢ ᠳ᠋ᠤᠷ ᠭᠡᠨᠡᠳᠲᠡ ᠬᠤᠯᠤᠰᠤᠨ ᠤ᠋ ᠰᠡᠭᠦᠳᠡᠷ ᠲᠦ᠍ᠷ ᠨᠢᠭᠡᠨ ᠬᠥᠮᠦᠨ ᠢᠷᠠᠭᠤ ᠳᠠᠭᠤᠨ ᠢ᠋ᠶ᠋ᠠᠷ ᠡᠢᠨ ᠬᠣᠯᠪᠣᠷᠤᠨ :
ᠰᠡᠷᠢᠭᠦᠨ ᠴᠡᠯᠡᠭᠡᠷ ᠨᠣᠮ ᠤ᠋ᠨ ᠭᠡᠷ ᠤᠢᠳᠬᠠᠷ ᠢ᠋ ᠦᠯᠦ ᠪᠠᠭᠲᠠᠭᠠᠨ
ᠰᠡᠭᠦᠳᠡᠷ ᠰᠠᠯᠬᠢᠨ᠎ᠠ ᠤᠶᠠᠬᠠᠨ ᠬᠠᠪᠤᠷ ᠢ᠋ ᠥᠩᠭᠡᠷᠡᠭᠡᠨᠡᠮ
ᠰᠡᠳᠬᠢᠯ ᠢ᠋ ᠮᠡᠳᠡᠭᠴᠢ ᠠᠶᠠᠯᠭᠤᠯᠬᠤ ᠰᠢᠯᠦᠭ ᠦ᠋ᠨ ᠵᠣᠴᠢᠨ
ᠰᠡᠭᠦᠷᠡᠰᠦ ᠠᠯᠳᠠᠬᠤ ᠰᠠᠷᠠᠨ ᠳᠣᠲᠣᠷᠠᠬᠢ ᠬᠥᠮᠦᠨ ᠢ᠋ ᠦᠵᠡᠪᠡᠦ ᠬᠡᠮᠡᠪᠡ᠃
ᠰᠣᠨᠣᠰᠪᠠᠰᠤ ᠾᠦᠢ ᠡᠯ ᠦ᠋ᠨ ᠤᠷᠠᠨ ᠬᠣᠭᠣᠯᠠᠢ ᠵᠢᠷᠭᠢᠬᠦ ᠰᠢᠪᠠᠭᠤᠳ ᠤ᠋ᠨ ᠡᠬᠡᠰᠢᠭ ᠮᠡᠲᠦ ᠢᠷᠠᠭᠤ ᠃ ᠡᠨᠡᠬᠦ ᠰᠠᠷᠠᠭᠤᠯ ᠰᠥᠨᠢ ᠲᠡᠷᠡ ᠬᠤᠯᠤᠰᠤᠨ ᠤ᠋ ᠰᠡᠭᠦᠳᠡᠷ ᠲᠣᠷ ᠡᠯᠦᠢ ᠬᠤᠯᠤᠢ ᠢᠩᠭᠢᠵᠦ ᠵᠣᠭᠰᠣᠵᠤ ᠪᠠᠢᠭᠰᠠᠨ ᠠᠵᠢ᠃ ᠵᠣᠣ ᠢᠦᠢ ᠵᠣ᠌ ᠭᠦᠪᠦᠯᠵᠡᠭᠰᠡᠨ ᠰᠡᠳᠬᠢᠯ ᠢ᠋ᠶ᠋ᠡᠨ ᠳᠠᠷᠤᠵᠤ ᠴᠢᠳᠠᠬᠤ ᠦᠭᠡᠢ ᠪᠤᠴᠠᠬᠤᠢ ᠳ᠋ᠤᠷ ᠾᠦᠢ ᠡᠯ ᠬᠤᠯᠤᠰᠤ ᠶ᠋ᠢ ᠲᠦᠰᠢᠵᠦ ᠢᠨᠢᠶᠡᠮᠰᠦᠭᠯᠡᠨ ᠵᠣᠭᠰᠣᠮᠤᠢ ᠃ ᠵᠣᠣ ᠢᠦᠢ ᠵᠣ᠌ ᠪᠤᠴᠠᠵᠤ ᠲᠡᠭᠦᠨ ᠦ᠌ ᠭᠠᠷ ᠢ᠋ ᠢᠨᠤ ᠪᠠᠷᠢᠵᠤ ᠣᠢᠷᠠᠲᠤᠰᠤᠭᠠᠢ ᠬᠡᠮᠡᠪᠡᠰᠦ ᠾᠦᠢ ᠡᠯ ᠵᠠᠢᠯᠠᠵᠤ ᠵᠣᠭᠰᠣᠭᠠᠳ ᠥᠭᠦᠯᠡᠷᠦᠨ:《ᠲᠣᠭᠣᠰᠣᠲᠤ ᠶᠢᠷᠲᠢᠨᠴᠦ ᠶ᠋ᠢᠨ ᠡᠷ᠎ᠡ ᠡᠮᠡᠰ ᠥᠭᠬᠦ ᠪᠠ ᠠᠪᠬᠤᠢ ᠳ᠋ᠤᠷ ᠦᠯᠦ ᠢᠨᠠᠭᠯᠠᠬᠤ ᠠᠲᠠᠯ᠎ᠠ ᠂ ᠬᠥᠳᠡᠭᠡ ᠬᠡᠭᠡᠷ᠎ᠡ ᠶ᠋ᠢᠨ ᠥᠬᠢᠨ ᠪᠣᠮᠪᠣ ᠶ᠋ᠢ ᠨᠡᠩ ᠶᠠᠭᠤᠨ ᠥᠭᠦᠯᠡᠮᠦᠢ ᠃ ᠭᠦᠩᠽᠢ ᠲᠦᠷᠭᠡᠨ ᠣᠴᠢᠲᠤᠭᠠᠢ ᠂ ᠰᠢᠯᠦᠭᠯᠡᠯᠲᠦ ᠨᠣᠮ ᠳ᠋ᠤᠷ ᠥᠭᠦᠯᠡᠭᠰᠡᠨ ᠢᠨᠦ: 《ᠬᠥᠮᠦᠰ ᠦ᠋ᠨ ᠬᠣᠩᠰᠢᠶᠠᠷ ᠬᠡᠴᠡᠭᠦᠦ ᠬᠡᠮᠡᠯᠦᠭᠡ 》ᠬᠡᠮᠡᠬᠦᠢ ᠳ᠋ᠦ᠍ᠷ ᠦᠭᠡ ᠵᠥᠪ ᠲᠤᠯᠠ ᠵᠣᠣ ᠢᠦᠢ ᠵᠣ᠌ ᠮᠥᠨ ᠬᠡᠮᠡᠪᠡ ᠃ ᠭᠡᠪᠡᠴᠦ ᠡᠭᠦᠯᠡ ᠵᠤᠵᠠᠭᠠᠨ ᠵᠠᠮ ᠪᠠᠯᠠᠷᠬᠠᠢ ᠲᠢᠶᠠᠨ ᠲᠠᠢ ᠳ᠋ᠤᠷ ᠬᠦᠷᠴᠦ ᠡᠦ ᠱᠠᠨ ᠠᠭᠤᠯᠠ ᠶ᠋ᠢᠨ ᠡᠭᠦᠯᠡ ᠪᠣᠷᠣᠭᠠᠨ ᠤ᠋ ᠵᠡᠭᠦᠳᠦᠨ ᠡᠴᠡ ᠰᠡᠷᠢᠬᠦ ᠡᠴᠡ ᠡᠮᠦᠨ᠎ᠡ ᠬᠥᠭᠰᠢᠨ ᠪᠣᠮᠪᠣ ᠾᠦᠢ ᠶᠦᠨ ᠴᠢᠬᠢᠨ ᠭᠡᠷ ᠦ᠋ᠨ ᠶᠡᠨᠳᠡᠷ ᠲᠣᠷ ᠵᠣᠭᠰᠣᠵᠤ ᠶᠡᠬᠡ ᠳᠠᠭᠤᠨ ᠢ᠋ᠶ᠋ᠠᠷ :《ᠾᠦᠢ ᠡᠯ ᠬᠠᠮᠢᠭ᠎ᠠ ᠪᠣᠢ ? ᠶᠠᠭᠤᠨ ᠳ᠋ᠤᠷ ᠣᠳᠣ ᠪᠣᠯᠲᠠᠯ᠎ᠠ ᠵᠢᠭᠦᠷ ᠬᠠᠭᠠᠯᠭ᠎ᠠ ᠶ᠋ᠢ ᠬᠠᠭᠠᠬᠤ ᠦᠭᠡᠢ ᠪᠣᠢ ? 》 ᠭᠡᠮᠡᠨ ᠬᠢᠯᠢᠩᠯᠡᠨ ᠳᠠᠭᠤᠳᠠᠭᠰᠠᠨ ᠳ᠋ᠤᠷ ᠾᠦᠢ ᠡᠯ ᠲᠢᠶᠠᠨ ᠲᠠᠢ ᠶ᠋ᠢᠨ ᠵᠡᠭᠦᠳᠦᠨ ᠡᠴᠡ ᠪᠡᠨ ᠰᠣᠴᠢᠨ ᠰᠡᠷᠢᠵᠦ ᠠᠯᠴᠢᠭᠤᠷ ᠢ᠋ᠶ᠋ᠠᠨ ᠵᠠᠰᠠᠵᠤ ᠶᠠᠭᠠᠷᠠᠨ ᠭᠠᠷᠴᠤ ᠢᠷᠡᠭᠡᠳ:《ᠥᠭᠯᠢᠭᠡ ᠶ᠋ᠢᠨ ᠡᠵᠡᠳ ᠴᠠᠢ ᠬᠠᠢᠷᠠᠯᠠᠭᠰᠠᠨ ᠲᠤᠯᠠ ᠪᠠᠭ᠎ᠠ ᠰᠠᠭᠠᠲᠠᠪᠠ 》ᠭᠡᠮᠡᠨ ᠲᠦᠭᠰᠢᠭᠰᠡᠨ ᠵᠢᠷᠦᠬᠡ ᠪᠡᠨ ᠳᠠᠷᠤᠵᠤ ᠵᠢᠭᠦᠷ ᠡᠭᠦᠳᠡ ᠵᠦᠭ ᠶᠠᠪᠤᠬᠤᠢ ᠳ᠋ᠤᠷ ᠵᠣᠣ ᠢᠦᠢ ᠵᠣ᠌ ᠰᠡᠭᠦᠳᠡᠷ ᠡᠴᠡ ᠶᠠᠭᠠᠷᠠᠨ ᠭᠠᠷᠴᠤ ᠢᠷᠡᠭᠡᠳ ᠬᠣᠭᠣᠯᠠᠢ ᠵᠠᠰᠠᠵᠤ ᠰᠠᠶᠢ ᠪᠠᠷᠠᠭᠤᠨ ᠬᠦᠷᠢᠶᠡᠨ ᠡᠴᠡ ᠭᠠᠷᠴᠤ ᠢᠷᠡᠭᠰᠡᠨ ᠮᠡᠲᠦ ᠣᠪᠣᠷ ᠭᠠᠷᠭᠠᠨ: 《ᠨᠠᠮᠠᠶ᠋ᠢ ᠪᠠᠭ᠎ᠠ ᠬᠦᠯᠢᠶᠡᠭᠲᠦᠨ ! 》ᠭᠡᠮᠡᠨ ᠰᠡᠩᠳᠡ ᠮᠡᠩᠳᠡ ᠭᠠᠷᠴᠤ ᠣᠴᠢᠪᠠᠢ ᠃ ᠬᠥᠭᠰᠢᠨ ᠪᠣᠮᠪᠣ :《ᠥᠸᠧ ᠮᠢ ᠲᠦᠸᠧ ᠹᠥᠸᠸ !》ᠭᠡᠮᠡᠨ ᠪᠡᠶ᠎ᠡ ᠪᠡᠷ ᠾᠦᠢ ᠡᠯ ᠳ᠋ᠦ᠍ᠷ ᠬᠠᠨᠢ ᠪᠣᠯᠵᠤ ᠤᠨᠲᠠᠷᠠ ᠣᠴᠢᠪᠠ᠃
ᠡᠳᠦᠷ ᠰᠠᠷ᠎ᠠ ᠶ᠋ᠢᠨ ᠥᠩᠭᠡᠷᠡᠬᠦ ᠢᠨᠦ ᠥᠳᠥᠲᠦ ᠰᠤᠮᠤ ᠠ᠋ᠴᠠ ᠲᠦᠷᠭᠡᠨ ᠲᠤᠯᠠ ᠭᠣᠣ ᠶ᠋ᠢᠨ ᠶᠠᠩ ᠨᠠᠷ ᠢᠷᠡᠭᠰᠡᠭᠡᠷ ᠬᠡᠳᠦᠨ ᠰᠠᠷ᠎ᠠ ᠪᠣᠯᠪᠠ ᠃ ᠬᠥᠭᠰᠢᠨ ᠪᠣᠮᠪᠣ ᠡᠳᠡᠭᠡᠷ ᠥᠭᠯᠢᠭᠡ ᠶ᠋ᠢᠨ ᠡᠵᠡᠨ ᠦ᠌ ᠰᠢᠷ᠎ᠠ ᠴᠠᠭᠠᠨ ᠶᠠᠭᠤᠮᠠᠨ ᠳ᠋ᠤᠷ ᠲᠦᠰᠢᠵᠦ ᠢᠳᠡᠵᠦ ᠡᠮᠦᠰᠬᠦ ᠳᠤᠲᠠᠬᠤ ᠦᠭᠡᠢ ᠪᠣᠯᠤᠭᠰᠠᠨ ᠪᠥᠭᠡᠳ ᠰᠤᠷᠤᠭᠰᠠᠨ ᠡᠷᠳᠡᠮ ᠢ᠋ᠶ᠋ᠡᠨ ᠭᠠᠷᠭᠠᠬᠤ ᠭᠠᠵᠠᠷ ᠲᠠᠢ ᠪᠣᠯᠤᠭᠰᠠᠨ ᠳ᠋ᠠᠭᠠᠨ ᠪᠠᠶᠠᠷᠯᠠᠨ ᠳᠠᠭᠢᠭ᠍ᠰᠠᠨ ᠰᠢᠲᠦᠭᠡᠨ ᠦ᠌ ᠠᠪᠤᠷᠠᠯ ᠭᠡᠮᠡᠨ ᠴᠢᠳᠠᠬᠤ ᠶ᠋ᠢᠨ ᠬᠢᠷᠢ ᠪᠡᠷ ᠵᠢᠶᠧ ᠹᠧᠢ ᠨᠠᠷ ᠲᠤᠷ ᠨᠡᠢᠯᠡᠭᠦᠯᠦᠮᠦᠢ᠃
ᠡᠳᠡᠭᠡᠷ ᠡᠬᠡ ᠬᠡᠦᠬᠡᠨ ᠬᠡᠳᠦᠭᠦᠯᠡ ᠴᠡᠷᠢᠭ ᠲᠡᠢᠨ ᠦ᠌ ᠠᠶᠤᠯ ᠠ᠋ᠴᠠ ᠭᠡᠯᠳᠦᠷᠢᠭᠰᠡᠨ ᠪᠥᠭᠡᠳ ᠲᠦᠷ ᠴᠠᠭ ᠣᠷᠣᠨ ᠰᠠᠭᠤᠴᠠ ᠲᠠᠢ ᠪᠣᠯᠤᠭᠰᠠᠨ ᠠᠨᠤ ᠵᠠᠪᠰᠢᠶᠠᠨ ᠪᠣᠯᠪᠠᠴᠤ ᠡᠩ ᠦ᠋ᠨ ᠦᠭᠡᠨ ᠳ᠋ᠦ᠍ᠷ: 《ᠯᠢᠶᠠᠩ ᠶᠤᠸᠠᠨ ᠤ᠋ ᠭᠠᠵᠠᠢ ᠬᠡᠳᠦᠢ ᠰᠠᠢᠨ ᠬᠡᠮᠡᠪᠡᠴᠦ ᠤᠳᠠᠭᠠᠨ ᠰᠠᠭᠤᠬᠤ ᠣᠷᠣᠨ ᠪᠤᠰᠤ 》 ᠬᠡᠮᠡᠭᠰᠡᠨ ᠮᠡᠲᠦ 《ᠰᠡᠳᠬᠢᠭᠰᠡᠨ ᠢ ᠪᠦᠲᠦᠭᠡᠭᠴᠢ》ᠰᠦᠮ᠎ᠡ ᠳ᠋ᠦ᠍ᠷ ᠨᠠᠰᠤ ᠪᠠᠨ ᠥᠩᠭᠡᠷᠡᠵᠦ ᠦᠯᠦ ᠪᠣᠯᠬᠤ ᠲᠤᠯᠠ ᠡᠳᠡᠭᠡᠷ ᠬᠥᠮᠦᠰ ᠤᠰᠤᠨ ᠳ᠋ᠤᠷ ᠤᠷᠤᠰᠤᠭᠰᠠᠨ ᠬᠤᠪᠠᠬᠠᠢ ᠨᠠᠪᠴᠢ ᠡᠴᠦᠰ ᠲᠦ᠍ᠷ ᠬᠠᠮᠢᠭ᠎ᠠ ᠪᠣᠯᠬᠤ ᠶ᠋ᠢ ᠮᠡᠳᠡᠬᠦ ᠦᠭᠡᠢ ᠡᠴᠡ ᠵᠣᠪᠠᠯᠠᠩ ᠤ᠋ᠨ ᠤᠨᠢᠶᠠᠷ 《ᠰᠡᠳᠬᠢᠭᠰᠡᠨ ᠢ᠋ ᠪᠦᠲᠦᠭᠡᠭᠴᠢ 》ᠰᠦᠮ᠎ᠡ ᠶ᠋ᠢ ᠬᠦᠷᠢᠶᠡᠯᠡᠨ ᠡᠳᠦᠷ ᠢ ᠥᠩᠭᠡᠷᠡᠭᠡᠬᠦ ᠢᠨᠦ ᠣᠨ ᠮᠡᠲᠦ ᠰᠠᠨᠠᠭᠳᠠᠮᠤᠢ᠃
ᠲᠡᠳᠦᠢ ᠳ᠋ᠦ᠍ᠷ ᠭᠦᠶᠦᠭ ᠬᠠᠨ᠂ ᠥᠭᠡᠳᠡᠢ ᠬᠠᠭᠠᠨ ᠤ᠋ ᠵᠠᠷᠯᠢᠭ ᠢ᠋ ᠬᠦᠯᠢᠶᠡᠨ ᠥᠷᠥᠨ᠎ᠡ ᠵᠦᠭ ᠦ᠋ᠨ ᠠᠬᠠᠮᠠᠳ ᠴᠡᠷᠢᠭ ᠦ᠋ᠨ ᠠᠶᠠᠨ ᠤ᠋ ᠲᠡᠢᠨ ᠳ᠋ᠦ᠍ᠷ ᠮᠣᠷᠳᠠᠭᠰᠠᠨ ᠲᠤᠯᠠ ᠰᠢᠶᠠᠩ᠂ ᠬᠠᠨ ᠤ᠋ ᠭᠠᠵᠠᠷ ᠤ᠋ᠨ ᠴᠡᠷᠢᠭ ᠵᠠᠰᠠᠭ ᠤ᠋ᠨ ᠶᠠᠪᠤᠳᠠᠯ ᠢ᠋ ᠴᠥᠮ ᠸᠠᠩ ᠱᠢ ᠰᠢᠶᠠᠨ ᠳ᠋ᠤᠷ ᠲᠤᠰᠢᠶᠠᠵᠤᠬᠤᠢ᠃ ᠲᠡᠳᠦᠢ ᠳ᠋ᠦ᠍ᠷ ᠮᠣᠩᠭᠣᠯ ᠤ᠋ᠨ ᠵᠠᠩᠵᠤᠨ ᠴᠠᠭᠠᠨ ᠪᠠᠰᠠ ᠬᠡᠳᠦᠨ ᠤᠳᠠᠭ᠎ᠠ ᠳᠡᠢᠯᠦᠭᠳᠡᠭᠡᠳ ᠥᠰᠢᠶ᠎ᠡ ᠪᠡᠨ ᠠᠪᠰᠤᠭᠠᠢ ᠭᠡᠮᠡᠨ ᠴᠡᠷᠢᠭ ᠢ᠋ᠶ᠋ᠡᠨ ᠡᠭᠡᠭᠦᠯᠦᠨ ᠵᠧᠩᠵᠸᠦ ᠬᠣᠲᠠ ᠶ᠋ᠢ ᠪᠠᠢᠯᠳᠤᠪᠠᠰᠤ ᠵᠧᠩᠵᠧᠦ ᠶ᠋ᠢᠨ ᠬᠡᠷᠡᠭ ᠮᠡᠳᠡᠭᠴᠢ ᠴᠢᠶᠣᠤ ᠶᠦᠸᠧ ᠶ᠋ᠢᠨ ᠪᠡᠬᠢᠯᠡᠨ ᠰᠠᠬᠢᠬᠤ ᠠᠨᠤ ᠣᠨᠴᠠ ᠴᠢᠩᠭ᠎ᠠ ᠲᠤᠯᠠ ᠮᠥᠨ ᠠᠰᠢᠭ ᠣᠯᠤᠭᠰᠠᠨ ᠦᠭᠡᠢ ᠴᠡᠷᠢᠭ ᠤᠬᠤᠷᠢᠪᠠ᠃ ᠡᠨᠡ ᠴᠢᠮᠡᠭᠡ ᠥᠷᠲᠡᠭᠡ ᠳᠠᠮᠵᠢᠨ ᠮᠠᠰᠢ ᠲᠦᠷᠭᠡᠨ ᠬᠠᠭᠠᠨ ᠤ᠋ ᠬᠠᠪᠤᠷᠵᠢᠶ᠎ᠠ ᠵᠠᠵᠢ ᠶ᠋ᠢᠨ ᠴᠠᠭᠠᠨ ᠳ᠋ᠤᠷ ᠬᠦᠷᠴᠦ ᠢᠷᠡᠭᠰᠡᠨ ᠳ᠋ᠦ᠍ᠷ ᠥᠭᠡᠳᠡᠢ ᠬᠠᠭᠠᠨ ᠮᠠᠰᠢ ᠬᠡᠯᠢᠩᠯᠡᠨ ᠲᠠᠢᠰᠢ ᠳᠡᠰ ᠲᠣᠭᠣᠰ ᠬᠢᠭᠡᠳ ᠬᠡᠦᠬᠡᠨ ᠪᠥᠬᠡ ᠬᠠᠨ ᠳ᠋ᠤᠷ ᠵᠠᠷᠯᠢᠭ ᠥᠭᠴᠦ ᠰᠥᠩ ᠤᠯᠤᠰ ᠢ᠋ ᠪᠠᠢᠯᠳᠤᠵᠤ ᠪᠠᠬᠠᠨ ᠬᠠᠰᠢᠷᠭᠠᠭᠳᠤᠨ ᠬᠡᠮᠡᠭᠰᠡᠨ ᠲᠤᠯᠠ ᠵᠠᠷᠯᠢᠭ ᠬᠦᠷᠴᠦ ᠢᠷᠡᠮᠡᠭᠴᠡ ᠲᠡᠢᠰᠢ ᠳᠡᠰ ᠲᠣᠭᠣᠰ ᠤ᠋ᠨ ᠴᠡᠷᠢᠭ ᠽᠣᠤ ᠶᠠᠩ ᠵᠢᠶᠦ᠋ᠨ᠂ ᠳᠧ ᠠᠨ ᠹᠦ ᠳ᠋ᠦ᠍ᠷ ᠰᠢᠪᠲᠤᠯᠤᠨ ᠣᠷᠣᠭᠠᠳ ᠵᠢᠴᠢ ᠰᠦᠢ᠂ ᠵᠢᠩ ᠬᠣᠶᠠᠷ ᠵᠧᠦ ᠶ᠋ᠢ ᠪᠠᠰᠠ ᠳᠠᠭᠠᠭᠤᠯᠤᠨ ᠡᠵᠡᠯᠡᠪᠡ᠃ ᠬᠡᠦᠬᠡᠨ ᠪᠥᠬᠡ ᠬᠠᠨ ᠤ᠋ ᠴᠡᠷᠢᠭ ᠬᠤᠸᠠᠢ ᠰᠢ᠂ ᠴᠢ᠂ ᠱᠧᠦ᠂ ᠭᠤᠸᠠᠩ ᠵᠡᠷᠭᠡ ᠵᠧᠦ ᠵᠢᠶᠦ᠋ᠨ ᠢ᠋ ᠪᠠᠢᠯᠳᠤᠬᠤᠢ ᠳ᠋ᠤᠷ ᠡᠳᠡᠭᠡᠷ ᠬᠣᠲᠠ ᠶ᠋ᠢ ᠰᠠᠬᠢᠭᠰᠠᠨ ᠰᠥᠩ ᠦ᠋ᠨ ᠵᠠᠩᠵᠤᠨ ᠲᠦᠰᠢᠮᠡᠳ ᠴᠥᠮ ᠰᠠᠷᠨᠢᠨ ᠪᠤᠷᠤᠭᠤᠯᠠᠭᠰᠠᠨ ᠲᠤᠯᠠ ᠡᠳᠡᠭᠡᠷ ᠵᠧᠦ ᠵᠢᠶᠦ᠋ᠨ ᠦ᠌ ᠠᠮᠤ ᠬᠦᠨᠡᠰᠦ᠂ ᠵᠠᠷ ᠵᠡᠪᠰᠡᠭ ᠴᠥᠮ ᠮᠣᠩᠭᠣᠯ ᠳ᠋ᠤᠷ ᠠᠪᠲᠠᠪᠠ᠃ ᠬᠡᠦᠬᠡᠨ ᠪᠥᠬᠡ ᠬᠠᠨ ᠴᠡᠷᠢᠭ ᠢ᠋ᠶ᠋ᠡᠨ ᠠᠪᠴᠤ ᠭᠤᠸᠠᠩ ᠵᠧᠦ ᠶ᠋ᠢ ᠪᠠᠢᠯᠳᠤᠬᠤ ᠪᠠᠷ ᠮᠣᠷᠳᠠᠭᠰᠠᠨ ᠪᠥᠭᠡᠳ ᠲᠤᠷᠰᠢᠭᠤᠯ ᠤ᠋ᠨ ᠮᠣᠷᠢᠲᠠᠨ ᠢ᠋ᠶ᠋ᠠᠨ ᠰᠢᠨ ᠶᠠᠩ ᠠ᠋ᠴᠠ ᠭᠧ ᠹᠧᠢ ᠵᠦᠭ ᠶᠠᠪᠤᠭᠤᠯᠤᠨ ᠰᠦᠷ ᠲᠠᠯᠪᠢᠮᠤᠢ ᠃ ᠳᠡᠮᠡᠢ ᠤᠳᠠᠭᠰᠠᠨ ᠦᠭᠡᠢ ᠨᠢᠭᠡᠨᠲᠡ ᠬᠠᠯᠠᠭᠤᠨ ᠤ᠋ ᠴᠠᠭ ᠪᠣᠯᠤᠭᠰᠠᠨ ᠤ᠋ ᠳᠡᠭᠡᠷ᠎ᠡ ᠰᠥᠩ ᠤᠯᠤᠰ ᠤ᠋ᠨ ᠲᠤᠰᠠᠯᠠᠬᠤ ᠴᠡᠷᠢᠭ ᠪᠠᠰᠠ ᠬᠦᠷᠴᠦ ᠢᠷᠡᠭᠰᠡᠨ ᠲᠤᠯᠠ ᠮᠣᠩᠭᠣᠯ ᠤ᠋ᠨ ᠬᠣᠶᠠᠷ ᠵᠠᠮ ᠤ᠋ᠨ ᠴᠡᠷᠢᠭ ᠴᠥᠮ ᠪᠠᠢᠯᠳᠤᠬᠤ ᠪᠠᠨ ᠵᠣᠭᠰᠣᠵᠤ ᠴᠡᠷᠢᠭ ᠮᠣᠷᠢ ᠪᠠᠨ ᠠᠭᠤᠯᠠ ᠮᠥᠷᠡᠨ ᠢ᠋ ᠳᠠᠭᠠᠵᠤ ᠪᠠᠭᠤᠳᠠᠯᠯᠠᠭᠤᠯᠤᠨ ᠠᠮᠠᠷᠠᠭᠤᠯᠵᠤ ᠰᠡᠷᠢᠭᠦᠨ ᠤᠯᠠᠷᠢᠯ ᠢ ᠬᠦᠯᠢᠶᠡᠨ ᠰᠠᠭᠤᠪᠠᠢ᠃
ᠲᠡᠳᠦᠢ ᠳ᠋ᠦ᠍ᠷ᠂ ᠰᠥᠩ ᠤᠯᠤᠰ ᠤ᠋ᠨ ᠡᠵᠡᠨ ᠲᠦᠰᠢᠮᠡᠳ ᠪᠡᠶ᠎ᠡ ᠪᠡᠶ᠎ᠡ ᠪᠡᠨ ᠮᠡᠬᠡᠯᠡᠵᠦ ᠮᠣᠩᠭᠣᠯ ᠢ᠋ ᠲᠠᠢᠯᠪᠠ ᠭᠡᠮᠡᠨ ᠱᠠᠩ ᠬᠡᠰᠢᠭ ᠢ᠋ ᠶᠡᠬᠡᠳᠡ ᠬᠦᠷᠲᠡᠭᠡᠨ ᠬᠤᠷᠢᠮ ᠨᠠᠢᠷ ᠬᠢᠬᠦ ᠪᠡᠷ ᠦᠯᠦ ᠪᠠᠷᠠᠨ ᠵᠦᠩ ᠶᠤᠸᠠᠨ ᠤ᠋ ᠭᠠᠵᠠᠷ ᠢ᠋ ᠪᠤᠴᠠᠭᠠᠨ ᠠᠪᠬᠤ ᠴᠠᠭ ᠪᠣᠯᠪᠠ ᠭᠡᠮᠡᠨ ᠵᠣᠷᠢᠭ ᠣᠷᠣᠵᠤ ᠵᠠᠩᠵᠤᠨ ᠲᠦᠰᠢᠮᠡᠳ ᠢ᠋ᠶ᠋ᠡᠨ ᠲᠣᠬᠢᠷᠠᠭᠤᠯᠤᠨ ᠪᠠᠢᠯᠳᠤᠨ ᠰᠠᠬᠢᠬᠤ ᠪᠡᠯᠡᠳᠬᠡᠯ ᠬᠢᠵᠦ ᠴᠢᠶᠣᠤ ᠰᠢᠩ ᠵᠢᠶᠠ ᠶ᠋ᠢ ᠵᠡᠭᠦᠨ ᠭᠠᠷᠤᠨ ᠴᠧᠩᠰᠢᠶᠠᠩ ᠪᠥᠭᠡᠳ ᠱᠤ᠌ ᠮᠢ ᠶᠤᠸᠠᠨ ᠤ᠋ ᠬᠡᠷᠡᠭ ᠮᠡᠳᠡᠭᠴᠢ ᠪᠣᠯᠭᠠᠨ ᠵᠧᠩ ᠴᠢᠩ ᡁᠢ ᠶ᠋ᠢ ᠴᠡᠷᠢᠭ ᠦ᠋ᠨ ᠶᠠᠪᠤᠳᠠᠯ ᠤ᠋ᠨ ᠬᠦᠷᠢᠶᠡᠯᠡᠩ ᠦ᠋ᠨ ᠬᠡᠷᠡᠭ ᠮᠡᠳᠡᠭᠴᠢ ᡁᠢ ᠱᠤ᠌ ᠮᠢ ᠶᠤᠸᠠᠨ ᠰᠢ ᠲᠦᠰᠢᠮᠡᠯ ᠪᠥᠭᠡᠳ ᠲᠥᠷᠥ ᠶ᠋ᠢᠨ ᠶᠠᠪᠤᠳᠠᠯ ᠳ᠋ᠤᠷ ᠣᠷᠣᠯᠴᠠᠬᠤ ᠽᠠᠨ ᡁᠢ ᠵᠧᠩ ᠱᠢ ᠲᠦᠰᠢᠮᠡᠯ ᠡᠷᠭᠦᠮᠵᠢᠯᠡᠨ ᠵᠢᠴᠢ ᠵᠧᠦ ᠢᠩ ᠯᠦᠩ᠂ ᠯᠢ ᠽᠦᠩ ᠮᠢᠶᠠᠨ ᠨᠠᠷ ᠢ᠋ ᠲᠤᠰ ᠲᠤᠰ ᠲᠥᠷᠥ ᠶ᠋ᠢᠨ ᠶᠠᠪᠤᠳᠠᠯ ᠤ᠋ᠨ ᠰᠠᠢᠳ ᠪᠤᠶᠤ ᠴᠡᠷᠢᠭ ᠦ᠋ᠨ ᠶᠠᠪᠤᠳᠠᠯ ᠤ᠋ᠨ ᠲᠦᠰᠢᠮᠡᠯ ᠪᠣᠯᠭᠠᠨ ᠰᠢ ᠽᠦᠩ ᡁᠢ ᠂ ᠮᠧᠩ ᠬᠦᠩ᠂ ᠵᠣᠣ ᠺᠦᠢ ᠵᠡᠷᠭᠡ ᠰᠢᠯᠭᠠᠷᠠᠭᠰᠠᠨ ᠵᠠᠩᠵᠤᠨ ᠨᠤᠭᠤᠳ ᠢ᠋ᠶ᠋ᠠᠷ ᠰᠢᠶᠠᠩ ᠂ ᠬᠤᠸᠠᠢ ᠂ ᠧ ᠂ ᠬᠠᠨ ᠂ ᠱᠤ᠌ ᠵᠡᠷᠭᠡ ᠭᠠᠵᠠᠷ ᠤ᠋ᠨ ᠬᠠᠪᠴᠢᠯ ᠪᠣᠭᠣᠮᠲᠠ ᠴᠢᠬᠤᠯᠠ ᠬᠣᠲᠠ ᠪᠠᠯᠭᠠᠰᠤᠨ ᠢ᠋ ᠰᠠᠬᠢᠭᠤᠯᠤᠨ ᠰᠠᠭᠤᠯᠭᠠᠪᠠᠢ᠃
ᠲᠡᠳᠦᠢ ᠳ᠋ᠦ᠍ᠷ ᠥᠭᠡᠳᠡᠢ ᠬᠠᠭᠠᠨ ᠵᠠᠵᠢ ᠶ᠋ᠢᠨ ᠴᠠᠭᠠᠨ ᠳ᠋ᠤᠷ ᠬᠠᠪᠤᠷᠵᠢᠭᠠᠳ ᠰᠣᠯᠢᠨ ᠲᠠᠯ᠎ᠠ ᠳ᠋ᠤᠷ ᠰᠢᠨ᠎ᠡ ᠪᠠᠢᠭᠤᠯᠤᠭᠰᠠᠨ ᠰᠣᠯᠢᠨ ᠬᠣᠲᠠᠨ ᠤ᠋ ᠵᠠᠵᠢ ᠶ᠋ᠢᠨ ᠴᠠᠭᠠᠨ ᠣᠷᠳᠣᠨ ᠳ᠋ᠤᠷ ᠵᠤᠰᠠᠵᠤᠬᠤᠢ᠃ ᠨᠠᠮᠤᠷ ᠤ᠋ᠨ ᠡᠬᠢᠨ ᠳ᠋ᠦ᠍ᠷ ᠳᠠᠬᠢ ᠶ᠋ᠢᠨ ᠴᠦᠯ ᠢ᠋ ᠪᠦᠰᠡᠯᠡᠵᠦ ᠠᠪᠠᠯᠠᠭᠠᠳ ᠣᠯᠠᠨ ᠰᠠᠢᠳ ᠲᠦᠰᠢᠮᠡᠳ ᠵᠠᠩᠵᠤᠨ ᠴᠡᠷᠢᠭ ᠦ᠋ᠨ ᠬᠠᠮᠲᠤ ᠶᠡᠬᠡ ᠨᠠᠢᠷ ᠬᠢᠵᠦ ᠬᠠᠭᠠᠨ ᠰᠠᠩ ᠢ᠋ ᠨᠡᠭᠡᠭᠡᠵᠦ ᠡᠷᠬᠢᠮ ᠳᠣᠣᠷᠠᠲᠤ ᠭᠡᠮᠡᠨ ᠢᠯᠭᠠᠯ ᠦᠭᠡᠢ ᠬᠠᠨᠤᠮᠵᠢᠲᠠᠢ ᠱᠠᠩ ᠬᠡᠰᠢᠭ ᠬᠦᠷᠲᠡᠭᠡᠵᠦ ᠯᠦᠩ ᠲᠢᠩ ᠳ᠋ᠦ᠍ᠷ ᠮᠣᠷᠢᠯᠠᠨ ᠠᠷᠪᠠᠨ ᠨᠢᠭᠡᠨ ᠰᠠᠷ᠎ᠠ ᠳ᠋ᠤᠷ ᠰᠠᠶᠢ ᠬᠠᠷ᠎ᠠ ᠬᠣᠷᠢᠨ ᠤ᠋ ᠶᠡᠬᠡ ᠣᠷᠳᠣᠨ᠎ᠠ ᠪᠤᠴᠠᠪᠠ᠃
ᠥᠭᠡᠳᠡᠢ ᠬᠠᠭᠠᠨ ᠰᠠᠭᠤᠷᠢᠨ ᠢ᠋ ᠵᠠᠯᠭᠠᠮᠵᠢᠯᠠᠭᠰᠠᠨ ᠠ᠋ᠴᠠ ᠬᠣᠢᠰᠢ ᠲᠡᠢᠨ ᠪᠠᠢᠯᠳᠤᠭᠠᠨ ᠵᠦᠩ ᠶᠤᠸᠠᠨ ᠤ᠋ ᠭᠠᠵᠠᠷ ᠠ᠋ᠴᠠ ᠬᠣᠯᠠᠳᠠᠭᠰᠠᠨ ᠪᠥᠭᠡᠳ ᠠᠷᠠᠳ ᠢᠷᠭᠡᠳ ᠦ᠋ᠨ ᠭᠠᠢᠯᠢ ᠲᠠᠲᠠᠪᠤᠷᠢ ᠶ᠋ᠢ ᠬᠥᠩᠭᠡᠯᠡᠨ ᠡᠷᠬᠡ ᠰᠦᠷᠳᠡᠨ ᠢ᠋ ᠬᠢᠵᠠᠭᠠᠷᠯᠠᠨ ᠲᠠᠷᠢᠶᠠᠯᠠᠩ ᠬᠤᠳᠠᠯᠳᠤᠭ᠎ᠠ ᠶ᠋ᠢ ᠴᠢᠯᠥᠭᠡ ᠲᠡᠢ ᠪᠣᠯᠭᠠᠨ ᠨᠣᠶᠠᠳ ᠡᠷᠬᠡᠲᠡᠨ ᠠᠷᠠᠳ ᠠ᠋ᠴᠠ ᠰᠢᠭᠤᠳ ᠳᠤᠷ᠎ᠠ ᠪᠠᠷ ᠬᠤᠪᠢᠳᠠᠵᠤ ᠲᠠᠲᠠᠪᠤᠷᠢᠯᠠᠬᠤ ᠶ᠋ᠢ ᠴᠠᠭᠠᠵᠠᠯᠠᠭᠰᠠᠨ ᠲᠤᠯᠠ ᠠᠷᠠᠳ ᠢᠷᠭᠡᠳ ᠠᠵᠤ ᠲᠥᠷᠥᠬᠦ ᠳ᠋ᠡᠭᠡᠨ ᠬᠦᠴᠦ ᠲᠠᠯᠪᠢᠮᠤᠢ᠃ ᠨᠡᠩ ᠬᠤᠷ᠎ᠠ ᠪᠣᠷᠣᠭᠠᠨ ᠲᠡᠭᠰᠢ ᠳ᠋ᠦ᠍ᠷ ᠲᠠᠷᠢᠶ᠎ᠠ ᠲᠥᠮᠥᠰᠥ ᠡᠯᠪᠡᠭ ᠲᠥᠷᠥᠵᠦ ᠬᠤᠸᠠ ᠰᠢᠶᠠ ᠶ᠋ᠢᠨ ᠭᠠᠵᠠᠷ ᠬᠦᠷᠲᠡᠯ᠎ᠡ ᠠᠳᠤᠭᠤ ᠮᠠᠯ ᠰᠦᠷᠦᠭ ᠰᠦᠷᠦᠭ ᠂ ᠠᠶᠠᠨᠴᠢᠳ ᠲᠤᠷ ᠬᠣᠭᠣᠯᠠ ᠬᠦᠨᠡᠰᠦᠨ ᠦ᠌ ᠵᠣᠪᠠᠯᠠᠩ ᠦᠭᠡᠢ ᠪᠣᠯᠪᠠᠢ᠃ ᠲᠡᠳᠦᠢ ᠳ᠋ᠦ᠍ᠷ ᠮᠣᠩᠭᠣᠯ ᠤ᠋ᠨ ᠵᠡᠭᠦᠨ ᠭᠠᠷᠤᠨ ᠣᠢᠷᠠᠳ ᠠᠢᠮᠠᠭ ᠲᠤᠷ ᠴᠤᠤ ᠲᠠᠷᠬᠠᠵᠤ ᠠᠷᠪᠠᠨ ᠳᠣᠯᠣᠭᠠᠨ ᠨᠠᠰᠤᠨ ᠠ᠋ᠴᠠ ᠳᠡᠭᠡᠭᠰᠢ ᠥᠬᠢᠳ ᠢ᠋ ᠲᠡᠳᠡᠨ ᠠᠪᠴᠤ ᠬᠠᠷᠢ ᠤᠯᠤᠰ ᠲᠤᠷ ᠥᠭᠭᠦᠮᠦᠢ ᠭᠡᠮᠡᠨ ᠦᠢᠮᠡᠯᠳᠦᠵᠦ ᠥᠬᠢᠳ ᠢ᠋ᠶ᠋ᠡᠨ ᠲᠦᠷᠭᠡᠨ ᠭᠡᠷᠯᠡᠭᠦᠯᠬᠦ ᠭᠡᠵᠦ ᠬᠦᠷᠭᠡᠨ ᠪᠤᠯᠢᠶᠠᠯᠳᠤᠨ ᠬᠤᠷᠢᠮᠯᠠᠬᠤ ᠪᠣᠯᠤᠭᠰᠠᠨ ᠢ ᠣᠷᠳᠣᠨ ᠤ᠋ ᠰᠤᠯᠠ ᠬᠠᠲᠤᠨ ᠪᠠᠳᠮ᠎ᠠ ᠂ ᠬᠠᠭᠠᠨ ᠳ᠋ᠤᠷ ᠠᠢᠯᠠᠳᠬᠠᠭᠰᠠᠨ᠎ᠠ ᠬᠠᠭᠠᠨ ᠶᠡᠬᠡᠳᠡ ᠭᠢᠯᠢᠭᠯᠡᠨ ᠵᠡᠭᠦᠨ ᠭᠠᠷᠤᠨ ᠣᠢᠷᠠᠳ ᠠᠢᠮᠠᠭ ᠬᠡᠳᠦᠢᠪᠡᠷ ᠬᠠᠭᠠᠨ ᠤ᠋ ᠠᠪᠠᠭ᠎ᠠ ᠤᠳᠴᠢᠬᠢᠨ ᠤ᠋ ᠬᠠᠷᠢᠶᠠᠲᠤ ᠤᠯᠤᠰ ᠪᠣᠯᠪᠠᠴᠤ ᠰᠤᠯᠠ ᠲᠠᠯᠪᠢᠭᠰᠠᠨ ᠦᠭᠡᠢ ᠠᠷᠪᠠᠨ ᠳᠣᠯᠣᠭᠠᠨ ᠨᠠᠰᠤᠨ ᠠ᠋ᠴᠠ ᠳᠡᠭᠡᠭᠰᠢ ᠥᠬᠢᠳ ᠪᠠ ᠰᠢᠨ᠎ᠡ ᠭᠡᠷᠯᠡᠭᠰᠡᠨ ᠡᠮᠡᠭᠲᠡᠢᠴᠦᠳ ᠢ ᠴᠥᠮ ᠵᠠᠷᠯᠢᠭ ᠢ᠋ᠶ᠋ᠠᠷ ᠬᠣᠷᠢᠶᠠᠨ ᠠᠪᠴᠤ ᠴᠡᠷᠢᠭ ᠦ᠋ᠨ ᠠᠷᠠᠳ ᠲᠠᠭᠠᠨ ᠠᠯᠪᠠᠲᠠᠨ ᠥᠭᠪᠡ᠃ ᠡᠢᠮᠦ ᠡᠴᠡ ᠣᠢᠷᠠᠳ ᠠᠢᠮᠠᠭ ᠲᠤᠷ ᠨᠢᠳᠦ ᠦᠭᠡᠢ ᠬᠠᠷ᠎ᠠ ᠵᠣᠪᠠᠯᠠᠩ ᠪᠣᠯᠵᠤ ᠴᠡᠷᠢᠭ ᠬᠦᠷᠦᠭᠰᠡᠨ ᠭᠠᠵᠠᠷ ᠡᠴᠢᠭᠡ ᠡᠬᠡ ᠠᠬ᠎ᠠ ᠳᠡᠭᠦᠦ ᠥᠬᠢᠳ ᠬᠡᠦᠬᠡᠳ ᠬᠠᠷᠢᠯᠴᠠᠨ ᠲᠡᠪᠡᠷᠢᠯᠴᠡᠨ ᠤᠬᠢᠯᠠᠯᠳᠤᠵᠤ ᠰᠠᠯᠤᠨ ᠲᠦᠪᠡᠭᠳᠡᠬᠦ ᠦᠭᠡᠢ ᠭᠠᠰᠠᠯᠠᠩ ᠤ᠋ᠨ ᠳᠠᠭᠤᠨ ᠲᠡᠭᠷᠢ ᠨᠠᠷᠠᠨ ᠢ᠋ ᠭᠬᠢᠷᠳᠦᠭᠡᠵᠦ ᠦᠬᠦᠵᠦ ᠰᠥᠨᠥᠬᠦ ᠶᠠᠪᠤᠳᠠᠯ ᠡᠳᠦᠢ ᠲᠡᠳᠦᠢ ᠭᠠᠷᠴᠤ ᠨᠢᠭᠡᠨ ᠶᠡᠬᠡ ᠠᠢᠮᠠᠭ ᠬᠣᠭᠣᠰᠣᠷᠠᠬᠤ ᠰᠢᠬᠠᠪᠠ ᠃ ᠬᠡᠷᠡᠭ ᠥᠩᠭᠡᠷᠡᠭᠰᠡᠨ ᠦ᠌ ᠳᠠᠷᠠᠭ᠎ᠠ ᠥᠭᠡᠳᠡᠢ ᠬᠠᠭᠠᠨ ᠰᠠᠶᠢ ᠭᠡᠮᠰᠢᠵᠦ:《ᠨᠢᠭᠡᠨ ᠥᠴᠦᠬᠡᠨ ᠬᠥᠮᠦᠨ ᠦ᠌ ᠦᠭᠡᠨ ᠳ᠋ᠦ᠍ᠷ ᠣᠷᠣᠵᠤ ᠭᠡᠨᠡᠨ ᠤᠴᠢᠷ ᠦᠢᠯᠡᠳᠪᠡ 》ᠭᠡᠮᠡᠨ ᠪᠠᠳᠮ᠎ᠠ ᠶ᠋ᠢ ᠰᠢᠳᠬᠡᠰᠦᠭᠡᠢ ᠬᠡᠮᠡᠪᠡᠰᠦ ᠲᠡᠷᠢᠭᠦᠨ᠎ᠡ ᠬᠠᠲᠤᠨ ᠳ᠋ᠤᠷ ᠥᠮᠥᠭᠯᠡᠭᠳᠡᠵᠦ ᠥᠩᠭᠡᠷᠡᠪᠡ᠃
ᠤᠯᠤᠰ ᠳᠠᠶᠠᠭᠠᠷ ᠶᠠᠷᠢᠶ᠎ᠠ ᠬᠡᠯᠡᠯᠴᠡᠭᠡᠨ ᠪᠣᠯᠵᠤ ᠬᠥᠮᠦᠨ ᠦ᠌ ᠰᠡᠳᠬᠢᠯ ᠲᠣᠭᠲᠠᠭᠤᠨ ᠦᠭᠡᠢ ᠪᠦᠬᠦᠢ ᠳ᠋ᠦ᠍ᠷ ᠡᠮᠦᠨ᠎ᠡ ᠵᠦᠭ ᠠᠶᠠᠨ ᠲᠡᠢᠨ ᠳ᠋ᠦ᠍ᠷ ᠮᠣᠷᠳᠠᠭᠰᠠᠨ ᠬᠡᠳᠦᠨ ᠵᠠᠮ ᠤ᠋ᠨ ᠴᠡᠷᠢᠭ ᠦ᠋ᠨ ᠢᠯᠠᠯᠲᠠ ᠶ᠋ᠢᠨ ᠮᠡᠳᠡᠭᠡ ᠬᠦᠷᠴᠦ ᠢᠷᠡᠭᠰᠡᠨ ᠳ᠋ᠦ᠍ᠷ ᠬᠠᠭᠠᠨ ᠰᠠᠶᠢ ᠪᠠᠬᠠᠨ ᠪᠠᠶᠠᠷ ᠤ᠋ᠨ ᠴᠢᠷᠠᠢ ᠲᠠᠢ ᠪᠣᠯᠪᠠ᠃
ᠨᠢᠭᠡᠨᠲᠡ ᠰᠡᠷᠢᠭᠦᠨ ᠦ᠌ ᠤᠯᠠᠷᠢᠯ ᠬᠦᠷᠴᠦ ᠢᠷᠡᠭᠰᠡᠨ ᠳ᠋ᠦ᠍ᠷ ᠬᠡᠦᠬᠡᠨ ᠪᠥᠬᠡ ᠬᠠᠨ ᠂ ᠲᠠᠢᠰᠢ ᠳᠡᠰ ᠲᠣᠭᠣᠰ ᠨᠠᠷ ᠠᠮᠤᠷ ᠴᠡᠷᠢᠭ ᠢ᠋ᠶ᠋ᠡᠷ ᠰᠥᠩ ᠤᠯᠤᠰ ᠤ᠋ᠨ ᠭᠤᠸᠠᠩ ᠵᠧᠦ ᠬᠣᠲᠠ ᠶ᠋ᠢ ᠪᠦᠰᠡᠯᠡᠨ ᠬᠠᠷᠢᠶᠠᠲᠤ ᠵᠠᠩᠵᠤᠨ ᠵᠠᠩ ᠿᠦ᠍ ᠂ ᠭᠣᠩ ᠶᠠᠩ ᠺᠦᠢ ᠂ ᠰᠢ ᠲᠢᠶᠠᠨ ᠽᠧ ᠶ᠋ᠢᠨ ᠴᠡᠷᠢᠭ ᠢ᠋ᠶ᠋ᠡᠷ ᠰᠢᠷᠦᠭᠦᠨ ᠳᠠᠭᠠᠷᠢᠯᠲᠠ ᠬᠢᠯᠭᠡᠭᠰᠡᠨ ᠳ᠋ᠦ᠍ᠷ ᠬᠣᠲᠠ ᠶ᠋ᠢᠨ ᠨᠣᠶᠠᠨ ᠭᠠᠷᠴᠤ ᠢᠷᠡᠨ ᠳᠠᠭᠠᠪᠠ᠃ ᠲᠡᠢᠨ ᠬᠦ᠌ ᠴᠡᠷᠢᠭ ᠰᠠᠯᠭᠠᠨ ᠴᠢᠨ ᠵᠧᠦ ᠶ᠋ᠢ ᠪᠠᠢᠯᠳᠤᠵᠤ ᠰᠦᠢ ᠵᠧᠦ ᠬᠣᠲᠠ ᠶ᠋ᠢ ᠳᠠᠭᠠᠭᠤᠯᠤᠨ ᠠᠪᠴᠤ ᠴᠡᠷᠢᠭ ᠰᠢᠭᠤᠳ ᠬᠤᠸᠠᠩ ᠵᠧᠦ ᠶ᠋ᠢ ᠠᠪᠤᠷᠠ ᠮᠣᠷᠳᠠᠭᠰᠠᠨ ᠳ᠋ᠤᠷ ᠰᠥᠩ ᠤᠯᠤᠰ ᠤ᠋ᠨ ᠡᠵᠡᠨ ᠲᠦᠰᠢᠮᠡᠳ ᠰᠠᠶᠢ ᠶᠡᠬᠡᠯ᠎ᠡ ᠠᠶᠤᠯᠳᠤᠪᠠ᠃ ᠬᠡᠷᠪᠡ ᠬᠤᠸᠠᠩ ᠵᠧᠦ ᠠᠪᠲᠠᠪᠠᠰᠤ ᠰᠥᠩ ᠤᠯᠤᠰ ᠤ᠋ᠨ ᠯᠢᠨ ᠠᠨ ᠬᠣᠲᠠ ᠶᠠᠮᠠᠷ ᠴᠤ᠌ ᠬᠠᠯᠬᠠᠪᠴᠢ ᠦᠭᠡᠢ ᠪᠣᠯᠬᠤ ᠲᠤᠯᠠ ᠰᠡᠩᠳᠡ ᠮᠡᠩᠳᠡ ᠡᠯᠴᠢ ᠲᠣᠮᠢᠯᠠᠨ ᠠᠯᠪᠠ ᠪᠠᠷᠢᠵᠤ ᠡᠶᠡᠳᠡᠬᠦ ᠶ᠋ᠢ ᠭᠤᠶᠤᠵᠤᠬᠤᠢ᠃ ᠤᠭᠰᠠᠭ᠎ᠠ ᠶ᠋ᠢᠨ ᠸᠠᠩ ᠬᠡᠦᠬᠡᠨ ᠪᠥᠬᠡ ᠂ ᠲᠡᠢᠰᠢ ᠳᠡᠰ ᠲᠣᠭᠣᠰ ᠵᠥᠪᠳᠡᠭᠡᠳ ᠰᠥᠩ ᠢ᠋ ᠪᠠᠢᠯᠳᠤᠬᠤᠢ ᠳ᠋ᠤᠷ ᠶᠠᠭᠠᠷᠠᠬᠤ ᠬᠡᠷᠡᠭ ᠦᠭᠡᠢ ᠭᠡᠮᠡᠨ ᠪᠠᠢᠯᠳᠤᠬᠤ ᠶ᠋ᠢ ᠬᠣᠢᠰᠢᠯᠠᠵᠤ ᠡᠵᠡᠨ ᠦ᠌ ᠵᠠᠷᠯᠢᠭ ᠢ᠋ ᠬᠦᠯᠢᠶᠡᠨ ᠰᠠᠭᠤᠪᠠᠢ᠃
ᠥᠭᠦᠯᠡᠬᠦ ᠢᠨᠦ ᠬᠤᠸᠠᠩ ᠵᠧᠦ ᠶ᠋ᠢᠨ ᠣᠯᠠᠨ ᠴᠡᠷᠢᠭ ᠠᠷᠠᠳ ᠪᠠᠶᠠᠷᠯᠠᠵᠤ:《ᠪᠤᠷᠬᠠᠨ ᠲᠡᠭᠷᠢ ᠬᠤᠸᠠᠩ ᠵᠧᠦ ᠬᠣᠲᠠ ᠶ᠋ᠢᠨ ᠣᠯᠠᠨ ᠢ ᠢᠪᠡᠭᠡᠵᠦ ᠮᠣᠩᠭᠣᠯ ᠴᠡᠷᠢᠭ ᠦ᠋ᠨ ᠬᠣᠶᠠᠷ ᠤᠳᠠᠭ᠎ᠠ ᠶ᠋ᠢᠨ ᠠᠶᠤᠯ ᠠ᠋ᠴᠠ ᠬᠡᠯᠲᠦᠷᠢᠭᠦᠯᠪᠡ 》ᠭᠡᠮᠡᠨ ᠦᠬᠡᠷ ᠭᠠᠬᠠᠢ ᠠᠯᠠᠵᠤ ᠲᠡᠭᠷᠢ ᠳᠠᠭᠢᠮᠤᠢ᠃ ᠤᠴᠢᠷ ᠶᠠᠭᠤᠨ ᠬᠡᠮᠡᠪᠡᠰᠦ ᠵᠤᠨ ᠤ᠋ ᠡᠬᠢᠨ ᠳ᠋ᠦ᠍ᠷ ᠤᠭᠰᠠᠭ᠎ᠠ ᠶ᠋ᠢᠨ ᠸᠠᠩ ᠬᠡᠦᠬᠡᠨ ᠪᠥᠬᠡ ᠬᠤᠸᠠᠩ ᠵᠧᠦ ᠶ᠋ᠢ ᠪᠦᠰᠡᠯᠡᠨ ᠪᠠᠢᠯᠳᠤᠵᠤ ᠠᠪᠬᠤ ᠰᠢᠬᠠᠭᠰᠠᠨ ᠳ᠋ᠤᠷ ᠰᠥᠩ ᠤᠯᠤᠰ ᠤ᠋ᠨ ᠶᠡᠬᠡ ᠵᠠᠩᠵᠤᠨ ᠮᠧᠩ ᠬᠦᠩ ᠂ ᠵᠢᠶᠠᠩ ᠯᠢᠩ ᠦ᠋ᠨ ᠭᠠᠵᠠᠷ ᠠ᠋ᠴᠠ ᠶᠡᠬᠡ ᠴᠡᠷᠢᠭ ᠠᠪᠴᠤ ᠲᠤᠰᠠᠯᠠᠷ᠎ᠠ ᠢᠷᠡᠭᠰᠡᠨ ᠪᠥᠭᠡᠳ ᠬᠤᠷ᠎ᠠ ᠤᠰᠤᠨ ᠤ᠋ ᠴᠠᠭ ᠪᠣᠯᠵᠤ ᠴᠡᠷᠢᠭ ᠮᠣᠷᠢ ᠬᠡᠮᠨᠡᠬᠦ ᠲᠤᠯᠠ ᠪᠣᠳᠣᠪᠠᠰᠤ ᠬᠤᠸᠠᠩ ᠵᠧᠦ ᠶ᠋ᠢ ᠲᠦᠷ ᠠᠪᠴᠤ ᠦᠯᠦ ᠪᠣᠯᠤᠮᠤᠢ ᠭᠡᠮᠡᠨ ᠴᠡᠷᠢᠭ ᠤᠬᠤᠷᠢᠬᠤᠶᠠ ᠠᠶᠤᠯ ᠠ᠋ᠴᠠ ᠨᠢᠭᠡ ᠬᠡᠯᠲᠦᠷᠢᠭᠰᠡᠨ ᠪᠠ ᠡᠨᠡ ᠤᠳᠠᠭ᠎ᠠ ᠴᠡᠷᠢᠭ ᠤᠬᠤᠷᠢᠭᠰᠠᠨ ᠢ᠋ ᠥᠭᠦᠯᠡᠬᠦ ᠪᠣᠯᠠᠢ᠃
ᠲᠡᠳᠦᠢ ᠳ᠋ᠦ᠍ᠷ ᠰᠥᠩ ᠤᠯᠤᠰ ᠤ᠋ᠨ ᠡᠯᠴᠢ ᠡᠳᠦᠷ ᠰᠥᠨᠢ ᠦᠭᠡᠢ ᠶᠠᠭᠠᠷᠠᠤ ᠶᠠᠪᠤᠵᠤ ᠮᠣᠩᠭᠣᠯ ᠤ᠋ᠨ ᠨᠡᠢᠰᠯᠡᠯ ᠬᠠᠷ᠎ᠠ ᠬᠣᠷᠢᠨ ᠳ᠋ᠤ᠌ ᠬᠦᠷᠴᠦ ᠢᠷᠡᠭᠡᠳ ᠲᠦᠮᠡᠨ ᠠᠮᠤᠭᠤᠯᠠᠩᠲᠤ ᠤᠷᠲᠤᠨ᠎ᠠ ᠥᠭᠡᠳᠡᠢ ᠬᠠᠭᠠᠨ ᠳ᠋ᠤᠷ ᠪᠠᠷᠠᠭᠠᠯᠠᠰᠤᠭᠠᠢ ᠭᠡᠮᠡᠨ ᠡᠶᠡᠳᠡᠬᠦ ᠶ᠋ᠢ ᠭᠤᠶᠤᠬᠤ ᠤᠯᠤᠰ ᠤ᠋ᠨ ᠪᠢᠴᠢᠭ ᠢ᠋ᠶ᠋ᠡᠨ ᠳᠤᠮᠳᠠᠳᠤ ᠪᠢᠴᠢᠭ ᠦ᠋ᠨ ᠶᠠᠮᠤᠨ ᠳ᠋ᠤᠷ ᠲᠤᠰᠢᠶᠠᠨ ᠳᠠᠮᠵᠢᠭᠤᠯᠵᠤ ᠠᠢᠯᠠᠳᠬᠠᠭᠰᠠᠨ ᠳ᠋ᠤᠷ ᠬᠠᠭᠠᠨ ᠵᠠᠷᠯᠢᠭ ᠪᠣᠯᠤᠭᠰᠠᠨ ᠠᠨᠤ᠄ 《ᠮᠡᠬᠦᠰ ᠮᠢᠨᠦ ᠪᠡᠶ᠎ᠡ ᠰᠥᠩ ᠤᠯᠤᠰ ᠲᠤᠷ ᠴᠡᠷᠢᠭ ᠬᠡᠷᠡᠭᠯᠡᠭᠰᠡᠨ ᠢᠨᠤ ᠮᠥᠷᠡᠨ ᠦ᠌ ᠴᠢᠨᠠᠳᠤ ᠬᠡᠰᠡᠭ ᠭᠠᠵᠠᠷ ᠢ᠋ ᠠᠪᠬᠤ ᠰᠠᠨᠠᠭ᠎ᠠ ᠪᠤᠰᠤ ᠪᠣᠯᠠᠢ ᠃ ᠬᠠᠷᠢᠨ ᠰᠥᠩ ᠤᠯᠤᠰ ᠢ᠋ ᠬᠠᠭᠤᠴᠢᠨ ᠤᠯᠤᠰ ᠭᠡᠮᠡᠨ ᠬᠦᠷᠰᠢ ᠪᠣᠯᠭᠠᠵᠤ ᠬᠠᠮᠲᠤ ᠣᠷᠣᠰᠢᠰᠤᠭᠠᠢ ᠭᠡᠮᠡᠨ ᠬᠡᠳᠦ ᠬᠡᠳᠦᠨ ᠤᠳᠠᠭ᠎ᠠ ᠡᠯᠴᠢ ᠶᠠᠪᠤᠭᠤᠯᠤᠭᠰᠠᠨ ᠳ᠋ᠤᠷ ᠢᠯᠡᠭᠡᠭᠰᠡᠨ ᠡᠯᠴᠢ ᠶ᠋ᠢ ᠠᠯᠠᠬᠤ ᠪᠤᠶᠤ ᠬᠣᠷᠢᠵᠤ ᠵᠣᠪᠠᠭᠠᠬᠤ ᠪᠠᠷ ᠦᠯᠦ ᠪᠠᠷᠠᠨ ᠪᠠᠰᠠ ᠶᠡᠬᠡ ᠴᠡᠷᠢᠭ ᠶᠠᠪᠤᠭᠤᠯᠵᠤ ᠬᠢᠯᠢ ᠬᠢᠵᠠᠭᠠᠷ ᠢ᠋ ᠬᠠᠯᠳᠠᠵᠤ ᠠᠷᠠᠳ ᠢᠷᠭᠡᠳ ᠢ᠋ ᠠᠮᠤᠷ ᠠᠵᠤ ᠲᠥᠷᠥᠭᠦᠯᠬᠦ ᠦᠭᠡᠢ ᠃ ᠨᠡᠩ ᠬᠢᠷᠢ ᠪᠡᠨ ᠮᠡᠳᠡᠬᠦ ᠦᠭᠡᠢ ᠪᠡᠷ ᠵᠦᠩ ᠶᠤᠸᠠᠨ ᠤ᠋ ᠭᠠᠵᠠᠷ ᠢ᠋ ᠠᠪᠤᠮᠤᠢ ᠭᠡᠮᠡᠨ ᠰᠤᠯᠠ ᠰᠠᠭᠤᠬᠤ ᠦᠭᠡᠢ ᠲᠤᠯᠠ ᠨᠢᠭᠡᠮᠦᠰᠦᠨ ᠰᠥᠨᠥᠭᠡᠵᠦ ᠣᠷᠬᠢᠭᠠᠳ ᠠᠮᠤᠷ ᠲᠦᠪᠰᠢᠨ ᠪᠣᠯᠭᠠᠲᠤᠭᠠᠢ ᠬᠡᠮᠡᠭᠰᠡᠨ ᠪᠣᠢ ᠶᠠ᠃ ᠡᠳᠦᠭᠡ ᠰᠥᠩ ᠤᠯᠤᠰ ᠨᠢᠭᠡᠨᠲᠡ ᠭᠡᠮᠰᠢᠵᠦ ᠤᠤᠯ ᠤ᠋ᠨ ᠠᠯᠲᠠᠨ ᠤᠯᠤᠰ ᠲᠤᠷ ᠪᠠᠷᠢᠵᠤ ᠪᠠᠢᠭᠰᠠᠨ ᠶᠣᠰᠣᠭᠠᠷ ᠪᠠᠷᠢᠵᠤ ᠡᠶᠡᠳᠡᠬᠦ ᠶ᠋ᠢ ᠭᠤᠶᠤᠭᠰᠠᠨ ᠲᠤᠯᠠ ᠲᠦᠷ ᠴᠡᠷᠢᠭ ᠲᠠᠲᠠᠵᠤ ᠪᠠᠢᠯᠳᠤᠬᠤ ᠶ᠋ᠢ ᠬᠣᠢᠰᠢᠯᠠᠰᠤᠭᠠᠢ᠃ ᠭᠡᠷ᠎ᠡ ᠪᠡᠨ ᠳᠠᠬᠢᠨ ᠡᠪᠳᠡᠪᠡᠰᠦ ᠣᠳᠣ ᠦᠯᠦ ᠥᠷᠥᠰᠢᠶᠡᠮᠦᠢ ᠃ ᠡᠯᠴᠢ ᠶ᠋ᠢ ᠪᠤᠴᠠᠭᠠᠭᠲᠤᠨ ᠨᠠᠳᠤᠷ ᠪᠠᠷᠠᠭᠠᠯᠠᠭᠤᠯᠬᠤ ᠬᠡᠷᠡᠭ ᠶᠠᠭᠤᠨ 》 ᠬᠡᠮᠡᠪᠡᠢ᠃
ᠰᠥᠩ ᠤᠯᠤᠰ ᠤ᠋ᠨ ᠡᠯᠴᠢ ᠬᠠᠭᠠᠨ ᠳ᠋ᠤᠷ ᠪᠠᠷᠠᠭᠠᠯᠠᠵᠤ ᠡᠰᠡ ᠴᠢᠳᠠᠭᠰᠠᠨ ᠪᠣᠯᠪᠠᠴᠤ ᠬᠡᠷᠡᠭ ᠶᠠᠪᠤᠳᠠᠯ ᠰᠡᠳᠬᠢᠯᠴᠢᠯᠡᠨ ᠪᠦᠲᠦᠭᠰᠡᠨ ᠲᠤᠯᠠ ᠪᠠᠭᠤᠴᠠ ᠶ᠋ᠢᠨ ᠲᠦᠰᠢᠮᠡᠯ ᠳ᠋ᠦ᠍ᠷ ᠲᠠᠯ᠎ᠠ ᠥᠭᠴᠦ ᠰᠡᠩᠳᠡ ᠮᠡᠩᠳᠡ ᠬᠠᠭᠠᠨ ᠤ᠋ ᠪᠠᠨ ᠵᠠᠷᠯᠢᠭ ᠢ᠋ ᠬᠠᠷᠢᠭᠤᠯᠬᠤ ᠪᠠᠷ ᠪᠤᠴᠠᠵᠤᠬᠤᠢ᠃ ᠮᠣᠩᠭᠣᠯ ᠴᠡᠷᠢᠭ ᠬᠠᠭᠠᠨ ᠤ᠋ ᠵᠠᠷᠯᠢᠭ ᠢ᠋ᠶ᠋ᠠᠷ ᠲᠠᠲᠠᠭᠰᠠᠨ ᠲᠤᠯᠠ ᠪᠠᠷᠠᠭᠤᠨ ᠵᠠᠮ ᠤ᠋ᠨ ᠸᠠᠩ ᠱᠢ ᠰᠢᠶᠠᠨ ᠤ᠋ ᠴᠡᠷᠢᠭ ᠴᠦ᠍ ᠲᠠᠲᠠᠵᠤᠬᠤᠢ᠃ ᠪᠠᠭ᠎ᠠ ᠵᠠᠩᠵᠤᠨ ᠸᠠᠩ ᠢᠦᠢ ᠵᠧᠨ ᠴᠦ᠍ ᠡᠴᠢᠭᠡ ᠪᠡᠨ ᠳᠠᠭᠠᠵᠤ ᠪᠤᠴᠠᠬᠤ ᠪᠣᠯᠪᠠ᠃ ᠱᠤ᠌ ᠭᠠᠵᠠᠷ ᠵᠣᠪᠠᠯᠠᠩ ᠲᠣᠬᠢᠶᠠᠯᠳᠤᠭᠰᠠᠨ᠂ ᠭᠣᠣ ᠶ᠋ᠢᠨ ᠶᠠᠩ ᠰᠢᠶᠣᠤ ᠵᠢᠶᠧ ᠳ᠋ᠦ᠍ᠷ ᠤᠴᠠᠷᠠᠭᠰᠠᠨ ᠠ᠋ᠴᠠ ᠠᠩᠬ᠎ᠠ ᠲᠥᠷᠥᠯ ᠦ᠋ᠨ ᠲᠠᠨᠢᠯ ᠮᠡᠲᠦ ᠲᠠᠭᠠᠯᠠᠮᠵᠢᠯᠠᠭᠠᠳ ᠪᠦᠰᠡ ᠶ᠋ᠢᠨ ᠲᠣᠯᠢ ᠪᠠᠨ ᠬᠠᠭ᠎ᠠ ᠴᠠᠪᠴᠢᠵᠤ ᠨᠠᠰᠤᠨ ᠤ᠋ ᠪᠠᠷᠢᠯᠳᠤᠯᠭ᠎ᠠ ᠶ᠋ᠢᠨ ᠪᠠᠲᠤ ᠡᠳ᠋ ᠪᠣᠯᠭᠠᠨ ᠥᠭᠴᠦ ᠨᠠᠰᠤᠨ ᠤ᠋ ᠪᠠᠨ ᠬᠠᠨᠢ ᠶ᠋ᠢ ᠣᠯᠪᠠᠢ ᠭᠡᠮᠡᠨ ᠪᠠᠶᠠᠷᠯᠠᠭᠰᠠᠨ ᠶᠠᠪᠤᠳᠠᠯ ᠡᠳᠦᠭᠡ ᠴᠥᠮ ᠬᠣᠭᠣᠰᠣᠨ ᠪᠣᠯᠤᠭᠰᠠᠨ ᠲᠤᠯᠠ ᠮᠠᠰᠢ ᠤᠶᠠᠷᠠᠯᠲᠠᠢ ᠪᠠᠷᠠᠭᠤᠭ᠍ᠰᠢ ᠬᠠᠨᠳᠤᠵᠤ ᠰᠡᠭᠦᠷᠡᠰᠦ ᠠᠯᠳᠠᠮᠤᠢ᠃ ᠣᠳᠣ ᠱᠤ᠌ ᠭᠠᠵᠠᠷ ᠠ᠋ᠴᠠ ᠨᠡᠩ ᠬᠣᠯᠠᠳᠠᠵᠤ ᠶᠠᠪᠤᠬᠤ ᠲᠤᠯᠠ ᠦᠨᠡᠬᠡᠷ ᠦᠬᠡᠷᠴᠢᠨ ᠬᠥᠪᠡᠭᠦᠨ ᠲᠡᠭᠷᠢ ᠶ᠋ᠢᠨ ᠳᠠᠭᠢᠨᠢ ᠯᠤᠭ᠎ᠠ ᠶᠠᠪᠤᠬᠤ ᠳᠣᠳᠣᠮ ᠬᠣᠯᠠᠳᠠᠬᠤ ᠪᠣᠯᠪᠠᠢ᠃ 《ᠰᠡᠳᠬᠢᠭᠰᠡᠨ ᠢ᠋ ᠪᠦᠲᠦᠭᠡᠭᠴᠢ 》ᠰᠦᠮ᠎ᠡ ᠳ᠋ᠦ᠍ᠷ ᠠᠬᠤ ᠭᠣᠣ ᠶ᠋ᠢᠨ ᠶᠠᠩ ᠨᠠᠷ ᠡᠨᠡ ᠪᠠᠢᠳᠠᠯ ᠢ᠋ ᠬᠡᠷᠬᠢᠨ ᠮᠡᠳᠡᠬᠦ ᠠᠵᠢ᠂ ᠭᠣᠮᠤᠳᠠᠯᠲᠤ ᠥᠬᠢᠳ ᠬᠥᠪᠡᠭᠦᠳ ᠦ᠋ᠨ ᠤᠴᠠᠷᠠᠯ ᠢ᠋ ᠲᠦᠷ ᠣᠷᠬᠢᠵᠤ ᠬᠠᠭᠠᠨ ᠤ᠋ ᠵᠠᠷᠯᠢᠭ ᠢ᠋ᠶ᠋ᠠᠷ ᠥᠷᠥᠨ᠎ᠡ ᠵᠦᠭ ᠠᠶᠠᠯᠠᠭᠰᠠᠨ ᠬᠡᠳᠦᠨ ᠵᠠᠮ ᠤ᠋ᠨ ᠴᠡᠷᠢᠭ ᠦ᠋ᠨ ᠳᠠᠢᠯᠠᠭᠰᠠᠨ ᠲᠤᠬᠠᠢ ᠵᠠᠯᠭᠠᠵᠤ ᠪᠢᠴᠢᠬᠦ ᠶ᠋ᠢ ᠳᠣᠣᠷᠠᠲᠤ ᠪᠦᠯᠦᠭ ᠲᠣᠷ ᠦᠵᠡᠲᠦᠭᠡᠢ᠃
ᠰᠤᠯᠠ ᠰᠢᠯᠦᠭ
ᠰᠤᠳᠤᠷᠴᠢ ᠲᠦᠰᠢᠮᠡᠯ ᠲᠠᠨ ᠤ᠋ ᠨᠣᠢᠷ ᠴᠢᠨᠦ ᠠᠮᠲᠠᠲᠠᠢᠬᠠᠨ ᠤᠤ
ᠭᠣᠣᠯ ᠳ᠋ᠤᠷ ᠤᠷᠤᠰᠬᠠᠭᠰᠠᠨ ᠾᠧ ᠽᠢ ᠳ᠋ᠧᠩ ᠰᠥᠨᠥᠭᠡᠳ ᠵᠠᠷᠤᠴᠠ ᠴᠢᠨᠦ ᠬᠡᠳᠦᠢᠨᠡᠢ ᠢᠷᠡᠪᠡᠢ
ᠭᠣᠮᠤᠳᠠᠯᠲᠤ ᠰᠡᠳᠬᠢᠯᠭᠡ ᠶ᠋ᠢᠨ ᠣᠯᠠᠨ ᠤᠴᠠᠷᠠᠯ ᠢ᠋ ᠤᠶᠠᠩᠭᠠᠲᠤ ᠪᠢᠷ ᠴᠢᠨᠦ ᠪᠠᠰᠠ ᠲᠡᠭᠦᠰᠬᠡᠭᠡᠳᠦᠢ
ᠭᠤᠷᠪᠠ ᠲᠠᠪᠤᠨ ᠬᠤᠨᠳᠠᠭ᠎ᠠ ᠬᠥᠮᠦᠨ ᠦ᠌ ᠶᠢᠷᠲᠢᠨᠴᠦ ᠶ᠋ᠢᠨ ᠭᠠᠰᠢᠭᠤᠨ ᠠᠷᠢᠬᠢ ᠶ᠋ᠢ ᠠᠮᠰᠠᠭᠠᠳ
ᠭᠣᠶᠣᠬᠠᠨ ᠬᠣᠲᠠ ᠢ ᠵᠧᠦ ᠶ᠋ᠢᠨ ᠬᠤᠤᠱᠠᠩ ᠤ᠋ᠨ ᠰᠦᠮ᠎ᠡ ᠳ᠋ᠦ᠍ᠷ ᠨᠣᠢᠷ ᠴᠢᠨᠦ ᠠᠮᠲᠠᠲᠠᠢᠬᠠᠨ ᠤᠤ ⁈
