ᠬᠥᠬᠡ ᠵᠤᠯᠠ – ᠪᠣᠷᠵᠢᠭᠢᠨ ᠸᠠᠩᠵᠠᠯ - < ᠶᠢᠰᠦ ᠂ ᠮᠣᠷᠢ ᠤᠷᠤᠯᠳᠤᠬᠤ ᠵᠢᠷᠤᠮ ᠤᠨ ᠪᠦᠯᠦᠭ 2 > Хөх зул – Боржигон Ванжал –" Ес᠂ Морь уралдах журмын бүлэг 2 "
ᠶᠢᠰᠦ ᠂ ᠮᠣᠷᠢ ᠤᠷᠤᠯᠳᠤᠬᠤ ᠵᠢᠷᠤᠮ ᠤᠨ ᠪᠦᠯᠦᠭ 2
ᠮᠣᠷᠢᠨ ᠤ᠋ ᠴᠣᠯᠠ ᠳᠠᠭᠤᠳᠠᠬᠤ ( ᠢᠷᠦᠭᠡᠵᠦ ᠬᠡᠯᠡᠬᠦ ) ᠭᠡᠭᠴᠢ ᠠᠷᠠᠳ ᠤ᠋ᠨ ᠠᠮᠠᠨ ᠨᠠᠢᠷᠠᠭ ᠲᠤᠯᠠ ᠣᠯᠠᠨ ᠰᠠᠢᠬᠠᠨ ᠵᠦᠢᠯ ᠪᠠᠢᠳᠠᠭ ᠃ ᠲᠡᠭᠦᠨ ᠡᠴᠡ ᠡᠨᠳᠡ ᠬᠡᠳᠦ ᠶ᠋ᠢ ᠲᠡᠮᠳᠡᠭᠯᠡᠪᠡᠯ ᠄
ᠥᠨᠢᠷ ᠪᠠᠶᠠᠯᠢᠭ ᠥᠪᠥᠷ ᠮᠣᠩᠭᠣᠯ ᠤ᠋ᠨ ×× ᠠᠢᠮᠠᠭ ᠤ᠋ᠨ ×× ᠰᠤᠮᠤᠨ ᠤ᠋ ×× ᠭᠠᠴᠠᠭᠠᠨ ᠤ᠋ ᠠᠷᠠᠳ ×× ᠤ ᠥᠨᠢᠷ ᠰᠦᠷᠦᠭ ᠦ᠋ᠨ ᠭᠡᠭᠦᠨ ᠤ ᠤᠨᠠᠭ᠎ᠠ ᠃
ᠬᠠᠨ ᠳᠡᠯᠡᠬᠡᠢ ᠪᠠᠭᠲᠠᠰᠢ ᠦᠭᠡᠢ ᠬᠠᠮᠤᠭ ᠰᠦᠷᠦᠭ ᠦ᠋ᠨ ᠲᠡᠷᠢᠭᠦᠨ᠂
ᠬᠠᠮᠤᠭ ᠠᠮᠢᠲᠠᠨ ᠤ᠋ ᠬᠠᠨᠤᠰᠢ ᠦᠭᠡᠢ ᠪᠠᠶᠠᠷ ᠴᠡᠩᠭᠡᠯ ᠦ᠋ᠨ ᠮᠠᠩᠯᠠᠢ᠂
ᠲᠠᠯ᠎ᠠ ᠶ᠋ᠢᠨ ᠴᠠᠭᠠᠨ᠎ᠠ ᠠ᠋ᠴᠠ ᠳᠠᠪᠬᠢᠭᠠᠳ ᠢᠷᠡᠳᠡᠭ᠂
ᠳᠡᠰ ᠪᠦᠷᠭᠦᠳ ᠰᠢᠭ ᠱᠤᠩᠭᠤᠭᠠᠳ ᠢᠷᠡᠳᠡᠭ᠂
ᠲᠠᠪᠤᠨ ᠵᠠᠭᠤ ᠠ᠋ᠴᠠ ᠲᠠᠰᠤᠷᠠᠭᠠᠳ ᠢᠷᠡᠳᠡᠭ᠂
ᠲᠠᠯᠠᠪᠠᠢ ᠶ᠋ᠢᠨ ᠣᠯᠠᠨ ᠢ ᠪᠠᠶᠠᠰᠬᠠᠭᠠᠳ ᠢᠷᠡᠳᠡᠭ᠃
ᠬᠠᠩᠭᠠᠢ ᠶ᠋ᠢᠨ ᠴᠠᠭᠠᠨ᠎ᠠ ᠠ᠋ᠴᠠ ᠬᠠᠷᠠᠢᠭᠠᠳ ᠢᠷᠡᠳᠡᠭ᠂
ᠬᠠᠷᠪᠤᠭᠰᠠᠨ ᠰᠤᠮᠤ ᠰᠢᠭ᠋ ᠰᠤᠮᠤᠳᠠᠭᠠᠳ ᠢᠷᠡᠳᠡᠭ᠂
ᠬᠠᠮᠤᠭ ᠮᠣᠷᠢᠳ ᠠ᠋ᠴᠠ ᠰᠤᠭᠤᠷᠠᠭᠠᠳ ᠢᠷᠡᠳᠡᠭ᠂
ᠬᠠᠷᠠᠭᠰᠠᠨ ᠪᠦᠬᠦᠨ ᠢ ᠪᠠᠶᠠᠰᠬᠠᠭᠠᠳ ᠢᠷᠡᠳᠡᠭ᠂
ᠲᠦᠮᠡᠨ ᠠᠭᠲᠠ ᠶ᠋ᠢᠨ ᠲᠦᠷᠦᠭᠦᠨ ᠳ᠋ᠦ᠍
ᠲᠦᠳᠡᠯ ᠦᠭᠡᠢ ᠬᠤᠷᠳᠤᠯᠠᠳᠠᠭ ᠃
《ᠲᠦᠮᠡᠨ ᠤ ᠡᠬᠡ 》ᠨᠡᠷ᠎ᠡ ᠶ᠋ᠢ
ᠤᠳᠠᠯ ᠦᠭᠡᠢ ᠣᠯᠳᠠᠭ ᠃
ᠮᠢᠩᠭᠠᠨ ᠠᠭᠲᠠ ᠶ᠋ᠢᠨ ᠲᠦᠷᠦᠭᠦᠨ ᠳ᠋ᠦ᠍
ᠮᠢᠨᠳᠠᠷᠠᠯ ᠦᠭᠡᠢ ᠬᠤᠷᠳᠤᠯᠠᠳᠠᠭ ᠂
ᠮᠠᠩᠯᠠᠢ ᠠᠭᠲᠠ ᠶ᠋ᠢᠨ ᠴᠣᠯᠠ ᠶ᠋ᠢ
ᠮᠥᠳᠬᠡᠨ ᠳᠠᠷᠤᠢ ᠣᠯᠳᠠᠭ ᠃
ᠵᠠᠭᠠᠨ᠎ᠠ ᠶ᠋ᠢᠨ ᠳᠥᠷᠪᠡᠨ ᠰᠣᠶᠣᠭᠠᠲᠠᠢ ᠂
ᠵᠠᠭᠠᠮᠠᠯ ᠵᠢᠷᠭᠤᠭᠠᠨ ᠬᠦᠵᠦᠭᠦᠳᠡᠢ ᠂
ᠵᠠᠩᠭᠢᠷᠤᠭᠰᠠᠨ ᠴᠢᠩᠭ᠎ᠠ ᠪᠤᠯᠴᠢᠩᠲᠠᠢ ᠂
ᠵᠠᠩᠭᠢᠳᠤᠭᠰᠠᠨ ᠡᠷᠴᠢ ᠰᠢᠷᠪᠥᠰᠥᠲᠡᠢ ᠃
ᠲᠥᠭᠡ ᠥᠨᠳᠥᠷ ᠴᠢᠬᠢᠲᠡᠢ ᠂
ᠲᠥᠭᠥᠷᠢᠭ ᠬᠠᠷ᠎ᠠ ᠨᠢᠳᠦᠲᠡᠢ ᠂
ᠲᠦᠮᠡᠨ ᠥᠯᠵᠡᠢ ᠡᠷᠭᠢᠭᠦᠯᠭᠡᠲᠡᠢ ᠂
ᠲᠦᠷᠦᠭᠦᠯᠡᠵᠦ ᠭᠠᠷᠬᠤ ᠣᠳᠣᠲᠠᠢ ᠃
ᠲᠣᠮᠣ ᠨᠢᠮᠭᠡᠨ ᠬᠠᠮᠠᠷᠳᠠᠢ ᠂
ᠲᠠᠤᠯᠠᠢ ᠰᠠᠢᠬᠠᠨ ᠵᠤ᠋ ᠲᠠᠢ ᠂
ᠲᠤᠷᠤᠭ ᠰᠠᠢᠬᠠᠨ ᠪᠡᠶᠡᠲᠡᠢ ᠂
ᠲᠤᠭ ᠰᠠᠢᠬᠠᠨ ᠳᠡᠯᠳᠡᠢ᠃
ᠰᠢᠪᠠᠭᠤᠨ ᠡᠪᠴᠢᠭᠦᠳᠡᠢ ᠂
ᠰᠦᠪᠡᠭᠴᠢᠨ ᠰᠡᠭᠦᠯᠲᠡᠢ ᠂
ᠨᠥᠭᠳᠦᠭᠡᠷ ᠬᠠᠷᠭᠠᠮᠲᠠᠢ ᠂
ᠨᠣᠬᠠᠢ ᠪᠣᠷᠪᠢᠲᠠᠢ ᠃
ᠢᠳᠡᠲᠦ ᠳᠥᠷᠪᠡᠨ ᠲᠤᠭᠤᠷᠠᠢᠲᠠᠢ ᠂
ᠡᠷᠴᠢᠮᠲᠦ ᠳᠥᠷᠪᠡᠨ ᠭᠦᠯᠳᠡᠢ ᠂
ᠡᠯ᠎ᠡ ᠰᠢᠨᠵᠢᠯᠡᠭᠡ ᠪᠦᠷᠢᠨ ᠂
ᠡᠷᠬᠡᠪᠰᠢ ᠲᠦᠷᠦᠭᠦᠯᠡᠬᠦ ᠣᠳᠣᠲᠠᠢ᠃
ᠳᠠᠭᠠᠷᠢᠵᠤ ᠢᠷᠡᠭᠰᠡᠨ ᠳᠠᠶᠠᠩ ᠤ᠋ᠨ ᠬᠥᠯᠭᠡ ᠂
ᠳᠠᠪᠬᠢᠵᠤ ᠭᠠᠷᠤᠭᠰᠠᠨ ᠬᠠᠩᠭᠠᠢ ᠶ᠋ᠢᠨ ᠪᠤᠭᠤ ᠂
ᠰᠤᠮᠤᠳᠠᠵᠤ ᠢᠷᠡᠭᠰᠡᠨ ᠣᠳᠣᠨ ᠰᠣᠯᠢᠷ ᠂
ᠰᠤᠭᠤᠷᠠᠵᠤ ᠭᠠᠷᠤᠭᠰᠠᠨ ᠲᠠᠯ᠎ᠠ ᠶ᠋ᠢᠨ ᠳᠠᠬᠢ ᠃
ᠲᠦᠮᠡᠨ ᠤ ᠳᠤᠷᠠᠳᠬᠠᠯ
ᠳᠠᠶᠠᠩ ᠤ᠋ᠨ ᠭᠠᠢᠬᠠᠮᠰᠢᠭ
ᠪᠤᠮᠠᠨ ᠤ᠋ ᠱᠠᠭᠰᠢᠯ
ᠪᠦᠭᠦᠳᠡ ᠶ᠋ᠢᠨ ᠪᠠᠶᠠᠰᠤᠯ
ᠠᠭᠲᠠ ᠶ᠋ᠢᠨ ᠲᠦᠷᠦᠭᠦᠦ
ᠠᠷᠭᠤᠮᠠᠭ ᠤ᠋ᠨ ᠮᠠᠩᠯᠠᠢ ᠬᠥᠯᠭᠡ ᠂
ᠡᠨᠡ ᠨᠠᠭᠠᠳᠤᠮ ᠤ᠋ᠨ ᠡᠮᠦᠨ᠎ᠡ ᠡᠷᠬᠢᠮ ᠴᠣᠯᠠ ᠶ᠋ᠢ
ᠳᠠᠶᠠᠭᠠᠷ ᠲᠤ᠌ ᠳᠠᠭᠤᠷᠢᠰᠤᠭᠤᠯᠤᠭᠰᠠᠨ ᠂
ᠢᠷᠡᠬᠦ ᠨᠠᠭᠠᠳᠤᠮ ᠤ᠋ᠨ ᠡᠮᠦᠨ᠎ᠡ ᠥᠭᠭᠦ ᠴᠣᠯᠠ ᠶ᠋ᠢ
ᠤᠷᠢᠳ ᠠ᠋ᠴᠠ ᠲᠡᠮᠳᠡᠭᠯᠡᠭᠦᠯᠦᠭᠰᠡᠨ ᠃
ᠥᠨᠢᠷ ᠣᠯᠠᠨ ᠢᠵᠢᠯᠢ ᠳ᠋ᠡᠭᠡᠨ
ᠬᠤᠷᠳᠤ ᠪᠠᠨ ᠳᠡᠯᠭᠡᠷᠡᠭᠦᠯᠦᠭᠰᠡᠨ ᠂
ᠥᠪᠡᠷ ᠦ᠋ᠨ ᠲᠤᠰ ᠡᠵᠡᠨ ᠳ᠋ᠡᠭᠡᠨ
ᠪᠠᠶᠠᠰᠤᠯ ᠠᠪᠴᠢᠷᠠᠭᠰᠠᠨ ᠂
ᠥᠨᠢ ᠪᠠᠲᠤ ᠲᠥᠷᠥ ᠳ᠋ᠡᠭᠡᠨ
ᠴᠢᠮᠡᠭ ᠨᠢ ᠪᠣᠯᠤᠭᠰᠠᠨ ᠂
ᠥᠷᠭᠡᠨ ᠣᠯᠠᠨ ᠮᠠᠯᠴᠢᠳ ᠲᠠᠭᠠᠨ
ᠴᠡᠩᠭᠡᠯ ᠠᠪᠴᠢᠷᠠᠭᠰᠠᠨ ᠃
ᠮᠠᠭᠲᠠᠵᠤ ᠪᠠᠷᠠᠰᠢ ᠦᠭᠡᠢ ᠡᠷᠳᠡᠮᠲᠡᠢ
ᠮᠠᠩᠯᠠᠢᠯᠠᠵᠤ ᠪᠠᠷᠠᠰᠢ ᠦᠭᠡᠢ ᠭᠦᠶᠦᠳᠡᠯᠲᠡᠢ
ᠮᠢᠩᠭᠠᠨ ᠰᠢᠨᠵᠢᠯᠡᠭᠡ ᠶ᠋ᠢ ᠲᠡᠭᠦᠰ ᠪᠦᠷᠢᠳᠬᠡᠭᠰᠡᠨ
ᠮᠥᠩᠬᠡ ᠠᠮᠤᠭᠤᠯᠠᠩ
ᠡᠩᠬᠡ ᠵᠢᠷᠭᠠᠯᠠᠩ
ᠲᠦᠮᠡᠨ ᠤ ᠡᠬᠡ ᠂
ᠲᠦᠷᠭᠡᠨ ᠴᠠᠬᠢᠯᠭᠠᠨ
ᠲᠣᠳᠣ ᠮᠠᠩᠨᠠᠢ ᠬᠥᠯᠭᠡ ᠡᠨᠡ ᠪᠢᠯᠡ ! ᠭᠡᠵᠦ ᠴᠣᠯᠠᠯᠠᠨᠠ᠃
