ᠴᠢᠴᠠᠷᠭᠠᠨ᠎ᠠ ᠶ᠋ᠢᠨ ᠭᠠᠢᠬᠠᠮᠰᠢᠭЧацарганын гайхамшиг ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠴᠠᠷᠭᠠᠨ᠎ᠠ ᠶ᠋ᠢᠨ ᠭᠠᠢᠬᠠᠮᠰᠢᠭЧацарганын гайхамшиг

ᠴᠢᠴᠠᠷᠭᠠᠨ᠎ᠠ ᠶ᠋ᠢᠨ ᠭᠠᠢᠬᠠᠮᠰᠢᠭЧацарганын гайхамшиг

2024-01-04

1272

ᠴᠢᠴᠠᠷᠭᠠᠨ᠎ᠠ ᠶ᠋ᠢᠨ ᠭᠠᠢᠬᠠᠮᠰᠢᠭ

ᠴᠢᠴᠠᠷᠭᠠᠨ᠎ᠠ ᠶ᠋ᠢᠨ ᠠᠷᠪᠠᠨ ᠲᠣᠮᠣ ᠳᠡᠯᠡᠬᠡᠢ ᠶ᠋ᠢᠨ ᠮᠠᠩᠯᠠᠢ
1. ᠴᠢᠴᠠᠷᠭᠠᠨ᠎ᠠ ᠨᠢ ᠭᠠᠩ ᠬᠠᠭᠤᠷᠠᠢ᠂ ᠬᠠᠯᠠᠭᠤᠨ ᠬᠦᠢᠲᠡᠨ᠂ ᠲᠠᠴᠢᠷ ᠳᠠᠭᠠᠭᠠᠮᠠᠭᠠᠢ ᠲᠡᠰᠪᠦᠷᠢᠲᠡᠢ ᠤᠷᠭᠤᠳᠠᠭ ᠢ᠋ᠶ᠋ᠠᠷ ᠢ᠋ᠶ᠋ᠠᠨ ᠳᠡᠯᠡᠬᠡᠢ ᠶ᠋ᠢᠨ ᠮᠠᠩᠯᠠᠢ ᠳ᠋ᠤ᠌ ᠠᠯᠳᠠᠷᠰᠢᠵᠠᠢ᠃
2. ᠴᠢᠴᠠᠷᠭᠠᠨ᠎ᠠ ᠪᠣᠯ ᠴᠣᠷᠢ ᠶ᠋ᠢᠨ ᠭᠠᠭᠴᠠ《ᠳᠡᠯᠡᠬᠡᠢ ᠶ᠋ᠢᠨ ᠪᠥᠮᠪᠥᠷᠴᠡᠭ ᠦ᠋ᠨ ᠥᠮᠡᠨ》 ᠬᠡᠮᠡᠭᠳᠡᠭᠰᠡᠨ ᠡᠯᠡᠰᠦ ᠬᠠᠢᠷ ᠴᠢᠯᠠᠭᠤᠯᠢᠭ ᠭᠠᠵᠠᠷ ᠤᠷᠭᠤᠵᠤ ᠳᠡᠢᠯᠬᠦ ᠤᠷᠭᠤᠮᠠᠯ ᠮᠥᠨ᠃
3. ᠳᠡᠭᠡᠳᠦ ᠲᠩᠷᠢ ᠡᠴᠡ ᠴᠢᠴᠠᠷᠭᠠᠨ᠎ᠠ ᠳ᠋ᠤ᠌ ᠰᠣᠶᠣᠷᠬᠠᠭᠰᠠᠨ ᠣᠯᠠᠨ ᠵᠦᠢᠯ ᠦ᠋ᠨ ᠢᠳᠡᠪᠬᠢ ᠪᠣᠳᠠᠰ ᠨᠢ ᠬᠥᠮᠦᠨ ᠦ᠌ ᠪᠡᠶ᠎ᠡ ᠶ᠋ᠢᠨ ᠬᠡᠷᠡᠭᠴᠡᠭᠡ ᠱᠠᠭᠠᠷᠳᠠᠯᠭ᠎ᠠ ᠲᠠᠢ ᠶᠠᠭ ᠵᠣᠬᠢᠴᠠᠵᠤ ᠪᠠᠢᠳᠠᠭ ᠨᠢ ᠬᠠᠮᠤᠭ ᠤ᠋ᠨ ᠡᠷᠬᠢᠮ ᠨᠠᠨᠳᠢᠨ ᠵᠦᠢᠯ ᠪᠣᠯᠤᠨ᠎ᠠ᠃
4. ᠴᠢᠴᠠᠷᠭᠠᠨ᠎ᠠ ᠳ᠋ᠤ᠌428 ᠲᠥᠷᠥᠯ ᠦ᠋ᠨ ᠰᠢᠮ᠎ᠡ ᠲᠡᠵᠢᠭᠡᠯᠲᠦ ᠪᠣᠳᠠᠰ ᠪᠠ ᠢᠳᠡᠪᠬᠢ ᠪᠦᠷᠢᠯᠳᠦᠬᠦᠨ ᠠᠭᠤᠯᠤᠭᠳᠠᠵᠤ᠂ ᠳᠡᠯᠡᠬᠡᠢ ᠶ᠋ᠢᠨ ᠵᠢᠮᠢᠰ ᠦ᠋ᠨ ᠮᠠᠩᠯᠠᠢ ᠪᠠᠷ ᠠᠯᠳᠠᠷᠰᠢᠵᠠᠢ᠃
5. ᠴᠢᠴᠠᠷᠭᠠᠨ᠎ᠠ ᠨᠢ ᠡᠯᠪᠡᠭ ᠳᠡᠯᠪᠡᠭ ᠸᠢᠲ᠋ᠠᠮᠢᠨ ᠤ᠋ ᠠᠭᠤᠯᠤᠭᠳᠠᠴᠠ ᠲᠠᠢ᠂ ᠨᠡᠩ ᠴᠦ᠍《ᠸᠢᠲ᠋ᠠᠮᠢᠨC ᠶ᠋ᠢᠨ ᠸᠠᠩ》᠂ ᠵᠢᠮᠢᠰ ᠨᠣᠭᠣᠭᠠᠨ ᠤ᠋ ᠮᠠᠩᠯᠠᠢ ᠪᠠᠷ ᠨᠡᠷᠡᠯᠡᠭᠳᠡᠳᠡᠭ᠃
6. ᠴᠢᠴᠠᠷᠭᠠᠨ᠎ᠠ ᠨᠢ ᠰᠠᠯᠬᠢ ᠶ᠋ᠢ ᠰᠡᠷᠭᠡᠢᠯᠡᠵᠦ ᠡᠯᠡᠰᠦ ᠶ᠋ᠢ ᠲᠣᠭᠲᠠᠪᠤᠷᠢᠵᠢᠭᠤᠯᠤᠨ᠂ ᠤᠰᠤ ᠰᠢᠷᠣᠢ ᠶ᠋ᠢᠨ ᠤᠷᠤᠰᠬᠠᠯ ᠢ᠋ ᠬᠣᠷᠢᠭᠯᠠᠵᠤ᠂ ᠠᠭᠤᠷ ᠠᠮᠢᠰᠬᠤᠯ ᠢ᠋ ᠰᠠᠢᠵᠢᠷᠠᠭᠤᠯᠤᠨ᠂ ᠡᠬᠡ ᠪᠠᠢᠭᠠᠯᠢ ᠶ᠋ᠢ ᠬᠠᠮᠠᠭᠠᠯᠠᠳᠠᠭ ᠢ᠋ᠶ᠋ᠠᠷ ᠢ᠋ᠶ᠋ᠠᠨ ᠪᠤᠰᠤᠳ ᠵᠦᠢᠯ ᠦ᠋ᠨ ᠤᠷᠭᠤᠮᠠᠯ ᠢ᠋ᠶ᠋ᠠᠷ ᠣᠷᠣᠯᠠᠭᠳᠠᠰᠢ ᠦᠭᠡᠢ ᠪᠠᠢᠳᠠᠭ᠃
7. ᠳᠤᠮᠳᠠᠳᠤ ᠤᠯᠤᠰ ᠪᠠ ᠳᠡᠯᠡᠬᠡᠢ ᠳ᠋ᠦ᠍ ᠴᠣᠷᠢ ᠶ᠋ᠢᠨ ᠭᠠᠭᠴᠠ ᠤᠷᠭᠤᠮᠠᠯ ᠤ᠋ᠨ ᠨᠡᠷ᠎ᠡ ᠪᠡᠷ ᠨᠡᠷᠡᠯᠡᠭᠳᠡᠭᠰᠡᠨ 《ᠣᠯᠠᠨ ᠤᠯᠤᠰ ᠤ᠋ᠨ ᠴᠢᠴᠠᠷᠭᠠᠨ᠎ᠠ ᠶ᠋ᠢᠨ ᠨᠡᠢᠭᠡᠮᠯᠢᠭ》 ᠡᠭᠦᠰᠬᠡᠨ ᠪᠠᠢᠭᠤᠯᠤᠭᠳᠠᠵᠤ᠂ ᠴᠢᠴᠠᠷᠭᠠᠨ᠎ᠠ ᠪᠠᠷ ᠬᠣᠶᠠᠳᠤᠭᠠᠷ ᠲᠠᠷᠢᠶᠠᠯᠠᠩ ᠦᠢᠯᠡᠰ ᠢ᠋ ᠪᠠᠢᠭᠤᠯᠤᠭᠰᠠᠨ ᠦᠯᠢᠭᠡᠷ ᠵᠢᠱ᠌ᠢᠶ᠎ᠡ ᠲᠡᠢ᠃
8. ᠴᠢᠴᠠᠷᠭᠠᠨ᠎ᠠ ᠪᠣᠯ ᠣᠳᠣᠬᠠᠨ ᠤ᠋ ᠳᠡᠯᠡᠬᠡᠢ ᠶ᠋ᠢᠨ ᠡᠷᠳᠡᠮ ᠰᠢᠨᠵᠢᠯᠡᠭᠡᠨ ᠦ᠌ ᠬᠢᠨ ᠳ᠋ᠦ᠍ ᠮᠡᠳᠡᠷᠡᠭᠳᠡᠭᠰᠡᠨ ᠠᠵᠤ ᠠᠬᠤᠢ ᠶ᠋ᠢᠨ ᠦᠷ᠎ᠡ ᠠᠰᠢᠭ᠂ ᠠᠮᠢ ᠠᠬᠤᠢ ᠶ᠋ᠢᠨ ᠦᠷ᠎ᠡ ᠠᠰᠢᠭ ᠪᠠ ᠨᠡᠢᠭᠡᠮ ᠦ᠋ᠨ ᠦᠷ᠎ᠡ ᠠᠰᠢᠭ ᠢ᠋ ᠨᠢᠭᠡᠨ ᠪᠡᠶ᠎ᠡ ᠳ᠋ᠡᠭᠡᠨ ᠲᠡᠭᠦᠯᠳᠡᠷ ᠰᠠᠢᠬᠠᠨ ᠪᠦᠷᠢᠯᠳᠦᠭᠦᠯᠦᠭᠰᠡᠨ ᠲᠠᠷᠢᠮᠠᠯ ᠪᠣᠯᠵᠤ ᠳᠡᠯᠡᠬᠡᠢ ᠶ᠋ᠢᠨ ᠮᠠᠩᠯᠠᠢ ᠳ᠋ᠤ᠌ ᠠᠯᠳᠠᠷᠰᠢᠵᠠᠢ᠃
9. ᠴᠢᠴᠠᠷᠭᠠᠨ᠎ᠠ ᠨᠢ《ᠶᠢᠷᠲᠢᠨᠴᠦ ᠶ᠋ᠢᠨ ᠲᠡᠭᠦᠰ ᠰᠠᠢᠬᠠᠨ ᠤᠷᠭᠤᠮᠠᠯ》᠂《ᠳᠡᠯᠡᠬᠡᠢ ᠶ᠋ᠢᠨ ᠪᠥᠮᠪᠥᠷᠴᠡᠭ ᠦ᠋ᠨ ᠠᠮᠢ ᠠᠬᠤᠢ ᠶ᠋ᠢᠨ ᠮᠣᠳᠣ》᠂《ᠬᠥᠮᠦᠨ ᠲᠥᠷᠥᠯᠬᠢᠲᠡᠨ ᠦ᠌ ᠡᠷᠡᠭᠦᠯ ᠡᠩᠬᠡ ᠶ᠋ᠢᠨ ᠮᠣᠳᠣ》 ᠪᠠᠷ ᠨᠡᠷᠡᠯᠡᠭᠳᠡᠵᠦ᠂ ᠦᠨᠳᠦᠰᠦ᠂ ᠡᠰᠢ᠂ ᠨᠠᠪᠴᠢ᠂ ᠬᠤᠸᠠᠷ᠂ ᠵᠢᠮᠢᠰ ᠪᠠ ᠦᠷ᠎ᠡ ᠨᠢ ᠢᠳᠡᠭᠡᠨ ᠤᠮᠳᠠᠭᠠᠨ ᠤ᠋ ᠡᠮᠲᠦ ᠪᠣᠳᠠᠰ ᠤ᠋ᠨ ᠬᠦᠷᠢᠶ᠎ᠡ ᠬᠡᠪᠴᠢᠶᠡᠨ ᠳ᠋ᠦ᠍ ᠥᠷᠭᠡᠨ ᠢ᠋ᠶ᠋ᠡᠷ ᠬᠡᠷᠡᠭᠯᠡᠭᠳᠡᠵᠦ ᠪᠠᠢᠭ᠎ᠠ ᠬᠣᠶᠠᠳᠠᠮᠠᠯ ᠬᠡᠷᠡᠭᠴᠡᠭᠡᠲᠦ ᠤᠷᠭᠤᠮᠠᠯ ᠮᠥᠨ᠃
10. ᠤᠯᠤᠰ ᠤ᠋ᠨ ᠡᠮ ᠡᠮᠨᠡᠯᠭᠡ ᠶ᠋ᠢᠨ ᠡᠷᠳᠡᠮᠲᠡᠳ ᠪᠠ ᠰᠢᠮ᠎ᠡ ᠲᠡᠵᠢᠭᠡᠯ ᠦ᠋ᠨ ᠡᠷᠳᠡᠮᠲᠡᠳ ᠴᠢᠴᠠᠷᠭᠠᠨ᠎ᠠ ᠶ᠋ᠢ ᠰᠢᠮ᠎ᠡ ᠲᠡᠵᠢᠭᠡᠯ ᠡᠷᠡᠭᠦᠯᠵᠢᠯ ᠵᠢᠴᠢ ᠡᠮ ᠢᠳᠡᠭᠡᠨ ᠢᠵᠢᠯ ᠭᠠᠷᠤᠯᠲᠠ ᠲᠠᠢ ᠬᠠᠮᠤᠭ ᠤ᠋ᠨ ᠶᠡᠬᠡ ᠬᠥᠭᠵᠢᠯᠲᠡ ᠶ᠋ᠢᠨ ᠲᠥᠰᠥᠪ ᠲᠡᠢ ᠤᠷᠭᠤᠮᠠᠯ ᠢ᠋ᠶ᠋ᠠᠷ ᠦᠨᠡᠯᠡᠵᠦ᠂ ᠵᠢᠷᠦᠬᠡ ᠲᠠᠷᠢᠬᠢ ᠴᠢᠰᠤᠨ ᠰᠤᠳᠠᠯ ᠤ᠋ᠨ ᠡᠪᠡᠳᠴᠢᠨ ᠂ ᠬᠣᠣᠷᠲᠤ ᠬᠠᠪᠤᠳᠠᠷ᠂ ᠰᠢᠬᠢᠷ ᠰᠢᠵᠢᠩ ᠡᠪᠡᠳᠴᠢᠨ᠂ ᠡᠯᠢᠭᠡᠨ ᠡᠪᠡᠳᠴᠢᠨ᠂ ᠪᠥᠭᠡᠷ᠎ᠡ ᠶ᠋ᠢᠨ ᠡᠪᠡᠳᠴᠢᠨ᠂ ᠡᠯ᠎ᠡ ᠲᠥᠷᠥᠯ ᠦ᠋ᠨ ᠦᠷᠪᠢᠰᠦᠯ ᠵᠢᠴᠢ ᠠᠷᠠᠰᠤᠨ ᠤ᠋ ᠰᠢᠷᠠᠭᠳᠤᠯ ᠭᠡᠮᠲᠦᠯ ᠵᠡᠷᠭᠡ ᠶ᠋ᠢ ᠤᠷᠢᠳᠴᠢᠯᠠᠨ ᠰᠡᠷᠭᠡᠢᠯᠡᠬᠦ ᠪᠠ ᠡᠮᠴᠢᠯᠡᠨ ᠵᠠᠰᠠᠬᠤ ᠳ᠋ᠤ᠌ ᠣᠷᠣᠯᠠᠭᠤᠯᠵᠤ ᠪᠣᠯᠣᠰᠢ ᠦᠭᠡᠢ ᠦᠢᠯᠡᠳᠦᠯ ᠲᠡᠢ ᠭᠡᠳᠡᠭ ᠢ᠋ ᠲᠣᠳᠣᠷᠬᠠᠢᠯᠠᠵᠠᠢ᠃
ᠴᠢᠴᠠᠷᠭᠠᠨ᠎ᠠ ᠶ᠋ᠢᠨ ᠳᠣᠲᠣᠷᠠᠬᠢ428 ᠲᠥᠷᠥᠯ ᠦ᠋ᠨ ᠡᠯᠪᠡᠭ ᠳᠡᠯᠪᠡᠭ ᠰᠢᠮ᠎ᠡ ᠲᠡᠵᠢᠭᠡᠯ
※ ᠶᠡᠬᠡ ᠬᠡᠮᠵᠢᠶᠡᠨ ᠦ᠌ ᠸᠢᠲ᠋ᠠᠮᠢᠨC. ᠸᠢᠲ᠋ᠠᠮᠢᠨA. ᠸᠢᠲ᠋ᠠᠮᠢᠨE. ᠸᠢᠲ᠋ᠠᠮᠢᠨK ᠠᠭᠤᠯᠤᠭᠳᠠᠵᠤ ᠪᠠᠢᠳᠠᠭ᠃
※ ᠣᠯᠠᠨᠴᠢ ᠰᠢᠬᠢᠷ᠂ ᠮᠣᠳᠣᠨ ᠰᠢᠬᠢᠷ᠂ ᠵᠢᠮᠢᠰ ᠦ᠋ᠨ ᠴᠠᠪᠠᠤᠯᠢᠭ ᠵᠡᠷᠭᠡ ᠰᠢᠬᠢᠷ ᠦ᠋ᠨ ᠲᠥᠷᠥᠯ ᠵᠢᠴᠢ ᠡᠭᠦᠰᠦᠮᠡᠯ ᠪᠣᠳᠠᠰ9 ᠲᠥᠷᠥᠯ ᠠᠭᠤᠯᠤᠭᠳᠠᠵᠤ ᠪᠠᠢᠳᠠᠭ᠃
※ ᠰᠥᠰᠥᠨ ᠦ᠌ ᠭᠤᠨᠠᠨ ᠠᠯᠺᠣᠣᠯ᠂ ᠹᠣᠰᠹᠣᠷᠲᠤ ᠥᠭᠡᠬᠦ ᠵᠡᠷᠭᠡ ᠥᠭᠡᠬᠦᠨ ᠦ᠌ ᠵᠦᠢᠯ22 ᠲᠥᠷᠥᠯ ᠠᠭᠤᠯᠤᠭᠳᠠᠵᠤ ᠪᠠᠢᠳᠠᠭ᠃
※ ᠤᠭᠤᠷᠠᠭ᠂ ᠠᠮᠢᠨᠣ᠋ ᠬᠦᠴᠢᠯ ᠵᠢᠴᠢ ᠡᠭᠦᠰᠦᠮᠡᠯ ᠪᠣᠳᠠᠰ27 ᠲᠥᠷᠥᠯ ᠠᠭᠤᠯᠤᠭᠳᠠᠵᠤ ᠪᠠᠢᠳᠠᠭ᠃
※ ᠲᠡᠮᠦᠷ᠂ ᠴᠠᠢᠷ᠂ ᠰᠧᠯᠧᠨ ᠵᠡᠷᠭᠡ ᠪᠢᠴᠢᠯ ᠡᠯᠧᠮᠧᠨ᠋ᠲ22 ᠲᠥᠷᠥᠯ ᠠᠭᠤᠯᠤᠭᠳᠠᠵᠤ᠂ ᠡᠭᠦᠨ ᠦ᠌ ᠳᠣᠲᠣᠷ᠎ᠠ ᠬᠥᠮᠦᠨ ᠦ᠌ ᠪᠡᠶ᠎ᠡ ᠳ᠋ᠦ᠍ ᠵᠠᠪᠠᠯ ᠬᠡᠷᠡᠭᠰᠡᠬᠦ ᠨᠢ14 ᠲᠥᠷᠥᠯ ᠪᠠᠢᠳᠠᠭ᠃
※ ᠣᠷᠭᠠᠨᠢᠭ ᠬᠦᠴᠢᠯ᠂ ᠥᠭᠡᠬᠦᠨ ᠬᠦᠴᠢᠯ᠂ ᠥᠨᠳᠡᠭᠡᠨ ᠹᠣᠰᠹᠣᠷᠲᠤ ᠥᠭᠡᠬᠦ᠂ ᠲᠠᠷᠢᠬᠢᠨ ᠹᠣᠰᠹᠣᠷᠲᠤ ᠥᠭᠡᠬᠦ ᠵᠡᠷᠭᠡ ᠬᠦᠴᠢᠯ ᠦ᠋ᠨ ᠵᠦᠢᠯ44 ᠲᠥᠷᠥᠯ ᠠᠭᠤᠯᠤᠭᠳᠠᠵᠤ ᠪᠠᠢᠳᠠᠭ᠃
※ ᠬᠤᠯᠤᠤᠪᠠᠩ ᠤ᠋ᠨ ᠡᠳ᠋44 ᠲᠥᠷᠥᠯ᠂ ᠣᠯᠠᠨ ᠵᠦᠢᠯ ᠦ᠋ᠨ ᠲᠥᠪᠡᠳ ᠬᠠᠰᠢ ᠶ᠋ᠢᠨ ᠤᠯᠠᠭᠠᠨ ᠡᠳ᠋ ᠡᠯᠪᠡᠭ ᠠᠭᠤᠯᠤᠭᠳᠠᠵᠤ᠂ ᠠᠮᠢᠳᠤ ᠪᠣᠳᠠᠰ ᠤ᠋ᠨ ᠰᠢᠷ᠎ᠠ ᠺᠧᠲ᠋ᠤᠨ32 ᠲᠥᠷᠥᠯ ᠠᠭᠤᠯᠤᠭᠳᠠᠵᠤ ᠪᠠᠢᠳᠠᠭ᠃
※ ᠠᠩᠬᠠᠨ ᠤ᠋ ᠴᠡᠴᠡᠭ ᠦ᠋ᠨ ᠴᠡᠩᠬᠡᠷ ᠡᠳ᠋ ᠵᠡᠷᠭᠡ ᠣᠯᠠᠨ ᠵᠦᠢᠯ ᠦ᠋ᠨ ᠹᠧᠨᠤᠯ ᠤ᠋ᠨ ᠲᠥᠷᠥᠯ ᠦ᠋ᠨ ᠪᠣᠳᠠᠰ ᠠᠭᠤᠯᠤᠭᠳᠠᠳᠠᠭ᠃
※SOD ᠣᠳᠣᠬᠠᠨ ᠳ᠋ᠠᠬᠢ ᠢᠳᠡᠪᠬᠢ ᠴᠢᠨᠠᠷ ᠢ᠋ᠶ᠋ᠠᠷ ᠬᠠᠮᠤᠭ ᠤ᠋ᠨ ᠴᠢᠩᠭ᠎ᠠ ᠢᠰᠦᠯᠳᠦᠬᠦ ᠶ᠋ᠢ ᠡᠰᠡᠷᠭᠦᠴᠡᠭᠴᠢ ᠡᠳ᠋᠂ ᠴᠢᠴᠠᠷᠭᠠᠨ᠎ᠠ ᠶ᠋ᠢᠨ ᠳᠣᠲᠣᠷᠠᠬᠢSOD ᠠᠭᠤᠯᠤᠭᠳᠠᠴᠠ ᠨᠢ ᠣᠷᠬᠣᠳᠠᠢ ᠶ᠋ᠢᠨ ᠳᠥᠷᠪᠡᠨ ᠳᠠᠬᠢᠨ ᠪᠠᠢᠳᠠᠭ ᠤᠷᠭᠤᠮᠠᠯ ᠤ᠋ᠨ ᠣᠬᠢ ᠲᠣᠰᠣ200 ᠢᠯᠡᠭᠦᠦ ᠲᠥᠷᠥᠯ ᠠᠭᠤᠯᠤᠭᠳᠠᠵᠤ ᠪᠠᠢᠳᠠᠭ᠃

   ᠦᠰᠦᠭ ᠠᠮᠢᠯᠠᠭᠤᠯᠤᠭᠰᠠᠨ ᠨᠢ᠄ ᠪᠠᠶᠠᠨᠰᠡᠷᠡᠩ
   ᠬᠢᠨᠠᠭᠴᠢ ᠪᠠᠭᠰᠢ ᠨᠢ᠄ ᠣᠳᠬᠠᠨᠰᠣ᠎ᠠ