ᠬᠥᠬᠡ ᠵᠤᠯᠠ – ᠪᠣᠷᠵᠢᠭᠢᠨ ᠸᠠᠩᠵᠠᠯ - < ᠶᠢᠰᠦ ᠂ ᠮᠣᠷᠢ ᠤᠷᠤᠯᠳᠤᠬᠤ ᠵᠢᠷᠤᠮ ᠦᠨ ᠪᠦᠯᠦᠭ 1 > Хөх зул – Боржигон Ванжал –" Ес᠂ Морь уралдах журмын бүлэг 1"
ᠶᠢᠰᠦ ᠂ ᠮᠣᠷᠢ ᠤᠷᠤᠯᠳᠤᠬᠤ ᠵᠢᠷᠤᠮ ᠤᠨ ᠪᠦᠯᠦᠭ
ᠮᠣᠷᠢ ᠣᠷᠣᠯᠳᠣᠬᠤ ᠵᠢᠷᠤᠮ
ᠮᠣᠷᠢ ᠣᠷᠣᠯᠳᠣᠬᠤ ᠵᠢᠷᠤᠮ ᠨᠢ ᠣᠯᠠᠨ ᠵᠠᠭᠤᠨ ᠵᠢᠯ ᠦ᠋ᠨ ᠨᠠᠭᠠᠳᠤᠮ ᠤ᠋ᠨ ᠤᠷᠤᠯᠳᠤᠭᠠᠨ ᠠ᠋ᠴᠠ ᠳ᠋ᠦᠩᠨᠡᠨ ᠭᠠᠷᠭᠠᠭᠰᠠᠨ ᠡᠷᠬᠡᠪᠰᠢ ᠭᠦᠢᠴᠡᠳᠬᠡᠬᠦ ᠴᠢᠬᠤᠯᠠᠲᠠᠢ ᠬᠡᠳᠦᠨ ᠵᠤᠷᠪᠤᠰ ᠲᠣᠭᠲᠠᠭᠠᠯ ᠰᠢᠤᠬᠠᠨ ᠵᠦᠢᠯ ᠪᠠᠢᠳᠠᠭ ᠃ ᠡᠢᠮᠦ ᠦᠭᠡᠢ ᠴᠦ᠍ ᠪᠠᠰᠠ ᠪᠣᠯᠬᠤ ᠦᠭᠡᠢ ᠠᠵᠢ ᠃ ᠲᠡᠷᠡ ᠬᠡᠳᠦᠨ ᠮᠢᠩᠭᠠᠨ ᠮᠣᠷᠢᠳ ᠢ ᠵᠣᠬᠢᠶᠠᠨ ᠪᠠᠢᠭᠤᠯᠵᠤ ᠳᠡᠢᠯᠬᠦ ᠭᠡᠭᠴᠢ ᠮᠥᠨ ᠴᠦ᠍ ᠪᠠᠭ᠎ᠠ ᠠᠵᠢᠯ ᠪᠢᠰᠢ ᠳᠡ᠃
ᠡᠷᠲᠡᠨ ᠡᠴᠡ ᠨᠠᠭᠠᠰᠢ ᠨᠠᠭᠠᠳᠤᠮ ᠳ᠋ᠤ᠌ ᠮᠣᠷᠢ ᠣᠷᠣᠯᠳᠣᠬᠤ ᠶᠣᠰᠣ ᠵᠢᠷᠤᠮ ᠶᠡᠷᠦᠩᠬᠡᠢ ᠳ᠋ᠡᠭᠡᠨ ᠠᠳᠠᠯᠢ ᠪᠥᠭᠡᠳ ᠠᠯᠢ ᠴᠤ᠌ ᠦᠶ᠎ᠡ ᠢᠯᠭᠠᠯ ᠦᠭᠡᠢ ᠨᠠᠭᠠᠳᠤᠮ ᠳ᠋ᠤ᠌ ᠶᠡᠬᠡ ᠮᠣᠷᠢ᠂ ᠳᠤᠮᠳᠠ ᠮᠣᠷᠢ ( ᠰᠣᠶᠣᠭᠠᠯᠠᠩ ) ᠂ ᠪᠠᠭ᠎ᠠ ᠮᠣᠷᠢ ( ᠬᠢᠵᠠᠭᠠᠯᠠᠩ ) ᠭᠡᠵᠦ 3 ᠨᠠᠰᠤᠨ ᠤ᠋ ᠮᠣᠷᠢᠳ ᠤᠷᠤᠯᠳᠤᠵᠤ ᠪᠠᠢᠢᠭᠰᠠᠨ ᠨᠢ ᠬᠠᠯᠬ᠎ᠠ ᠶ᠋ᠢᠨ 7 ᠬᠣᠰᠢᠭᠤ ᠳ᠋ᠠᠨᠰᠢᠭ ᠤ᠋ᠨ ᠨᠠᠭᠠᠳᠤᠮ ᠳ᠋ᠤ᠌ ᠬᠦᠷᠲᠡᠯ᠎ᠡ ᠦᠷᠭᠦᠯᠵᠢᠯᠡᠵᠦ ᠢᠷᠡᠵᠡᠢ᠃ ᠬᠣᠵᠢᠮ ᠨᠠᠢ᠍ᠮᠠᠳᠤᠭᠠᠷ ᠪᠣᠭᠳᠠ ᠶ᠋ᠢᠨ ᠦᠶ᠎ᠡ ᠳ᠋ᠦ᠍ ᠠᠵᠢᠷᠭ᠎ᠠ ᠂ ᠰᠢᠳᠦᠯᠡᠩ ᠂ ᠵᠢᠷᠣᠭ᠎ᠠ ᠮᠣᠷᠢ ᠨᠡᠮᠡᠵᠦ ᠣᠷᠣᠯᠳᠣᠭᠰᠠᠨ ᠴᠢᠮᠡᠭᠡ ᠲᠡᠢ ᠃ ᠲᠡᠷᠡ ᠦᠶ᠎ᠡ ᠶ᠋ᠢᠨ ᠨᠣᠶᠠᠳ ᠂ ᠣᠯᠠᠨ ᠬᠣᠰᠢᠭᠤᠳ ᠲᠤ᠌ ᠠᠯᠪᠠ ᠪᠠᠷ ᠣᠨᠣᠭᠳᠠᠭᠤᠯᠵᠤ ᠪᠠᠢᠭᠰᠠᠨ ᠤᠴᠢᠷ ᠣᠯᠠᠨ ᠮᠣᠷᠢᠳ ᠴᠤᠭᠯᠠᠷᠠᠳᠠᠭ ᠠᠵᠢ ᠃ ᠵᠠᠷᠢᠮ ᠨᠠᠭᠠᠳᠤᠮ ᠳ᠋ᠤ᠌ ᠶᠡᠬᠡ ᠮᠣᠷᠢ ᠬᠣᠶᠠᠷ ᠮᠢᠩᠭ᠎ᠠ ᠬᠦᠷᠦᠭᠰᠡᠨ ᠭᠡᠵᠦ ᠪᠣᠢ᠃
ᠬᠤᠪᠢᠰᠬᠠᠯ ᠠ᠋ᠴᠠ ᠬᠣᠢᠰᠢ ᠬᠠᠯᠬ᠎ᠠ ᠳ᠋ᠤ᠌ ᠮᠥᠨ ᠡᠨᠡ ᠵᠢᠷᠤᠮ ᠢ᠋ ᠪᠠᠷᠢᠮᠲᠠᠯᠠᠵᠤ ᠂ ᠨᠠᠢᠷ ᠨᠠᠭᠠᠳᠤᠮ ᠳ᠋ᠤ᠌ 7 ᠨᠠᠰᠤᠨ ( ᠶᠡᠬᠡ ᠨᠠᠰᠤ ᠂ ᠰᠣᠶᠣᠭᠠᠯᠠᠩ ᠂ ᠬᠢᠵᠠᠭᠠᠯᠠᠩ ᠂ ᠰᠢᠳᠦᠯᠡᠩ ᠂ ᠳᠠᠭ᠎ᠠ ᠂ ᠵᠢᠷᠣᠭ᠎ᠠ ᠂ ᠬᠠᠲᠠᠷᠢ ) ᠶ᠋ᠢᠨ ᠮᠣᠷᠢ ᠶ᠋ᠢ ᠨᠠᠰᠤ ᠨᠠᠰᠤ ᠪᠠᠷ ᠨᠢ ᠣᠷᠣᠯᠳᠣᠭᠤᠯᠳᠠᠭ ᠠᠵᠢ ᠃ ᠲᠡᠭᠦᠨ ᠡᠴᠡ ᠨᠢᠭᠡ ᠶ᠋ᠢ ᠵᠢᠱ᠌ᠢᠶᠡᠯᠡᠪᠡᠯ ᠄ ᠬᠤᠪᠢᠰᠬᠠᠯ ᠢᠯᠠᠭᠰᠠᠨ 13 ᠵᠢᠯ ᠦ᠋ᠨ ᠣᠢ ᠶ᠋ᠢ ᠳᠤᠷᠠᠰᠬᠠᠬᠤ 1934 ᠣᠨ ᠤ᠋ ᠤᠯᠤᠰ ᠤ᠋ᠨ ᠶᠡᠬᠡ ᠪᠠᠶᠠᠷ ᠤ᠋ᠨ ᠨᠠᠭᠠᠳᠤᠮ ᠳ᠋ᠤ᠌ ᠠᠵᠢᠷᠭ᠎ᠠ 357 ᠂ ᠶᠡᠬᠡ ᠮᠣᠷᠢ 748 ᠂ ᠰᠣᠶᠣᠭᠠᠯᠠᠩ 439 ᠂ ᠬᠢᠵᠠᠭᠠᠯᠠᠩ 426 ᠂ ᠰᠢᠳᠦᠯᠡᠩ 436 ᠂ ᠳᠠᠭ᠎ᠠ 373 ᠲᠤᠰ ᠲᠤᠰ ᠣᠷᠣᠯᠳᠣᠭᠰᠠᠨ ᠪᠦᠷᠢᠳᠬᠡᠯ ᠣᠯᠠᠨ ᠮᠣᠷᠢ ᠣᠷᠣᠯᠳᠣᠳᠠᠭ ᠢ᠋ ᠭᠡᠷᠡᠴᠢᠯᠡᠵᠡᠢ᠃
ᠡᠨᠡ ᠨᠢ ᠠᠯᠪᠠᠳᠠᠯᠭ᠎ᠠ ᠦᠭᠡᠢ ᠰᠠᠢᠨ ᠳᠤᠷ᠎ᠠ ᠠ᠋ᠴᠠ ᠶᠠᠪᠤᠭᠤᠯᠬᠤ ᠬᠢᠭᠡᠳ ᠠᠢᠮᠠᠭ ᠰᠤᠮᠤᠨ ᠤ᠋ ᠨᠠᠭᠠᠳᠤᠮ ᠳᠠᠪᠬᠤᠷᠯᠠᠳᠠᠭ ᠠ᠋ᠴᠠ ᠰᠢᠯᠲᠠᠭᠠᠯᠠᠨ ᠡᠨᠡ ᠮᠡᠲᠦ ᠪᠠᠭ᠎ᠠ ᠢᠷᠡᠵᠦ ᠪᠠᠢᠨ᠎ᠠ᠃
ᠮᠠᠨ ᠤ᠋ ᠥᠪᠥᠷ ᠲᠦ᠍ ᠶᠡᠬᠡ ᠪᠠᠭ᠎ᠠ ᠨᠠᠢᠷ ᠲᠤ᠌ ᠶᠡᠷᠦᠩᠬᠡᠢ ᠳ᠋ᠡᠭᠡᠨ ᠪᠦᠳᠦᠭᠦᠨ ᠮᠣᠷᠢ ᠶ᠋ᠢ ᠣᠷᠣᠯᠳᠣᠳᠠᠭ ᠪᠥᠭᠡᠳ ᠣᠯᠠᠨ ᠳ᠋ᠠᠭᠠᠨ 150 ᠳ᠋ᠤ᠌ ᠬᠦᠷᠴᠦ ᠪᠠᠢᠵᠠᠢ᠃ ᠳᠠᠯᠠᠯᠭ᠎ᠠ ᠂ ᠥᠷᠪᠥᠭᠡ ᠶ᠋ᠢᠨ ᠨᠠᠢᠷ ᠬᠢᠭᠡᠳ ᠭᠡᠭᠦᠦ ᠲᠠᠯᠪᠢᠬᠤ ᠵᠡᠷᠭᠡ ᠳ᠋ᠦ᠍ ᠪᠦᠳᠦᠭᠦᠨ ᠮᠣᠷᠢ ᠪᠤᠶᠤ ᠳᠠᠭ᠎ᠠ ᠤᠷᠤᠯᠳᠤᠵᠤ ᠂ ᠤᠨᠠᠭ᠎ᠠ ᠂ ᠤᠷᠤᠯᠳᠤᠭᠠᠯᠠᠵᠤ ᠰᠣᠨᠢᠷᠬᠠᠳᠠᠭ ᠤᠳᠠᠭ᠎ᠠ ᠪᠠᠢᠵᠤ ᠢᠷᠡᠵᠡᠢ᠃
ᠡᠢᠮᠦ ᠣᠯᠠᠨ ᠮᠣᠷᠢᠳ ᠣᠷᠣᠯᠳᠣᠬᠤ ᠶ᠋ᠢᠨ ᠤᠴᠢᠷ ᠬᠡᠳᠦᠨ ᠵᠦᠢᠯ ᠦ᠋ᠨ ᠴᠢᠩᠭ᠎ᠠ ᠲᠣᠭᠲᠠᠭᠠᠯ ᠦᠭᠡᠢ ᠪᠣᠯ ᠠᠰᠠᠭᠤᠳᠠᠯ ᠣᠯᠠᠨ ᠭᠠᠷᠴᠤ ᠲᠡᠭᠦᠨ ᠢ ᠰᠢᠢᠳᠪᠦᠷᠢᠯᠡᠵᠦ ᠳᠡᠢᠯᠬᠦ ᠦᠭᠡᠢ ᠪᠣᠯᠬᠤ ᠠᠵᠢ᠃ ᠲᠡᠢᠨ ᠬᠦ᠌ ᠵᠢᠷᠤᠮ ᠢ ᠲᠣᠭᠲᠠᠭᠠᠵᠠᠢ᠃
ᠣᠷᠣᠯᠳᠣᠬᠤ ᠵᠠᠢ
ᠠᠭᠤᠯᠠ ᠂ ᠬᠠᠩᠭᠠᠢ ᠭᠣᠪᠢ ᠶ᠋ᠢᠨ ᠪᠦᠰᠡ ᠨᠤᠭᠦᠳ ᠲᠦ᠍ ᠮᠣᠷᠢ ᠣᠷᠣᠯᠳᠣᠬᠤ ᠭᠠᠵᠠᠷ ᠤ᠋ᠨ ᠬᠡᠮᠵᠢᠶ᠎ᠡ ᠬᠠᠷᠢᠯᠴᠠᠨ ᠠᠳᠠᠯᠢ ᠦᠭᠡᠢ ᠃ ᠶᠡᠷᠦᠩᠬᠡᠢ ᠳ᠋ᠡᠭᠡᠨ ᠴᠠᠭᠠᠨ ᠭᠠᠵᠠᠷ ᠪᠣᠯ ᠬᠣᠯᠠ ᠤᠷᠤᠯᠳᠤᠵᠤ ᠂ ᠪᠠᠷᠲᠠᠭᠠᠲᠠᠢ ᠭᠠᠵᠠᠷ ᠪᠣᠯ ᠣᠢᠷ᠎ᠠ ᠣᠷᠣᠯᠳᠣᠳᠠᠭ᠃ ᠡᠢᠨ ᠬᠦ᠌ ᠣᠷᠣᠯᠳᠣᠯᠭ᠎ᠠ ᠶ᠋ᠢᠨ ᠭᠠᠵᠠᠷ ᠢ᠋ ᠭᠠᠵᠠᠷ ᠤ᠋ᠨ ᠪᠠᠢᠴᠠ ᠪᠠᠷ ᠲᠣᠭᠲᠠᠭᠠᠳᠠᠭ ᠠᠵᠢ᠃ ᠭᠡᠪᠡᠴᠦ ᠳᠤᠮᠳᠠ ᠶ᠋ᠢ ᠪᠠᠷᠢᠮᠲᠠᠯᠠᠭᠰᠠᠨ ᠲᠣᠭᠲᠠᠭᠠᠯ ᠮᠠᠶᠢᠭᠲᠠᠢ ᠪᠠᠷᠤᠭᠴᠠᠭᠠᠯᠠᠭᠰᠠᠨ ᠬᠣᠯᠠ ᠵᠠᠢ ᠪᠠᠢᠳᠠᠭ᠃
ᠠᠵᠢᠷᠭ᠎ᠠ 30 ᠺᠢᠯᠣᠮᠧᠲ᠋ᠷ ᠂ ᠪᠦᠳᠦᠭᠦᠨ ᠮᠣᠷᠢ 35 ᠺᠢᠯᠣᠮᠧᠲ᠋ᠷ ᠂ ᠬᠢᠵᠠᠭᠠᠯᠠᠩ 25 ᠺᠢᠯᠣᠮᠧᠲ᠋ᠷ ᠂ ᠰᠢᠳᠦᠯᠡᠩ 20 ᠺᠢᠯᠣᠮᠧᠲ᠋ᠷ ᠂ ᠵᠢᠷᠣᠭ᠎ᠠ ᠂ ᠬᠠᠲᠠᠷᠢ ᠴᠤ᠌ 15 ᠺᠢᠯᠣᠮᠧᠲ᠋ᠷ ᠣᠷᠣᠯᠳᠣᠬᠤ ᠶᠣᠰᠣᠲᠠᠢ ᠭᠡᠵᠦ ᠲᠣᠭᠲᠠᠭᠠᠵᠤ ᠢᠷᠡᠵᠡᠢ᠃ ᠬᠠᠷᠢᠨ ᠣᠷᠣᠯᠳᠣᠬᠤ ᠮᠣᠷᠢᠨ ᠤ᠋ ᠲᠣᠭ᠎ᠠ ᠶ᠋ᠢ ᠬᠢᠵᠠᠭᠠᠷᠯᠠᠬᠤ ᠦᠭᠡᠢ᠃
ᠮᠣᠷᠢ ᠪᠦᠷᠢᠦᠭᠡᠭᠦᠯᠬᠦ ᠵᠢᠷᠤᠮ
ᠳᠡᠭᠡᠷᠡᠬᠢ ᠮᠡᠲᠦ ᠨᠠᠰᠤ ᠨᠠᠰᠤ ᠪᠠᠷ ᠣᠷᠣᠯᠳᠣᠬᠤ ᠵᠢᠷᠤᠮ ᠲᠠᠢ ᠪᠣᠯᠬᠣᠷ ᠣᠷᠣᠯᠳᠣᠬᠤ ᠡᠳᠦᠷ ᠲᠣᠭᠲᠠᠭᠰᠠᠨ ᠴᠠᠭ ᠲᠤ ᠬᠤᠷᠳᠤᠨ ᠮᠣᠷᠢᠳ ᠢ᠋ᠶ᠋ᠠᠨ ᠨᠠᠭᠠᠳᠤᠮ ᠤ᠋ᠨ ᠲᠠᠯᠠᠪᠠᠢ ᠶ᠋ᠢᠨ ᠲᠠᠭᠲᠤᠨ ᠡᠮᠦᠨ᠎ᠡ ᠠᠪᠴᠢᠷᠠᠨ ᠰᠢᠳᠦᠯᠡᠭᠦᠯᠵᠦ ᠂ ᠵᠢᠰᠦᠯᠡᠭᠦᠯᠵᠦ᠂ ᠲᠣᠭᠠᠯᠠᠭᠤᠯᠵᠤ ᠪᠦᠷᠢᠳᠬᠡᠯᠭᠡᠨ ᠵᠢᠭᠳᠡᠷᠡᠵᠦ ᠭᠦᠢᠴᠡᠮᠡᠭᠴᠡ ᠪᠦᠭᠡᠭᠡᠨ ᠵᠢᠰᠦᠮ ᠦ᠋ᠨ ᠵᠢᠷᠣᠭ᠎ᠠ ᠪᠤᠶᠤ ᠬᠠᠲᠠᠷᠢ ᠲᠠᠢ ᠮᠣᠷᠢ ᠤᠨᠤᠭᠰᠠᠨ ᠤᠳᠤᠷᠢᠳᠤᠭᠠᠴᠢ ᠬᠥᠮᠦᠨ ᠲᠤᠭ ᠪᠠᠷᠢᠵᠤ ᠪᠦᠬᠦ ᠮᠣᠷᠢᠳ ᠢ᠋ ᠳᠠᠭᠠᠭᠤᠯᠵᠤ ᠲᠠᠭᠲᠤᠨ ᠪᠤᠶᠤ ᠠᠰᠠᠷ ᠢ᠋ ᠨᠠᠷᠠᠨ ᠡᠷᠭᠢᠯᠲᠡ ᠪᠡᠷ ᠭᠤᠷᠪᠠ ᠡᠷᠭᠢᠭᠡᠳ ᠭᠠᠷᠴᠤ ᠶᠠᠪᠤᠨ᠎ᠠ᠃ ᠡᠨᠡ ᠨᠢ ᠬᠥᠮᠦᠨ ᠮᠣᠷᠢᠨ ᠤ᠋ ᠴᠣᠭ ᠰᠦᠯᠳᠡ ᠶ᠋ᠢ ᠪᠠᠳᠠᠷᠠᠭᠠᠨ᠎ᠠ᠃
ᠲᠠᠭᠲᠤᠨ ᠡᠷᠭᠢᠵᠦ ᠪᠣᠢ ᠦᠶ᠎ᠡ ᠳ᠋ᠦ᠍ ᠬᠡᠦᠬᠡᠳ 《ᠬᠢᠩᠭᠤᠤ》ᠭᠡᠳᠡᠭ ᠳᠠᠭᠤᠤ ᠶ᠋ᠢ ᠳᠠᠭᠤᠯᠠᠨ ᠮᠣᠷᠢᠳ ᠤ᠋ᠨ ᠰᠡᠳᠬᠢᠯ ᠰᠡᠷᠭᠦᠭᠡᠵᠦ ᠶᠠᠪᠤᠨ᠎ᠠ ᠃ ᠬᠥᠭᠵᠢᠮᠴᠢᠳ 《ᠲᠦᠮᠡᠨ ᠦ᠌ ᠡᠬᠡ 》ᠭᠡᠳᠡᠭ ᠮᠣᠷᠢ ᠮᠠᠭᠲᠠᠭᠰᠠᠨ ᠦᠨᠳᠦᠰᠦᠲᠡᠨ ᠦ᠌ ᠬᠠᠭᠤᠴᠢᠨ ᠤᠷᠲᠤ ᠳᠠᠭᠤᠤ ᠶ᠋ᠢ ᠶᠥᠷᠭᠡᠵᠦ :
ᠵᠠ ! ᠣᠯᠠᠨ ᠠᠭᠲᠠ ᠶ᠋ᠢᠨ ᠤᠶᠠᠭᠠᠨ ᠳᠣᠲᠣᠷ᠎ᠠ ᠠ᠋ᠴᠠ
ᠣᠯᠵᠤ ᠵᠠᠰᠠᠬᠤ ᠳ᠋ᠠᠭᠠᠨ ᠢᠯᠡᠭᠦᠦ ᠵᠣᠬᠢᠰᠲᠠᠢ ᠂
ᠥᠰᠥᠷᠬᠡᠭᠡᠳ ᠢᠷᠡᠬᠦ ᠶ᠋ᠢᠨ ᠲᠡᠷᠡ ᠴᠠᠭ ᠲᠤ᠌
ᠦᠵᠡᠮᠵᠢᠲᠡᠢ ᠮᠣᠷᠢᠨ ᠠᠯᠢ ᠪᠣᠢ? ᠭᠡᠳᠡᠭ ᠦᠭᠡ ᠲᠡᠢ ᠠᠶᠠᠯᠭᠤᠯᠤᠨ ᠮᠣᠷᠢᠳ ᠢ ᠲᠠᠯᠪᠢᠵᠤ ᠭᠠᠷᠭᠠᠨ᠎ᠠ᠃
ᠮᠣᠷᠢ ᠡᠬᠢᠯᠡᠭᠦᠯᠬᠦ ᠵᠢᠷᠤᠮ
ᠬᠤᠷᠳᠤᠨ ᠮᠣᠷᠢ ᠡᠬᠢᠯᠡᠵᠦ ᠲᠠᠯᠪᠢᠬᠤ ᠲᠣᠭᠲᠠᠭᠠᠯᠲᠠᠢ ᠭᠠᠵᠠᠷ ᠲᠤ᠌ ᠬᠦᠷᠭᠡᠬᠦ᠂ ᠣᠯᠣᠩ ᠵᠢᠷᠢᠮ ᠢ ᠨᠢ ᠴᠢᠩᠭᠠᠯᠠᠵᠤ ᠥᠭᠭᠦ᠂ ᠬᠡᠦᠬᠡᠳ ᠪᠠᠭ᠎ᠠ ᠵᠡᠷᠭᠡ ᠢᠳᠡᠭᠦᠯᠵᠦ ᠤᠤᠭᠤᠯᠭᠠᠬᠤ᠂ ᠪᠡᠶ᠎ᠡ ᠵᠠᠰᠠᠭᠤᠯᠬᠤ᠂ ᠡᠷᠭᠢᠭᠦᠯᠵᠦ ᠵᠢᠭᠳᠡᠬᠡᠨ ᠵᠣᠭᠰᠣᠬᠤ᠂ ᠠᠭᠰᠤᠮ ᠬᠥᠭᠡᠷᠦᠦ ᠮᠣᠷᠢ ᠶ᠋ᠢ ᠪᠠᠷᠢᠭᠤᠯᠬᠤ᠂ ᠳᠣᠬᠢᠶ᠎ᠠ ᠥᠭᠴᠦ ᠳᠠᠪᠬᠢᠭᠤᠯᠬᠤ ᠵᠡᠷᠭᠡ ᠣᠯᠠᠨ ᠠᠵᠢᠯ ᠳ᠋ᠤ᠌ ᠲᠣᠮᠢᠯᠠᠭᠰᠠᠨ ᠬᠥᠮᠦᠰ ᠨᠢᠮᠪᠠᠢ ᠭᠦᠢᠴᠡᠳᠬᠡᠬᠦ ᠴᠢᠩᠭ᠎ᠠ ᠡᠭᠦᠷᠭᠡ ᠲᠡᠢ᠃
ᠬᠠᠰᠢᠯᠲᠠ ᠶ᠋ᠢᠨ ᠵᠢᠷᠤᠮ
ᠮᠣᠷᠢ ᠬᠠᠳᠤᠤᠷᠠᠬᠤ ᠬᠡᠦᠬᠡᠳ ᠣᠢᠴᠢᠬᠤ ᠵᠡᠷᠭᠡ ᠠᠵᠢᠯ ᠢ᠋ ᠠᠩᠬᠠᠷᠤᠨ ᠵᠢᠴᠢ ᠬᠣᠪᠢᠨ ᠤ᠋ ᠮᠣᠷᠢ ᠪᠠᠨ ᠲᠠᠭᠤᠬᠤ ᠂ ᠬᠠᠵᠠᠭᠤ ᠠ᠋ᠴᠠ ᠮᠣᠷᠢ ᠲᠠᠯᠪᠢᠬᠤ ᠂ ᠥᠪᠡᠷ ᠦ᠋ᠨ ᠢ᠋ᠶ᠋ᠡᠨ ᠬᠥᠲᠥᠯᠬᠦ ᠪᠤᠰᠤᠳ ᠤ᠋ᠨ ᠬᠢ ᠶ᠋ᠢ ᠲᠠᠲᠠᠬᠤ ᠵᠡᠷᠭᠡ ᠪᠡᠷ ᠪᠤᠰᠤᠳ ᠮᠣᠷᠢ ᠳ᠋ᠤ᠌ ᠬᠠᠷᠰᠢ ᠰᠠᠭᠠᠳ ᠬᠢᠬᠦ ᠂ ᠮᠣᠷᠢ ᠂ ᠮᠠᠰᠢᠨ ᠢᠷᠡᠵᠦ ᠠᠶᠤᠯᠭᠠᠬᠤ ᠵᠡᠷᠭᠡ ᠠᠵᠢᠯᠯᠠᠭ᠎ᠠ ᠶ᠋ᠢ ᠴᠢᠩᠭ᠎ᠠ ᠬᠣᠷᠢᠭᠯᠠᠨ ᠤᠷᠤᠯᠳᠤᠭᠠᠨ ᠢ᠋ ᠰᠢᠯᠤᠭᠤᠨ ᠶᠠᠪᠤᠭᠳᠠᠭᠤᠯᠬᠤ ᠳ᠋ᠤ᠌ ᠲᠤᠰᠠᠯᠠᠭᠴᠢ ᠲᠤᠰᠬᠠᠢ ᠲᠣᠮᠢᠯᠠᠭᠰᠠᠨ ᠬᠥᠮᠦᠨ ᠬᠠᠰᠢᠯᠲᠠ ᠶ᠋ᠢᠨ ᠬᠥᠮᠦᠨ ᠭᠡᠳᠡᠭ᠃
ᠮᠣᠷᠢ ᠤᠭᠲᠤᠬᠤ ᠵᠢᠷᠤᠮ
ᠬᠥᠭᠵᠢᠮᠴᠢᠨ ᠂ ᠳᠠᠭᠤᠴᠢᠨ ᠨᠠᠷ ᠮᠥᠨ《ᠲᠦᠮᠡᠨ ᠤ ᠡᠬᠡ 》 ᠶ᠋ᠢᠨ ᠥᠭᠡᠷ᠎ᠡ ᠲᠦᠷᠢᠯᠭᠡ ᠪᠡᠷ :
ᠵᠠ ! ᠲᠠᠲᠠᠭᠠᠳ ᠢᠷᠡᠬᠦ ᠶ᠋ᠢᠨ ᠴᠠᠭ ᠲᠤ᠌ ᠂
ᠳᠠᠬᠢᠨ ᠳᠠᠬᠢᠨ ᠲᠡᠮᠡᠦᠯᠡᠭᠡᠳ
ᠳᠠᠪᠬᠢᠭᠠᠳ ᠣᠳᠬᠤ ᠶ᠋ᠢᠨ ᠴᠠᠭ ᠲᠤ᠌
ᠲᠠᠰᠤᠷᠬᠠᠢ ᠭᠠᠭᠴᠠᠭᠠᠷ ᠢ᠋ᠶ᠋ᠠᠨ ᠲᠥᠷᠥᠭᠦᠯᠦᠭᠴᠢ
ᠲᠡᠷᠡ 《ᠲᠦᠮᠡᠨ ᠤ ᠡᠬᠡ 》ᠬᠡᠨ ᠤ ᠮᠣᠷᠢ ᠪᠣᠢ ? ᠭᠡᠵᠦ ᠳᠠᠭᠤᠯᠠᠭᠠᠳ ᠦᠭᠡ ᠂ ᠳᠠᠭᠤᠤ ᠶ᠋ᠢ ᠲᠡᠭᠦᠰᠬᠡᠬᠦ ᠶ᠋ᠢᠨ ᠳᠡᠭᠡᠷ᠎ᠡ 《ᠬᠤᠯᠠᠴᠠ ᠬᠤᠷᠳᠤᠨ ᠮᠣᠷᠢ 》ᠭᠡᠳᠡᠭ ᠮᠥᠨ ᠮᠣᠷᠢ ᠮᠠᠭᠲᠠᠭᠰᠠᠨ ᠬᠠᠭᠤᠴᠢᠨ ᠴᠠᠭ ᠤ᠋ᠨ ᠤᠷᠲᠤ ᠳᠠᠭᠤᠤ ᠶ᠋ᠢ ᠮᠣᠷᠢ ᠢᠷᠡᠬᠦ ᠳ᠋ᠦ᠍ ᠡᠷᠬᠡᠪᠰᠢ ᠳᠠᠭᠤᠯᠠᠵᠤ ᠬᠤᠭᠤᠷᠳᠠᠳᠠᠭ ᠵᠢᠷᠤᠮ ᠲᠠᠢ ᠠᠵᠢ᠃
ᠮᠣᠷᠢ ᠳ᠋ᠤᠭᠠᠷᠯᠠᠬᠤ ᠵᠢᠷᠤᠮ
ᠣᠷᠣᠯᠳᠣᠭᠰᠠᠨ ᠬᠤᠷᠳᠤᠨ ᠮᠣᠷᠢᠳ ᠳᠠᠪᠬᠢᠨ ᠢᠷᠡᠵᠦ ᠮᠣᠷᠢ ᠲᠠᠲᠠᠬᠤ ᠭᠣᠷᠲᠢᠭ ᠲᠡᠮᠳᠡᠭ ᠪᠦᠬᠦᠢ ᠭᠠᠵᠠᠷ ᠢ᠋ᠶ᠋ᠠᠷ ᠳᠠᠭᠠᠷᠢᠵᠤ ᠥᠩᠭᠡᠷᠡᠬᠦ ᠪᠥᠭᠡᠳ ᠲᠡᠳᠡᠭᠡᠷ ᠦ᠋ᠨ ᠵᠡᠭᠦᠨ ᠭᠠᠷ ᠲᠠᠯ᠎ᠠ ᠳ᠋ᠤ᠌ ᠳᠠᠷᠠᠭ᠎ᠠ ᠳᠠᠷᠠᠭ᠎ᠠ ᠪᠠᠷ ᠵᠢᠭᠰᠠᠭᠠᠨ ᠵᠣᠭᠰᠣᠵᠠᠭᠠᠵᠤ ᠪᠠᠢᠭ᠎ᠠ ᠮᠣᠷᠢ ᠪᠠᠷᠢᠭᠠᠴᠢᠳ ᠥᠪᠡᠷ ᠥᠪᠡᠷ ᠦ᠋ᠨ ᠪᠠᠷᠢᠪᠠᠰᠤ ᠵᠣᠬᠢᠬᠤ ᠳᠡᠰ ᠲᠦ᠍ ᠢᠷᠡᠭᠰᠡᠨ ᠬᠤᠷᠳᠤᠨ ᠮᠣᠷᠢᠳ ᠲᠡᠷᠡ ᠬᠦ᠌ ᠭᠣᠷᠲᠢᠭ ᠳᠡᠭᠡᠭᠦᠷ ᠥᠩᠭᠡᠷᠡᠮᠡᠭᠴᠡ ᠬᠠᠵᠠᠭᠤ ᠲᠠᠯ᠎ᠠ ᠠ᠋ᠴᠠ ᠨᠢ ᠳᠠᠪᠬᠢᠨ ᠣᠴᠢᠵᠤ ᠵᠣᠬᠢᠬᠤ ᠳ᠋ᠤᠭᠠᠷ ᠤ᠋ᠨ ᠫᠠᠢᠰᠠ ᠶ᠋ᠢ ᠬᠡᠦᠬᠡᠳ ᠲᠦ᠍ ᠭᠠᠷᠳᠠᠭᠤᠯᠵᠤ ᠂ ᠮᠣᠷᠢᠨ ᠵᠢᠯᠣᠭᠣ ᠶ᠋ᠢ ᠰᠢᠭᠦᠷᠦᠨ ᠠᠪᠴᠤ ᠬᠥᠲᠥᠯᠦᠨ ᠲᠡᠮᠳᠡᠭᠯᠡᠭᠴᠢ ᠳ᠋ᠦ᠍ ᠲᠡᠮᠳᠡᠭᠯᠡᠭᠦᠯᠦᠭᠡᠳ ᠮᠣᠷᠢ ᠶ᠋ᠢ ᠡᠵᠡᠨ ᠳ᠋ᠦ᠍ᠨᠢ ᠣᠯᠭᠣᠨ᠎ᠠ᠃ ᠭᠡᠬᠦ ᠳ᠋ᠡᠭᠡᠨ ᠬᠡᠳᠦ ᠳ᠋ᠦ᠍ ᠣᠷᠣᠭᠰᠠᠨ᠂ ᠬᠡᠨ ᠦ᠌ ᠮᠣᠷᠢ᠂ ᠬᠡᠨ ᠪᠠᠷᠢᠭᠰᠠᠨ ᠵᠡᠷᠭᠡ ᠶ᠋ᠢ ᠲᠣᠳᠣᠷᠬᠠᠢ ᠲᠡᠮᠳᠡᠭᠯᠡᠭᠦᠯᠵᠦ ᠴᠣᠯᠠᠯᠠᠬᠤ ᠳ᠋ᠤ᠌ ᠪᠡᠯᠡᠬᠡᠨ ᠪᠣᠯᠭᠠᠨ᠎ᠠ ᠃ ᠡᠨᠡ ᠪᠦᠷᠢᠳᠬᠡᠯ ᠢ᠋ᠶ᠋ᠡᠷ ᠱᠠᠩᠨᠠᠯ ᠲᠣᠭᠲᠠᠭᠠᠬᠤ ᠲᠤᠯᠠ ᠫᠠᠢᠰᠠᠯᠠᠬᠤ ᠳᠤᠮᠳᠠ ᠭᠠᠷᠤᠭᠰᠠᠨ ᠠᠰᠠᠭᠤᠳᠠᠯ ᠤ᠋ᠳ ᠲᠣᠳᠣᠯᠠᠵᠤ᠂ ᠨᠠᠰᠤ ᠰᠢᠲᠦ ᠦᠰᠦ ᠨᠡᠢᠴᠡᠬᠦ ᠂ ᠳ᠋ᠦ᠍ᠭᠠᠷ ᠫᠠᠢᠰᠠ ᠲᠠᠰᠢᠶ᠎ᠠ ᠪᠣᠯᠤᠭᠰᠠᠨ ᠵᠡᠷᠭᠡ ᠶ᠋ᠢ ᠲᠣᠳᠣᠷᠬᠠᠢᠯᠠᠨ ᠦᠯᠦ ᠨᠡᠢᠴᠡᠭᠴᠢᠳ ᠬᠠᠰᠤᠬᠤ ᠬᠡᠷᠡᠭᠲᠡᠢ᠃ ᠡᠨᠡ ᠠᠵᠢᠯ ᠬᠠᠮᠤᠭ ᠤ᠋ᠨ ᠶᠠᠷᠰᠢᠭᠲᠠᠢ ᠲᠤᠯᠠ ᠣᠳᠣ᠂ ᠬᠡᠦᠬᠡᠳ ᠪᠦᠷ ᠳ᠋ᠤᠭᠠᠷᠯᠠᠭᠠᠳ ( ᠲᠣᠮᠣ ᠳ᠋ᠤᠭᠠᠷ ᠢ᠋ᠶ᠋ᠠᠷ ) ᠂ ᠢᠷᠡᠬᠦ ᠳ᠋ᠦ᠍ᠨᠢ ᠰᠢᠩᠭᠡᠭᠡᠯᠲᠡ ᠶ᠋ᠢᠨ ᠮᠠᠰᠢᠨ ᠲᠠᠯᠪᠢᠵᠤ᠂ ᠨᠢᠭᠡ ᠬᠥᠮᠦᠨ ᠬᠡᠦᠬᠡᠳ ᠦ᠋ᠨ ᠨᠣᠮᠧᠷ ᠂ ᠮᠣᠷᠢᠨ ᠤ᠋ ᠵᠢᠰᠦ ᠶ᠋ᠢ ᠳ᠋ᠦ᠍ᠭᠠᠷ ᠲᠡᠢ ᠨᠢ ᠶᠠᠷᠢᠵᠤ ᠪᠠᠢᠪᠠᠯ ᠰᠠᠢᠨ᠃ ᠬᠠᠮᠤᠭ ᠰᠠᠢᠨ ᠨᠢ ᠳ᠋ᠤᠭᠠᠷᠯᠠᠬᠤ ᠮᠣᠷᠢᠳ ᠢ ᠳᠤᠭᠤᠯᠲᠠᠯᠠ ᠲᠧᠯᠸᠢᠰ ᠢ᠋ᠶ᠋ᠡᠷ ᠵᠢᠷᠤᠭᠯᠠᠵᠤ ᠠᠪᠤᠪᠠᠯ ᠡᠨᠡᠬᠦ ᠠᠰᠠᠭᠤᠳᠠᠯ ᠢ ᠨᠠᠷᠢᠨ ᠨᠢᠮᠪᠠᠢ ᠰᠢᠢᠳᠪᠦᠷᠢᠯᠡᠵᠦ ᠴᠢᠳᠠᠨ᠎ᠠ᠃
ᠤᠷᠤᠯᠳᠤᠵᠤ ᠪᠠᠢᠭ᠎ᠠ ᠬᠤᠷᠳᠤᠨ ᠮᠣᠷᠢᠨ ᠤ᠋ ᠲᠠᠯ᠎ᠠ ᠪᠠᠷ ᠭᠦᠢᠴᠡᠳᠬᠡᠪᠡᠰᠦ ᠵᠦᠢᠲᠡᠢ ᠣᠯᠠᠨ ᠵᠦᠢᠯ ᠦ᠋ᠨ ᠠᠵᠢᠯ ᠭᠠᠷᠳᠠᠭ᠃ ᠡᠨᠡ ᠠᠵᠢᠯ ᠢ ᠭᠦᠢᠴᠡᠳᠬᠡᠭᠦᠯᠬᠦ ᠪᠡᠷ ᠨᠠᠭᠠᠳᠤᠮ ᠤ᠋ᠨ ᠬᠤᠷᠠᠯ ᠠ᠋ᠴᠠ ᠬᠤᠷᠳᠤᠨ ᠮᠣᠷᠢᠨ ᠤ᠋ ᠪᠦᠬᠦ ᠠᠵᠢᠯ ᠢ ᠡᠷᠬᠢᠯᠡᠭᠰᠡᠨ ᠪᠠᠢᠭᠤᠯᠤᠮᠵᠢ ᠭᠠᠷᠭᠠᠳᠠᠭ᠃ ᠡᠨᠡ ᠪᠠᠢᠭᠤᠯᠤᠮᠵᠢ ᠨᠢ ᠤᠷᠤᠯᠳᠤᠭᠠᠨ ᠮᠣᠷᠢᠨ ᠤ᠋ ᠲᠤᠬᠠᠢ ᠭᠠᠷᠬᠤ ᠪᠦᠬᠦ ᠠᠰᠠᠭᠤᠳᠠᠯ ᠢ ᠶᠡᠷᠦᠩᠬᠡᠢᠯᠡᠨ ᠤᠳᠤᠷᠢᠳᠴᠤ ᠰᠢᠢᠳᠪᠦᠷᠢᠯᠡᠨ ᠭᠦᠢᠴᠡᠳᠬᠡᠳᠡᠭ᠃
ᠡᠨᠡ ᠪᠠᠢᠭᠤᠯᠤᠮᠵᠢ ᠨᠢ ᠲᠤᠷᠰᠢᠯᠭ᠎ᠠ ᠰᠠᠢᠲᠠᠢ ᠣᠯᠠᠨ ᠲᠣᠭᠠᠨ ᠤ᠋ ᠬᠥᠮᠦᠨ ᠢ᠋ᠶ᠋ᠡᠷ ᠪᠦᠷᠢᠯᠳᠦᠬᠦ ᠪᠥᠭᠡᠳ ᠲᠡᠭᠦᠨ ᠦ᠌ ᠬᠠᠷᠢᠶᠠᠨ ᠳ᠋ᠤ᠌ ᠮᠣᠷᠢ ᠰᠢᠳᠦᠯᠡᠭᠴᠢᠳ᠂ ᠮᠣᠷᠢᠨ ᠴᠤᠪᠤᠭ᠎ᠠ ᠳᠠᠩᠰᠠᠯᠠᠭᠴᠢ᠂ ᠮᠣᠷᠢ ᠲᠠᠯᠪᠢᠭᠴᠢ᠂ ᠬᠠᠰᠢᠯᠲᠠ ᠶ᠋ᠢᠨ ᠬᠥᠮᠦᠰ᠂ ᠮᠣᠷᠢ ᠪᠠᠷᠢᠭᠠᠴᠢᠨ ( ᠫᠠᠢᠰᠠᠯᠠᠭᠴᠢ ) ᠵᠡᠷᠭᠡ ᠣᠯᠠᠨ ᠰᠠᠯᠪᠤᠷᠢ ᠶ᠋ᠢᠨ ᠬᠥᠮᠦᠰ ᠢ ᠵᠣᠬᠢᠶᠠᠨ ᠪᠠᠢᠭᠤᠯᠵᠤ ᠦᠨᠡᠨᠴᠢ ᠪᠡᠷ ᠠᠵᠢᠯᠯᠠᠭᠤᠯᠤᠨ᠎ᠠ᠃
ᠲᠡᠭᠦᠨᠴᠢᠯᠡᠨ ᠤᠳᠠᠭ᠎ᠠ ᠪᠦᠷᠢ ᠶ᠋ᠢᠨ ᠨᠠᠭᠠᠳᠤᠮ ᠳ᠋ᠤ᠌ ᠤᠷᠢᠳᠤ ᠴᠣᠯᠠ ᠣᠯᠤᠭᠰᠠᠨ ᠮᠣᠷᠢᠳ ᠢ ᠪᠦᠷᠢᠳᠬᠡᠯᠭᠡᠵᠦ ᠲᠡᠭᠦᠨ ᠵᠢᠳᠬᠦᠯ ᠦ᠋ᠨ ᠲᠡᠮᠳᠡᠭᠯᠡᠯ ᠳ᠋ᠦ᠍ ᠣᠷᠣᠭᠤᠯᠤᠨ᠎ᠠ᠃
ᠬᠤᠷᠳᠤᠨ ᠮᠣᠷᠢᠨ ᠤ᠋ ᠴᠣᠯᠠ
ᠨᠠᠭᠠᠳᠤᠮ ᠳ᠋ᠤ᠌ ᠲᠦᠷᠦᠭᠦᠯᠡᠭᠰᠡᠨ᠂ ᠠᠢᠷᠠᠭᠳᠠᠭᠰᠠᠨ᠂ ᠪᠠᠷᠢᠭᠠᠨ ᠳ᠋ᠤ᠌ ᠣᠷᠣᠭᠰᠠᠨ ᠮᠣᠷᠢᠳ ᠢ ᠬᠠᠮᠤᠭ ᠤ᠋ᠨ ᠶᠡᠬᠡ ᠪᠡᠯᠭᠡᠲᠡᠢ ᠰᠠᠢᠬᠠᠨ ᠦᠭᠡᠰ ᠢ᠋ᠶ᠋ᠡᠷ ᠢᠷᠥᠭᠡᠵᠦ ᠮᠠᠭᠲᠠᠨ ᠳᠠᠭᠤᠯᠠᠬᠤ ᠶ᠋ᠢ ᠮᠣᠷᠢᠨ ᠴᠣᠯᠠ ᠳᠠᠭᠤᠳᠠᠬᠤ ᠭᠡᠨ᠎ᠡ ᠃ ᠮᠣᠷᠢᠨ ᠴᠣᠯᠠ ᠭᠡᠳᠡᠭ ᠨᠢ ᠠᠷᠠᠳ ᠤ᠋ᠨ ᠠᠮᠠᠨ ᠨᠠᠢᠷᠠᠭ ᠤ᠋ᠨ ᠰᠣᠳᠣᠨ ᠰᠣᠷᠭᠣᠭ ᠨᠢ ᠪᠥᠭᠡᠳ ᠰᠤᠮᠤ ᠰᠢᠭ᠋ ᠬᠤᠷᠳᠤᠨ ᠮᠣᠷᠢᠨ ᠳ᠋ᠠᠭᠠᠨ ᠰᠠᠨᠠᠭ᠎ᠠ ᠰᠡᠳᠬᠢᠯᠭᠡ ᠬᠡᠳᠦᠢ ᠭᠦᠨᠵᠡᠭᠡᠢ ᠭᠡᠰᠡᠨ ᠰᠡᠳᠬᠢᠯᠭᠡ ᠪᠡᠨ ᠢᠯᠡᠷᠬᠡᠢᠯᠡᠭᠰᠡᠨ ᠦᠭᠡᠰ ᠠᠵᠢ᠃
ᠮᠣᠷᠢᠨ ᠴᠣᠯᠠ ᠳᠠᠭᠤᠳᠠᠬᠤ ᠵᠠᠩᠰᠢᠯ ᠮᠣᠩᠭᠣᠯ ᠳᠠᠶᠠᠭᠠᠷ ᠲᠦᠭᠡᠮᠡᠯ ᠳᠡᠯᠭᠡᠷᠡᠵᠡᠢ ᠃ ᠲᠡᠷᠡᠴᠢᠯᠡᠨ ᠬᠤᠷᠳᠤᠨ ᠮᠣᠷᠢᠨ ᠳ᠋ᠠᠭᠠᠨ ᠪᠠᠰᠠ ᠲᠣᠬᠢᠷᠠᠭᠰᠠᠨ ᠨᠡᠷ᠎ᠡ ᠴᠦ᠍ ᠥᠭᠳᠡᠭ ᠃ ᠲᠤᠬᠠᠢᠯᠠᠪᠠᠯ ᠂ ᠲᠡᠷᠢᠭᠦᠨ ᠮᠣᠷᠢᠨ ᠳ᠋ᠤ᠌ 《ᠲᠦᠮᠡᠨ ᠦ᠌ ᠡᠬᠡ 》ᠴᠣᠯᠠ ᠥᠭᠴᠦ ᠂ ᠬᠠᠮᠤᠭ ᠰᠡᠭᠦᠯ ᠦ᠋ᠨ ᠲᠠᠰᠤᠯᠭᠠᠨ ᠳ᠋ᠤ᠌ ᠣᠷᠣᠭᠰᠠᠨ ᠮᠣᠷᠢᠨ ᠳ᠋ᠤ᠌ 《 ᠪᠦᠷᠢᠨ ᠵᠢᠷᠭᠠᠯ 》ᠭᠡᠬᠦ ᠮᠡᠲᠦ ᠪᠡᠷ ᠱᠠᠩᠨᠠᠯ ᠳ᠋ᠤ᠌ ᠣᠷᠣᠭᠰᠠᠨ ᠮᠣᠷᠢ ᠪᠦᠬᠦᠨ ᠢ ᠨᠡᠷᠡᠯᠡᠳᠡᠭ᠃
ᠨᠡᠷᠡᠯᠡᠬᠦ ᠲᠤᠬᠠᠢ ᠡᠷᠲᠡ ᠦᠶ᠎ᠡ ᠶ᠋ᠢᠨ ᠪᠤᠯᠢᠬᠠᠢ ᠤᠴᠢᠷ ᠢ ᠳᠤᠷᠠᠳᠬᠤ ᠦᠭᠡᠢ᠃ ᠬᠠᠷᠢᠨ ᠣᠳᠣ ᠦᠶ᠎ᠡ ᠶ᠋ᠢᠨ ᠰᠡᠷᠭᠦᠭᠡᠨ ᠬᠥᠭᠵᠢᠭᠦᠯᠵᠦ ᠪᠣᠢ ᠰᠠᠢᠬᠠᠨ ᠵᠦᠢᠯ ᠡᠴᠡ ᠴᠤᠬᠤᠰ ᠳᠤᠷᠠᠳᠤᠶ᠎ᠠ᠃
ᠲᠡᠷᠢᠭᠦᠯᠡᠭᠰᠡᠨ ᠮᠣᠷᠢ ᠬᠢᠭᠡᠳ ᠠᠢᠷᠠᠭᠳᠠᠭᠰᠠᠨ 5 ᠮᠣᠷᠢ ᠶ᠋ᠢ ᠴᠢᠮᠡᠵᠦ ᠂ ᠠᠰᠠᠷ ᠢ 3 ᠡᠷᠭᠢᠭᠦᠯᠵᠦ ᠂ ᠴᠣᠯᠠ ᠶ᠋ᠢ ᠭᠤᠷᠪᠠᠨᠲᠠ ᠳᠠᠭᠤᠳᠠᠵᠤ ᠡᠴᠦᠰ ᠦ᠋ᠨ ᠳᠠᠭᠤᠳᠠᠯᠭᠠᠨ ᠳ᠋ᠤ᠌ ᠤᠨᠤᠭᠰᠠᠨ ᠬᠡᠦᠬᠡᠳ ᠂ ᠮᠣᠷᠢᠨ ᠤ᠋ ᠡᠵᠡᠨ ᠢ ᠠᠢᠷᠠᠭ ᠳᠠᠷᠠᠰᠤ ᠪᠠᠷ ᠵᠣᠴᠢᠯᠠᠵᠤ ᠲᠡᠷᠢᠭᠦᠨ ᠮᠣᠷᠢᠨ ᠮᠢᠯᠢᠶᠠᠵᠤ᠂ ᠲᠣᠯᠣᠭᠠᠢ ᠬᠣᠨᠳᠣᠯᠠᠢ ᠤᠷᠤᠭᠤ ᠨᠢ ᠠᠢᠷᠠᠭ ᠴᠢᠳᠬᠤᠨ ᠮᠢᠯᠢᠶᠠᠨ᠎ᠠ᠃ ᠡᠢᠨ ᠬᠦ᠌ 5 ᠡᠴᠡ ᠳᠡᠭᠡᠭᠰᠢ ᠣᠷᠣᠭᠰᠠᠨ ᠮᠣᠷᠢ ᠶ᠋ᠢ 《ᠠᠢᠷᠠᠭ ᠤ᠋ᠨ ᠲᠠᠪᠤ 》 ᠭᠡᠵᠦ ᠬᠡᠯᠡᠳᠡᠭ ᠠᠵᠢ᠃
ᠮᠣᠷᠢᠨ ᠤ᠋ ᠴᠣᠯᠠ ᠳᠠᠭᠤᠳᠠᠬᠤ ᠳ᠋ᠠᠭᠠᠨ ᠶᠡᠷᠦᠩᠬᠡᠢ ᠳ᠋ᠡᠭᠡᠨ ᠲᠡᠷᠢᠭᠦᠨ ᠮᠣᠷᠢᠨ ᠤ᠋ ᠴᠣᠯᠠ ᠶ᠋ᠢ ᠡᠷᠬᠡᠪᠰᠢ ᠳᠠᠭᠤᠳᠠᠳᠠᠭ᠃ ᠵᠠᠷᠢᠮ ᠨᠢ ᠳᠡᠳ᠋ ᠡᠴᠡ ᠬᠣᠢᠰᠢᠬᠢ ᠶ᠋ᠢ ᠨᠢᠭᠡ ᠯᠡ ᠬᠠᠮᠲᠤᠷᠠᠭᠤᠯᠤᠭᠠᠳ ᠳᠠᠭᠤᠳᠠᠴᠢᠬᠠᠳᠠᠭ᠃ ᠵᠠᠷᠢᠮ ᠭᠠᠵᠠᠷ ᠲᠡᠷᠢᠭᠦᠨ ᠪᠠ ᠠᠳᠠᠭ ᠮᠣᠷᠢ ᠶ᠋ᠢ ᠴᠣᠯᠠᠯᠠᠨ ᠢᠷᠥᠭᠡᠳᠡᠭ ᠃ ᠠᠳᠠᠭ ᠮᠣᠷᠢ ᠶ᠋ᠢ 《ᠪᠠᠭᠠᠰᠤ ᠲᠡᠭᠦᠭᠰᠡᠨ 》᠂ 《 ᠪᠠᠶᠠᠨ ᠬᠣᠳᠣᠭᠣᠳᠣ 》 ᠭᠡᠬᠦ ᠮᠡᠲᠦ ᠪᠡᠷ ᠨᠡᠷᠡᠯᠡᠵᠦ ᠂ ᠰᠠᠢᠨ ᠮᠠᠭᠤᠯᠠᠭᠠᠳ ᠲᠡᠷᠢᠭᠦᠨ ᠮᠣᠷᠢ ᠲᠠᠢ ᠠᠳᠠᠯᠢ ᠱᠠᠩᠨᠠᠳᠠᠭ ᠪᠣᠢ ᠃
ᠬᠤᠷᠳᠤᠨ ᠮᠣᠷᠢᠨ ᠤ᠋ ᠱᠠᠩᠨᠠᠯ
ᠲᠡᠷᠢᠭᠦᠨ ᠪᠥᠬᠡ ᠂ ᠮᠣᠷᠢ ᠶ᠋ᠢᠨ ᠱᠠᠩᠨᠠᠯ ᠭᠡᠭᠴᠢ ᠡᠷᠲᠡ ᠳᠡᠭᠡᠷ᠎ᠡ ᠦᠶ᠎ᠡ ᠡᠴᠡ ᠡᠬᠢᠯᠡᠨ ᠶᠢᠰᠦ ᠶᠢᠰᠦ ᠨᠠᠶᠠᠨ ᠨᠢᠭᠡ ᠪᠡᠷ ᠱᠠᠩᠨᠠᠭᠤᠯᠵᠤ ᠢᠷᠡᠭᠰᠡᠨ ᠲᠡᠦᠬᠡ ᠵᠢᠷᠤᠮ ᠲᠠᠢ ᠪᠢᠯᠡ ᠃
ᠲᠡᠷᠡ ᠨᠢ ᠣᠳᠣ ᠴᠠᠭ ᠪᠣᠯᠵᠤ ᠂ ᠪᠣᠳᠠᠰ ᠪᠣᠯᠵᠤ ᠬᠤᠪᠢᠷᠠᠬᠤ ᠮᠥᠷᠲᠡᠭᠡᠨ ᠪᠦᠷ ᠴᠦ᠍ ᠴᠡᠪᠡᠷ ᠴᠣᠮᠬᠠᠨ ᠪᠣᠯᠵᠤ ᠂ ᠮᠣᠷᠢ ᠪᠠᠨ ᠦᠵᠡᠭᠡᠳ ᠪᠠᠶᠠᠷᠯᠠᠭᠰᠠᠨ ᠰᠡᠳᠬᠢᠯ ᠢ ᠮᠢᠲᠠᠭᠠᠬᠤ ᠰᠢᠤᠬᠠᠨ ᠪᠣᠯᠬᠤ ᠶᠤᠮ ᠃
