ᠳᠡᠯᠡᠬᠡᠢ ᠶᠢᠨ ᠮᠣᠩᠭᠣᠯДэлхийн Монгол
ᠳᠡᠯᠡᠬᠡᠢ ᠶᠢᠨ ᠮᠣᠩᠭᠣᠯ
ᠢᠵᠢᠯ ᠮᠥᠷᠡᠨ ᠦ᠌ ᠴᠠᠭᠠᠨ᠎ᠠ ᠬᠣᠴᠣᠷᠤᠭᠰᠠᠨ
ᠡᠯᠢᠭᠡᠨ ᠬᠠᠢᠷᠠᠲᠤ ᠬᠠᠯᠢᠮᠠᠭ ᠮᠢᠨᠢ
ᠢᠬᠡᠷ᠎ᠡ ᠶᠦᠮ ᠰᠢᠭ ᠵᠠᠶᠠᠭᠠᠭᠳᠠᠭᠰᠠᠨ
ᠡᠷᠬᠢᠮ ᠣᠯᠠᠨ ᠪᠤᠷᠢᠶᠠᠳ ᠮᠢᠨᠢ
ᠡᠵᠡᠷᠬᠡᠬᠦ ᠶ᠋ᠢᠨ ᠡᠷᠬᠡᠨ ᠳ᠋ᠦ᠍ ᠲᠠᠰᠤᠷᠠᠭᠰᠠᠨ
ᠡᠩ ᠦᠭᠡᠢ ᠶᠡᠬᠡ ᠳᠤᠸᠠ ᠮᠢᠨᠢ
ᠡᠬᠡ ᠣᠷᠣᠨ ᠲᠠᠢ ᠪᠠᠨ ᠦᠯᠡᠳᠡᠭᠰᠡᠨ
ᠡᠭᠡᠯ ᠲᠦᠮᠡᠨ ᠬᠠᠯᠬ᠎ᠠ ᠮᠢᠨᠢ
ᠠᠹᠭᠠᠨᠢᠰᠲ᠋ᠠᠨ ᠳ᠋ᠤ᠌ ᠨᠤᠲᠤᠭᠰᠢᠭᠰᠠᠨ
ᠡᠷᠡᠯᠬᠡᠭ ᠮᠢᠩᠭᠠᠨ ᠬᠠᠵᠠᠷ᠎ᠠ ᠨᠤᠭᠤᠳ
ᠠᠯᠤᠰ ᠬᠣᠯᠠ ᠬᠠᠨᠢᠰᠤ ᠶ᠋ᠢᠨ
ᠠᠶᠠᠯᠭᠤᠲᠤ ᠰᠠᠢᠬᠠᠨ ᠪᠠᠷᠭᠤ ᠨᠤᠭᠤᠳ
ᠠᠯᠠᠭ ᠮᠢᠬᠠᠨ ᠤ᠋ ᠲᠠᠰᠤᠷᠬᠠᠢ
ᠲᠠᠲ᠋ᠠᠷ ᠂ ᠴᠠᠬᠠᠷ ᠂ ᠲᠣᠷᠭᠤᠳ
ᠠᠯᠲᠠᠨ ᠤᠷᠤᠭ ᠢ᠋ᠶ᠋ᠠᠨ ᠲᠣᠭᠣᠷᠢᠭᠰᠠᠨ
ᠠᠭᠤᠤ ᠣᠯᠠᠨ ᠶᠠᠰᠤᠲᠠᠨ ᠨᠤᠭᠤᠳ
ᠬᠠᠭᠠᠳ ᠬᠠᠭᠠᠳ ᠤ᠋ᠨ ᠲᠦᠪᠡᠷᠭᠡᠨ ᠳ᠋ᠦ᠍ ᠬᠠᠲᠠᠷᠢᠭᠰᠠᠨ ᠬᠢᠯᠢᠩ
ᠬᠠᠨ ᠲᠩᠷᠢ ᠶ᠋ᠢᠨ ᠨᠦᠷᠭᠢᠭᠡᠨ ᠳ᠋ᠦ᠍ ᠬᠠᠮᠲᠤ ᠰᠡᠷᠢᠬᠦ ᠰᠡᠯᠡᠮ᠎ᠡ
ᠪᠤᠭᠤᠷᠤᠯ ᠲᠡᠦᠬᠡ ᠶ᠋ᠢᠨ ᠪᠤᠲᠠᠷᠠᠭᠰᠠᠨ ᠤᠤᠬᠠᠢ
ᠪᠤᠴᠠᠯᠬᠤ ᠴᠢᠰᠤᠨ ᠳ᠋ᠤ᠌ ᠮᠢᠨᠢ ᠥᠨᠥᠴᠢᠷᠡᠭᠰᠡᠨ ᠰᠢᠷᠤᠩᠬᠠᠢ
ᠥᠮᠥᠭᠡᠯᠡᠨ ᠥᠷᠪᠥᠯᠵᠡᠨᠡ ᠥᠪᠥᠷ ᠮᠣᠩᠭᠣᠯ ᠠᠬᠠᠨ ᠳᠡᠭᠦᠦᠰ
ᠬᠠᠮᠠᠭᠠᠯᠠᠨ ᠬᠠᠳᠬᠤᠯᠳᠤᠨᠠ ᠬᠠᠷᠠᠴᠢᠨ᠂ ᠬᠣᠷᠴᠢᠨ᠂ ᠳᠥᠷᠪᠡᠳ᠂ ᠣᠢᠷᠠᠳ
ᠨᠢᠭᠡ ᠴᠠᠭ ᠲᠤ᠌ ᠲᠤᠯᠵᠤ ᠪᠣᠰᠬᠤ ᠬᠦᠴᠦ ᠨᠢ ᠮᠣᠩᠭᠣᠯ ᠮᠢᠨᠢ
ᠨᠢᠭᠡᠨ ᠴᠠᠭ ᠲᠤ᠌ ᠳᠠᠭᠤᠯᠠᠵᠤ ᠤᠴᠠᠷᠠᠬᠤ ᠢᠵᠢᠯ ᠲᠩᠷᠢᠲᠡᠨ
ᠥᠷᠯᠥᠭ ᠲᠡᠦᠬᠡ ᠴᠠᠳᠢᠭ ᠢ᠋ᠶ᠋ᠠᠨ ᠬᠠᠢᠯ ᠤᠤ
ᠡᠪᠦᠭᠡᠳ ᠦ᠋ᠨ ᠰᠦᠨᠡᠰᠦ ᠴᠠᠩᠭᠠᠭ᠎ᠠ ᠲᠠᠢᠯ ᠤᠤ
ᠬᠥᠬᠡ ᠲᠩᠷᠢ ᠬᠦᠵᠢ ᠳᠡᠯᠡᠬᠡᠢ ᠳ᠋ᠦ᠍
ᠬᠦᠰᠡᠯ ᠢᠶᠡᠨ ᠰᠢᠪᠡᠨᠡᠨ ᠳᠠᠭᠠᠳᠬ᠎ᠠ ᠤᠤ
ᠦ ᠦ ᠦ ᠬᠡ ᠬᠡᠢ ᠬᠡᠢ ᠬᠦ
ᠦ ᠦ ᠦ ᠬᠡ ᠬᠡᠢ ᠬᠡᠢ ᠬᠦ
ᠬᠥᠬᠡ ᠲᠩᠷᠢ ᠬᠦᠴᠦᠲᠦ ᠲᠡᠭᠦᠨ ᠳ᠋ᠦ᠍
ᠬᠦᠰᠡᠯ ᠢᠶᠡᠨ ᠰᠢᠪᠡᠨᠡᠨ ᠳᠠᠭᠠᠳᠬ᠎ᠠ ᠤᠤ
ᠾᠦᠩᠨᠦ᠂ ᠰᠢᠶᠠᠨᠪᠧᠢ᠂ ᠨᠢᠷᠦᠨ
ᠲᠦᠷᠺ ᠂ ᠤᠢᠭᠤᠷ ᠂ ᠬᠢᠳᠠᠨ
ᠶᠡᠬᠡ ᠮᠣᠩᠭᠣᠯ ᠤᠯᠤᠰ
ᠡᠵᠡᠨ ᠴᠢᠩᠭᠢᠰ ᠬᠠᠭᠠᠨ ᠤ᠋ ᠤᠳᠤᠮ
ᠨᠠᠢ᠍ᠮᠠᠨ ᠵᠦᠭ ᠲᠦ᠍ ᠪᠡᠨ ᠨᠠᠷᠠᠨ ᠰᠠᠷᠠᠨ ᠢ᠋ ᠡᠷᠬᠡᠰᠢᠶᠡᠭᠰᠡᠨ ᠬᠦᠴᠦ
ᠨᠠᠢ᠍ᠮᠠᠨ ᠵᠠᠭᠤᠨ ᠢ᠋ ᠥᠷᠲᠡᠭᠡᠯᠡᠭᠰᠡᠨ ᠲᠩᠷᠢ ᠶ᠋ᠢᠨ ᠣᠴᠢ
ᠮᠥᠩᠬᠡ ᠭᠠᠯ ᠡᠴᠢᠭᠡ ᠡᠪᠦᠭᠡᠳ ᠦ᠋ᠨ ᠮᠢᠨᠢ ᠳᠡᠭᠡᠳᠦ ᠢᠵᠠᠭᠤᠷ
ᠬᠦᠴᠦᠲᠦ ᠴᠢᠨᠣ᠎ᠠ ᠶ᠋ᠢᠨ ᠣᠯᠢᠬᠤ ᠳᠠᠭᠤᠤ ᠬᠣᠷᠸ᠎ᠠ ᠪᠠᠷ ᠴᠤᠭᠤᠷ
ᠬᠡᠪᠡᠯᠢ ᠨᠢᠭᠡ ᠬᠡᠯᠬᠢᠶ᠎ᠡ ᠪᠡᠬᠢ ᠠᠬᠠᠨ ᠳᠡᠭᠦᠦᠰ ᠲᠦ᠍ ᠮᠢᠨᠢ ᠬᠦᠷ
ᠬᠦᠴᠦ ᠬᠤᠷ᠎ᠠ᠂᠂᠂᠂ ᠲᠡᠢᠮᠦ ᠠ᠋ ᠬᠦᠴᠦ ᠬᠦᠴᠦ ᠬᠤᠷ᠎ᠠ
ᠲᠦᠷᠺ᠂ ᠲᠤᠩᠭᠤᠰ ᠭᠠᠷᠤᠯ ᠲᠠᠢ ᠲᠦᠳᠡᠭ ᠮᠡᠲᠦ ᠠᠰᠠᠭᠰᠠᠨ ᠨᠠᠢᠵᠠ ᠨᠤᠭᠤᠳ
ᠲᠥᠷᠥ ᠶ᠋ᠢᠨ ᠶᠡᠬᠡ ᠲᠤᠯᠭᠠᠭᠤᠷᠢ ᠶ᠋ᠢ ᠲᠦᠰᠢᠵᠦ ᠶᠠᠪᠤᠭᠰᠠᠨ ᠡᠷᠲᠡᠨ ᠦ᠌ ᠬᠠᠭᠠᠳ ᠤ᠋ᠳ
ᠬᠠᠮᠤᠭ ᠮᠣᠩᠭᠣᠯ ᠤᠯᠤᠰ ᠤ᠋ᠨ ᠬᠠᠨ᠎ᠠ ᠨᠢ ᠪᠣᠯᠤᠨ ᠬᠠᠭᠠᠵᠤ ᠪᠠᠢᠨ᠎ᠠ
ᠬᠠᠭᠠᠴᠠᠵᠤ ᠰᠠᠯᠵᠤ ᠪᠣᠯᠬᠤ ᠦᠭᠡᠢ ᠭᠦᠷᠦᠨ ᠮᠢᠨᠢ ᠬᠠᠷᠠᠵᠤ ᠪᠠᠢᠨ᠎ᠠ
ᠬᠠᠭᠠᠨ ᠴᠢᠩᠭᠢᠰ ᠢᠶᠡᠷ ᠤᠷᠭᠤᠭᠰᠠᠨ ᠴᠢᠮᠦᠭᠡᠲᠦ ᠶᠠᠰᠤᠨ ᠤ᠋ ᠬᠡᠯᠲᠡᠷᠬᠡᠢ
ᠬᠠᠲᠤᠨ ᠪᠥᠷᠲᠡ ᠡᠴᠡ ᠤᠷᠤᠰᠤᠭᠰᠠᠨ ᠤᠯᠠᠭᠠᠨ ᠴᠢᠰᠤᠨ ᠤ᠋ ᠦᠰᠦᠷᠬᠡᠢ
ᠬᠥᠯᠦᠨ ᠪᠤᠢᠷ᠂ ᠪᠠᠢᠭᠠᠯᠢ ᠨᠠᠭᠤᠷ ᠠ᠋ᠴᠠ ᠰᠥᠰᠥ ᠪᠡᠨ ᠠᠪᠤᠨ ᠤᠤᠯᠭᠠᠯᠠᠶᠠ
ᠬᠥᠳᠡᠭᠡ ᠠᠷᠠᠯ ᠠ᠋ᠴᠠ ᠪᠤᠷᠬᠠᠨ ᠬᠠᠯᠳᠤᠨ ᠳ᠋ᠤ᠌ ᠳᠡᠭᠦᠯᠢᠨ ᠨᠢᠰᠴᠦ ᠴᠤᠭᠯᠠᠯᠳᠤᠶᠠ
ᠥᠷᠯᠥᠭ ᠲᠡᠦᠬᠡ ᠴᠠᠳᠢᠭ ᠢ᠋ᠶ᠋ᠠᠨ ᠬᠠᠢᠯ ᠤᠤ
ᠡᠪᠦᠭᠡᠳ ᠦ᠋ᠨ ᠰᠦᠨᠡᠰᠦ ᠴᠠᠩᠭᠠᠭ᠎ᠠ ᠲᠠᠢᠯ ᠤᠤ
ᠬᠥᠬᠡ ᠲᠩᠷᠢ ᠬᠦᠵᠢ ᠳᠡᠯᠡᠬᠡᠢ ᠳ᠋ᠦ᠍
ᠬᠦᠰᠡᠯ ᠢᠶᠡᠨ ᠰᠢᠪᠡᠨᠡᠨ ᠳᠠᠭᠠᠳᠬ᠎ᠠ ᠤᠤ
ᠦ ᠦ ᠦ ᠬᠡ ᠬᠡᠢ ᠬᠡᠢ ᠬᠦ
ᠦ ᠦ ᠦ ᠬᠡ ᠬᠡᠢ ᠬᠡᠢ ᠬᠦ
ᠬᠥᠬᠡ ᠲᠩᠷᠢ ᠬᠦᠴᠦᠲᠦ ᠲᠡᠭᠦᠨ ᠳ᠋ᠦ᠍
ᠬᠦᠰᠡᠯ ᠢᠶᠡᠨ ᠰᠢᠪᠡᠨᠡᠨ ᠳᠠᠭᠠᠳᠬ᠎ᠠ ᠤᠤ
ᠲᠡᠦᠬᠡ ᠶ᠋ᠢ ᠪᠢᠳᠡ ᠮᠠᠷᠲᠠᠭᠰᠠᠨ ᠴᠤ᠌
ᠲᠡᠦᠬᠡ ᠪᠢᠳᠡᠨ ᠢ᠋ ᠮᠠᠷᠲᠠᠬᠤ ᠦᠭᠡᠢ
ᠲᠦᠮᠡᠨ ᠵᠢᠯ ᠢ᠋ ᠳᠤᠭᠤᠯᠪᠠᠴᠤ
ᠲᠤᠭᠤᠷᠭᠠᠲᠠᠨ ᠨᠢᠭᠡᠨ ᠢ᠋ᠶ᠋ᠡᠨ ᠣᠷᠬᠢᠬᠤ ᠦᠭᠡᠢ
ᠬᠠᠭᠠᠴᠠᠵᠤ ᠰᠠᠯᠵᠤ ᠪᠣᠯᠬᠤ ᠦᠭᠡᠢ
ᠬᠠᠢᠷᠠᠨ ᠰᠠᠢᠬᠠᠨ ᠭᠦᠷᠦᠨ ᠮᠢᠨᠢ
ᠬᠠᠮᠢᠭ᠎ᠠ ᠪᠠᠢᠭ᠎ᠠ ᠭᠠᠵᠠᠷ ᠢ᠋ᠶ᠋ᠠᠨ ᠢᠷᠥᠭᠡᠭᠳᠡ
ᠢᠷᠥᠭᠡᠭᠳᠡ᠂᠂᠂᠂ ᠢᠷᠦᠭᠡᠭᠳᠡ᠂᠂᠂᠂
ᠦᠰᠦᠭ ᠠᠮᠢᠯᠠᠭᠤᠯᠤᠭᠴᠢ᠄ ᠨᠤᠮᠤᠴᠢᠨ ᠪᠢᠯᠢᠭ
ᠦᠰᠦᠭ ᠬᠠᠳᠠᠭ᠍ᠴᠢ᠄ ᠬᠠᠷᠬᠠᠳᠠᠨ ᠷ᠂ ᠴᠢᠷᠮᠠᠢᠯᠳᠣ
ᠬᠢᠨᠠᠭᠴᠢ᠄ ᠬᠠᠳᠠᠴᠢ ᠤᠷᠠᠨ᠎ᠠ᠂ ᠪᠠᠳᠠᠷᠠᠯᠲᠤ
Дэлхийн Монг
Ижил мөрний цаана хоцорсон
Элгэн хайрт ХАЛИМАГ минь
Ихэр юм шиг заяагдсан
Эрхэм олон БУРИАД минь
Эзэрхэхийн эрхэнд тасарсан
Энгүй их ТУВА минь
Эх оронтойгоо үлдсэн
Эгэл түмэн ХАЛХ минь
Афганистанд нутагшсан
Эрэлхэг мянган ХАЗАРУУД
Алс хол Ханьсын
Аялгуут сайхан БАРГУУД
Алаг махны тасархай
ТАТАР, ЦАХАР, ТОРГУУД
Алтан ургаа тойрсон
Агуу олон ЯСТАНУУД
Хаад хаадын төвөргөөнд хатирсан Хилэн
Хан тэнгэрийн нүргээнд хамт сэрэх Сэлэм
Буурал түүхийн бутарсан Уухай
Буцлах цусанд минь өнчирсөн Шуранхай
Өмгөөлөн өрвөлзөнө ӨВӨР МОНГОЛ ахан дүүс
Хамгаалан хатгалдана ХАРЧИН, ХОРЧИН, ДӨРВӨД, ОЙРАД
Нэг цэгт тулж босох хүч нь Монгол минь
Нэгэн цагт дуулж учрах ижил Тэнгэртэн
Өрлөг түүх цадигаа хайл юу
Өвгөдийн сүнс цангаа тайл юу
Хөх тэнгэр хүж дэлхийд
Хүслээ шивнэн даатга юу
Өө өөө өө хээ хэй хэй хөө
Өө өөө өө хээ хэй хэй хөө
Хөх тэнгэр Хүчит Түүнд
Хүслээ шивнэн даатга юу
ХҮННҮ, СЯНЬБИ, НИРУН
ТҮРЭГ, УЙГАР, КИДАН
ИХ МОНГОЛ УЛС
Эзэн Чингис Хааны удам
Найман зүгтээ наран саранг Эрхшээсэн хүч
Найман зууныг өртөөлсөн Тэнгэрийн оч
Мөнх Гал эцэг өвгөдийн минь дээд язгуур
Хүчит чонын улих дуу хорвоогоор цуур
Хэвэл нэг хэлхээ бэх ахан дүүст минь хүр
Хүч хур... Тийм ээ хүч хүч хур
Түрэг, Тунгас гаралтай түүдэг мэт ассан Найзууд
Төрийн их тулгуурыг түшиж явсан эртний Хаадууд
Хамаг Монгол улсын хана нь болон хааж байна
Хагацаж салж болохгүй Гүрэн минь харж байна
Хаан Чингэсээр ургасан чөмөгт ясны хэлтэрхий
Хатан Бөртээс урссан улаан цусны үсэрхий
Хөлөнбуйр, Байгаль нуураас цөсөө аван уулгалъя
Хөдөө арлаас Бурхан Халдунд дүүлэн нисэж цуглалдъя
Өрлөг түүх цадигаа хайл юу
Өвгөдийн сүнс цангаа тайл юу
Хөх тэнгэр хүж дэлхийд
Хүслээ шивнэн даатга юу
Өө өөө өө хээ хэй хэй хөө
Өө өөө өө хээ хэй хэй хөө
Хөх тэнгэр Хүчит Түүнд
Хүслээ шивнэн даатга юу
Түүхийг бид мартсан ч
Түүх биднийг мартахгүй
Түмэн жилийг туулавч
Туургатан нэгнээ орхихгүй
Хагацаж салж болохгүй
Хайран сайхан Гүрэн минь
Хаа байгаа газраа Ерөөгд
Ерөөгд... Ерөөгд...
