ᠬᠥᠬᠡ ᠵᠤᠯᠠ – ᠪᠣᠷᠵᠢᠭᠢᠨ ᠸᠠᠩᠵᠠᠯ - < ᠨᠠᠢ᠍ᠮᠠ ᠂ ᠤᠷᠤᠯᠳᠤᠭᠠᠨ ᠮᠣᠷᠢ ᠤᠨᠤᠭᠴᠢᠳ ᠪᠠ ᠲᠣᠨᠣᠭ ᠲᠥᠬᠥᠭᠡᠷᠦᠮᠵᠢ ᠶᠢᠨ ᠪᠦᠯᠦᠭ > Хөх зул – Боржигон Ванжал –" Найм ᠂ Уралдаан морь унагчид ба тоног төхөөрөмжийн бүлэг"
ᠨᠠᠢ᠍ᠮᠠ ᠂ ᠤᠷᠤᠯᠳᠤᠭᠠᠨ ᠮᠣᠷᠢ ᠤᠨᠤᠭᠴᠢᠳ ᠪᠠ ᠲᠣᠨᠣᠭ ᠲᠥᠬᠥᠭᠡᠷᠦᠮᠵᠢ ᠶᠢᠨ ᠪᠦᠯᠦᠭ
1. ᠤᠷᠤᠯᠳᠤᠭᠠᠨ ᠮᠣᠷᠢ ᠤᠨᠤᠭᠴᠢᠳ
ᠤᠷᠤᠯᠳᠤᠭᠠᠨ ᠮᠣᠷᠢ ᠣᠨᠣᠭᠴᠢᠳ
ᠮᠣᠩᠭᠣᠯ ᠤ᠋ᠨ ᠨᠠᠭᠠᠳᠤᠮ ᠳ᠋ᠠᠬᠢ ᠮᠣᠷᠢᠨ ᠤᠷᠤᠯᠳᠤᠭᠠᠨ ᠤ᠋ ᠰᠣᠳᠣᠨ ᠨᠢᠭᠡᠨ ᠣᠨᠴᠠᠯᠢᠭ ᠴᠢᠨᠠᠷ ᠭᠡᠪᠡᠯ ᠂ ᠬᠤᠷᠳᠤᠨ ᠮᠣᠷᠢ ᠶ᠋ᠢ ᠡᠷᠬᠡᠪᠰᠢ ᠪᠠᠭ᠎ᠠ ᠨᠠᠰᠤᠨ ᠤ᠋ ᠬᠡᠦᠬᠡᠳ ᠤᠨᠤᠨ᠎ᠠ᠃ ᠡᠷᠡᠭᠲᠡᠢ ᠡᠮᠡᠭᠲᠡᠢ ᠢᠯᠭᠠᠯ ᠦᠭᠡᠢ 7 - 13 ᠨᠠᠰᠤᠨ ᠤ᠋ ᠬᠡᠦᠬᠡᠳ ᠦ᠋ᠳ ᠢ᠋ᠶ᠋ᠡᠷ ᠬᠤᠷᠳᠤᠨ ᠮᠣᠷᠢ ᠣᠨᠣᠭᠤᠯᠬᠤ ᠵᠠᠩᠰᠢᠯ ᠨᠡᠢᠳᠡᠮ ᠳᠡᠯᠭᠡᠷᠡᠵᠦ ᠵᠠᠩᠰᠢᠵᠠᠢ᠃ ᠡᠭᠦᠨ ᠳ᠋ᠦ᠍ 7 - 10 ᠨᠠᠰᠤᠨ ᠤ᠋ ᠬᠢᠨ ᠭᠣᠣᠯᠯᠠᠵᠤ ᠂ ᠬᠠᠶᠠ 6 ᠨᠠᠰᠤᠨ ᠤ᠋ ᠬᠡᠦᠬᠡᠳ ᠢ᠋ᠶ᠋ᠡᠷ ᠣᠨᠣᠭᠤᠯᠤᠭᠴᠢᠳ ᠴᠥᠭᠡᠪᠦᠷ ᠦᠵᠡᠭᠳᠡᠳᠡᠭ᠃
ᠬᠡᠲᠦᠷᠬᠡᠢ ᠪᠠᠭ᠎ᠠ ᠨᠠᠰᠤᠨ ᠤ᠋ ᠬᠡᠦᠬᠡᠳ ᠢ᠋ᠶ᠋ᠡᠷ ᠬᠤᠷᠳᠤᠨ ᠮᠣᠷᠢ ᠣᠨᠣᠭᠤᠯᠬᠤ ᠳ᠋ᠤ᠌ ᠬᠠᠰᠢᠷ ᠰᠠᠭᠤᠭ᠎ᠠ ᠦᠭᠡᠢ ᠤᠴᠢᠷ ᠮᠣᠷᠢ ᠪᠠᠨ ᠶᠠᠪᠤᠭᠤᠯᠵᠤ ᠴᠢᠳᠠᠬᠤ ᠦᠭᠡᠢ᠂ ᠲᠠᠲᠠᠵᠤ ᠳᠡᠢᠯᠬᠦ ᠦᠭᠡᠢ᠂ ᠳᠠᠪᠬᠢᠯ ᠬᠠᠳᠠᠭᠠᠯᠠᠵᠤ ᠲᠣᠬᠢᠷᠠᠭᠤᠯᠵᠤ ᠴᠢᠳᠠᠬᠤ ᠦᠭᠡᠢ ᠵᠡᠷᠭᠡ ᠣᠰᠤᠭᠠ ᠭᠠᠷᠴᠤ ᠮᠡᠳᠡᠬᠦ ᠶᠦ᠍ᠮ᠃ ᠬᠠᠰᠢᠷ ᠰᠠᠢᠲᠠᠢ ᠬᠡᠦᠬᠡᠳ ᠨᠢ ᠬᠤᠷᠳᠤᠨ ᠢ᠋ᠶ᠋ᠠᠷ ᠪᠠᠷᠤᠭᠲᠠᠢ ᠮᠣᠷᠢ ᠶ᠋ᠢ ᠴᠦ᠍ ᠰᠠᠢᠨ ᠠᠬᠢᠭᠤᠯᠵᠤ ᠂ ᠳᠠᠪᠬᠢᠭᠤᠯᠳᠠᠭ ᠤᠳᠠᠭ᠎ᠠ ᠴᠤ᠌ ᠭᠠᠷᠴᠤ ᠢᠷᠡᠵᠡᠢ᠃
14 ᠨᠠᠰᠤᠲᠠᠢ ᠪᠠ ᠪᠡᠶ᠎ᠡ ᠪᠦᠳᠦᠭᠦᠨ 13 ᠨᠠᠰᠤᠲᠠᠢ ᠬᠡᠦᠬᠡᠳ ᠢ ᠮᠣᠷᠢᠨ ᠳ᠋ᠤ᠌ ᠬᠦᠨᠳᠦᠳᠡᠯᠡ ᠭᠡᠳᠡᠭ ᠃ ᠭᠡᠪᠡᠴᠦ ᠪᠡᠶ᠎ᠡ ᠪᠠᠭ᠎ᠠ ᠲᠠᠢ ᠶᠠᠰᠤ ᠬᠥᠩᠭᠡᠨ ᠠᠪᠬᠠᠯᠵᠢ ᠰᠠᠢᠲᠠᠢ ᠬᠡᠦᠬᠡᠳ ᠪᠣᠯ ᠤᠨᠤᠭᠤᠯᠵᠤ ᠪᠣᠯᠬᠤ ᠶᠤᠮ᠃
ᠬᠡᠦᠬᠡᠳ ᠢ᠋ ᠶᠡᠷᠦ ᠨᠢ ᠪᠠᠭ᠎ᠠ ᠠ᠋ᠴᠠ ᠡᠬᠢᠯᠡᠵᠦ ᠂ ᠤᠨᠤᠭᠤᠯᠵᠤ ᠂ ᠳᠠᠪᠬᠢᠭᠤᠯᠵᠤ ᠂ ᠡᠮᠨᠢᠭ ᠳᠠᠭ᠎ᠠ ᠰᠢᠳᠦᠯᠡᠩ ᠪᠤᠯᠭᠢᠭᠤᠯᠵᠤ ᠰᠤᠷᠭᠠᠬᠤ ᠬᠢᠭᠡᠳ ᠬᠤᠷᠳᠤᠨ ᠮᠣᠷᠢ ᠤᠨᠤᠭᠤᠯᠵᠤ ᠲᠠᠲᠠᠭᠤᠯᠬᠤ ᠵᠡᠷᠭᠡ ᠳ᠋ᠦ᠍ ᠰᠢᠮᠳᠠᠪᠠᠯ ᠲᠠᠭᠠᠷᠠᠨ᠎ᠠ ᠃ ᠬᠡᠦᠬᠡᠳ ᠬᠤᠷᠳᠤᠨ ᠮᠣᠷᠢ ᠤᠨᠤᠵᠤ ᠰᠤᠷᠬᠤ ᠶ᠋ᠢᠨ ᠬᠠᠮᠲᠤ ᠬᠥᠩᠭᠡᠨ ᠰᠢᠩᠭᠡᠨ ᠂ ᠲᠦᠷᠭᠡᠨ ᠱᠠᠯᠠᠮᠠᠭᠠᠢ ᠂ ᠤᠪ ᠮᠡᠬᠡᠲᠡᠢ ᠠᠪᠬᠠᠯᠵᠢ ᠰᠡᠷᠭᠦᠯᠡᠩ ᠂ ᠵᠢᠷᠦᠬᠡ ᠵᠣᠷᠢᠭᠲᠠᠢ ᠪᠣᠯᠵᠤ ᠂ ᠬᠤᠷᠳᠤᠨ ᠮᠣᠷᠢ ᠶ᠋ᠢ ᠶᠠᠪᠤᠭᠤᠯᠵᠤ ᠂ ᠬᠤᠷᠳᠤᠴᠠ ᠶ᠋ᠢ ᠨᠡᠮᠡᠭᠦᠯᠬᠦ ᠂ ᠨᠥᠭᠡᠬᠦ ᠬᠠᠳᠠᠭᠠᠯᠠᠬᠤ ᠂ ᠲᠠᠲᠠᠬᠤ ᠰᠢᠬᠠᠬᠤ ᠴᠠᠭ ᠦᠶ᠎ᠡ ᠶ᠋ᠢ ᠲᠣᠬᠢᠷᠠᠭᠤᠯᠬᠤ ᠳ᠋ᠤ᠌ ᠨᠡᠪᠲᠡᠷᠬᠡᠢ ᠰᠤᠷᠮᠠᠭᠠᠢ ᠪᠣᠯᠬᠤ ᠴᠢᠬᠤᠯᠠᠲᠠᠢ᠃ ᠡᠨᠡᠴᠢᠯᠡᠨ ᠬᠥᠯ ᠨᠢ ᠳᠥᠷᠦᠭᠡᠨ ᠳ᠋ᠦ᠍ ᠂ ᠭᠠᠷ ᠨᠢ ᠭᠠᠨᠵᠤᠭᠠᠨ ᠳ᠋ᠤ᠌ ᠬᠦᠷᠦᠭᠡ ᠦᠭᠡᠢ ᠪᠢᠴᠢᠬᠠᠨ ᠬᠡᠦᠬᠡᠳ ᠨᠢ ᠮᠣᠷᠢᠨ ᠤ᠋ ᠨᠢᠷᠤᠭᠤᠨ ᠳ᠋ᠤ᠌ ᠬᠦᠷᠬᠦ ᠦᠭᠡᠢ ᠠᠭᠳᠤᠭᠠᠷ ᠪᠠᠢᠲᠠᠯ᠎ᠠ ᠪᠠᠨ ᠨᠢᠭᠡᠨᠲᠡ ᠮᠣᠷᠳᠠᠪᠠᠯ ᠨᠢᠰᠴᠦ ᠭᠡᠵᠦ ᠮᠡᠳᠡ ᠃ ᠡᠢᠮᠦ ᠡᠷᠪᠡᠬᠡᠢ ᠰᠢᠭ ᠬᠡᠦᠬᠡᠳ ᠣᠯᠠᠨ ᠪᠠᠢᠳᠠᠭ ᠃ ᠡᠢᠨ ᠬᠦ᠌ ᠬᠤᠷᠳᠤᠨ ᠮᠣᠷᠢ ᠶ᠋ᠢ ᠤᠷᠤᠯᠳᠤᠨ ᠶᠠᠪᠤᠭ᠎ᠠ ᠶᠠᠪᠤᠴᠠ ᠳ᠋ᠠᠭᠠᠨ ᠡᠮᠡᠭᠡᠯ ᠨᠢ ᠲᠣᠯᠣᠭᠠᠢ ᠤᠷᠤᠭᠤ ᠨᠢ ᠣᠷᠣᠭᠰᠠᠨ ᠪᠤᠶᠤ ᠣᠯᠣᠩ ᠵᠢᠷᠢᠮ ᠲᠠᠰᠤᠷᠠᠵᠤ ᠣᠰᠤᠭᠠ ᠭᠠᠷᠬᠤ ᠳ᠋ᠤ᠌ ᠳᠠᠪᠬᠢᠭᠠᠨ ᠳᠡᠭᠡᠷ᠎ᠡ ᠡᠮᠡᠭᠡᠯ ᠢ᠋ᠶ᠋ᠡᠨ ᠠᠪᠴᠤ ᠬᠠᠶᠠᠭᠠᠳ ᠵᠠᠢᠳᠠᠩ ᠤᠷᠤᠯᠳᠤᠵᠤ ᠲᠡᠷᠢᠭᠦᠯᠡᠭᠰᠡᠨ ᠪᠤᠶᠤ ᠳᠡᠭᠡᠷ᠎ᠡ ᠳᠠᠪᠬᠢᠭᠤᠯᠵᠤ ᠢᠷᠡᠭᠰᠡᠨ ᠵᠢᠱ᠌ᠢᠶ᠎ᠡ ᠴᠥᠭᠡᠨ ᠦᠭᠡᠢ ᠪᠠᠢᠵᠤ ᠢᠷᠡᠵᠡᠢ᠃
ᠮᠣᠷᠢᠨ ᠳ᠋ᠤ᠌ ᠬᠡᠳᠦᠢ ᠬᠥᠩᠭᠡᠨ ᠪᠣᠯ ᠲᠡᠳᠦᠢ ᠶᠡᠬᠡ ᠬᠤᠷᠳᠤᠴᠠ ᠶ᠋ᠢᠨ ᠦᠷ᠎ᠡ ᠪᠦᠲᠦᠮᠵᠢ ᠶ᠋ᠢ ᠣᠯᠳᠠᠭ ᠤ᠋ᠨ ᠤᠴᠢᠷ ᠬᠤᠷᠳᠤᠨ ᠮᠣᠷᠢ ᠶ᠋ᠢ ᠠᠯᠢ ᠪᠣᠯᠬᠣᠷ ᠬᠥᠩᠭᠡᠨ ᠶᠠᠪᠤᠭᠤᠯᠬᠤ ᠶ᠋ᠢ ᠭᠣᠣᠯ ᠵᠣᠷᠢᠯᠭ᠎ᠠ ᠪᠣᠯᠭᠠᠳᠠᠭ᠃ ᠲᠡᠢᠨ ᠬᠦ᠌ 7 -10 ᠨᠠᠰᠤᠨ ᠤ᠋ ᠪᠢᠴᠢᠬᠠᠨ ᠬᠡᠦᠬᠡᠳ ᠢ᠋ ᠵᠠᠢᠳᠠᠩ ᠤᠨᠤᠭᠤᠯᠵᠤ ᠤᠷᠤᠯᠳᠤᠭᠤᠯᠳᠠᠭ ᠵᠤᠷᠰᠢᠯ ᠡᠷᠲᠡ ᠳᠡᠭᠡᠷ᠎ᠡ ᠦᠶ᠎ᠡ ᠡᠴᠡ ᠡᠬᠢᠯᠡᠵᠡᠢ᠃ ᠵᠠᠢᠳᠠᠩ ᠤᠨᠤᠬᠤ ᠶ᠋ᠢᠨ ᠰᠠᠢᠨ ᠲᠠᠯ᠎ᠠ ᠭᠡᠪᠡᠯ ᠂ ᠨᠢᠭᠡ ᠳ᠋ᠦ᠍ ᠂ ᠮᠣᠷᠢᠨ ᠳ᠋ᠤ᠌ ᠬᠥᠩᠭᠡᠨ᠃ ᠬᠣᠶᠠᠷ ᠲᠤ᠌ ᠂ ᠮᠣᠷᠢᠨ ᠳ᠋ᠤ᠌ ᠭᠡᠮᠲᠦᠯ ᠮᠠᠰᠢ ᠪᠠᠭ᠎ᠠ ᠃ ᠭᠤᠷᠪᠠ ᠳ᠋ᠤ᠌ ᠂ ᠬᠡᠦᠬᠡᠳ ᠣᠢᠴᠢᠵᠤ ᠲᠤᠰᠬᠤ ᠳ᠋ᠤ᠌ ᠠᠶᠤᠯ ᠦᠭᠡᠢ ᠵᠡᠷᠭᠡ ᠁ ᠰᠠᠢᠨᠲᠠᠢ ᠪᠠᠢᠳᠠᠭ᠃
ᠣᠳᠣ ᠦᠶ᠎ᠡ ᠶ᠋ᠢᠨ ᠬᠡᠦᠬᠡᠳ ᠪᠢᠷ᠎ᠠ ᠴᠢᠳᠠᠯ ᠮᠠᠭᠤ ᠶ᠋ᠢᠨ ᠳᠡᠭᠡᠷ᠎ᠡ ᠮᠢᠬ᠎ᠠ ᠪᠥᠭᠰᠡᠨ ᠳ᠋ᠡᠭᠡᠨ ᠬᠠᠢᠷᠠᠲᠠᠢ ᠶ᠋ᠢᠨ ᠬᠠᠷᠠᠭ᠎ᠠ ᠪᠠᠷ ᠡᠮᠡᠭᠡᠯ᠂ ᠡᠷᠪᠡᠭᠡᠯᠵᠢ ᠳᠦᠭᠦᠷᠭᠡᠬᠦ ᠶᠠᠪᠤᠳᠠᠯ ᠭᠠᠷᠴᠤ ᠢᠷᠡᠵᠡᠢ᠃ ᠡᠭᠦᠨᠴᠢᠯᠡᠨ ᠡᠮᠡᠭᠡᠯ ᠬᠠᠵᠠᠭᠠᠷ ᠲᠣᠨᠣᠭ ᠢ᠋ ᠠᠯᠢ ᠪᠣᠯᠬᠣᠷ ᠬᠥᠩᠭᠡᠯᠡᠬᠦ ᠶ᠋ᠢ ᠬᠢᠴᠢᠶᠡᠬᠦ ᠪᠣᠯᠵᠠᠢ᠃
ᠬᠠᠭᠤᠴᠢᠨ ᠳ᠋ᠤ᠌ ᠨᠠᠭᠠᠳᠤᠮ ᠪᠣᠯᠪᠠᠯ ᠂ ᠨᠣᠶᠠᠳ ᠪᠠᠶᠠᠳ ᠠᠷᠠᠳ ᠤ᠋ᠨ ᠬᠡᠦᠬᠡᠳ ᠢ᠋ ᠳᠠᠭᠤᠳᠠᠨ ᠠᠪᠠᠴᠢᠵᠤ ᠬᠢᠷᠢ ᠳ᠋ᠦ᠍ ᠬᠦᠷᠪᠡᠯ ᠮᠣᠷᠢ ᠪᠠᠨ ᠣᠨᠣᠭᠤᠯᠳᠠᠭ ᠪᠠᠢᠭᠰᠠᠨ ᠪᠠ ᠬᠡᠦᠬᠡᠳ ᠢ᠋ ᠬᠥᠩᠭᠡᠯᠡᠬᠦ ᠶ᠋ᠢᠨ ᠲᠥᠯᠥᠭᠡ ᠢᠮᠠᠭᠲᠠ ᠬᠠᠷᠠᠰᠤ ᠰᠢᠷ᠎ᠠ ᠪᠤᠳᠠᠭ᠎ᠠ ᠪᠠᠷ ᠬᠣᠭᠣᠯᠠᠯᠠᠳᠠᠭ ᠪᠠᠢᠪᠠ᠃
ᠬᠤᠪᠢᠰᠬᠠᠯ ᠤ᠋ᠨ ᠳᠠᠷᠠᠬᠠ ᠂ ᠢᠯᠠᠩᠭᠤᠶ᠎ᠠ ᠥᠨᠥᠳᠥᠷ ᠦ᠋ᠨ ᠮᠡᠲᠦ ᠰᠣᠶᠣᠯ ᠰᠤᠷᠭᠠᠭᠤᠯᠢ ᠬᠥᠭᠵᠢᠭᠰᠡᠨ ᠴᠠᠭ ᠂ ᠤᠨᠤᠬᠤ ᠬᠡᠦᠬᠡᠳ ᠣᠯᠬᠤ ᠭᠡᠳᠡᠭ ᠴᠦ᠍ ᠡᠷᠳᠡᠨᠢ ᠡᠷᠢᠬᠦ ᠡᠴᠡ ᠳᠤᠲᠠᠬᠤ ᠦᠭᠡᠢ ᠪᠣᠯᠵᠠᠢ ᠃ ᠡᠭᠦᠨ ᠦ᠌ ᠳᠡᠭᠡᠷ᠎ᠡ ᠰᠣᠶᠣᠯ ᠰᠤᠷᠭᠠᠭᠤᠯᠢ ᠶ᠋ᠢᠨ ᠮᠥᠷ ᠬᠥᠭᠡᠭᠡᠭᠰᠡᠨ ᠬᠡᠦᠬᠡᠳ ᠴᠦ᠍ ᠭᠡᠰᠡᠨ ᠮᠣᠷᠢ ᠤᠨᠤᠭᠠᠨ ᠳ᠋ᠤ᠌ ᠳ᠋ᠦᠢ ᠮᠠᠭᠤᠲᠠᠢ ᠪᠣᠯᠤᠭᠰᠠᠨ ᠤ᠋ ᠤᠯᠠᠮ ᠢ᠋ᠶ᠋ᠠᠷ ᠡᠮᠡᠭᠡᠯ ᠂ ᠡᠷᠪᠡᠭᠡᠯᠵᠢ ᠶᠡᠬᠡᠬᠡᠨ ᠴᠢᠬᠤᠯᠠᠲᠠᠢ ᠪᠣᠯᠵᠠᠢ᠃
2. ᠤᠷᠤᠯᠳᠤᠭᠠᠨ ᠮᠣᠷᠢᠨ ᠤ᠋ ᠲᠣᠨᠣᠭ ᠲᠥᠬᠥᠭᠡᠷᠦᠮᠵᠢ
ᠬᠤᠷᠳᠤᠨ ᠮᠣᠷᠢᠨ ᠤ᠋ ᠡᠮᠡᠭᠡᠯ
ᠡᠮᠡᠭᠡᠯ ᠢ᠋ ᠬᠠᠮᠤᠭ ᠤ᠋ᠨ ᠪᠠᠭ᠎ᠠ ᠬᠥᠩᠭᠡᠨ᠂ ᠠᠪᠰᠠᠷᠬᠠᠨ ᠮᠥᠷᠲᠡᠭᠡᠨ ᠪᠠᠲᠤ ᠪᠡᠬᠢ ᠪᠠᠢᠬᠤ ᠶ᠋ᠢ ᠱᠠᠭᠠᠷᠳᠠᠳᠠᠭ᠃ ᠭᠡᠪᠡᠴᠦ ᠬᠠᠪᠲᠠᠰᠤ ᠨᠢ ᠬᠠᠷᠴᠠᠭ᠎ᠠ ᠶ᠋ᠢ ᠳᠠᠷᠤᠵᠤ ᠬᠠᠪᠤᠳᠤᠭᠤᠯᠬᠤ ᠲᠠᠭᠠᠷᠢᠳᠠᠭᠤᠯᠬᠤ ᠶ᠋ᠢ ᠬᠢᠴᠢᠶᠡᠵᠦ ᠳᠠᠷᠤᠯᠲᠠ ᠬᠦᠴᠦ ᠶ᠋ᠢ ᠲᠠᠷᠬᠠᠭᠠᠬᠤ ᠶ᠋ᠢᠨ ᠤᠴᠢᠷ ᠨᠡᠯᠢᠶᠡᠳ ᠤᠷᠲᠤᠪᠲᠤᠷ ᠬᠠᠪᠲᠠᠰᠤ ᠬᠢᠪᠡᠯ ᠰᠠᠢᠨ᠂ ᠬᠥᠯᠥᠰᠥᠪᠴᠢᠨ ᠦ᠌ ᠲᠣᠬᠣᠮ ᠢ᠋ ᠮᠣᠷᠢᠨ ᠤ᠋ ᠪᠠᠢᠳᠠᠯ ᠳ᠋ᠤ᠌ ᠲᠣᠬᠢᠷᠠᠭᠤᠯᠬᠤ ᠪᠣᠯᠪᠠᠴᠤ ᠬᠥᠩᠭᠡᠨ ᠨᠢᠮᠭᠡᠨ ᠢ᠋ ᠡᠷᠬᠢᠮᠨᠡᠨ᠎ᠡ᠃ ᠭᠥᠯᠢᠮ᠂ ᠳᠥᠷᠥᠭᠡ ᠂ ᠳᠡᠪᠰᠡ ᠵᠡᠷᠭᠡ ᠬᠡᠷᠡᠭᠰᠡᠯ ᠢ᠋ ᠴᠥᠮ ᠬᠥᠩᠭᠡᠳᠬᠡᠬᠦ ᠪᠥᠭᠡᠳ ᠨᠦᠰᠡᠷ ᠬᠦᠨᠳᠦ ᠪᠠᠭᠠᠪᠤᠷ ᠳᠠᠷᠤᠭᠤᠯᠭ᠎ᠠ ᠶ᠋ᠢ ᠠᠪᠴᠤ ᠰᠣᠯᠢᠭᠤᠯᠤᠨᠠ᠃ ᠬᠡᠦᠬᠡᠳ ᠦ᠋ᠨ ᠬᠥᠯ ᠴᠣᠭ ᠢ᠋ᠶ᠋ᠠᠷ ᠢ᠋ᠶ᠋ᠠᠨ ᠣᠷᠣᠬᠤ ᠦᠭᠡᠢ ᠪᠥᠭᠡᠳ ᠮᠣᠷᠢᠨ ᠠ᠋ᠴᠠ ᠣᠢᠴᠢᠪᠠᠴᠤ ᠭᠤᠲᠤᠯ ᠲᠡᠭᠡᠭᠯᠡᠬᠦ ᠦᠭᠡᠢ ᠵᠢᠵᠢᠭ ᠬᠥᠩᠭᠡᠨ ᠳᠥᠷᠥᠭᠡ ᠶ᠋ᠢ ᠲᠣᠬᠢᠷᠠᠭᠤᠯᠤᠨ᠎ᠠ ᠃ ᠮᠣᠷᠢᠨ ᠤ᠋ ᠭᠡᠳᠡᠰᠦ ᠶ᠋ᠢ ᠣᠯᠣᠢᠷᠲᠤᠭᠤᠯᠬᠤ ᠦᠭᠡᠢ ᠪᠥᠭᠡᠳ ᠰᠠᠭᠠᠷᠠᠵᠤ ᠠᠯᠳᠠᠷᠠᠬᠤ ᠦᠭᠡᠢ ᠰᠠᠢᠨ ᠪᠡᠬᠢ ᠣᠯᠣᠩ ᠵᠢᠷᠢᠮ ᠲᠠᠭᠠᠷᠠᠭᠤᠯᠤᠨ᠎ᠠ ᠃ ᠬᠥᠩᠭᠡᠨ ᠪᠥᠬᠡ ᠰᠣᠷᠣᠨ ᠳᠠᠷᠤᠭᠤᠯᠭ᠎ᠠ ᠪᠠᠷ ᠡᠮᠡᠭᠡᠯ ᠦ᠋ᠨ ᠡᠪᠰᠢᠯ ᠰᠠᠭᠤᠴᠠ ᠶ᠋ᠢ ᠪᠡᠬᠢᠯᠡᠨ᠎ᠡ᠃
ᠬᠤᠷᠳᠤᠨ ᠮᠣᠷᠢᠨ ᠤ᠋ ᠡᠷᠪᠡᠭᠡᠯᠵᠢ
ᠡᠮᠦᠨ᠎ᠡ ᠪᠡᠨ ᠵᠥᠪᠬᠡᠨ ᠪᠠᠷᠢᠭᠤᠯ ᠲᠠᠢ ᠬᠢᠬᠦ ᠪᠣᠯ ᠳᠡᠮᠡᠢ ᠶᠠᠷᠰᠢᠭ ᠦᠭᠡᠢ᠂ ᠬᠡᠷᠪᠡ ᠳᠥᠷᠥᠭᠡ ᠲᠡᠢ ᠬᠢᠬᠦ ᠭᠡᠪᠡᠯ ᠡᠷᠬᠡᠪᠰᠢ ᠳᠥᠷᠦᠭᠡᠨ ᠦ᠌ ᠬᠣᠯᠪᠣᠭᠠᠷᠢ ᠬᠢᠭᠰᠡᠨ ᠲᠡᠷᠡ ᠬᠦ᠌ ᠮᠣᠳᠣ ᠪᠤᠶᠤ ᠰᠤᠷ ᠤ᠋ᠨ ᠢ᠋ᠶ᠋ᠠᠨ ᠮᠣᠷᠢᠨ ᠤ᠋ ᠨᠢᠷᠤᠭᠤ ᠳᠠᠷᠤᠬᠤ ᠶ᠋ᠢ ᠬᠡᠴᠢᠶᠡᠴᠢᠬᠡᠪᠡᠯ ᠥᠭᠡᠷ᠎ᠡ ᠨᠢ ᠠᠰᠠᠭᠤᠳᠠᠯ ᠦᠭᠡᠢ᠃
ᠬᠤᠷᠳᠤᠨ ᠮᠣᠷᠢᠨ ᠤ᠋ ᠬᠠᠵᠠᠭᠠᠷ
ᠬᠠᠵᠠᠭᠠᠷ ᠤ᠋ᠨ ᠵᠢᠯᠣᠭᠣ ᠶ᠋ᠢ ᠮᠠᠰᠢ ᠪᠥᠬᠡ ᠂ ᠨᠠᠷᠢᠨ ᠵᠡᠯᠡᠬᠡᠨ ᠰᠤᠷ ᠢ᠋ᠶ᠋ᠠᠷ ᠬᠢᠵᠦ ᠂ ᠭᠠᠩ ᠵᠤᠤᠵᠠᠢ ᠴᠠᠭᠠᠷᠢᠭ ᠲᠠᠢ ᠂ ᠴᠡᠪᠡᠷ ᠴᠡᠮᠴᠡᠭᠡᠷ ᠬᠠᠵᠠᠭᠠᠷ ᠪᠠᠢᠬᠤ ᠬᠡᠷᠡᠭᠲᠡᠢ ᠃ ᠬᠡᠦᠬᠡᠳ ᠣᠯᠠᠨ ᠶᠠᠭᠤᠮ᠎ᠠ ᠪᠠᠷᠢᠵᠤ ᠰᠠᠮᠭᠠᠷᠳᠠᠬᠤ ᠪᠠ ᠮᠣᠷᠢᠨ ᠤ᠋ ᠬᠥᠯ ᠣᠷᠢᠶᠠᠬᠤ ᠵᠡᠷᠭᠡ ᠡᠴᠡ ᠪᠣᠯᠭᠣᠮᠵᠢᠯᠠᠵᠤ ᠴᠤᠯᠪᠤᠭᠤᠷ ᠦᠭᠡᠢ ᠶᠠᠪᠤᠭᠤᠯᠳᠠᠭ ᠃ ᠭᠡᠬᠦ ᠳ᠋ᠡᠭᠡᠨ ᠵᠢᠯᠤᠭᠤᠨ ᠤ᠋ ᠪᠠᠨ ᠪᠤᠷᠤᠭᠤ ᠲᠠᠯ᠎ᠠ ᠶ᠋ᠢ ᠬᠢᠯᠪᠠᠷ ᠲᠠᠢᠯᠵᠤ ᠪᠣᠯᠬᠤ ᠪᠠᠷ ᠬᠢᠵᠦ ᠬᠥᠲᠥᠯᠬᠦ ᠳ᠋ᠦ᠍ ᠪᠡᠯᠡᠳᠬᠡᠯᠭᠡᠨᠡ ᠃
ᠬᠠᠳᠤᠤᠷᠠᠳᠠᠭ ᠮᠣᠷᠢ ᠶ᠋ᠢ ᠬᠥᠨᠳᠡᠯᠡᠨ ᠴᠢᠭᠲᠠ ᠪᠦᠬᠦᠢ ᠨᠣᠮᠣᠨ ᠵᠤᠤᠵᠠᠢ ᠴᠠᠭᠠᠷᠢᠭ ᠲᠠᠢ ᠬᠠᠵᠠᠭᠠᠷ ᠢ᠋ᠶ᠋ᠠᠷ ᠬᠠᠵᠠᠭᠠᠷᠯᠠᠨᠠ ᠃
ᠬᠤᠷᠳᠤᠨ ᠮᠣᠷᠢᠨ ᠤ᠋ ᠲᠠᠰᠢᠭᠤᠷ
ᠲᠣᠪᠢᠴᠠᠭ ᠲᠠᠰᠢᠭᠤᠷ ᠪᠤᠶᠤ ᠡᠰᠡᠬᠦᠯ᠎ᠡ ᠤᠷᠭᠠᠴᠢᠨ ᠤ᠋ ᠲᠠᠰᠢᠭᠤᠷ ᠰᠢᠭ᠋ ᠵᠥᠭᠡᠯᠡᠨ ᠵᠡᠯ᠎ᠡ ᠪᠡᠨ ᠤᠷᠲᠤ ᠰᠣᠷᠣᠨ ᠰᠡᠭᠡᠯᠳᠦᠷᠭᠡ ᠲᠡᠢ᠂ ᠨᠠᠷᠢᠨ ᠬᠥᠩᠭᠡᠨ ᠪᠠᠷᠢᠶ᠎ᠠ ᠪᠦᠬᠦᠢ ᠵᠢᠵᠢᠭ ᠲᠠᠰᠢᠭᠤᠷ ᠃ ᠡᠢᠮᠦ ᠲᠠᠰᠢᠭᠤᠷ ᠂ ᠳᠡᠭᠡᠷ᠎ᠡ ᠨᠢ ᠣᠢᠴᠢᠪᠠᠴᠤ ᠲᠠᠰᠢᠭᠤᠷ ᠤ᠋ᠨ ᠪᠦᠷᠢᠶ᠎ᠡ ᠪᠡᠶ᠎ᠡ ᠤᠷᠤᠭᠤ ᠰᠢᠭᠠᠬᠤ ᠦᠭᠡᠢ ᠪᠠᠢᠳᠠᠭ ᠃ ᠡᠰᠡᠬᠦᠯ᠎ᠡ ᠲᠠᠩᠰᠠᠷᠠᠬᠤ ᠤᠷᠲᠤ ᠰᠢᠪᠠᠭᠳᠠᠭᠠ ᠵᠡᠷᠭᠡ ᠪᠦᠷ ᠪᠣᠯᠤᠨ᠎ᠠ᠃
ᠪᠣᠭᠣᠯᠲᠠ
ᠬᠤᠷᠳᠤᠨ ᠮᠣᠷᠢᠨ ᠤ᠋ ᠬᠥᠬᠥᠯ ᠂ ᠰᠡᠭᠦᠯ ᠦ᠋ᠨ ᠪᠣᠭᠣᠯᠲᠠ ᠶ᠋ᠢ ᠤᠷᠲᠤ ᠨᠠᠷᠢᠬᠠᠨ ᠲᠠᠲᠠᠭᠠᠰᠤ ᠰᠤᠷ ᠪᠤᠶᠤ ᠳᠤᠷᠳᠤᠩ ᠢ᠋ᠶ᠋ᠠᠷ ᠪᠣᠭᠣᠵᠤ ᠴᠢᠮᠡᠨ᠎ᠡ ᠃ ᠢᠯᠠᠩᠭᠤᠶ᠎ᠠ ᠠᠵᠢᠷᠭᠠᠨ ᠤ᠋ ᠳᠡᠯ ᠂ ᠨᠢᠭᠤᠷ ᠨᠢᠳᠦ ᠪᠡᠨ ᠪᠦᠲᠡᠭᠡᠨ ᠬᠠᠯᠬᠠᠯᠠᠵᠤ ᠂ ᠨᠦᠬᠡ ᠂ ᠴᠢᠯᠠᠭᠤ ᠂ ᠡᠷᠭᠢ ᠭᠣᠣ ᠶ᠋ᠢ ᠦᠵᠡᠬᠦ ᠦᠭᠡᠢ ᠣᠷᠣᠬᠤ ᠠ᠋ᠴᠠ ᠪᠤᠭᠤᠮᠵᠢᠯᠠᠨ ᠬᠥᠬᠥᠯ ᠢ᠋ ᠡᠷᠬᠡᠪᠰᠢ ᠰᠠᠢᠨ ᠪᠣᠭᠣᠨ᠎ᠠ ᠃ ᠬᠤᠷᠳᠤᠨ ᠮᠣᠷᠢᠨ ᠤ᠋ ᠰᠡᠭᠦᠯ ᠦ᠋ᠨ ᠦᠵᠦᠭᠦᠷ ᠢ᠋ ᠦᠯᠦ ᠮᠡᠳᠡᠭ ᠭᠠᠳᠠᠭᠰᠢ ᠮᠠᠳᠠᠢᠯᠭᠠᠨ ᠪᠣᠭᠣᠳᠠᠭ ᠪᠥᠭᠡᠳ ᠱᠤᠩᠭᠤᠭᠰᠠᠨ ᠪᠦᠷᠭᠦᠳ ᠱᠤᠮᠪᠠᠭᠰᠠᠨ ᠵᠢᠭᠠᠰᠤ ᠭᠡᠬᠦ ᠮᠡᠲᠦ ᠪᠡᠷ ᠣᠯᠠᠨ ᠶᠠᠩᠵᠤ ᠶ᠋ᠢᠨ ᠪᠣᠭᠣᠯᠲᠠ ᠭᠠᠷᠭᠠᠳᠠᠭ᠃
ᠬᠡᠦᠬᠡᠳ ᠦ᠋ᠨ ᠬᠤᠪᠴᠠᠰᠤ
ᠬᠤᠷᠳᠤᠨ ᠮᠣᠷᠢᠨ ᠤ᠋ ᠬᠡᠦᠬᠡᠳ ᠦ᠋ᠨ ᠬᠤᠪᠴᠠᠰᠤ ᠪᠡᠶ᠎ᠡ ᠪᠠᠷᠢᠭᠤ ᠬᠢᠬᠦ ᠪᠣᠯᠪᠠᠴᠤ ᠲᠦᠷᠭᠡᠨ ᠱᠠᠯᠠᠮᠠᠭᠠᠢ ᠬᠥᠳᠡᠯᠭᠡᠭᠡᠨ ᠳ᠋ᠦ᠍ ᠰᠠᠭᠠᠳ ᠦᠭᠡᠢ᠂ ᠬᠠᠯᠠᠭᠤᠴᠠᠬᠤ ᠳ᠋ᠤ᠌ ᠪᠡᠶ᠎ᠡ ᠪᠠᠷᠢᠬᠤ ᠦᠭᠡᠢ ᠪᠥᠭᠡᠳ ᠰᠠᠯᠬᠢ ᠬᠥᠭᠡᠷᠭᠡᠳᠡᠬᠦ ᠦᠭᠡᠢ ᠂ ᠰᠤᠯᠠ ᠴᠢᠯᠥᠭᠡᠲᠡᠢ ᠬᠥᠳᠡᠯᠵᠦ ᠪᠣᠯᠬᠤ ᠪᠥᠭᠡᠳ ᠠᠪᠰᠠᠷᠬᠠᠨ ᠪᠠᠢᠬᠤ ᠶ᠋ᠢ ᠱᠠᠭᠠᠷᠳᠠᠨ᠎ᠠ᠃ ᠲᠡᠭᠦᠨᠴᠢᠯᠡᠨ ᠣᠯᠠᠨ ᠤ᠋ ᠳᠣᠲᠣᠷ᠎ᠠ ᠠ᠋ᠴᠠ ᠣᠨᠴᠠ ᠰᠣᠳᠣᠨ ᠬᠤᠷᠴᠠ ᠢᠯᠭᠠᠷᠠᠨ ᠬᠠᠷᠠᠭᠳᠠᠬᠤ ᠥᠩᠭᠡᠲᠡᠢ ᠪᠤᠶᠤ ᠣᠨᠴᠠᠭᠠᠢ ᠲᠡᠮᠳᠡᠭ ᠲᠡᠢ ᠬᠢᠨ᠎ᠡ ᠃
ᠳᠡᠭᠡᠷ᠎ᠡ ᠴᠠᠭ ᠲᠤ᠌ ᠬᠤᠷᠳᠤᠨ ᠮᠣᠷᠢᠨ ᠤ᠋ ᠬᠡᠦᠬᠡᠳ ᠦ᠋ᠨ ᠴᠡᠮᠴᠡᠨ ᠦ᠌ ᠠᠷᠤ ᠥᠪᠥᠷ ᠂ ᠥᠮᠦᠳᠦᠨ ᠡᠪᠦᠳᠦᠭ ᠵᠡᠷᠭᠡ ᠳ᠋ᠦ᠍ ᠬᠣᠷᠯᠣ ᠂ ᠴᠢᠨᠳᠠᠮᠤᠨᠢ ᠂ ᠲᠠᠪᠤᠨ ᠨᠢᠳᠦ ᠂ ᠳᠥᠷᠪᠡᠨ ᠨᠢᠳᠦ ᠂ ᠬᠠᠰ ᠂ ᠰᠢᠪᠠᠭᠤ ᠂ ᠡᠷᠪᠡᠬᠡᠢ ᠮᠡᠲᠦᠰ ᠲᠠᠨᠢᠬᠤ ᠲᠡᠮᠳᠡᠭ ᠦ᠋ᠳ ᠢ᠋ ᠬᠠᠲᠠᠳᠠᠭ ᠪᠠᠢᠵᠠᠢ ᠃ ᠲᠣᠯᠣᠭᠠᠢ ᠳ᠋ᠤᠨᠢ ᠲᠣᠭᠲᠠᠪᠤᠷᠢ ᠰᠠᠢᠲᠠᠢ ᠬᠥᠩᠭᠡᠨ ᠪᠥᠭᠡᠳ ᠰᠣᠳᠣᠨ ᠬᠠᠷᠠᠭᠳᠠᠬᠤ ᠮᠠᠯᠠᠭᠠᠢ ᠡᠮᠦᠰᠬᠡᠳᠡᠭ᠃ ᠮᠠᠯᠠᠭᠠᠢ ᠪᠤᠶᠤ ᠴᠡᠮᠴᠡᠨ ᠦ᠌ ᠠᠷᠤ ᠰᠡᠷᠪᠡᠭᠡᠨ ᠳᠡᠭᠡᠷ᠎ᠡ ᠥᠴᠦᠬᠡᠨ ᠵᠢᠵᠢᠭ ᠬᠡᠢ ᠮᠣᠷᠢ ᠪᠤᠶᠤ ᠳᠠᠷᠴᠤᠭ ᠬᠡᠢᠰᠬᠡᠳᠡᠭ ᠴᠦ᠍ ᠪᠠᠢᠯ᠎ᠠ᠃ ᠣᠳᠣ ᠵᠠᠷᠢᠮ ᠭᠠᠵᠠᠷ ᠬᠤᠷᠴᠠ ᠥᠩᠭᠡᠲᠡᠢ ᠲᠣᠷᠭᠠᠨ ᠠᠯᠴᠢᠭᠤᠷ ᠢ᠋ᠶ᠋ᠠᠷ ᠲᠣᠯᠣᠭᠠᠢ ᠶ᠋ᠢ ᠨᠢ ᠣᠷᠢᠶᠠᠵᠤ ᠪᠣᠢ ᠃
ᠬᠡᠦᠬᠡᠳ ᠦ᠋ᠨ ᠭᠤᠲᠤᠯ
ᠬᠥᠯ ᠳ᠋ᠦ᠍ᠨᠢ ᠬᠥᠩᠭᠡᠨ ᠪᠥᠭᠡᠳ ᠠᠪᠰᠠᠷᠬᠠᠨ ᠰᠥᠭᠥᠬᠡᠢ ᠪᠤᠶᠤ ᠪᠣᠢᠲᠣᠭ ᠡᠮᠦᠰᠬᠡᠳᠡᠭ ᠃ ᠬᠠᠵᠠᠭᠤ ᠪᠠᠷ ᠳᠠᠭᠠᠷᠢᠭᠴᠢᠳ ᠬᠠᠪᠢᠷᠴᠤ᠂ ᠬᠡᠦᠬᠡᠳ ᠦ᠋ᠨ ᠰᠢᠯᠪᠢ ᠶ᠋ᠢ ᠬᠠᠳᠤᠷᠴᠤ ᠭᠡᠮᠲᠦᠭᠡᠬᠦ ᠡᠴᠡ ᠪᠠ ᠳᠥᠷᠦᠭᠡᠨ ᠰᠤᠷ ᠪᠤᠯᠴᠢᠩ ᠴᠢᠮᠬᠢᠬᠦ ᠡᠴᠡ ᠪᠣᠯᠭᠣᠮᠵᠢᠯᠠᠵᠤ ᠤᠷᠲᠤ ᠲᠦᠷᠡᠢᠲᠡᠢ ᠪᠣᠢᠲᠣᠭ ᠪᠤᠶᠤ ᠬᠥᠩᠭᠡᠨ ᠵᠥᠭᠡᠯᠡᠨ ᠭᠤᠲᠤᠯ ᠡᠮᠦᠰᠬᠡᠳᠡᠭ᠃
ᠬᠠᠲᠠᠭᠤ ᠭᠤᠲᠤᠯ ᠲᠡᠳᠦᠢ ᠯᠡ ᠰᠠᠢᠨ ᠦᠭᠡᠢ᠃ ᠳᠠᠪᠢᠷᠠᠵᠤ ᠮᠣᠷᠢᠨ ᠤ᠋ ᠲᠠᠷ ᠴᠢᠳᠠᠯ ᠢ᠋ ᠪᠠᠷᠠᠬᠤ ᠂ ᠬᠠᠪᠴᠢᠬᠤ ᠳ᠋ᠤ᠌ ᠤᠯᠠᠭᠠᠨ ᠰᠤᠭᠤ ᠂ ᠪᠣᠭᠲᠣᠭᠣᠰᠣ ᠶ᠋ᠢᠨ ᠵᠠᠯᠠᠭ᠎ᠠ ᠶ᠋ᠢ ᠭᠡᠮᠲᠦᠭᠡᠬᠦ᠂ ᠳᠠᠪᠬᠢᠯ ᠢ᠋ ᠰᠠᠭᠠᠳᠬᠠᠬᠤ ᠵᠡᠷᠭᠡ ᠬᠠᠷᠰᠢᠯ ᠲᠠᠢ ᠪᠢᠯᠡ ᠃
