ᠴᠠᠰᠤᠨ ᠠᠶᠠᠯᠭᠤ-ᠲ ∙ ᠠᠷᠢᠭᠤᠨ᠎ᠠTsasan ayalguu-T.AriunaaЦасан аялгуу-Т.Ариунаа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠰᠤᠨ ᠠᠶᠠᠯᠭᠤ-ᠲ ∙ ᠠᠷᠢᠭᠤᠨ᠎ᠠTsasan ayalguu-T.AriunaaЦасан аялгуу-Т.Ариунаа

ᠴᠠᠰᠤᠨ ᠠᠶᠠᠯᠭᠤ-ᠲ ∙ ᠠᠷᠢᠭᠤᠨ᠎ᠠTsasan ayalguu-T.AriunaaЦасан аялгуу-Т.Ариунаа

ᠠᠩᠭᠢᠯᠠᠯ:ᠳᠠᠭᠤᠤ ᠬᠥᠭᠵᠢᠮ
2024-01-01

1831

ᠴᠠᠰᠤᠨ ᠠᠶᠠᠯᠭᠤ


       ᠦᠭᠡ᠄ ᠴ᠂ ᠬᠤᠯᠠᠨ
       ᠠᠶ᠎ᠠ᠄ ᠴ᠂ ᠴᠢᠯᠠᠭᠤᠨᠪᠠᠲᠤ
       ᠳᠠᠭᠤᠴᠢᠨ᠄ ᠲ᠂ ᠠᠷᠢᠭᠤᠨ᠎ᠠ

ᠵᠢᠷᠭᠠᠯ ᠲᠠᠢ ᠵᠥᠭᠡᠯᠡᠨ ᠭᠤᠨᠢᠭ ᠲᠠᠢ
ᠬᠠᠯᠠᠭᠤᠬᠠᠨ ᠡᠩᠬᠦᠷᠡᠢᠬᠡᠨ ᠡᠳᠦᠷ ᠦ᠋ᠳ ᠠ᠋
ᠳᠠᠭᠤᠰᠬᠠᠮᠠᠷ ᠦᠭᠡᠢ ᠠᠶᠠᠯᠭᠤ ᠰᠢᠭ᠋
ᠡᠭᠡᠰᠢᠭᠯᠡᠨ ᠨᠠᠳᠠ ᠲᠠᠢ ᠪᠠᠨ ᠡᠨᠳᠡ ᠦᠯᠡᠳᠡᠭᠡᠴᠢ

ᠵᠢᠪᠠᠷ ᠲᠠᠢ ᠢᠨᠠᠭ ᠤ᠋ᠨ ᠪᠣᠯᠵᠣᠭ᠎ᠠ ᠲᠠᠢ
ᠢᠯᠳᠠᠮᠬᠠᠨ ᠭᠣᠶᠣᠮᠰᠣᠭ ᠦᠳᠡᠰᠢ ᠦ᠋ᠳ ᠮᠢᠨᠢ
ᠤᠢᠳᠤᠮᠠᠷ ᠦᠭᠡᠢ ᠠᠮᠢᠳᠤᠷᠠᠯ ᠤ᠋ᠨ
ᠭᠡᠷᠡᠯ ᠭᠡᠭᠡ ᠨᠠᠳᠠ ᠲᠠᠢ ᠪᠠᠨ ᠡᠭᠦᠷᠢᠳᠡ ᠦᠯᠡᠳᠡᠭᠡᠴᠢ

ᠪᠤᠲᠠᠷᠠᠩᠬᠠᠨ ᠬᠠᠢᠯᠠᠩᠬᠠᠨ ᠴᠡᠩᠬᠡᠷ ᠴᠠᠰᠤᠨ
ᠮᠥᠷᠦᠨ ᠳᠡᠭᠡᠷ᠎ᠡ ᠮᠢᠨᠢ ᠬᠠᠶᠠᠯᠠᠩᠬᠠᠨ
ᠡᠪᠦᠯ ᠦ᠋ᠨ ᠦᠳᠡᠰᠢ ᠬᠣᠲᠠ ᠶ᠋ᠢᠨ ᠭᠤᠳᠤᠮᠵᠢ ᠠᠢᠯ ᠤ᠋ᠨ ᠴᠣᠩᠬᠣ ᠪᠠᠷ ᠰᠢᠨᠡᠬᠡᠨ ᠭᠠᠴᠤᠷᠠᠬᠠᠨ
ᠠᠯᠳᠠᠷᠠᠩᠬᠠᠨ ᠲᠠᠩᠰᠤᠭᠬᠠᠨ ᠭᠡᠷᠡᠯᠲᠦᠨ᠎ᠡ ᠠ᠋

ᠮᠥᠩᠭᠥᠨ ᠬᠤᠩᠬ᠎ᠠ ᠨᠤᠭᠤᠳ ᠵᠢᠩ ᠵᠢᠩ ᠳᠤᠤᠭᠠᠷᠤᠭᠠᠳ
ᠰᠢᠨᠡᠬᠡᠨ ᠴᠠᠰᠤᠨ ᠰᠢᠷ ᠰᠢᠷ ᠬᠢᠨ᠎ᠡ
ᠬᠦᠯᠢᠶᠡᠨ ᠳᠣᠭᠳᠣᠯᠬᠤ ᠰᠢᠨ᠎ᠡ ᠵᠢᠯ ᠦ᠋ᠨ ᠪᠠᠶᠠᠷ
ᠬᠡᠮᠵᠢᠶᠡᠯᠡᠰᠢ ᠦᠭᠡᠢ ᠵᠢᠷᠭᠠᠯ ᠪᠡᠯᠭᠡᠯᠡᠨ᠎ᠡ ᠠ᠋
ᠰᠢᠨ᠎ᠡ ᠵᠢᠯ ᠢᠷᠡᠯ᠎ᠡ

ᠵᠢᠷᠭᠠᠯ ᠲᠠᠢ ᠵᠥᠭᠡᠯᠡᠨ ᠭᠤᠨᠢᠭ ᠲᠠᠢ
ᠬᠠᠯᠠᠭᠤᠬᠠᠨ ᠡᠩᠬᠦᠷᠡᠢᠬᠡᠨ ᠡᠳᠦᠷ ᠦ᠋ᠳ ᠠ᠋
ᠳᠠᠭᠤᠰᠬᠠᠮᠠᠷ ᠦᠭᠡᠢ ᠠᠶᠠᠯᠭᠤ ᠰᠢᠭ᠋
ᠡᠭᠡᠰᠢᠭᠯᠡᠨ ᠨᠠᠳᠠ ᠲᠠᠢ ᠪᠠᠨ ᠡᠨᠳᠡ ᠦᠯᠡᠳᠡᠭᠡᠴᠢ

ᠬᠠᠷᠰᠢᠩᠬᠠᠨ ᠬᠠᠯᠭᠢᠩᠬᠠᠨ
ᠪᠣᠯᠣᠷ ᠬᠤᠨᠳᠠᠭ᠎ᠠ ᠪᠠᠶᠠᠷ ᠤ᠋ᠨ ᠳᠠᠷᠠᠰᠤ ᠪᠠᠷ ᠣᠷᠭᠢᠯᠤᠩᠬᠠᠨ
ᠬᠥᠮᠦᠨ ᠦ᠌ ᠰᠡᠳᠬᠢᠯ ᠳᠡᠪᠡᠷᠡᠭᠦᠨ ᠬᠦᠰᠡᠯ ᠭᠡᠭᠡᠨ ᠮᠥᠷᠥᠭᠡᠳᠦᠯ ᠢ᠋ᠶ᠋ᠡᠷ ᠵᠢᠭᠦᠷᠯᠡᠭᠡᠳ
ᠪᠠᠳᠠᠷᠠᠩᠬᠠᠨ ᠳᠡᠪᠡᠷᠡᠩᠭᠡᠨ ᠲᠡᠮᠡᠦᠯᠦᠨ᠎ᠡ

ᠮᠥᠩᠭᠥᠨ ᠬᠤᠩᠬ᠎ᠠ ᠨᠤᠭᠤᠳ ᠵᠢᠩ ᠵᠢᠩ ᠳᠤᠤᠭᠠᠷᠤᠭᠠᠳ
ᠰᠢᠨᠡᠬᠡᠨ ᠴᠠᠰᠤᠨ ᠰᠢᠷ ᠰᠢᠷ ᠬᠢᠨ᠎ᠡ
ᠬᠦᠯᠢᠶᠡᠨ ᠳᠣᠭᠳᠣᠯᠬᠤ ᠰᠢᠨ᠎ᠡ ᠵᠢᠯ ᠦ᠋ᠨ ᠪᠠᠶᠠᠷ
ᠬᠡᠮᠵᠢᠶᠡᠯᠡᠰᠢ ᠦᠭᠡᠢ ᠵᠢᠷᠭᠠᠯ ᠪᠡᠯᠭᠡᠯᠡᠨ᠎ᠡ ᠠ᠋
ᠰᠢᠨ᠎ᠡ ᠵᠢᠯ ᠢᠷᠡᠯ᠎ᠡ

ᠵᠢᠷᠭᠠᠯ ᠲᠠᠢ ᠵᠥᠭᠡᠯᠡᠨ ᠭᠤᠨᠢᠭ ᠲᠠᠢ
ᠬᠠᠯᠠᠭᠤᠬᠠᠨ ᠡᠩᠬᠦᠷᠡᠢᠬᠡᠨ ᠡᠳᠦᠷ ᠦ᠋ᠳ ᠠ᠋
ᠳᠠᠭᠤᠰᠬᠠᠮᠠᠷ ᠦᠭᠡᠢ ᠠᠶᠠᠯᠭᠤ ᠰᠢᠭ᠋
ᠡᠭᠡᠰᠢᠭᠯᠡᠨ ᠨᠠᠳᠠ ᠲᠠᠢ ᠪᠠᠨ ᠡᠨᠳᠡ ᠦᠯᠡᠳᠡᠭᠡᠴᠢ

ᠵᠢᠪᠠᠷ ᠲᠠᠢ ᠢᠨᠠᠭ ᠤ᠋ᠨ ᠪᠣᠯᠵᠣᠭ᠎ᠠ ᠲᠠᠢ
ᠢᠯᠳᠠᠮᠬᠠᠨ ᠭᠣᠶᠣᠮᠰᠣᠭ ᠦᠳᠡᠰᠢ ᠦ᠋ᠳ ᠮᠢᠨᠢ
ᠤᠢᠳᠤᠮᠠᠷ ᠦᠭᠡᠢ ᠠᠮᠢᠳᠤᠷᠠᠯ ᠤ᠋ᠨ
ᠭᠡᠷᠡᠯ ᠭᠡᠭᠡ ᠨᠠᠳᠠ ᠲᠠᠢ ᠪᠠᠨ ᠡᠭᠦᠷᠢᠳᠡ ᠦᠯᠡᠳᠡᠭᠡᠴᠢ

     ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
     ᠬᠢᠨᠠᠭᠴᠢ᠄ ᠭᠦᠩᠭᠠᠷ