ᠬᠥᠬᠡ ᠵᠤᠯᠠ – ᠪᠣᠷᠵᠢᠭᠢᠨ ᠸᠠᠩᠵᠠᠯ - < ᠳᠣᠯᠣᠭ᠎ᠠ ᠂ ᠬᠤᠷᠳᠤᠨ ᠮᠣᠷᠢᠨ ᠤ ᠵᠠᠰᠠᠯ ᠤᠨ ᠪᠦᠯᠦᠭ > Хөх зул – Боржигон Ванжал –" Долоо ᠂ хурдан морины заслын бүлэг " ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠳᠣᠯᠣᠭ᠎ᠠ ᠂ ᠬᠤᠷᠳᠤᠨ ᠮᠣᠷᠢᠨ ᠤ ᠵᠠᠰᠠᠯ ᠤᠨ ᠪᠦᠯᠦᠭ > Хөх зул – Боржигон Ванжал –" Долоо ᠂ хурдан морины заслын бүлэг "

ᠬᠥᠬᠡ ᠵᠤᠯᠠ – ᠪᠣᠷᠵᠢᠭᠢᠨ ᠸᠠᠩᠵᠠᠯ - < ᠳᠣᠯᠣᠭ᠎ᠠ ᠂ ᠬᠤᠷᠳᠤᠨ ᠮᠣᠷᠢᠨ ᠤ ᠵᠠᠰᠠᠯ ᠤᠨ ᠪᠦᠯᠦᠭ > Хөх зул – Боржигон Ванжал –" Долоо ᠂ хурдан морины заслын бүлэг "

ᠠᠩᠭᠢᠯᠠᠯ:ᠵᠠᠩ ᠦᠢᠯᠡ
2023-12-31

276

ᠳᠣᠯᠣᠭ᠎ᠠ ᠂ ᠬᠤᠷᠳᠤᠨ ᠮᠣᠷᠢᠨ ᠤ ᠵᠠᠰᠠᠯ ᠤᠨ ᠪᠦᠯᠦᠭ


ᠬᠤᠷᠳᠤᠨ ᠮᠣᠷᠢᠨ ᠤ᠋ ᠵᠠᠰᠠᠯ  
       ᠮᠣᠷᠢ ᠶ᠋ᠢ ᠤᠶᠠᠵᠤ ᠰᠣᠢᠵᠤ ᠬᠥᠯᠥᠰᠥ ᠭᠡᠳᠡᠰᠦ ᠶ᠋ᠢ ᠨᠢ ᠠᠪᠴᠤ᠂ ᠬᠦᠴᠦ ᠲᠠᠷᠭᠤ ᠶ᠋ᠢ ᠨᠢ ᠵᠣᠬᠢᠴᠠᠭᠤᠯᠤᠨ ᠳᠠᠪᠬᠢᠬᠤ ᠳ᠋ᠤ᠌ ᠬᠥᠩᠭᠡᠨ ᠪᠠ ᠬᠤᠷᠳᠤᠴᠠ ᠶ᠋ᠢ ᠨᠡᠮᠡᠭᠳᠡᠭᠦᠯᠬᠦ ᠬᠢᠷᠢ ᠭᠡᠮ ᠲᠡᠢ ᠪᠣᠯᠭᠠᠬᠤ ᠶ᠋ᠢ ᠬᠤᠷᠳᠤᠨ ᠮᠣᠷᠢᠨ ᠤ᠋ ᠵᠠᠰᠠᠯ ᠭᠡᠨ᠎ᠡ᠃ 
ᠬᠤᠷᠳᠤᠨ ᠮᠣᠷᠢ ᠤᠶᠠᠬᠤ ᠭᠠᠵᠠᠷ 
       ᠠᠷᠤ ᠪᠠᠷ ᠢ᠋ᠶ᠋ᠠᠨ ᠠᠭᠤᠯᠠ ᠲᠠᠢ ᠂ ᠡᠮᠦᠨ᠎ᠡ ᠪᠡᠨ ᠰᠠᠷᠠᠭᠤᠯ ᠲᠠᠯ᠎ᠠ ᠲᠠᠢ ᠂ ᠪᠠᠷᠠᠭᠤᠨ ᠢ᠋ᠶ᠋ᠠᠷ ᠢ᠋ᠶ᠋ᠠᠨ ᠬᠥᠲᠥᠯ ᠳᠣᠪᠣᠴᠠᠭ ᠲᠠᠢ ᠂ ᠵᠡᠭᠦᠨ ᠢ᠋ᠶ᠋ᠡᠷ ᠢ᠋ᠶ᠋ᠡᠨ ᠳᠣᠣᠷ᠎ᠠ ᠪᠤᠶᠤ ᠢᠯᠠᠩᠭᠤᠶ᠎ᠠ ᠭᠣᠣᠯ ᠭᠣᠷᠣᠬ᠎ᠠ ᠲᠠᠢ ᠵᠥᠭᠡᠯᠡᠨ ᠭᠠᠵᠠᠷ ᠪᠣᠯ ᠰᠠᠢᠨ ᠃ ᠭᠡᠬᠦ ᠳ᠋ᠡᠭᠡᠨ ᠬᠤᠷᠳᠤᠨ ᠮᠣᠷᠢᠨ ᠤ᠋ ᠱᠣᠩ ᠵᠡᠯ᠎ᠡ ᠶ᠋ᠢ  ᠭᠡᠷ ᠡᠴᠡ 45 ᠮᠧᠲ᠋ᠷ ᠣᠷᠴᠢᠮ ᠤ᠋ᠨ ᠵᠠᠢᠲᠠᠢ ᠪᠠᠢᠷᠢᠯᠠᠭᠤᠯᠬᠤ ᠪᠥᠭᠡᠳ ᠬᠣᠭ ᠪᠤᠷᠲᠠᠭ᠂ ᠤᠲᠤᠭ᠎ᠠ ᠤᠨᠢᠶᠠᠷ ᠦᠭᠡᠢ ᠰᠡᠷᠭᠦᠯᠡᠩ ᠰᠠᠢᠬᠠᠨ ᠰᠠᠷᠠᠭᠤᠯ ᠭᠠᠵᠠᠷ ᠵᠣᠬᠢᠶᠠᠨ᠎ᠠ᠃ 
ᠬᠤᠷᠳᠤᠨ ᠮᠣᠷᠢᠨ ᠤ᠋ ᠢᠳᠡᠰᠢ 
       ᠤᠶᠠᠵᠤ ᠪᠠᠢᠭ᠎ᠠ ᠮᠣᠷᠢᠨ ᠳ᠋ᠤ᠌ ᠂ ᠦᠮᠡᠬᠡᠢ ᠡᠪᠡᠰᠦ ᠂ ᠰᠢᠷᠠᠯᠵᠢ ᠂ ᠱᠣᠷᠣᠨᠣᠢ ᠮᠡᠲᠦ ᠶ᠋ᠢᠨ ᠡᠪᠡᠰᠦ ᠶ᠋ᠢ ᠢᠳᠡᠭᠦᠯᠬᠦ ᠦᠭᠡᠢ ᠂ ᠬᠠᠷᠢᠨ ᠬᠢᠶᠠᠭ ᠪᠤᠶᠤ ᠴᠠᠭᠠᠯᠵᠢ ᠵᠡᠷᠭᠡ ᠶ᠋ᠢᠨ ᠨᠠᠷᠢᠨ ᠰᠣᠷᠭᠣᠭ ᠡᠪᠡᠰᠦ ᠶ᠋ᠢ ᠢᠳᠡᠭᠦᠯᠦᠨ᠎ᠡ᠃  
       ᠪᠠᠲᠤ ᠪᠡᠬᠢ ᠪᠡᠶ᠎ᠡ ᠲᠡᠢ ᠂ ᠮᠢᠬ᠎ᠠ ᠴᠢᠩᠭ᠎ᠠ ᠭᠡᠳᠡᠰᠦ ᠶᠡᠬᠡ ᠮᠣᠷᠢ ᠶ᠋ᠢ ᠡᠷᠲᠡ ᠪᠠᠷᠢᠵᠤ ᠣᠷᠣᠢ ᠲᠠᠯᠪᠢᠨ᠎ᠠ ᠃ ᠨᠠᠷᠢᠨ ᠤᠷᠲᠤ ᠪᠡᠶ᠎ᠡ ᠲᠡᠢ ᠬᠥᠯ ᠴᠣᠮᠴᠣᠭᠣᠷ ᠥᠨᠳᠥᠷ ᠪᠥᠭᠡᠳ ᠬᠥᠩᠭᠡᠨ ᠪᠡᠶ᠎ᠡ ᠲᠡᠢ ᠭᠤᠷᠢᠭ ᠂ ᠨᠢᠮᠭᠡᠨ ᠬᠥᠮᠥᠰᠬᠡᠲᠡᠢ ᠳᠠᠪᠴᠢ ᠮᠣᠷᠢ ᠶ᠋ᠢ ᠡᠷᠲᠡ ᠲᠠᠯᠪᠢᠵᠤ ᠣᠷᠣᠢ ᠪᠠᠷᠢᠨ᠎ᠠ ᠃ ᠢᠯᠠᠩᠭᠤᠶ᠎ᠠ ᠶᠡᠬᠡ ᠭᠤᠷᠢᠭ ᠂ ᠮᠢᠬ᠎ᠠ ᠪᠠᠨ ᠲᠦᠷᠭᠡᠨ ᠠᠪᠳᠠᠭ ᠮᠣᠷᠢ ᠶ᠋ᠢ ᠡᠳᠦᠷ ᠨᠢ ᠤᠶᠠᠵᠤ ᠂ ᠣᠷᠣᠢ ᠨᠢ ᠠᠳᠤᠭᠤᠨ ᠳ᠋ᠤ᠌ ᠲᠠᠯᠪᠢᠳᠠᠭ ᠴᠤ᠌ ᠪᠣᠢ ᠃ ᠢᠩᠭᠢᠬᠦ ᠦᠭᠡᠢ ᠪᠣᠯ  ᠴᠥᠮᠥᠷᠡᠵᠦ ᠮᠡᠳᠡᠨ᠎ᠡ ᠃ ᠴᠥᠮᠥᠷᠡᠭᠰᠡᠭᠡᠷ ᠲᠠᠷ ᠲᠠᠮᠢᠷ ᠢ᠋ ᠨᠢ ᠠᠯᠳᠠᠭᠤᠯᠬᠤ ᠳ᠋ᠤ᠌ ᠬᠦᠷᠦᠨ᠎ᠡ ᠃ ᠲᠡᠢᠨ ᠬᠦ᠌ ᠬᠠᠮᠤᠭ ᠭᠣᠣᠯ ᠨᠢ ᠮᠣᠷᠢᠨ ᠤ᠋ ᠲᠠᠷ ᠲᠠᠮᠢᠷ ᠢ᠋  ᠠᠪᠴᠢᠬᠠᠬᠤ ᠠ᠋ᠴᠠ ᠬᠢᠴᠢᠶᠡᠬᠦ ᠬᠡᠷᠡᠭᠲᠡᠢ᠃ 
ᠬᠤᠷᠳᠤᠨ ᠮᠣᠷᠢᠨ ᠤ᠋ ᠤᠶᠠᠭ᠎ᠠ ᠰᠣᠢᠯᠭ᠎ᠠ 
       ᠬᠤᠷᠳᠤᠨ ᠮᠣᠷᠢ ᠶ᠋ᠢ ᠠᠩᠬ᠎ᠠ ᠡᠬᠢᠯᠡᠵᠦ ᠤᠶᠠᠬᠤ ᠦᠶ᠎ᠡ ᠳ᠋ᠦ᠍᠂ ᠲᠡᠷᠡ ᠮᠣᠷᠢᠨ ᠤ᠋ ᠬᠦᠴᠦ ᠲᠠᠷᠭᠤ᠂ ᠪᠡᠶ᠎ᠡ ᠶ᠋ᠢᠨ ᠪᠠᠢᠳᠠᠯ ᠢ ᠦᠨᠳᠦᠰᠦᠯᠡᠵᠦ ᠲᠡᠭᠦᠨ ᠦ᠌ ᠪᠦᠬᠦ ᠰᠣᠢᠯᠲᠠ ᠶ᠋ᠢ ᠬᠣᠯᠪᠣᠭᠳᠠᠭᠤᠯᠤᠨ ᠤᠶᠠᠨ᠎ᠠ᠃ ᠬᠤᠷᠳᠤᠨ ᠮᠣᠷᠢ ᠶ᠋ᠢ ᠶᠡᠷᠦᠩᠬᠡᠢ ᠳ᠋ᠡᠭᠡᠨ ᠨᠢᠮᠭᠡᠨ ᠬᠦᠴᠦᠲᠡᠢ ᠪᠠᠢᠯᠭᠠᠪᠠᠯ ᠰᠠᠢᠨ᠃ ᠤᠴᠢᠷ ᠨᠢ ᠤᠶᠠᠭ᠎ᠠ ᠵᠠᠰᠠᠯ ᠬᠢᠬᠦ ᠳ᠋ᠦ᠍᠂ ᠮᠢᠬ᠎ᠠ ᠶ᠋ᠢ ᠨᠢ ᠠᠪᠬᠤ ᠭᠡᠵᠦ ᠲᠠᠮᠢᠷ ᠢ᠋ ᠨᠢ ᠲᠠᠷᠳᠠᠭᠤᠯᠬᠤ ᠦᠭᠡᠢ ᠪᠠᠢᠬᠤ ᠶ᠋ᠢ ᠬᠢᠴᠢᠶᠡᠬᠦ ᠬᠡᠷᠡᠭᠲᠡᠢ᠃ ᠢᠯᠠᠩᠭᠤᠶ᠎ᠠ ᠪᠢᠷ᠎ᠠ ᠲᠡᠩᠬᠡᠭᠡ ᠲᠡᠢ ᠪᠠᠢᠯᠭᠠᠬᠤ ᠶ᠋ᠢᠨ ᠲᠤᠯᠠ ᠡᠪᠦᠯ ᠡᠳ᠋ᠯᠡᠳᠡᠭ ᠪᠣᠯᠪᠠᠴᠤ ᠡᠪᠦᠯ ᠦ᠋ᠨ ᠳ᠋ᠦᠩ ᠬᠦᠢᠲᠡᠨ ᠳ᠋ᠦ᠍ ᠶᠡᠬᠡ ᠤᠨᠤᠵᠤ ᠪᠣᠯᠬᠤ ᠦᠭᠡᠢ᠃ ᠮᠥᠨ ᠬᠠᠪᠤᠷ ᠬᠠᠷᠰᠢᠭᠤᠯᠬᠤ ᠦᠭᠡᠢ ᠡᠳ᠋ᠯᠡᠬᠦ ᠳ᠋ᠦ᠍ ᠬᠢᠴᠢᠶᠡᠩᠭᠦᠢᠯᠡᠨ᠎ᠡ᠃ ᠭᠦᠢᠴᠡᠳ ᠬᠦᠴᠦ ᠠᠪᠤᠭ᠎ᠠ ᠦᠭᠡᠢ ᠪᠤᠶᠤ ᠲᠤᠷᠠᠵᠤ ᠣᠷᠣᠭᠰᠠᠨ ᠮᠣᠷᠢ ᠬᠢᠭᠡᠳ ᠤᠢᠷᠬᠠᠨᠨ ᠤᠶᠠᠭᠠᠨ ᠤ᠋ ᠮᠣᠷᠢ ᠶ᠋ᠢ ᠬᠤᠷ ᠲᠠᠷᠭᠤᠲᠠᠢ ᠮᠣᠷᠢᠨ ᠤ᠋ ᠤᠶᠠᠭ᠎ᠠ ᠲᠠᠢ ᠠᠳᠠᠯᠢ ᠬᠠᠭᠰᠠᠷᠠᠭᠠᠵᠤ ᠪᠣᠯᠬᠤ ᠦᠭᠡᠢ᠃ ᠬᠤᠷᠳᠤᠨ ᠮᠣᠷᠢᠨ ᠤ᠋ ᠰᠢᠨᠵᠢ ᠶ᠋ᠢᠨ ᠰᠤᠳᠤᠷ ᠲᠤ᠌  《ᠬᠤᠷᠳᠤᠨ ᠮᠣᠷᠢ ᠶ᠋ᠢ ᠵᠠᠰᠠᠬᠤ ᠳ᠋ᠤ᠌ ᠬᠢᠯᠪᠠᠷ ᠲᠠᠨᠢᠬᠤ ᠠᠷᠭ᠎ᠠ᠂ ᠶᠠᠮᠠᠷ ᠰᠢᠨᠵᠢᠲᠡᠢ ᠮᠣᠷᠢ ᠪᠣᠯ ᠲᠡᠭᠦᠨ ᠦ᠌ ᠰᠢᠨᠵᠢ ᠳ᠋ᠦ᠍ ᠨᠡᠢᠯᠡᠭᠦᠯᠦᠨ ᠵᠠᠰᠠ ! 》 ᠭᠡᠵᠡᠢ᠃ ᠡᠨᠡ ᠨᠢ ᠮᠣᠷᠢ ᠪᠦᠬᠦᠨ ᠣ ᠲᠤᠰ ᠲᠤᠰ ᠤ᠋ᠨ ᠪᠠᠢᠳᠠᠯ ᠰᠢᠨᠵᠢ ᠳ᠋ᠦ᠍ ᠲᠣᠬᠢᠷᠠᠭᠤᠯᠤᠨ ᠥᠭᠡᠷ᠎ᠡ ᠥᠭᠡᠷ᠎ᠡ ᠵᠢᠷᠤᠮ ᠢ᠋ᠶ᠋ᠠᠷ ᠵᠠᠰᠠᠬᠤ  ᠬᠡᠷᠡᠭᠲᠡᠢ ᠭᠡᠰᠡᠨ ᠬᠡᠷᠡᠭ ᠪᠣᠯᠤᠨ᠎ᠠ᠃ ᠵᠣᠬᠢᠬᠤ ᠮᠣᠷᠢᠨ ᠤ᠋ ᠪᠠᠢᠳᠠᠯ ᠳ᠋ᠤ᠌ ᠲᠣᠬᠢᠷᠠᠭᠤᠯᠬᠤ ᠲᠡᠳᠦᠢ ᠦᠭᠡᠢ ᠮᠣᠷᠢᠨ ᠤ᠋ ᠨᠠᠰᠤ ᠂ ᠬᠦᠴᠦ ᠂ ᠲᠠᠷᠭᠤ ᠂ ᠪᠡᠶ᠎ᠡ ᠶ᠋ᠢᠨ  ᠪᠠᠢᠳᠠᠯ ᠂ ᠴᠠᠭ ᠤᠯᠠᠷᠢᠯ ᠂ ᠬᠠᠩᠭᠠᠢ ᠂ ᠭᠣᠪᠢ ᠂  ᠵᠠᠪᠰᠠᠷ ᠤ᠋ᠨ ᠪᠦᠰᠡ ᠶ᠋ᠢᠨ ᠠᠯᠢᠨ ᠳ᠋ᠤᠨᠢ ᠴᠤ᠌ ᠣᠯᠠᠨ ᠵᠦᠢᠯ ᠦ᠋ᠨ ᠴᠢᠬᠤᠯᠠ ᠨᠥᠬᠥᠴᠡᠯ ᠳ᠋ᠦ᠍ ᠲᠠᠭᠠᠷᠠᠭᠤᠯᠤᠨ ᠵᠠᠰᠠᠨ᠎ᠠ᠃ ᠢᠩᠭᠢᠵᠦ ᠵᠠᠰᠠᠬᠤ ᠶᠠᠪᠤᠳᠠᠯ ᠂ ᠵᠣᠬᠢᠬᠤ ᠮᠣᠷᠢᠨ ᠤ᠋ ᠳᠠᠪᠬᠢᠯ ᠢ ᠪᠦᠷᠢᠨ ᠰᠢᠢᠳᠪᠦᠷᠢᠯᠡᠵᠦ ᠪᠣᠯᠬᠤ ᠶ᠋ᠢ ᠤᠶᠠᠭᠠᠴᠢᠨ ᠪᠦᠬᠦᠨ ᠮᠡᠳᠡᠬᠦ ᠬᠡᠷᠡᠭᠲᠡᠢ ᠃  ᠲᠡᠷᠡᠴᠢᠯᠡᠨ ᠵᠠᠰᠠᠯ ᠬᠠᠨᠣᠪᠠᠯ ᠰᠠᠢᠨ ᠳᠠᠪᠬᠢᠵᠤ ᠂ ᠵᠠᠰᠠᠯ ᠵᠢᠭᠠᠬᠠᠨ ᠣᠰᠣᠯᠳᠠᠪᠠᠯ ᠮᠠᠭᠤ ᠳᠠᠪᠬᠢᠨ᠎ᠠ ᠭᠡᠭᠴᠢ ᠶ᠋ᠢ 1982 ᠣᠨ ᠤ᠋ ᠰᠢᠯᠢ ᠶ᠋ᠢᠨ ᠭᠣᠣᠯ ᠳ᠋ᠤ᠌  ᠪᠣᠯᠤᠭᠰᠠᠨ ᠣᠷᠣᠨ ᠤ᠋ ᠤᠷᠤᠯᠳᠤᠭᠠᠨ ᠳ᠋ᠤ᠌ ᠣᠷᠣᠯᠴᠠᠭᠰᠠᠨ ᠤᠯᠠᠭᠠᠨ ᠡᠷᠭᠢ ᠬᠡᠭᠡᠷ ᠭᠡᠷᠡᠴᠢᠯᠡᠨ᠎ᠡ᠃ ᠲᠠᠪᠤᠨ ᠮᠢᠩᠭ᠎ᠠ ᠳ᠋ᠤ᠌ ᠵᠢᠭᠠᠬᠠᠨ ᠴᠠᠤᠨᠬᠤᠯᠲᠠᠭᠤ ᠳᠠᠪᠬᠢᠭᠠᠳ ᠂ ᠪᠠᠭᠠᠰᠤ ᠴᠢᠴᠠᠭ᠎ᠠ ᠠᠯᠳᠠᠵᠤ ᠳᠥᠩᠭᠡᠵᠦ ᠭᠤᠷᠪᠠ ᠳ᠋ᠤ᠌ ᠣᠷᠣᠵᠤ ᠪᠢᠯᠡ ᠃ ᠡᠭᠦᠨ ᠡᠴᠡ ᠰᠡᠲᠡᠯᠲᠡ ᠠᠪᠴᠤ ᠳᠠᠬᠢᠨ ᠵᠠᠰᠠᠭᠠᠳ ᠳᠠᠷᠠᠭᠠᠴᠢ ᠶ᠋ᠢᠨ ᠭᠤᠷᠪᠠᠳᠠᠬᠢ  ᠡᠳᠦᠷ ᠲᠦ᠍ ᠪᠣᠯᠤᠭᠰᠠᠨ ᠲᠦᠮᠡᠨ ᠮᠧᠲ᠋ᠷ ᠦ᠋ᠨ ᠤᠷᠤᠯᠳᠤᠭᠠᠨ ᠳ᠋ᠤ᠌ ᠮᠣᠷᠢ ( ᠭᠠᠳᠠᠭᠠᠳᠤ ᠡᠭᠦᠯᠳᠡᠷ ᠦ᠋ᠨ ᠴᠦ᠍ ᠪᠣᠢ  ) ᠪᠦᠬᠦᠨ ᠢ᠋ ᠬᠠᠶᠠᠵᠤ ᠠᠢᠬᠤᠪᠲᠤᠷ ᠳᠠᠪᠬᠢᠵᠤ ᠤᠯᠤᠰ ᠤ᠋ᠨ ᠲᠡᠮᠳᠡᠭᠯᠡᠯ ᠢ᠋ ᠡᠪᠳᠡᠨ ᠰᠢᠨᠡᠳᠬᠡᠵᠦ ᠪᠢᠯᠡ᠃          
       ᠳᠡᠭᠡᠷ᠎ᠡ ᠳᠤᠷᠠᠳᠤᠭᠰᠠᠨ ᠶᠣᠰᠣᠭᠠᠷ ᠭᠣᠪᠢ ᠶ᠋ᠢᠨ ᠮᠣᠷᠢ ᠪᠤᠶᠤ ᠢᠯᠠᠩᠭᠤᠶ᠎ᠠ ᠭᠠᠩ ᠲᠠᠢ ᠵᠢᠯ ᠦ᠋ᠨ ᠬᠤᠷᠳᠤᠨ ᠮᠣᠷᠢ ᠶ᠋ᠢ ᠵᠢᠩ ᠦᠳᠡ ᠶ᠋ᠢᠨ ᠬᠠᠯᠠᠭᠤᠨ ᠳ᠋ᠤ᠌  ᠬᠥᠯᠥᠰᠥᠯᠡᠵᠦ ᠪᠣᠯᠬᠤ ᠦᠭᠡᠢ ᠭᠡᠳᠡᠭ᠃ ᠣᠷᠣᠨ ᠨᠤᠲᠤᠭ ᠲᠤᠰ ᠪᠦᠷᠢ ᠳ᠋ᠦ᠍ ᠪᠠᠭ᠎ᠠ ᠰᠠᠭ᠎ᠠ ᠵᠥᠷᠢᠶᠡᠲᠡᠢ ᠵᠦᠢᠯ ᠪᠠᠢᠪᠠᠴᠤ ᠶᠡᠷᠦᠩᠬᠡᠢ ᠳ᠋ᠡᠭᠡᠨ ᠲᠥᠯᠥᠪ ᠠᠳᠠᠯᠢ  ᠪᠢᠯᠡ᠃ ᠪᠠᠶᠠᠯᠢᠭ ᠲᠤᠷᠰᠢᠯᠭ᠎ᠠ ᠪᠦᠬᠦᠢ ᠬᠠᠰᠢᠷ ᠰᠠᠢᠨ ᠤᠶᠠᠭᠠᠴᠢᠨ ᠤ᠋ ᠣᠯᠠᠨ ᠵᠢᠯ ᠦ᠋ᠨ ᠲᠤᠷᠰᠢᠯᠭ᠎ᠠ ᠶ᠋ᠢᠨ ᠦᠨᠳᠦᠰᠦᠨ ᠳᠡᠭᠡᠷ᠎ᠡ ᠬᠤᠷᠳᠤᠨ ᠮᠣᠷᠢᠨ ᠤ᠋  ᠰᠢᠨᠵᠢ ᠶ᠋ᠢᠨ ᠰᠤᠳᠤᠷ ᠳᠠᠬᠢ ᠮᠣᠷᠢ ᠵᠠᠰᠠᠬᠤ ᠵᠢᠷᠤᠮ ᠭᠣᠷᠢᠮ ᠲᠠᠢ ᠤᠶᠠᠯᠳᠤᠭᠤᠯᠤᠨ ᠭᠣᠣᠯᠳᠠᠯᠭ᠎ᠠ ᠪᠣᠯᠭᠠᠨ ᠪᠠᠷᠢᠮᠲᠠᠯᠠᠵᠤ ᠰᠣᠢᠨ᠎ᠠ᠃  
ᠬᠥᠯᠥᠰᠥ ᠠᠪᠬᠤ  
       ᠠᠩᠬᠠᠨ ᠤ᠋ ᠬᠥᠯᠥᠰᠥ ᠶ᠋ᠢ ᠰᠢᠪᠡᠷ ᠬᠥᠯᠥᠰᠥ ᠭᠡᠬᠦ᠂ ᠠᠮᠲᠠᠯᠠᠪᠠᠯ ᠱᠣᠷᠪᠣᠭ ᠰᠢᠤᠬᠠᠨ ᠪᠠᠢᠳᠠᠭ᠃ ᠲᠡᠭᠦᠨ ᠦ᠌ ᠳᠠᠷᠠᠭ᠎ᠠ ᠬᠠᠷ᠎ᠠ ᠬᠥᠯᠥᠰᠥ ᠭᠡᠬᠦ᠂ ᠠᠮᠲᠠ ᠦᠭᠡᠢ ᠤᠰᠤᠨ ᠬᠥᠯᠥᠰᠥ ᠪᠣᠯᠠᠢ᠃ ᠲᠡᠭᠦᠨ ᠦ᠌ ᠳᠠᠷᠠᠭ᠎ᠠ ᠬᠥᠭᠡᠰᠦᠨ ᠬᠥᠯᠥᠰᠥ ᠭᠡᠬᠦ᠂ ᠰᠤᠪᠤᠳᠯᠢᠭ ᠬᠥᠯᠥᠰᠥ ᠪᠥᠮᠪᠥᠷᠢᠳᠡᠭ᠃ ᠲᠡᠭᠦᠨ ᠦ᠌ ᠳᠠᠷᠠᠭ᠎ᠠ  ᠬᠥᠩᠭᠡᠨ ᠬᠥᠯᠥᠰᠥ ᠭᠡᠬᠦ ᠮᠡᠲᠦ ᠪᠡᠷ ᠬᠥᠯᠥᠰᠥ ᠠᠪᠤᠨ᠎ᠠ᠃ ᠵᠠᠷᠢᠮ ᠮᠣᠷᠢ ᠂ ᠨᠢᠭᠡ ᠵᠦᠢᠯ ᠦ᠋ᠨ ᠬᠥᠯᠥᠰᠥ ᠶ᠋ᠢ ᠬᠡᠳᠦ ᠬᠡᠳᠦ ᠬᠥᠯᠥᠰᠥᠯᠡᠭᠦᠯᠦᠮᠡᠨᠵᠢᠨ ᠰᠠᠶᠢ ᠰᠢᠪᠲᠤᠷᠠᠵᠤ ᠥᠭᠡᠷ᠎ᠡ ᠥᠩᠭᠡ ᠶ᠋ᠢᠨ ᠬᠥᠯᠥᠰᠥ ᠬᠤᠪᠢᠯᠵᠤ ᠡᠬᠢᠯᠡᠬᠦ ᠪᠣᠢ᠃ ᠵᠠᠷᠢᠮ ᠮᠣᠷᠢ ᠂ ᠬᠥᠯᠥᠰᠥᠯᠡᠬᠦ ᠪᠦᠷᠢ ᠨᠢᠭᠡ ᠵᠦᠢᠯ ᠦ᠋ᠨ ᠬᠥᠯᠥᠰᠥ ᠪᠡᠨ ᠰᠢᠪᠲᠤᠷᠠᠵᠤ ᠪᠠᠢᠳᠠᠭ᠃ ᠵᠠᠷᠢᠮ ᠮᠣᠷᠢ ᠨᠢ ᠨᠢᠭᠡᠨ ᠬᠥᠯᠥᠰᠥᠯᠡᠭᠡ ᠳ᠋ᠦ᠍ ᠬᠣᠶᠠᠷ ᠵᠦᠢᠯ ᠦ᠋ᠨ ᠬᠥᠯᠥᠰᠥ ᠰᠢᠪᠲᠤᠷᠴᠢᠬᠠᠳᠠᠭ᠃ ᠡᠢᠨ ᠪᠠᠷᠢᠮᠲᠠᠯᠠᠭ᠎ᠠ ᠦᠭᠡᠢ  ᠶ᠋ᠢᠨ ᠤᠴᠢᠷ ᠬᠥᠯᠥᠰᠥᠨ ᠦ᠌ ᠥᠩᠭᠡᠲᠡᠢ ᠶ᠋ᠢ ᠰᠠᠢᠲᠤᠷ ᠠᠵᠢᠭᠯᠠᠨ ᠲᠠᠨᠢᠵᠤ ᠢᠯᠭᠠᠬᠤ ᠬᠡᠷᠡᠭᠲᠡᠢ᠃ ᠮᠡᠳᠡᠬᠦ ᠶ᠋ᠢᠨ ᠠᠷᠭ᠎ᠠ ᠨᠢ ᠮᠣᠷᠢᠨ ᠤ᠋ ᠦᠰᠦᠨ ᠦ᠌ ᠢᠷᠣᠭᠠᠷ ᠲᠤ᠌ ᠰᠢᠩᠭᠡᠵᠦ ᠨᠢᠭᠤᠭᠳᠠᠨ ᠲᠠᠭᠵᠢᠷᠠᠭᠰᠠᠨ ᠬᠠᠭᠤᠷᠠᠢ ᠬᠠᠭ ᠪᠤᠷᠭᠤᠳᠠᠰᠤ ᠶ᠋ᠢ ᠬᠤᠰᠤᠭᠤᠷ ᠢ᠋ᠶ᠋ᠠᠷ ᠰᠠᠢᠨ ᠴᠥᠯᠪᠡᠨ ᠠᠷᠢᠯᠭᠠᠵᠤ ᠳᠠᠬᠢᠨ ᠳᠠᠬᠢᠨ ᠥᠩᠭᠡᠯᠡᠵᠦ  ᠪᠠᠢᠪᠠᠯ ᠢᠯᠭᠠᠨ ᠲᠠᠨᠢᠬᠤ ᠳ᠋ᠤ᠌ ᠬᠢᠯᠪᠠᠷ ᠪᠣᠯᠳᠠᠭ᠃  
       ᠳᠡᠭᠡᠷᠡᠬᠢ ᠮᠡᠲᠦ ᠨᠢᠭᠡᠳᠦᠭᠡᠷ ᠲᠦ᠍ ᠭᠢᠰᠬᠢᠭᠦᠯᠵᠦ ᠵᠠᠰᠠᠬᠤ ᠶ᠋ᠢᠨ ᠤᠴᠢᠷ ᠨᠢ ᠡᠪᠡᠰᠦᠨ ᠦ᠌ ᠰᠢᠭᠦᠰᠦ ᠶ᠋ᠢᠨ ᠬᠣᠣᠷ ᠤ᠋ᠨ ᠬᠠᠷᠪᠤᠯᠭ᠎ᠠ ᠪᠣᠭᠣᠮᠢ ᠶ᠋ᠢ ᠠᠷᠢᠯᠭᠠᠬᠤ ᠵᠠᠰᠠᠯᠭ᠎ᠠ ᠪᠣᠯᠤᠨ᠎ᠠ ᠃ ᠲᠡᠢᠨ ᠬᠦ ᠭᠢᠰᠬᠢᠭᠦᠯᠵᠦ ( ᠬᠥᠲᠥᠯᠵᠦ ᠠᠯᠬᠤᠭᠤᠯᠬᠤ ) ᠵᠠᠰᠠᠬᠤ ᠶ᠋ᠢ ᠣᠮᠲᠣᠭᠠᠢᠯᠠᠵᠤ ᠪᠣᠯᠬᠤ ᠦᠭᠡᠢ᠃ ᠬᠣᠶᠠᠳᠤᠭᠠᠷ ᠲᠤ᠌ ᠂ ᠬᠥᠯᠥᠷᠡᠭᠡᠵᠦ ᠵᠠᠰᠠᠬᠤ ᠶ᠋ᠢᠨ ᠬᠡᠷᠡᠭ ᠨᠢ ᠪᠦᠬᠦ ᠪᠡᠶ᠎ᠡ ᠳ᠋ᠡᠭᠡᠨ ᠲᠣᠭᠲᠠᠨ ᠰᠢᠩᠭᠡᠵᠦ ᠴᠠᠢᠷᠠᠭᠰᠢᠬᠰᠠᠨ ( цайрагшсан) ᠥᠭᠡᠬᠦᠨ ᠦ᠌ ᠬᠣᠣᠷ᠎ᠠ ᠪᠣᠭᠣᠮᠢ ᠶ᠋ᠢ  ᠭᠠᠳᠠᠭᠰᠢᠯᠠᠭᠤᠯᠵᠤ ᠬᠥᠩᠭᠡᠷᠡᠭᠦᠯᠦᠨ ᠡᠭᠦᠷᠲᠦᠯᠭᠡ ᠦᠭᠡᠢ ᠪᠣᠯᠭᠠᠬᠤ ᠵᠠᠰᠠᠯᠭ᠎ᠠ ᠪᠣᠯᠤᠨ᠎ᠠ ᠃ ᠲᠡᠢᠨ ᠬᠦ᠌ ᠠᠪᠪᠠᠰᠤ ᠵᠦᠢᠲᠡᠢ ᠬᠥᠯᠥᠰᠥ ᠶ᠋ᠢ ᠴᠥᠮ ( ᠲᠠᠷ ᠢ᠋ ᠠᠪᠬᠤ ᠦᠭᠡᠢ ) ᠶ᠋ᠢ ᠠᠪᠬᠤ ᠬᠡᠷᠡᠭᠲᠡᠢ ᠃ ᠭᠤᠷᠪᠠᠳᠤᠭᠠᠷ ᠲᠤ᠌ ᠂ ᠲᠠᠷᠯᠠᠵᠤ ( ᠥᠰᠥᠷᠬᠡᠵᠦ ) ᠵᠠᠰᠠᠬᠤ ᠶ᠋ᠢᠨ ᠤᠴᠢᠷ ᠨᠢ ᠳᠣᠲᠣᠭᠰᠢ ᠪᠦᠷᠬᠦᠭᠳᠡᠭᠰᠡᠨ ᠠᠮᠢᠰᠬᠤᠯ ᠢ ᠨᠡᠭᠡᠭᠡᠵᠦ᠂ ᠲᠠᠯᠪᠢᠭᠤᠤᠠᠬᠠᠬᠤ ᠪᠠ ᠮᠢᠬᠠᠨ ᠤ᠋ ᠬᠥᠭᠡᠩᠭᠢ ᠶ᠋ᠢ ᠪᠠᠭᠤᠯᠭᠠᠬᠤ ᠪᠠᠷᠢᠯᠳᠤᠯᠭ᠎ᠠ ᠦᠭᠡᠢ ᠴᠡᠭᠴᠡ ᠪᠣᠯᠭᠠᠬᠤ ᠵᠠᠰᠠᠯᠭ᠎ᠠ ᠪᠢᠯᠡ᠃ ᠠᠮᠢᠰᠬᠤᠯ ᠪᠦᠲᠡᠬᠦ ᠂ ᠮᠢᠬ᠎ᠠ ᠪᠣᠰᠬᠤ ᠪᠣᠯ ᠬᠤᠷᠳᠤᠴᠠ ᠳ᠋ᠤ᠌ ᠶᠡᠬᠡ ᠰᠠᠭᠠᠳ ᠲᠣᠳᠬᠠᠷ ᠪᠣᠯᠳᠠᠭ᠃ ᠲᠡᠢᠨ ᠬᠦ᠌ ᠡᠨᠡ ᠥᠰᠥᠷᠬᠡᠯᠲᠡ ᠶ᠋ᠢ ᠲᠣᠬᠢᠷᠠᠭᠤᠯᠵᠤ ᠬᠢᠬᠦ ᠬᠡᠷᠡᠭᠲᠡᠢ᠃ ᠳᠥᠷᠪᠡᠳᠦᠭᠡᠷ ᠲᠦ᠍ ᠂ ᠰᠤᠩᠭᠠᠵᠤ ᠵᠠᠰᠠᠬᠤ ᠶ᠋ᠢᠨ ᠤᠴᠢᠷ ᠨᠢ ᠤᠷᠤᠯᠳᠤᠵᠤ ᠰᠤᠷᠭᠠᠬᠤ ᠨᠢ ᠪᠠ ᠪᠡᠶ᠎ᠡ ᠶ᠋ᠢ ᠴᠢᠩᠭᠠᠷᠠᠭᠤᠯᠤᠨ ᠶᠠᠪᠤᠳᠠᠯ ᠢ᠋ ᠴᠡᠭᠴᠡᠷᠡᠭᠦᠯᠵᠦ ᠭᠦᠶᠦᠳᠡᠯ ᠢ ᠨᠡᠮᠡᠭᠳᠡᠭᠦᠯᠬᠦ ᠵᠠᠰᠠᠯᠭ᠎ᠠ ᠪᠣᠯᠤᠨ᠎ᠠ᠃ ᠲᠡᠢᠨ ᠬᠦ᠌ ᠪᠦᠳᠦᠭᠦᠨ ᠮᠣᠷᠢᠳ ᠢ᠋ ᠡᠷᠬᠡᠪᠰᠢ ᠪᠠᠭ᠎ᠠ ᠳ᠋ᠠᠭᠠᠨ ᠬᠣᠶᠠᠷ ᠰᠤᠩᠭᠠᠨ᠎ᠠ᠃  
       《ᠭᠡᠳᠡᠰᠦ ᠶ᠋ᠢ ᠴᠣᠭᠭᠢᠭᠤᠯᠵᠤ ᠠᠪ ᠂ ᠬᠥᠯᠥᠰᠥ ᠶ᠋ᠢ ᠬᠠᠲᠠᠷᠢᠭᠤᠯᠵᠤ ᠠᠪ ᠂ ᠪᠠᠭᠠᠰᠤ ᠶ᠋ᠢ ᠱᠣᠭᠰᠢᠭᠤᠯᠵᠤ ᠠᠪ ᠂ ᠰᠡᠳᠬᠢᠯ ᠢ᠋ ᠰᠠᠵᠢᠯᠠᠭᠤᠯᠵᠤ ᠰᠡᠷᠭᠦᠭᠡ ! 》ᠭᠡᠳᠡᠭ ᠳ᠋ᠦᠩᠨᠡᠯ ᠦᠭᠡ ᠪᠠᠢᠳᠠᠭ᠃ ᠡᠴᠡᠩᠬᠡᠢ ᠮᠣᠷᠢᠨ ᠳ᠋ᠤ᠌ ᠰᠢᠪᠠᠷ ᠬᠥᠯᠥᠰᠥ ᠦᠭᠡᠢ ᠂ ᠵᠤᠵᠠᠭᠠᠨ ᠠᠷᠠᠰᠤ ᠲᠠᠢ ᠲᠣᠪᠢᠷ ᠮᠣᠷᠢᠨ ᠤ᠋ ᠬᠥᠯᠥᠰᠥ ᠶ᠋ᠢ ᠨᠢᠮᠭᠡᠨ ᠲᠣᠬᠣᠮ ᠪᠤᠶᠤ ᠢᠰᠡᠭᠡᠢ ᠪᠡᠷ ᠨᠠᠮᠨᠠᠵᠤ ᠰᠢᠷᠦᠭᠦᠨ ᠬᠠᠲᠠᠷᠢᠭᠠᠵᠤ ᠠᠪ ᠃ ᠨᠢᠮᠭᠡᠨ ᠠᠷᠠᠰᠤ ᠲᠠᠢ ᠬᠡᠮᠡᠯ ᠪᠡᠶ᠎ᠡ ᠲᠡᠢ ᠮᠣᠷᠢᠨ ᠤ᠋ ᠬᠥᠯᠥᠰᠥ ᠶ᠋ᠢ ᠵᠤᠵᠠᠭᠠᠨ ᠲᠣᠬᠣᠮ ᠪᠤᠶᠤ ᠢᠰᠡᠭᠡᠢ ᠪᠡᠷ ᠨᠠᠮᠨᠠᠵᠤ ᠵᠥᠭᠡᠯᠡᠨ ᠶᠥᠷᠭᠡᠵᠦ ᠠᠪ᠃ ᠶᠠᠮᠠᠷ ᠨᠢᠭᠡᠨ ᠮᠣᠷᠢ ᠶ᠋ᠢ ᠭᠤᠷᠪᠠᠨ ᠬᠣᠨᠣᠭ ᠪᠦᠷᠢ ᠳ᠋ᠦ᠍ ᠨᠢᠭᠡ ᠤᠳᠠᠭ᠎ᠠ  ᠬᠥᠯᠥᠰᠥᠯᠡᠬᠦ ᠬᠡᠷᠡᠭᠲᠡᠢ᠃          
       ᠠᠩᠬᠠᠨ ᠤ᠋ ᠳᠥᠷᠪᠡ ᠤᠳᠠᠭ᠎ᠠ ᠶ᠋ᠢᠨ ᠬᠥᠯᠥᠰᠥ ᠶ᠋ᠢ ᠠᠪᠤᠭᠰᠠᠨ ᠤ᠋ ᠳᠠᠷᠠᠭ᠎ᠠ᠂ ᠤᠶᠠᠭ᠎ᠠ ᠵᠠᠰᠠᠯ ᠲᠣᠬᠢᠷᠠᠵᠤ ᠪᠠᠢᠭ᠎ᠠ ᠪᠣᠯ ᠰᠤᠪᠤᠳ ᠥᠩᠭᠡᠲᠦ ᠬᠥᠯᠥᠰᠥ ᠥᠪᠡᠷ ᠢ᠋ᠶ᠋ᠡᠨ ᠭᠠᠷᠤᠨ᠎ᠠ᠃ ᠰᠤᠪᠤᠳ ᠬᠥᠯᠥᠰᠥ ᠶ᠋ᠢ ᠶᠡᠬᠡ ᠠᠪᠴᠤ ᠪᠣᠯᠬᠤ ᠦᠭᠡᠢ᠃ ᠡᠢᠨ ᠮᠣᠷᠢᠨ ᠤ᠋ ᠰᠢᠨᠵᠢ᠂ ᠦᠰᠦᠨ ᠳ᠋ᠦ᠍ᠨᠢ ᠲᠣᠭᠣᠰᠣ ᠦᠭᠡᠢ ᠪᠣᠯᠵᠤ᠂ ᠦᠰᠦ ᠨᠢ ᠤᠰᠤᠨ ᠠ᠋ᠴᠠ ᠭᠠᠷᠤᠭᠰᠠᠨ ᠮᠡᠲᠦ ᠭᠢᠯᠲᠠᠭᠠᠨᠠᠵᠤ ᠢᠷᠡᠨ᠎ᠡ᠃ 
       ᠭᠣᠪᠢ ᠶ᠋ᠢᠨ ᠮᠣᠷᠢ ᠪᠠ ᠭᠠᠩ ᠵᠢᠯ ᠦ᠋ᠨ ᠬᠤᠷᠳᠤᠨ ᠮᠣᠷᠢ ᠶ᠋ᠢ ᠦᠳᠡ ᠶ᠋ᠢᠨ ᠬᠠᠯᠠᠭᠤᠨ ᠳ᠋ᠤ᠌ ᠪᠤᠶᠤ ᠬᠠᠷ᠎ᠠ ᠴᠢᠭᠢᠭ ᠲᠦ᠍ ᠬᠥᠯᠥᠰᠥᠯᠡᠪᠡᠯ᠂ ᠦᠰᠦ ᠨᠢ ᠵᠤᠯᠭᠠᠷᠠᠬᠤ ᠪᠤᠶᠤ ᠬᠡᠷᠪᠡ ᠲᠠᠷᠭᠤᠨ ᠮᠣᠷᠢ ᠪᠣᠯ ᠨᠢᠴᠠᠷᠠᠨ᠎ᠠ᠃ 
ᠬᠤᠷᠳᠤᠨ ᠮᠣᠷᠢᠨ ᠢ᠋ ᠪᠠᠷᠢᠵᠤ ᠲᠠᠯᠪᠢᠬᠤ ᠶᠣᠰᠣᠨ  
       ᠪᠠᠲᠤ ᠪᠡᠬᠢ ᠪᠡᠶ᠎ᠡ ᠲᠡᠢ ᠭᠡᠳᠡᠰᠦ ᠶᠡᠬᠡ᠂ ᠬᠠᠪᠢᠷᠭ᠎ᠠ ᠤᠷᠲᠤ᠂ ᠰᠦᠪᠡᠭᠡ ᠠᠭᠤᠵᠢᠮ ᠮᠣᠷᠢ ᠶ᠋ᠢ ᠡᠷᠲᠡ ᠪᠠᠷᠢᠵᠤ ᠣᠷᠣᠢ ᠲᠠᠯᠪᠢᠨ᠎ᠠ᠃ ᠡᠢᠮᠦ ᠮᠣᠷᠢ ᠢᠳᠡᠰᠢ ᠶᠡᠬᠡᠲᠡᠢ᠂ ᠬᠣᠪᠳᠣᠭ ᠬᠤᠷᠳᠤᠨ ᠢᠳᠡᠳᠡᠭ ᠃ ᠨᠠᠷᠢᠨ ᠤᠷᠲᠤ ᠪᠡᠶ᠎ᠡ ᠲᠡᠢ ᠬᠥᠯ ᠴᠣᠮᠴᠣᠭᠣᠷ ᠥᠨᠳᠥᠷ  ᠪᠥᠭᠡᠳ ᠬᠥᠩᠭᠡᠨ ᠪᠡᠶ᠎ᠡ ᠲᠡᠢ ᠂ ᠨᠢᠮᠭᠡᠨ ᠰᠢᠳᠦᠲᠡᠢ᠂ ᠨᠢᠮᠭᠡᠨ ᠬᠥᠮᠥᠰᠬᠡᠲᠡᠢ ᠳᠠᠪᠴᠢ ᠰᠥᠪᠡᠭᠡᠳᠡᠢ ᠮᠣᠷᠢ ᠶ᠋ᠢ ᠣᠷᠣᠢ ᠪᠠᠷᠢᠵᠤ ᠡᠷᠲᠡ ᠲᠠᠯᠪᠢᠨ᠎ᠠ᠃ ᠶᠡᠷᠦ ᠨᠢ ᠮᠣᠷᠢ ᠪᠦᠬᠦᠨ ᠦ᠌ ᠵᠠᠰᠠᠯ ᠠᠪᠬᠤ ᠬᠣᠭᠣᠷᠣᠨᠳᠣ ᠪᠠᠨ ᠠᠳᠠᠯᠢ ᠦᠭᠡᠢ ᠲᠤᠯᠠ ᠮᠣᠷᠢ ᠪᠦᠷᠢ ᠶ᠋ᠢᠨ ᠲᠤᠬᠠᠢ ᠶ᠋ᠢᠨ ᠪᠠᠢᠳᠠᠯ ᠳ᠋ᠤ᠌ ᠲᠣᠬᠢᠷᠠᠭᠤᠯᠤᠨ᠎ᠠ ᠭᠡᠭᠴᠢ ᠶ᠋ᠢ  ᠴᠢᠩᠭ᠎ᠠ ᠮᠡᠳᠡᠬᠦ ᠴᠢᠬᠤᠯᠠᠲᠠᠢ᠃ 
ᠥᠰᠥᠷᠬᠡᠬᠦ  
       ᠥᠰᠥᠷᠬᠡᠬᠦ ᠳ᠋ᠦ᠍ ᠪᠢᠲᠡᠭᠡᠢ ᠬᠠᠲᠠᠷᠢᠭᠠᠵᠤ ᠰᠤᠷᠭ᠎ᠠ᠃ ᠬᠤᠷᠳᠤᠨ ᠮᠣᠷᠢᠨ ᠤ᠋ ᠰᠢᠨᠵᠢ ᠶ᠋ᠢᠨ ᠰᠤᠳᠤᠷ ᠲᠤ᠌ : ᠬᠤᠷ ᠲᠠᠷᠭᠤᠨ ᠪᠥᠭᠡᠳ ᠰᠢᠨᠵᠢ ᠨᠢ ᠬᠠᠲᠠᠭᠤ ᠵᠠᠰᠠᠯ ᠲᠠᠢ ᠮᠣᠷᠢ ᠶ᠋ᠢ 25 ᠬᠣᠨᠣᠭ ᠤᠶᠠᠵᠤ ᠂ 7 ᠰᠣᠷᠢᠵᠤ ᠂ 3 ᠰᠤᠩᠭᠠᠭ᠎ᠠ ᠭᠡᠵᠡᠢ ᠃ ᠲᠡᠭᠦᠨ ᠦ᠌ ᠳᠠᠷᠠᠭ᠎ᠠ ᠮᠣᠷᠢ ᠶ᠋ᠢ 20 ᠬᠣᠨᠣᠭ ᠤᠶᠠᠵᠤ  ᠂ 5 ᠥᠰᠥᠷᠬᠡᠵᠦ ( ᠰᠣᠷᠢᠵᠤ ) 2 ᠰᠤᠩᠭᠠᠭ᠎ᠠ  ᠭᠡᠵᠡᠢ ᠃ ᠲᠡᠭᠦᠨ ᠦ᠌ ᠳᠠᠷᠠᠭ᠎ᠠ ᠮᠣᠷᠢ ᠶ᠋ᠢ 15 ᠬᠣᠨᠣᠭ ᠤᠶᠠᠵᠤ ᠂ 2 ᠥᠰᠥᠷᠬᠡᠵᠦ 1 ᠰᠤᠩᠭᠠᠭ᠎ᠠ  ᠭᠡᠵᠡᠢ ᠃ ᠲᠦᠷᠦᠭᠦᠦ ᠪᠠᠷᠢᠭᠰᠠᠨ ᠡᠳᠦᠷ ᠬᠠᠷ᠎ᠠ ᠴᠠᠭᠠᠨ ᠢ᠋ ᠢᠯᠭᠠᠬᠤ ᠭᠠᠵᠠᠷ ᠤ᠋ᠨ ᠬᠠᠭᠠᠰ ᠠ᠋ᠴᠠ ᠥᠰᠥᠷᠬᠡᠵᠦ ᠢᠷᠡᠭᠡᠳ ᠪᠠᠭ᠎ᠠ ᠭᠢᠰᠬᠢᠭᠦᠯᠵᠦ ᠪᠠᠢᠭᠠᠳ  ᠬᠥᠯᠥᠰᠥ ᠶ᠋ᠢ ᠨᠢ ᠬᠣᠰᠤᠯ ᠦᠭᠡᠢ ᠪᠡᠶ᠎ᠡ ᠳ᠋ᠦ᠍ᠨᠢ ᠲᠣᠭᠲᠠᠭ᠎ᠠ ᠃ ᠭᠤᠷᠢᠭ ᠮᠣᠷᠢ ᠶ᠋ᠢ ᠥᠯᠥᠩᠳᠡᠭᠦᠦ ᠤᠷᠤᠯᠳᠤᠭᠤᠯᠬᠤ ᠪᠠ ᠶᠡᠬᠡ ᠭᠡᠳᠡᠰᠦᠲᠡᠢ ᠵᠠᠰᠠᠯ ᠬᠠᠲᠠᠭᠤ ᠮᠣᠷᠢ   ᠶ᠋ᠢ ᠥᠯ ᠰᠠᠢᠲᠠᠢ ᠤᠷᠤᠯᠳᠤᠭᠤᠯᠵᠤ ᠪᠠᠢ ᠃ ᠨᠢᠮᠭᠡᠨ ᠠᠷᠠᠰᠤᠲᠠᠢ ᠂ ᠮᠢᠬ᠎ᠠ ᠪᠠᠭᠠᠲᠠᠢ ᠮᠣᠷᠢ ᠶ᠋ᠢ ᠴᠢᠭᠢᠭ ᠬᠤᠷ᠎ᠠ ᠲᠠᠢ ᠡᠳᠦᠷ ᠨᠠᠮᠨᠠᠵᠤ ᠪᠠᠢᠭᠠᠳ ᠣᠷᠣᠯᠳᠣᠬᠤ   ᠶ᠋ᠢᠨ ᠡᠮᠦᠨ᠎ᠡ ᠨᠡᠮᠨᠡᠭᠡ ᠶ᠋ᠢ ᠠᠪᠤᠨ᠎ᠠ ᠃ ᠶᠡᠷᠦ ᠨᠢ ᠴᠢᠭᠢᠭ ᠲᠦ᠍ ᠮᠠᠭᠤ ᠮᠣᠷᠢ ᠪᠦᠬᠦᠨ ᠢ ᠨᠡᠮᠨᠡᠬᠦ ᠴᠢᠬᠤᠯᠠᠲᠠᠢ᠃  
       ᠳᠡᠭᠡᠷ᠎ᠡ ᠴᠠᠭ ᠲᠤ᠌ 3 ᠶᠡᠬᠡ ᠨᠠᠰᠤᠨ ᠤ᠋ ᠮᠣᠷᠢ ᠶ᠋ᠢ 40 ᠠ᠋ᠴᠠ 45 ᠬᠣᠨᠣᠭ ᠂ 3 ᠪᠠᠭ᠎ᠠ ᠨᠠᠰᠤᠨ ᠤ᠋ ᠮᠣᠷᠢ ᠶ᠋ᠢ 25 ᠠ᠋ᠴᠠ 30 ᠬᠣᠨᠣᠭ ᠤ᠋ᠨ ᠬᠤᠭᠤᠴᠠᠭᠠᠲᠠᠢ ᠤᠶᠠᠵᠤ ᠪᠠᠢᠭᠰᠠᠨ ᠰᠤᠷᠠᠭ ᠲᠠᠢ᠃ ᠣᠳᠣ ᠡᠭᠦᠨ ᠢ᠋ ᠳᠡᠩᠳᠡᠭᠦᠦ ᠤᠳᠠᠭᠠᠨ᠂ ᠤᠶᠠᠭ᠎ᠠ ᠬᠡᠲᠦᠷᠡᠨ᠎ᠡ ᠭᠡᠵᠦ ᠦᠵᠡᠳᠡᠭ᠃ ᠦᠨᠡᠨ   ᠳ᠋ᠡᠭᠡᠨ ᠮᠣᠷᠢᠨ ᠤ᠋ ᠤᠶᠠᠭ᠎ᠠ ᠬᠡᠲᠦᠷᠡᠨ᠎ᠡ ᠭᠡᠳᠡᠭ ᠪᠣᠯ ᠡᠪ ᠲᠣᠬᠢᠷᠠᠮᠵᠢ ᠦᠭᠡᠢ ᠤᠶᠠᠭᠰᠠᠨ ᠪᠤᠶᠤ ᠤᠶᠠᠵᠤ ᠴᠢᠳᠠᠬᠤ ᠦᠭᠡᠢ ᠶ᠋ᠢᠨ ᠬᠠᠷᠠᠭ᠎ᠠ ᠠ᠋ᠴᠠ ᠬᠡᠲᠦᠷᠡᠬᠦ ᠡᠴᠡ ᠪᠢᠰᠢ᠂ ᠤᠳᠠᠭᠠᠨ ᠤᠶᠠᠭᠰᠠᠨ ᠠ᠋ᠴᠠ ᠪᠣᠯᠵᠤ ᠤᠶᠠᠭ᠎ᠠ ᠰᠣᠢᠯᠲᠠ ᠬᠡᠲᠦᠷᠡᠨ᠎ᠡ ᠭᠡᠳᠡᠭ ᠨᠢ ᠨᠢᠭᠡᠨ ᠪᠤᠷᠤᠭᠤ ᠦᠵᠡᠯᠲᠡ ᠪᠣᠯᠬᠤ ᠶ᠋ᠢ ᠬᠠᠰᠢᠷ ᠤᠶᠠᠭᠠᠴᠢᠳ ᠪᠦᠷ ᠮᠡᠳᠡᠨ᠎ᠡ᠃ 
ᠵᠠᠰᠠᠯ ᠬᠠᠩᠬᠤ ᠰᠢᠨᠵᠢ 
       ᠵᠠᠰᠠᠯ ᠬᠠᠨᠤᠭᠰᠠᠨ ᠮᠣᠷᠢᠨ ᠳ᠋ᠤ᠌ ᠣᠯᠠᠨ ᠵᠦᠢᠯ ᠦ᠋ᠨ ᠰᠣᠨᠢᠷᠬᠠᠯᠲᠠᠢ ᠰᠢᠨᠵᠢ ᠲᠡᠮᠳᠡᠭ ᠢᠯᠡᠷᠡᠨ᠎ᠡ ᠃ ᠲᠤᠬᠠᠢᠯᠠᠪᠠᠯ ᠂ 
       ① ᠪᠣᠭᠣᠨᠢ ᠰᠤᠩᠭᠠᠨ   ᠳ᠋ᠤ᠌ ᠵᠡᠷᠭᠡ ᠲᠤᠰᠤᠭᠰᠠᠨ ᠳᠥᠷᠪᠡᠨ ᠬᠥᠯ ᠦ᠋ᠨ ᠮᠥᠷ ᠨᠢᠭᠡᠨ ᠱᠤᠭᠤᠮ ᠳ᠋ᠤ᠌ ᠵᠢᠷᠢᠢᠨ᠎ᠡ ᠃ ᠵᠢᠱ᠌ᠢᠶᠡᠯᠡᠪᠡᠯ : 0-0-000-00-0᠃ 
       ② ᠪᠠᠭᠠᠰᠤ  ᠨᠢ ᠵᠠᠳᠠᠭᠠᠢ ᠂ ᠰᠡᠪᠡᠰᠦ ᠦᠭᠡᠢ ᠴᠢᠮᠪᠠᠢ ᠬᠣᠮᠣᠯ ᠪᠣᠯᠤᠭᠰᠠᠨ ᠃ 
       ③ ᠤᠶᠠᠭᠠᠨ ᠳ᠋ᠤ᠌ ᠵᠣᠭᠰᠣᠬᠤ ᠳ᠋ᠠᠭᠠᠨ ᠰᠡᠭᠦᠵᠢᠯᠳᠦᠬᠦ ᠦᠭᠡᠢ ᠂ ᠳᠥᠷᠪᠡᠨ ᠬᠥᠯ ᠳᠡᠭᠡᠷ᠎ᠡ   ᠪᠡᠨ ᠲᠡᠭᠰᠢ ᠭᠢᠰᠬᠢᠵᠦ ᠵᠣᠭᠰᠣᠬᠤ᠃ 
       ④ ᠬᠠᠷ᠎ᠠ ᠬᠥᠯᠥᠰᠥᠨ ᠦ᠌ ᠦᠶ᠎ᠡ ᠳ᠋ᠦ᠍ ᠬᠤᠵᠢᠷ ᠦᠭᠡᠢ ᠂ ᠠᠮᠲᠠ ᠦᠭᠡᠢ ᠤᠰᠤᠨ ᠬᠥᠯᠥᠰᠥᠲᠡᠢ ᠪᠣᠯᠤᠨ᠎ᠠ ᠃ 
       ⑤ ᠤᠤᠯ ᠠ᠋ᠴᠠ ᠪᠠᠨ ᠤᠯᠠᠮ ᠥᠨᠳᠥᠷ ᠪᠣᠯᠤᠭᠰᠠᠨ ᠮᠡᠲᠦ ᠪᠣᠯᠬᠤ᠃ 
       ⑥ ᠬᠥᠷᠪᠡᠬᠦ ᠳ᠋ᠡᠭᠡᠨ ᠤᠷᠲᠤ ᠬᠣᠶᠠᠷ ᠬᠥᠯ ᠢ᠋ᠶ᠋ᠡᠨ ᠡᠪᠴᠢᠭᠦᠨ ᠳ᠋ᠡᠭᠡᠨ ᠬᠦᠷᠭᠡᠬᠦ᠃ 
       ⑦  ᠬᠠᠮᠠᠷ ᠂ ᠳᠠᠯᠤ ᠂ ᠬᠥᠬᠥ ᠮᠢᠬᠠᠨ ᠤ᠋ ᠰᠤᠳᠠᠰᠤ ᠠᠷᠪᠢᠨ ᠭᠠᠷᠴᠤ ᠢᠷᠡᠬᠦ ᠃
       ⑧ ᠥᠩᠭᠡ ᠵᠢᠰᠦ ᠨᠢ ᠤᠰᠤᠨ ᠠ᠋ᠴᠠ ᠭᠠᠷᠤᠭᠰᠠᠨ ᠮᠡᠲᠦ ᠭᠢᠯᠪᠠᠯᠵᠠᠭᠰᠠᠨ ᠬᠤᠷᠴᠠ ᠰᠠᠢᠬᠠᠨ ᠪᠣᠯᠬᠤ᠃
       ⑨ ᠥᠰᠥᠷᠬᠡᠬᠦ ᠳ᠋ᠦ᠍ ᠲᠣᠬᠣᠮ ᠤ᠋ᠨ ᠳᠣᠣᠷ᠎ᠠ ᠬᠥᠯᠥᠰᠥ ᠦᠭᠡᠢ ᠪᠠ ᠮᠢᠬ᠎ᠠ ᠨᠢ ᠦᠯᠦ ᠬᠥᠭᠡᠭᠡᠬᠦ ( ᠪᠣᠰᠬᠤ ) ᠃ 
       ⑩ ᠰᠡᠳᠬᠢᠯ ᠬᠥᠩᠭᠡᠨ  ᠰᠡᠷᠭᠦᠯᠡᠩ ᠪᠣᠯᠬᠤ ᠃
       ⑪ ᠰᠣᠷᠮᠤᠤᠰᠤ ᠨᠢ ᠡᠭᠡᠳᠡᠷᠡᠭᠡ ᠦᠭᠡᠢ ᠪᠣᠯᠬᠤ ᠵᠡᠷᠭᠡ ᠁ ᠣᠯᠠᠨ ᠢᠯᠡᠷᠡᠯ ᠪᠣᠢ᠃ 
ᠵᠠᠰᠠᠯ ᠬᠡᠲᠦᠷᠡᠬᠦ ᠰᠢᠨᠵᠢ   ᠵᠠᠰᠠᠯ ᠳᠤᠲᠠᠬᠤ ᠪᠠ ᠬᠡᠲᠦᠷᠡᠬᠦ ᠰᠢᠨᠵᠢ ᠮᠥᠨ ᠣᠯᠠᠨ ᠵᠦᠢᠯ ᠦ᠋ᠨ ᠢᠯᠡᠷᠡᠯ ᠲᠡᠢ ᠪᠠᠢᠳᠠᠭ᠃
       ① ᠪᠡᠶ᠎ᠡ ᠨᠢ ᠬᠦᠨᠳᠦ ᠃
       ② ᠬᠥᠯ  ᠢ᠋ᠶ᠋ᠡᠨ ᠰᠣᠯᠪᠢᠵᠤ ᠭᠢᠰᠬᠢᠬᠦ ᠃ 
       ③ ᠳᠠᠪᠬᠢᠬᠤ ᠳ᠋ᠠᠭᠠᠨ ᠠᠮᠢᠰᠬᠤᠭᠠᠳᠠᠬᠤ ᠃ 
       ④ ᠥᠩᠭᠡ ᠵᠢᠰᠦ ᠨᠢ ᠮᠠᠭᠤ ᠬᠠᠷᠠᠭᠳᠠᠬᠤ ᠃
       ⑤ ᠰᠣᠷᠮᠤᠤᠰᠤ ᠨᠢ  ᠡᠭᠡᠳᠡᠷᠡᠬᠦ 
       ⑥ ᠵᠣᠪᠬᠢ ᠨᠢ ᠠᠲᠤᠷᠢᠬᠤ ᠃ 
       ⑦ ᠳᠠᠪᠬᠢᠬᠤ ᠳ᠋ᠠᠭᠠᠨ ᠮᠢᠬ᠎ᠠ ᠨᠢ ᠬᠥᠭᠡᠭᠡᠬᠦ ( ᠪᠣᠰᠬᠤ )᠃
       ⑧ ᠬᠥᠭᠡᠰᠦ ᠪᠤᠶᠤ ᠰᠢᠪᠡᠷ ᠬᠥᠯᠥᠰᠥ ᠭᠠᠷᠬᠤ  ᠃ ᠭᠦᠯᠳᠡᠢᠵᠦ ᠵᠣᠭᠰᠣᠬᠤ ᠂ ᠵᠣ᠌ ᠨᠢᠷᠤᠭᠤᠨ ᠤ᠋ ᠬᠢᠨᠢ ᠦᠰᠦ ᠨᠢ ᠤᠨᠠᠬᠤ ᠵᠡᠷᠭᠡ ᠠᠯᠢ ᠣᠯᠠᠨ ᠰᠢᠨᠵᠢ ᠲᠡᠮᠳᠡᠭ ᠦ᠋ᠳ ᠢᠯᠡᠷᠡᠨ᠎ᠡ᠃ ᠶᠡᠷᠦᠩᠬᠡᠢᠯᠡᠭᠡᠳ  ᠬᠡᠯᠡᠪᠡᠯ ᠂ ᠤᠶᠠᠭ᠎ᠠ ᠬᠠᠨᠤᠭᠰᠠᠨ ᠵᠦᠢᠯ ᠦ᠋ᠨ ᠡᠰᠡᠷᠭᠦ ᠲᠡᠮᠳᠡᠭ ᠦ᠋ᠳ ᠦᠵᠡᠭᠳᠡᠬᠦ ᠪᠣᠯᠤᠨ᠎ᠠ ᠃    
       ᠦᠰᠦ ᠨᠢ ᠬᠤᠭᠤᠷᠠᠵᠤ ᠪᠣᠢ ᠮᠣᠷᠢ ᠪᠣᠯ ᠥᠯᠥᠨ ᠢ᠋ᠶ᠋ᠡᠷ ᠳᠠᠪᠬᠢᠭᠰᠠᠨ ᠤ᠋ ᠰᠢᠯᠲᠠᠭᠠᠨ ᠃ ᠡᠢᠮᠦ ᠮᠣᠷᠢ ᠶ᠋ᠢ ᠥᠰᠥᠷᠬᠡᠵᠦ ᠢᠷᠡᠭᠡᠳ ᠴᠠᠭ ᠪᠤᠶᠤ ᠴᠠᠭ  ᠬᠠᠭᠠᠰ ᠢᠳᠡᠭᠦᠯᠦᠭᠡᠳ ᠤᠰᠤᠯᠠᠵᠤ ᠤᠶᠠᠵᠤ ᠬᠣᠨᠣᠨ᠎ᠠ᠃ ᠢᠩᠭᠢᠪᠡᠯ ᠤᠶᠠᠭ᠎ᠠ ᠨᠢ ᠳᠠᠬᠢᠨ ᠲᠠᠭᠠᠷᠠᠵᠤ ᠵᠠᠰᠠᠯ ᠠᠪᠤᠨ᠎ᠠ᠃  
       ᠬᠥᠯᠥᠰᠥ ᠰᠢᠷᠭᠤᠭᠰᠠᠨ ᠮᠣᠷᠢ ᠶ᠋ᠢ ᠳᠠᠬᠢᠨ ᠠᠳᠤᠭᠤᠨ ᠳ᠋ᠤ᠌ ᠲᠠᠯᠪᠢᠵᠤ ᠴᠠᠳᠬᠠᠭᠠᠳ ᠳᠠᠬᠢᠨ ᠬᠥᠯᠥᠰᠥᠯᠡᠨ᠎ᠡ᠃ ᠢᠩᠭᠢᠪᠡᠯ ᠰᠠᠶᠢ ᠤᠶᠠᠭ᠎ᠠ ᠣᠷᠣᠵᠤ ᠵᠠᠰᠠᠯ ᠠᠪᠤᠨ᠎ᠠ᠃ ᠭᠡᠲᠡᠯ᠎ᠡ ᠡᠨᠡ ᠪᠠᠢᠳᠠᠯ ᠨᠢ ᠴᠠᠭ ᠶᠡᠬᠡ ᠬᠡᠷᠡᠭᠰᠡᠬᠦ ᠲᠤᠯᠠ ᠴᠠᠭ ᠪᠠᠴᠢᠮ ᠪᠣᠯ ᠠᠮᠵᠢᠬᠤ ᠦᠭᠡᠢ ᠪᠠᠢᠳᠠᠭ᠃ 
ᠨᠡᠮᠨᠡᠭᠡ 
       ᠨᠡᠮᠨᠡᠭᠡ ᠬᠢᠬᠦ ᠳ᠋ᠡᠭᠡᠨ ᠢᠰᠡᠭᠡᠢ ᠪᠤᠶᠤ ᠢᠯᠠᠩᠭᠤᠶ᠎ᠠ ᠵᠡᠭᠡᠷ᠎ᠡ ᠶ᠋ᠢᠨ ᠠᠷᠠᠰᠤ ᠮᠡᠲᠦ ᠬᠥᠯᠥᠰᠥ ᠪᠠᠭ᠎ᠠ ᠰᠢᠩᠭᠡᠬᠦ ᠬᠥᠩᠭᠡᠨ ᠴᠢᠨᠠᠷ ᠤ᠋ᠨ ᠶᠠᠭᠤᠮ᠎ᠠ ᠪᠠᠷ ᠬᠢᠬᠦ ᠬᠡᠷᠡᠭᠲᠡᠢ᠃ ᠬᠠᠲᠠᠭᠤ ᠳᠠᠷᠰᠠᠭᠠᠷ ᠶᠠᠭᠤᠮ᠎ᠠ ᠪᠠᠷ ᠬᠢᠵᠦ ᠪᠣᠯᠬᠤ ᠦᠭᠡᠢ᠃ 
ᠬᠤᠰᠤᠭᠤᠷ ᠱᠤᠸᠠᠰᠠ  
       ᠮᠣᠷᠢ ᠤᠶᠠᠵᠤ ᠪᠠᠢᠭ᠎ᠠ ᠦᠶ᠎ᠡ ᠳ᠋ᠦ᠍ ᠪᠤᠶᠤ ᠢᠯᠠᠩᠭᠤᠶ᠎ᠠ ᠨᠠᠭᠠᠳᠤᠮ ᠤ᠋ᠨ ᠦᠶ᠎ᠡ ᠂ ᠮᠣᠷᠢ ᠪᠠᠷᠢᠭᠠᠴᠢᠨ ᠪᠤᠶᠤ ᠮᠣᠷᠢᠨ ᠤ᠋ ᠡᠵᠡᠳ ᠴᠥᠮ ᠮᠣᠷᠢᠨ   ᠤ᠋ ᠰᠠᠢᠬᠠᠨ ᠬᠤᠰᠤᠭᠤᠷ ᠱᠤᠸᠠᠰᠠ ᠪᠡᠯᠡᠨ ᠠᠪᠴᠤ ᠶᠠᠪᠤᠵᠤ ᠪᠠᠢᠭ᠎ᠠ ᠬᠡᠷᠡᠭᠲᠡᠢ᠃ ᠮᠣᠷᠢ ᠢᠷᠡᠮᠡᠭᠴᠡ ᠭᠢᠰᠬᠢᠭᠦᠯᠬᠦ ᠶ᠋ᠢᠨ ᠳᠠᠭᠠᠤ ᠬᠥᠯᠥᠰᠥ ᠶ᠋ᠢ ᠨᠢ ᠰᠠᠢᠲᠤᠷ  ᠬᠤᠰᠤᠵᠤ ᠠᠪᠴᠤ ᠱᠤᠸᠠᠰᠠᠳᠠᠬᠤ ᠬᠡᠷᠡᠭᠲᠡᠢ ᠃ 
ᠬᠤᠷᠳᠤᠨ ᠭᠦᠶᠦᠬᠦ ᠶ᠋ᠢᠨ ᠪᠡᠯᠭᠡ ᠲᠡᠮᠳᠡᠭ  
       ① ᠤᠶᠠᠭᠠᠨ ᠳ᠋ᠤ᠌ ᠳᠤᠷᠠᠯᠠᠬᠤ᠂ ᠠᠯᠢᠶ᠎ᠠ ᠳᠠᠷᠤᠬᠤ᠂ ᠤᠷᠤᠭᠤᠯ ᠠᠮᠠ ᠪᠠᠨ ᠳᠣᠯᠢᠶᠠᠬᠤ᠂ ᠤᠨᠲᠠᠨ ᠵᠡᠭᠦᠳᠦᠯᠡᠬᠦ᠂ ᠭᠡᠨᠡᠳᠲᠡ ᠴᠣᠴᠢᠬᠤ᠂ ᠰᠡᠷᠢᠭᠡᠳ ᠰᠤᠨᠢᠶᠠᠬᠤ᠂ ᠨᠥᠬᠥᠷ ᠮᠣᠷᠢᠳ ᠢ᠋ᠶ᠋ᠠᠨ ᠰᠡᠮᠡᠬᠡᠷ ᠨᠢᠭᠤᠵᠤ ᠬᠠᠷᠠᠬᠤ᠂ ᠬᠥᠯ ᠢ᠋ᠶ᠋ᠡᠨ ᠵᠠᠰᠠᠭᠠᠳ ᠪᠡᠶ᠎ᠡ ᠪᠡᠨ ᠬᠡᠯᠪᠡᠢᠭᠦᠦ ᠲᠠᠯᠪᠢᠬᠤ᠂ ᠤᠶᠠᠭᠠᠨ ᠳ᠋ᠤ᠌ ᠵᠣᠭᠰᠣᠬᠤ ᠳ᠋ᠠᠭᠠᠨ ᠰᠡᠭᠦᠵᠢᠯᠳᠦᠬᠦ ᠦᠭᠡᠢ᠂ ᠳᠥᠷᠪᠡᠨ ᠬᠥᠯ ᠰᠢᠷᠡᠭᠡ ᠰᠢᠭ ᠳᠠᠪ ᠲᠡᠭᠰᠢ ᠵᠣᠭᠰᠣᠬᠤ᠃ ᠬᠥᠷᠪᠡᠬᠦ ᠳ᠋ᠡᠭᠡᠨ ᠤᠷᠲᠤ ᠬᠣᠶᠠᠷ ᠬᠥᠯ ᠢ᠋ᠶ᠋ᠡᠷ ᠢ᠋ᠶ᠋ᠡᠨ ᠡᠪᠴᠢᠭᠦᠦ ᠪᠡᠨ ᠰᠠᠮᠤᠷᠳᠠᠨ ᠳᠡᠯᠡᠳᠬᠦ᠂ ᠦᠷᠭᠡᠯᠡᠵᠦ ᠤᠨᠲᠠᠬᠤ᠂ ᠰᠠᠢᠬᠠᠨ ᠥᠩᠭᠡᠲᠦ ᠰᠢᠯᠦᠰᠦ ᠭᠠᠷᠭᠠᠨ ᠤᠨᠵᠢᠢᠯᠳᠤᠭᠰᠠᠨ ᠪᠠᠢᠬᠤ ᠪᠥᠭᠡᠳ ᠠᠮᠲᠠ ᠨᠢ ᠭᠠᠰᠢᠭᠤᠨ ᠪᠣᠯᠬᠤ᠃ ᠮᠢᠬ᠎ᠠ ᠨᠢ ᠴᠢᠩᠭᠠᠷᠠᠬᠤ᠂ ᠦᠰᠦ ᠨᠢ ᠬᠤᠷᠴᠠ ᠥᠩᠭᠡᠲᠡᠢ ᠪᠣᠯᠤᠨ ᠡᠪᠲᠡᠢ ᠪᠣᠯᠬᠤ᠃ ᠭᠡᠳᠡᠰᠦ ᠪᠡᠨ ᠲᠠᠲᠠᠬᠤ ᠨᠢ ᠴᠢᠩᠭ᠎ᠠ ᠴᠢᠪᠳᠠᠭ ᠪᠣᠯᠬᠤ᠂ ᠲᠤᠭᠤᠷᠠᠢ ᠨᠢ ᠥᠩᠭᠡᠲᠡᠢ ᠪᠣᠯᠬᠤ᠂ ᠬᠣᠩᠰᠢᠶᠠᠷ᠂ ᠬᠥᠬᠥ ᠮᠢᠬ᠎ᠠ᠂ ᠪᠤᠯᠴᠢᠩ ᠵᠡᠷᠭᠡ  ᠳ᠋ᠦ᠍ ᠰᠤᠳᠠᠰᠤ ᠣᠯᠠᠨᠲᠠ ᠢᠯᠡᠷᠡᠵᠦ ᠭᠠᠷᠬᠤ᠂ ᠦᠲᠦᠭ ᠪᠠᠭᠤᠴᠠ ᠪᠠ ᠵᠥᠭᠡᠯᠡᠨ ᠡᠯᠡᠰᠦᠨ ᠳ᠋ᠦ᠍ ᠬᠢᠯᠪᠠᠷ ᠬᠥᠷᠪᠡᠬᠦ᠂ ᠵᠢᠩᠬᠢᠨᠢ ᠣᠷᠣᠯᠳᠣᠬᠤ ᠡᠳᠦᠷ ᠲᠦ᠍ ᠴᠤᠭᠯᠠᠷᠠᠭᠰᠠᠨ ᠣᠯᠠᠨ ᠮᠤᠷᠢᠨ᠎ᠠ ᠨᠡᠢᠯᠡᠭᠦᠯᠵᠦ ᠦᠵᠡᠪᠡᠯ᠂ ᠥᠩᠭᠡ ᠨᠢ ᠤᠰᠤᠨ ᠠ᠋ᠴᠠ ᠭᠠᠷᠤᠭᠰᠠᠨ ᠨᠤᠭᠤᠰᠤ ᠮᠡᠲᠦ ᠪᠣᠯᠤᠨ ᠲᠤᠭᠤᠷᠠᠢ ᠠ᠋ᠴᠠ ᠳᠡᠭᠡᠭᠰᠢ ᠬᠠᠷᠠᠬᠤ ᠳ᠋ᠤ᠌ ᠵᠡᠷᠭᠡᠯᠭᠡᠨ ᠣᠷᠣᠭᠰᠠᠨ ᠮᠡᠲᠦ ᠵᠢᠷᠪᠢᠯᠵᠡᠬᠦ ᠂ ᠰᠢᠷᠪᠥᠰᠥ ᠨᠢ ᠴᠢᠯᠥᠭᠡᠲᠡᠢ ᠲᠠᠯᠪᠢᠭᠤ ᠂ ᠦᠵᠡᠬᠦ ᠳ᠋ᠦ᠍ ᠴᠠᠭᠠᠰᠢ ᠬᠠᠨᠳᠤᠨ ᠣᠴᠢᠬᠤ ᠳ᠋ᠤ᠌ ᠬᠣᠢᠲᠤ ᠬᠣᠶᠠᠷ ᠬᠥᠯ ᠦ᠋ᠨ ᠰᠢᠷᠪᠥᠰᠥ ᠨᠢ ᠲᠠᠲᠠᠭᠰᠠᠨ ᠮᠡᠲᠦ ᠬᠠᠷᠠᠭᠳᠠᠪᠠᠯ ᠲᠦᠷᠦᠭᠦᠯᠡᠬᠦ ᠮᠣᠷᠢᠨ ᠤ᠋ ᠪᠡᠯᠭᠡ ᠲᠡᠮᠳᠡᠭ ᠲᠡᠷᠡ ᠪᠣᠢ ᠃        
       ② ᠠᠮᠠᠨ ᠠ᠋ᠴᠠ ᠪᠠᠨ ᠰᠠᠢᠬᠠᠨ ᠥᠩᠭᠡᠲᠡᠢ ᠰᠢᠯᠦᠰᠦ ᠤᠨᠵᠢᠢᠯᠳᠤᠭᠤᠯᠤᠨ ᠰᠡᠭᠦᠯ ᠢ᠋ᠶ᠋ᠡᠷ ᠢ᠋ᠶ᠋ᠡᠨ ᠰᠢᠳᠤᠷᠭᠤ ᠲᠣᠬᠢᠬᠤ᠂ ᠬᠥᠮᠦᠨ ᠪᠠ ᠨᠥᠬᠥᠷ ᠮᠣᠷᠢᠳ   ᠢ᠋ᠶ᠋ᠠᠨ ᠨᠢᠭᠤᠨ ᠬᠠᠷᠠᠬᠤ᠂ ᠤᠨᠲᠠᠭᠠᠳ ᠴᠥᠮ ᠰᠡᠷᠢᠬᠦ ᠂ ᠰᠡᠷᠢᠭᠡᠳ ᠰᠤᠨᠢᠶᠠᠬᠤ ᠂ ᠥᠩᠭᠡ ᠨᠢ ᠰᠠᠢᠬᠠᠨ ᠪᠣᠯᠬᠤ ᠪᠠᠰᠠ ᠨᠢᠭᠡ ᠪᠡᠯᠭᠡ ᠲᠡᠷᠡ ᠪᠣᠢ᠃ 
       ③ ᠳᠥᠷᠪᠡᠨ ᠬᠥᠯ ᠢ᠋ᠶ᠋ᠡᠨ ᠴᠥᠭ ᠴᠥᠭ ᠭᠢᠰᠬᠢᠵᠦ ᠵᠣᠭᠰᠣᠭᠠᠳ ᠶᠡᠷᠦ ᠬᠥᠳᠡᠯᠬᠦ ᠴᠢᠩᠭ᠎ᠠ᠂ ᠨᠢᠳᠦᠨ ᠬᠠᠷᠠᠴᠠ ᠰᠢᠷᠦᠭᠦᠨ᠂ ᠣᠤᠯᠢᠬᠠᠷᠬᠠᠢ ᠪᠥᠭᠡᠳ  ᠦᠷᠭᠦᠯᠵᠢ ᠤᠨᠲᠠᠵᠤ ᠪᠠᠢᠬᠤ ᠪᠠᠰᠠ ᠨᠢᠭᠡᠨ ᠪᠡᠯᠭᠡ ᠲᠡᠷᠡ᠃  
       ④ ᠮᠠᠩᠨᠠᠢ ᠨᠢ ᠥᠩᠭᠡ ᠭᠠᠷᠬᠤ᠂ ᠨᠢᠳᠦ ᠪᠣᠯᠤᠨ ᠦᠰᠦᠨ ᠳ᠋ᠦ᠍ᠨᠢ ᠲᠤᠩᠭᠠᠯᠠᠭ ᠥᠩᠭᠡᠲᠡᠢ ᠪᠡᠯᠭᠡ ᠭᠠᠷᠬᠤ᠂ ᠰᠦᠪᠡᠭᠡᠨ ᠡᠴᠡ ᠣᠷᠣᠭᠰᠢ ᠵᠢᠰᠦ ᠪᠤᠰᠤ  ᠦᠰᠦ ᠭᠠᠷᠪᠠᠯ ᠲᠦᠷᠦᠭᠦᠨ ᠳ᠋ᠦ᠍ ᠭᠦᠶᠦᠬᠦ ᠶ᠋ᠢᠨ ᠰᠠᠢᠨ ᠪᠡᠯᠭᠡ ᠲᠡᠷᠡ᠃  
       ⑤ ᠰᠡᠷᠪᠡᠭᠡᠨ ᠡᠴᠡ ᠡᠮᠦᠨᠡᠭᠦᠷ ᠲᠠᠰᠤᠷᠬᠠᠢ ᠨᠠᠬᠢᠰ ᠪᠣᠯᠤᠭᠠᠳ ᠲᠣᠯᠣᠭᠠᠢ ᠲᠠᠷᠢᠬᠢ ᠨᠢ ᠰᠢᠪᠠᠭᠤᠨ ᠳ᠋ᠤ᠌ ᠠᠳᠠᠯᠢ ᠬᠠᠷᠠᠴᠠᠲᠠᠢ ᠪᠣᠯᠪᠠᠯ ᠠᠭᠤᠯᠠᠨ ᠤ᠋ ᠡᠬᠢ ᠭᠡᠭᠴᠢ  ᠬᠤᠷᠳᠤᠨ ᠤ᠋ ᠪᠡᠯᠭᠡ ᠲᠡᠷᠡ ᠪᠣᠢ᠃  
       ⑥ ᠰᠢᠳᠦ ᠨᠢ ᠠᠯᠲᠠ ᠮᠡᠲᠦ ᠰᠢᠷᠠᠯᠠᠭᠠᠳ᠂ ᠮᠠᠩᠨᠠᠢ ᠴᠡᠭᠡᠵᠢ ᠪᠠ ᠴᠢᠳᠠᠪᠠᠯ ( ᠪᠣᠯᠪᠠᠯ ) ᠪᠦᠬᠦ ᠪᠡᠶ᠎ᠡ ᠶ᠋ᠢᠨ ᠦᠰᠦ ᠭᠡᠳᠡᠷᠭᠦ ᠰᠠᠷᠪᠠᠢᠪᠠᠯ ᠲᠦᠷᠦᠭᠦᠨ   ᠳ᠋ᠦ᠍ ᠪᠤᠶᠤ ᠨᠢᠭᠡᠨ ᠤᠳᠠᠭ᠎ᠠ ᠢᠷᠡᠬᠦ ᠶ᠋ᠢᠨ ᠪᠡᠯᠭᠡ ᠲᠡᠷᠡ ᠪᠣᠢ᠃ 
 
ᠪᠤᠰᠤᠳ ᠨᠢᠭᠡᠨ ᠠᠩᠬᠠᠷᠤᠯ  
       ᠵᠢᠩᠬᠢᠨᠢ ᠣᠷᠣᠯᠳᠣᠬᠤ ᠴᠠᠭ ᠮᠠᠰᠢ ᠲᠤᠯᠭᠠᠮ᠎ᠠ ᠪᠣᠯᠤᠭᠰᠠᠨ ᠦᠶ᠎ᠡ ᠳ᠋ᠦ᠍᠂ ᠵᠠᠰᠠᠯ ᠭᠦᠢᠴᠡᠭᠰᠡᠨ ᠪᠠ ᠡᠰᠡ ᠭᠦᠢᠴᠡᠭᠰᠡᠨ ᠴᠦ᠍ ᠭᠡᠳᠡᠰᠦᠨ ᠦ᠌ ᠶᠡᠬᠡ ᠪᠠᠭ᠎ᠠ ᠪᠠ ᠬᠠᠲᠠᠭᠤ ᠵᠥᠭᠡᠯᠡᠨ ᠦ᠌ ᠪᠠᠢᠳᠠᠯ ᠢ᠋ ᠨᠢᠭᠲᠠᠯᠠᠨ ᠠᠵᠢᠭᠯᠠᠵᠤ ᠲᠡᠩᠴᠡᠭᠦᠯᠲᠦᠭᠡᠢ᠃ ᠲᠡᠩᠴᠡᠭᠦᠯᠵᠦ ᠴᠢᠳᠠᠭᠰᠠᠭᠠᠷ ᠬᠣᠭᠣᠰᠣᠨ ᠦᠭᠡᠢ ᠪᠠᠢᠵᠤ ᠮᠡᠳᠡᠨ᠎ᠡ᠃
ᠠᠵᠢᠷᠭ᠎ᠠ ᠶ᠋ᠢᠨ ᠵᠠᠰᠠᠯ 
        ᠠᠵᠢᠷᠭ᠎ᠠ ᠶ᠋ᠢ 30 ᠬᠣᠨᠣᠭ ᠬᠠᠭᠰᠠᠷᠠᠭᠠᠵᠤ ᠂ ᠡᠨᠡ ᠬᠤᠭᠤᠴᠠᠭᠠᠨ ᠳ᠋ᠤ᠌ ᠠᠩᠬ᠎ᠠ ᠤᠶᠠᠭᠰᠠᠨ ᠠ᠋ᠴᠠ ᠡᠬᠢᠯᠡᠨ ᠂ 2 ᠡᠳᠦᠷ ᠵᠥᠭᠡᠯᠡᠨ  ᠭᠢᠰᠬᠢᠭᠦᠯᠵᠦ ᠂ 3 ᠳ᠋ᠠᠬᠢ ᠡᠳᠦᠷ ᠬᠥᠯᠥᠰᠥ ᠠᠪᠤᠨ᠎ᠠ ᠃ ᠠᠩᠬ᠎ᠠ ᠬᠥᠯᠥᠰᠥᠯᠡᠬᠦ ᠳ᠋ᠦ᠍ 20 ᠭᠠᠵᠠᠷ ᠤ᠋ᠨ ᠵᠠᠢ ᠳ᠋ᠤ᠌ ᠬᠥᠯᠥᠰᠥᠯᠡᠨ᠎ᠡ ᠃ ᠣᠴᠢᠬᠤ ᠳ᠋ᠠᠭᠠᠨ ᠰᠠᠯᠬᠢ  ᠥᠭᠡᠳᠡ ᠶᠥᠷᠭᠡᠵᠦ ᠬᠠᠲᠠᠷᠢᠭᠠᠭᠰᠠᠭᠠᠷ ᠤᠬᠤᠷᠬᠠᠢ ᠶ᠋ᠢᠨ ᠬᠥᠯᠥᠰᠥ ᠶ᠋ᠢ ᠰᠤᠪᠤᠳᠯᠠᠵᠤ ᠬᠦᠷᠴᠦ ᠂ ᠡᠷᠭᠢᠭᠡᠳ ᠰᠠᠯᠬᠢ ᠤᠷᠤᠭᠤ ᠲᠠᠰᠤᠷᠠᠯᠲᠠ ᠦᠭᠡᠢ  ᠴᠣᠭᠭᠢᠭᠤᠯᠵᠤ ( ᠬᠠᠲᠠᠷᠢᠭᠤᠯᠵᠤ ) ᠶᠡᠷᠦ ᠵᠣᠭᠰᠣᠭᠠᠯ ᠦᠭᠡᠢ ᠬᠥᠳᠡᠯᠭᠡᠭᠰᠡᠭᠡᠷ ᠢᠷᠡᠵᠦ ᠂ ᠨᠡᠮᠨᠡᠭᠡ ᠶ᠋ᠢ ᠠᠪᠴᠤ ᠂ ᠬᠥᠯᠥᠰᠥ ᠶ᠋ᠢ ᠰᠠᠢᠲᠤᠷ ᠬᠤᠰᠤᠭᠠᠳ  ᠬᠠᠲᠠᠲᠠᠯ᠎ᠠ ᠤᠶᠠᠭ᠎ᠠ ᠲᠣᠭᠣᠷᠢᠭᠤᠯᠤᠨ ᠬᠡᠯᠲᠦᠷᠢᠭᠦᠯᠦᠨ ᠬᠥᠲᠥᠯᠦᠨ᠎ᠡ᠃  
       ᠮᠠᠷᠭᠠᠰᠢ ᠨᠢ ᠵᠥᠪᠬᠡᠨ ᠱᠣᠭᠰᠢᠭᠤᠯᠬᠤ ᠵᠡᠷᠭᠡ ᠪᠡᠷ ᠪᠠᠭᠠᠯᠭᠠᠵᠤ ᠭᠢᠰᠬᠢᠭᠦᠯᠦᠨ ᠥᠨᠵᠢᠨ᠎ᠡ ᠃ ᠲᠡᠭᠦᠨ ᠦ᠌ ᠮᠠᠷᠭᠠᠰᠢ ᠨᠢ 10 ᠪᠤᠶᠤ 15 ᠤ᠋ ᠭᠠᠵᠠᠷ ᠤ᠋ᠨ  ᠬᠣᠯᠠ ᠠ᠋ᠴᠠ ᠥᠰᠥᠷᠬᠡᠬᠦ ᠪᠥᠭᠡᠳ ᠡᠨᠡ ᠬᠦ᠌ ᠠᠩᠬᠠᠨ ᠤ᠋ ᠲᠠᠷᠯᠠᠯᠲᠠ ᠳ᠋ᠤ᠌ ᠠᠵᠢᠷᠭ᠎ᠠ ᠪᠤᠶᠤ ᠮᠣᠷᠢᠳ ᠤ᠋ᠨ ᠵᠢᠩᠬᠢᠨᠢ ᠳᠠᠪᠬᠢᠯ (ᠰᠤᠩᠭᠠᠯ ) ᠢ᠋ ᠭᠠᠷᠭᠠᠬᠤ ᠦᠭᠡᠢ  ᠵᠥᠭᠡᠯᠡᠪᠲᠦᠷ ᠳᠠᠪᠬᠢᠭᠤᠯᠵᠤ ᠂ ᠢᠷᠡᠮᠡᠭᠴᠡ ᠬᠥᠯᠥᠰᠥ ᠶ᠋ᠢ ᠨᠢ ᠬᠤᠰᠤᠵᠤ ᠬᠠᠲᠠᠲᠠᠯ᠎ᠠ ᠭᠢᠰᠬᠢᠭᠦᠯᠵᠦ ᠤᠶᠠᠭᠠᠳ ᠣᠷᠣᠢ ᠲᠠᠯᠪᠢᠨ᠎ᠠ ᠃ ᠲᠡᠭᠦᠨ ᠣ ᠮᠠᠷᠭᠠᠰᠢ ᠨᠢ  ᠭᠢᠰᠬᠢᠭᠦᠯᠵᠦ ᠥᠨᠵᠢᠭᠡᠳ 6 ᠳ᠋ᠠᠬᠢ ᠡᠳᠦᠷ ᠬᠥᠯᠥᠰᠥᠯᠡᠵᠦ ᠂ 7 ᠳ᠋ᠠᠬᠢ ᠡᠳᠦᠷ ᠥᠨᠵᠢᠨ᠎ᠡ ᠃ ᠬᠣᠢᠰᠢᠳᠠ ᠬᠥᠯᠥᠰᠥᠯᠡᠬᠦ ᠳ᠋ᠡᠭᠡᠨ ᠭᠠᠵᠠᠷ ᠢ᠋ ᠤᠯᠠᠮ ᠤᠯᠠᠮ  ᠬᠣᠯᠠᠳᠠᠭᠤᠯᠤᠨ ᠠᠬᠢᠭᠤᠯᠬᠤ ᠪᠣᠯᠪᠠᠴᠤ ᠡᠴᠦᠰ ᠦ᠋ᠨ ᠬᠥᠯᠥᠰᠥ ᠠᠪᠬᠤ ᠭᠠᠵᠠᠷ ᠢ᠋ 3 0 ᠭᠠᠵᠠᠷ ᠠ᠋ᠴᠠ ᠬᠡᠲᠦᠷᠡᠭᠦᠯᠵᠦ ᠪᠣᠯᠬᠤ ᠦᠭᠡᠢ᠃  
       ᠡᠨᠡ ᠮᠡᠲᠦ ᠲᠣᠬᠢᠷᠠᠭᠤᠯᠤᠭᠰᠠᠭᠠᠷ ᠰᠠᠷ᠎ᠠ ᠣᠷᠴᠢᠮ ᠬᠣᠨᠣᠭ ᠲᠤ᠌ 8 ᠠ᠋ᠴᠠ 10 ᠤᠳᠠᠭ᠎ᠠ ᠬᠥᠯᠥᠰᠥᠯᠡᠵᠦ ᠂ 5 ᠠ᠋ᠴᠠ 6 ᠤᠳᠠᠭ᠎ᠠ ᠥᠰᠥᠷᠬᠡᠨ ᠂ 2  ᠰᠤᠩᠭᠠᠨ᠎ᠠ ᠃ ᠬᠡᠷᠪᠡ ᠨᠠᠭᠠᠳᠤᠮ ᠤ᠋ᠨ ᠣᠷᠣᠯᠳᠣᠬᠤ ᠭᠠᠵᠠᠷ 60 ᠭᠠᠵᠠᠷ ᠪᠣᠯ ᠣᠢᠷ᠎ᠠ ᠰᠤᠩᠭᠠᠯᠲᠠ ᠶ᠋ᠢ 25 ᠭᠠᠵᠠᠷ ᠣᠷᠴᠢᠮ ᠂ ᠬᠣᠯᠠ ᠰᠤᠩᠭᠠᠯᠲᠠ ᠶ᠋ᠢ  30 ᠭᠠᠵᠠᠷ ᠣᠷᠴᠢᠮ ᠲᠤᠰ ᠲᠤᠰ ᠲᠡᠷᠯᠡᠨ᠎ᠡ ᠃ ᠢᠳᠡᠰᠢ ᠰᠠᠢᠲᠠᠢ ᠮᠣᠷᠢ ᠶ᠋ᠢ ᠣᠷᠣᠯᠳᠣᠬᠤ ᠶ᠋ᠢᠨ ᠡᠮᠦᠨ᠎ᠡ ᠰᠥᠨᠢ 5 ᠴᠠᠭ ᠣᠷᠴᠢᠮ ᠢᠳᠡᠭᠦᠯᠵᠦ ᠦᠦᠷ ᠲᠦ᠍ ᠤᠰᠤᠯᠠᠨ ᠤᠶᠠᠨ᠎ᠠ ᠃ ᠢᠩᠭᠢᠪᠡᠯ ᠣᠷᠣᠯᠳᠣᠬᠤ ᠭᠠᠵᠠᠷ ᠬᠦᠷᠲᠡᠯ᠎ᠡ ᠢᠳᠡᠰᠢ ᠨᠢ ᠰᠢᠩᠭᠡᠭᠡᠳ ᠪᠤᠴᠠᠨ ᠳᠠᠪᠬᠢᠬᠤ ᠳ᠋ᠤ᠌ ᠰᠠᠢᠬᠠᠨ ᠳᠠᠭᠠᠷᠠᠳᠠᠭ᠃ ᠬᠡᠷᠪᠡ  ᠲᠣᠭᠣᠷᠢᠭᠤᠯ ᠤᠷᠤᠯᠳᠤᠭᠠᠨ ᠳ᠋ᠤ᠌ ᠪᠣᠯ ᠲᠡᠳᠦᠢ ᠬᠣᠯᠠ ᠶᠠᠪᠤᠬᠤ ᠵᠠᠢ ᠦᠭᠡᠢ ᠲᠤᠯᠠ ᠮᠥᠨ ᠢᠳᠡᠰᠢ ᠰᠠᠢᠲᠠᠢ ᠮᠣᠷᠢ ᠶ᠋ᠢ 2 ᠴᠠᠭ ᠭᠠᠷᠤᠢ ᠯᠠ ᠢᠳᠡᠭᠦᠯᠦᠭᠡᠳ᠂ ᠤᠷᠤᠯᠳᠤᠭᠠᠨ ᠳ᠋ᠤ᠌ ᠣᠷᠣᠬᠤ ᠠ᠋ᠴᠠ ᠡᠮᠦᠨ᠎ᠡ ᠱᠣᠭᠰᠢᠭᠤᠯᠵᠤ ᠶᠥᠷᠭᠡᠨ ᠪᠡᠶ᠎ᠡ ᠶ᠋ᠢ ᠨᠢ ᠬᠠᠯᠠᠭᠠᠨ ᠬᠥᠯᠥᠰᠥ ᠴᠢᠭᠢᠭᠷᠡᠭᠦᠯᠦᠭᠡᠳ ᠣᠷᠣᠭᠤᠯᠪᠠᠯ ᠲᠤᠩ ᠰᠠᠢᠨ᠃ 
       ᠳᠠᠪᠬᠢᠯᠭ᠎ᠠ ᠶ᠋ᠢ ᠣᠢᠷ᠎ᠠ ᠵᠠᠢ ᠳ᠋ᠤ᠌ ᠭᠦᠢᠴᠡᠳ ᠬᠤᠷᠳᠤ ᠭᠠᠷᠭᠠᠨ ᠲᠠᠷᠯᠠᠬᠤ ᠶ᠋ᠢ ᠳᠣᠷᠭᠣᠨ ᠲᠠᠷ ᠭᠡᠬᠦ ᠪᠥᠭᠡᠳ ᠡᠨᠡ ᠨᠢ ᠳᠠᠷᠤᠢ ᠥᠰᠥᠷᠬᠡᠯᠲᠡ ᠪᠣᠯᠤᠨ᠎ᠠ ᠃  ᠬᠣᠯᠠ ᠠ᠋ᠴᠠ ᠴᠣᠭᠭᠢᠭᠤᠯᠵᠤ ᠣᠢᠷᠠᠲᠤᠵᠤ ᠢᠷᠡᠭᠡᠳ ᠬᠤᠷᠳᠤᠨ ᠳᠠᠪᠬᠢᠭᠤᠯᠬᠤ ᠶ᠋ᠢ ᠡᠩ ᠦ᠋ᠨ ᠲᠠᠷ ᠭᠡᠨ᠎ᠡ᠃ ᠬᠣᠯᠠ ᠵᠠᠢ ( 25 - 30 ᠭᠠᠵᠠᠷ ) ᠲᠤ᠌  ᠴᠢᠨᠡᠭᠡ ᠪᠡᠷ ᠨᠢ ᠳᠠᠪᠬᠢᠨ ᠬᠤᠷᠳᠤᠯᠠᠭᠤᠯᠬᠤ ᠶ᠋ᠢ ᠰᠤᠩᠭᠠᠯᠲᠠ ᠭᠡᠳᠡᠭ᠃ ᠡᠳᠡᠭᠡᠷ ᠨᠢ ᠮᠣᠷᠢᠨ ᠤ᠋ ᠠᠮᠢᠰᠬᠤᠯ ᠵᠠᠳᠠᠷᠠᠬᠤ ᠪᠠ ᠨᠢᠴᠠᠷᠠᠬᠤ ᠦᠭᠡᠢ ᠳ᠋ᠦ᠍ ᠳᠠᠰᠬᠠᠬᠤ  ᠵᠡᠷᠭᠡ ᠮᠠᠰᠢ ᠴᠢᠬᠤᠯᠠ ᠬᠡᠷᠡᠭᠲᠡᠢ ᠰᠣᠷᠢᠯᠲᠠ ᠪᠣᠯᠤᠨ᠎ᠠ᠃ 
ᠪᠦᠳᠦᠭᠦᠨ ᠮᠣᠷᠢᠨ ᠤ᠋ ᠵᠠᠰᠠᠯ 
       ᠶᠡᠬᠡ ᠨᠠᠰᠤᠨ ᠤ᠋ ᠮᠣᠷᠢ ᠶ᠋ᠢ 35 ᠬᠣᠨᠣᠭ ᠬᠠᠭᠰᠠᠷᠠᠭᠠᠵᠤ᠂ ᠡᠨᠡ ᠬᠦ᠌ ᠬᠤᠭᠤᠴᠠᠭᠠᠨ ᠳ᠋ᠤ᠌ ᠭᠦᠢᠴᠡᠳᠬᠡᠬᠦ ᠵᠢᠷᠤᠮ ᠭᠡᠪᠡᠯ ᠠᠵᠢᠷᠭᠠᠨ ᠤ᠋  ᠬᠢ ᠲᠡᠢ ᠠᠳᠠᠯᠢ ᠪᠣᠯᠪᠠᠴᠤ ᠬᠥᠯᠥᠷᠡᠭᠡᠬᠦ ᠂ ᠥᠰᠥᠷᠬᠡᠬᠦ ᠂ ᠭᠠᠵᠠᠷ ᠤ᠋ᠨ ᠬᠡᠮᠵᠢᠶ᠎ᠡ ᠂ ᠰᠣᠢᠬᠤ ᠬᠤᠭᠤᠴᠠᠭ᠎ᠠ ᠨᠢ ᠠᠵᠢᠷᠭ᠎ᠠ ᠠ᠋ᠴᠠ ᠢᠯᠡᠭᠦᠦ᠃   
       ᠡᠨᠡ ᠬᠤᠭᠤᠴᠠᠭᠠᠨ ᠳ᠋ᠤ᠌ 10 ᠤᠳᠠᠭ᠎ᠠ ᠬᠥᠯᠥᠰᠥᠯᠡᠵᠦ ᠂ 6 ᠥᠰᠥᠷᠬᠡᠵᠦ ᠂ ᠤᠷᠲᠤ ᠪᠣᠭᠣᠨᠢ 2 ᠰᠤᠩᠭᠠᠨ᠎ᠠ ᠃ ᠠᠩᠬᠠᠨ ᠤ᠋ ᠬᠥᠯᠥᠰᠥᠯᠡᠯᠲᠡ ᠪᠠ  ᠥᠰᠥᠷᠬᠡᠯᠲᠡ ᠶ᠋ᠢᠨ ᠵᠠᠢ ᠬᠡᠮᠵᠢᠶ᠎ᠡ ᠠᠵᠢᠷᠭ᠎ᠠ ᠲᠠᠢ ᠠᠳᠠᠯᠢ ᠪᠣᠯᠪᠠᠴᠤ ᠰᠡᠭᠦᠯ ᠰᠡᠭᠦᠯ ᠦ᠋ᠨ ᠥᠰᠥᠷᠬᠡᠯᠲᠡ ᠡᠴᠦᠰ ᠦ᠋ᠨ ᠰᠤᠩᠭᠠᠯᠲᠠ ᠢᠯᠡᠭᠦᠦ ᠪᠠᠢᠳᠠᠭ ᠃  ᠬᠣᠶᠠᠳᠠᠬᠢ ᠬᠥᠯᠥᠰᠥ ᠠᠪᠤᠯᠲᠠ ᠠ᠋ᠴᠠ ᠡᠬᠢᠯᠡᠨ ᠤᠳᠠᠭ᠎ᠠ ᠪᠦᠷᠢ 2 ᠭᠠᠵᠠᠷ ᠢ᠋ᠶ᠋ᠠᠷ ᠠᠬᠢᠭᠤᠯᠤᠭᠰᠠᠭᠠᠷ ᠬᠠᠮᠤᠭ ᠤ᠋ᠨ ᠰᠡᠭᠦᠯᠴᠢ ᠶ᠋ᠢᠨ ᠬᠥᠯᠥᠷᠡᠭᠡᠯᠲᠡ ᠶ᠋ᠢ 35  ᠭᠠᠵᠠᠷ ᠠ᠋ᠴᠠ ᠬᠡᠲᠦᠷᠡᠭᠦᠯᠵᠦ ᠪᠣᠯᠬᠤ ᠦᠭᠡᠢ᠃  
       ᠠᠩᠬᠠᠨ ᠤ᠋ ᠥᠰᠥᠷᠬᠡᠯᠲᠡ ᠶ᠋ᠢ 15 ᠭᠠᠵᠠᠷ ᠲᠤ᠌ ᠳᠠᠪᠬᠢᠭᠤᠯᠵᠤ ᠂ ᠬᠣᠢᠰᠢᠳᠠ ᠬᠣᠶᠠᠷ ᠬᠣᠶᠠᠷ ᠭᠠᠵᠠᠷ ᠢ᠋ᠶ᠋ᠠᠷ ᠨᠡᠮᠡᠭᠳᠡᠭᠦᠯᠦᠭᠰᠡᠭᠡᠷ ᠡᠴᠦᠰ ᠦ᠋ᠨ  ᠥᠰᠥᠷᠬᠡᠯᠲᠡ ᠶ᠋ᠢ 30 ᠪᠤᠶᠤ 32 ᠭᠠᠵᠠᠷ ᠲᠤ᠌ ᠂ ᠰᠤᠩᠭᠠᠯᠲᠠ ᠶ᠋ᠢ 35 ᠭᠠᠵᠠᠷ ᠠ᠋ᠴᠠ ᠬᠡᠲᠦᠷᠡᠭᠦᠯᠵᠦ ᠪᠣᠯᠬᠤ ᠦᠭᠡᠢ ᠃ ᠦᠨᠡᠨ ᠬᠦ᠌ ᠴᠢᠮᠠᠯᠠᠭᠠᠳ ᠪᠠᠢᠪᠠᠯ  ᠰᠤᠩᠭᠠᠯᠲᠠ ᠶ᠋ᠢ 40 ᠭᠠᠵᠠᠷ ᠠ᠋ᠴᠠ ᠳᠠᠪᠠᠭᠤᠯᠵᠤ ᠪᠣᠯᠬᠤ ᠦᠭᠡᠢ᠃ 
ᠰᠣᠶᠣᠭᠠᠯᠠᠩ ᠤ᠋ᠨ ᠵᠠᠰᠠᠯ 
       ᠰᠣᠶᠣᠭᠠᠯᠠᠩ ᠢ᠋ 30 ᠬᠣᠨᠣᠭ ᠰᠣᠢᠨ᠎ᠠ ᠃ ᠤᠴᠢᠷ ᠨᠢ ᠰᠣᠶᠣᠭᠠᠯᠠᠩ ᠤ᠋ᠨ ᠵᠠᠰᠠᠯ ᠤᠳᠠᠭᠠᠨ ᠬᠠᠨᠳᠠᠭ᠃ ᠬᠥᠯᠥᠰᠥ ᠠᠪᠬᠤ᠂ ᠥᠰᠥᠷᠬᠡᠬᠦ ᠵᠡᠷᠭᠡ ᠨᠢ ᠴᠥᠮ ᠠᠵᠢᠷᠭ᠎ᠠ ᠶ᠋ᠢᠨ ᠬᠢ ᠲᠡᠢ ᠠᠳᠠᠯᠢ ᠃ ᠭᠡᠪᠡᠴᠦ ᠥᠰᠥᠷᠬᠡᠬᠦ ᠭᠠᠵᠠᠷ ᠤ᠋ᠨ ᠬᠡᠮᠵᠢᠶ᠎ᠡ ᠨᠢ ᠠᠵᠢᠷᠭ᠎ᠠ ᠠ᠋ᠴᠠ ᠨᠢᠭᠡ ᠶ᠋ᠢᠨ ᠵᠡᠷᠭᠡ ᠺᠢᠯᠣᠮᠧᠲ᠋ᠷ ᠢ᠋ᠶ᠋ᠡᠷ ᠢᠯᠡᠭᠦᠳᠡᠭᠦᠯᠦᠨ᠎ᠡ᠃ 
ᠬᠢᠵᠠᠭᠠᠯᠠᠩ ᠤ᠋ᠨ ᠵᠠᠰᠠᠯ 
       ᠬᠢᠵᠠᠭᠠᠯᠠᠩ ᠢ᠋ 25 ᠬᠣᠨᠣᠭ ᠬᠠᠭᠰᠠᠷᠠᠭᠠᠨ᠎ᠠ ᠃ ᠠᠩᠬᠠᠨ ᠤ᠋ ᠬᠥᠯᠥᠰᠥ ᠠᠪᠬᠤ ᠭᠠᠵᠠᠷ ᠤ᠋ᠨ ᠬᠡᠮᠵᠢᠶ᠎ᠡ ᠶ᠋ᠢ 10 ᠭᠠᠵᠠᠷ ᠲᠤ᠌ ᠲᠣᠭᠲᠠᠭᠠᠵᠤ᠂ ᠴᠢᠨᠠᠭᠰᠢᠳᠠ ᠵᠢᠭᠠᠯ ᠵᠢᠭᠠᠯ ᠨᠡᠮᠡᠭᠰᠡᠭᠡᠷ ᠡᠴᠦᠰ ᠦ᠋ᠨ ᠬᠥᠯᠥᠷᠡᠭᠡᠯᠲᠡ ᠶ᠋ᠢ 15 ᠭᠠᠵᠠᠷ ᠠ᠋ᠴᠠ ᠬᠡᠲᠦᠷᠡᠭᠦᠯᠵᠦ ᠪᠣᠯᠬᠤ ᠦᠭᠡᠢ᠃ ᠡᠬᠢᠯᠡᠭᠡᠳ 8  ᠠ᠋ᠴᠠ 10 ᠭᠠᠵᠠᠷ ᠲᠤ᠌ ᠥᠰᠥᠷᠬᠡᠵᠦ᠂ ᠬᠣᠢᠰᠢᠳᠠ ᠪᠠᠭ᠎ᠠ ᠪᠠᠭ᠎ᠠ ᠨᠡᠮᠡᠭᠰᠡᠭᠡᠷ ᠬᠠᠮᠤᠭ ᠰᠡᠭᠦᠯ ᠦ᠋ᠨ ᠲᠠᠷ ᠢ᠋ 14 ᠡᠴᠡ 15 ᠭᠠᠵᠠᠷ ᠤ᠋ᠨ ᠵᠠᠢ ᠠ᠋ᠴᠠ  ᠰᠤᠩᠭᠠᠨ᠎ᠠ ᠃ ᠪᠦᠭᠦᠳᠡ 5 ᠠ᠋ᠴᠠ 6 ᠤᠳᠠᠭ᠎ᠠ ᠬᠥᠯᠥᠰᠥ ᠠᠪᠴᠤ ᠂ 8 ᠤᠳᠠᠭ᠎ᠠ ᠥᠰᠥᠷᠬᠡᠨ 1 ᠤᠳᠠᠭ᠎ᠠ ᠰᠤᠩᠭᠠᠨ᠎ᠠ᠃ 
ᠰᠢᠳᠦᠯᠡᠩ ᠦ᠋ᠨ ᠵᠠᠰᠠᠯ  
      ᠰᠢᠳᠦᠯᠡᠩ ᠢ᠋ 20 ᠬᠣᠨᠣᠭ ᠰᠣᠢᠨ᠎ᠠ᠃ ᠭᠡᠪᠡᠴᠦ ᠲᠤᠬᠠᠢ ᠶ᠋ᠢᠨ ᠪᠠᠢᠳᠠᠯ ᠢ᠋ᠶ᠋ᠠᠷ ᠰᠢᠨᠵᠢᠵᠦ 25 ᠬᠣᠨᠣᠭ ᠴᠤ᠌ ᠰᠣᠢᠵᠤ ᠪᠣᠯᠤᠨ᠎ᠠ᠃ ᠠᠩᠬ᠎ᠠ 6 ᠠ᠋ᠴᠠ 10 ᠭᠠᠵᠠᠷ ᠤ᠋ᠨ ᠵᠠᠢ ᠳ᠋ᠤ᠌ ᠬᠥᠯᠥᠷᠡᠭᠡᠨ᠎ᠡ᠃ ᠴᠢᠨᠠᠭᠰᠢᠳᠠ ᠨᠡᠮᠡᠭᠰᠡᠭᠡᠷ ᠡᠴᠦᠰ ᠦ᠋ᠨ ᠬᠥᠯᠥᠷᠡᠭᠡᠯᠲᠡ ᠶ᠋ᠢ 15 ᠠ᠋ᠴᠠ 18 ᠭᠠᠵᠠᠷ ᠢ᠋ ᠳᠠᠪᠠᠭᠤᠯᠵᠤ ᠪᠣᠯᠬᠤ ᠦᠭᠡᠢ ᠃ ᠪᠦᠭᠦᠳᠡ 4 ᠡᠴᠡ 5 ᠤᠳᠠᠭ᠎ᠠ ᠬᠥᠯᠥᠰᠥ ᠠᠪᠴᠤ ᠂ 5 ᠠ᠋ᠴᠠ 6 ᠤᠳᠠᠭ᠎ᠠ ᠥᠰᠥᠷᠬᠡᠵᠦ ᠂ ᠤᠷᠲᠤ ᠪᠣᠭᠣᠨᠢ ᠬᠣᠶᠠᠷ  ᠰᠤᠩᠭᠠᠯᠲᠠ ᠬᠢᠬᠦ ᠵᠠᠢ ᠶ᠋ᠢ 15 ᠠ᠋ᠴᠠ 20 ᠭᠠᠵᠠᠷ ᠬᠡᠲᠦᠷᠡᠭᠦᠯᠵᠦ ᠪᠣᠯᠬᠤ ᠦᠭᠡᠢ᠃ 
ᠳᠠᠭ᠎ᠠ ᠶ᠋ᠢᠨ ᠵᠠᠰᠠᠯ 
       ᠳᠠᠭ᠎ᠠ ᠶ᠋ᠢ 15 ᠬᠣᠨᠣᠭ ᠰᠣᠢᠨ᠎ᠠ᠃ ᠬᠡᠷᠪᠡ ᠬᠠᠩᠭᠠᠯ ᠪᠤᠶᠤ ᠢᠰᠬᠡᠯ ᠬᠤᠰᠠᠷᠠᠩ ᠳᠠᠭ᠎ᠠ ᠶ᠋ᠢ 20 ᠬᠣᠨᠣᠭ ᠰᠣᠢᠵᠤ ᠪᠣᠯᠤᠨ᠎ᠠ᠃ 3  ᠤᠳᠠᠭ᠎ᠠ ᠬᠥᠯᠥᠰᠥ ᠶ᠋ᠢ ᠨᠢ ᠠᠪᠬᠤ ᠪᠥᠭᠡᠳ ᠠᠩᠬᠠᠨ ᠤ᠋ ᠬᠥᠯᠥᠰᠥ ᠶ᠋ᠢ 6 ᠪᠤᠶᠤ 8 ᠭᠠᠵᠠᠷ ᠪᠠ ᠡᠴᠦᠰ ᠦ᠋ᠨ ᠬᠥᠯᠥᠰᠥ ᠶ᠋ᠢ 8 ᠠ᠋ᠴᠠ 12 ᠭᠠᠵᠠᠷ ᠲᠤ᠌ ᠶᠠᠪᠤᠭᠤᠯᠤᠨ᠎ᠠ᠃ ᠳᠠᠭ᠎ᠠ ᠶ᠋ᠢ ᠴᠠᠭᠠᠷᠠᠭᠤᠯᠬᠤ ᠪᠠ ᠢᠯᠠᠩᠭᠤᠶ᠎ᠠ ᠳᠠᠪᠬᠢᠯ ᠣᠷᠣᠭᠤᠯᠬᠤ᠂ ᠳᠠᠪᠬᠢᠵᠤ ᠰᠤᠷᠭᠠᠬᠤ ᠶ᠋ᠢᠨ ᠤᠴᠢᠷ ᠲᠤ᠌ ᠣᠯᠠᠨᠲᠠ ᠥᠰᠥᠷᠬᠡᠬᠦ ᠬᠡᠷᠡᠭᠲᠡᠢ᠃ ᠡᠢᠨ ᠬᠦ᠌ ᠰᠤᠩᠭᠠᠯᠲᠠ ᠲᠠᠢ ᠪᠠᠨ 10 ᠤᠳᠠᠭ᠎ᠠ ᠥᠰᠥᠷᠬᠡᠨ᠎ᠡ ᠃ ᠠᠩᠬᠠᠨ ᠤ᠋ ᠥᠰᠥᠷᠬᠡᠯᠲᠡ ᠶ᠋ᠢ 10 ᠭᠠᠵᠠᠷ ᠲᠤ᠌ ᠶᠠᠪᠤᠭᠤᠯᠵᠤ᠂ ᠬᠣᠢᠰᠢᠳᠠ ᠤᠳᠠᠭ᠎ᠠ ᠤᠳᠠᠭ᠎ᠠ ᠳ᠋ᠤ᠌ ᠨᠡᠮᠡᠭᠰᠡᠭᠡᠷ ᠬᠠᠮᠤᠭ ᠰᠡᠭᠦᠯᠴᠢ ᠶ᠋ᠢᠨ ᠬᠥᠯᠥᠷᠡᠭᠡᠯᠲᠡ ᠪᠠ ᠰᠤᠩᠭᠠᠯᠲᠠ ᠶ᠋ᠢ 15 ᠭᠠᠵᠠᠷ ᠠ᠋ᠴᠠ ᠬᠡᠲᠦᠷᠡᠭᠦᠯᠵᠦ ᠪᠣᠯᠬᠤ ᠦᠭᠡᠢ᠃  
ᠤᠨᠠᠭ᠎ᠠ ᠣᠷᠣᠯᠳᠣᠬᠤ  
       ᠤᠨᠠᠭ᠎ᠠ ᠣᠷᠣᠯᠳᠣᠭᠰᠠᠨ ᠤᠯᠠ ᠮᠥᠷ ᠲᠡᠢ ᠪᠠᠲᠤ ᠰᠤᠷᠠᠭ ᠬᠣᠴᠣᠷᠴᠤ ᠢᠷᠡᠵᠡᠢ ᠃ ᠰᠠᠭᠠᠭᠰᠠᠨ ᠭᠡᠭᠦᠳ ᠢ᠋ᠶ᠋ᠡᠨ ᠲᠠᠯᠪᠢᠬᠤ ᠦᠶ᠎ᠡ ᠪᠤᠶᠤ  ᠪᠠᠶᠠᠷ ᠴᠡᠩᠭᠡᠯ ᠢ᠋ᠶ᠋ᠡᠷ ᠠᠮᠢᠳᠤᠷᠠᠯ ᠢ᠋ᠶ᠋ᠠᠨ ᠰᠡᠷᠭᠦᠭᠡᠬᠦ ᠶ᠋ᠢᠨ ᠡᠭᠦᠳᠡᠨ ᠡᠴᠡ ᠤᠨᠠᠭ᠎ᠠ ᠤᠷᠤᠯᠳᠤᠵᠤ ᠪᠠᠢᠭᠰᠠᠨ ᠲᠡᠦᠬᠡ ᠤᠷᠠᠳ ᠤ᠋ᠨ ᠨᠤᠲᠤᠭ ᠲᠤ᠌ ᠬᠣᠴᠣᠷᠴᠤ ᠢᠷᠡᠵᠡᠢ᠃ 
       ᠤᠨᠠᠭᠠᠨ ᠳ᠋ᠤ᠌ ᠬᠡᠳᠦᠢ ᠪᠡᠷ ᠤᠶᠠᠭ᠎ᠠ ᠰᠣᠢᠯᠭ᠎ᠠ ᠶᠡᠬᠡ ᠬᠡᠷᠡᠭᠴᠡᠭᠡ ᠦᠭᠡᠢ ᠴᠦ᠍ ᠭᠡᠰᠡᠨ ᠪᠠᠰᠠ ᠬᠡᠳᠦᠨ ᠤᠳᠠᠭᠠᠨ ᠤ᠋ ᠪᠣᠯᠪᠠᠰᠤᠷᠠᠯ ᠱᠠᠭᠠᠷᠳᠠᠭᠳᠠᠳᠠᠭ ᠪᠠᠢᠨ᠎ᠠ᠃ ᠭᠡᠭᠦᠦ ᠰᠠᠭᠠᠵᠤ ᠤᠨᠠᠭ᠎ᠠ ᠲᠠᠲᠠᠬᠤ ᠶ᠋ᠢ ᠳᠠᠯᠢᠮᠳᠠᠭᠤᠯᠤᠨ ᠭᠡᠭᠦᠦ ᠂ ᠤᠨᠠᠭ᠎ᠠ ᠬᠣᠶᠠᠷ ᠢ᠋ ᠨᠢᠭᠡᠨ ᠦ᠌ ᠪᠤᠶᠤ ᠬᠣᠶᠠᠷ ᠤ᠋ᠨ ᠭᠠᠵᠠᠷ ᠵᠠᠢ ᠲᠠᠢ ᠠ᠋ᠴᠠ ᠬᠠᠷᠢᠯᠴᠠᠨ  ᠦᠵᠡᠭᠦᠯᠵᠦ ᠦᠦᠷᠰᠡᠭᠦᠯᠵᠦ ᠪᠠᠢᠭᠠᠳ ᠨᠡᠢᠯᠡᠭᠦᠯᠵᠦ ᠰᠤᠷᠭᠠᠬᠤ ᠪᠣᠯᠪᠠᠰᠤᠷᠠᠯ ᠬᠢᠯᠭᠡᠳᠡᠭ ᠠᠵᠢ᠃  
       ᠤᠨᠠᠭ᠎ᠠ ᠣᠷᠣᠯᠳᠣᠬᠤ ᠶᠠᠭ ᠲᠡᠷᠡ ᠡᠳᠦᠷ ᠪᠣᠯᠬᠤ ᠳ᠋ᠤ᠌ ᠂ ᠤᠨᠠᠭ᠎ᠠ ᠲᠠᠢ ᠭᠡᠭᠦᠳ ᠢ᠋ᠶ᠋ᠡᠨ ᠬᠤᠷᠢᠶᠠᠵᠤ ᠢᠷᠡᠨ᠂ ᠤᠨᠠᠭ᠎ᠠ ᠪᠠᠨ ᠪᠡᠷᠢᠯᠡᠨ ᠲᠤᠰ ᠪᠦᠷᠢ ᠨᠢᠭᠡ ᠬᠥᠮᠦᠨ ᠬᠦᠵᠦᠭᠦᠳᠡᠨ ᠲᠡᠪᠡᠷᠢᠵᠦ᠂ ᠭᠡᠭᠦᠳ ᠢ᠋ᠶ᠋ᠡᠨ ᠬᠣᠶᠠᠷ ᠭᠤᠷᠪᠠᠨ ᠤ᠋ ᠭᠠᠵᠠᠷ ᠬᠥᠭᠡᠭᠡᠵᠦ ᠠᠪᠠᠴᠢᠨ ᠪᠡᠷᠢᠯᠡᠵᠦ ᠤᠶᠠᠭᠠᠳ ᠤᠨᠠᠭᠠᠨ ᠵᠦᠭ ᠦᠦᠷᠰᠡᠭᠦᠯᠵᠦ  ᠵᠣᠭᠰᠣᠭᠠᠨ᠎ᠠ᠃ ᠡᠨᠡ ᠦᠶ᠎ᠡ ᠤᠨᠠᠭ᠎ᠠ ᠬᠦᠵᠦᠭᠦᠳᠡᠨ ᠵᠣᠭᠰᠣᠵᠤ ᠪᠠᠢᠭᠰᠠᠨ ᠬᠥᠮᠦᠰ᠂ ᠬᠤᠪᠢ ᠬᠣᠪᠢᠨ ᠤ᠋ ᠪᠠᠨ ᠤᠨᠠᠭ᠎ᠠ ᠶ᠋ᠢ ᠵᠡᠷᠭᠡ ᠪᠡᠷ ᠲᠠᠯᠪᠢᠵᠤ᠂ ᠡᠬᠡ  ᠵᠦᠭ ᠨᠢ ᠤᠷᠤᠯᠳᠤᠭᠤᠯᠵᠤ ᠨᠠᠢᠷ ᠬᠥᠷ ᠨᠡᠮᠡᠳᠡᠭ ᠪᠠᠢᠭᠰᠠᠨ ᠠᠵᠢ᠃ 
ᠵᠢᠷᠣᠭ᠎ᠠ᠂ ᠬᠠᠲᠠᠷᠢ ᠣᠷᠣᠯᠳᠣᠬᠤ   
       ᠵᠢᠷᠣᠭ᠎ᠠ ᠂ ᠬᠠᠲᠠᠷᠢ ᠮᠣᠷᠢ ᠶ᠋ᠢ ᠬᠠᠭᠰᠠᠭᠠᠬᠤ ᠦᠭᠡᠢ ᠶᠠᠪᠤᠭᠤᠯᠳᠠᠭ ᠤᠴᠢᠷ ᠪᠦᠷ ᠪᠤᠷᠤᠭᠤᠲᠠᠢ ᠪᠥᠭᠡᠳ ᠮᠣᠷᠢ ᠨᠢᠴᠠᠯᠵᠤ  ᠲᠦᠭᠰᠢᠭᠡᠬᠦ ᠪᠣᠯᠵᠣᠰᠢ ᠦᠭᠡᠢ ᠶᠦ᠍ᠮ᠃ ᠡᠢᠨ ᠬᠦ᠌ ᠵᠦᠢ ᠨᠢ ᠵᠢᠷᠣᠭ᠎ᠠ᠂ ᠬᠠᠲᠠᠷᠢ ᠮᠣᠷᠢ ᠶ᠋ᠢ ᠠᠷᠪᠠ ᠬᠣᠨᠣᠭ ᠰᠣᠢᠵᠤ᠂ ᠡᠨᠡ ᠬᠤᠭᠤᠴᠠᠭᠠᠨ ᠳ᠋ᠤ᠌ ᠭᠤᠷᠪᠠ ᠤᠳᠠᠭ᠎ᠠ ᠬᠥᠯᠥᠷᠡᠭᠡᠵᠦ᠂ ᠳᠥᠷᠪᠡ ᠤᠳᠠᠭ᠎ᠠ ᠵᠢᠷᠣᠭ᠎ᠠ᠂ ᠬᠠᠲᠠᠷᠢ ᠲᠤᠯᠭᠠᠭᠰᠠᠨ ᠪᠠᠢᠬᠤ ᠬᠡᠷᠡᠭᠲᠡᠢ᠃ ᠮᠥᠨ ᠨᠠᠭᠠᠳᠤᠮ ᠤ᠋ᠨ ᠵᠢᠷᠣᠭ᠎ᠠ᠂ ᠬᠠᠲᠠᠷᠢ ᠲᠤᠯᠭᠠᠬᠤ ᠡᠳᠦᠷ ᠡᠴᠡ ᠡᠮᠦᠨ᠎ᠡ ᠬᠣᠶᠠᠷ ᠬᠣᠨᠣᠭ ᠠᠮᠠᠷᠠᠭᠠᠨ ᠣᠭᠲᠣ ᠤᠨᠤᠬᠤ ᠦᠭᠡᠢ᠂ ᠤᠶᠠᠭ᠎ᠠ ᠲᠠᠢ ᠪᠠᠢᠯᠭᠠᠬᠤ ᠪᠣᠯ ᠲᠤᠩ ᠲᠣᠬᠢᠷᠠᠮᠵᠢᠲᠠᠢ ᠪᠢᠯᠡ᠃