ᠬᠠᠪᠤᠷ ᠢᠷᠡᠵᠦ ᠶᠠᠪᠤᠨ᠎ᠠ- ᠷᠢ᠊· ᠰᠠᠢᠨᠴᠣᠭᠲᠣХавар ирч явна-Р·Сайнцогт
ᠬᠠᠪᠤᠷ ᠢᠷᠡᠵᠦ ᠶᠠᠪᠤᠨ᠎ᠠ
ᠷᠢ᠊· ᠰᠠᠢᠨᠴᠣᠭᠲᠣ
ᠨᠠᠷᠠ ᠢᠨᠢᠶᠡᠭᠰᠡᠭᠡᠷ ᠬᠠᠪᠤᠷ ᠢ᠋ ᠠᠪᠴᠢᠷᠠᠨ᠎ᠠ
ᠨᠠᠳᠠᠳᠤ ᠡᠪᠦᠷᠯᠡᠭᠰᠡᠭᠡᠷ ᠠᠪᠴᠢᠷᠠᠵᠤ ᠥᠭᠭᠦᠨ᠎ᠡ
ᠬᠤᠷᠠᠭ᠎ᠠ ᠪᠠᠨ ᠬᠠᠷᠢᠭᠤᠯᠬᠤ ᠭᠡᠵᠦ ᠬᠠᠪᠤᠷ ᠢ᠋ ᠬᠦᠯᠢᠶᠡᠳᠡᠭ ᠳᠡ
ᠬᠤᠷᠳᠤᠨ ᠮᠣᠷᠢ ᠪᠠᠨ ᠤᠨᠤᠬᠤ ᠭᠡᠵᠦ ᠬᠠᠪᠤᠷ ᠢ᠋ ᠬᠦᠯᠢᠶᠡᠳᠡᠭ ᠳᠡ
ᠬᠠᠭᠤᠴᠢᠨ ᠶᠠᠭᠤᠮ᠎ᠠ ᠭᠡᠵᠦ ᠶᠡᠷᠦᠳᠡᠭᠡᠨ ᠪᠠᠢᠳᠠᠭ ᠦᠭᠡᠢ
ᠬᠠᠭᠤᠴᠢᠨ ᠬᠠᠪᠤᠷ ᠬᠡᠪ ᠢ᠋ᠶ᠋ᠡᠷ ᠢ᠋ᠶ᠋ᠡᠨ ᠢᠷᠡᠳᠡᠭ
ᠬᠠᠪᠤᠷ ᠢᠷᠡᠵᠦ ᠶᠠᠪᠤᠨ᠎ᠠ
ᠴᠡᠩᠬᠡᠷ ᠳᠠᠯᠠᠢ ᠶ᠋ᠢᠨ ᠴᠠᠭᠠᠨ᠎ᠠ ᠠ᠋ᠴᠠ
ᠠᠯᠲᠠᠨ ᠬᠠᠷᠢᠶᠠᠴᠠᠢ ᠮᠢᠨᠢ ᠢᠷᠡᠵᠦ ᠶᠠᠪᠤᠨ᠎ᠠ
ᠮᠥᠩᠬᠡ ᠶ᠋ᠢᠨ ᠤᠰᠤ ᠶ᠋ᠢ ᠵᠠᠭᠤᠭᠰᠠᠭᠠᠷ ᠢᠷᠡᠨ᠎ᠡ
ᠮᠥᠩᠬᠡ ᠶ᠋ᠢᠨ ᠬᠣᠷᠸ᠎ᠠ ᠳ᠋ᠤ᠌ ᠬᠠᠪᠤᠷ ᠢᠷᠡᠵᠦ ᠶᠠᠪᠤᠨ᠎ᠠ
ᠬᠠᠪᠤᠷ ᠢᠷᠡᠵᠦ ᠶᠠᠪᠤᠨ᠎ᠠ
ᠦᠰᠦᠭ ᠠᠮᠢᠯᠠᠭᠤᠯᠤᠭᠴᠢ᠄ ᠳᠡᠯᠭᠡᠷᠴᠡᠴᠡᠭ
ᠦᠰᠦᠭ ᠬᠢᠨᠠᠭᠴᠢ᠄ ᠤᠳᠬᠠᠨᠰᠣ᠎ᠠ
