ᠰᠡᠳᠬᠢᠯ ᠮᠢᠨᠢ ᠳᠦᠭᠦᠷᠦᠯ᠎ᠡ ᠠᠪᠤ ᠠ᠋ -ᠯ· ᠪᠠᠨᠽᠠᠷᠠᠭᠴᠢСэтгэл минь дүүрлээ аав аа-Л·Банзрагч ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠳᠬᠢᠯ ᠮᠢᠨᠢ ᠳᠦᠭᠦᠷᠦᠯ᠎ᠡ ᠠᠪᠤ ᠠ᠋ -ᠯ· ᠪᠠᠨᠽᠠᠷᠠᠭᠴᠢСэтгэл минь дүүрлээ аав аа-Л·Банзрагч

ᠰᠡᠳᠬᠢᠯ ᠮᠢᠨᠢ ᠳᠦᠭᠦᠷᠦᠯ᠎ᠡ ᠠᠪᠤ ᠠ᠋ -ᠯ· ᠪᠠᠨᠽᠠᠷᠠᠭᠴᠢСэтгэл минь дүүрлээ аав аа-Л·Банзрагч

ᠠᠩᠭᠢᠯᠠᠯ:ᠳᠠᠭᠤᠤ ᠬᠥᠭᠵᠢᠮ
2026-07-13

422

ᠰᠡᠳᠬᠢᠯ ᠮᠢᠨᠢ ᠳᠦᠭᠦᠷᠦᠯ᠎ᠡ ᠠᠪᠤ ᠠ᠋


 ᠦᠭᠡ᠄ ᠪ· ᠰᠠᠩᠵᠠᠢ 
 ᠠᠶ᠎ᠠ ᠄ ᠪ· ᠫᠦᠷᠪᠦᠰᠦ᠋ᠷᠦᠩ 
 ᠳᠠᠭᠤᠴᠢᠨ᠄ ᠯ· ᠪᠠᠨᠽᠠᠷᠠᠭᠴᠢ 

ᠡᠷᠳᠡᠨᠢ ᠶ᠋ᠢᠨ ᠬᠦᠯᠦᠭ ᠦᠦᠷᠰᠡᠭᠰᠡᠨ ᠤᠶᠠᠭᠠᠨ ᠳᠡᠭᠡᠷ᠎ᠡ 
ᠡᠮᠡᠭᠡᠯ ᠬᠠᠵᠠᠭᠠᠷ ᠲᠠᠨᠢ ᠡᠵᠡᠭᠦᠢᠷᠡᠨ ᠬᠣᠴᠣᠷᠤᠯ᠎ᠠ 
ᠡᠷᠴᠢᠯᠡᠭᠰᠡᠨ ᠪᠤᠭᠤᠢᠯᠢ ᠶ᠋ᠢᠨ ᠰᠤᠷ ᠨᠢ ᠬᠠᠲᠠᠭᠤ ᠴᠤ᠌ 
ᠡᠩ ᠦᠭᠡᠢ ᠠᠪᠤ ᠪᠠᠨ ᠬᠣᠯᠠ ᠦᠵᠡᠭᠰᠡᠨ ᠠ᠋ ᠪᠢ 
ᠥᠷᠯᠥᠭᠡ ᠰᠡᠷᠢᠭᠡᠳᠡᠭ ᠳᠠᠭᠤ ᠲᠠᠨᠢ ᠰᠣᠨᠣᠰᠤᠭᠳᠠᠭᠠᠳ 
ᠥᠨᠢᠲᠦ ᠵᠠᠶᠠᠭ᠎ᠠ ᠶ᠋ᠢ ᠮᠢᠨᠢ ᠢᠷᠦᠭᠡᠵᠦ ᠳᠠᠯᠠᠯᠵᠠᠢ 
ᠡᠳᠦᠷ ᠢ᠋ᠶ᠋ᠡᠷ ᠬᠦᠷᠬᠦ ᠠᠮᠢᠳᠤᠷᠠᠯ ᠤ᠋ᠨ ᠵᠠᠮ ᠢ᠋ ᠮᠢᠨᠢ 
ᠥᠨᠳᠥᠷ ᠲᠩᠷᠢ ᠡᠴᠡ ᠢᠪᠡᠭᠡᠬᠦ ᠶᠤᠮ ᠠᠪᠤ ᠠ᠋ 

ᠪᠤᠳᠠᠩ ᠲᠠᠲᠠᠭᠰᠠᠨ ᠲᠡᠨᠢᠭᠦᠨ ᠬᠠᠩᠭᠠᠢ ᠨᠢ
ᠪᠤᠭᠤᠷᠤᠯ ᠠᠪᠤ ᠶ᠋ᠢ ᠮᠢᠨᠢ ᠦᠭᠡᠢᠯᠡᠭᠡᠳ ᠪᠠᠢᠬᠤ ᠰᠢᠭ᠋
ᠪᠣᠳᠣᠯ ᠳ᠋ᠤ᠌ ᠵᠠᠩᠭᠢᠳᠤᠭᠰᠠᠨ ᠰᠤᠷᠭᠠᠯ ᠦᠭᠡᠰ ᠲᠠᠨᠢ
ᠪᠤᠰᠤᠳ ᠡᠴᠡ ᠴᠤ᠌ ᠣᠯᠬᠤ ᠦᠭᠡᠢ ᠤᠬᠠᠭᠠᠨ ᠪᠠᠢᠵᠤ ᠳᠠ
ᠥᠷᠯᠥᠭᠡ ᠰᠡᠷᠢᠭᠡᠳᠡᠭ ᠳᠠᠭᠤ ᠲᠠᠨᠢ ᠰᠣᠨᠣᠰᠤᠭᠳᠠᠭᠠᠳ
ᠥᠨᠢᠲᠦ ᠵᠠᠶᠠᠭ᠎ᠠ ᠶ᠋ᠢ ᠮᠢᠨᠢ ᠢᠷᠥᠭᠡᠵᠦ ᠳᠠᠯᠠᠯᠵᠠᠢ
ᠡᠳᠦᠷ ᠢ᠋ᠶ᠋ᠡᠷ ᠬᠦᠷᠬᠦ ᠠᠮᠢᠳᠤᠷᠠᠯ ᠤ᠋ᠨ ᠵᠠᠮ ᠢ᠋ ᠮᠢᠨᠢ
ᠥᠨᠳᠥᠷ ᠲᠩᠷᠢ ᠡᠴᠡ ᠢᠪᠡᠭᠡᠬᠦ ᠶᠤᠮ ᠠᠪᠤ ᠠ᠋

ᠪᠠᠢᠷᠠᠳᠠᠭ ᠤ᠋ᠨ ᠭᠣᠣᠯ ᠳ᠋ᠠᠭᠠᠨ ᠢᠷᠡᠯ᠎ᠡ ᠠᠪᠤ ᠠ᠋
ᠪᠠᠭ᠎ᠠ ᠶ᠋ᠢᠨ ᠪᠠᠭᠤᠷᠢᠨ ᠳ᠋ᠠᠭᠠᠨ ᠵᠣᠯᠭᠠᠯ᠎ᠠ ᠦᠷ᠎ᠡ ᠴᠢᠨᠢ
ᠰᠠᠨᠠᠭᠰᠠᠨ ᠰᠡᠳᠬᠢᠯ ᠮᠢᠨᠢ ᠳᠦᠭᠦᠷᠦᠯ᠎ᠡ ᠠᠪᠤ ᠠ᠋
ᠰᠠᠢᠨ ᠶᠠᠪᠤᠨ᠎ᠠ ᠬᠦᠦ ᠴᠢᠨᠢ ᠠᠪᠤ ᠠ᠋
ᠥᠷᠯᠥᠭᠡ ᠰᠡᠷᠢᠭᠡᠳᠡᠭ ᠳᠠᠭᠤ ᠲᠠᠨᠢ ᠰᠣᠨᠣᠰᠤᠭᠳᠠᠭᠠᠳ
 

ᠥᠨᠢᠲᠦ ᠵᠠᠶᠠᠭ᠎ᠠ ᠶ᠋ᠢ ᠮᠢᠨᠢ ᠢᠷᠥᠭᠡᠵᠦ ᠳᠠᠯᠠᠯᠵᠠᠢ
ᠡᠳᠦᠷ ᠢ᠋ᠶ᠋ᠡᠷ ᠬᠦᠷᠬᠦ ᠠᠮᠢᠳᠤᠷᠠᠯ ᠤ᠋ᠨ ᠵᠠᠮ ᠢ᠋ ᠮᠢᠨᠢ
ᠥᠨᠳᠥᠷ ᠲᠩᠷᠢ ᠡᠴᠡ ᠢᠪᠡᠭᠡᠬᠦ ᠶᠤᠮ ᠠᠪᠤ ᠠ᠋
ᠥᠨᠳᠥᠷ ᠲᠩᠷᠢ ᠡᠴᠡ ᠢᠪᠡᠭᠡᠬᠦ ᠶᠤᠮ ᠠᠪᠤ ᠠ᠋

 ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
 ᠦᠰᠦᠭ ᠬᠠᠳᠠᠭᠴᠢ᠄ ᠪᠠᠢ᠂ ᠰᠠᠷᠠᠨ᠎ᠠ
 ᠬᠢᠨᠠᠭᠴᠢ᠄ ᠰᠣᠨᠢᠨᠪᠠᠶᠠᠷ