ᠬᠥᠬᠡ ᠵᠤᠯᠠ – ᠪᠣᠷᠵᠢᠭᠢᠨ ᠸᠠᠩᠵᠠᠯ - < ᠵᠢᠷᠭᠤᠭ᠎ᠠ ᠂ ᠬᠤᠷᠳᠤᠨ ᠮᠣᠷᠢᠨ ᠤ ᠰᠢᠨᠵᠢᠯᠡᠭᠡ ᠶᠢᠨ ᠪᠦᠯᠦᠭ 2 > Хөх зул – Боржигон Ванжал –"Зургаа ᠂ хурдан морины шинжилгээний бүлэг 2"
ᠵᠢᠷᠭᠤᠭ᠎ᠠ ᠂ ᠬᠤᠷᠳᠤᠨ ᠮᠣᠷᠢᠨ ᠤ ᠰᠢᠨᠵᠢᠯᠡᠭᠡ ᠶᠢᠨ ᠪᠦᠯᠦᠭ – 2
ᠰᠢᠷᠪᠥᠰᠥ ᠪᠡᠷ ᠰᠢᠨᠵᠢᠬᠦ
① ᠲᠡᠮᠡᠭᠡᠨ ᠰᠢᠷᠪᠥᠰᠥ ᠭᠡᠭᠴᠢ ᠬᠣᠶᠠᠷ ᠲᠡᠢᠰᠢ ᠢᠷᠮᠡᠭ ᠲᠡᠢ ᠪᠣᠭᠣᠨᠢ ᠰᠢᠷᠪᠥᠰᠥ ᠪᠣᠢ ᠂ ᠶᠡᠬᠡ ᠪᠠᠭ᠎ᠠ ᠪᠡᠶ᠎ᠡ ᠳ᠋ᠦ᠍ ᠵᠣᠬᠢᠴᠠᠬᠤ ᠂ ᠬᠣᠯᠠ ᠣᠢᠷ᠎ᠠ ᠦᠭᠡᠢ ᠬᠤᠷᠳᠤᠨ᠃
② ᠮᠣᠭᠠᠢ ᠶ᠋ᠢᠨ ᠰᠢᠷᠪᠥᠰᠥ ᠭᠡᠭᠴᠢ ᠪᠥᠭᠡᠷᠡᠩᠬᠡᠢ ᠮᠣᠭᠣᠯᠴᠣᠭ ᠪᠠᠶᠠᠨ ᠳ᠋ᠤ᠌ ᠵᠣᠬᠢᠬᠤ ᠃ ᠲᠥᠯᠥᠭᠡᠭᠡ ( ᠳᠥᠯᠭᠡᠨ ) ᠂ ᠬᠣᠯᠠ ᠬᠤᠷᠳᠤᠨ ᠃
③ ᠵᠡᠭᠡᠷ᠎ᠡ ᠶ᠋ᠢᠨ ᠰᠢᠷᠪᠥᠰᠥ ᠂ ᠨᠠᠷᠢᠨ ᠴᠢᠩᠭ᠎ᠠ ᠤᠷᠲᠤ ᠰᠢᠷᠪᠥᠰᠥ ᠪᠣᠢ ᠂ ᠶᠣᠯᠪᠣᠭᠣᠷ ᠠᠭᠤᠤ ᠪᠠᠶᠠᠨ ᠳ᠋ᠤ᠌ ᠵᠣᠬᠢᠬᠤ᠃ ᠰᠢᠷᠦᠭᠦᠨ ᠬᠣᠯᠠ ᠬᠤᠷᠳᠤᠨ᠃
④ ᠬᠣᠪᠬᠢ ᠰᠢᠷᠪᠥᠰᠥ ᠭᠡᠭᠴᠢ ᠮᠠᠭᠤ ᠃ ᠣᠢᠷᠠᠬᠠᠨ ᠬᠤᠷᠳᠤᠨ ᠪᠣᠢ᠃
ᠪᠤᠰᠤᠳ ᠰᠢᠨᠵᠢᠯᠡᠭᠡ
① ᠶᠡᠷᠦ ᠦᠵᠡᠬᠦ ᠴᠠᠭ ᠲᠤ᠌ ᠠᠭᠤᠷᠯᠠᠭᠰᠠᠨ ᠬᠥᠮᠦᠨ ᠮᠡᠲᠦ ᠮᠠᠭᠤᠬᠠᠢ ᠬᠠᠷᠠᠨ ᠪᠠᠷᠠᠭᠤᠨ ᠨᠢᠳᠦᠨ ᠡᠴᠡ ᠪᠢᠴᠢᠬᠠᠨ ᠨᠢᠯᠪᠤᠰᠤ ᠭᠠᠷᠴᠤ ᠪᠠᠢᠪᠠᠯ ᠬᠣᠶᠠᠷ ᠬᠠᠷ᠎ᠠ ᠴᠠᠭᠠᠨ ᠤ᠋ ᠨᠢᠭᠡ ᠬᠠᠭᠠᠰ ᠲᠤ᠌ ᠢᠷᠡᠬᠦ ( ᠨᠢᠭᠡ ᠬᠠᠭᠠᠰ ᠬᠠᠷ᠎ᠠ ᠴᠠᠭᠠᠨ ᠳ᠋ᠤ᠌ ᠳᠠᠪᠬᠢᠨ᠎ᠠ ᠭᠡᠰᠡᠨ ᠦᠭᠡ ) ᠃
② ᠨᠢᠳᠦ ᠨᠢᠯᠪᠤᠰᠤ ᠦᠭᠡᠢ ᠪᠣᠯᠤᠭᠠᠳ ᠠᠭᠤᠷᠯᠠᠭᠰᠠᠨ ᠬᠥᠮᠦᠨ ᠮᠡᠲᠦ ᠮᠠᠭᠤᠬᠠᠢ ᠬᠠᠷᠠᠪᠠᠯ ᠨᠢᠭᠡᠨ ᠬᠠᠷ᠎ᠠ ᠴᠠᠭᠠᠨ ᠤ᠋ ᠭᠠᠵᠠᠷ ᠤᠨᠤᠨ᠎ᠠ᠃
③ ᠬᠡᠯᠡ ᠠᠮᠠ ᠪᠠᠨ ᠳᠣᠯᠢᠶᠠᠨ ᠬᠤᠯᠮᠠᠢᠵᠤ ᠵᠠᠭᠤᠬᠤ ᠶ᠋ᠢ ᠳᠤᠷᠠᠯᠠᠪᠠᠯ ᠲᠡᠢᠨ ᠲᠡᠮᠡᠴᠡᠯ ᠳᠡᠭᠡᠷ᠎ᠡ ᠦᠯᠦ ᠤᠨᠤᠬᠤ᠃
④ ᠰᠢᠲᠦ ᠦᠵᠡᠵᠦ ᠪᠠᠢᠬᠤ ᠴᠠᠭ ᠲᠤ᠌ ᠨᠢᠳᠦ ᠪᠡᠨ ᠬᠤᠷᠳᠤᠨ ᠴᠡᠪᠴᠢᠷᠭᠢᠯᠡᠵᠦ ᠲᠣᠯᠣᠭᠠᠢ ᠪᠠᠨ ᠬᠣᠢᠰᠢ ᠪᠠᠨ ᠤᠭᠵᠠᠷᠠᠵᠤ ᠪᠠᠢᠪᠠᠯ ᠮᠠᠭᠤ᠃
⑤ ᠰᠢᠲᠦ ᠦᠵᠡᠬᠦ ᠴᠠᠭ ᠲᠤ᠌ ᠥᠪᠡᠷ ᠦ᠋ᠨ ᠵᠣᠷᠢᠭ ᠢ᠋ᠶ᠋ᠠᠷ ᠦᠵᠡᠭᠦᠯᠬᠦ ᠪᠣᠯᠤᠨ ᠲᠣᠯᠣᠭᠠᠢ ᠪᠠᠷ ᠬᠥᠮᠦᠨ ᠦ᠌ ᠪᠡᠶ᠎ᠡ ᠶ᠋ᠢ ᠲᠦᠰᠢᠬᠦ ᠪᠠ ᠲᠦᠰᠢᠨ ᠡᠪᠰᠢᠶᠡᠬᠦ ᠪᠣᠯᠪᠠᠯ ᠮᠣᠷᠢ ᠨᠢ ᠡᠵᠡᠨ ᠳ᠋ᠦ᠍ ᠰᠠᠢᠨ᠃
⑥ ᠤᠨᠤᠵᠤ ᠶᠠᠪᠤᠬᠤ ᠴᠠᠭ ᠲᠤ᠌ ᠪᠠᠷᠠᠭᠤᠨ ᠬᠣᠢᠲᠤ ᠬᠥᠯ ᠢ᠋ᠶ᠋ᠡᠨ ᠰᠠᠭᠤᠰᠬᠢᠬᠦ ᠮᠠᠭᠤ᠃
⑦ ᠵᠡᠭᠦᠨ ᠬᠣᠢᠲᠤ ᠬᠥᠯ ᠢ᠋ᠶ᠋ᠡᠨ ᠬᠣᠯᠠ ᠰᠠᠭᠤᠰᠬᠢᠬᠦ ᠲᠡᠷᠡ ᠮᠣᠷᠢ᠂ ᠨᠢᠭᠡ ᠮᠠᠭᠤ ᠮᠣᠷᠢ ᠠᠪᠤᠨ ᠭᠠᠵᠠᠷᠯᠠᠬᠤ᠃
⑧ ᠦᠵᠡᠬᠦ ᠴᠠᠭ ᠲᠤ᠌ ᠬᠣᠶᠠᠷ ᠨᠢᠳᠦᠨ ᠢ᠋ᠶ᠋ᠡᠷ ᠲᠡᠭᠰᠢ ᠵᠥᠭᠡᠯᠡᠨ ᠳᠤᠯᠠᠭᠠᠨ ᠢ᠋ᠶ᠋ᠠᠷ ᠰᠠᠢᠬᠠᠨ ᠬᠠᠷᠠᠪᠠᠯ ᠡᠵᠡᠨ ᠰᠦᠷᠦᠭ ᠡᠴᠡ ᠪᠡᠨ ᠦᠯᠦ ᠰᠠᠯᠬᠤ ᠰᠠᠢᠨ ᠲᠡᠮᠳᠡᠭ ᠭᠡᠵᠡᠢ᠃
⑨ ᠭᠡᠭᠦᠦ ᠭᠡᠭᠡᠯᠲᠡᠢ ᠪᠠᠢᠬᠤ ᠴᠠᠭ ᠲᠤ᠌ ᠪᠠᠷᠠᠭᠤᠨ ᠬᠣᠢᠲᠤ ᠬᠥᠯ ᠢ᠋ᠶ᠋ᠡᠨ ᠰᠠᠭᠤᠰᠬᠢᠪᠡᠯ ᠡᠷ᠎ᠡ ᠤᠨᠠᠭ᠎ᠠ ᠤᠨᠠᠭᠠᠯᠠᠨ᠎ᠠ᠃
ᠰᠠᠢᠨ ᠤᠨᠠᠭ᠎ᠠ ᠤᠨᠠᠭᠠᠯᠠᠬᠤ ᠭᠡᠭᠦᠦ ᠶ᠋ᠢᠨ ᠰᠢᠨᠵᠢᠯᠡᠭᠡ
① ᠨᠠᠷᠢᠨ ᠤᠷᠲᠤ ᠪᠡᠶ᠎ᠡ ᠲᠡᠢ ᠂ ᠳᠡᠭᠡᠭᠦᠷ ᠳᠣᠣᠭᠤᠷ ᠲᠡᠭᠰᠢ ᠠᠭᠤᠤ ᠂ ᠭᠡᠳᠡᠰᠦ ᠶᠡᠬᠡ ᠂ ᠨᠢᠮᠭᠡᠨ ᠬᠠᠴᠠᠷ ᠲᠠᠢ ᠂ ᠨᠠᠷᠢᠨ ᠤᠷᠲᠤ ᠬᠣᠰᠢᠭᠤ ᠲᠠᠢ ᠂ ᠳᠡᠯ ᠰᠡᠭᠦᠯ ᠰᠢᠩᠭᠡᠨ ᠂ ᠬᠦᠩᠬᠡᠷ᠎ᠡ ᠨᠢ ᠠᠭᠤᠤ ᠂ ᠨᠢᠭᠤᠴᠠ ᠣᠷᠣᠨ ᠨᠢ ᠥᠮᠥᠭᠥᠷ ᠤᠷᠲᠤ ᠪᠠᠢᠬᠤ᠃
② ᠶᠡᠬᠡ ᠴᠡᠭᠡ ᠭᠡᠭᠴᠢ ᠭᠡᠭᠦᠦ ᠶ᠋ᠢᠨ ᠲᠣᠯᠣᠭᠠᠢ ᠶᠡᠬᠡ ᠂ ᠴᠢᠬᠢ ᠨᠢ ᠰᠤᠭᠤ ᠶ᠋ᠢᠨ ᠴᠢᠬᠢᠲᠡᠢ ᠂ ᠭᠡᠳᠡᠰᠦ ᠨᠢ ᠶᠡᠬᠡ ᠂ ᠪᠥᠭᠰᠡ ᠨᠢ ᠬᠠᠲᠠᠩᠭᠢᠷ ᠂ ᠤᠨᠤᠬᠤ ᠳ᠋ᠤ᠌ ᠰᠠᠢᠪᠤᠷ ᠂ ᠲᠠᠪᠠᠭ ᠶᠡᠬᠡ ᠂ ᠰᠢᠲᠦ ᠨᠢ ᠦᠬᠡᠷ ᠂ ᠬᠦᠩᠬᠡᠷ᠎ᠡ ᠨᠢ ᠠᠭᠤᠤ ᠂ ᠤᠳᠠᠭᠠᠨ ᠳᠡᠯᠡᠩᠨᠡᠬᠦ ᠂ ᠰᠠᠢᠨ ᠤᠨᠠᠭ᠎ᠠ ᠭᠠᠷᠭᠠᠨ᠎ᠠ ᠃ ᠵᠢᠯ ᠳ᠋ᠡᠭᠡᠨ ᠲᠠᠷᠭᠤ ᠨᠢ ᠶᠡᠬᠡ ᠂ ᠪᠠᠷᠠᠭᠤᠨ ᠬᠣᠢᠲᠤ ᠬᠥᠯ ᠰᠠᠭᠤᠰᠬᠢᠪᠡᠯ ᠡᠷ᠎ᠡ ᠤᠨᠠᠭ᠎ᠠ ᠂ ᠵᠡᠭᠦᠨ ᠬᠣᠢᠲᠤ ᠬᠥᠯ ᠰᠠᠭᠤᠰᠬᠢᠪᠡᠯ ᠥᠬᠢᠨ ᠤᠨᠠᠭ᠎ᠠ ᠭᠠᠷᠭᠠᠨ᠎ᠠ ᠃ ᠲᠡᠷᠡ ᠥᠬᠢᠨ ᠤᠨᠠᠭ᠎ᠠ ᠨᠢ ᠰᠠᠢᠨ ᠃ ᠰᠡᠭᠦᠯ ᠥᠳᠬᠡᠨ ᠂ ᠳᠡᠯ ᠶᠡᠬᠡ ᠂ ᠦᠰᠦ ᠰᠢᠩᠭᠡᠨ ᠂ ᠰᠠᠯᠲᠠᠭ᠎ᠠ ᠠᠭᠤᠤ ᠂ ᠬᠥᠬᠥ ᠪᠦᠳᠦᠭᠦᠨ ( ᠰᠦ ᠨᠢ ᠥᠳᠬᠡᠨ ᠳᠠᠯᠠᠩ ᠶᠡᠬᠡ )᠃ ᠳᠣᠣᠭᠤᠷ ᠠᠭᠤᠤ ᠂ ᠥᠷᠯᠥᠭᠡ ᠨᠠᠷᠠᠨ ᠤᠷᠭᠤᠬᠤ ᠪᠠ ᠵᠢᠩ ᠦᠳᠡ ᠂ ᠨᠠᠷᠠ ᠤᠨᠠᠬᠤ ᠡᠨᠡ ᠭᠤᠷᠪᠠᠨ ᠴᠠᠭ ᠤ᠋ᠨ ᠨᠢᠭᠡᠨ ᠳ᠋ᠦ᠍ᠨᠢ ᠤᠨᠠᠭᠠᠯᠠᠬᠤ ᠤᠨᠠᠭᠠᠨ ᠤ᠋ ᠪᠦᠬᠦᠯᠢ ᠪᠡᠶ᠎ᠡ ᠲᠡᠭᠦᠰ ᠪᠥᠭᠡᠰᠦ ᠪᠣᠳᠠᠲᠤ ᠬᠦᠯᠦᠭ ᠲᠡᠷᠡ ᠪᠣᠢ᠃
③ ᠮᠣᠳᠣᠨ ᠬᠣᠵᠣᠢ ᠭᠡᠭᠴᠢ ᠬᠦᠯᠦᠭ ᠢ᠋ ᠲᠥᠷᠥᠬᠦ ᠭᠡᠭᠦᠦ ᠶ᠋ᠢᠨ ᠭᠡᠳᠡᠰᠦ ᠴᠦᠷᠳᠡᠭᠡᠷ᠂ ᠭᠤᠶ᠎ᠠ ᠨᠢ ᠴᠠᠷᠳᠠᠭᠠᠷ ᠂ ᠪᠡᠶ᠎ᠡ ᠨᠢ ᠪᠢᠴᠢᠬᠠᠨ ᠂ ᠳᠡᠯ ᠰᠡᠭᠦᠯ ᠨᠢ ᠰᠢᠩᠭᠡᠨ ᠂ ᠲᠤᠭᠤᠷᠠᠢ ᠪᠢᠴᠢᠬᠠᠨ ᠂ ᠴᠢᠬᠢ ᠨᠢ ᠪᠢᠴᠢᠬᠠᠨ ᠂ ᠪᠡᠷᠪᠡᠬᠡᠢ ᠪᠣᠭᠣᠨᠢ ᠂ ᠳᠠᠭᠤ ᠨᠢ ᠰᠢᠩᠭᠡᠨ ᠂ ᠴᠠᠨᠠᠷ ᠴᠠᠨᠠᠷ ᠭᠡᠵᠦ ᠶᠠᠪᠤᠬᠤ ᠂ ᠲᠣᠯᠣᠭᠠᠢ ᠪᠢᠴᠢᠬᠠᠨ ᠂ ᠰᠢᠲᠦ ᠨᠢ ᠢᠳᠡᠷ ᠪᠤᠭᠤᠳᠠᠢ ᠃ ᠳᠥᠷᠪᠡᠨ ᠬᠥᠯ ᠨᠠᠷᠢᠨ ᠂ ᠨᠢᠳᠦ ᠨᠢ ᠠᠭᠤᠤ ᠂ ᠬᠡᠯᠡ ᠨᠢ ᠴᠠᠪ ᠴᠠᠭᠠᠨ ᠂ ᠶᠠᠪᠤᠬᠤ ᠨᠢ ᠪᠢᠳᠠᠭᠤ ᠂ ᠮᠣᠳᠣᠨ ᠬᠣᠵᠣᠢ ᠪᠢᠰᠢ ᠴᠦ᠍ ᠪᠣᠯᠪᠠ ᠃ ᠡᠨᠡ ᠭᠡᠭᠦᠦ ᠶ᠋ᠢᠨ ᠤᠨᠠᠭ᠎ᠠ ᠰᠠᠢᠨ᠃
ᠰᠠᠢᠨ ᠠᠵᠢᠷᠭ᠎ᠠ ᠶ᠋ᠢᠨ ᠰᠢᠨᠵᠢᠯᠡᠭᠡ
① ᠳᠡᠯ ᠰᠡᠭᠦᠯ ᠥᠳᠬᠡᠨ᠂ ᠪᠡᠶ᠎ᠡ ᠨᠢ ᠳᠥᠷᠪᠡᠯᠵᠢᠨ ᠬᠡᠪᠲᠡᠢ ᠂ ᠪᠠᠲᠤ ᠪᠡᠶᠡᠲᠡᠢ ᠂ ᠬᠣᠭᠣᠯᠠᠢ ᠥᠭᠡᠳᠡ ᠨᠠᠷᠠᠨ ᠵᠥᠪ ᠣᠯᠠᠨ ᠡᠷᠭᠢᠭᠦᠯᠭᠡᠲᠡᠢ ᠂ ᠪᠡᠶ᠎ᠡ ᠶ᠋ᠢᠨ ᠦᠰᠦᠨ ᠥᠩᠭᠡᠲᠡᠢ ᠭᠡᠵᠡᠢ᠃
② ᠬᠥᠮᠥᠰᠬᠡ ᠶᠡᠬᠡ ᠂ ᠵᠣᠪᠬᠢᠨ ᠤ᠋ ᠳᠣᠲᠣᠷ᠎ᠠ 56 ᠰᠠᠬᠠᠯ ᠤᠷᠭᠤᠬᠤ ᠂ ᠣᠮᠣᠷᠤᠤ ᠨᠢ ᠲᠡᠯᠡᠭᠦᠦ ᠂ ᠪᠦᠳᠦᠷᠬᠡᠢ ᠨᠢ ᠲᠡᠯᠡᠭᠦᠦ ᠂ ᠡᠪᠦᠳᠦᠭ ᠦ᠋ᠨ ᠨᠢᠳᠦ ᠪᠥᠭᠡᠷᠡᠩᠬᠡᠢ ᠂ ᠲᠠᠪᠠᠭ ᠶᠡᠬᠡ ᠂ ᠴᠥᠭᠥᠴᠡ ᠨᠢ ᠥᠷᠭᠡᠨ ᠨᠢᠮᠭᠡᠨ ᠂ ᠬᠣᠢᠲᠤ ᠲᠠᠪᠠᠭ ᠶᠡᠬᠡ ᠂ ᠪᠥᠭᠰᠡ ᠨᠢ ᠬᠥᠭᠡᠩᠬᠡᠢ ᠂ ᠰᠢᠳᠦᠯᠡᠩ ᠳ᠋ᠡᠭᠡᠨ ᠰᠤᠯᠠᠬᠠᠨ ᠂ ᠬᠢᠵᠠᠭᠠᠯᠠᠩ ᠳ᠋ᠠᠭᠠᠨ ᠴᠢᠩᠭ᠎ᠠ ᠂ ᠭᠤᠶᠠᠳᠠᠬᠤ ᠳ᠋ᠤ᠌ ᠰᠢᠷᠪᠠᠨᠠ ᠃ ᠴᠢᠬᠢ ᠨᠢ ᠪᠣᠭᠣᠨᠢ ᠳᠡᠯ ᠬᠦᠵᠦᠭᠦᠦ ᠳᠤᠬᠤ ᠴᠣᠬᠣ ᠶ᠋ᠢᠨ ᠳᠤᠮᠳᠠ ᠡᠷᠭᠢᠭᠦᠯᠭᠡᠲᠡᠢ᠃
③ ᠴᠣᠵᠣᠭ ᠨᠢ ᠪᠦᠯᠲᠡᠭᠡᠷ ᠂ ᠬᠥᠮᠥᠰᠬᠡ ᠨᠢ ᠪᠢᠴᠢᠬᠠᠨ᠂ ᠳᠡᠯ ᠨᠢ ᠬᠣᠶᠠᠷ ᠲᠠᠢᠰᠢ ᠪᠠᠨ ᠤᠨᠠᠭᠰᠠᠨ ᠂ ᠬᠥᠬᠥᠯ ᠨᠢ ᠪᠣᠭᠣᠨᠢ ᠂ ᠰᠡᠭᠦᠯ ᠨᠢ ᠰᠢᠩᠭᠡᠨ ᠂ ᠴᠢᠬᠢ ᠨᠢ ᠮᠠᠭᠤ ᠣᠬᠣᠷ ᠂ ᠭᠡᠳᠡᠰᠦ ᠨᠢ ᠶᠡᠬᠡ ᠂ ᠬᠣᠶᠠᠷ ᠰᠤᠭᠤᠨ ᠳ᠋ᠤ᠌ ᠨᠡᠪᠲᠡ ᠡᠷᠭᠢᠭᠦᠯᠭᠡᠲᠡᠢ ᠂ ᠰᠢᠳᠦ ᠨᠢ ᠭᠠᠬᠠᠢ ᠂ ᠴᠠᠪᠢ ᠣᠮᠣᠷᠤᠤ ᠳ᠋ᠤᠨᠢ ᠡᠷᠭᠢᠭᠦᠯᠭᠡᠲᠡᠢ ᠂ ᠡᠪᠦᠳᠦᠭ ᠨᠢ ᠪᠥᠭᠲᠥᠷ ᠂ ᠭᠠᠭᠴᠠᠭᠠᠷ ᠶᠠᠪᠤᠬᠤ ᠳ᠋ᠤ᠌ ᠪᠦᠲᠦᠷᠢᠮᠡᠳᠦᠭᠡᠢ᠃ ᠳᠠᠭᠤ ᠨᠢ ᠶᠡᠬᠡ ᠂ ᠪᠥᠭᠰᠡ ᠨᠢ ᠬᠠᠲᠠᠩᠭᠢᠷ ᠂ ᠪᠦᠬᠦᠯᠢ ᠪᠡᠶ᠎ᠡ ᠨᠢ ᠪᠥᠭᠲᠥᠷ ᠂ ᠰᠠᠯᠲᠠᠭ᠎ᠠ ᠠᠭᠤᠤ ᠂ ᠪᠣᠲᠣᠭᠣᠨ ᠪᠣᠷᠪᠢᠳᠠᠢ᠂ ᠣᠢᠷᠠᠬᠠᠨ ᠬᠤᠷᠳᠤᠨ᠂ ᠠᠮᠠ ᠨᠢ ᠬᠠᠲᠠᠭᠤ᠃
ᠭᠠᠳᠠᠷ ᠰᠢᠨᠵᠢᠯᠡᠭᠡ ᠶ᠋ᠢᠨ ᠵᠦᠢᠯ
ᠬᠤᠷᠳᠤᠨ ᠮᠣᠷᠢ ᠶ᠋ᠢ ᠭᠠᠳᠠᠷ ᠂ ᠳᠣᠲᠣᠷ ᠂ ᠨᠢᠭᠤᠴᠠ ᠭᠡᠵᠦ ᠭᠤᠷᠪᠠᠨ ᠵᠦᠢᠯ ᠢ᠋ᠶ᠋ᠡᠷ ᠰᠢᠨᠵᠢᠯᠡᠬᠦ ᠪᠥᠭᠡᠳ ᠭᠠᠳᠠᠷ ᠰᠢᠨᠵᠢ ᠶ᠋ᠢ ᠶᠡᠷᠦᠩᠬᠡᠢ ᠳ᠋ᠦ᠍ᠨᠢ ᠪᠠᠰᠠ ᠲᠠᠲᠠᠬᠤ ᠭᠤᠷᠪᠠᠨ ᠬᠦᠴᠦ ᠂ ᠬᠢᠨᠠᠬᠤ ᠭᠤᠷᠪᠠᠨ ᠨᠢᠷᠤᠭᠤ ᠂ ᠲᠣᠭᠲᠠᠭᠠᠬᠤ ᠳᠥᠷᠪᠡᠨ ᠮᠥᠴᠢ ᠭᠡᠵᠦ ᠭᠤᠷᠪᠠᠨ ᠬᠡᠰᠡᠭ ᠲᠦ᠍ ᠬᠤᠪᠢᠶᠠᠨ ᠲᠤᠰ ᠲᠤᠰ ᠲᠤᠨᠢ ᠠᠪᠴᠤ ᠰᠢᠨᠵᠢᠯᠡᠵᠦ ᠪᠠᠢᠳᠠᠭ ᠃ ᠲᠡᠭᠦᠨ ᠢ᠋ ᠵᠢᠭᠰᠠᠭᠠᠨ ᠦᠵᠡᠭᠦᠯᠪᠡᠯ ᠄
ᠲᠠᠲᠠᠬᠤ ᠭᠤᠷᠪᠠᠨ ᠬᠦᠴᠦ
ᠲᠣᠯᠣᠭᠠᠢ ᠂ ᠴᠣᠬᠣ ( ᠠᠮᠠᠨ ᠬᠦᠵᠦᠭᠦᠦ ) ᠂ ᠬᠦᠵᠦᠭᠦᠦ ᠭᠤᠷᠪᠠ ᠪᠠᠷ ᠭᠣᠣᠯᠯᠠᠨ᠎ᠠ ᠃ ᠡᠨᠡ ᠬᠡᠰᠡᠭ ᠲᠦ᠍ ᠠᠷᠪᠠᠨ ᠨᠢᠭᠡᠨ ᠰᠢᠨᠵᠢ ᠪᠠᠭᠲᠠᠨ᠎ᠠ᠃
ᠴᠢᠬᠢ ᠨᠢᠮᠭᠡᠨ ᠪᠣᠰᠤᠭ᠎ᠠ ᠮᠥᠷᠲᠡᠭᠡᠨ ᠨᠠᠷᠢᠨ ᠱᠣᠪᠬᠣ ᠬᠤᠷᠴᠠ ᠦᠵᠦᠭᠦᠷ ᠲᠡᠢ ᠪᠣᠯ ᠰᠠᠢᠨ ᠃ ᠡᠢᠮᠦ ᠴᠢᠬᠢ ᠰᠣᠷᠭᠣᠭ ᠰᠣᠨᠣᠷᠴᠢ ᠪᠠᠢᠳᠠᠭ ᠃ ᠤᠷᠤᠭᠰᠢ ᠬᠣᠢᠰᠢ ᠬᠣᠯᠠ ᠣᠢᠷ᠎ᠠ ᠶ᠋ᠢᠨ ᠳᠠᠭᠤ ᠴᠢᠮᠡᠭᠡ ᠰᠠᠢᠨ ᠰᠣᠨᠣᠰᠳᠠᠭ᠃
ᠮᠠᠩᠨᠠᠢ
ᠮᠠᠩᠨᠠᠢ (ᠳᠤᠬᠤ ) ᠬᠠᠪᠲᠠᠭᠠᠢ ᠶᠡᠬᠡ ᠪᠠᠢᠬᠤ ᠴᠢᠬᠤᠯᠠᠲᠠᠢ ᠨᠢ ᠰᠡᠳᠬᠢᠯ ᠵᠣᠷᠢᠭᠲᠠᠢ ᠲᠤᠯᠠ ᠣᠯᠠᠨ ᠮᠣᠷᠢᠳ ᠠ᠋ᠴᠠ ᠦᠯᠦ ᠠᠶᠤᠬᠤ ᠂ ᠦᠯᠦ ᠬᠠᠯᠢᠷᠠᠬᠤ ᠵᠣᠷᠢᠭ ᠵᠢᠷᠦᠬᠡᠲᠡᠢ ᠪᠠᠢᠳᠠᠭ ᠢ᠋ᠶ᠋ᠠᠷ ᠢ᠋ᠶ᠋ᠠᠨ ᠣᠯᠠᠨ ᠮᠣᠷᠢᠨ ᠤ᠋ ᠲᠣᠭᠣᠰᠣ ᠂ ᠴᠢᠯᠠᠭᠤᠨ ᠳ᠋ᠤ᠌ ᠴᠣᠬᠢᠭᠳᠠᠪᠠᠴᠤ ᠠᠵᠢᠭ ᠦᠭᠡᠢ ᠪᠠᠢᠳᠠᠭ᠃ ᠰᠠᠯᠬᠢ ᠰᠥᠷᠬᠦ ᠳ᠋ᠦ᠍ ᠲᠠᠷᠢᠬᠢ ᠨᠢ ᠵᠢᠩᠭᠢᠨᠡᠬᠦ ᠦᠭᠡᠢ ᠃ ᠮᠠᠩᠯᠠᠢᠯᠠᠬᠤ ᠣᠳᠣ ᠲᠠᠢ ᠭᠡᠳᠡᠭ ᠃ ᠬᠠᠷᠢᠨ ᠪᠦᠷᠢᠭ ( ᠪᠦᠨᠳᠡᠭᠡᠷ ) ᠮᠠᠩᠨᠠᠢ ᠲᠠᠢ ᠪᠣᠯ ᠪᠣᠯᠬᠤ ᠦᠭᠡᠢ᠃ ᠡᠢᠮᠦ ᠮᠠᠩᠨᠠᠢ ᠶ᠋ᠢᠨ ᠶᠠᠰᠤ ᠨᠢ ᠨᠢᠮᠭᠡᠨ ᠡᠴᠡ ᠣᠯᠠᠨ ᠮᠣᠷᠢᠨ ᠤ᠋ ᠲᠣᠭᠣᠰᠣ ᠴᠢᠯᠠᠭᠤ ᠶ᠋ᠢᠨ ᠰᠢᠳᠡᠯᠲᠡ ᠪᠤᠶᠤ ᠰᠠᠯᠬᠢ ᠰᠥᠷᠪᠡᠯ ᠵᠢᠩᠭᠢᠨᠡᠵᠦ ᠴᠤᠴᠠᠳᠠᠭ᠃
ᠨᠢᠳᠦ
ᠨᠢᠳᠦ ᠶᠡᠬᠡ ᠪᠥᠭᠡᠳ ᠤᠷᠲᠤ ᠭᠤᠷᠪᠠᠯᠵᠢᠨ ᠪᠠᠢᠬᠤ ᠬᠡᠷᠡᠭᠲᠡᠢ᠃ ᠥᠭᠡᠷ᠎ᠡ ᠪᠡᠷ ᠬᠡᠯᠡᠪᠡᠯ᠂ ᠵᠢᠭᠠᠰᠤᠨ ᠬᠡᠯᠪᠡᠷᠢᠲᠡᠢ ᠨᠢᠳᠦ᠃ ᠡᠢᠮᠦ ᠨᠢᠳᠦ ᠬᠤᠷᠴᠠ ᠲᠤᠯᠠ ᠣᠷᠣᠭᠰᠢ ᠬᠣᠯᠠ ᠶ᠋ᠢ ᠬᠠᠷᠠᠵᠤ ᠠᠰᠯᠠᠨ ᠳᠠᠪᠬᠢᠵᠤ ᠴᠢᠳᠠᠨ᠎ᠠ᠃ ᠤᠷᠲᠤ ᠭᠤᠷᠪᠠᠯᠵᠢᠨ ᠪᠣᠯᠬᠣᠷ ᠬᠦᠵᠦᠭᠦᠦ ᠮᠤᠷᠤᠢᠬᠤ ᠦᠭᠡᠢ ᠪᠡᠷ ᠠᠷᠤ ᠳ᠋ᠠᠬᠢ ᠪᠠᠨ ᠬᠢᠯᠪᠠᠷᠬᠠᠨ ᠦᠵᠡᠵᠦ᠂ ᠳᠠᠭᠠᠷᠢᠬᠤ ᠮᠣᠷᠢ ᠶ᠋ᠢ ᠤᠷᠢᠳᠠᠰᠠ ᠮᠡᠳᠡᠵᠦ ᠳᠤᠲᠠᠭᠠᠵᠤ ᠴᠢᠳᠠᠳᠠᠭ᠃
ᠬᠥᠮᠥᠰᠬᠡ ( ᠵᠣᠪᠬᠢ )
ᠬᠥᠮᠥᠰᠬᠡ ᠶᠡᠬᠡ ᠴᠦ᠍ ᠨᠢᠮᠭᠡᠨ ᠪᠠᠢᠬᠤ ᠬᠡᠷᠡᠭᠲᠡᠢ᠃ ᠨᠢᠮᠭᠡᠨ ᠦ᠌ ᠤᠴᠢᠷ ᠨᠢ ᠤᠶᠠᠭ᠎ᠠ ᠵᠠᠰᠠᠯ ᠠᠪᠬᠤ ᠳ᠋ᠤ᠌ ᠲᠣᠬᠢᠷᠠᠮᠵᠢᠲᠠᠢ᠃ ᠡᠴᠡᠬᠦ ᠳᠣᠳᠣᠮ ᠵᠣᠪᠬᠢᠨ ᠠᠷᠠᠰᠤ ᠨᠢ ᠡᠪᠰᠢᠨ ᠰᠠᠭᠤᠳᠠᠭ᠃ ᠵᠤᠵᠠᠭᠠᠨ ᠪᠣᠯ ᠨᠢᠳᠦ ᠤᠷᠤᠭᠤ ᠨᠢ ᠨᠥᠮᠥᠢᠨ ᠪᠠᠭᠤᠵᠤ ᠬᠠᠷᠠᠭ᠎ᠠ ᠶ᠋ᠢ ᠬᠠᠷᠰᠢᠯᠠᠳᠠᠭ᠃ ᠬᠥᠮᠥᠰᠬᠡ ᠶᠡᠬᠡ ᠨᠢ ᠣᠯᠠᠨ ᠮᠣᠷᠢᠳ ᠠ᠋ᠴᠠ ᠬᠠᠯᠠᠰᠢᠷᠠᠬᠤ ᠦᠭᠡᠢ ᠪᠠᠢᠳᠠᠭ᠃ ᠰᠣᠷᠮᠤᠤᠰᠤ ᠨᠢ ᠤᠷᠲᠤ ᠵᠥᠭᠡᠯᠡᠨ ᠪᠥᠭᠡᠳ ᠨᠠᠷᠢᠨ ᠨᠢ ᠰᠠᠢᠨ᠃
ᠬᠠᠮᠠᠷ
ᠶᠡᠬᠡ ᠮᠣᠩᠬᠣᠷ ᠮᠥᠷᠲᠡᠭᠡᠨ ᠬᠠᠮᠠᠷ ᠤ᠋ᠨ ᠨᠦᠬᠡ ᠨᠢ ᠨᠢᠮᠭᠡᠨ ᠤᠷᠲᠤ ᠶᠡᠬᠡ ᠪᠠᠢᠬᠤ ᠬᠡᠷᠡᠭᠲᠡᠢ ᠃ ᠡᠢᠮᠦ ᠮᠣᠷᠢ ᠠᠮᠢᠰᠬᠤᠯ ᠰᠠᠢᠲᠠᠢ ᠳᠠᠪᠬᠢᠬᠤ ᠳ᠋ᠤ᠌ ᠲᠣᠬᠢᠷᠠᠮᠵᠢᠲᠠᠢ ᠪᠠᠢᠳᠠᠭ᠃
ᠬᠠᠩᠰᠢᠶᠠᠷ
ᠬᠠᠩᠰᠢᠶᠠᠷ ᠤᠷᠲᠤ ᠪᠣᠯ ᠰᠡᠳᠬᠢᠯ ᠠᠭᠤᠵᠢᠮ ᠂ ᠭᠠᠵᠠᠷ ᠤ᠋ᠨ ᠬᠣᠯᠠ ᠂ ᠮᠣᠷᠢᠨ ᠤ᠋ ᠣᠯᠠᠨ ᠳ᠋ᠤ᠌ ᠬᠠᠯᠢᠷᠠᠵᠤ ᠵᠣᠷᠢᠭ ᠭᠣᠳᠣᠳᠠᠭ ᠦᠭᠡᠢ᠃
ᠠᠮᠠ
ᠠᠮᠠ ᠶᠡᠬᠡ ᠬᠡᠷᠡᠭᠲᠡᠢ ᠃ ᠥᠭᠡᠷ᠎ᠡ ᠪᠡᠷ ᠬᠡᠯᠡᠪᠡᠯ᠂ ᠵᠠᠪᠠᠵᠢ ᠨᠢ ᠶᠡᠬᠡ ᠪᠥᠭᠡᠳ ᠨᠢᠮᠭᠡᠨ ᠰᠤᠨᠤᠯᠳᠠᠲᠠᠢ ᠪᠣᠯ ᠰᠠᠢᠨ ᠃ ᠡᠢᠮᠦ ᠮᠣᠷᠢ ᠵᠢᠯᠣᠭᠣ ᠲᠠᠲᠠᠬᠤ ᠳ᠋ᠤ᠌ ᠵᠠᠪᠠᠵᠢ ᠨᠢ ᠰᠤᠨᠵᠤ᠂ ᠠᠮᠠ ᠨᠢ ᠠᠩᠭᠠᠢᠬᠤ ᠦᠭᠡᠢ ᠪᠠᠢᠳᠠᠭ᠃ ᠲᠡᠢᠨ ᠬᠦ᠌ ᠮᠣᠷᠢ ᠬᠠᠮᠠᠷ ᠢ᠋ᠶ᠋ᠠᠷ ᠢ᠋ᠶ᠋ᠠᠨ ᠠᠮᠢᠰᠬᠤᠨ ᠳᠠᠪᠬᠢᠨ᠎ᠠ ᠃ ᠪᠠᠭ᠎ᠠ ᠠᠮᠠ ᠲᠠᠢ ᠪᠣᠯ ᠵᠢᠯᠣᠭᠣ ᠲᠠᠲᠠᠭᠰᠠᠭᠠᠷ ᠠᠮᠠ ᠨᠢ ᠠᠩᠭᠠᠢᠭᠠᠳ ᠂ ᠠᠮᠠ ᠪᠠᠷ ᠢ᠋ᠶ᠋ᠠᠨ ᠠᠮᠢᠰᠬᠤᠬᠤ ᠠᠶᠤᠯᠲᠠᠢ ᠲᠤᠯᠠ ᠬᠣᠯᠠ ᠳᠠᠪᠬᠢᠬᠤ ᠳ᠋ᠤ᠌ ᠬᠠᠷᠰᠢ ᠪᠣᠯᠳᠠᠭ᠃
ᠰᠢᠲᠦ
ᠡᠷᠲᠡᠨ ᠦ᠌ ᠬᠥᠮᠦᠰ ᠰᠢᠲᠦ ᠪᠡᠷ ᠶᠡᠬᠡ ᠣᠯᠠᠨ ᠰᠢᠨᠵᠢᠯᠡᠳᠡᠭ ᠃ ᠰᠢᠲᠦ ᠰᠠᠢᠨ ᠪᠣᠯ ᠰᠠᠢ ᠰᠠᠢᠨ ᠳᠠᠪᠬᠢᠨ᠎ᠠ ᠭᠡᠳᠡᠭ ᠃ ᠰᠢᠲᠦ ᠰᠠᠢᠲᠤ ᠶ᠋ᠢᠨ ᠢᠯᠡᠷᠡᠯ ᠂ ᠰᠢᠲᠦ ᠰᠠᠢᠲᠠᠢ ᠪᠣᠯ ᠠᠮᠠ ᠨᠢ ᠳᠠᠷᠪᠠᠭᠠᠷ ᠪᠥᠭᠡᠳ ᠤᠷᠤᠭᠤᠯ ᠬᠠᠮᠠᠷ ᠨᠢ ᠢᠷᠪᠠᠭᠠᠷ ᠪᠠᠢᠳᠠᠭ ᠃ ᠰᠢᠲᠦᠨ ᠦ᠌ ᠰᠠᠢᠨ ᠮᠠᠭᠤ ᠶ᠋ᠢ ᠮᠡᠳᠡᠶ᠎ᠡ ᠭᠡᠪᠡᠯ 《ᠮᠣᠷᠢᠨ ᠤ᠋ ᠰᠢᠨᠵᠢ ᠳᠣᠯᠣᠳᠤᠭᠠᠷ ᠰᠤᠳᠤᠷ 》 ᠲᠤ᠌ ᠦᠵᠡ᠃
ᠬᠡᠯᠡᠨ ᠦ᠌ ᠬᠡᠪᠲᠡᠰᠢ ᠂ ᠬᠡᠯᠡᠨ ᠦ᠌ ᠬᠡᠪᠲᠡᠰᠢ ᠠᠭᠤᠤ ᠪᠥᠭᠡᠳ ᠣᠩᠭᠣᠴᠠ ᠨᠢ ᠭᠦᠨ᠎ᠡ ᠃ ᠬᠣᠶᠠᠷ ᠡᠷᠡᠦ ᠶ᠋ᠢᠨ ᠠᠭᠤᠯᠵᠠᠷ ᠤ᠋ᠨ ᠳᠣᠲᠣᠷ ᠡᠷᠡᠬᠡᠢ ᠬᠤᠷᠤᠭᠤ ᠡᠷᠭᠢᠵᠦ ᠪᠠᠢᠪᠠᠯ ᠰᠠᠢᠨ᠃
ᠬᠣᠰᠢᠭᠤ
ᠤᠷᠲᠤ ᠪᠥᠭᠡᠳ ᠶᠡᠬᠡ ᠨᠢ ᠰᠠᠢᠨ᠃ ᠡᠢᠮᠦ ᠮᠣᠷᠢ ᠵᠠᠭᠤᠳᠠᠯ ᠬᠠᠲᠠᠭᠤ ᠵᠣᠷᠢᠭ ᠶᠡᠬᠡᠲᠡᠢ ᠂ ᠱᠥᠪᠥᠭᠡᠷ ᠵᠠᠷᠠᠭᠠᠨ ᠬᠣᠰᠢᠭᠤ ᠲᠠᠢ ᠨᠢ ᠮᠠᠭᠤ ᠃ ᠰᠢᠨ᠎ᠠ ᠳᠥᠭᠥᠰᠢ ᠪᠠᠭᠠᠪᠲᠤᠷ ᠮᠥᠷᠲᠡᠭᠡᠨ ᠴᠡᠪᠡᠷᠬᠡᠨ ᠰᠢᠭ ᠨᠢ ᠰᠠᠢᠨ᠃
ᠪᠤᠢᠯᠠ
ᠪᠤᠢᠯᠠ ᠨᠢ ᠬᠢᠷᠥᠭᠡ ᠰᠢᠲᠦ ᠰᠢᠭ ᠪᠠᠢᠭ᠎ᠠ ᠨᠢ ᠰᠠᠢᠨ ᠃ ᠵᠠᠷᠢᠮ ᠮᠣᠷᠢᠨ ᠤ᠋ ᠪᠤᠢᠯᠠ ᠨᠢ ᠰᠢᠳᠦ ᠲᠡᠢ ᠪᠡᠨ ᠠᠳᠠᠯᠢ ᠪᠠᠢᠳᠠᠭ ᠃ ᠡᠨᠡ ᠴᠦ᠍ ᠪᠠᠰᠠ ᠵᠦᠭᠡᠷ ᠪᠠᠢᠳᠠᠭ᠃
ᠬᠦᠵᠦᠭᠦᠦ
ᠬᠦᠵᠦᠭᠦᠦ ᠨᠠᠷᠢᠨ ᠪᠥᠭᠡᠳ ᠤᠷᠲᠤ ᠪᠠᠢᠪᠠᠯ ᠰᠠᠢᠨ ᠃ ᠡᠢᠮᠦ ᠮᠣᠷᠢ ᠤᠷᠤᠯᠳᠤᠨ ᠶᠠᠪᠤᠬᠤ ᠳ᠋ᠤ᠌ ᠵᠡᠷᠭᠡᠴᠡᠨ ᠲᠡᠮᠡᠴᠡᠯᠳᠦᠬᠦ ᠳ᠋ᠦ᠍ ᠂ ᠮᠣᠷᠢ ᠲᠠᠢ ᠵᠢᠲᠥᠭᠡᠷᠬᠡᠨ ᠪᠤᠯᠢᠶᠠᠯᠳᠤᠬᠤᠶᠠ ᠲᠡᠮᠡᠴᠡᠯ ᠰᠠᠢᠲᠠᠢ ᠪᠣᠯᠬᠣᠷ ᠤᠷᠢᠲᠠᠵᠤ ᠭᠠᠷᠬᠤ ᠳ᠋ᠤ᠌ ᠰᠠᠢᠨ ᠂ ᠶᠡᠷᠦᠩᠬᠡᠢᠯᠡᠪᠡᠯ᠂ ᠬᠤᠷᠳᠤᠨ ᠮᠣᠷᠢᠨ ᠤ᠋ ᠲᠣᠯᠣᠭᠠᠢ ᠮᠢᠬ᠎ᠠ ᠦᠭᠡᠢ ᠡᠴᠡᠩᠬᠡᠢ ᠪᠠᠢᠳᠠᠭ᠃
ᠳᠡᠭᠡᠷᠡᠬᠢ ᠠᠷᠪᠠᠨ ᠨᠢᠭᠡᠨ ᠰᠢᠨᠵᠢ ( ᠦᠨᠡᠨ ᠳ᠋ᠡᠭᠡᠨ ᠡᠭᠦᠨ ᠡᠴᠡ ᠢᠯᠡᠭᠦᠦ ᠪᠣᠢ ) ᠨᠡᠢᠯᠡᠵᠦ 《ᠲᠠᠲᠠᠬᠤ ᠭᠤᠷᠪᠠᠨ ᠬᠦᠴᠦ 》 ᠶ᠋ᠢ ᠪᠦᠷᠢᠯᠳᠦᠭᠦᠯᠵᠦ ᠰᠢᠨᠵᠢᠬᠦ ᠭᠤᠷᠪᠠᠨ ᠪᠠᠷᠢᠮᠵᠢᠶ᠎ᠠ ᠶ᠋ᠢᠨ ᠨᠢᠭᠡᠳᠦᠭᠡᠷ ᠢ᠋ ᠭᠦᠢᠴᠡᠳᠬᠡᠨ᠎ᠡ᠃
ᠬᠢᠨᠠᠬᠤ ᠭᠤᠷᠪᠠᠨ ᠨᠢᠷᠤᠭᠤ
ᠴᠡᠪᠡᠷ ᠰᠡᠷᠪᠡᠭᠡ ᠂ ᠠᠬᠤᠷ ᠨᠢᠷᠤᠭᠤ ᠂ ᠥᠨᠳᠥᠷ ᠬᠠᠷᠭᠠᠮ ᠢ᠋ᠶ᠋ᠠᠷ ᠭᠣᠣᠯᠯᠠᠨ ᠬᠢᠨᠠᠭᠳᠠᠨᠠ᠃
ᠴᠡᠪᠡᠷ ᠰᠡᠷᠪᠡᠭᠡ ( ᠮᠤᠨᠳᠠᠭ᠎ᠠ )
ᠰᠡᠭᠡᠷ ᠳᠡᠭᠡᠷ᠎ᠡ ᠲᠡᠢ᠂ ᠳᠠᠯᠤ ᠳᠣᠣᠷ᠎ᠠ ᠲᠠᠢ ᠮᠥᠷᠲᠡᠭᠡᠨ ᠲᠠᠯᠤᠨ ᠤ᠋ ᠳᠡᠭᠡᠳᠦ ᠦᠵᠦᠭᠦᠷ ᠢ᠋ ᠢᠯᠢᠬᠦ ᠳ᠋ᠦ᠍ ᠮᠡᠳᠡᠭᠳᠡᠬᠦ ᠦᠭᠡᠢ ᠰᠢᠬᠠᠮ ᠴᠡᠪᠡᠷᠬᠡᠨ ᠮᠠᠢᠬᠠᠨ ᠬᠡᠯᠪᠡᠷᠢᠲᠡᠢ ᠪᠠᠢᠬᠤ ᠬᠡᠷᠡᠭᠲᠡᠢ᠃ ᠡᠢᠮᠦ ᠮᠣᠷᠢ ᠬᠣᠯᠠ ᠭᠦᠶᠦᠬᠦ ᠳ᠋ᠦ᠍ ᠴᠡᠭᠡᠵᠢ ᠨᠢ ᠬᠦᠨᠳᠦᠳᠡᠳᠡᠭ ᠦᠭᠡᠢ ᠬᠥᠩᠭᠡᠨ ᠦᠰᠦᠷᠳᠡᠭ ᠃ ᠬᠡᠷᠪᠡ ᠳᠠᠯᠤ ᠳᠡᠭᠡᠷ᠎ᠡ ᠲᠡᠢ ᠮᠣᠷᠢ ᠬᠣᠯᠠ ᠭᠦᠶᠦᠨ ᠶᠠᠳᠠᠷᠠᠭᠠᠳ ᠢᠷᠡᠬᠦ ᠳ᠋ᠦ᠍ ᠳᠠᠯᠤ ᠪᠠᠷ ᠢ᠋ᠶ᠋ᠠᠨ ᠰᠠᠵᠢᠯᠠᠭᠠᠳ ᠴᠡᠭᠡᠵᠢ ᠨᠢ ᠬᠦᠨᠳᠦᠲᠡᠨ ᠭᠦᠶᠦᠵᠦ ᠳᠡᠢᠯᠬᠦ ᠦᠭᠡᠢ ᠪᠣᠯᠳᠠᠭ᠃
ᠠᠬᠤᠷ ( ᠣᠬᠣᠷ ) ᠨᠢᠷᠤᠭᠤ
ᠨᠢᠷᠤᠭᠤ ᠠᠬᠤᠷ ᠮᠣᠷᠢ ᠬᠦᠴᠦᠲᠡᠢ ᠪᠠᠢᠵᠤ᠂ ᠭᠤᠰᠢᠯᠵᠠᠬᠤ ᠦᠭᠡᠢ ᠴᠢᠳᠠᠯᠲᠠᠢ ᠪᠠᠢᠳᠠᠭ᠃ ᠨᠢᠷᠤᠭᠤ ᠤᠷᠲᠤ ᠪᠣᠯ ᠰᠤᠯᠠ ᠲᠠᠮᠢᠷ ᠲᠡᠩᠬᠡᠯ ᠦᠭᠡᠢ ᠪᠠᠢᠳᠠᠭ᠃
ᠥᠨᠳᠥᠷ ᠬᠠᠷᠭᠠᠮ
ᠥᠨᠳᠥᠷ ᠬᠠᠷᠭᠠᠮ ᠲᠠᠢ ᠮᠣᠷᠢᠨ ᠤ᠋ ᠨᠢᠷᠤᠭᠤ ᠨᠢ ᠫᠦᠷᠱ ᠰᠢᠭ ᠬᠦᠴᠦᠲᠡᠢ ᠪᠠᠢᠳᠠᠭ ᠪᠥᠭᠡᠳ ᠬᠥᠯ ᠦ᠋ᠨ ᠬᠠᠮᠤᠯᠲᠠ ᠨᠢ ᠬᠣᠯᠠ ᠪᠠᠢᠳᠠᠭ᠃ ᠨᠢᠷᠤᠭᠤᠨ ᠤ᠋ ᠦᠨᠳᠦᠰᠦᠨ ᠰᠢᠨᠵᠢᠯᠡᠭᠡ ᠡᠨᠡ᠃
ᠭᠤᠷᠪᠠᠨ ᠣᠪᠣᠭ᠎ᠠ ᠲᠡᠭᠰᠢ
ᠠᠷᠤ ᠠ᠋ᠴᠠ ᠨᠢ ᠬᠠᠷᠠᠬᠤ ᠳ᠋ᠤ᠌ ᠴᠣᠬᠣ ( ᠠᠮᠠᠨ ᠬᠦᠵᠦᠭᠦᠦ ) ᠂ ᠰᠡᠷᠪᠡᠭᠡ ᠂ ᠬᠠᠷᠭᠠᠮ ᠭᠤᠷᠪᠠ ᠶᠠᠭ ᠰᠠᠢᠬᠠᠨ ᠫᠤᠤ ᠶ᠋ᠢᠨ ᠬᠠᠷᠠᠭ᠎ᠠ ᠰᠢᠭ᠋ ᠨᠢᠭᠡ ᠱᠤᠭᠤᠮ ᠳᠡᠭᠡᠷ᠎ᠡ ᠲᠠᠭᠠᠷᠠᠵᠤ ᠪᠠᠢᠪᠠᠯ ᠰᠠᠢᠨ ᠃ ᠡᠢᠮᠦ ᠮᠣᠷᠢ ᠠᠰᠬᠠᠨ ᠳᠠᠪᠬᠢᠨ᠎ᠠ ᠃ ᠡᠢᠰᠢ ᠲᠡᠢᠰᠢ ᠰᠠᠵᠢᠯᠠᠭ᠎ᠠ ᠦᠭᠡᠢ ᠃ ᠭᠠᠷ ᠢ᠋ᠶ᠋ᠠᠨ ᠣᠷᠣᠭᠰᠢ ᠬᠣᠢᠰᠢ ᠴᠡᠪᠡᠷᠬᠡᠨ ᠬᠠᠶᠠᠯᠠᠨ ᠭᠦᠶᠦᠳᠡᠭ ᠬᠥᠮᠦᠨ ᠰᠢᠭ ᠰᠢᠯᠤᠭᠤᠨ᠃
ᠴᠣᠬᠣ ( ᠠᠮᠠᠨ ᠬᠦᠵᠦᠭᠦᠦ )
ᠠᠮᠠᠨ ᠬᠦᠵᠦᠭᠦᠦ ᠪᠣᠭᠣᠨᠢ ᠨᠢ ᠰᠠᠢᠨ᠃ ᠴᠢᠳᠠᠯ ᠬᠦᠴᠦᠲᠡᠢ᠃ ᠰᠢᠯᠢ ᠪᠡᠨ ᠲᠣᠬᠣᠢᠵᠤ ᠵᠣᠭᠰᠣᠵᠤ ᠪᠣᠢ ᠮᠣᠷᠢ ᠰᠠᠢᠨ ᠃ ᠰᠢᠯᠢ ᠪᠡᠨ ᠬᠠᠨᠲᠠᠷᠴᠤ ᠭᠠᠨᠢᠵᠤ ᠵᠣᠭᠰᠣᠵᠤ ᠪᠣᠢ ᠮᠣᠷᠢ ᠮᠠᠭᠤ ᠃ ᠲᠣᠬᠣᠢᠵᠤ ᠪᠠᠢᠭ᠎ᠠ ᠮᠣᠷᠢ ᠂ ᠳᠠᠪᠬᠢᠬᠤ ᠳ᠋ᠤ᠌ ᠲᠣᠬᠣᠢᠭᠠᠳ ᠭᠠᠵᠠᠷ ᠢ᠋ᠶ᠋ᠠᠨ ᠰᠠᠢᠨ ᠦᠵᠡᠬᠦ ᠪᠥᠭᠡᠳ ᠲᠠᠲᠠᠬᠤ ᠳ᠋ᠤ᠌ ᠪᠡᠶ᠎ᠡ ᠳ᠋ᠦ᠍ ᠲᠦᠰᠢᠭᠲᠡᠢ ᠮᠥᠷᠲᠡᠭᠡᠨ ᠳᠠᠪᠬᠢᠬᠤ ᠨᠢ ᠢᠳᠡᠲᠡᠢ ᠪᠠᠢᠳᠠᠭ ᠃ ᠭᠡᠪᠡᠴᠦ ᠤᠴᠢᠷ ᠦᠭᠡᠢ ᠲᠣᠯᠣᠭᠠᠢ ᠳ᠋ᠠᠭᠠᠨ ᠬᠦᠴᠦ ᠠᠪᠴᠤ ᠬᠥᠨᠲᠥᠷᠴᠦ ᠳᠠᠪᠬᠢᠬᠤ ᠮᠣᠷᠢ ᠪᠣᠯ ᠪᠣᠯᠬᠤ ᠦᠭᠡᠢ᠃
ᠲᠠᠪᠤᠨ ᠣᠪᠣᠭ᠎ᠠ ᠲᠡᠩᠴᠡᠭᠰᠡᠨ
ᠡᠨᠡ ᠨᠢ ᠬᠣᠶᠠᠷ ᠰᠡᠭᠦᠵᠢᠨ ᠲᠣᠯᠣᠭᠠᠢ ᠶ᠋ᠢᠨ ᠠᠩ ᠢ᠋ᠶ᠋ᠠᠷ ᠰᠠᠢᠬᠢ ᠭᠤᠷᠪᠠᠨ ᠣᠪᠣᠭ᠎ᠠ ᠪᠠᠨ ᠣᠨᠢᠯᠠᠨ ᠬᠠᠷᠠᠬᠤ ᠳ᠋ᠤ᠌ ᠂ ᠬᠣᠶᠠᠷ ᠴᠢᠬᠢ ᠶ᠋ᠢᠨ ᠦᠵᠦᠭᠦᠷ ᠴᠣᠬᠣ ᠲᠠᠢ ᠵᠡᠷᠭᠡᠴᠡᠨ ᠳᠠᠪ ᠲᠡᠭᠰᠢ ᠬᠠᠷᠠᠭᠳᠠᠵᠤ ᠪᠠᠢᠪᠠᠯ ᠲᠠᠪᠤᠨ ᠣᠪᠣᠭ᠎ᠠ ᠲᠡᠩᠴᠡᠭᠰᠡᠨ ᠮᠣᠷᠢ ᠭᠡᠳᠡᠭ᠃
ᠬᠠᠷᠴᠠᠭ᠎ᠠ ᠶ᠋ᠢᠨ ᠶᠠᠰᠤ
ᠬᠠᠪᠢᠷᠭᠠᠰ ᠨᠢ ᠪᠥᠮᠪᠥᠷᠢᠭᠡᠨ ᠮᠥᠷᠲᠡᠭᠡᠨ ᠳᠣᠷᠣᠭᠰᠢ ᠤᠨᠵᠢᠢᠵᠤ ᠣᠴᠢᠨ ᠮᠠᠲᠠᠭᠰᠠᠨ ᠮᠠᠢᠬᠠᠨ ᠬᠡᠯᠪᠡᠷᠢᠲᠡᠢ᠃ ᠥᠭᠡᠷ᠎ᠡ ᠪᠡᠷ ᠬᠡᠯᠡᠪᠡᠯ ᠂ ᠵᠢᠭᠠᠰᠤᠨ ᠤ᠋ ᠬᠠᠪᠢᠷᠭᠠᠨ ᠬᠡᠯᠪᠡᠷᠢᠲᠡᠢ ᠨᠢ ᠰᠠᠢᠨ ᠃ ᠳᠡᠩᠳᠡᠭᠦᠦ ᠳᠤᠭᠤᠢ ᠮᠠᠲᠠᠭᠠᠰᠤᠲᠠᠢ ᠬᠠᠪᠢᠷᠭ᠎ᠠ ᠪᠦᠬᠦᠢ ᠮᠣᠷᠢ ᠬᠤᠷᠳᠤᠨ ᠦᠭᠡᠢ᠃
ᠰᠦᠪᠡᠭᠡ ᠬᠠᠪᠢᠷᠭ᠎ᠠ
ᠰᠦᠪᠡᠭᠡ ᠬᠠᠪᠢᠷᠭ᠎ᠠ ᠪᠥᠮᠪᠥᠷᠢᠭᠡᠨ ᠮᠥᠷᠲᠡᠭᠡᠨ ( ᠬᠠᠪᠲᠠᠭᠠᠢ ᠨᠢ ᠮᠠᠭᠤ ) ᠠᠩ ᠳ᠋ᠠᠭᠠᠨ ᠰᠢᠬᠠᠭᠤ ᠪᠠᠢᠪᠠᠯ ᠰᠠᠢᠨ᠃
ᠤᠮᠤᠰᠤ
ᠤᠮᠤᠰᠤ ᠬᠡᠳᠦᠢ ᠪᠠᠭ᠎ᠠ ᠪᠣᠯ ᠲᠡᠳᠦᠢ ᠰᠠᠢᠨ ᠃ ᠶᠡᠷᠦ ᠨᠢ ᠰᠥᠭᠥᠮ ᠯᠡ ᠪᠣᠯ ᠪᠣᠯᠴᠢᠬᠠᠨ᠎ᠠ ᠃ ᠪᠠᠰᠠ ᠬᠡᠪᠡᠯᠢ ᠭᠡᠳᠡᠭ᠃ ᠲᠡᠰᠢᠶ᠎ᠡ ᠰᠥᠪᠡᠷᠭᠡᠳᠡᠰᠦᠨ ᠦ᠌ ᠬᠣᠭᠣᠷᠣᠨᠳᠣᠬᠢ ᠵᠠᠢ ᠨᠢ ᠠᠭᠤᠵᠢᠮ ᠬᠣᠯᠠᠳᠬᠤ ᠳᠣᠳᠣᠮ ᠤᠮᠤᠰᠤ ᠨᠢ ᠶᠡᠬᠡ ᠪᠣᠯᠬᠤ ᠲᠤᠯᠠ ᠮᠠᠭᠤ ᠃ ᠡᠢᠮᠦ ᠮᠣᠷᠢ ᠴᠥᠮᠥᠷᠡᠬᠦ ᠨᠢ ᠬᠢᠯᠪᠠᠷ᠃
ᠲᠡᠰᠢᠶ᠎ᠡ
ᠲᠡᠰᠢᠶ᠎ᠡ ᠨᠢ ᠰᠠᠭᠤᠵᠤ ᠪᠠᠢᠭ᠎ᠠ ᠰᠢᠪᠠᠭᠤᠨ ᠤ᠋ ᠵᠢᠭᠦᠷ ᠮᠡᠲᠦ ᠂ ᠱᠤᠪᠲᠤᠩ ᠪᠠᠬᠢᠭᠤ ᠴᠡᠪᠡᠷᠬᠡᠨ ᠪᠠᠢᠪᠠᠯ ᠰᠠᠢᠨ᠃ ᠥᠭᠡᠷ᠎ᠡ ᠪᠡᠷ ᠬᠡᠯᠡᠪᠡᠯ ᠡᠮᠦᠨ᠎ᠡ ᠲᠠᠯ᠎ᠠ ( ᠴᠡᠭᠡᠵᠢᠨ ᠪᠡᠶ᠎ᠡ ᠲᠡᠢ ᠪᠡᠨ ) ᠲᠡᠩᠴᠡᠭᠰᠡᠨ ᠪᠠᠢᠪᠠᠯ ᠰᠠᠢᠨ ᠭᠡᠰᠡᠨ ᠦᠭᠡ᠃
ᠬᠣᠨᠳᠣᠯᠠᠢ
ᠬᠣᠨᠳᠣᠯᠠᠢ ᠨᠢ ᠳᠤᠭᠤᠯᠠᠭ᠎ᠠ ᠬᠥᠮᠥᠷᠢᠭᠰᠡᠨ ᠰᠢᠭ ᠬᠡᠪᠲᠡᠢ ᠮᠥᠷᠲᠡᠭᠡᠨ ᠣᠯᠠᠨ ᠶᠠᠰᠤᠨ ᠤ᠋ ᠠᠭᠤᠯᠵᠠᠷ ᠨᠢ ᠭᠤᠷᠪᠠᠨ ᠴᠢᠯᠠᠭᠤᠨ ᠲᠤᠯᠭ᠎ᠠ ( ᠣᠴᠣᠭ ) ᠮᠡᠲᠦ ᠪᠠᠢᠬᠤ᠃
ᠰᠡᠭᠦᠯ ᠦ᠋ᠨ ᠶᠠᠰᠤ
ᠰᠡᠭᠦᠯ ᠦ᠋ᠨ ᠶᠠᠰᠤ ᠪᠣᠭᠣᠨᠢ ᠰᠠᠢᠨ᠂ ᠤᠷᠲᠤ ᠪᠣᠯ ᠳᠠᠪᠬᠢᠬᠤ ᠳ᠋ᠤ᠌ ᠬᠦᠴᠦ ᠥᠬᠡᠢ᠃ ᠬᠢᠯᠭᠠᠰᠤᠨ ᠰᠡᠭᠦᠯ ᠨᠢ ᠰᠦᠪᠡᠭᠴᠢ ᠰᠢᠭ ᠬᠤᠷᠴᠠ ᠦᠵᠦᠭᠦᠷ ᠲᠡᠢ ᠪᠥᠭᠡᠳ ᠬᠣᠢᠰᠢ ᠮᠢᠲᠠᠷᠠᠵᠤ ᠪᠠᠢᠭ᠎ᠠ ᠮᠠᠢᠭᠲᠠᠢ᠃
ᠬᠣᠰᠬᠢᠨᠠᠭ
ᠬᠣᠰᠬᠢᠨᠠᠭ ᠨᠢ ᠭᠦᠨ᠎ᠡ ᠴᠠᠭᠠᠨ᠎ᠠ ᠃ ᠬᠠᠭᠠᠰ ᠨᠢᠳᠤᠷᠭ᠎ᠠ ᠪᠠᠭᠲᠠᠮ᠎ᠠ ᠃ ᠬᠣᠶᠠᠷ ᠥᠭᠡᠵᠡᠭ ᠨᠢ ᠬᠣᠢᠰᠢ ᠲᠦᠷᠢᠩᠬᠢ ᠶᠣᠷᠪᠣᠭᠣᠷ ᠪᠠᠢᠬᠤ ᠮᠥᠷᠲᠡᠭᠡᠨ ᠱᠠᠭᠠᠨᠲᠤ ᠨᠢ ᠤᠷᠲᠤ ᠪᠣᠯᠵᠤ ᠵᠣᠬᠢᠴᠠᠪᠠᠯ ᠲᠤᠩ ᠰᠠᠢᠨ᠃ ᠡᠢᠮᠦ ᠮᠣᠷᠢ ᠨᠡᠮᠡᠯᠲᠡ ᠲᠡᠢ ᠳᠠᠪᠬᠢᠳᠠᠭ᠃
ᠡᠪᠴᠢᠭᠦᠦ
ᠰᠢᠪᠠᠭᠤᠨ ᠡᠪᠴᠢᠭᠦᠦ ᠲᠡᠢ ᠮᠣᠷᠢ ᠰᠠᠢᠨ ᠃ ᠰᠢᠪᠠᠭᠤᠨ ᠡᠪᠴᠢᠭᠦᠦ ᠪᠢᠰᠢ ᠴᠦ᠍ ᠡᠪᠴᠢᠭᠦᠦ ᠨᠢ ᠡᠮᠦᠨᠡᠰᠢ ᠳᠥᠷᠢᠩᠬᠢ ᠪᠣᠯ ᠠᠮᠢᠰᠬᠤᠯ ᠠᠭᠤᠵᠢᠮ ᠪᠥᠭᠡᠳ ᠬᠡᠪ ᠳᠤᠮᠳᠠ ᠶ᠋ᠢᠨ ᠴᠡᠭᠡᠵᠢ ᠰᠠᠢᠨ ᠃ ᠶᠡᠬᠡ ᠬᠠᠩᠬᠠᠭᠠᠷ ᠴᠡᠭᠡᠵᠢᠲᠡᠢ ᠮᠣᠷᠢ ᠴᠢᠳᠠᠯᠲᠠᠢ ᠠ᠋ᠴᠠ ᠪᠢᠰᠢ ᠳᠠᠪᠬᠢᠬᠤ ᠨᠢ ᠤᠳᠠᠭᠠᠨ᠃
ᠠᠷᠠᠰᠤ
ᠠᠷᠠᠰᠤ ᠨᠢᠮᠭᠡᠨ ᠪᠥᠭᠡᠳ ᠰᠤᠯᠠ ᠨᠢ ᠰᠠᠢᠨ᠃ ᠮᠢᠬ᠎ᠠ ᠨᠢ ᠴᠢᠩᠭᠠᠷᠠᠬᠤ ᠦᠭᠡᠢ᠃
ᠮᠢᠬ᠎ᠠ ᠨᠢ ᠵᠠᠩᠬᠢᠭᠠ ᠪᠤᠯᠴᠢᠩ ᠴᠢᠩᠭ᠎ᠠ ᠳᠠᠪᠬᠢᠬᠤ ᠳ᠋ᠤ᠌ ᠬᠥᠭᠡᠭᠡᠬᠦ ᠦᠭᠡᠢ ᠪᠣᠯ ᠰᠠᠢᠨ᠃
ᠰᠢᠷᠪᠥᠰᠥ
ᠰᠢᠷᠪᠥᠰᠥ ᠨᠢ ᠣᠨᠣᠴᠢᠲᠣ ᠨᠤᠮᠤ ᠶ᠋ᠢᠨ ᠬᠥᠪᠴᠢ ᠮᠡᠲᠦ ᠃ ᠬᠣᠶᠠᠷ ᠲᠡᠢᠰᠢ ᠢᠷᠮᠡᠭᠲᠡᠢ ᠪᠣᠭᠣᠨᠢ ᠰᠢᠷᠪᠥᠰᠥ ᠬᠠᠮᠤᠭ ᠰᠠᠢᠨ ᠃ ᠨᠠᠷᠢᠨ ᠴᠢᠩᠭ᠎ᠠ ᠤᠷᠲᠤ ᠰᠢᠷᠪᠥᠰᠥ ᠪᠣᠢ ᠪᠠᠰᠠ ᠵᠦᠭᠡᠷ᠃
ᠦᠰᠦ
ᠦᠰᠦ ᠨᠢ ᠡᠷᠴᠢᠮᠲᠦ ᠶᠣᠩᠬᠣᠷ ᠤᠲᠠᠰᠤ ᠮᠡᠲᠦ ᠬᠠᠮᠤᠭ ᠰᠠᠢᠨ ᠂ ᠦᠰᠦ ᠨᠢ ᠵᠥᠭᠡᠯᠡᠨ ᠮᠥᠷᠲᠡᠭᠡᠨ ᠨᠢᠭ ᠂ ᠬᠤᠷᠴᠠ ᠥᠩᠭᠡᠲᠡᠢ ᠪᠣᠯ ᠶᠡᠬᠡ ᠰᠠᠢᠨ ᠂ ᠲᠠᠴᠢᠷ ᠪᠥᠭᠡᠳ ᠰᠢᠷᠦᠭᠦᠨ ᠦᠰᠦᠲᠡᠢ ᠪᠣᠯ ᠳᠤᠮᠳᠠ ᠵᠡᠷᠭᠡ ᠃
ᠭᠠᠵᠠᠷ ᠤ᠋ᠨ ᠪᠠᠢᠴᠠ ᠪᠠᠷ ᠰᠢᠨᠵᠢᠬᠦ
ᠣᠷᠣᠯᠳᠣᠬᠤ ᠭᠠᠵᠠᠷ ᠥᠭᠡᠳᠡ ᠪᠣᠯ ᠪᠥᠭᠲᠥᠷ ᠮᠣᠷᠢ ᠰᠠᠢᠨ ᠃ ᠪᠥᠭᠲᠥᠷ ᠮᠣᠷᠢᠨ ( ᠬᠣᠢᠲᠤ ᠬᠥᠯ ᠥᠨᠳᠥᠷ ) ᠭᠤᠶ᠎ᠠ ᠶ᠋ᠢᠨ ᠲᠡᠢᠷᠬᠦ ᠬᠦᠴᠦᠨ ᠳ᠋ᠦ᠍ ᠲᠦᠰᠢᠭᠯᠡᠨ ᠳᠠᠪᠬᠢᠳᠠᠭ ᠤᠴᠢᠷ ᠥᠭᠡᠳᠡ ᠭᠠᠵᠠᠷ ᠲᠤ᠌ ᠵᠣᠬᠢᠴᠠᠨ᠎ᠠ ᠃ ᠭᠠᠵᠠᠷ ᠨᠢ ᠤᠷᠤᠭᠤ ᠪᠣᠯ ᠴᠡᠭᠡᠵᠢ ( ᠰᠡᠷᠪᠡᠭᠡ ) ᠥᠨᠳᠥᠷ ᠮᠣᠷᠢ ᠰᠠᠢᠨ ᠃ ᠴᠡᠭᠡᠵᠢ ᠥᠨᠳᠥᠷ ᠮᠣᠷᠢᠨ ᠤ᠋ ᠡᠮᠦᠨ᠎ᠡ ᠬᠥᠯ ᠥᠨᠳᠥᠷ ᠪᠣᠯᠬᠣᠷ ᠤᠷᠤᠭᠤ ᠭᠠᠵᠠᠷ ᠲᠤ᠌ ᠵᠣᠬᠢᠴᠠᠨ᠎ᠠ ᠃ ᠲᠡᠷᠡᠴᠢᠯᠡᠨ ᠴᠡᠭᠡᠵᠢ ᠥᠨᠳᠥᠷ ᠮᠣᠷᠢ ᠬᠣᠶᠠᠷ ᠬᠠ ᠶ᠋ᠢᠨ ᠬᠠᠮᠤᠯᠲᠠ ᠶ᠋ᠢᠨ ᠬᠦᠴᠦ ᠪᠡᠷ ᠪᠥᠭᠰᠡ ᠶ᠋ᠢ ᠴᠢᠷᠦᠨ ᠳᠠᠪᠬᠢᠳᠠᠭ ᠢ᠋ᠶ᠋ᠠᠷ ᠢ᠋ᠶ᠋ᠠᠨ ᠤᠷᠤᠭᠤ ᠭᠠᠵᠠᠷ ᠴᠢᠳᠠᠯᠲᠠᠢ ᠪᠠᠢᠳᠠᠭ ᠃ ᠪᠡᠶ᠎ᠡ ᠶ᠋ᠢᠨ ᠭᠠᠯᠪᠢᠷ ᠲᠡᠭᠰᠢ ᠮᠣᠷᠢ ᠪᠣᠯ ᠭᠠᠵᠠᠷ ᠢᠯᠭᠠᠬᠤ ᠦᠭᠡᠢ ᠰᠠᠢᠨ ᠳᠠᠪᠬᠢᠨ᠎ᠠ᠃
ᠬᠤᠷᠳᠤᠨ ᠮᠣᠷᠢᠨ ᠤ᠋ ᠪᠡᠶ᠎ᠡ
ᠬᠤᠷᠳᠤᠨ ᠳ᠋ᠤ᠌ ᠪᠡᠶ᠎ᠡ ᠶ᠋ᠢᠨ ᠶᠡᠬᠡ ᠪᠠᠭ᠎ᠠ ᠶᠡᠷᠦ ᠬᠠᠮᠢᠶ᠎ᠠ ᠦᠭᠡᠢ ᠃ ᠠᠯᠢ ᠨᠢ ᠰᠢᠨᠵᠢᠯᠡᠭᠡ ᠢᠯᠡᠭᠦᠦ ᠲᠡᠢ ᠪᠣᠯ ᠲᠡᠷᠡ ᠨᠢ ᠬᠤᠷᠳᠤᠨ ᠂ ᠬᠡᠳᠦ ᠥᠨᠳᠥᠷ ᠮᠣᠷᠢ ᠪᠠᠰᠠ ᠬᠤᠷᠳᠤᠨ ᠦᠭᠡᠢ᠃
ᠬᠤᠷᠳᠤᠨ ᠮᠣᠷᠢᠨ ᠤ᠋ ᠮᠢᠬ᠎ᠠ ᠲᠠᠷᠭᠤ
ᠶᠡᠷᠦ ᠶ᠋ᠢᠨ ᠪᠠᠢᠳᠠᠯ ᠳ᠋ᠤ᠌ ᠪᠣᠷᠣ ᠬᠣᠮ ᠲᠠᠢ ᠯᠠ ᠪᠠᠢᠳᠠᠭ ᠃ ᠶᠡᠬᠡ ᠲᠠᠷᠭᠤ ᠠᠪᠳᠠᠭ ᠮᠣᠷᠢ ᠪᠢᠰᠢ᠃
ᠬᠡᠯᠡ ᠬᠡᠯᠡ ᠨᠢ ᠨᠣᠬᠠᠢ ᠶ᠋ᠢᠨ ᠬᠡᠯᠡ ᠮᠡᠲᠦ ᠨᠢᠮᠭᠡᠨ ᠤᠯᠠᠭᠠᠨ ᠪᠥᠭᠡᠳ ᠥᠩᠭᠥᠷ ᠦᠭᠡᠢ ᠪᠣᠯ ᠬᠤᠷᠳᠤᠨ᠃
ᠰᠠᠭᠯᠠᠭ᠎ᠠ ᠰᠠᠭᠯᠠᠭ᠎ᠠ ᠶ᠋ᠢᠨ ᠳᠣᠲᠣᠷ᠎ᠠ ᠡᠪᠡᠷᠳᠡᠢ ᠮᠣᠷᠢ ᠬᠤᠷᠳᠤᠨ᠃
ᠭᠠᠵᠠᠷ ᠣᠷᠣᠨ ᠤ᠋ ᠰᠢᠨᠵᠢᠯᠡᠭᠡ
ᠶᠡᠷᠦᠩᠬᠡᠢ ᠳ᠋ᠡᠭᠡᠨ ᠠᠳᠠᠯᠢᠬᠠᠨ ᠴᠤ᠌ ᠪᠠᠰᠠ ᠵᠢᠭᠠᠬᠠᠨ ᠵᠥᠷᠢᠶᠡᠲᠡᠢ ᠪᠠᠢᠳᠠᠭ᠃
ᠲᠣᠭᠲᠠᠭᠠᠬᠤ ᠳᠥᠷᠪᠡᠨ ᠮᠥᠴᠢ ᠭᠣᠣᠯ ᠨᠢ ᠳᠥᠷᠪᠡᠨ ᠬᠥᠯ ᠪᠣᠯᠠᠢ ᠃
ᠡᠮᠦᠨ᠎ᠡ ᠬᠣᠶᠠᠷ ᠬᠥᠯ
ᠵᠣᠭᠰᠣᠬᠤ ᠨᠢ ᠳᠣᠷᠣᠭᠰᠢ ᠵᠦᠰᠦᠭᠦᠪᠲᠦᠷ ᠠᠰ ᠴᠠᠭ ᠵᠣᠭᠰᠣᠨ᠎ᠠ᠃ ᠵᠠᠪᠢᠯᠠᠭ᠎ᠠ ( ᠮᠠᠢᠭ ) ᠵᠣᠭᠰᠣᠯᠲᠠ ᠬᠢᠭᠡᠳ ᠲᠠᠢᠷᠭᠠᠷ (× ᠬᠡᠯᠪᠡᠷᠢ ) ᠵᠣᠭᠰᠣᠯᠲᠠ ᠪᠦᠷ ᠪᠣᠯᠬᠤ ᠦᠭᠡᠢ ᠃ ᠬᠣᠶᠠᠷ ᠬᠥᠯ ᠦ᠋ᠨ ᠬᠣᠭᠣᠷᠣᠨᠳᠣ ᠵᠣᠭᠰᠣᠯᠲᠠ ᠶ᠋ᠢᠨ ᠵᠠᠢ ᠨᠢ 3 – 4 ᠬᠤᠷᠤᠭᠤ ᠪᠠᠢᠬᠤ ᠂ ᠡᠪᠦᠳᠦᠭ ᠦ᠋ᠨ ᠦᠶ᠎ᠡ ᠴᠡᠪᠡᠷ ᠴᠡᠮᠴᠡᠭᠡᠷ ᠂ ᠴᠥᠮᠴᠥᠭᠡ ( ᠪᠡᠷᠪᠡᠬᠡᠢ ) ᠨᠢ ᠪᠣᠭᠣᠨᠢ ᠪᠥᠭᠡᠳ ᠪᠣᠰᠤᠭ᠎ᠠ ᠪᠠᠢᠬᠤ ᠃ ᠡᠢᠮᠦ ᠮᠣᠷᠢ ᠶ᠋ᠢᠨ ᠬᠥᠯ ᠪᠠᠷᠤᠭᠲᠠᠢ ᠳ᠋ᠤ᠌ ᠭᠡᠮᠲᠦᠬᠦ ᠦᠭᠡᠢ ᠃ ᠬᠡᠷᠪᠡ ᠪᠡᠷᠪᠡᠬᠡᠢ ᠨᠢ ᠤᠷᠲᠤ ᠪᠣᠯ ᠨᠢᠭᠡ ᠂ ᠬᠣᠶᠠᠷ ᠠ᠋ᠴᠠ ᠢᠯᠡᠭᠦᠦ ᠳᠠᠪᠬᠢᠵᠤ ᠳᠡᠢᠯᠬᠦ ᠦᠭᠡᠢ ᠬᠥᠯ ᠨᠢ ᠭᠡᠮᠲᠦᠳᠡᠭ ᠃ ᠳᠠᠯᠤ ᠳᠣᠣᠷ᠎ᠠ ( ᠰᠡᠭᠡᠷ ᠡᠴᠡ ᠭᠤᠷᠪᠠᠨ ᠬᠤᠷᠤᠭᠤ ᠠ᠋ᠴᠠ ᠳᠡᠭᠡᠭᠰᠢ ᠳᠣᠣᠷ᠎ᠠ ᠪᠠᠢᠬᠤ ) ᠠᠬᠤᠷ ᠪᠣᠭᠲᠣᠭᠣᠰᠣ ᠂ ᠪᠦᠳᠦᠭᠦᠨ ᠰᠢᠯᠪᠢ ᠂ ᠣᠬᠣᠷ ᠪᠡᠷᠪᠡᠬᠡᠢ ᠂ ᠴᠣᠮᠪᠣᠩ ᠲᠤᠭᠤᠷᠠᠢ ᠢᠷᠮᠡᠭᠲᠡᠢ ᠪᠠᠢᠬᠤ᠃
ᠬᠣᠢᠲᠤ ᠬᠣᠶᠠᠷ ᠬᠥᠯ
ᠬᠣᠶᠠᠷ ᠬᠥᠯ ᠦ᠋ᠨ ᠵᠣᠭᠰᠣᠯᠲᠠ ᠨᠢ ᠬᠣᠢᠨ᠎ᠠ ᠠ᠋ᠴᠠ ᠨᠢ ᠬᠠᠷᠠᠬᠤ ᠳ᠋ᠤ᠌ ᠲᠤᠰ ᠲᠤᠰ ᠲᠠᠭᠠᠨ ᠠᠰ ᠴᠠᠭ ᠪᠠᠢᠬᠤ ᠪᠥᠭᠡᠳ ᠲᠠᠯ᠎ᠠ ᠂ ᠲᠠᠯ᠎ᠠ ᠪᠠᠷ ᠢ᠋ᠶ᠋ᠠᠨ ᠨᠢᠭᠡ ᠱᠤᠭᠤᠮ ᠳᠡᠭᠡᠷ᠎ᠡ ᠵᠣᠭᠰᠣᠵᠤ ᠪᠠᠢᠬᠤ ᠃ ᠮᠥᠨ ᠮᠠᠢᠭ᠎ᠠ ᠂ ᠲᠠᠢᠷᠭᠠᠷ ᠤ᠋ᠨ ᠠᠯᠢᠨ ᠴᠤ᠌ ᠪᠠᠢᠵᠤ ᠪᠣᠯᠬᠤ ᠦᠭᠡᠢ᠃
ᠰᠡᠭᠦᠵᠢ ᠨᠢ ᠪᠠᠭ᠎ᠠ ᠪᠥᠭᠡᠳ ᠪᠣᠰᠤᠭ᠎ᠠ ᠪᠠᠢᠬᠤ ᠂ ᠰᠢᠯᠪᠢ ᠨᠢ ᠪᠦᠳᠦᠭᠦᠨ ᠤᠷᠲᠤ ᠂ ᠪᠣᠷᠪᠢ ᠨᠢ ᠨᠣᠬᠠᠢ ᠶ᠋ᠢᠨ ᠪᠣᠷᠪᠢ ᠰᠢᠭ᠋ ᠰᠠᠭᠤᠩᠭᠢ ᠪᠠᠢᠬᠤ ᠂ ᠴᠥᠮᠴᠥᠭᠡ ᠂ ᠪᠡᠷᠪᠡᠬᠡᠢ ᠨᠢ ᠠᠬᠤᠷ ᠂ ᠲᠤᠭᠤᠷᠠᠢ ᠨᠢ ᠴᠣᠮᠪᠣᠩ ᠢᠷᠮᠡᠭᠲᠡᠢ ᠪᠠᠢᠬᠤ᠃
ᠳᠣᠲᠣᠷ ᠰᠢᠨᠵᠢᠯᠡᠭᠡ
ᠳᠣᠲᠣᠭᠠᠳᠤ ᠡᠷᠬᠡᠲᠡᠨ ᠡᠴᠡ ᠭᠠᠳᠠᠭᠠᠳᠤ ᠡᠷᠬᠡᠲᠡᠨ ᠳ᠋ᠦ᠍ ᠦᠵᠡᠭᠦᠯᠦᠭᠰᠡᠨ ᠰᠠᠢᠨ ᠪᠡᠯᠭᠡ ᠶ᠋ᠢᠨ ᠢᠯᠡᠷᠡᠯ ᠢ᠋ᠶ᠋ᠡᠷ ᠰᠢᠨᠵᠢᠯᠡᠬᠦ ᠰᠢᠨᠵᠢ ᠄
ᠵᠢᠷᠦᠬᠡ
ᠵᠢᠷᠦᠬᠡᠨ ᠦ᠌ ᠲᠡᠮᠳᠡᠭ ᠨᠢᠳᠦᠨ ᠳ᠋ᠦ᠍ ᠭᠠᠷᠬᠤ ᠲᠤᠯᠠ ᠪᠦᠳᠦᠭᠦᠨ ᠵᠢᠷᠦᠬᠡᠲᠡᠢ ᠪᠣᠯ ᠰᠠᠢᠨ ᠃ ᠡᠢᠮᠦ ᠮᠣᠷᠢᠨ ᠤ᠋ ᠨᠢᠳᠦ ᠨᠢ ᠤᠯᠠᠭᠠᠨ ᠪᠤᠶᠤ ᠬᠠᠷ᠎ᠠ ᠥᠩᠭᠡᠲᠡᠢ ᠪᠥᠭᠡᠳ ᠰᠢᠷᠦᠭᠦᠨ ᠬᠤᠷᠴᠠ ᠬᠠᠷᠠᠴᠠᠲᠠᠢ ᠪᠣᠯ ᠣᠯᠠᠨ ᠠ᠋ᠴᠠ ᠦᠯᠦ ᠠᠶᠤᠬᠤ ᠰᠠᠢᠨ ᠲᠠᠯ᠎ᠠ ᠲᠠᠢ ᠃ ᠨᠢᠳᠦᠨ ᠥᠩᠭᠡ ᠨᠢ ᠬᠤᠸᠠ ᠪᠣᠯ ᠠᠶᠤᠮᠠᠲᠠᠭᠠᠢ ᠶ᠋ᠢᠨ ᠲᠡᠮᠳᠡᠭ ᠂ ᠬᠥᠮᠦᠨ ᠂ ᠮᠣᠷᠢᠨ ᠤ᠋ ᠣᠯᠠᠨ ᠠ᠋ᠴᠠ ᠠᠶᠤᠨ᠎ᠠ ᠃
ᠠᠭᠤᠰᠬᠢ
ᠠᠭᠤᠰᠬᠢ ᠶ᠋ᠢᠨ ᠲᠡᠮᠳᠡᠭ ᠬᠠᠮᠠᠷ ᠤ᠋ᠨ ᠨᠦᠬᠡᠨ ᠳ᠋ᠦ᠍ ᠭᠠᠷᠬᠤ ᠲᠤᠯᠠ ᠠᠭᠤᠰᠬᠢ ᠨᠢ ᠪᠠᠭ᠎ᠠ ᠪᠣᠯ ᠬᠠᠮᠠᠷ ᠤ᠋ᠨ ᠬᠥᠨᠳᠡᠢ ᠠᠭᠤᠵᠢᠮ ᠲᠥᠭᠥᠷᠢᠭ ᠪᠠᠢᠳᠠᠭ ᠃ ᠰᠠᠮᠰᠠ ᠨᠢ ᠬᠠᠪᠴᠢᠭᠤ ᠪᠣᠯ ᠠᠭᠤᠰᠬᠢ ᠨᠢ ᠶᠡᠬᠡ ᠶ᠋ᠢᠨ ᠲᠡᠮᠳᠡᠭ ᠂ ᠬᠣᠯᠠ ᠭᠦᠶᠦᠬᠦ ᠳ᠋ᠡᠭᠡᠨ ᠴᠤᠴᠠᠳᠠᠭ᠃
ᠪᠥᠭᠡᠷ᠎ᠡ
ᠪᠥᠭᠡᠷ᠎ᠡ ᠶ᠋ᠢᠨ ᠲᠡᠮᠳᠡᠭ ᠴᠢᠬᠢᠨ ᠳ᠋ᠦ᠍ ᠭᠠᠷᠬᠤ ᠲᠤᠯᠠ ᠪᠠᠭ᠎ᠠ ᠪᠥᠭᠡᠷ᠎ᠡ ᠲᠡᠢ ᠪᠣᠯ ᠴᠢᠬᠢ ᠨᠢ ᠨᠢᠮᠭᠡᠨ ᠪᠥᠭᠡᠳ ᠬᠠᠲᠠᠭᠤ ᠰᠠᠢᠨ᠃ ᠪᠥᠭᠡᠷ᠎ᠡ ᠨᠢ ᠶᠡᠬᠡ ᠪᠣᠯ ᠴᠢᠬᠢ ᠨᠢ ᠵᠤᠵᠠᠭᠠᠨ ᠪᠥᠭᠡᠳ ᠵᠥᠭᠡᠯᠡᠨ ᠦ᠌ ᠲᠡᠮᠳᠡᠭ ᠃ ᠬᠣᠯᠠ ᠭᠦᠶᠦᠪᠡᠯ ᠴᠤᠴᠠᠷᠬᠠᠢ ᠪᠠᠢᠳᠠᠭ ᠃
ᠡᠯᠢᠭᠡ
ᠡᠯᠢᠭᠡᠨ ᠦ᠌ ᠲᠡᠮᠳᠡᠭ ᠬᠡᠯᠡᠨ ᠳ᠋ᠦ᠍ ᠭᠠᠷᠬᠤ ᠲᠤᠯᠠ ᠡᠯᠢᠭᠡ ᠪᠠᠭ᠎ᠠ ᠪᠣᠯ ᠬᠡᠯᠡ ᠨᠢ ᠪᠠᠭ᠎ᠠ ᠪᠥᠭᠡᠳ ᠴᠠᠭᠠᠨ ᠂ ᠬᠠᠲᠠᠩᠭᠢᠷ ᠪᠠᠢᠳᠠᠭ᠃ ᠡᠨᠡ ᠨᠢ ᠰᠠᠢᠨ᠃ ᠡᠯᠢᠭᠡ ᠶᠡᠬᠡ ᠪᠣᠯ ᠬᠡᠯᠡ ᠨᠢ ᠤᠯᠠᠭᠠᠨ ᠬᠦᠷᠡᠩ ᠪᠥᠭᠡᠳ ᠬᠥᠪᠬᠡᠭᠡᠷ ᠪᠠᠢᠳᠠᠭ ᠃ ᠳᠠᠪᠬᠢᠬᠤ ᠳ᠋ᠤ᠌ ᠭᠣᠣᠯ ᠳᠡᠯᠡᠰᠴᠦ ᠰᠠᠭᠠᠳ ᠲᠠᠢ ᠪᠠᠢᠳᠠᠭ᠃
ᠳᠡᠯᠢᠭᠦᠦ
ᠳᠡᠯᠢᠭᠦᠦ ᠶ᠋ᠢᠨ ᠲᠡᠮᠳᠡᠭ ᠪᠤᠢᠯᠠᠨ ᠳ᠋ᠤ᠌ ᠭᠠᠷᠬᠤ ᠲᠤᠯᠠ ᠪᠤᠢᠯᠠ ᠴᠠᠢᠪᠤᠷ ᠥᠩᠭᠡᠲᠡᠢ ᠪᠥᠭᠡᠳ ᠬᠠᠲᠠᠩᠭᠢᠷ ᠨᠢ ᠰᠠᠢᠨ ᠃ ᠬᠡᠷᠪᠡ ᠬᠥᠭᠡᠩᠭᠢ ᠪᠣᠯ ᠳᠡᠯᠢᠭᠦᠦ ᠶᠡᠬᠡ ᠶ᠋ᠢᠨ ᠲᠡᠮᠳᠡᠭ ᠂ ᠮᠠᠭᠤ ᠪᠠᠢᠳᠠᠭ᠃
ᠨᠢᠭᠤᠴᠠ ᠭᠤᠷᠪᠠᠨ ᠰᠢᠨᠵᠢᠯᠡᠭᠡ
ᠵᠠᠷᠢᠮ ᠡᠷᠬᠡᠲᠡᠨ ᠡᠴᠡ ᠨᠥᠭᠦᠭᠡ ᠡᠷᠬᠡᠲᠡᠨ ᠢ᠋ ᠮᠡᠳᠡᠵᠦ ᠪᠣᠯᠬᠤ ᠶ᠋ᠢ ᠰᠢᠨᠵᠢᠯᠡᠭᠰᠡᠨ ᠰᠢᠨᠵᠢ᠃
ᠪᠤᠢᠯᠠ ᠰᠢᠳᠦᠨ ᠦ᠌ ᠪᠤᠢᠯᠠ ᠬᠠᠲᠠᠩᠭᠢᠷ ᠪᠣᠯ ᠮᠢᠬ᠎ᠠ ᠶ᠋ᠢ ᠦᠵᠡᠯᠭᠡ ᠦᠭᠡᠢ ᠰᠠᠢᠨ᠃
ᠴᠢᠮᠦᠭᠡᠨ ᠤᠭ ᠵᠠᠯᠠᠭᠠᠲᠤ ᠴᠢᠮᠦᠭᠡᠨ ᠦ᠌ ᠤᠭ ᠪᠦᠳᠦᠭᠦᠨ ᠪᠣᠯ ᠰᠢᠷᠪᠦᠰᠦᠨ ᠦ᠌ ᠤᠭ ᠢ᠋ ᠦᠵᠡᠯᠭᠡ ᠦᠭᠡᠢ ᠰᠠᠢᠨ᠃
ᠬᠠᠮᠠᠷ ᠶᠡᠬᠡ
ᠬᠠᠮᠠᠷ ᠶᠡᠬᠡ ᠪᠣᠯ ᠰᠢᠳᠦ ᠶ᠋ᠢ ᠦᠵᠡᠯᠭᠡ ᠦᠭᠡᠢ ᠰᠠᠢᠨ ᠃ ᠡᠨᠡ ᠭᠤᠷᠪᠠ ᠶ᠋ᠢ ᠢᠵᠠᠭᠤᠷ ᠲᠤ᠌ ᠨᠢᠭᠤᠴᠠ ᠭᠤᠷᠪᠠᠨ ᠰᠢᠨᠵᠢᠯᠡᠭᠡ ᠭᠡᠵᠦ ᠪᠠᠢᠵᠠᠢ᠃
ᠢᠯᠡᠭᠦᠦ ᠶᠠᠰᠤᠲᠠᠢ
ᠢᠯᠡᠭᠦᠦ ᠶᠠᠰᠤᠲᠠᠢ ᠮᠣᠷᠢ ᠡᠷᠬᠡᠪᠰᠢ ᠬᠤᠷᠳᠤᠨ ᠭᠡᠵᠦ ᠪᠢ ᠬᠤᠪᠢ ᠳ᠋ᠠᠭᠠᠨ ᠦᠵᠡᠵᠦ ᠪᠣᠢ ᠃ ᠡᠢᠮᠦ ᠮᠣᠷᠢᠨ ᠤ᠋ ᠰᠢᠨᠵᠢ ᠄ ᠰᠦᠪᠡᠷᠭᠡᠨ ᠶᠠᠰᠤ ᠢᠯᠡᠭᠦᠦ ᠪᠣᠯ ᠤᠮᠤᠰᠤ ᠪᠠᠭ᠎ᠠ ᠪᠥᠭᠡᠳ ᠰᠦᠪᠡᠷᠭᠡᠰ ᠦ᠋ᠨ ᠬᠣᠭᠣᠷᠣᠨᠳᠣᠬᠢ ᠵᠠᠢ ᠲᠤᠩ ᠪᠠᠭ᠎ᠠ ᠪᠠᠢᠳᠠᠭ ᠃ ᠠᠷᠠᠭ᠎ᠠ ᠰᠢᠳᠦ ᠨᠢ ᠨᠢᠭᠡ ᠯᠡ ᠦᠷᠭᠢ ( ᠦᠷᠭᠦᠯᠵᠢ ) ᠪᠤᠶᠤ ᠳᠡᠭᠡᠳᠦ ᠦᠵᠦᠭᠦᠷ ᠢ᠋ᠶ᠋ᠡᠷ ᠢ᠋ᠶ᠋ᠡᠨ ᠶᠡᠬᠡ ᠨᠢᠭᠲᠠ ᠨᠡᠢᠯᠡᠭᠰᠡᠨ ᠮᠡᠲᠦ ᠪᠠᠢᠬᠤ ᠵᠡᠷᠭᠡ ᠢᠯᠡᠷᠡᠯ ᠲᠡᠢ ᠃ ᠡᠢᠮᠦ ᠮᠣᠷᠢ ᠶ᠋ᠢ ᠤᠶᠠᠬᠤ ᠳ᠋ᠠᠭᠠᠨ ᠴᠠᠳᠬᠤᠯᠠᠩ ᠮᠠᠢᠭᠲᠠᠢ ᠬᠡᠪᠡᠯᠢ ᠭᠠᠷᠴᠤ ᠦᠵᠡᠭᠳᠡᠬᠦ ᠪᠣᠯᠬᠣᠷ ᠬᠡᠳᠦ ᠤᠶᠠᠵᠤ ᠥᠯᠥᠳᠡᠭᠦᠯᠬᠦ ᠶ᠋ᠢ ᠬᠡᠷᠰᠡᠦᠭᠦᠯᠡ ᠃
ᠮᠣᠷᠢᠨ ᠤ᠋ ᠬᠤᠷᠳᠤᠨ ᠨᠢ ᠮᠣᠷᠢᠨ ᠤ᠋ ᠶᠡᠬᠡ ᠪᠠᠭ᠎ᠠ ᠳ᠋ᠤ᠌ ᠪᠠᠢᠬᠤ ᠦᠭᠡᠢ ᠂ ᠭᠠᠭᠴᠠ ᠬᠦ ᠲᠡᠭᠦᠨ ᠦ᠌ ᠪᠡᠶ᠎ᠡ ᠳ᠋ᠦ᠍ ᠬᠤᠷᠳᠤ ᠶ᠋ᠢᠨ ᠰᠢᠨᠵᠢ ᠬᠡᠳᠦᠢ ᠪᠦᠷᠢᠳᠦᠭᠰᠡᠨ ᠢ᠋ᠶ᠋ᠡᠷ ᠲᠡᠳᠦᠢ ᠬᠤᠷᠳᠤᠨ ᠮᠣᠷᠢ ᠪᠣᠯᠬᠤ ᠭᠡᠳᠡᠭ ᠢ᠋ ᠮᠡᠳᠡᠲᠦᠭᠡᠢ ᠃ ᠳᠡᠭᠡᠷ᠎ᠡ ᠲᠡᠮᠳᠡᠭᠯᠡᠭᠰᠡᠨ ᠬᠤᠷᠳᠤᠨ ᠤ᠋ ᠰᠢᠨᠵᠢ ᠶ᠋ᠢ ᠪᠦᠷᠢᠳᠦᠭᠦᠯᠦᠭᠰᠡᠨ ᠮᠣᠷᠢ ᠪᠣᠯ ᠡᠷᠬᠡᠪᠰᠢ ᠬᠤᠷᠳᠤᠨ ᠪᠠᠢᠬᠤ ᠶᠣᠰᠣᠲᠠᠢ ᠃ ᠡᠷᠲᠡᠨ ᠦ᠌ ᠬᠤᠷᠳᠤᠨ ᠮᠣᠷᠢᠨ ᠤ᠋ ᠰᠢᠨᠵᠢ ᠂ ᠠᠷᠪᠠᠳᠤᠭᠠᠷ ᠰᠤᠳᠤᠷ ᠲᠤ᠌ ᠄ 《ᠶᠡᠷᠦ ᠮᠣᠷᠢᠨ ᠤ᠋ ᠰᠢᠨᠵᠢ ᠨᠠᠢ᠍ᠮᠠᠨ ᠲᠦᠮᠡᠨ ᠳᠥᠷᠪᠡᠨ ᠮᠢᠩᠭᠠᠨ ᠪᠡᠯᠭᠡ ᠪᠣᠢ ᠃ ᠡᠭᠦᠨ ᠦ᠌ ᠳᠣᠲᠣᠷ᠎ᠠ 96 ᠨᠢ ᠡᠷᠭᠢᠭᠦᠯᠭᠡ ᠶ᠋ᠢᠨ ᠰᠢᠨᠵᠢ ᠂ ᠡᠭᠦᠨ ᠡᠴᠡ 20 ᠨᠢ ᠥᠯᠵᠡᠢᠲᠡᠢ 》ᠭᠡᠵᠦ ᠲᠡᠮᠳᠡᠭᠯᠡᠵᠦ ᠪᠣᠢ ᠃
ᠡᠭᠦᠨ ᠡᠴᠡ ᠦᠵᠡᠪᠡᠯ ᠂ ᠮᠠᠨ ᠤ᠋ ᠳᠡᠭᠡᠳᠦᠰ ᠦ᠋ᠨ ᠬᠤᠷᠳᠤᠨ ᠮᠣᠷᠢᠨ ᠰᠢᠨᠵᠢᠯᠡᠭᠡ ᠦᠨᠡᠨ ᠬᠦ ᠥᠨᠢᠷ ᠪᠠᠶᠠᠯᠢᠭ ᠭᠡᠳᠡᠭ ᠢ᠋ ᠮᠡᠳᠡᠵᠦ ᠪᠣᠯᠤᠨ᠎ᠠ ᠃ ᠮᠣᠩᠭᠣᠯᠴᠤᠳ ᠬᠤᠷᠳᠤᠨ ᠮᠣᠷᠢ ᠪᠠᠨ ᠢᠩᠭᠢᠵᠦ ᠰᠢᠨᠵᠢᠨ ᠲᠠᠨᠢᠵᠤ ᠰᠢᠯᠢᠨ ᠰᠣᠩᠭᠣᠭᠰᠠᠭᠠᠷ ᠣᠯᠠᠨ ᠮᠢᠩᠭᠠᠨ ᠵᠢᠯ ᠦᠷᠭᠦᠯᠵᠢᠯᠡᠭᠦᠯᠵᠦ ᠤᠯᠠᠮᠵᠢᠯᠠᠨ ᠢᠷᠡᠵᠡᠢ ᠃
