ᠮᠣᠩᠭᠣᠯ ᠬᠡᠦᠬᠡᠳ ᠳᠠᠭᠤᠤМонгол хүүхэд дуу
ᠮᠣᠩᠭᠣᠯ ᠬᠡᠦᠬᠡᠳ
ᠠᠶ᠎ᠠ᠄ ᠬᠡᠦᠬᠡᠳ ᠦ᠋ᠨ ᠡᠯᠴᠢ
ᠬᠥᠭᠵᠢᠮ ᠄ ᠴ· ᠪᠠᠲᠤᠪᠣᠯᠣᠳ
ᠰᠢᠯᠦᠭ᠄ ᠭ· ᠪᠣᠯᠣᠷ— ᠡᠷᠳᠡᠨᠢ
ᠨᠠᠢᠵᠠ ᠠ᠋ ᠴᠢ ᠨᠠᠮᠠᠶ᠋ᠢ ᠲᠠᠨᠢᠬᠤ ᠤᠤ?
ᠠᠽᠢᠶ᠎ᠠ ᠶ᠋ᠢᠨ ᠴᠡᠭᠡᠵᠢᠨ ᠳ᠋ᠦ᠍᠂ ᠠᠭᠤᠤ ᠮᠣᠩᠭᠣᠯ ᠳ᠋ᠤ᠌
ᠪᠢ ᠲᠥᠷᠥᠭᠰᠡᠨ ᠶᠦᠮ᠂ ᠪᠢ ᠮᠡᠨᠳᠦᠯᠡᠭᠰᠡᠨ
ᠮᠣᠩᠭᠣᠯ ᠬᠡᠦᠬᠡᠳ ᠪᠣᠯᠬᠣᠷ ᠢ᠋ᠶ᠋ᠠᠨ ᠪᠢ
ᠡᠬᠡ ᠶ᠋ᠢᠨ ᠰᠦ ᠪᠡᠨ ᠬᠥᠬᠥᠵᠦ ᠥᠰᠦᠭᠰᠡᠨ
ᠮᠣᠩᠭᠣᠯ ᠬᠡᠦᠬᠡᠳ ᠪᠣᠯᠬᠣᠷ ᠢ᠋ᠶ᠋ᠠᠨ ᠪᠢ
ᠪᠦᠪᠡᠢ ᠶ᠋ᠢᠨ ᠳᠠᠭᠤᠤ ᠪᠠᠨ ᠰᠣᠨᠣᠰᠴᠤ ᠥᠰᠦᠭᠰᠡᠨ ᠶᠦᠮ
ᠨᠠᠢᠵᠠ ᠠ᠋ ᠴᠢ ᠨᠠᠮᠠᠶ᠋ᠢ ᠮᠡᠳᠡᠬᠦ ᠤᠤ?
ᠱᠠᠭ᠎ᠠ ᠨᠠᠭᠠᠳᠤᠮ᠂ ᠴᠢᠯᠠᠭᠤ ᠲᠠᠭᠠᠯᠴᠠᠵᠤ
ᠪᠢ ᠲᠣᠭᠯᠠᠳᠠᠭ ᠶᠤᠮ᠂ ᠪᠢ ᠨᠠᠭᠠᠳᠳᠠᠭ ᠶᠤᠮ
ᠮᠣᠩᠭᠣᠯ ᠬᠡᠦᠬᠡᠳ ᠪᠣᠯᠬᠣᠷ ᠢ᠋ᠶ᠋ᠠᠨ ᠪᠢ
ᠡᠮᠡᠭᠡ ᠡᠪᠦᠭᠡ ᠪᠡᠨ ᠬᠦᠨᠳᠦᠯᠡᠳᠡᠭ ᠶᠦᠮ
ᠮᠣᠩᠭᠣᠯ ᠬᠡᠦᠬᠡᠳ ᠪᠣᠯᠬᠣᠷ ᠢ᠋ᠶ᠋ᠠᠨ ᠪᠢ
ᠠᠪᠤ ᠡᠵᠢ ᠳ᠋ᠦ᠍ ᠪᠡᠨ ᠲᠤᠰᠠᠯᠠᠳᠠᠭ ᠶᠤᠮ
ᠨᠠᠢᠵᠠ ᠠ᠋ ᠴᠢ ᠨᠠᠮᠠᠶ᠋ᠢ ᠰᠣᠨᠣᠰ ᠳ᠋ᠣᠣ
ᠮᠣᠷᠢᠨ ᠬᠤᠭᠤᠷ ᠤ᠋ᠨ ᠠᠶᠠᠯᠭᠤ ᠶ᠋ᠢ ᠰᠣᠨᠣᠰᠴᠤ
ᠪᠢ ᠥᠰᠦᠭᠰᠡᠨ ᠶᠦᠮ᠂ ᠪᠢ ᠬᠥᠯ ᠳ᠋ᠦ᠍ ᠣᠷᠣᠭᠰᠠᠨ ᠶᠤᠮ
ᠮᠣᠩᠭᠣᠯ ᠬᠡᠦᠬᠡᠳ ᠪᠣᠯᠬᠣᠷ ᠢ᠋ᠶ᠋ᠠᠨ ᠪᠢ
ᠬᠣᠨᠢ ᠪᠠᠨ ᠬᠠᠷᠢᠭᠤᠯᠵᠤ ᠪᠡᠯᠴᠢᠭᠡᠳᠡᠭ ᠶᠦᠮ
ᠮᠣᠩᠭᠣᠯ ᠬᠡᠦᠬᠡᠳ ᠪᠣᠯᠬᠣᠷ ᠢ᠋ᠶ᠋ᠠᠨ ᠪᠢ
ᠮᠣᠷᠢ ᠪᠠᠨ ᠤᠨᠤᠵᠤ ᠣᠷᠣᠯᠳᠣᠳᠠᠭ ᠶᠤᠮ
ᠮᠣᠩᠭᠣᠯ ᠬᠡᠦᠬᠡᠳ ᠪᠣᠯᠬᠣᠷ ᠢ᠋ᠶ᠋ᠠᠨ ᠪᠢ
ᠬᠣᠨᠢ ᠪᠠᠨ ᠬᠠᠷᠢᠭᠤᠯᠵᠤ ᠪᠡᠯᠴᠢᠭᠡᠳᠡᠭ ᠶᠦᠮ
ᠮᠣᠩᠭᠣᠯ ᠬᠡᠦᠬᠡᠳ ᠪᠣᠯᠬᠣᠷ ᠢ᠋ᠶ᠋ᠠᠨ ᠪᠢ
ᠮᠣᠷᠢ ᠪᠠᠨ ᠤᠨᠤᠵᠤ ᠣᠷᠣᠯᠳᠣᠳᠠᠭ ᠶᠤᠮ
ᠦᠰᠦᠭ ᠠᠮᠢᠯᠠᠭᠤᠯᠤᠭᠰᠠᠨ ᠨᠢ᠄ ᠳᠡᠯᠭᠡᠷ᠂ ᠣᠶᠤᠨᠴᠡᠴᠡᠭ
ᠬᠢᠨᠠᠭᠴᠢ᠄ ᠣᠶᠤᠨᠴᠡᠴᠡᠭ᠂ ᠣᠳᠬᠣᠨᠴᠡᠴᠡᠭ
