ᠬᠥᠬᠡ ᠵᠤᠯᠠ – ᠪᠣᠷᠵᠢᠭᠢᠨ ᠸᠠᠩᠵᠠᠯ - < ᠵᠢᠷᠭᠤᠭ᠎ᠠ ᠂ ᠬᠤᠷᠳᠤᠨ ᠮᠣᠷᠢᠨ ᠤ ᠰᠢᠨᠵᠢᠯᠡᠭᠡ ᠶᠢᠨ ᠪᠦᠯᠦᠭ 1 > Хөх зул – Боржигон Ванжал –"Зургаа ᠂ хурдан морины шинжилгээний бүлэг 1"
ᠵᠢᠷᠭᠤᠭ᠎ᠠ ᠂ ᠬᠤᠷᠳᠤᠨ ᠮᠣᠷᠢᠨ ᠤ ᠰᠢᠨᠵᠢᠯᠡᠭᠡ ᠶᠢᠨ ᠪᠦᠯᠦᠭ – 1
ᠬᠤᠷᠳᠤᠨ ᠮᠣᠷᠢᠨ ᠤ᠋ ᠰᠢᠨᠵᠢᠯᠡᠭᠡ
ᠮᠣᠩᠭᠣᠯᠴᠤᠳ ᠂ ᠮᠠᠯ ᠰᠦᠷᠦᠭ ᠢ᠋ᠶ᠋ᠡᠨ ᠬᠠᠷᠠᠬᠤ ᠨᠢᠳᠦᠨ ᠦ᠌ ᠪᠡᠨ ᠴᠡᠴᠡᠭᠡᠢ ᠰᠢᠭ ᠬᠠᠢᠷᠠᠯᠠᠵᠤ ᠠᠷᠠᠴᠢᠯᠠᠳᠠᠭ ᠮᠥᠷᠲᠡᠭᠡᠨ ᠢᠯᠠᠩᠭᠤᠶ᠎ᠠ ᠬᠤᠷᠳᠤᠨ ᠮᠣᠷᠢᠳ ᠢ᠋ ᠡᠷᠳᠡᠨᠢ ᠠᠳᠠᠯᠢ ᠡᠷᠭᠢᠮᠨᠡᠵᠦ ᠢᠷᠡᠭᠰᠡᠨ ᠮᠣᠷᠢᠨ ᠤ᠋ ᠲᠡᠦᠬᠡ ᠮᠠᠰᠢ ᠡᠷᠲᠡ ᠴᠠᠭ ᠠ᠋ᠴᠠ ᠡᠬᠢᠯᠡᠵᠡᠢ᠃ ᠡᠢᠨ ᠪᠣᠯᠬᠣᠷ ᠮᠣᠩᠭᠣᠯᠴᠤᠳ ᠤ᠋ᠨ ᠳᠤᠮᠳᠠ ᠬᠤᠷᠳᠤᠨ ᠮᠣᠷᠢ ᠶ᠋ᠢ ᠰᠢᠯᠢᠵᠦ ᠲᠠᠨᠢᠬᠤ ᠂ ᠰᠣᠢᠵᠤ ᠵᠠᠰᠠᠬᠤ ᠬᠤᠷᠳᠤ ᠰᠢᠯᠭᠠᠷᠠᠭᠤᠯᠵᠤ ᠢᠷᠡᠭᠰᠡᠨ ᠰᠢᠨᠵᠢᠯᠡᠬᠦᠢ ᠤᠬᠠᠭᠠᠨᠴᠢ ᠦᠨᠳᠦᠰᠦ ᠪᠦᠬᠦᠢ ᠪᠠᠶᠠᠯᠢᠭ ᠲᠤᠷᠰᠢᠯᠭ᠎ᠠ ᠡᠵᠡᠮᠰᠢᠭᠳᠡᠭᠡᠳ ᠮᠥᠨ ᠣᠯᠠᠨ ᠵᠠᠭᠤᠨ ᠵᠢᠯ ᠪᠣᠯᠵᠠᠢ ᠃ ᠲᠡᠢᠨ ᠬᠦ᠌ ᠬᠤᠷᠳᠤᠨ ᠮᠣᠷᠢᠨ ᠤ᠋ ᠰᠢᠨᠵᠢ ᠶ᠋ᠢᠨ ᠲᠤᠬᠠᠢ ᠪᠢᠴᠢᠭᠰᠡᠨ ᠡᠷᠲᠡᠨ ᠦ᠌ ᠨᠣᠮᠯᠠᠰ ᠴᠤ᠌ ᠣᠯᠠᠨ ᠪᠠᠢᠳᠠᠭ᠃
ᠮᠣᠩᠭᠣᠯᠴᠤᠳ ᠤ᠋ᠨ ᠳᠤᠮᠳᠠ ᠠᠳᠤᠭᠤᠨ ᠤ᠋ ᠪᠡᠶ᠎ᠡ ᠶ᠋ᠢᠨ ᠪᠦᠲᠦᠴᠡ᠂ ᠭᠠᠯᠪᠢᠷ ᠲᠥᠷᠬᠦ ᠪᠡᠷ ᠨᠢ ᠮᠣᠷᠢᠨ ᠤ᠋ ᠬᠤᠷᠳᠤᠨ ᠴᠢᠨᠠᠷ ᠢ᠋ ᠰᠢᠨᠵᠢᠳᠡᠭ ᠬᠥᠮᠦᠰ᠂ ᠡᠷᠲᠡ ᠳᠡᠭᠡᠷ᠎ᠡ ᠦᠶ᠎ᠡ ᠡᠴᠡ ᠡᠬᠢᠯᠡᠨ ᠦᠶ᠎ᠡ ᠵᠠᠯᠭᠠᠨ ᠥᠯᠮᠡᠢ ᠭᠢᠰᠬᠢᠨ ᠭᠠᠷᠤᠭᠰᠠᠭᠠᠷ ᠥᠨᠥᠳᠥᠷ ᠲᠦ᠍ ᠬᠦᠷᠲᠡᠯ᠎ᠡ ᠴᠥᠭᠡᠨ ᠦᠭᠡᠢ ᠪᠠᠢᠵᠤ ᠢᠷᠡᠵᠡᠢ᠃
ᠭᠡᠶ᠎ᠡ ᠣᠷᠣᠨ ᠨᠤᠲᠤᠭ ᠤ᠋ᠨ ᠠᠭᠤᠳᠠᠮ ᠳᠡᠯᠭᠡᠷ ᠬᠢᠭᠡᠳ ᠠᠳᠠᠯᠢ ᠦᠭᠡᠢ ᠣᠨᠴᠠᠯᠢᠭ ᠠ᠋ᠴᠠ ᠪᠣᠯᠵᠤ ᠬᠤᠷᠳᠤᠨ ᠮᠣᠷᠢᠨ ᠤ᠋ ᠰᠢᠨᠵᠢᠯᠡᠭᠡ ᠴᠦ᠍ ᠬᠣᠭᠣᠷᠣᠨᠳᠣ ᠪᠠᠨ ᠪᠠᠰᠠ ᠪᠠᠭ᠎ᠠ ᠰᠠᠭ᠎ᠠ ᠵᠥᠷᠢᠶᠡᠲᠡᠢ ᠭᠠᠵᠠᠷ ᠪᠣᠢ᠃ ᠭᠡᠪᠡᠴᠦ ᠶᠡᠷᠦᠩᠬᠡᠢ ᠳ᠋ᠡᠭᠡᠨ ᠠᠳᠠᠯᠢ ᠪᠠᠢᠳᠠᠭ᠃ ᠬᠠᠷᠢᠨ ᠡᠷᠲᠡ ᠴᠠᠭ ᠤ᠋ᠨ 《ᠬᠤᠷᠳᠤᠨ ᠮᠣᠷᠢᠨ ᠤ᠋ ᠰᠢᠨᠵᠢ ᠶ᠋ᠢᠨ ᠰᠤᠳᠤᠷ 》 ᠲᠤ᠌᠂ ᠲᠡᠦᠬᠡ ᠶ᠋ᠢᠨ ᠶᠡᠬᠡ ᠵᠠᠢ ᠶ᠋ᠢ ᠲᠤᠭᠤᠯᠵᠤ ᠢᠷᠡᠭᠰᠡᠨ ᠦ᠌ ᠬᠠᠷᠠᠭ᠎ᠠ ᠪᠠᠷ ᠵᠠᠷᠢᠮ ᠵᠦᠢᠯᠡᠰ ᠨᠢ ᠬᠠᠭᠤᠴᠢᠷᠠᠵᠤ ᠬᠣᠵᠢᠮᠳᠠᠭᠰᠠᠨ ᠪᠥᠭᠡᠳ ᠵᠠᠷᠢᠮ ᠨᠢ ᠲᠡᠢᠨ ᠬᠦ᠌ ᠳᠠᠭᠠᠭᠠᠴᠠᠲᠠᠢ ᠤᠨᠤᠭᠠᠷᠢ ᠶ᠋ᠢ ᠰᠢᠨᠵᠢᠯᠡᠭᠰᠡᠨ ᠡᠴᠡ ᠬᠤᠷᠳᠤᠨ ᠮᠣᠷᠢᠨ ᠤ᠋ ᠰᠢᠨᠵᠢᠯᠡᠭᠡ ᠲᠡᠢ ᠵᠥᠷᠢᠭᠰᠡᠨ ᠵᠦᠢᠯ ᠨᠡᠯᠢᠶᠡᠳ ᠪᠣᠢ᠃
ᠶᠡᠷᠦ ᠨᠢ ᠴᠦ᠍ ᠠᠳᠤᠭᠤ ᠶ᠋ᠢ ᠤᠨᠤᠭᠠᠷᠢ ᠶ᠋ᠢᠨ ᠪᠣᠯᠤᠭᠠᠳ ᠤᠷᠤᠯᠳᠤᠭᠠᠨ ᠤ᠋ ᠭᠡᠵᠦ ᠬᠣᠶᠠᠷ ᠬᠤᠪᠢᠶᠠᠨ ᠰᠢᠨᠵᠢᠳᠡᠭ᠃ ᠤᠨᠤᠭᠠᠷᠢ ᠶ᠋ᠢᠨ ᠮᠣᠷᠢ ᠤᠨᠤᠬᠤ ᠳ᠋ᠤ᠌ ᠳᠠᠭᠠᠭᠠᠴᠠᠲᠠᠢ ᠴᠤ᠌ ᠣᠷᠣᠯᠳᠣᠬᠤ ᠳ᠋ᠤ᠌ ᠤᠳᠠᠭᠠᠨ ᠪᠠᠢᠳᠠᠭ᠃ ᠲᠡᠭᠦᠨ ᠦ᠌ ᠶᠠᠰᠤ ᠬᠦᠨᠳᠦ ᠮᠢᠬ᠎ᠠ ᠴᠢᠩᠭ᠎ᠠ᠂ ᠠᠷᠠᠰᠤ ᠵᠤᠵᠠᠭᠠᠨ ᠵᠡᠷᠭᠡ ᠁ ᠡᠴᠡ ᠰᠢᠯᠲᠠᠭᠠᠯᠠᠭᠳᠠᠨ᠎ᠠ᠃ ᠤᠷᠤᠯᠳᠤᠭᠠᠨ ᠤ᠋ ᠮᠣᠷᠢ᠂ ᠣᠷᠣᠯᠳᠣᠬᠤ ᠳ᠋ᠤ᠌ ᠬᠤᠷᠳᠤᠨ ᠪᠣᠯᠬᠤ ᠠ᠋ᠴᠠ ᠪᠢᠰᠢ ᠤᠨᠤᠬᠤ ᠳ᠋ᠤ᠌ ᠳᠠᠭᠠᠭᠠᠴᠠ ᠮᠠᠭᠤᠲᠠᠢ᠃ ᠲᠡᠭᠦᠨ ᠦ᠌ ᠶᠠᠰᠤ ᠬᠥᠩᠭᠡᠨ ᠂ ᠮᠢᠬ᠎ᠠ ᠵᠠᠩᠭᠢᠷᠠᠬᠤ ᠦᠭᠡᠢ ᠂ ᠠᠷᠠᠰᠤ ᠨᠢᠮᠭᠡᠨ ᠪᠥᠭᠡᠳ ᠰᠤᠯᠠ ᠁ ᠵᠡᠷᠭᠡ ᠡᠴᠡ ᠰᠢᠯᠲᠠᠭᠠᠯᠠᠭᠳᠠᠨ᠎ᠠ᠃
ᠮᠣᠷᠢᠨ ᠤ᠋ ᠬᠤᠷᠳᠤᠨ ᠰᠢᠨᠵᠢ ᠶ᠋ᠢ ᠣᠯᠠᠨ ᠲᠠᠯ᠎ᠠ ᠠ᠋ᠴᠠ ᠰᠢᠨᠵᠢᠯᠡᠬᠦ ᠥᠨᠢᠷ ᠪᠠᠶᠠᠯᠢᠭ ᠲᠤᠷᠰᠢᠯᠭ᠎ᠠ ᠶ᠋ᠢ ᠮᠠᠨ ᠤ᠋ ᠳᠡᠭᠡᠳᠦᠰ ᠤᠯᠠᠮᠵᠢᠯᠠᠵᠤ ᠦᠯᠡᠳᠡᠭᠡᠨ ᠥᠭᠴᠡᠢ ᠃ ᠵᠢᠱ᠌ᠢᠶᠡᠯᠡᠪᠡᠯ : ᠠᠳᠤᠭᠤᠨ ᠤ᠋ ᠨᠠᠰᠤ ᠪᠦᠷᠢ ᠳ᠋ᠡᠬᠢ ᠰᠢᠨᠵᠢᠯᠡᠭᠡ ᠬᠢᠭᠡᠳ ᠰᠤᠯᠠ ᠪᠠᠢᠭ᠎ᠠ ᠳ᠋ᠤ᠌᠂ ᠤᠶᠠᠭᠠᠨ ᠳ᠋ᠤ᠌᠂ ᠳᠠᠪᠬᠢᠭᠠᠨ ᠳ᠋ᠤ᠌᠂ ᠤᠰᠤ ᠤᠤᠭᠤᠬᠤ ᠳ᠋ᠤ᠌᠂ ᠢᠨᠴᠠᠭᠠᠬᠤ ᠳ᠋ᠤ᠌᠂ ᠡᠷᠭᠢᠭᠦᠯᠭᠡ ᠪᠡᠷ᠂ ᠥᠩᠭᠡ ᠵᠢᠰᠦᠮ ᠢ᠋ᠶ᠋ᠡᠷ᠂ ᠢᠳᠡᠰᠢ ᠪᠡᠷ᠂ ᠰᠡᠭᠦᠯ ᠢ᠋ᠶ᠋ᠡᠷ᠂ ᠲᠣᠯᠣᠭᠠᠢ ᠪᠠᠷ᠂ ᠲᠤᠭᠤᠷᠠᠢ ᠪᠠᠷ᠂ ᠰᠢᠳᠦ ᠪᠡᠷ ᠰᠢᠨᠵᠢᠬᠦ ᠭᠡᠬᠦ ᠮᠡᠲᠦ ᠶ᠋ᠢᠨ ᠣᠯᠠᠨ ᠲᠠᠯ᠎ᠠ ᠶ᠋ᠢᠨ ᠰᠢᠨᠵᠢᠯᠡᠭᠡ ᠪᠠᠢᠳᠠᠭ᠃
ᠠᠳᠤᠭᠤᠨ ᠳ᠋ᠤ᠌ ᠪᠠᠢᠭ᠎ᠠ ᠮᠣᠷᠢ ᠶ᠋ᠢ ᠰᠢᠨᠵᠢᠬᠦ
ᠰᠠᠢᠨ ᠮᠣᠷᠢ ᠣᠯᠠᠨ ᠠᠳᠤᠭᠤᠨ ᠤ᠋ ᠳᠤᠮᠳᠠ ᠪᠠᠢᠬᠤ ᠪᠥᠭᠡᠳ ᠲᠠᠷᠭᠤᠨ ᠴᠠᠳᠬᠤᠯᠠᠩ ᠳ᠋ᠤᠨᠢ ᠦᠵᠡᠬᠦ ᠶ᠋ᠢ ᠬᠡᠯᠡᠵᠦ ᠪᠣᠢ ᠃ ᠲᠤᠬᠠᠢᠯᠠᠪᠠᠯ
① ᠭᠤᠷᠪᠠᠨ ᠣᠪᠣᠭ᠎ᠠ ᠲᠡᠭᠰᠢ᠃
② ᠭᠡᠳᠡᠰᠦ ᠨᠢ ᠪᠤᠮᠪᠠ ᠬᠡᠯᠪᠡᠷᠢᠲᠡᠢ᠃
③ ᠴᠢᠬᠢ ᠨᠢ ᠳᠡᠯ ᠳ᠋ᠡᠭᠡᠨ ᠦᠯᠦ ᠳᠠᠷᠤᠭᠳᠠᠬᠤ᠃
④ ᠬᠥᠬᠥᠯ ᠨᠢ ᠰᠢᠩᠭᠡᠨ ᠮᠥᠷᠲᠡᠭᠡᠨ ᠨᠢᠳᠦᠨ ᠳ᠋ᠡᠭᠡᠨ ᠦᠯᠦ ᠬᠦᠷᠬᠦ᠃
⑤ ᠳᠣᠣᠷᠠᠲᠤ ᠤᠷᠤᠭᠤᠯ ᠠ᠋ᠴᠠ ᠳᠡᠭᠡᠳᠦ ᠤᠷᠤᠭᠤᠯ ᠡᠯᠪᠡᠭ ᠢᠯᠡᠭᠦᠦ᠃
⑥ ᠤᠷᠢᠳᠤ ᠲᠤᠭᠤᠷᠠᠢ ᠠ᠋ᠴᠠ ᠬᠣᠢᠲᠤ ᠲᠤᠭᠤᠷᠠᠢ ᠨᠢ ᠶᠡᠬᠡ᠃
⑦ ᠬᠥᠮᠦᠨ ᠢ᠋ ᠠᠳᠤᠭᠤᠨ ᠳᠣᠲᠣᠷ᠎ᠠ ᠣᠷᠣᠬᠤ ᠲᠠᠢ ᠵᠡᠷᠭᠡ ᠤᠭᠲᠤᠵᠤ ᠬᠠᠷᠠᠬᠤ ᠂ ᠡᠳᠡᠭᠡᠷ ᠰᠢᠨᠵᠢ ᠪᠦᠷᠢᠳᠴᠦ ᠪᠠᠢᠪᠠᠯ ᠴᠢᠨᠦ ᠰᠢᠯᠢᠨ ᠰᠢᠨᠵᠢᠬᠦ ᠮᠣᠷᠢ ᠮᠥᠨ ᠪᠠᠢᠵᠤ ᠪᠣᠯᠤᠨ᠎ᠠ ᠃
⑧ ᠵᠠᠢᠲᠠᠢ ᠠ᠋ᠴᠠ ᠬᠠᠷᠠᠬᠤ ᠳ᠋ᠤ᠌ ᠂ ᠳᠠᠯᠢᠤ ᠪᠤᠭᠤ ᠮᠡᠲᠦ ᠰᠢᠨᠵᠢᠲᠡᠢ ᠬᠠᠷᠠᠭᠳᠠᠬᠤ ᠮᠣᠷᠢ ᠶ᠋ᠢ ᠰᠢᠨᠵᠢᠯᠡ ᠃ ᠭᠡᠲᠡᠯ᠎ᠡ ᠰᠣᠯᠵᠢᠷ ᠢᠮᠠᠭ᠎ᠠ ᠰᠢᠭ᠋ ᠰᠢᠨᠵᠢᠲᠡᠢ ᠮᠣᠷᠢ ᠪᠠᠢᠳᠠᠭ᠃ ᠡᠭᠦᠨ ᠲᠡᠢ ᠡᠨᠳᠡᠭᠦᠷᠡᠵᠦ ᠪᠣᠯᠬᠤ ᠦᠭᠡᠢ᠃
⑨ ᠰᠡᠭᠦᠯ ᠨᠢ ᠠᠶᠤᠭᠰᠠᠨ ᠨᠣᠬᠠᠢ ᠶ᠋ᠢᠨ ᠰᠡᠭᠦᠯ ᠰᠢᠭ ᠪᠣᠯ ᠰᠠᠢᠨ ᠤ᠋ ᠰᠢᠨᠵᠢ ᠶ᠋ᠢᠨ ᠨᠢᠭᠡ ᠪᠢᠯᠡ᠃
ᠤᠨᠠᠭ᠎ᠠ ᠪᠦᠬᠦᠢ ᠳ᠋ᠦ᠍ ᠰᠢᠨᠵᠢᠬᠦ
① ᠪᠥᠭᠡᠷᠡᠨ ᠭᠤᠷᠪᠠᠨ ᠰᠤᠳᠠᠰᠤ ᠭᠡᠵᠦ ᠪᠣᠢ ᠂ ᠲᠡᠷᠡ ᠰᠤᠳᠠᠰᠤ ᠳᠡᠭᠡᠳᠦ ᠪᠤᠢᠯᠠ ᠳᠡᠭᠡᠷ᠎ᠡ ᠰᠠᠯᠠᠭ᠎ᠠ ᠮᠤᠷᠤᠢ ᠦᠭᠡᠢ ᠭᠤᠷᠪᠠᠨ ᠬᠥᠬᠡᠪᠲᠦᠷ ᠰᠤᠳᠠᠰᠤᠨ ( ᠨᠠᠷᠢᠨ ᠤᠯᠠᠭᠠᠨ ᠢᠷᠠᠢᠭᠰᠠᠨ ᠰᠤᠳᠠᠰᠤ ᠪᠢᠰᠢ ) ᠳᠡᠭᠡᠷ᠎ᠡ ᠡᠴᠡ ᠤᠷᠤᠭᠤ ᠤᠷᠭᠤᠭᠰᠠᠨ ᠪᠠᠢᠪᠠᠯ ᠲᠡᠷᠡ ᠤᠨᠠᠭ᠎ᠠ ᠮᠠᠰᠢ ᠰᠠᠢᠨ ᠮᠣᠷᠢ ᠪᠣᠯᠤᠨ᠎ᠠ ᠃ ᠬᠡᠷᠪᠡ ᠬᠣᠶᠠᠷ ᠰᠤᠳᠠᠰᠤ ᠨᠢ ᠭᠦᠢᠴᠡᠳ ᠂ ᠨᠢᠭᠡ ᠨᠢ ᠬᠠᠭᠠᠰ ᠪᠣᠯ ᠲᠡᠷᠡ ᠳᠤᠮᠳᠠ ᠵᠡᠷᠭᠡ ᠶ᠋ᠢᠨ ᠰᠠᠢᠨ ᠪᠣᠯᠤᠨ᠎ᠠ᠃
② ᠤᠨᠠᠭ᠎ᠠ ᠶ᠋ᠢᠨ ᠬᠠᠵᠠᠭᠤᠷᠢ ᠨᠢᠭᠡ ᠲᠥᠭᠡ ᠪᠠᠢᠪᠠᠯ ᠰᠠᠢᠨ᠃
③ ᠳᠡᠯᠡᠭᠦᠦ ᠰᠢᠳᠦᠲᠡᠢ ᠨᠢ ᠰᠠᠢᠨ᠂ ᠴᠤᠭᠯᠠᠭᠤ ᠰᠢᠳᠦᠲᠡᠢ ᠪᠣᠯ ᠮᠠᠭᠤ᠃
④ ᠳᠡᠯ ᠰᠡᠭᠦᠯ ᠨᠢ ᠪᠤᠷᠵᠢᠭᠢᠷ᠃
⑤ ᠡᠷᠡᠦ ᠳ᠋ᠦ᠍ᠨᠢ ᠰᠠᠬᠠᠯᠲᠠᠢ ᠃
⑥ ᠠᠮᠠᠨ ᠬᠦᠵᠦᠭᠦᠦ ᠶᠡᠬᠡ ᠃
⑦ ᠴᠢᠬᠢ ᠨᠢᠮᠭᠡᠨ ᠪᠥᠭᠡᠳ ᠦᠵᠦᠭᠦᠷᠲᠡᠢ᠃
⑧ ᠳᠥᠷᠪᠡᠨ ᠲᠤᠭᠤᠷᠠᠢ ᠬᠤᠷᠴᠠ ᠪᠥᠭᠡᠳ ᠬᠢᠮᠤᠰᠤᠯᠠᠵᠤ ᠭᠢᠰᠬᠢᠬᠦ᠃
⑨ ᠬᠣᠰᠢᠭᠤ ᠤᠷᠲᠤ᠃
⑩ ᠨᠢᠳᠦ ᠬᠥᠮᠥᠰᠬᠡ ᠶᠡᠬᠡ᠃
⑪ ᠤᠬᠤᠷᠬᠠᠢ ᠬᠣᠩᠬᠣᠷ᠃
⑫ ᠶᠡᠷᠦ ᠨᠢ ᠮᠢᠬ᠎ᠠ ᠮᠠᠭᠤᠲᠠᠢ ᠵᠡᠷᠭᠡ ᠰᠢᠨᠵᠢ ᠪᠠᠢᠳᠠᠭ ᠃ ᠬᠠᠮᠤᠭ ᠤ᠋ᠨ ᠭᠣᠣᠯ ᠰᠢᠨᠵᠢᠯᠡᠭᠡ ᠭᠡᠪᠡᠯ ᠂ ᠠᠯᠠᠭᠳᠠᠭ᠎ᠠ ᠮᠡᠲᠦ ᠬᠡᠯᠪᠡᠷᠢᠲᠡᠢ ᠂ ᠲᠤᠭᠤᠯ ᠬᠣᠩᠰᠢᠶᠠᠷ ᠂ ᠪᠦᠯᠲᠡᠭᠡᠷ ᠨᠢᠳᠦ ᠂ ᠢᠮᠠᠭᠠᠨ ᠴᠢᠬᠢᠲᠡᠢ ᠂ ᠰᠡᠭᠦᠯ ᠨᠢ ᠣᠭᠣᠳᠣᠩᠨᠠᠭᠰᠠᠨ ᠲᠤᠭᠤᠯ ᠤ᠋ᠨ ᠮᠡᠲᠦ ᠃ ᠰᠡᠷᠪᠡᠭᠡᠨ ᠣ ᠬᠣᠶᠠᠷ ᠲᠠᠯ᠎ᠠ ᠶ᠋ᠢᠨ ᠬᠠᠪᠢᠷᠭᠠᠨ ᠮᠠᠲᠠᠭᠠᠰᠤ ᠨᠢ ᠭᠤᠶ᠎ᠠ ᠠ᠋ᠴᠠ ᠭᠠᠳᠠᠭᠤᠷ ᠦᠵᠡᠭᠳᠡᠬᠦ ᠂ ᠳᠥᠷᠪᠡᠨ ᠬᠥᠯ ᠦ᠋ᠨ ᠭᠢᠰᠬᠢᠯᠲᠡ ᠴᠥᠭ ᠴᠥᠭ ᠭᠡᠰᠡᠨ ᠪᠠᠢᠪᠠᠯ ᠡᠷᠬᠡᠪᠰᠢ ᠰᠠᠢᠨ ᠮᠣᠷᠢ ᠪᠣᠯᠤᠨ᠎ᠠ᠃
ᠪᠠᠰᠠ ᠨᠢᠭᠡ ᠨᠢ ᠤᠨᠠᠭᠠᠨ ᠤ᠋ ᠪᠡᠶ᠎ᠡ ᠨᠢ ᠲᠤᠷᠤᠭ ᠪᠦᠳᠦᠭᠦᠨ ᠪᠥᠭᠡᠳ ᠳᠥᠯᠭᠡᠨ᠂ ᠬᠡᠵᠢᠶᠡᠳᠡ ᠭᠠᠵᠠᠷ ᠴᠢᠩᠨᠠᠨ ᠶᠠᠪᠤᠬᠤ ᠪᠠ ᠦᠷᠭᠦᠯᠵᠢ ᠰᠡᠭᠦᠯ ᠢ᠋ᠶ᠋ᠡᠨ ᠬᠣᠶᠠᠷ ᠲᠠᠢᠰᠢ ᠰᠠᠮᠪᠠᠭᠠᠨᠠᠭᠤᠯᠵᠤ ᠠᠯᠬᠤᠬᠤ ᠪᠥᠭᠡᠳ ᠭᠠᠵᠠᠷ ᠬᠠᠷᠠᠭᠰᠠᠨ ᠮᠡᠲᠦ ᠶᠠᠪᠤᠬᠤ ᠤᠨᠠᠭ᠎ᠠ ᠰᠠᠢᠨ ᠃ ᠡᠪᠦᠳᠦᠭ ᠪᠣᠷᠪᠢ ᠰᠢᠯᠤᠭᠤᠨ ᠨᠠᠷᠢᠨ᠂ ᠪᠡᠶ᠎ᠡ ᠨᠢ ᠪᠥᠭᠡᠷᠡᠩᠬᠡᠢ ᠨᠠᠷᠢᠨ ᠂ ᠡᠬᠡ ᠪᠡᠨ ᠠᠵᠢᠷᠭᠠᠯᠠᠨ ᠬᠠᠵᠠᠬᠤ ᠂ ᠮᠣᠷᠢᠳ ᠲᠠᠢ ᠬᠠᠨᠢᠯᠠᠬᠤ ᠡᠢᠮᠦ ᠤᠨᠠᠭ᠎ᠠ ᠪᠦᠳᠦᠭᠦᠷᠡᠬᠦ ᠳᠣᠳᠣᠮ ᠰᠤᠯᠠᠷᠠᠨ᠎ᠠ᠃
ᠳᠠᠭ᠎ᠠ᠂ ᠰᠢᠳᠦᠯᠡᠩ ᠪᠦᠬᠦᠢ ᠳ᠋ᠦ᠍ ᠰᠢᠨᠵᠢᠬᠦ
① ᠪᠡᠶ᠎ᠡ ᠨᠢ ᠲᠤᠷᠤᠭ ᠡᠯᠪᠡᠭ ᠄ ᠳᠥᠷᠪᠡᠨ ᠬᠥᠯ ᠪᠦᠳᠦᠭᠦᠨ ᠂ ᠭᠡᠳᠡᠰᠦ ᠨᠢᠷᠤᠭᠤ ᠰᠢᠯᠤᠭᠤᠨ ᠂ ᠲᠤᠭᠤᠷᠠᠢ ᠨᠢ ᠶᠡᠬᠡ ᠂ ᠤᠷᠤᠭᠤᠯ ᠬᠥᠮᠥᠰᠬᠡ ᠡᠯᠪᠡᠭ ᠂ ᠱᠣᠭᠰᠢᠬᠤ ᠨᠢ ᠬᠦᠨᠳᠦ ᠂ ᠨᠢᠳᠦ ᠨᠢ ᠲᠡᠯᠡᠭᠦᠦ ᠪᠥᠭᠡᠳ ᠬᠠᠪᠰᠤᠷᠭ᠎ᠠ ᠨᠢ ᠲᠡᠭᠰᠢ ᠪᠣᠯ ᠰᠠᠢᠨ ᠃
② ᠳᠥᠷᠪᠡᠨ ᠬᠥᠯ ᠢ᠋ᠶ᠋ᠡᠨ ᠨᠠᠷᠠᠨ ᠳ᠋ᠤ᠌ ᠡᠭᠡᠭᠡᠵᠦ ᠬᠡᠪᠲᠡᠬᠦ ᠂ ᠪᠠᠭᠠᠭᠠᠳ ᠪᠠᠭᠠᠰᠤ ᠪᠠᠨ ᠦᠨᠦᠷᠯᠡᠬᠦ ᠂ ᠬᠥᠮᠦᠨ ᠢ᠋ ᠡᠷᠭᠢᠵᠦ ᠬᠠᠷᠠᠬᠤ ᠂ ᠭᠡᠭᠦᠦ ᠠᠵᠢᠷᠭᠠᠯᠠᠵᠤ ᠶᠠᠪᠤᠬᠤ ᠡᠨᠡ ᠰᠠᠢᠨ᠃
③ ᠤᠷᠲᠤ ᠬᠥᠯ ᠰᠢᠳᠤᠷᠭᠤ᠂ ᠬᠣᠷᠢᠲᠤ ᠬᠥᠯ ᠰᠠᠭᠤᠩᠭᠢ᠂ ᠪᠣᠷᠪᠢ ᠪᠦᠳᠦᠭᠦᠨ᠂ ᠡᠪᠴᠢᠭᠦᠦ ᠳᠣᠣᠷ᠎ᠠ ᠪᠥᠭᠡᠳ ᠣᠷᠣᠭᠰᠢ ᠳᠣᠷᠢᠩᠬᠢ ᠶᠣᠷᠪᠣᠭᠣᠷ᠂ ᠬᠦᠵᠦᠭᠦᠦ ᠬᠣᠩᠰᠢᠶᠠᠷ ᠤᠷᠲᠤ ᠪᠣᠯ ᠡᠨᠡ ᠮᠠᠰᠢ ᠬᠤᠷᠳᠤᠨ ᠤ᠋ ᠰᠢᠨᠵᠢ᠃
ᠤᠶᠠᠭᠠᠨ ᠳᠡᠭᠡᠷ᠎ᠡ ᠰᠢᠨᠵᠢᠬᠦ
① ᠰᠠᠢᠨ ᠮᠣᠷᠢ ᠶ᠋ᠢ ᠬᠣᠯᠠ ᠠ᠋ᠴᠠ ᠬᠠᠷᠠᠬᠤ ᠳ᠋ᠤ᠌ ᠤᠷᠲᠤ ᠬᠥᠯ ᠢ᠋ᠶ᠋ᠡᠨ ᠬᠣᠢᠰᠢ ᠵᠢᠰᠢᠭᠦᠦ ᠰᠢᠭᠠᠭᠰᠠᠨ ᠭᠠᠳᠠᠰᠤ ᠮᠡᠲᠦ ᠲᠤᠩ ᠰᠢᠳᠤᠷᠭᠤ ᠭᠢᠰᠬᠢᠪᠡᠯ ᠠᠩᠬᠠᠷᠤᠨ ᠰᠢᠨᠵᠢᠬᠦ ᠮᠣᠷᠢ ᠶ᠋ᠢᠨ ᠨᠢᠭᠡ ᠳᠡ᠃
② ᠤᠶᠠᠬᠤ ᠳ᠋ᠤ᠌ ᠳᠥᠷᠪᠡᠨ ᠬᠥᠯ ᠨᠢ ᠨᠡᠢᠯᠡᠬᠦ ᠰᠢᠬᠠᠮ ᠭᠢᠰᠬᠢᠭᠡᠳ ᠤᠶᠠᠭᠠᠨ ᠳ᠋ᠠᠭᠠᠨ ᠲᠦᠰᠢᠭᠡᠳ ᠦᠷᠭᠦᠯᠵᠢ ᠵᠡᠭᠦᠷᠮᠡᠭᠯᠡᠨ ᠤᠨᠲᠠᠭᠠᠳ ᠪᠠᠢᠬᠤ ᠂ ᠭᠡᠨᠡᠳᠲᠡ ᠰᠣᠴᠢᠨ ᠰᠡᠷᠡᠬᠦ᠂ ᠰᠤᠨᠢᠶᠠᠬᠤ᠃
③ ᠡᠮᠦᠨ᠎ᠡ ᠬᠣᠶᠠᠷ ᠬᠥᠯ ᠢ᠋ᠶ᠋ᠡᠷ ᠢ᠋ᠶ᠋ᠡᠨ ᠡᠪᠴᠢᠭᠦᠦ ᠪᠡᠨ ᠳᠡᠯᠡᠳᠬᠦ᠃
④ ᠬᠠᠷᠭᠠᠮ ᠢ᠋ ᠨᠢ ᠬᠣᠢᠨ᠎ᠠ ᠠ᠋ᠴᠠ ᠨᠢ ᠬᠠᠷᠠᠬᠤ ᠳ᠋ᠤ᠌ ᠪᠥᠬᠥᠢᠵᠦ ᠨᠢᠰᠬᠦ ᠭᠡᠵᠦ ᠪᠠᠢᠭ᠎ᠠ ᠪᠦᠷᠭᠦᠳ ᠦ᠋ᠨ ᠪᠠᠢᠳᠠᠯ ᠲᠠᠢ᠃
⑤ ᠲᠡᠰᠢᠶ᠎ᠡ ᠨᠢ ᠳᠡᠰ ᠦ᠋ᠨ ᠵᠢᠭᠦᠷ ᠮᠡᠲᠦ ᠬᠡᠯᠪᠡᠷᠢᠲᠡᠢ᠃
⑥ ᠵᠣᠭᠰᠣᠬᠤ ᠨᠢ ᠮᠡᠯᠡᠬᠡᠢ ᠳᠦᠦᠭᠡᠬᠦ ᠮᠡᠲᠦ ᠶᠠᠩᠵᠤᠲᠠᠢ᠃
ᠰᠣᠷᠢᠵᠤ ᠳᠠᠪᠬᠢᠭᠤᠯᠵᠤ ᠰᠢᠨᠵᠢᠬᠦ
① ᠬᠤᠷᠳᠤᠨ ᠮᠣᠷᠢᠨ ᠤ᠋ ᠳᠠᠪᠬᠢᠬᠤ ᠶ᠋ᠢ ᠬᠠᠵᠠᠭᠤ ᠠ᠋ᠴᠠ ᠨᠢ ᠬᠠᠷᠠᠬᠤ ᠳ᠋ᠤ᠌ ᠂ ᠳᠥᠷᠪᠡᠨ ᠬᠥᠯ ᠦ᠋ᠨ ᠬᠢᠨᠢ ᠬᠠᠮᠤᠬᠤ ᠨᠢ ᠶᠠᠭ ᠬᠣᠯᠪᠣᠭᠠᠲᠠᠢ ᠶᠤᠮ ᠰᠢᠭ᠋ ᠦᠵᠡᠭᠳᠡᠨ᠎ᠡ᠃
② ᠲᠤᠭᠤᠷᠠᠢ ᠶ᠋ᠢᠨ ᠮᠥᠷ ᠨᠢ ᠪᠦᠬᠦᠯᠢ ᠪᠢᠰᠢ ᠂ ᠪᠦᠷ ᠬᠢᠮᠤᠰᠤᠯᠠᠵᠤ ᠡᠮᠦᠨ᠎ᠡ ᠬᠠᠭᠠᠰ ᠨᠢ ᠭᠠᠷᠤᠭᠰᠠᠨ ᠪᠠᠢᠭ᠎ᠠ᠃
③ ᠣᠢᠷᠠᠬᠠᠨ ᠰᠣᠷᠢᠭᠠᠨ ᠳ᠋ᠤ᠌ ᠳᠥᠷᠪᠡᠨ ᠬᠥᠯ ᠦ᠋ᠨ ᠮᠥᠷ ᠨᠢᠭᠡ ᠯᠡ ᠱᠤᠭᠤᠮ ᠳ᠋ᠤ᠌ ᠵᠢᠷᠢᠢᠨ ᠦᠵᠡᠭᠳᠡᠨ᠎ᠡ᠃ ᠵᠢᠱ᠌ᠢᠶᠡᠯᠡᠪᠡᠯ : 0 – 00 – 0 ᠂ 0 – 00 – 0
ᠲᠣᠯᠣᠭᠠᠢ ᠪᠠᠷ ᠰᠢᠨᠵᠢᠬᠦ
① ᠠᠷᠢᠶᠠᠲᠠᠨ ᠤ᠋ ᠲᠣᠯᠣᠭᠠᠢ ᠭᠡᠭᠴᠢ ᠨᠢ ᠤᠷᠤᠭᠤᠯ ᠠᠮᠠ ᠶᠡᠬᠡ ᠂ ᠬᠠᠩᠰᠢᠶᠠᠷ ᠲᠠᠰᠤᠷᠬᠠᠢ ᠂ ᠨᠢᠳᠦ ᠤᠯᠠᠭᠠᠨ ᠪᠥᠭᠡᠳ ᠳᠣᠭᠰᠢᠨ ᠂ ᠨᠢᠳᠦᠨ ᠦ᠌ ᠶᠡᠬᠡ ᠪᠠᠭ᠎ᠠ ᠨᠢ ᠳᠤᠮᠳᠠᠴᠢ ᠪᠠᠢᠳᠠᠭ᠃
② ᠮᠡᠯᠡᠬᠡᠢ ᠲᠣᠯᠣᠭᠠᠢᠲᠤ ᠭᠡᠭᠴᠢ ᠨᠢ ᠲᠣᠯᠣᠭᠠᠢ ᠨᠢ ᠪᠣᠭᠣᠨᠢ ᠰᠢᠭ᠋ ᠂ ᠮᠠᠩᠨᠠᠢ ᠶᠡᠬᠡ ᠂ ᠨᠢᠳᠦ ᠶᠡᠬᠡ ᠂ ᠬᠡᠯᠡᠨ ᠦ᠌ ᠬᠡᠪᠲᠡᠰᠢ ᠠᠭᠤᠤ ᠂ ᠠᠮᠠ ᠶᠡᠬᠡ ᠂ ᠰᠠᠮᠰᠠ ᠶᠡᠬᠡ ᠂ ᠡᠨᠡ ᠡᠷᠬᠢᠮ ᠰᠠᠢᠨ᠃
③ ᠬᠣᠨᠢᠨ ᠲᠣᠯᠣᠭᠠᠢ ᠭᠡᠭᠴᠢ ᠨᠢ ᠪᠥᠬᠥᠢᠭᠰᠡᠨ ᠲᠣᠯᠣᠭᠠᠢᠲᠠᠢ ᠂ ᠮᠠᠩᠨᠠᠢ ᠶᠡᠬᠡ ᠤᠷᠲᠤ ᠂ ᠲᠣᠯᠣᠭᠠᠢ ᠶ᠋ᠢᠨ ᠠᠭᠤᠯᠵᠠᠷ ᠪᠦᠳᠦᠭᠦᠨ ᠂ ᠨᠢᠳᠦ ᠶᠡᠬᠡ ᠂ ᠬᠡᠯᠡᠨ ᠦ᠌ ᠬᠡᠪᠲᠡᠰᠢ ᠠᠭᠤᠤ ᠂ ᠠᠮᠠ ᠤᠷᠤᠭᠤᠯ ᠶᠡᠬᠡ᠃
④ ᠲᠠᠤᠯᠠᠢ ᠶ᠋ᠢᠨ ᠲᠣᠯᠣᠭᠠᠢ ᠭᠡᠭᠴᠢ ᠨᠢ ᠨᠢᠳᠦ ᠶᠡᠬᠡ ᠂ ᠬᠠᠩᠰᠢᠶᠠᠷ ᠪᠥᠭᠲᠥᠷ ( ᠮᠣᠩᠬᠣᠷ ) ᠂ ᠲᠣᠯᠣᠭᠠᠢ ᠪᠢᠴᠢᠬᠠᠨ ᠂ ᠴᠢᠬᠢ ᠶᠡᠬᠡ ᠂ ᠨᠢᠭᠤᠷ ᠶᠡᠬᠡ ᠂ ᠬᠡᠯᠡᠨ ᠦ᠌ ᠬᠡᠪᠲᠡᠰᠢ ᠶᠡᠬᠡ ᠠᠭᠤᠤ ᠂ ᠡᠨᠡ ᠡᠷᠬᠢᠮ ᠰᠠᠢᠨ᠃
⑤ ᠬᠦᠳᠡᠷᠢ ᠶ᠋ᠢᠨ ᠲᠣᠯᠣᠭᠠᠢ ᠭᠡᠭᠴᠢ ᠨᠢ ᠪᠢᠴᠢᠬᠠᠨ ᠤᠷᠲᠤ ᠲᠣᠯᠣᠭᠠᠢᠲᠠᠢ ᠂ ᠲᠥᠭᠥᠷᠢᠭ ᠨᠢᠳᠦᠲᠡᠢ ᠂ ᠴᠢᠬᠢ ᠶᠡᠬᠡ ᠂ ᠠᠮᠠ ᠬᠠᠮᠠᠷ ᠴᠡᠪᠡᠷ᠃
⑥ ᠪᠤᠭᠤ ᠶ᠋ᠢᠨ ᠲᠣᠯᠣᠭᠠᠢ ᠭᠡᠭᠴᠢ ᠨᠢ ᠰᠢᠳᠤᠷᠭᠤ ᠬᠠᠮᠠᠷ ᠶᠡᠬᠡ ᠂ ᠮᠢᠬ᠎ᠠ ᠶᠠᠰᠤᠨ ᠤ᠋ ᠵᠠᠪᠰᠠᠷ ᠨᠢ ᠢᠯᠭᠠᠮᠵᠢᠲᠠᠢ ᠂ ᠬᠡᠯᠡᠨ ᠦ᠌ ᠬᠡᠪᠲᠡᠰᠢ ᠪᠢᠴᠢᠬᠠᠨ ᠂ ᠮᠠᠩᠨᠠᠢ ᠪᠢᠴᠢᠬᠠᠨ᠃
ᠲᠤᠭᠤᠷᠠᠢ ᠪᠠᠷ ᠰᠢᠨᠵᠢᠬᠦ
① ᠴᠢᠬᠢᠲᠦ ᠶ᠋ᠢᠨ ᠲᠤᠭᠤᠷᠠᠢ ᠭᠡᠭᠴᠢ ᠨᠢ ᠪᠥᠭᠡᠷᠡᠩᠬᠡᠢ᠂ ᠭᠠᠬᠠᠢ ᠪᠢᠴᠢᠬᠠᠨ ᠪᠥᠭᠡᠳ ᠦᠵᠦᠭᠦᠷ ᠲᠡᠭᠡᠨ ᠭᠦᠯᠮᠦᠷᠢ ᠂ ᠥᠰᠥᠭᠡᠢ ᠵᠤᠵᠠᠭᠠᠨ ᠂ ᠢᠷᠮᠡᠭ ᠨᠢᠮᠭᠡᠨ ᠂ ᠴᠥᠭᠥᠴᠡ ᠨᠢ ᠭᠦᠨ᠎ᠡ ᠂ ᠭᠠᠳᠠᠭᠠᠳᠤ ᠦᠵᠦᠭᠦᠷ ᠬᠤᠷᠴᠠ᠃
② ᠯᠠᠪᠠᠢ ᠠᠶᠠᠭ᠎ᠠ ᠭᠡᠭᠴᠢ ᠨᠢ ᠲᠤᠭᠤᠷᠠᠢ ᠨᠢ ᠴᠢᠬᠢᠲᠦ ᠶ᠋ᠢᠨ ᠲᠤᠭᠤᠷᠠᠢᠲᠠᠢ ᠠᠳᠠᠯᠢ ᠲᠥᠰᠦᠷ ᠪᠣᠯᠪᠠᠴᠤ ᠭᠠᠬᠠᠢ ᠤᠷᠲᠤ ᠨᠠᠷᠢᠨ ᠂ ᠬᠠᠲᠠᠭᠰᠠᠨ ᠮᠡᠲᠦ ᠲᠤᠭᠤᠷᠠᠢ ᠨᠢ ᠥᠨᠳᠥᠷ ᠪᠥᠭᠡᠳ ᠢᠷᠮᠡᠭ ᠨᠢ ᠬᠠᠯᠪᠠᠭᠠᠷ᠃
③ ᠮᠢᠬᠠᠨ ᠲᠤᠭᠤᠷᠠᠢ ᠭᠡᠭᠴᠢ ᠨᠢ ᠬᠠᠯᠪᠠᠭᠠᠷ ᠪᠣᠭᠣᠨᠢ ᠪᠥᠭᠡᠳ ᠭᠣᠨᠵᠤᠭᠤᠢᠯᠢᠭ᠂ ᠲᠤᠭᠤᠷᠠᠢ ᠶ᠋ᠢᠨ ᠦᠵᠦᠭᠦᠷ ᠤᠷᠲᠤ ᠂ ᠥᠰᠥᠭᠡᠢ ᠪᠡᠷ ᠢ᠋ᠶ᠋ᠡᠨ ᠭᠠᠵᠠᠷ ᠴᠢᠷᠬᠦ ᠂ ᠭᠠᠬᠠᠢ ᠶᠡᠬᠡ ᠪᠤᠯᠲᠠᠢᠬᠤ ᠂ ᠡᠨᠡ ᠲᠤᠭᠤᠷᠠᠢ ᠮᠠᠭᠤ᠃
④ ᠰᠢᠪᠠᠭᠤᠨ ᠬᠢᠮᠤᠰᠤ ᠭᠡᠭᠴᠢ ᠨᠢ ᠲᠤᠭᠤᠷᠠᠢ ᠨᠢ ᠨᠢᠮᠭᠡᠨ ᠬᠠᠯᠪᠠᠭᠠᠷ ᠂ ᠶᠡᠬᠡ ᠪᠣᠭᠣᠨᠢ ᠂ ᠲᠤᠭᠤᠷᠠᠢ ᠶ᠋ᠢᠨ ᠭᠠᠬᠠᠢ ᠶᠡᠬᠡ ᠪᠤᠯᠲᠠᠢᠵᠤ ᠶᠠᠪᠤᠬᠤ ᠂ ᠥᠰᠥᠭᠡᠢ ᠭᠠᠵᠠᠷ ᠴᠢᠷᠬᠦ ᠂ ᠡᠨᠡ ᠲᠤᠭᠤᠷᠠᠢ ᠮᠠᠭᠤ᠃
⑤ ᠰᠠᠷᠯᠤᠭ ᠤ᠋ᠨ ᠲᠤᠭᠤᠷᠠᠢ ᠭᠡᠭᠴᠢ ᠨᠢ ᠤᠭ ᠪᠦᠳᠦᠭᠦᠨ ᠶᠡᠬᠡ ᠂ ᠠᠮᠠᠰᠠᠷ ᠢ᠋ᠶ᠋ᠠᠷ ᠢ᠋ᠶ᠋ᠠᠨ ᠬᠥᠮᠦᠷᠢᠭᠦᠦ ( ᠴᠣᠮᠪᠣᠩ ) ᠂ ᠢᠷᠮᠡᠭ ᠨᠢ ᠬᠤᠷᠴᠠ ᠭᠣᠨᠵᠤᠭᠤᠢᠯᠢᠭ ᠠᠶᠠᠲᠠᠢ᠂ ᠥᠰᠥᠭᠡᠢ ᠵᠦᠭ ᠲᠦ᠍ ᠠᠩᠭᠠᠷᠬᠠᠢ ᠂ ᠭᠠᠬᠠᠢ ᠶ᠋ᠢᠨ ᠬᠥᠩᠬᠥᠷ ᠨᠢ ᠬᠠᠲᠠᠩᠭᠢᠷ᠂ ᠡᠨᠡ ᠲᠣᠭᠣᠷᠢ ᠡᠷᠬᠢᠮ᠃
ᠰᠡᠭᠦᠯ ᠢ᠋ᠶ᠋ᠡᠷ ᠰᠢᠨᠵᠢᠬᠦ
① ᠪᠦᠳᠦᠭᠦᠨ ᠪᠥᠭᠡᠳ ᠪᠣᠭᠣᠨᠢ ᠡᠷᠴᠢᠮᠲᠡᠢ ᠰᠡᠭᠦᠯ ᠰᠠᠢᠨ᠃
② ᠨᠠᠷᠢᠨ ᠪᠥᠭᠡᠳ ᠤᠷᠲᠤ ᠰᠡᠭᠦᠯ ᠠᠳᠠᠭ᠃
③ ᠰᠣᠯᠪᠢᠪᠠᠯ ᠳᠤᠮᠳᠠᠴᠢ (ᠪᠦᠳᠦᠭᠦᠨ ᠪᠥᠭᠡᠳ ᠤᠷᠲᠤ ᠰᠤᠯᠠ ᠂ ᠨᠠᠷᠢᠨ ᠪᠥᠭᠡᠳ ᠪᠣᠭᠣᠨᠢ ᠡᠷᠴᠢᠮᠲᠡᠢ )᠃
ᠳᠠᠭᠤᠨ ᠢ᠋ᠶ᠋ᠠᠷ ᠰᠢᠨᠵᠢᠬᠦ
① ᠪᠣᠯᠵᠣᠮᠣᠷ ᠤ᠋ᠨ ᠳᠠᠭᠤᠨ ᠮᠡᠲᠦ ᠨᠠᠷᠢᠨ ᠡᠷᠴᠢᠮᠲᠡᠢ ᠪᠣᠯ ᠡᠷᠬᠢᠮ᠃
② ᠡᠯᠢᠶ᠎ᠡ ᠶ᠋ᠢᠨ ᠳᠠᠭᠤᠨ ᠮᠡᠲᠦ ᠡᠷᠴᠢᠮᠲᠡᠢ ᠪᠣᠯ ᠳᠤᠮᠳᠠ᠃
③ ᠭᠠᠬᠠᠢ ᠶ᠋ᠢᠨ ᠳᠠᠭᠤ ᠮᠡᠲᠦ ᠪᠥᠭᠡᠳ ᠬᠠᠮᠠᠷ ᠢ᠋ᠶ᠋ᠠᠨ ᠬᠤᠸᠠᠷᠳ᠋ ᠭᠡᠵᠦ ᠶᠡᠬᠡ ᠳᠤᠤᠭᠠᠷᠭᠠᠳᠠᠭ ᠨᠢ ᠠᠳᠠᠭ ᠮᠠᠭᠤ᠃
ᠢᠳᠡᠰᠢ ᠪᠡᠷ ᠰᠢᠨᠵᠢᠬᠦ
① ᠢᠳᠡᠰᠢ ᠶᠡᠬᠡ ᠂ ᠪᠠᠭᠠᠰᠤ ᠪᠢᠴᠢᠬᠠᠨ ᠪᠣᠯ ᠡᠷᠬᠢᠮ᠃
② ᠢᠳᠡᠰᠢ ᠪᠠᠭ᠎ᠠ ᠂ ᠪᠠᠭᠠᠰᠤ ᠶᠡᠬᠡ ᠪᠣᠯ ᠠᠳᠠᠭ᠃
③ ᠰᠣᠯᠪᠢᠪᠠᠯ ᠳᠤᠮᠳᠠᠴᠢ ( ᠢᠳᠡᠰᠢ ᠶᠡᠬᠡ ᠂ ᠪᠠᠭᠠᠰᠤ ᠶᠡᠬᠡ ᠪᠤᠶᠤ ᠢᠳᠡᠰᠢ ᠪᠠᠭ᠎ᠠ ᠂ ᠪᠠᠭᠠᠰᠤ ᠪᠠᠭ᠎ᠠ ) ᠃
ᠤᠰᠤ ᠤᠤᠭᠤᠬᠤ ᠪᠠᠷ ᠰᠢᠨᠵᠢᠬᠦ
① ᠤᠰᠤ ᠶ᠋ᠢ ᠭᠤᠷᠪᠠᠨ ᠦᠶ᠎ᠡ ᠲᠠᠰᠤᠯᠤᠨ ᠤᠤᠭᠤᠪᠠᠯ ᠪᠠᠷᠰ ᠤ᠋ᠨ ᠶᠣᠰᠣᠲᠤ ᠲᠤᠯᠠ ᠰᠠᠢᠨ᠃
② ᠤᠰᠤ ᠶ᠋ᠢ ᠬᠣᠶᠠᠷ ᠦᠶ᠎ᠡ ᠲᠠᠰᠤᠯᠵᠤ ᠤᠤᠭᠤᠪᠠᠯ ᠴᠢᠬᠢᠲᠡᠢ ᠪᠤᠶᠤ ᠪᠤᠭᠤ ᠶᠣᠰᠣᠲᠤ ᠲᠤᠯᠠ ᠳᠤᠮᠳᠠᠴᠢ᠃
③ ᠤᠰᠤ ᠶ᠋ᠢ ᠲᠠᠰᠤᠯᠤᠯ ᠦᠭᠡᠢ ᠭᠠᠭᠴᠠᠬᠠᠨ ᠶᠡᠬᠡ ᠤᠤᠭᠤᠪᠠᠯ ᠡᠯᠵᠢᠭᠡ ᠬᠢᠭᠡᠳ ᠦᠬᠡᠷ ᠶᠣᠰᠣᠲᠤ ᠲᠤᠯᠠ ᠮᠠᠭᠤ ᠂ ᠭᠡᠪᠡᠴᠦ ᠶᠡᠷᠦ ᠶ᠋ᠢᠨ ᠲᠡᠵᠢᠭᠡᠬᠦ ᠳ᠋ᠦ᠍ ᠰᠠᠢᠨ ᠃ ᠡᠩ ᠦ᠋ᠨ ᠤᠨᠤᠭᠠᠷᠢ ᠳ᠋ᠤ᠌ ᠰᠠᠢᠨ᠃
ᠮᠥᠷ ᠢ᠋ᠶ᠋ᠡᠷ ᠰᠢᠨᠵᠢᠬᠦ
① ᠲᠤᠭᠤᠷᠠᠢ ᠶ᠋ᠢᠨ ᠢᠷᠮᠡᠭ ᠡᠴᠡ ᠥᠭᠡᠷ᠎ᠡ ᠲᠣᠳᠣ ᠮᠥᠷ ᠦᠭᠡᠢ᠂ ᠪᠥᠭᠡᠳ ᠥᠰᠥᠭᠡᠢ ᠶ᠋ᠢᠨ ᠮᠥᠷ ᠪᠠᠯᠠᠷᠬᠠᠢ ᠪᠣᠯᠪᠠᠯ ᠡᠷᠬᠢᠮ ᠰᠠᠢᠨ᠃
② ᠤᠷᠲᠤ ᠬᠥᠯ ᠦ᠋ᠨ ᠮᠥᠷ ᠡᠴᠡ ᠬᠣᠢᠲᠤ ᠬᠥᠯ ᠦ᠋ᠨ ᠮᠥᠷ ᠬᠡᠳᠦ ᠭᠢᠰᠬᠢᠪᠡᠯ ᠳᠤᠮᠳᠠ᠃
③ ᠳᠥᠷᠪᠡᠨ ᠬᠥᠯ ᠦ᠋ᠨ ᠮᠥᠷ ᠪᠦᠬᠦᠯᠢ ᠲᠣᠳᠣ ᠪᠣᠯᠤᠭᠠᠳ ᠤᠷᠲᠤ ᠬᠥᠯ ᠦ᠋ᠨ ᠮᠥᠷ ᠢ᠋ ᠬᠣᠢᠲᠤ ᠬᠥᠯ ᠦ᠋ᠨ ᠮᠥᠷ ᠡᠰᠡ ᠭᠦᠢᠴᠡᠨ ᠭᠢᠰᠬᠢᠪᠡᠯ ᠠᠳᠠᠭ ᠮᠠᠭᠤ᠃
ᠴᠢᠬᠢ ᠪᠡᠷ ᠰᠢᠨᠵᠢᠬᠦ
① ᠴᠢᠬᠢᠨ ᠦ᠌ ᠤᠷᠭᠤᠴᠠ ᠬᠠᠪᠴᠢᠭ ᠬᠡᠪ ᠲᠡᠢ ᠤᠷᠭᠤᠭᠰᠠᠨ ᠪᠥᠭᠡᠰᠦ ᠣᠷᠣᠭ᠎ᠠ ᠪᠥᠭᠡᠳ ᠬᠤᠷᠴᠠ ᠴᠢᠬᠢ ᠲᠤᠯᠠ ᠠᠶᠤᠮᠠᠲᠠᠭᠠᠢ ᠭᠡᠳᠡᠭ᠃
② ᠴᠢᠬᠢ ᠨᠢ ᠬᠣᠶᠠᠷ ᠲᠡᠢᠰᠢ ᠳᠠᠯᠪᠠᠩ ᠪᠥᠭᠡᠰᠦ ᠪᠡᠯᠪᠡᠰᠦᠨ ᠵᠠᠶᠠᠭᠠᠲᠤ ᠲᠤᠯᠠ ᠲᠡᠢᠨ ᠪᠠ ᠬᠣᠯᠠ ᠠᠶᠠᠨ ᠳ᠋ᠤ᠌ ᠴᠡᠭᠡᠷᠯᠡᠬᠦ᠃
③ ᠬᠣᠶᠠᠷ ᠴᠢᠬᠢᠨ ᠦ᠌ ᠦᠵᠦᠭᠦᠷ ᠰᠢᠬᠠᠮ ᠰᠠᠷᠲᠠᠩ ᠪᠥᠭᠡᠳ ᠬᠣᠲᠣᠭᠣᠷ ᠪᠥᠭᠡᠰᠦ ᠣᠯᠠᠨ ᠢᠵᠢᠯᠢ ᠲᠡᠢ᠃
④ ᠤᠨᠤᠵᠤ ᠶᠠᠪᠤᠬᠤ ᠳ᠋ᠤ᠌ ᠴᠢᠬᠢ ᠪᠡᠨ ᠰᠣᠯᠪᠢᠵᠤ ᠬᠠᠢᠴᠢᠯᠠᠨ ᠶᠠᠪᠤᠪᠠᠯ ᠬᠤᠷᠳᠤᠨ ᠤ᠋ ᠲᠡᠮᠳᠡᠭ᠃
⑤ ᠴᠢᠬᠢ ᠨᠢ ᠤᠷᠤᠭᠰᠢ ᠮᠥᠬᠥᠬᠡᠷ ᠪᠥᠭᠡᠰᠦ ᠡᠮᠦᠨ᠎ᠡ ᠡᠴᠡ ᠪᠡᠨ ᠬᠠᠯᠢᠷᠠᠨ ᠦᠷᠭᠦᠬᠦ᠃
⑥ ᠴᠢᠬᠢ ᠰᠢᠳᠤᠷᠭᠤ ᠨᠢᠮᠭᠡᠨ ᠤᠷᠲᠤ ᠨᠢ ᠰᠠᠢᠨ᠃
ᠨᠢᠳᠦᠨ ᠬᠠᠷᠠᠴᠠ ᠪᠠᠷ ᠰᠢᠨᠵᠢᠬᠦ
① ᠨᠢᠳᠦ ᠬᠣᠶᠠᠷ ᠲᠡᠢᠰᠢ ᠬᠠᠵᠠᠭᠠᠢ ᠳᠡᠭᠡᠷ᠎ᠡ ᠳᠣᠣᠷ᠎ᠠ ᠬᠠᠷᠠᠭᠳᠠᠪᠠᠯ ᠭᠠᠵᠠᠷᠯᠠᠬᠤ ᠪᠣᠯᠤᠨ ᠭᠦᠶᠦᠬᠦ ᠮᠠᠭᠠᠳ ᠦᠭᠡᠢ᠃
② ᠵᠠᠰᠠᠵᠤ ᠪᠠᠢᠬᠤ ᠴᠠᠭ ᠲᠤ᠌ ᠨᠢᠳᠦ ᠪᠡᠷ ᠢ᠋ᠶ᠋ᠡᠨ ᠠᠭᠤᠯᠠ ᠶ᠋ᠢᠨ ᠣᠷᠣᠢ ᠬᠠᠷᠠᠨ᠂ ᠤᠨᠤᠬᠤ ᠳ᠋ᠤ᠌ ᠰᠡᠭᠦᠯ ᠢ᠋ᠶ᠋ᠡᠨ ᠰᠢᠷᠪᠠᠨ ᠠᠯᠢᠶ᠎ᠠ ᠬᠤᠷᠴᠠ ᠪᠣᠯᠭᠠᠪᠠᠯ ᠦᠯᠦ ᠭᠦᠶᠦᠬᠦ ᠶ᠋ᠢᠨ ᠲᠡᠮᠳᠡᠭ᠃
③ ᠨᠢᠳᠦ ᠪᠡᠨ ᠴᠡᠪᠴᠢᠯᠬᠢᠯᠡᠵᠦ ᠡᠵᠡᠨ ᠢ᠋ᠶ᠋ᠡᠨ ᠬᠠᠵᠠᠯᠠᠬᠤ ᠶ᠋ᠢ ᠳᠤᠷᠠᠯᠠᠪᠠᠯ ᠡᠵᠡᠨ ᠡᠴᠡ ᠪᠡᠨ ᠰᠠᠯᠤᠯᠴᠠᠬᠤ ᠶ᠋ᠢᠨ ᠲᠡᠮᠳᠡᠭ᠃
④ ᠨᠢᠳᠦ ᠪᠡᠨ ᠳᠤᠯᠠᠭᠠᠨ ᠢ᠋ᠶ᠋ᠠᠷ ᠬᠠᠷᠠᠨ ᠢᠨᠠᠭ ᠡᠷ᠎ᠡ ᠡᠮ᠎ᠡ ᠮᠡᠲᠦ ᠬᠠᠷᠠᠴᠠ ᠪᠠᠷ ᠰᠠᠢᠬᠠᠨ ᠠᠭᠠᠰᠢ ᠠᠭᠠᠯᠢᠯᠠᠨ ᠬᠥᠮᠦᠨ ᠦ᠌ ᠮᠥᠷᠦᠨ ᠳᠡᠭᠡᠷ᠎ᠡ ᠲᠣᠯᠣᠭᠠᠢ ᠪᠠᠨ ᠲᠠᠯᠪᠢᠵᠤ ᠪᠠᠢᠪᠠᠯ ᠶᠡᠬᠡ ᠡᠭᠡᠯᠢᠲᠡᠨ ᠲᠤᠯᠠ ᠬᠢᠴᠢᠶᠡᠨ ᠬᠠᠳᠠᠭᠠᠯᠠᠬᠤ ᠬᠡᠷᠡᠭᠲᠡᠢ ᠃ ᠪᠤᠰᠤᠳ ᠲᠤ᠌ ᠥᠭᠪᠡᠯ ᠂ ᠡᠵᠡᠨ ᠰᠦᠷᠦᠭ ᠲᠡᠭᠡᠨ ᠮᠠᠭᠤ ᠭᠡᠨ᠎ᠡ᠃
⑤ ᠭᠦᠶᠦᠬᠦ ᠳ᠋ᠡᠭᠡᠨ ᠭᠤᠶᠠᠳᠠᠭᠤᠯᠤᠨ ᠰᠢᠷᠪᠠᠪᠠᠰᠤ ᠰᠡᠳᠬᠢᠯ ᠠᠭᠤᠤ ᠲᠤᠯᠠ ᠣᠯᠠᠨ ᠤ᠋ ᠳᠤᠮᠳᠠ ᠪᠤᠶᠤ ᠬᠣᠯᠠ ᠳ᠋ᠤ᠌ ᠭᠦᠶᠦᠬᠦ ᠶ᠋ᠢᠨ ᠰᠠᠢᠨ ᠲᠡᠮᠳᠡᠭ ᠭᠡᠵᠡᠢ᠃
ᠵᠢᠰᠦᠮ ᠢ᠋ᠶ᠋ᠡᠷ ᠰᠢᠨᠵᠢᠬᠦ
ᠡᠨᠡ ᠬᠡᠰᠡᠭ ᠲᠦ᠍᠂ ᠪᠠᠢᠯᠳᠤᠬᠤ ᠪᠣᠯᠤᠨ ᠶᠡᠬᠡᠰ ᠦ᠋ᠨ ᠤᠨᠤᠬᠤ ᠂ ᠶᠡᠬᠡᠰ ᠲᠦ᠍ ᠪᠠᠷ᠎ᠠ ᠪᠣᠯᠬᠤ ᠥᠯᠵᠡᠢᠲᠡᠢ 15 ᠵᠢᠰᠦ ᠶ᠋ᠢ ᠥᠭᠦᠯᠡᠭᠰᠡᠨ ᠨᠢ ᠭᠣᠣᠯ ᠪᠣᠯᠪᠠᠴᠤ ᠮᠥᠨ ᠬᠤᠷᠳᠤᠨ ᠤ᠋ ᠵᠢᠰᠦᠮ ᠴᠦ᠍ ᠵᠣᠬᠢᠬᠤ ᠲᠣᠭ᠎ᠠ ᠪᠠᠷ ᠪᠠᠭᠲᠠᠵᠤ ᠪᠣᠢ᠃
① ᠤᠯᠠᠭᠠᠨ ᠬᠣᠰᠢᠭᠤ ᠦᠭᠡᠢ ᠰᠠᠢᠬᠠᠨ ᠴᠠᠭᠠᠨ᠃
② ᠲᠣᠰᠣᠲᠠᠢ ᠰᠠᠢᠬᠠᠨ ᠭᠢᠯᠠᠭᠠᠷ ᠬᠠᠷ᠎ᠠ᠃
③ ᠡᠯᠢᠭᠡᠨ ᠥᠩᠭᠡᠲᠡᠢ ᠬᠦᠷᠡᠩ᠃
④ ᠴᠢᠰᠤᠨ ᠵᠡᠭᠡᠷᠳᠡ᠃
⑤ ᠵᠢᠪᠡᠲᠡᠢ ᠰᠠᠢᠬᠠᠨ ᠤᠯᠠᠭᠠᠨ᠃
⑥ ᠪᠣᠷᠣ᠃
⑦ ᠲᠣᠯᠪᠣᠲᠠᠢ ᠪᠣᠷᠣ᠃
⑧ ᠤᠢᠰᠤᠨ ᠬᠤᠸᠠ᠃
⑨ ᠴᠠᠭᠠᠨ ᠠᠮᠠᠲᠠᠢ ᠬᠠᠷ᠎ᠠ ᠬᠠᠯᠲᠠᠷ᠃
⑩ ᠰᠠᠢᠬᠠᠨ ᠤᠯᠠᠭᠠᠨ ᠬᠡᠭᠡᠷ᠃
⑪ ᠬᠠᠷ᠎ᠠ ᠬᠡᠭᠡᠷ᠃
⑫ ᠰᠠᠢᠬᠠᠨ ᠴᠠᠭᠠᠨ ᠪᠤᠭᠤᠷᠤᠯ᠃
⑬ ᠰᠠᠢᠬᠠᠨ ᠲᠡᠮᠦᠷ ᠬᠥᠬᠡ ᠃
⑭ ᠴᠠᠭᠠᠨ ᠰᠢᠷᠭ᠎ᠠ ᠃
⑮ ᠵᠠᠭᠠᠯ ᠦᠭᠡᠢ ᠬᠣᠩᠭᠣᠷ ᠃ ᠡᠳᠡᠭᠡᠷ ᠵᠢᠰᠦᠮ ᠢ᠋ ᠥᠯᠵᠡᠢᠲᠡᠢ ᠵᠢᠰᠦᠮ ᠭᠡᠵᠡᠢ᠃
ᠡᠷᠭᠢᠭᠦᠯᠭᠡ ᠪᠡᠷ ᠰᠢᠨᠵᠢᠬᠦ
① ᠮᠠᠩᠨᠠᠢ ᠳ᠋ᠤᠨᠢ ᠨᠠᠷᠠᠨ ᠵᠥᠪ ᠡᠷᠭᠢᠭᠦᠯᠭᠡᠲᠡᠢ ᠪᠥᠭᠡᠰᠦ ᠬᠠᠮᠢᠭ᠎ᠠ ᠴᠤ᠌ ᠬᠡᠷᠡᠭ ᠪᠦᠲᠦᠨ᠎ᠡ᠃
② ᠳᠤᠬᠤ(ᠮᠠᠩᠨᠠᠢ) ᠶ᠋ᠢᠨ ᠬᠣᠶᠠᠷ ᠦᠰᠦ ᠤᠭᠲᠤᠨ ᠨᠡᠢᠯᠡᠭᠰᠡᠨ ᠸᠴᠢᠷ ᠮᠡᠲᠦ ᠡᠷᠭᠢᠭᠦᠯᠭᠡ ᠪᠣᠯ ᠣᠯᠠᠨ ᠳ᠋ᠤ᠌ ᠮᠠᠭᠲᠠᠭᠳᠠᠬᠤ᠃
③ ᠬᠣᠶᠠᠷ ᠮᠥᠷᠦᠨ ᠳ᠋ᠦ᠍ ᠨᠠᠷᠠᠨ ᠵᠥᠪ ᠡᠷᠭᠢᠭᠦᠯᠭᠡᠲᠡᠢ ᠪᠥᠭᠡᠰᠦ ᠡᠵᠡᠨ ᠰᠦᠷᠦᠭ ᠲᠡᠭᠡᠨ ᠡᠭᠡᠯᠢᠲᠡᠢ᠃
④ ᠬᠠᠮᠢᠭ᠎ᠠ ᠨᠢ ᠴᠦ᠍ ᠪᠣᠯᠪᠠ ᠨᠠᠷᠠᠨ ᠵᠥᠪ ᠡᠷᠭᠢᠭᠦᠯᠭᠡᠲᠡᠢ ᠪᠣᠯ ᠰᠠᠢᠨ᠂ ᠥᠯᠵᠡᠢᠲᠡᠢ᠃
⑤ ᠰᠡᠷᠪᠡᠭᠡ ᠨᠡᠪᠲᠡ ᠡᠷᠭᠢᠭᠦᠯᠭᠡ ᠪᠣᠢ ᠪᠥᠭᠡᠰᠦ ᠲᠥᠷᠥ ᠶ᠋ᠢᠨ ᠲᠤᠭ ᠪᠠᠷᠢᠭᠴᠢ ᠳ᠋ᠤ᠌ ᠥᠯᠵᠡᠢᠲᠡᠢ᠃
⑥ ᠤᠭᠤᠴᠠᠨ ᠳ᠋ᠤ᠌ ᠨᠡᠪᠲᠡ ᠡᠷᠭᠢᠭᠦᠯᠭᠡ ᠪᠣᠢ ᠪᠥᠭᠡᠰᠦ ᠠᠮᠠᠨ ᠬᠡᠰᠢᠭ ᠦᠯᠦ ᠲᠠᠰᠤᠷᠠᠬᠤ᠃
⑦ ᠪᠥᠭᠲᠥᠷᠭᠡ ᠶ᠋ᠢᠨ ᠡᠷᠭᠢᠭᠦᠯᠭᠡ ᠪᠣᠢ ᠪᠥᠭᠡᠰᠦ ᠬᠠᠮᠢᠭ᠎ᠠ ᠶᠠᠪᠤᠪᠠᠴᠤ ᠭᠠᠨᠵᠤᠭ᠎ᠠ ᠲᠠᠢ᠃
⑧ ᠪᠦᠬᠦ ᠡᠷᠭᠢᠭᠦᠯᠭᠡ ᠲᠡᠭᠦᠰ ᠪᠣᠯᠤᠭᠠᠳ ᠬᠣᠶᠠᠷ ᠡᠪᠦᠳᠦᠭ ᠂ ᠪᠣᠷᠪᠢ ᠳ᠋ᠤ᠌ ᠨᠡᠪᠲᠡ ᠡᠷᠭᠢᠭᠦᠯᠭᠡ ᠪᠣᠢ ᠪᠣᠯᠪᠠᠯ ᠁ ᠬᠦᠯᠦᠭ ᠪᠣᠯᠬᠤ ᠪᠥᠭᠡᠳ ᠡᠭᠦᠨ ᠦ᠌ ᠨᠡᠷ᠎ᠡ ᠨᠢ ᠦᠰᠦᠨ ᠳᠥᠷᠪᠡᠨ ᠲᠡᠵᠠ ᠬᠡᠮᠡᠨᠡᠮ ᠭᠡᠵᠡᠢ ᠃ ᠡᠷᠭᠢᠭᠦᠯᠭᠡ ᠶ᠋ᠢᠨ ᠰᠢᠨᠵᠢᠯᠡᠭᠡ ᠶᠡᠷᠡᠨ ᠵᠢᠷᠭᠤᠭ᠎ᠠ ᠪᠠᠢᠳᠠᠭ ᠪᠥᠭᠡᠳ ᠥᠯᠵᠡᠢᠲᠡᠢ ᠨᠢ ᠬᠣᠷᠢ ᠭᠡᠵᠦ ᠲᠡᠮᠳᠡᠭᠯᠡᠵᠦ ᠪᠠᠢᠳᠠᠭ᠃
ᠰᠢᠳᠦ ᠪᠡᠷ ᠰᠢᠨᠵᠢᠬᠦ
① ᠶᠡᠷᠦ ᠦᠵᠡᠬᠦ ᠳ᠋ᠦ᠍ ᠳᠡᠭᠡᠳᠦ ᠭᠣᠣᠯ ᠰᠢᠳᠦᠨ ᠦ᠌ ᠰᠢᠭᠢ ᠮᠢᠬ᠎ᠠ ᠰᠢᠬᠠᠵᠤ ᠪᠤᠢᠯᠠ ᠠ᠋ᠴᠠ ᠳᠣᠷᠣᠭᠰᠢ ᠨᠠᠷᠢᠨ ᠤᠲᠠᠰᠤ ᠮᠡᠲᠦ ᠢᠷᠮᠡᠭ ᠰᠢᠬᠠᠲᠠᠯ᠎ᠠ ᠭᠤᠷᠪᠢᠳᠠᠢ ᠪᠥᠭᠡᠰᠦ ᠲᠣᠷᠭᠠᠨ ᠵᠤᠯᠠ ᠨᠡᠷ᠎ᠡ ᠲᠡᠢ ᠂ ᠴᠡᠭᠴᠡ ᠬᠤᠷᠳᠤᠨ ᠲᠠᠢ ᠪᠣᠯᠤᠨ ᠰᠠᠢᠨ ᠶᠠᠪᠤᠳᠠᠯᠲᠠᠢ ᠂ ᠰᠠᠢᠪᠤᠷ ᠪᠣᠯᠤᠨ ᠰᠠᠢᠨ ᠵᠠᠩᠲᠠᠢ ᠶᠡᠬᠡᠰ ᠦ᠋ᠨ ᠮᠣᠷᠢ ᠭᠡᠳᠡᠭ ᠃ ᠬᠠᠮᠢᠭ᠎ᠠ ᠶᠠᠪᠤᠪᠠᠴᠤ ᠢᠵᠢᠯᠢ ᠲᠠᠢᠰᠢ ᠪᠠᠨ ᠠᠯᠳᠠᠭᠤᠯᠬᠤ ᠪᠣᠢ᠃
② ᠶᠡᠷᠦ ᠦᠵᠡᠬᠦ ᠳ᠋ᠦ᠍ ᠳᠣᠣᠷᠠᠲᠤ ᠵᠢᠷᠭᠤᠭᠠᠨ ᠰᠢᠳᠦ ᠭᠠᠳᠠᠭᠰᠢ ᠳᠡᠯᠡᠭᠦᠦ ᠪᠥᠭᠡᠰᠦ ᠲᠡᠮᠦᠷ ᠲᠠᠶᠠ ᠨᠡᠷ᠎ᠡ ᠲᠡᠢ ᠪᠣᠢ᠃ ᠬᠡᠯᠡᠨ ᠦ᠌ ᠬᠡᠪᠲᠡᠰᠢ ᠠᠭᠤᠤ ᠪᠥᠭᠡᠰᠦ ᠬᠤᠰᠤᠨ ᠲᠣᠬᠣᠢ ᠨᠡᠷ᠎ᠡ ᠲᠡᠢ ᠪᠣᠢ᠃ ᠡᠨᠡ ᠬᠣᠶᠠᠷ ᠠᠯᠢᠨ ᠴᠤ᠌ ᠤᠴᠠᠷᠠᠪᠠᠴᠤ ᠴᠤᠴᠠᠭ᠎ᠠ ᠦᠭᠡᠢ ᠰᠠᠢᠨ ᠣᠯᠠᠨ ᠴᠥᠭᠡᠨ ᠦᠭᠡ ᠦᠭᠡᠢ ᠭᠦᠶᠦᠬᠦ ᠪᠣᠯᠠᠢ᠃
③ ᠮᠢᠬᠠᠨ ᠤ᠋ ᠬᠡᠩᠬᠡᠭ ᠭᠡᠭᠴᠢ ᠰᠢᠨᠵᠢ ᠪᠣᠯᠪᠠᠯ ᠳᠣᠣᠷᠠᠲᠤ ᠰᠢᠲᠦᠨ ᠦ᠌ ᠳᠣᠲᠣᠭᠤᠷ ᠪᠤᠢᠯᠠ ᠳ᠋ᠤᠨᠢ ᠮᠣᠭᠠᠢ ᠶ᠋ᠢᠨ ᠨᠢᠳᠦ ᠮᠡᠲᠦ ᠰᠢᠷ᠎ᠠ ᠥᠩᠭᠡᠲᠡᠢ ᠨᠢᠳᠦ ᠪᠠᠢᠬᠤ ᠃ ᠬᠡᠯᠡᠨ ᠦ᠌ ᠬᠡᠪᠲᠡᠰᠢ ᠳᠣᠲᠣᠷ᠎ᠠ ᠥᠴᠦᠬᠡᠨ ᠬᠠᠷ᠎ᠠ ᠪᠠᠢᠬᠤ ᠪᠥᠭᠡᠰᠦ ᠡᠨᠡ ᠬᠣᠶᠠᠷ ᠰᠢᠨᠵᠢ ᠶ᠋ᠢᠨ ᠠᠯᠢ ᠨᠢ ᠤᠴᠠᠷᠠᠪᠠᠯ ᠲᠦᠷᠭᠡᠴᠢ ᠬᠤᠷᠳᠤᠨ ᠪᠣᠯᠤᠨ᠎ᠠ᠃ ᠪᠠᠭ᠎ᠠ ᠨᠠᠰᠤᠨ ᠳ᠋ᠤ᠌ ᠰᠠᠢᠨ᠂ ᠰᠢᠳᠦᠯᠡᠩ ᠰᠠᠷᠪᠠ ᠨᠠᠰᠤᠨ ᠳ᠋ᠤ᠌ ᠪᠤᠢᠯᠠ ᠶ᠋ᠢᠨ ᠢᠷᠮᠡᠭ ᠳᠡᠭᠡᠭᠦᠷ ᠭᠤᠷᠪᠢᠳᠠᠢ ᠪᠥᠭᠡᠰᠦ ᠤᠯᠠᠭᠠᠨ ᠡᠷᠭᠢ ᠬᠡᠮᠡᠬᠦ ᠬᠤᠷᠳᠤᠨ ᠳ᠋ᠤ᠌ ᠨᠡᠮᠡᠷᠢ ᠪᠣᠯᠤᠨ᠎ᠠ᠃
④ ᠳᠡᠭᠡᠳᠦ ᠵᠠᠬ᠎ᠠ ᠳ᠋ᠤ᠌ (? ) ᠤᠷᠲᠤ ᠤᠨᠵᠢᠢᠵᠤ ᠪᠠᠢᠪᠠᠯ ᠨᠠᠴᠢᠨ ᠬᠠᠷᠴᠠᠭᠠᠢ ᠶ᠋ᠢᠨ ᠬᠣᠰᠢᠭᠤ ᠨᠡᠷ᠎ᠡ ᠲᠡᠢ ᠃ ᠲᠡᠷᠡ ᠤᠨᠵᠢᠢᠭᠰᠠᠨ ᠶᠠᠭᠤᠮ᠎ᠠ ᠨᠢ ᠪᠣᠭᠣᠨᠢ ᠪᠦᠳᠦᠭᠦᠨ ᠪᠥᠭᠡᠰᠦ ᠳ᠋ᠢᠨ ᠨᠢᠷᠤᠭᠤ ᠨᠡᠷ᠎ᠡ ᠲᠡᠢ ᠃ ᠳᠣᠣᠷᠠᠲᠤ ᠵᠠᠬ᠎ᠠ ᠶ᠋ᠢᠨ ᠰᠢᠲᠦᠨ ᠳ᠋ᠦ᠍ ᠳ᠋ᠢᠨ ᠨᠢᠷᠤᠭᠤ ᠮᠡᠲᠦ ᠪᠥᠭᠡᠰᠦ ᠥᠪᠥᠭᠡᠯᠵᠢᠨ ᠣᠪᠣᠭᠠᠲᠤ ᠨᠡᠷ᠎ᠡ ᠲᠡᠢ ᠪᠣᠯᠵᠠᠢ ᠃ ᠭᠦᠶᠦᠪᠡᠴᠦ ᠶᠠᠪᠤᠵᠤ ᠴᠤᠴᠠᠬᠤ ᠦᠭᠡᠢ ᠃ ᠳᠣᠣᠷᠠᠲᠤ ᠵᠠᠬ᠎ᠠ ᠶ᠋ᠢᠨ ᠰᠢᠳᠦᠨ ᠦ᠌ ᠥᠩᠭᠡᠨ ᠳ᠋ᠦ᠍ ᠨᠠᠷᠢᠨ ᠳᠠᠷᠠᠰᠤ ᠮᠡᠲᠦ ᠴᠠᠭᠠᠨ ᠶᠢᠰᠦᠨ ᠰᠢᠨᠵᠢᠲᠡᠢ ᠪᠣᠯᠪᠠᠰᠤ ᠰᠤᠮᠪᠦ ᠱᠠᠭᠠᠢ ᠭᠡᠨ᠎ᠡ ᠃ ᠳᠣᠣᠷᠠᠲᠤ ᠵᠠᠬ᠎ᠠ ᠶ᠋ᠢᠨ ᠰᠢᠲᠦᠨ ᠦ᠌ ᠴᠥᠭᠥᠴᠡ ᠨᠢ ᠰᠡᠲᠡᠷᠬᠡᠢ ᠶ᠋ᠢᠨ ᠳᠡᠭᠡᠷ᠎ᠡ ᠦᠷᠢᠯ ᠮᠡᠲᠦ ᠴᠠᠭᠠᠨ ᠶᠢᠰᠦᠨ ᠰᠢᠨᠵᠢ ᠪᠠᠢᠪᠠᠯ ᠦᠯᠡᠭᠦᠦ ᠬᠠᠶᠠ ᠭᠡᠨ᠎ᠡ ᠃
⑤ ᠨᠠᠴᠢᠨ ᠬᠠᠷᠴᠠᠭᠠᠢ ᠶ᠋ᠢᠨ ᠬᠣᠰᠢᠭᠤ ᠂ ᠨᠢᠭᠡᠨ ᠬᠠᠷ᠎ᠠ ᠴᠠᠭᠠᠨ ᠳ᠋ᠤ᠌ ᠲᠦᠷᠭᠡᠨ ᠬᠤᠷᠳᠤᠨ ᠂ ᠥᠭᠡᠷ᠎ᠡ ᠰᠢᠨᠵᠢ ᠰᠠᠢᠨ ᠪᠣᠯ ᠲᠡᠷᠡ ᠰᠠᠢᠨ ᠳ᠋ᠤ᠌ ᠶᠡᠬᠡ ᠨᠡᠮᠡᠷᠢ ᠪᠣᠯᠤᠮᠤᠢ ᠃ ᠳ᠋ᠢᠨ ᠨᠢᠷᠤᠭᠤᠨ ᠤ᠋ ᠲᠦᠷᠭᠡᠨ ᠬᠤᠷᠳᠤᠨ ᠨᠢ ᠨᠠᠴᠢᠨ ᠬᠠᠷᠴᠠᠭᠠᠢ ᠶ᠋ᠢᠨ ᠬᠣᠰᠢᠭᠤ ᠠ᠋ᠴᠠ ᠳᠣᠣᠷ᠎ᠠ ᠪᠣᠯᠪᠠᠴᠤ ᠂ ᠭᠤᠷᠪᠠᠨ ᠬᠠᠷ᠎ᠠ ᠴᠠᠭᠠᠨ ᠤ᠋ ᠭᠠᠵᠠᠷ ᠦᠯᠦ ᠴᠤᠴᠠᠨᠠ ᠃ ᠥᠪᠥᠭᠡᠯᠵᠢᠨ ᠣᠪᠣᠭᠠᠨ ᠤ᠋ ᠲᠦᠷᠭᠡᠨ ᠬᠤᠷᠳᠤᠨ ᠨᠢ ᠨᠠᠴᠢᠨ ᠬᠠᠷᠴᠠᠭᠠᠢ ᠶ᠋ᠢᠨ ᠬᠣᠰᠢᠭᠤ ᠂ ᠳ᠋ᠢᠨ ᠨᠢᠷᠤᠭᠤ ᠠ᠋ᠴᠠ ᠳᠣᠣᠷ᠎ᠠ ᠪᠣᠯᠪᠠᠴᠤ ᠮᠥᠨ ᠬᠦ᠌ ᠡᠳᠦᠷ ᠲᠡᠭᠡᠨ ᠴᠤᠴᠠᠬᠤ ᠦᠭᠡᠢ ᠂ ᠬᠣᠶᠠᠷ ᠡᠳᠦᠷ ᠰᠥᠨᠢ ᠶᠥᠷᠭᠡᠪᠡᠴᠦ ᠡᠴᠡᠬᠦ ᠦᠭᠡᠢ ᠃ ᠰᠦᠮᠪᠦ ᠱᠠᠭᠠᠢ ᠨᠢᠭᠡᠨ ᠬᠠᠷ᠎ᠠ ᠴᠠᠭᠠᠨ ᠤ᠋ ᠭᠠᠵᠠᠷ ᠂ ᠥᠪᠥᠭᠡᠯᠵᠢᠨ ᠣᠪᠣᠭ᠎ᠠ ᠲᠠᠢ ᠠᠳᠠᠯᠢ ᠪᠣᠯᠪᠠᠴᠤ ᠲᠠᠲᠠᠵᠤ ᠶᠠᠪᠤᠪᠠᠯ ᠂ ᠬᠣᠯᠠ ᠪᠣᠯᠬᠤ ᠳᠣᠳᠣᠮ ᠬᠤᠷᠳᠤᠨ ᠪᠣᠯᠤᠨ ᠮᠥᠨ ᠡᠳᠦᠷ ᠲᠡᠭᠡᠨ ᠦᠯᠦ ᠴᠤᠴᠠᠬᠤ ᠃ ᠦᠯᠡᠭᠦᠦ ᠬᠠᠶᠠ ᠂ ᠶᠡᠬᠡ ᠲᠦᠷᠭᠡᠨ ᠬᠤᠷᠳᠤᠨ ᠪᠥᠭᠡᠳ ᠨᠢᠭᠡ ᠪᠠᠷ᠎ᠠ ᠶ᠋ᠢᠨ ᠭᠠᠵᠠᠷ ᠴᠤᠴᠠᠬᠤ ᠦᠭᠡᠢ ᠂ ᠶᠡᠬᠡ ᠬᠣᠯᠠ ᠪᠥᠭᠡᠰᠦ ᠠᠷᠭ᠎ᠠ ᠦᠭᠡᠢ ᠪᠤᠶᠤ ᠃ ᠮᠠᠷᠠᠯ ᠬᠠᠶᠠ ᠨᠢ ᠣᠢᠷ᠎ᠠ ᠲᠦᠷᠭᠡᠨ ᠨᠢ ᠦᠯᠡᠭᠦᠦ ᠬᠠᠶᠠ ᠠ᠋ᠴᠠ ᠪᠠᠬᠠᠨ ᠳᠣᠣᠷ᠎ᠠ ᠪᠣᠯᠪᠠᠴᠤ ᠲᠤᠰᠠᠭᠠᠷ ᠲᠠᠢ ᠰᠠᠢᠨ ᠨᠢ ᠳ᠋ᠦᠩ ᠠᠳᠠᠯᠢ ᠪᠣᠢ ᠃ ᠰᠤᠮᠤᠲᠤ ᠬᠡᠭᠡᠷ ᠭᠡᠭᠴᠢ ᠳᠡᠭᠡᠳᠦ ᠭᠣᠣᠯ ᠰᠢᠲᠦᠨ ᠳ᠋ᠦ᠍ᠨᠢ ᠪᠤᠢᠯᠠ ᠠ᠋ᠴᠠ ᠳᠣᠭᠣᠭᠰᠢ ᠴᠠᠪᠠ ᠮᠡᠲᠦ ᠵᠦᠢᠯ ᠪᠣᠢ ᠪᠥᠭᠡᠳ ᠰᠢᠳᠦᠨ ᠦ᠌ ᠢᠷᠮᠡᠭ ᠦᠯᠦ ᠬᠦᠷᠬᠦ ᠨᠢ ᠬᠣᠶᠠᠷ ᠬᠠᠷ᠎ᠠ ᠴᠠᠭᠠᠨ ᠤ᠋ ᠭᠠᠵᠠᠷ ᠲᠤ᠌ ᠶᠡᠬᠡ ᠬᠤᠷᠳᠤᠨ ᠪᠣᠯᠤᠨ᠎ᠠ ᠃ ᠲᠠᠤᠯᠠᠢ ᠵᠡᠭᠡᠷ᠎ᠡ ᠶ᠋ᠢ ᠭᠦᠢᠴᠡᠨ᠎ᠡ ᠃ ᠵᠦᠷ ᠳᠡᠩᠨᠡᠭᠡ ᠭᠡᠭᠴᠢ ᠰᠢᠨᠵᠢ ᠨᠢ ᠰᠦᠪᠡᠷᠭᠡ ᠶ᠋ᠢᠨ ᠬᠥᠨᠳᠡᠢ ᠳ᠋ᠦ᠍ ᠬᠣᠶᠠᠷ ᠭᠣᠨᠵᠣᠭᠣᠷ ᠶᠠᠰᠤ ᠲᠠᠢ ᠪᠣᠢ ᠃ ᠪᠢᠰᠢ ᠪᠡᠯᠭᠡ ᠨᠢ ᠰᠠᠢᠨ ᠪᠣᠯᠪᠠᠯ ᠶᠡᠬᠡ ᠨᠡᠮᠡᠷᠢ ᠪᠣᠯᠬᠤ ᠪᠣᠯᠠᠢ ᠃ ᠭᠠᠭᠴᠠᠬᠠᠨ ᠪᠡᠶ᠎ᠡ ᠳ᠋ᠡᠭᠡᠨ ᠨᠢᠭᠡ ᠬᠠᠷ᠎ᠠ ᠴᠠᠭᠠᠨ ᠤ᠋ ᠭᠠᠵᠠᠷ ᠲᠦᠷᠭᠡᠨ ᠬᠤᠷᠳᠤᠨ ᠃ ᠤᠯᠠᠭᠠᠨ ᠵᠤᠪᠠᠭ ᠭᠡᠬᠦ ᠰᠢᠨᠵᠢ ᠪᠣᠯ ᠳᠣᠣᠷᠠᠲᠤ ᠰᠢᠲᠦᠨ ᠦ᠌ ᠢᠷᠮᠡᠭ ᠡᠴᠡ ᠳᠣᠲᠣᠭᠤᠷ ᠂ ᠴᠥᠭᠥᠴᠡ ᠡᠴᠡ ᠭᠠᠳᠠᠭᠤᠷ ᠵᠠᠪᠰᠠᠷ ᠢ᠋ᠶ᠋ᠠᠷ ᠡᠩᠭᠡᠰᠬᠡ ᠲᠦᠷᠬᠢᠭᠰᠡᠨ ᠮᠡᠲᠦ ᠤᠯᠠᠭᠠᠨ ᠪᠠᠢᠨ᠎ᠠ ᠃ ᠨᠢᠭᠡᠨ ᠰᠢᠳᠦᠨ ᠳ᠋ᠦ᠍ ᠤᠴᠠᠷᠠᠪᠠᠯ ᠲᠠᠪᠤ ᠵᠢᠷᠭᠤᠭᠠᠨ ᠵᠠᠭᠤᠨ ᠠᠳᠤᠭᠤᠨ ᠳ᠋ᠤ᠌ ᠲᠡᠷᠢᠭᠦᠯᠡᠨ ( ᠠᠳᠠᠭ ᠲᠠᠭᠠᠨ ᠠᠢᠷᠠᠭ ᠤ᠋ᠨ ᠲᠠᠪᠤ ) ᠭᠦᠶᠦᠵᠦ ᠢᠷᠡᠵᠦ ᠂ ᠬᠣᠶᠠᠷ ᠰᠢᠲᠦᠨ ᠳ᠋ᠦ᠍ ᠪᠥᠭᠡᠰᠦ ᠮᠢᠩᠭᠠᠨ ᠠᠭᠲᠠ ᠳ᠋ᠤ᠌ ᠴᠤ᠌ ᠲᠡᠷᠢᠭᠦᠯᠡᠵᠦ ᠪᠣᠯᠤᠨ᠎ᠠ ᠃ ᠰᠢᠷ᠎ᠠ ᠵᠤᠪᠠᠭ ᠭᠡᠬᠦ ᠪᠡᠯᠭᠡ ᠮᠥᠨ ᠳᠡᠭᠡᠳᠦ ᠰᠢᠲᠦᠨ ᠦ᠌ ᠢᠷᠮᠡᠭ ᠡᠴᠡ ᠳᠣᠲᠣᠭᠤᠷ ᠴᠥᠭᠥᠴᠡ ᠨᠢ ᠰᠢᠷ᠎ᠠ ᠪᠣᠢ ᠃ ᠬᠣᠶᠠᠷ ᠪᠤᠶᠤ ᠭᠤᠷᠪᠠᠨ ᠬᠠᠷ᠎ᠠ ᠴᠠᠭᠠᠨ ᠤ᠋ ᠭᠠᠵᠠᠷ ᠲᠤ᠌ ᠲᠦᠷᠭᠡᠨ ᠪᠣᠯᠤᠨ᠎ᠠ᠃ ᠪᠤᠰᠤᠳ ᠰᠢᠨᠵᠢ ᠨᠢ ᠰᠠᠢᠨ ᠪᠣᠯ ᠡᠭᠦᠨ ᠳ᠋ᠦ᠍ ᠨᠡᠮᠡᠷᠢ ᠃ ᠬᠠᠷ᠎ᠠ ᠵᠤᠯᠠ ᠭᠡᠬᠦ ᠰᠢᠨᠵᠢ ᠪᠣᠯ ᠳᠣᠣᠷᠠᠲᠤ ᠰᠢᠲᠦᠨ ᠦ᠌ ᠴᠥᠭᠥᠴᠡ ᠳᠣᠲᠣᠷ᠎ᠠ ᠵᠤᠷᠪᠤᠰ ᠪᠢᠴᠢᠬᠠᠨ ᠬᠠᠷ᠎ᠠ ᠪᠣᠢ ᠃ ᠬᠠᠲᠠᠭᠤ ᠪᠠ ᠪᠠᠷᠲᠠᠭ᠎ᠠ ᠲᠠᠢ ᠭᠠᠵᠠᠷ ᠬᠣᠶᠠᠷ ᠬᠠᠷ᠎ᠠ ᠴᠠᠭᠠᠨ ᠳ᠋ᠤ᠌ ᠪᠠᠭ᠎ᠠ ᠰᠢᠭ᠋ ᠲᠦᠷᠭᠡᠨ ᠬᠤᠷᠳᠤᠨ ᠃ ᠨᠣᠭᠣᠭᠠᠨ ᠲᠠᠶᠠ ᠭᠡᠭᠴᠢ ᠳᠡᠭᠡᠳᠦ ᠵᠠᠬ᠎ᠠ ᠶ᠋ᠢᠨ ᠬᠣᠶᠠᠷ ᠰᠢᠲᠦᠨ ᠦ᠌ ᠨᠢᠭᠡᠨ ᠳ᠋ᠦ᠍ᠨᠢ ᠪᠤᠢᠯᠠ ᠰᠢᠬᠠᠮ ᠂ ᠨᠣᠭᠣᠭᠠᠨ ᠬᠠᠭ ᠪᠣᠢ ᠨᠢ ᠨᠣᠭᠣᠭᠠᠨ ᠬᠠᠶᠠ ᠭᠡᠨ᠎ᠡ ᠃ ᠴᠤᠴᠠᠭ᠎ᠠ ᠦᠭᠡᠢ ᠬᠤᠷᠳᠤᠨ ᠭᠦᠶᠦᠨ᠎ᠡ ᠃ ᠴᠡᠩᠬᠡᠷᠲᠦ ᠪᠣᠯᠣᠳ ᠭᠡᠭᠴᠢ ᠰᠢᠨᠵᠢ ᠪᠣᠯ ᠥᠩᠭᠡᠨ ᠳ᠋ᠦ᠍ᠨᠢ ᠴᠠᠭᠠᠨ ᠴᠠᠬᠢᠭᠤᠷ ᠤ᠋ᠨ ᠬᠠᠭᠠᠷᠬᠠᠢ ᠮᠡᠲᠦ ᠵᠦᠢᠯ ᠪᠣᠢ ᠃ ᠰᠤᠮᠤᠲᠤ ᠬᠠᠷ᠎ᠠ ᠮᠡᠲᠦ ᠲᠦᠷᠭᠡᠨ ᠬᠤᠷᠳᠤᠨ ᠪᠣᠯᠤᠨ ᠳᠣᠯᠣᠭᠠᠨ ᠬᠠᠷ᠎ᠠ ᠴᠠᠭᠠᠨ ᠤ᠋ ᠭᠠᠵᠠᠷ ᠲᠤ᠌ ᠦᠯᠦ ᠴᠤᠴᠠᠵᠤ ᠂ ᠬᠦᠢᠲᠡᠨ ᠬᠠᠯᠠᠭᠤᠨ ᠳ᠋ᠤ᠌ ᠰᠠᠢᠨ ᠲᠡᠰᠪᠦᠷᠢᠲᠡᠢ ᠃ ᠴᠠᠭᠠᠨ ᠰᠤᠪᠤᠳ ᠭᠡᠭᠴᠢ ᠳᠡᠭᠡᠳᠦ ᠰᠢᠳᠦᠨ ᠦ᠌ ᠥᠩᠭᠡᠨ ᠳ᠋ᠦ᠍ᠨᠢ ᠴᠠᠭᠠᠨ ᠴᠠᠬᠢᠷ ᠰᠤᠪᠤᠳ ᠮᠡᠲᠦ ᠶᠢᠰᠦᠨ ᠰᠢᠨᠵᠢ ᠪᠣᠢ ᠂᠃ ᠰᠤᠮᠤᠲᠤ ᠬᠠᠷ᠎ᠠ ᠮᠡᠲᠦ ᠲᠦᠷᠭᠡᠨ ᠬᠤᠷᠳᠤᠨ ᠪᠣᠯᠤᠨ ᠳᠣᠯᠣᠭᠠᠨ ᠬᠠᠷ᠎ᠠ ᠴᠠᠭᠠᠨ ᠤ᠋ ᠭᠠᠵᠠᠷ ᠭᠦᠶᠦᠨ᠎ᠡ ᠃ ᠴᠠᠭᠠᠨ ᠰᠤᠪᠤᠳ ᠭᠡᠭᠴᠢ ᠶᠢᠰᠦᠨ ᠰᠢᠨᠵᠢ ᠪᠣᠢ ᠃ ᠲᠠᠯᠪᠢᠪᠠᠯ ᠴᠤᠴᠠᠵᠤ ᠂ ᠲᠠᠲᠠᠵᠤ ᠶᠠᠪᠤᠪᠠᠯ ᠬᠣᠯᠠ ᠂ ᠨᠠᠢ᠍ᠮᠠᠨ ᠬᠠᠷ᠎ᠠ ᠴᠠᠭᠠᠨ ᠳ᠋ᠤ᠌ ᠢᠷᠡᠨ᠎ᠡ ᠃ ᠲᠦᠷᠭᠡᠨ ᠤᠰᠤᠨ ᠤ᠋ ᠤᠢᠯ ᠭᠡᠭᠴᠢ ᠰᠢᠨᠵᠢ ᠪᠣᠯ ᠳᠡᠭᠡᠳᠦ ᠰᠢᠲᠦᠨ ᠦ᠌ ᠥᠩᠭᠡᠨ ᠳ᠋ᠦ᠍ᠨᠢ ᠨᠠᠷᠢᠬᠠᠨ ᠴᠠᠭᠠᠨ ᠡᠷᠭᠢᠭᠦᠯᠭᠡ ᠪᠣᠢ ᠃ ᠡᠨᠡ ᠰᠢᠨᠵᠢ ᠳᠡᠭᠡᠳᠦ ᠰᠢᠲᠦᠨ ᠵᠠᠬ᠎ᠠ ᠶ᠋ᠢᠨ ᠳᠥᠷᠪᠡᠨ ᠰᠢᠲᠦᠨ ᠡᠴᠡ ᠦᠯᠦ ᠭᠠᠷᠬᠤ ᠳᠤᠮᠳᠠᠴᠢ ᠲᠦᠷᠭᠡᠨ ᠢ᠋ᠶ᠋ᠡᠷ ᠲᠠᠪᠤᠨ ᠬᠠᠷ᠎ᠠ ᠴᠠᠭᠠᠨ ᠳ᠋ᠤ᠌ ᠭᠦᠶᠦᠬᠦ ᠪᠣᠯᠤᠨ᠎ᠠ ᠃ ᠰᠢᠳᠦᠨ ᠦ᠌ ᠰᠢᠨᠵᠢᠯᠡᠭᠡ ᠠᠷᠪᠢᠨ ᠃ ᠡᠷᠲᠡᠨ ᠦ᠌ ᠰᠢᠨᠵᠢᠯᠡᠭᠡ ᠣᠯᠠᠩᠬᠢ ᠶ᠋ᠢ ᠨᠢ ᠰᠢᠳᠦ ᠪᠡᠷ ᠭᠣᠣᠯᠯᠠᠨ ᠰᠢᠨᠵᠢᠳᠡᠭ ᠪᠣᠯᠤᠯᠲᠠᠢ᠃
ᠰᠣᠶᠣᠭ᠎ᠠ ᠪᠠᠷ ᠰᠢᠨᠵᠢᠬᠦ
① ᠣᠭᠣᠲᠣᠨ᠎ᠠ ᠬᠡᠮᠡᠬᠦ ᠨᠢ ᠳᠥᠷᠪᠡᠨ ᠰᠣᠶᠣᠭᠠᠨ ᠤ᠋ ᠦᠵᠦᠭᠦᠷ ᠳᠡᠯᠳᠡᠢᠵᠦ ᠪᠠᠢᠪᠠᠯ ᠣᠭᠣᠲᠣᠨ᠎ᠠ ᠲᠡᠷᠡ ᠪᠣᠢ᠃
② ᠤᠷᠠᠨ ᠳᠥᠰᠢ ᠨᠢ ᠲᠣᠪᠴᠢᠨ ᠤ᠋ ᠳᠡᠪᠰᠢᠭᠦᠷ ᠮᠡᠲᠦ ᠪᠣᠢ᠃
③ ᠳᠡᠷᠡ ᠰᠣᠶᠣᠭ᠎ᠠ ᠨᠢ ᠨᠢᠭᠡ ᠨᠢ ᠰᠢᠳᠦᠲᠡᠢ ᠬᠠᠮᠲᠤ ᠨᠢᠭᠡᠨ ᠦ᠌ ᠬᠢᠨᠢ ᠵᠠᠪᠰᠠᠷ ᠭᠤᠷᠪᠠᠨ ᠬᠤᠷᠤᠭᠤᠨ ᠤ᠋ ᠦᠵᠦᠭᠦᠷ ᠪᠠᠭᠲᠠᠬᠤ ᠬᠣᠯᠠ ᠪᠣᠢ᠃
④ ᠬᠠᠳᠠᠨ ᠴᠠᠪᠴᠢᠭᠤᠷ ᠬᠡᠮᠡᠬᠦ ᠰᠣᠶᠣᠭ᠎ᠠ ᠨᠢ ᠬᠠᠳᠠᠨ ᠴᠠᠪᠴᠢᠭᠤᠷ ᠮᠡᠲᠦ ᠡᠷᠡᠰ᠃
⑤ ᠠᠷᠭᠠᠯᠢᠭᠠᠢ ᠬᠡᠮᠡᠬᠦ ᠨᠢ ᠪᠠᠰᠠ ᠴᠠᠪᠴᠢᠭᠤᠷ ᠮᠡᠲᠦ ᠪᠣᠯᠤᠭᠠᠳ ᠦᠵᠦᠭᠦᠷ ᠨᠢ ᠰᠠᠷᠪᠠᠭᠠᠷ ᠪᠣᠢ᠃
⑥ ᠬᠣᠩᠭᠣᠷ ᠣᠪᠣᠭ᠎ᠠ ᠭᠡᠭᠴᠢ ᠨᠢᠭᠡᠨ ᠰᠣᠶᠣᠭ᠎ᠠ ᠰᠢᠳᠦ ᠲᠡᠢ ᠣᠢᠷ᠎ᠠ᠂ ᠨᠢᠭᠡ ᠨᠢ ᠬᠣᠯᠠ ᠪᠣᠯᠤᠭᠠᠳ ᠰᠢᠲᠦᠨ ᠡᠴᠡ ᠥᠨᠳᠥᠷ ᠪᠣᠢ᠃
⑦ ᠰᠣᠯᠵᠢᠷ ᠢᠮᠠᠭ᠎ᠠ ᠭᠡᠭᠴᠢ ᠨᠢᠭᠡ ᠰᠣᠶᠣᠭ᠎ᠠ ᠨᠢ ᠦᠭᠡᠢ᠃
⑧ ᠭᠠᠨᠢᠤ ᠪᠠᠷᠲᠠᠭ᠎ᠠ ᠭᠡᠭᠴᠢ ᠬᠢᠵᠠᠭᠠᠷ ᠰᠢᠳᠦ ᠲᠡᠢ ᠭᠠᠳᠠᠭᠰᠢ ᠵᠡᠷᠭᠡᠴᠡᠵᠦ ᠬᠣᠯᠠ ᠭᠠᠷᠬᠤ᠂ ᠦᠵᠦᠭᠦᠷ ᠬᠥᠬᠡ᠂ ᠬᠡᠪ ᠨᠢ ᠵᠢᠷᠦᠬᠡᠨ ᠦ᠌ ᠬᠠᠭᠠᠰ ᠮᠡᠲᠦ᠂ ᠳᠣᠲᠣᠨ᠎ᠠ ᠲᠠᠯ᠎ᠠ ᠳ᠋ᠤ᠌ ᠭᠤᠷᠪᠠᠨ ᠭᠤᠷᠪᠢ ᠪᠣᠢ᠃
⑨ ᠬᠠᠷ᠎ᠠ ᠪᠤᠤᠷ᠎ᠠ ᠭᠡᠭᠴᠢ ᠶᠡᠬᠡ ᠪᠦᠳᠦᠭᠦᠨ ᠣᠷᠢᠶᠠᠩᠭᠢ ᠪᠣᠢ᠃
⑩ ᠬᠤᠷᠳᠤᠨ ᠱᠣᠩᠬᠣᠷ ᠭᠡᠭᠴᠢ ᠨᠠᠷᠢᠨ ᠮᠣᠭᠣᠯᠴᠣᠭ ᠂ ᠦᠵᠦᠭᠦᠷ ᠨᠢ ᠤᠬᠤᠮ ᠪᠠᠢᠳᠠᠯ ᠲᠠᠢ᠃
⑪ ᠬᠡᠷᠢᠰ ᠰᠣᠶᠣᠭ᠎ᠠ ᠭᠡᠭᠴᠢ ᠬᠦᠳᠡᠷ ᠦ᠋ᠨ ᠰᠣᠶᠣᠭ᠎ᠠ ᠶ᠋ᠢᠨ ᠦᠵᠦᠭᠦᠷ ᠮᠡᠲᠦ ᠂ ᠨᠣᠬᠠᠢ ᠰᠣᠶᠣᠭᠠᠨ ᠠ᠋ᠴᠠ ᠱᠣᠪᠬᠣᠬᠠᠨ ᠂ ᠭᠠᠬᠠᠢ ᠰᠣᠶᠣᠭᠠᠨ ᠠ᠋ᠴᠠ ᠤᠷᠲᠤ ᠪᠣᠯᠤᠭᠠᠳ ᠮᠠᠲᠠᠭᠠᠰᠤᠲᠠᠢ᠃
⑫ ᠥᠭᠡᠬᠦᠲᠡᠢ ᠭᠡᠭᠴᠢ ᠬᠣᠭᠣᠰᠣᠨ ᠪᠥᠬᠡ ᠶ᠋ᠢᠨ ᠲᠤᠯᠠ ᠥᠭᠦᠯᠡᠭᠰᠡᠨ ᠦᠭᠡ ᠪᠣᠢ᠃ ᠰᠢᠳᠦ ᠪᠡᠶ᠎ᠡ ᠬᠣᠶᠠᠷ ᠰᠠᠢᠨ ᠪᠣᠯᠪᠠᠴᠤ ᠰᠣᠶᠣᠭ᠎ᠠ ᠮᠠᠭᠤ ᠪᠣᠯ ᠭᠦᠶᠦᠳᠡᠯ ᠳ᠋ᠦ᠍ ᠭᠡᠮ ᠪᠣᠯᠬᠤ ᠶ᠋ᠢᠨ ᠲᠤᠯᠠ ᠰᠣᠶᠣᠭᠠᠨ ᠤ᠋ ᠪᠡᠯᠭᠡ ᠶ᠋ᠢ ᠰᠤᠷᠬᠤ ᠬᠡᠷᠡᠭᠲᠡᠢ ᠭᠡᠵᠦ ᠭᠡᠨᠡᠨ ᠤᠬᠠᠭᠠᠨᠲᠠᠢ ᠰᠢᠨᠵᠢᠭᠴᠢ ᠥᠭᠦᠯᠡᠭᠰᠡᠨ ᠦᠭᠡ ᠪᠣᠢ᠃
⑬ ᠰᠣᠯᠵᠢᠷ ᠪᠤᠭᠤ ᠭᠡᠭᠴᠢ ᠨᠢᠭᠡ ᠰᠣᠶᠣᠭ᠎ᠠ ᠨᠢ ᠪᠣᠭᠣᠨᠢ ᠪᠥᠭᠡᠳ ᠨᠥᠭᠦᠭᠡ ᠰᠣᠶᠣᠭ᠎ᠠ ᠨᠢ ᠵᠠᠬ᠎ᠠ ᠶ᠋ᠢᠨ ᠰᠢᠳᠦᠨ ᠳ᠋ᠦ᠍ ᠪᠤᠰᠤᠳ ᠠ᠋ᠴᠠ ᠢᠯᠡᠭᠦᠦ ᠬᠣᠯᠠ ᠪᠥᠭᠡᠰᠦ ᠰᠣᠯᠵᠢᠷ ᠪᠤᠭᠤ ᠂ ᠰᠡᠭᠦᠯ ᠨᠢ ᠮᠤᠷᠤᠢ ᠪᠣᠯᠪᠠᠯ ᠶᠡᠬᠡ ᠰᠠᠢᠨ᠃
⑭ ᠭᠠᠷᠤᠳᠢ ᠶ᠋ᠢᠨ ᠬᠢᠮᠤᠰᠤ ᠭᠡᠭᠴᠢ ᠰᠣᠶᠣᠭᠠᠨ ᠤ᠋ ᠬᠣᠶᠠᠷ ᠵᠠᠬ᠎ᠠ ᠨᠢ ᠭᠤᠷᠪᠢ ᠲᠠᠢ ᠬᠤᠷᠴᠠ ᠨᠢ ᠰᠠᠢᠨ᠃
