ᠨᠠᠷᠠᠨ ᠲᠩᠷᠢ ᠡᠵᠢJimsee - Naran tenger ijii _ Жимсээ - Наран тэнгэр ижий ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠷᠠᠨ ᠲᠩᠷᠢ ᠡᠵᠢJimsee - Naran tenger ijii _ Жимсээ - Наран тэнгэр ижий

ᠨᠠᠷᠠᠨ ᠲᠩᠷᠢ ᠡᠵᠢJimsee - Naran tenger ijii _ Жимсээ - Наран тэнгэр ижий

ᠠᠩᠭᠢᠯᠠᠯ:ᠳᠠᠭᠤᠤ ᠬᠥᠭᠵᠢᠮ
2023-12-29

440

ᠨᠠᠷᠠᠨ ᠲᠩᠷᠢ ᠡᠵᠢ

   ᠰᠢᠯᠦᠭ᠄ ᠮ· ᠴᠡᠷᠡᠩᠲᠣᠭᠲᠠᠬᠤ  
   ᠬᠥᠭᠵᠢᠮ᠄ ᠣ· ᠡᠷᠳᠡᠨᠢ  
   ᠳᠠᠭᠤᠯᠠᠭᠰᠠᠨ ᠨᠢ᠄ ᠫ· ᠵᠢᠮᠢᠰ  
ᠳᠤᠯᠠᠭᠠᠬᠠᠨ ᠭᠣᠣᠯ ᠤ᠋ᠨ ᠥᠷᠯᠥᠭᠡ ᠨᠠᠷᠠ ᠲᠠᠢ ᠤᠭᠲᠤᠯ᠎ᠠ ᠡᠵᠢ ᠠ᠋  
ᠳᠤᠷᠠᠨ ᠰᠡᠨᠵᠢᠲᠦ ᠬᠠᠳᠠᠨ ᠳ᠋ᠠᠭᠠᠨ ᠰᠦᠰᠦᠭᠯᠡᠨ ᠮᠥᠷᠭᠥᠯ᠎ᠡ ᠡᠵᠢ ᠠ᠋  
ᠳᠠᠭᠤᠨ ᠤ᠋ ᠪᠦᠪᠡᠢ ᠶ᠋ᠢᠨ ᠠᠢᠵᠠᠮ ᠢ᠋ᠶ᠋ᠠᠷ ᠲᠠᠨ ᠢ᠋ ᠪᠡᠨ ᠠᠷᠭᠠᠲᠠᠯ᠎ᠠ ᠡᠵᠢ ᠠ᠋  
ᠳᠤᠷᠠᠰᠤᠮᠵᠢ ᠪᠦᠬᠦᠨ ᠦ᠌ ᠳᠡᠭᠡᠳᠦ ᠨᠢ ᠲᠠ ᠮᠢᠨᠢ ᠰᠢᠦ ᠳᠡ ᠡᠵᠢ ᠠ᠋  
ᠦᠯᠢᠭᠡᠷ ᠳᠣᠮᠣᠭ ᠠᠮᠢᠯᠠᠭᠰᠠᠨ ᠡᠭᠦᠯᠡᠨ ᠰᠢᠷᠭᠠᠯ ᠭᠣᠪᠢ ᠮᠢᠨᠢ ᠠ᠋  
ᠦᠷᠡᠰ ᠢ᠋ᠶ᠋ᠡᠨ ᠭᠠᠭᠴᠠᠬᠠᠨ ᠵᠠᠶᠠᠭᠠᠭᠰᠠᠨ ᠨᠠᠷᠠᠨ ᠲᠩᠷᠢ ᠡᠵᠢ ᠮᠢᠨᠢ ᠠ᠋  

ᠬᠠᠷ᠎ᠠ ᠴᠢᠯᠠᠭᠤᠲᠤ ᠶ᠋ᠢᠨ ᠪᠠᠭᠤᠴᠠᠨ ᠳ᠋ᠠᠭᠠᠨ ᠬᠣᠷᠭᠣᠳᠠᠨ ᠤᠶᠠᠷᠠᠯ᠎ᠠ ᠡᠵᠢ ᠠ᠋  
ᠬᠠᠮᠤᠭ ᠠ᠋ᠴᠠ ᠡᠷᠬᠢᠮ ᠳᠦᠷᠢ ᠨᠢ ᠰᠡᠳᠬᠢᠯ ᠳ᠋ᠦ᠍ ᠤᠷᠭᠤᠯ᠎ᠠ ᠡᠵᠢ ᠠ᠋
ᠬᠠᠢᠷᠠᠯᠠᠨ ᠥᠰᠬᠡᠭᠰᠡᠨ ᠠᠴᠢ ᠶ᠋ᠢ ᠲᠠᠨ ᠳᠡᠭᠡᠳᠦᠯᠡᠨ ᠤᠬᠠᠭᠠᠷᠠᠯ᠎ᠠ ᠡᠵᠢ ᠠ᠋
ᠬᠠᠵᠠᠭᠤ ᠳ᠋ᠤ᠌ ᠲᠠᠩᠳᠠ ᠲᠦᠰᠢᠳᠡᠭ ᠨᠢ ᠲᠠ ᠮᠢᠨᠢ ᠰᠢᠦ ᠳᠡ ᠡᠵᠢ ᠠ᠋
ᠦᠯᠢᠭᠡᠷ ᠳᠣᠮᠣᠭ ᠠᠮᠢᠯᠠᠭᠰᠠᠨ ᠡᠭᠦᠯᠡᠨ ᠰᠢᠷᠭᠠᠯ ᠭᠣᠪᠢ ᠮᠢᠨᠢ ᠠ᠋
ᠦᠷᠡᠰ ᠢ᠋ᠶ᠋ᠡᠨ ᠭᠠᠭᠴᠠᠬᠠᠨ ᠵᠠᠶᠠᠭᠠᠭᠰᠠᠨ ᠨᠠᠷᠠᠨ ᠲᠩᠷᠢ ᠡᠵᠢ ᠮᠢᠨᠢ ᠠ᠋

ᠠᠯᠠᠭ ᠴᠡᠴᠡᠭᠡᠰ ᠢ᠋ ᠢᠯᠪᠢᠭᠡᠳ ᠲᠠᠨ ᠢ᠋ ᠪᠡᠨ ᠰᠠᠨᠠᠯ᠎ᠠ ᠡᠵᠢ ᠠ᠋
ᠠᠶᠠᠨ ᠤ᠋ ᠰᠢᠪᠠᠭᠤᠳ ᠢ᠋ ᠲᠣᠰᠤᠭᠠᠳ ᠰᠠᠴᠤᠯᠢ ᠪᠠᠨ ᠡᠷᠭᠦᠯ᠎ᠡ ᠡᠵᠢ ᠠ᠋
ᠠᠯᠲᠠᠨ ᠰᠢᠪᠡᠭᠡ ᠶ᠋ᠢᠨ ᠰᠡᠪᠰᠢᠶᠡᠨ ᠳ᠋ᠦ᠍ ᠰᠡᠳᠬᠢᠯ ᠭᠡᠭᠡᠯᠵᠡᠯ᠎ᠡ ᠡᠵᠢ ᠠ᠋
ᠠᠷᠭᠠᠳᠠᠵᠤ ᠬᠡᠯᠡᠭᠰᠡᠨ ᠰᠤᠷᠭᠠᠯ ᠨᠢ ᠲᠠᠨ ᠤ᠋ ᠬᠢ ᠯᠡ ᠰᠢᠦ ᠳᠡ ᠡᠵᠢ ᠠ᠋
ᠦᠯᠢᠭᠡᠷ ᠳᠣᠮᠣᠭ ᠠᠮᠢᠯᠠᠭᠰᠠᠨ ᠡᠭᠦᠯᠡᠨ ᠰᠢᠷᠭᠠᠯ ᠭᠣᠪᠢ ᠮᠢᠨᠢ ᠠ᠋
ᠦᠷᠡᠰ ᠢ᠋ᠶ᠋ᠡᠨ ᠭᠠᠭᠴᠠᠬᠠᠨ ᠵᠠᠶᠠᠭᠠᠭᠰᠠᠨ ᠨᠠᠷᠠᠨ ᠲᠩᠷᠢ ᠡᠵᠢ ᠮᠢᠨᠢ ᠠ᠋

   ᠦᠰᠦᠭ ᠠᠮᠢᠯᠠᠭᠤᠯᠤᠭᠴᠢ᠄ ᠪᠠᠳᠠᠷᠠᠯᠲᠤ
   ᠦᠰᠦᠭ ᠬᠠᠲᠠᠵᠤ ᠬᠢᠨᠠᠭᠴᠢ᠄ ᠬᠠᠷᠠᠭᠳᠠᠨ ᠷ᠂ ᠴᠢᠷᠮᠠᠢᠯᠳᠤ