ᠰᠢᠯᠢᠳᠡᠭ ᠪᠢᠴᠢᠯᠭᠡ④ ᠬᠣᠯᠪᠣᠭ᠎ᠠ- ᠪᠣᠷᠵᠢᠭᠢᠨ ᠨᠠᠢᠷᠠᠯᠲᠤШилдэг бичлэг④ холбоо-Боржгин Найралд
ᠰᠢᠯᠢᠳᠡᠭ ᠪᠢᠴᠢᠯᠭᠡ④ ᠬᠣᠯᠪᠣᠭ᠎ᠠ
ᠪᠣᠷᠵᠢᠭᠢᠨ ᠨᠠᠢᠷᠠᠯᠲᠤ
ᠰᠢᠯᠢᠳᠡᠭ ᠪᠢᠴᠢᠯᠭᠡ ᠬᠣᠯᠪᠣᠭ᠎ᠠ ᠶ᠋ᠢ
ᠰᠢᠨᠵᠢᠨ ᠰᠢᠨᠵᠢᠨ ᠰᠠᠭᠤᠬᠤ ᠳ᠋ᠤ᠌
ᠰᠢᠵᠢᠷ ᠲᠤᠶᠠᠭ᠎ᠠ ᠰᠠᠴᠤᠷᠠᠬᠤ ᠰᠢᠭ᠋
ᠰᠡᠳᠬᠢᠯ ᠰᠠᠨᠠᠭ᠎ᠠ ᠮᠢᠨᠢ ᠰᠡᠷᠭᠦᠳᠡᠭ ᠠ᠋
ᠡᠩ ᠦ᠋ᠨ ᠨᠢᠭᠡᠨ ᠬᠣᠯᠪᠣᠭ᠎ᠠ ᠠᠲᠠᠯ᠎ᠠ
ᠡᠳᠦᠷ ᠪᠦᠷᠢ ᠳᠠᠭᠠᠭᠠᠯᠭᠠᠪᠤᠷᠢ ᠲᠠᠢ
ᠡᠨᠳᠡ ᠰᠠᠭᠤᠭ᠎ᠠ ᠬᠥᠮᠦᠰ ᠨᠢ
ᠡᠭᠦᠷᠭᠡ ᠪᠡᠨ ᠪᠡᠶᠡᠯᠡᠭᠦᠯᠦᠭᠡᠳ ᠠᠨᠢᠷ ᠦᠭᠡᠢ
ᠦᠭᠡ ᠴᠥᠭᠡᠨ ᠠᠵᠢᠯ ᠶᠡᠬᠡ
ᠥᠪᠡᠷᠮᠢᠴᠡ ᠰᠣᠨᠢᠨ ᠬᠣᠯᠪᠣᠭ᠎ᠠ ᠭᠡᠲᠡᠯ᠎ᠡ
ᠥᠩᠭᠡ ᠢᠷᠠᠭᠤ ᠰᠢᠯᠦᠭ ᠳᠠᠭᠤᠤ
ᠦᠶᠡᠷ ᠰᠢᠭ ᠭᠡᠨᠡᠳᠲᠡ ᠴᠢᠳᠬᠤᠯᠠᠨᠠᠮ
ᠵᠢᠩᠬᠢᠨᠢ ᠬᠦᠴᠦ ᠨᠢ ᠬᠢᠷᠢ ᠶᠡᠬᠡ ᠶ᠋ᠢ
ᠵᠢᠱ᠌ᠢᠵᠦ ᠵᠢᠩᠯᠡᠬᠦ ᠶ᠋ᠢᠨ ᠠᠷᠭ᠎ᠠ ᠦᠭᠡᠢ
ᠵᠢᠵᠢᠭᠬᠡᠨ ᠡᠨᠡ ᠬᠣᠯᠪᠣᠭ᠎ᠠ ᠴᠢᠨᠢ
ᠵᠢᠵᠢᠭᠷᠡᠭᠰᠡᠨ ᠥᠪᠥᠷ ᠮᠣᠩᠭᠣᠯ ᠪᠢᠰᠢ ᠭᠡᠵᠢ ᠤᠤ
ᠶᠠᠮᠠᠷ ᠴᠠᠭ ᠲᠤ ᠠᠮᠢᠳᠤᠷᠠᠭ᠎ᠠ ᠪᠠᠨ
ᠶᠠᠰᠤ ᠴᠢᠮᠣᠭᠡᠨ ᠡᠴᠡ ᠪᠡᠨ ᠮᠡᠳᠡᠷᠡᠭᠡᠳ
ᠢᠯᠠᠯᠲᠠ ᠶ᠋ᠢ ᠬᠡᠷᠬᠢᠨ ᠠᠪᠴᠢᠷᠠᠬᠤ ᠪᠠᠨ
ᠶᠠᠭ ᠵᠥᠪ ᠰᠣᠩᠭᠣᠭᠠᠳ
ᠲᠠᠩᠰᠤᠭ ᠪᠠᠶᠠᠨ ᠨᠤᠲᠤᠭ ᠲᠠᠭᠠᠨ
ᠲᠠᠮᠢᠷ ᠲᠠᠢ ᠡᠵᠡᠳ ᠯᠡ ᠬᠡᠷᠡᠭ ᠲᠡᠢ ᠭᠡᠵᠦ
ᠲᠠᠮᠢᠷ ᠲᠠᠢ ᠮᠣᠩᠭᠣᠯ ᠡᠵᠡᠳ ᠲᠤᠨᠢ
ᠲᠠᠷ ᠲᠠᠢ ᠰᠣᠶᠣᠯ ᠨᠢ ᠯᠡ ᠲᠦᠰᠢᠭ ᠲᠡᠢ ᠭᠡᠵᠦ
ᠡᠳᠦᠷ ᠪᠦᠷᠢ ᠶ᠋ᠢ ᠠᠯᠳᠠᠯ ᠦᠭᠡᠢ
ᠥᠷᠯᠥᠭᠡ ᠡᠷᠲᠡᠯᠡᠨ ᠪᠣᠯᠪᠠᠰᠤᠷᠠᠵᠤ
ᠦᠯᠦ ᠮᠡᠳᠡᠬᠦ ᠢᠷᠡᠭᠡᠳᠦᠢ ᠪᠡᠨ
ᠥᠪᠡᠷ ᠦ᠋ᠨ ᠭᠠᠷ ᠲᠤ᠌ ᠪᠠᠨ ᠠᠳᠬᠤᠵᠤ
ᠴᠠᠭ ᠮᠢᠨᠦ᠋ᠲ ᠢ᠋ ᠠᠯᠳᠠᠯ ᠦᠭᠡᠢ
ᠴᠠᠭᠠᠷᠠᠵᠤ ᠮᠡᠷᠭᠡᠰᠢᠲᠡᠯᠡ ᠰᠤᠷᠤᠯᠴᠠᠵᠤ
ᠴᠢᠩᠭ᠎ᠠ ᠬᠠᠲᠠᠭᠤ ᠲᠠᠪᠢᠯᠠᠩ ᠲᠠᠢ
ᠴᠢᠭᠲᠠᠭ᠎ᠠ※ ᠰᠢᠭ᠋ ᠪᠠᠭᠤᠷᠢ ᠲᠠᠢ ᠲᠡᠮᠡᠴᠡᠵᠦ
ᠭᠦᠨ ᠦᠨᠳᠦᠰᠦᠯᠡᠭᠰᠡᠨ ᠮᠣᠳᠣ
ᠣᠢᠴᠢᠰᠢ ᠦᠭᠡᠢ ᠪᠠᠢᠳᠠᠭ ᠢ᠋ ᠬᠠᠷᠠᠭᠤᠯᠵᠤ
ᠭᠦᠶᠦᠯᠭᠡᠭᠡ ᠤᠬᠠᠭᠠᠨ ᠲᠠᠢ ᠮᠣᠩᠭᠣᠯ
ᠮᠥᠬᠥᠰᠢ ᠦᠭᠡᠢ ᠪᠠᠢᠳᠠᠭ ᠢ᠋ ᠭᠠᠢᠬᠠᠭᠤᠯᠵᠤ
ᠵᠢᠵᠢᠭᠬᠡᠨ ᠨᠢᠭᠡᠨ ᠬᠣᠯᠪᠣᠭ᠎ᠠ
ᠵᠢᠷᠭᠢᠨ ᠵᠢᠷᠭᠢᠨ ᠣᠷᠣᠰᠢᠭᠠᠳ
ᠵᠢᠷᠪᠢᠯᠵᠡᠭᠰᠡᠨ ᠮᠣᠩᠭᠣᠯ ᠪᠢᠴᠢᠭ
ᠲᠠᠲᠠᠯᠠᠨ ᠲᠠᠲᠠᠯᠠᠨ ᠪᠠᠭᠤᠭᠠᠳ
ᠴᠢᠩ ᠵᠢᠷᠦᠬᠡᠨ ᠦ᠌ ᠨᠢᠭᠡᠳᠦᠯ
ᠴᠡᠨᠡᠭ ᠳᠦᠭᠦᠷᠡᠩ ᠠᠮᠢᠯᠠᠭᠠᠳ
ᠴᠢᠮᠡᠭᠲᠦ ᠮᠣᠩᠭᠣᠯ ᠪᠢᠴᠢᠭ
ᠴᠡᠴᠡᠭᠡᠰ ᠢ᠋ ᠭᠤᠲᠤᠭᠠᠨ ᠳᠡᠯᠭᠡᠷᠡᠭᠡᠳ
ᠴᠠᠭᠠᠨ ᠲᠣᠯᠣᠭᠠᠢ ᠶ᠋ᠢᠨ ᠳᠠᠭᠤᠤ
ᠬᠡᠦᠬᠡᠳ ᠤᠶᠠᠩᠭᠠᠯᠠᠬᠤ ᠰᠢᠭ᠋ ᠰᠣᠨᠣᠰᠳᠠᠨᠠᠮ
ᠴᠠᠭᠠᠨ ᠮᠣᠷᠢᠨ ᠵᠢᠯ
ᠴᠠᠭ ᠲᠡᠭᠰᠢᠷᠡᠭᠰᠡᠨ ᠰᠢᠭ ᠪᠣᠳᠣᠭᠳᠠᠨᠠᠮ
ᠬᠥᠮᠦᠨ ᠴᠥᠭᠡᠲᠡᠢ ᠮᠣᠩᠭᠣᠯ
ᠰᠣᠶᠣᠯ ᠨᠢ ᠬᠦᠴᠦᠲᠡᠢ ᠪᠠᠢᠳᠠᠭ ᠶᠤᠮ
ᠬᠦᠴᠦᠲᠡᠢ ᠰᠣᠶᠣᠯ ᠤ᠋ᠨ ᠡᠷᠴᠢ ᠨᠢ
ᠬᠦᠴᠦ ᠪᠡᠷ ᠲᠤᠯᠭᠠᠳᠠᠭ ᠦᠭᠡᠢ ᠳ᠋ᠡᠭᠡᠨ ᠪᠠᠢᠳᠠᠭ ᠶᠤᠮ
ᠬᠡᠯᠡ ᠣᠭᠲᠣᠯᠬᠤ ᠰᠣᠶᠣᠯ
ᠮᠠᠨ ᠤ᠋ ᠲᠡᠦᠬᠡᠨ ᠳ᠋ᠦ᠍ ᠪᠠᠢᠭ᠎ᠠ ᠦᠭᠡᠢ
ᠬᠡᠳᠦᠨ ᠲᠣᠮᠣ ᠱᠠᠰᠢᠨ
ᠬᠠᠷᠠᠬᠣᠷᠣᠮ ᠳ᠋ᠤ᠌ ᠮᠢᠨᠢ ᠨᠥᠬᠥᠷᠯᠡᠭᠡ ᠶᠦᠮ
ᠬᠡᠷᠡᠮ ᠪᠤᠰᠬᠠᠳᠠᠭ ᠰᠣᠶᠣᠯ
ᠮᠠᠨ ᠤ᠋ ᠬᠢᠵᠠᠭᠠᠷ ᠲᠤ᠌ ᠡᠭᠦᠰᠦᠭᠡ ᠦᠭᠡᠢ
ᠬᠡᠳᠦᠨ ᠶᠡᠬᠡ ᠲᠢᠪ ᠢ᠋
ᠥᠪᠡᠷ ᠦ᠋ᠨ ᠬᠢᠨ ᠰᠣᠶᠣᠯ ᠢ᠋ᠶ᠋ᠠᠷ ᠵᠠᠰᠠᠭᠯᠠᠭᠰᠠᠨ ᠶᠤᠮ
ᠬᠠᠨᠠᠭᠠᠷ ᠢᠲᠡᠭᠡᠯᠲᠦ ᠰᠣᠶᠣᠯ ᠢ᠋ᠶ᠋ᠠᠨ
ᠬᠠᠢᠷᠠᠯᠠᠬᠤ ᠠ᠋ᠴᠠ ᠥᠭᠡᠷ᠎ᠡ ᠶᠠᠭᠠᠬᠢᠬᠤ ᠪᠣᠢ
ᠬᠠᠢᠷᠠᠲᠠᠢ ᠮᠣᠩᠭᠣᠯ ᠦᠷᠡᠰ ᠲᠡᠭᠡᠨ
ᠥᠪᠯᠡᠬᠦ ᠡᠴᠡ ᠥᠭᠡᠷ᠎ᠡ ᠡᠢᠬᠦ ᠪᠣᠢ
ᠳᠡᠩᠳᠡᠭᠦᠦ ᠠᠭᠤᠤ ᠰᠡᠳᠬᠢᠯ ᠢ᠋ ᠴᠢᠨᠢ
ᠳᠡᠭᠡᠷ᠎ᠡ ᠡᠴᠡ ᠲᠩᠷᠢ ᠬᠠᠷᠠᠵᠤ ᠪᠣᠢ
ᠳᠡᠩᠳᠡᠭᠦᠦ ᠦᠨᠡᠨᠴᠢ ᠵᠣᠷᠢᠭ ᠢ᠋ ᠴᠢᠨᠢ
ᠳᠡᠷᠭᠡᠳᠡᠬᠢ ᠬᠡᠦᠬᠡᠳ ᠴᠢᠨᠢ ᠮᠥᠷᠳᠡᠵᠦ ᠪᠣᠢ
ᠲᠠ ᠨᠠᠷ ᠤ᠋ᠨ ᠮᠢᠨᠢ ᠵᠢᠳᠬᠦᠯ ᠳ᠋ᠦ᠍
ᠪᠣᠰᠤᠭ᠎ᠠ ᠪᠢᠴᠢᠭ ᠮᠢᠨᠢ ᠤᠰᠠᠳᠬᠤ ᠦᠭᠡᠢ
ᠲᠠ ᠨᠠᠷ ᠤ᠋ᠨ ᠮᠢᠨᠢ ᠤᠭᠰᠢᠯ ᠳ᠋ᠤ᠌
ᠪᠤᠶᠠᠨᠲᠤ ᠨᠤᠲᠤᠭ ᠮᠢᠨᠢ ᠡᠵᠡᠭᠦᠢᠷᠡᠬᠦ ᠦᠭᠡᠢ
ᠵᠢᠵᠢᠭᠬᠡᠨ ᠲᠣᠰᠤᠮ ᠢ᠋ᠶ᠋ᠠᠨ ᠦᠨᠡᠲᠡᠢ
ᠡᠷᠳᠡᠨᠢ ᠶ᠋ᠢᠨ ᠰᠠᠢᠬᠠᠨ ᠴᠢᠯᠠᠭᠤ ᠰᠢᠭ᠋
ᠵᠢᠵᠢᠭᠬᠡᠨ ᠠᠲᠠᠯ᠎ᠠ ᠪᠠᠨ ᠬᠦᠴᠦᠲᠡᠢ
《 ᠰᠢᠯᠢᠳᠡᠭ ᠪᠢᠴᠢᠯᠭᠡ》 ᠭᠠᠢᠬᠠᠯᠲᠠᠢ
ᠬᠥᠮᠦᠨ ᠪᠦᠷᠢ ᠨᠢ ᠪᠠᠭᠠᠲᠤᠷ
ᠬᠥᠬᠡ ᠮᠣᠩᠭᠣᠯ ᠭᠡᠵᠦ ᠡᠨᠡ ᠠ᠋
ᠬᠥᠭᠵᠢᠨ ᠳᠦᠷᠡᠯᠵᠡᠬᠦ ᠭᠠᠯ ᠰᠢᠭ᠋
ᠴᠢᠩᠭᠢᠰ ᠦ᠋ᠨ ᠮᠣᠩᠭᠣᠯ ᠭᠡᠵᠦ ᠡᠢᠮᠦ ᠠ᠋
《 ᠰᠢᠯᠢᠳᠡᠭ ᠪᠢᠴᠢᠯᠭᠡ④》 ᠬᠣᠯᠪᠣᠭ᠎ᠠ ᠶ᠋ᠢ
ᠰᠢᠨᠵᠢᠨ ᠰᠢᠨᠵᠢᠨ ᠰᠠᠭᠤᠬᠤ ᠳ᠋ᠤ᠌
ᠰᠢᠵᠢᠷ ᠲᠤᠶᠠᠭ᠎ᠠ ᠰᠠᠴᠤᠷᠠᠬᠤ ᠰᠢᠭ᠋
ᠰᠢᠨ᠎ᠡ ᠮᠠᠷᠭᠠᠰᠢ ᠲᠣᠳᠣᠷᠠᠨᠠᠮ!
2023.12.25. ᠨᠣᠷᠸᠠᠢ ᠤᠯᠤᠰ ᠲᠤ᠌
※ ᠴᠢᠭᠲᠠᠭ᠎ᠠ ᠭᠡᠵᠦ ᠮᠣᠩᠭᠣᠯ ᠭᠡᠷ ᠦ᠋ᠨ ᠲᠣᠭᠣᠨᠣ ᠠ᠋ᠴᠠ ᠴᠠᠭᠠᠷᠢᠭ ᠲᠠᠲᠠᠵᠤ᠂ ᠮᠣᠩᠭᠣᠯ ᠭᠡᠷ ᠦ᠋ᠨ ᠪᠠᠭᠤᠷᠢ ᠶ᠋ᠢ ᠬᠥᠳᠡᠯᠭᠡᠬᠦ ᠦᠭᠡᠢ ᠪᠡᠷ ᠵᠣᠬᠢᠶᠠᠭᠰᠠᠨ ᠴᠠᠭᠠᠷᠢᠭ᠃
ᠦᠰᠦᠭ ᠠᠮᠢᠯᠠᠭᠤᠯᠤᠭᠴᠢ᠄ ᠲᠣᠳᠣᠭᠡᠷᠡᠯ
ᠬᠢᠨᠠᠭᠴᠢ᠄ ᠣᠳᠬᠠᠨᠰᠣ᠎ᠠ
