ᠰᠢᠨ᠎ᠡ ᠵᠢᠯ ᠮᠠᠨᠳᠤᠲᠤᠭᠠᠢШинэ Жил Мандтугай - UMR Artists
ᠰᠢᠨ᠎ᠡ ᠵᠢᠯ ᠮᠠᠨᠳᠤᠲᠤᠭᠠᠢ
ᠰᠢᠨ᠎ᠡ ᠵᠢᠯ ᠮᠠᠨᠳᠤᠲᠤᠭᠠᠢ
ᠴᠠᠰᠤᠨ ᠰᠢᠷᠬᠡᠭ ᠮᠠᠨᠳᠤᠲᠤᠭᠠᠢ
ᠰᠢᠨ᠎ᠡ ᠵᠢᠯ ᠮᠠᠨᠳᠤᠲᠤᠭᠠᠢ
ᠰᠤᠤᠲᠤ ᠶ᠋ᠢᠨ ᠦᠭᠡ ᠮᠠᠨᠳᠤᠲᠤᠭᠠᠢ
ᠰᠢᠨ᠎ᠡ ᠵᠢᠯ ᠮᠠᠨᠳᠤᠲᠤᠭᠠᠢ
ᠰᠠᠨᠠᠭᠰᠠᠨ ᠪᠦᠬᠦᠨ ᠮᠠᠨᠳᠤᠲᠤᠭᠠᠢ
ᠰᠢᠨ᠎ᠡ ᠵᠢᠯ ᠮᠠᠨᠳᠤᠲᠤᠭᠠᠢ
ᠰᠢᠨ᠎ᠡ ᠪᠦᠬᠦᠨ ᠮᠠᠨᠳᠤᠲᠤᠭᠠᠢ
ᠭᠤᠨᠢᠭ ᠢ᠋ᠶ᠋ᠠᠨ ᠮᠠᠷᠲᠠ
ᠨᠢᠯᠪᠤᠰᠤ ᠪᠠᠨ ᠨᠢᠭᠤ
ᠬᠦᠴᠦᠨ ᠪᠦᠬᠦᠨ ᠢ᠋ ᠪᠡᠶ᠎ᠡ ᠳ᠋ᠦ᠍ ᠪᠡᠨ ᠦᠯᠡᠳᠡᠭᠡ
ᠬᠦᠰᠡᠯ ᠢ᠋ᠶ᠋ᠡᠨ ᠪᠣᠳᠣ
ᠮᠥᠷᠥᠭᠡᠳᠦᠯ ᠢ᠋ᠶ᠋ᠡᠨ ᠰᠠᠨᠠ
ᠰᠢᠨ᠎ᠡ ᠪᠦᠬᠦᠨ ᠴᠢᠮᠠᠶ᠋ᠢ ᠬᠦᠯᠢᠶᠡᠵᠦ ᠪᠠᠢᠨ᠎ᠠ
ᠰᠠᠯᠤᠭᠰᠠᠨ ᠨᠠᠷᠢᠰᠤᠭᠰᠠᠨ ᠭᠤᠳᠤᠮᠵᠢ ᠪᠠᠷ ᠴᠢᠨᠦ ᠭᠠᠷ ᠠ᠋ᠴᠠ ᠪᠢ ᠪᠠᠷᠢᠭᠠᠳ
ᠰᠦᠬᠡᠪᠠᠭᠠᠲᠤᠷ ᠤ᠋ᠨ ᠲᠠᠯᠠᠪᠠᠢ ᠤᠷᠤᠭᠤ ᠭᠦᠶᠦᠳᠡᠭ
ᠭᠤᠨᠢᠭ ᠢ᠋ᠶ᠋ᠠᠨ ᠴᠢ ᠮᠠᠷᠲᠠ
ᠨᠢᠯᠪᠤᠰᠤ ᠪᠠᠨ ᠴᠢ ᠨᠢᠭᠤ
ᠬᠠᠭᠤᠴᠢᠨ ᠪᠦᠬᠦᠨ ᠢ᠋ ᠲᠡᠨᠳᠡ ᠪᠡᠨ ᠦᠯᠡᠳᠡᠭᠡ
ᠰᠢᠨ᠎ᠡ ᠵᠢᠯ ᠮᠠᠨᠳᠤᠲᠤᠭᠠᠢ
ᠳᠠᠯᠠᠨ ᠭᠠᠯᠵᠠᠭᠣᠷ ᠮᠠᠨᠳᠤᠲᠤᠭᠠᠢ
ᠰᠢᠨ᠎ᠡ ᠵᠢᠯ ᠮᠠᠨᠳᠤᠲᠤᠭᠠᠢ
ᠰᠢᠶᠠᠩᠪᠢᠩ ᠳᠠᠷᠠᠰᠤ ᠮᠠᠨᠳᠤᠲᠤᠭᠠᠢ
ᠰᠢᠨ᠎ᠡ ᠵᠢᠯ ᠮᠠᠨᠳᠤᠲᠤᠭᠠᠢ
ᠪᠠᠶᠠᠷ ᠤ᠋ᠨ ᠰᠣᠶᠣᠯ ᠤ᠋ᠳ ᠮᠠᠨᠳᠤᠲᠤᠭᠠᠢ
ᠰᠢᠨ᠎ᠡ ᠵᠢᠯ ᠮᠠᠨᠳᠤᠲᠤᠭᠠᠢ
ᠵᠠᠷᠯᠢᠭ ᠸᠠᠭᠤᠰ ᠮᠠᠨᠳᠤᠲᠤᠭᠠᠢ
ᠨᠢᠭᠤᠷ ᠢ᠋ᠶ᠋ᠠᠨ ᠪᠣᠳᠣ
ᠳᠠᠰᠢᠶᠠᠨᠵᠠ ᠪᠠᠨ ᠡᠮᠦᠰ
ᠰᠢᠨ᠎ᠡ ᠪᠦᠬᠦᠨ ᠢ᠋ ᠥᠩᠭᠡᠯᠢᠭ ᠤᠭᠲᠤᠶ᠎ᠠ
ᠠᠷᠠᠵᠠ ᠬᠣᠷᠵᠠ ᠪᠠᠨ ᠭᠡᠮᠨᠡ
ᠰᠢᠷᠡᠭᠡ ᠪᠡᠨ ᠵᠠᠰᠠ
ᠭᠡᠷ ᠪᠦᠯᠢ ᠪᠡᠷ ᠢ᠋ᠶ᠋ᠡᠨ ᠵᠢᠷᠭᠠᠯᠲᠠᠢ ᠪᠠᠢᠶ᠎ᠠ
ᠶᠠᠩᠵᠤ ᠶ᠋ᠢᠨ ᠫᠤᠤᠵᠢᠩ ᠢ᠋ ᠦᠵᠡᠭᠡᠴᠢ
ᠶᠡᠷᠦᠩᠬᠡᠢᠯᠡᠭᠴᠢ ᠶ᠋ᠢᠨ ᠦᠭᠡ ᠶ᠋ᠢ ᠰᠣᠨᠣᠰᠤᠭᠠᠴᠢ
ᠰᠢᠶᠠᠩᠪᠢᠩ ᠳᠠᠷᠠᠰᠤ ᠪᠠᠨ ᠣᠷᠭᠢᠯᠤᠭᠤᠯᠤᠨ ᠳᠣᠭᠣᠯᠤᠶ᠎ᠠ
ᠬᠦᠰᠡᠯ ᠢ᠋ᠶ᠋ᠡᠨ ᠴᠢ ᠪᠣᠳᠣ
ᠮᠥᠷᠥᠭᠡᠳᠦᠯ ᠢ᠋ᠶ᠋ᠡᠨ ᠴᠢ ᠰᠠᠨᠠ
ᠡᠨᠡ ᠪᠦᠬᠦᠨ ᠴᠢᠮᠠᠶ᠋ᠢ ᠬᠦᠯᠢᠶᠡᠵᠦ ᠪᠠᠢᠨ᠎ᠠ
ᠰᠢᠨ᠎ᠡ ᠵᠢᠯ ᠮᠠᠨᠳᠤᠲᠤᠭᠠᠢ
ᠣᠯᠵᠠ ᠠᠰᠢᠭ ᠮᠠᠨᠳᠤᠲᠤᠭᠠᠢ
ᠰᠢᠨ᠎ᠡ ᠵᠢᠯ ᠮᠠᠨᠳᠤᠲᠤᠭᠠᠢ
ᠬᠥᠮᠦᠨ ᠲᠥᠷᠥᠯᠬᠢᠲᠡᠨ ᠮᠠᠨᠳᠤᠲᠤᠭᠠᠢ
ᠰᠢᠨ᠎ᠡ ᠵᠢᠯ ᠮᠠᠨᠳᠤᠲᠤᠭᠠᠢ
ᠰᠢᠯᠢᠳᠡᠭ ᠬᠢᠷᠢ ᠪᠦᠲᠦᠮᠵᠢ ᠮᠠᠨᠳᠤᠲᠤᠭᠠᠢ
ᠰᠢᠨ᠎ᠡ ᠵᠢᠯ ᠮᠠᠨᠳᠤᠲᠤᠭᠠᠢ
ᠰᠠᠢᠬᠠᠨ ᠬᠡᠦᠬᠡᠨᠴᠦᠳ ᠮᠠᠨᠳᠤᠲᠤᠭᠠᠢ
ᠭᠤᠨᠢᠭ ᠢ᠋ᠶ᠋ᠠᠨ ᠮᠠᠷᠲᠠ
ᠨᠢᠯᠪᠤᠰᠤ ᠪᠠᠨ ᠨᠢᠭᠤ
ᠬᠠᠭᠤᠴᠢᠨ ᠪᠦᠬᠦᠨ ᠢ᠋ ᠲᠡᠨᠳᠡ ᠪᠡᠨ ᠦᠯᠡᠳᠡᠭᠡ
ᠬᠦᠰᠡᠯ ᠢ᠋ᠶ᠋ᠡᠨ ᠪᠣᠳᠣ
ᠮᠥᠷᠥᠭᠡᠳᠦᠯ ᠢ᠋ᠶ᠋ᠡᠨ ᠰᠠᠨᠠ
ᠰᠢᠨ᠎ᠡ ᠪᠦᠬᠦᠨ ᠴᠢᠮᠠᠶ᠋ᠢ ᠬᠦᠯᠢᠶᠡᠵᠦ ᠪᠠᠢᠨ᠎ᠠ
ᠰᠢᠨ᠎ᠡ ᠵᠢᠯ ᠮᠠᠨᠳᠤᠲᠤᠭᠠᠢ
ᠨᠤᠲᠤᠭ ᠤ᠋ᠨ ᠰᠠᠬᠢᠶ᠎ᠠ ᠮᠠᠨᠳᠤᠲᠤᠭᠠᠢ
ᠰᠢᠨ᠎ᠡ ᠵᠢᠯ ᠮᠠᠨᠳᠤᠲᠤᠭᠠᠢ
ᠪᠠᠶᠠᠷ ᠤ᠋ᠨ ᠪᠢᠴᠢᠭ ᠮᠠᠨᠳᠤᠲᠤᠭᠠᠢ
ᠰᠢᠨ᠎ᠡ ᠵᠢᠯ ᠮᠠᠨᠳᠤᠲᠤᠭᠠᠢ
ᠰᠢᠯᠢᠳᠡᠭ ᠠᠮᠵᠢᠯᠲᠠ ᠮᠠᠨᠳᠤᠲᠤᠭᠠᠢ
ᠰᠢᠨ᠎ᠡ ᠵᠢᠯ ᠮᠠᠨᠳᠤᠲᠤᠭᠠᠢ
ᠮᠣᠩᠭᠣᠯᠴᠤᠳ ᠮᠢᠨᠢ ᠮᠠᠨᠳᠤᠲᠤᠭᠠᠢ
ᠰᠢᠨ᠎ᠡ ᠵᠢᠯ ᠮᠠᠨᠳᠤᠲᠤᠭᠠᠢ
ᠦᠰᠦᠭ ᠬᠠᠲᠠᠵᠤ ᠠᠮᠢᠯᠠᠭᠤᠯᠤᠭᠴᠢ᠄ ᠬᠠᠷᠬᠠᠳᠠᠨ ᠷ᠂ ᠴᠢᠷᠮᠠᠢᠯᠳᠣ
ᠬᠢᠨᠠᠭᠴᠢ᠄ ᠰᠡᠬᠡᠭᠡᠷᠡᠯ
