ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 19 > Хөх зул – Боржигон Ванжал –"Тав ᠂ Таван хошуу малын бүлэг " 19 . ᠢᠮ ᠲᠠᠮᠠᠭ᠎ᠠ Им тамга
ᠢᠮ ᠦ᠋ᠨ ᠵᠦᠢᠯ
ᠢᠮ ᠲᠠᠮᠠᠭ᠎ᠠ
ᠮᠣᠩᠭᠣᠯᠴᠤᠳ ᠂ ᠮᠠᠯ ᠢ᠋ᠶ᠋ᠠᠨ ᠮᠠᠰᠢ ᠣᠯᠠᠨ ᠰᠦᠷᠦᠭ ᠦ᠋ᠨ ᠳᠤᠮᠳᠠ ᠠ᠋ᠴᠠ ᠦᠵᠡᠪᠡᠯ ᠲᠠᠨᠢᠴᠢᠬᠠᠳᠠᠭ ᠨᠢᠳᠦ ᠭᠢᠷᠠᠬᠠᠢ ᠨᠢ ᠶᠠᠷᠢᠶᠠᠨ ᠦᠭᠡᠢ ᠃ ᠭᠡᠪᠡᠴᠦ ᠰᠦᠷᠦᠭ ᠮᠠᠯ ᠤ᠋ᠨ ᠬᠢᠨᠢ ᠥᠨᠢᠷ ᠥᠰᠦᠯᠲᠡ ᠂ ᠰᠠᠭᠠᠬᠠᠯᠲᠠ ᠠᠢᠯ ᠤ᠋ᠨ ᠬᠢᠨᠢ ᠣᠯᠠᠰᠢᠷᠠᠯᠲᠠ ᠂ ᠢᠯᠠᠩᠭᠤᠶ᠎ᠠ ᠠᠳᠤᠭᠤ ᠮᠠᠯ ᠤ᠋ᠨ ᠥᠰᠬᠦ ᠬᠥᠭᠰᠢᠷᠡᠬᠦ ᠶᠠᠪᠤᠴᠠ ᠳ᠋ᠠᠭᠠᠨ ᠵᠢᠰᠦ ᠪᠠᠢᠳᠠᠯ ᠢ᠋ᠶ᠋ᠠᠨ ᠠᠯᠲᠠᠨ ᠥᠭᠡᠷᠡᠴᠢᠯᠡᠭᠳᠡᠬᠦ ᠡᠴᠡ ᠡᠰᠡ ᠲᠠᠨᠢᠭᠳᠠᠬᠤ ᠤᠴᠢᠷ ᠬᠠᠶᠠ ᠭᠠᠷᠳᠠᠭ ᠃ ᠡᠢᠨ ᠬᠦ᠌ ᠮᠠᠯᠴᠢᠳ ᠠᠳᠤᠭᠤ ᠮᠠᠯ ᠢ᠋ᠶ᠋ᠠᠨ ᠥᠪᠡᠷ ᠪᠤᠰᠤᠳ ᠠ᠋ᠴᠠ ᠢᠯᠭᠠᠬᠤ ᠂ ᠠᠯᠳᠠᠵᠤ ᠭᠡᠭᠡᠬᠦ ᠦᠭᠡᠢ ᠶ᠋ᠢᠨ ᠵᠣᠷᠢᠯᠭ᠎ᠠ ᠠ᠋ᠴᠠ ᠡᠭᠦᠰᠴᠦ ᠥᠪᠡᠷ ᠦ᠋ᠨ ᠮᠠᠯ ᠰᠦᠷᠦᠭ ᠢ᠋ᠶ᠋ᠡᠨ ᠥᠪᠡᠷ ᠦ᠋ᠨ ᠢᠮ ᠲᠠᠮᠠᠭ᠎ᠠ ᠪᠠᠷ ᠢᠮᠨᠡᠬᠦ ᠪᠤᠶᠤ ᠲᠠᠮᠠᠭᠠᠯᠠᠳᠠᠭ ᠃ ᠢᠮ ᠲᠠᠮᠠᠭ᠎ᠠ ᠶ᠋ᠢᠨ ᠵᠦᠢᠯ ᠣᠯᠠᠨ ᠃ ᠢᠮ ᠢ᠋ ᠴᠢᠬᠢᠨ ᠳ᠋ᠦ᠍ ᠰᠡᠢᠯᠳᠡᠭ ᠃ ᠪᠠᠰᠠ ᠦᠬᠡᠷ ᠦ᠋ᠨ ᠣᠮᠣᠯᠤᠤᠷ ᠢ ᠣᠭᠲᠣᠯᠤᠨ ᠤᠨᠵᠢᠢᠯᠭᠠᠵᠤ ᠢᠮ ᠲᠠᠯᠪᠢᠳᠠᠭ ᠃ ᠡᠨᠡ ᠨᠢ ᠮᠠᠰᠢ ᠡᠷᠲᠡᠨ ᠡᠴᠡ ᠡᠬᠢᠯᠡᠵᠡᠢ ᠃ ᠠᠳᠤᠭᠤᠨ ᠲᠠᠮᠠᠭ᠎ᠠ ᠶ᠋ᠢ ᠭᠤᠶᠠᠨ ᠳ᠋ᠤ᠌ ᠳᠠᠷᠤᠳᠠᠭ ᠃ ᠲᠠᠮᠠᠭ᠎ᠠ ᠨᠢ ᠢᠮ ᠡᠴᠡ ᠬᠣᠵᠢᠭᠤ ᠡᠬᠢᠯᠡᠵᠡᠢ᠃
ᠢᠮ ᠮᠠᠯ ᠤ᠋ᠨ ᠴᠢᠬᠢᠨ ᠳ᠋ᠦ᠍ ᠰᠡᠢᠯᠬᠦ ᠥᠪᠡᠷ ᠦ᠋ᠨ ᠲᠡᠮᠳᠡᠭ᠃
ᠴᠣᠭᠣᠯᠪᠤᠷᠢ ᠢᠮ ᠴᠢᠬᠢ ( ᠵᠥᠪ ᠪᠤᠷᠤᠭᠤ ) ᠶ᠋ᠢᠨ ᠭᠣᠣᠯ ᠢ᠋ᠶ᠋ᠠᠷ ᠵᠦᠰᠦᠵᠦ ᠰᠠᠯᠭᠠᠭᠰᠠᠨ ᠲᠡᠮᠳᠡᠭ᠃
ᠭᠠᠨᠵᠤᠭ᠎ᠠ ᠢᠮ
ᠴᠢᠬᠢ ( ᠵᠥᠪ ᠪᠤᠷᠤᠭᠤ ᠡᠮᠦᠨ᠎ᠡ ᠠᠷᠤ ) ᠶ᠋ᠢᠨ ᠠᠷᠤ ᠪᠤᠶᠤ ᠥᠪᠥᠷ ᠳᠡᠯᠪᠢ ᠶ᠋ᠢ ᠳᠠᠭᠠᠭᠤᠯᠵᠤ ᠨᠠᠷᠢᠬᠠᠨ ᠵᠦᠰᠦᠵᠦ ᠤᠨᠵᠢᠢᠯᠭᠠᠭᠰᠠᠨ ᠲᠡᠮᠳᠡᠭ ᠃ ᠤᠬᠤᠮᠠᠯ ᠢᠮ ( ᠮᠠᠯᠲᠠᠭᠤᠷ )
ᠴᠢᠬᠢ ( ᠵᠥᠪ ᠪᠤᠷᠤᠭᠤ ᠡᠮᠦᠨ᠎ᠡ ᠠᠷᠤ ) ᠶ᠋ᠢᠨ ᠠᠷᠤ ᠪᠤᠶᠤ ᠥᠪᠥᠷ ᠳᠡᠯᠪᠢ ᠡᠴᠡ ᠬᠤᠷᠤᠭᠤᠨ ᠥᠨᠳᠡᠭᠡᠨ ᠬᠢᠷᠢ ᠤᠬᠤᠨ ᠣᠭᠲᠣᠯᠤᠭᠰᠠᠨ ᠲᠡᠮᠳᠡᠭ ᠃
ᠴᠡᠴᠡᠭ ᠢᠮ
ᠴᠢᠬᠢ ( ᠵᠥᠪ ᠪᠤᠷᠤᠭᠤ ) ᠶ᠋ᠢᠨ ᠭᠣᠣᠯᠲᠠᠬᠢ ᠲᠣᠯᠢ ᠳᠡᠭᠡᠷ᠎ᠡ ᠣᠭᠲᠣᠯᠵᠤ ᠣᠷᠣᠮ ᠭᠠᠷᠭᠠᠨ ᠦᠯᠡᠳᠡᠭᠡᠭᠰᠡᠨ ᠲᠡᠮᠳᠡᠭ᠃
ᠴᠤᠭᠤᠯᠭ᠎ᠠ ᠢᠮ
( ᠵᠥᠪ ᠪᠤᠷᠤᠭᠤ ) ᠣᠭᠲᠣᠯᠬᠤ ᠭᠠᠵᠠᠷ ᠨᠢ ᠴᠡᠴᠡᠭ ᠢᠮ ᠲᠡᠢ ᠠᠳᠠᠯᠢ ᠂ ᠠᠳᠠᠯᠢ ᠦᠭᠡᠢ ᠨᠢ ᠴᠡᠴᠡᠭ ᠢᠮ ᠰᠢᠭ ᠣᠭᠲᠣᠯᠤᠭᠠᠳ ᠦᠯᠡᠳᠡᠭᠡᠬᠦ ᠶᠦ᠍ᠮ ᠪᠢᠰᠢ ᠂ ᠲᠡᠷᠡ ᠣᠭᠲᠣᠯᠤᠭᠰᠠᠨ ᠬᠡᠰᠡᠭ ᠢ᠋ᠶ᠋ᠡᠨ ᠪᠦᠷ ᠠᠪᠴᠤ ᠨᠦᠬᠡ ᠦᠯᠡᠳᠡᠭᠡᠨ᠎ᠡ᠃
ᠵᠢᠷᠦᠬᠡᠨ ᠢᠮ
ᠴᠢᠬᠢᠨ ( ᠵᠥᠪ ᠪᠤᠷᠤᠭᠤ ) ᠦᠵᠦᠭᠦᠷ ᠡᠴᠡ ᠦᠯᠦ ᠮᠡᠳᠡᠭᠳᠡᠮ᠎ᠡ ᠳᠣᠲᠣᠷ ᠴᠢᠬᠢᠨ ᠦᠵᠦᠭᠦᠷ ᠦ᠋ᠨ ᠬᠣᠶᠠᠷ ᠬᠠᠵᠠᠭᠤ ᠪᠠᠷ ᠣᠭᠲᠣᠯᠵᠤ ᠣᠷᠣᠮᠯᠠᠭᠠᠳ ᠦᠯᠡᠳᠡᠭᠡᠭᠰᠡᠨ ᠲᠡᠮᠳᠡᠭ᠃
ᠲᠠᠭᠠᠷᠢᠩᠬᠠᠢ ᠢᠮ
ᠴᠢᠬᠢᠨ ( ᠵᠥᠪ ᠪᠤᠷᠤᠭᠤ ) ᠦᠵᠦᠭᠦᠷ ᠡᠴᠡ ᠬᠤᠷᠤᠭᠤ ᠬᠢᠷᠢ ᠣᠭᠲᠣᠯᠵᠤ ᠠᠪᠤᠭᠰᠠᠨ ᠲᠡᠮᠳᠡᠭ᠃
ᠬᠥᠨᠳᠡᠯᠡᠨ ᠢᠮ
ᠴᠢᠬᠢ ( ᠵᠥᠪ ᠪᠤᠷᠤᠭᠤ ᠡᠮᠦᠨ᠎ᠡ ᠠᠷᠤ ) ᠶ᠋ᠢᠨ ᠠᠷᠤ ᠪᠤᠶᠤ ᠥᠪᠥᠷ ᠳᠡᠯᠪᠢ ᠶ᠋ᠢ ᠲᠠᠰᠤ ᠬᠥᠨᠳᠡᠯᠡᠨ ᠨᠢᠭᠡ ᠣᠭᠲᠣᠯᠵᠤ ᠲᠠᠯᠪᠢᠭᠰᠠᠨ ᠲᠡᠮᠳᠡᠭ᠃
ᠰᠠᠮ ᠢᠮ
ᠴᠢᠬᠢ ( ᠵᠥᠪ ᠪᠤᠷᠤᠭᠤ ᠡᠮᠦᠨ᠎ᠡ ᠠᠷᠤ ) ᠶ᠋ᠢᠨ ᠠᠷᠤ ᠪᠤᠶᠤ ᠥᠪᠥᠷ ᠳᠡᠯᠪᠢ ᠶ᠋ᠢ ᠲᠠᠰᠤ ᠬᠥᠨᠳᠡᠯᠡᠨ ᠬᠣᠶᠠᠷ ᠣᠭᠲᠣᠯᠵᠤ ᠲᠠᠯᠪᠢᠭᠰᠠᠨ ᠲᠡᠮᠳᠡᠭ᠃
ᠬᠠᠭᠠᠰ ᠲᠠᠭᠠᠷᠢᠩᠬᠠᠢ
ᠴᠢᠬᠢᠨ ( ᠵᠥᠪ ᠪᠤᠷᠤᠭᠤ ᠡᠮᠦᠨ᠎ᠡ ᠠᠷᠤ ) ᠶ᠋ᠢᠨ ᠦᠵᠦᠭᠦᠷ ᠦ᠋ᠨ ᠠᠷᠤ ᠪᠤᠶᠤ ᠥᠪᠥᠷ ᠡᠴᠡ ᠬᠠᠭᠠᠰ ᠣᠭᠲᠣᠯᠤᠭᠠᠳ ᠴᠢᠬᠢᠨ ᠦᠵᠦᠭᠦᠷ ᠵᠦᠭ ᠭᠣᠣᠯ ᠢ᠋ᠶ᠋ᠠᠷ ᠨᠢ ᠴᠤᠭᠤᠯᠤᠭᠰᠠᠨ ᠲᠡᠮᠳᠡᠭ᠃
ᠴᠢᠭᠴᠢᠭᠡᠢ ᠢᠮ
ᠴᠢᠬᠢᠨ ( ᠵᠥᠪ ᠪᠤᠷᠤᠭᠤ ᠡᠮᠦᠨ᠎ᠡ ᠠᠷᠤ ) ᠶ᠋ᠢᠨ ᠡᠮᠦᠨ᠎ᠡ ᠲᠠᠯ᠎ᠠ ᠠ᠋ᠴᠠ ᠳᠡᠯᠪᠢ ᠶ᠋ᠢᠨ ᠳᠤᠮᠳᠠ ᠬᠡᠰᠡᠭ ᠲᠦ᠍ ᠴᠢᠬᠢᠨ ᠤᠭ ᠴᠢᠭ ᠡᠴᠡ ᠭᠠᠳᠠᠭᠰᠢ ᠴᠢᠭ ᠲᠡᠢ ᠵᠢᠭᠠᠬᠠᠨ ᠣᠭᠲᠣᠯᠤᠭᠰᠠᠨ ᠢᠮ᠃
ᠡᠷᠡᠬᠡᠢ ᠢᠮ
ᠴᠢᠬᠢᠨ ( ᠵᠥᠪ ᠪᠤᠷᠤᠭᠤ ᠡᠮᠦᠨ᠎ᠡ ᠠᠷᠤ ) ᠶ᠋ᠢᠨ ᠠᠷᠤ ᠲᠠᠯ᠎ᠠ ᠂ ᠳᠡᠯᠪᠢ ᠶ᠋ᠢᠨ ᠳᠤᠮᠳᠠ ᠬᠡᠰᠡᠭ ᠲᠦ᠍ ᠴᠢᠬᠢᠨ ᠦᠵᠦᠭᠦᠷ ᠴᠢᠭ ᠡᠴᠡ ᠳᠣᠲᠣᠭᠰᠢ ᠴᠢᠭ ᠲᠡᠢ ᠵᠢᠭᠠᠬᠠᠨ ᠣᠭᠲᠣᠯᠤᠭᠰᠠᠨ ᠢᠮ᠃
ᠵᠢᠷᠤᠭ 5
(1) ᠴᠤᠭᠤᠯᠪᠤᠷᠢ ᠢᠮ ( ᠵᠥᠪ ᠪᠤᠷᠤᠭᠤ ᠲᠠᠯ᠎ᠠ ) ᠃ (2) ᠤᠬᠤᠮᠠᠯ ᠢᠮ ( ᠵᠥᠪ ᠪᠤᠷᠤᠭᠤ ᠠᠷᠤ ᠡᠮᠦᠨ᠎ᠡ ᠲᠠᠯ᠎ᠠ ) ᠂ ᠪᠠᠰᠠ ᠮᠠᠯᠲᠠᠮᠠᠯ ᠴᠤ᠌ ᠭᠡᠳᠡᠭ ᠃ (3) ᠵᠡᠷᠭᠡᠴᠡᠭᠡ ᠤᠬᠤᠮᠠᠯ ( ᠵᠥᠪ ᠪᠤᠷᠤᠭᠤ ᠡᠮᠦᠨ᠎ᠡ ᠬᠣᠢᠨ᠎ᠠ ᠲᠠᠯ᠎ᠠ ) ᠂ (4) ᠬᠣᠶᠠᠷ ᠲᠠᠯ᠎ᠠ ᠠ᠋ᠴᠠ ᠪᠠᠨ ᠤᠬᠤᠮᠠᠯ ᠢᠮ ( ᠵᠥᠪ ᠪᠤᠷᠤᠭᠤ ) ᠂ ᠪᠠᠰᠠ ᠰᠢᠷᠭᠤᠯᠵᠢ ᠢᠮ ᠴᠦ᠍ ᠭᠡᠳᠡᠭ ᠃ (5) ᠴᠣᠭᠣᠷᠬᠠᠢ ᠢᠮ ( ᠵᠥᠪ ᠪᠤᠷᠤᠭᠤ ) ᠪᠠᠰᠠ ᠵᠣᠭᠣᠰ ᠢᠮ ᠭᠡᠳᠡᠭ ᠃ (6) ᠴᠤᠪᠤᠭ᠎ᠠ ᠴᠣᠭᠣᠯᠭᠠ ᠢᠮ ( ᠵᠥᠪ ᠪᠤᠷᠤᠭᠤ ) ᠂ (7) ᠵᠡᠷᠭᠡᠴᠡᠭᠡ ᠴᠣᠭᠣᠯᠭᠠ ᠢᠮ ( ᠵᠥᠪ ᠪᠤᠷᠤᠭᠤ ) ᠂ (8) ᠴᠡᠴᠡᠭ ᠢᠮ ( ᠵᠥᠪ ᠪᠤᠷᠤᠭᠤ ) ᠂ (9) ᠬᠥᠨᠳᠡᠯᠡᠨ ᠢᠮ ( ᠵᠥᠪ ᠪᠤᠷᠤᠭᠤ ᠠᠷᠤ ᠥᠪᠥᠷ ᠲᠠᠯ᠎ᠠ ) ᠂ (10) ᠭᠠᠨᠵᠤᠭ᠎ᠠ ᠢᠮ ( ᠵᠥᠪ ᠪᠤᠷᠤᠭᠤ ) ᠂ ᠪᠠᠰᠠ ᠰᠢᠭᠡᠵᠡᠢ ᠢᠮ ᠭᠡᠳᠡᠭ ᠃ (11) ᠰᠦᠢᠬᠡ ᠢᠮ ( ᠵᠥᠪ ᠪᠤᠷᠤᠭᠤ ᠲᠠᠯ᠎ᠠ ) ᠪᠠᠰᠠ ᠡᠷᠡᠬᠡᠢ ᠢᠮ ᠭᠡᠳᠡᠭ ᠃ (12) ᠳᠠᠪᠬᠤᠷ ᠬᠥᠨᠳᠡᠯᠡᠨ ᠢᠮ ( ᠵᠥᠪ ᠪᠤᠷᠤᠭᠤ ᠠᠷᠤ ᠥᠪᠥᠷ ) ᠂ (13) ᠰᠠᠮ ᠢᠮ ( ᠵᠥᠪ ᠪᠤᠷᠤᠭᠤ ᠠᠷᠤ ᠥᠪᠥᠷ ) ᠂ (14) ᠳᠠᠪᠬᠤᠷ ᠰᠦᠢᠬᠡ ( ᠵᠥᠪ ᠪᠤᠷᠤᠭᠤ ᠲᠠᠯ᠎ᠠ ) ᠂ (15) ᠭᠠᠨᠵᠤᠭ᠎ᠠ ᠣᠨᠢ ( ᠵᠥᠪ ᠪᠤᠷᠤᠭᠤ ᠲᠠᠯ᠎ᠠ ) ᠂ (16) ᠰᠦᠢᠬᠡ ᠣᠨᠣ ( ᠵᠥᠪ ᠪᠤᠷᠤᠭᠤ ᠲᠠᠯ᠎ᠠ ) ᠂ (17) ᠤᠨᠤ ᠢᠮ ( ᠵᠥᠪ ᠪᠤᠷᠤᠭᠤ ᠲᠠᠯ᠎ᠠ ) ᠂ (18) ᠳᠦᠭᠦᠷᠡᠩ ᠤᠨᠤ ( ᠵᠥᠪ ᠪᠤᠷᠤᠭᠤ ) ᠂ (19) ᠰᠥᠷᠬᠦ ᠡᠷᠡᠬᠡᠢ ᠢᠮ ( ᠵᠥᠪ ᠪᠤᠷᠤᠭᠤ ᠠᠷᠤ ᠥᠪᠥᠷ ) ᠂ (20) ᠳᠠᠪᠬᠤᠷ ᠰᠥᠷᠬᠦ ᠡᠷᠡᠬᠡᠢ ( ᠵᠥᠪ ᠪᠤᠷᠤᠭᠤ ᠠᠷᠤ ᠥᠪᠥᠷ ) ᠂ (21) ᠰᠥᠷᠬᠦ ᠰᠢᠭᠡᠵᠡᠢ ᠢᠮ ( ᠵᠥᠪ ᠪᠤᠷᠤᠭᠤ ) ᠂ (22) ᠳᠠᠪᠬᠤᠷ ᠰᠥᠷᠬᠦ ᠰᠢᠭᠡᠵᠡᠢ ᠢᠮ ( ᠵᠥᠪ ᠪᠤᠷᠤᠭᠤ ) ᠂ (23)ᠲᠠᠭᠠᠷᠢᠩᠬᠠᠢ ᠢᠮ ( ᠵᠥᠪ ᠪᠤᠷᠤᠭᠤ ) ᠂ (24) ᠲᠤᠭᠤᠯ ᠢᠮ ( ᠵᠥᠪ ᠪᠤᠷᠤᠭᠤ ᠠᠷᠤ ᠥᠪᠥᠷ ᠲᠠᠯ᠎ᠠ ) ᠂ (25) ᠣᠨᠣ ᠲᠠᠢ ᠴᠤᠭᠤᠯᠭ᠎ᠠ ᠢᠮ ( ᠵᠥᠪ ᠪᠤᠷᠤᠭᠤ ) ᠂ (26) ᠴᠣᠭᠣᠯᠪᠤᠷᠢ ᠴᠣᠭᠣᠯᠭᠠ ᠢᠮ (ᠵᠥᠪ ᠪᠤᠷᠤᠭᠤ) ᠂ (27) ᠡᠮᠦᠨ᠎ᠡ ᠵᠢᠰᠢᠭᠦᠦ ᠲᠠᠭᠠᠷᠢᠩᠬᠠᠢ ( ᠵᠥᠪ ᠪᠤᠷᠤᠭᠤ ) ᠂ (28) ᠠᠷᠤ ᠵᠢᠰᠢᠭᠦᠦ ᠲᠠᠭᠠᠷᠢᠩᠬᠠᠢ ( ᠵᠥᠪ ᠪᠤᠷᠤᠭᠤ ) ᠃ (29) ᠬᠥᠨᠳᠡᠯᠡᠨ ᠲᠡᠢ ᠴᠤᠭᠤᠯᠪᠤᠷᠢ ᠢᠮ ( ᠵᠥᠪ ᠪᠤᠷᠤᠭᠤ ᠠᠷᠤ ᠥᠪᠥᠷ ) ᠃ (30) ᠳᠠᠪᠬᠤᠷ ᠬᠥᠨᠳᠡᠯᠡᠨ ᠲᠡᠢ ᠴᠢᠭᠤᠯᠪᠤᠷᠢ ᠢᠮ ᠂ ( ᠵᠥᠪ ᠪᠤᠷᠤᠭᠤ ᠠᠷᠤ ᠥᠪᠥᠷ ) ᠂ (31) ᠰᠢᠷᠭᠤᠯᠵᠢ ᠲᠠᠢ ᠴᠣᠭᠣᠯᠪᠤᠷᠢ ᠢᠮ ( ᠵᠥᠪ ᠪᠤᠷᠤᠭᠤ ᠠᠷᠤ ᠥᠪᠥᠷ )᠂ (32) ᠤᠬᠤᠮᠠᠯ ᠲᠠᠢ ᠴᠢᠭᠤᠯᠪᠤᠷᠢ ᠢᠮ ( ᠵᠥᠪ ᠪᠤᠷᠤᠭᠤ ᠠᠷᠤ ᠥᠪᠥᠷ ) ᠂ (33) ᠰᠢᠷᠭᠤᠯᠵᠢ ᠲᠠᠢ ᠴᠤᠭᠤᠯᠪᠤᠷᠢ ᠢᠮ ( ᠵᠥᠪ ᠪᠤᠷᠤᠭᠤ ) ᠂ (34) ᠴᠡᠴᠡᠭ ᠲᠡᠢ ᠴᠣᠭᠣᠯᠪᠤᠷᠢ ( ᠵᠥᠪ ᠪᠤᠷᠤᠭᠤ ) ᠂ (35) ᠲᠤᠭᠤᠯ ᠲᠠᠢ ᠴᠣᠭᠣᠯᠪᠤᠷᠢ ( ᠵᠥᠪ ᠪᠤᠷᠤᠭᠤ ᠠᠷᠤ ᠥᠪᠥᠷ ) ᠂ (36) ᠲᠠᠭᠠᠷᠢᠩᠬᠠᠢ ᠲᠠᠢ ᠴᠣᠭᠣᠯᠪᠤᠷᠢ ( ᠵᠥᠪ ᠪᠤᠷᠤᠭᠤ ) ᠂ (37) ᠲᠤᠭᠤᠯ ᠲᠠᠢ ᠰᠢᠭᠡᠵᠡᠢ ( ᠵᠥᠪ ᠪᠤᠷᠤᠭᠤ ) ᠂ (38) ᠲᠤᠭᠤᠯ ᠲᠠᠢ ᠡᠷᠡᠬᠡᠢ ( ᠵᠥᠪ ᠪᠤᠷᠤᠭᠤ) ᠂ (39) ᠤᠬᠤᠮᠠᠯ ᠲᠠᠢ ᠳᠠᠪᠬᠤᠷ ᠡᠷᠡᠬᠡᠢ ( ᠵᠥᠪ ᠪᠤᠷᠤᠭᠤ ) ᠂ (40) ᠤᠬᠤᠮᠠᠯ ᠲᠠᠢ ᠳᠠᠪᠬᠤᠷ ᠰᠢᠭᠡᠵᠡᠢ (ᠵᠥᠪ ᠪᠤᠷᠤᠭᠤ ) ᠂ (41) ᠤᠬᠤᠮᠠᠯ ᠲᠠᠢ ᠡᠷᠡᠬᠡᠢ ( ᠵᠥᠪ ᠪᠤᠷᠤᠭᠤ ) ᠂ (42) ᠤᠬᠤᠮᠠᠯ ᠲᠠᠢ ᠰᠢᠭᠡᠵᠡᠢ ( ᠵᠥᠪ ᠪᠤᠷᠤᠭᠤ ) ᠂ (43) ᠤᠬᠤᠮᠠᠯ ᠲᠠᠢ ᠰᠠᠮ ( ᠵᠥᠪ ᠪᠤᠷᠤᠭᠤ ) ᠂ ( 44 ) ᠤᠬᠤᠮᠠᠯ ᠲᠠᠢ ᠴᠤᠭᠤᠯᠭ᠎ᠠ ( ᠵᠥᠪ ᠪᠤᠷᠤᠭᠤ ) ᠂ (45) ᠳᠠᠪᠬᠤᠷ ᠵᠢᠷᠦᠬᠡ ᠢᠮ ( ᠵᠥᠪ ᠪᠤᠷᠤᠭᠤ ) ᠂ (46) ᠵᠢᠷᠦᠬᠡ ᠢᠮ ( ᠵᠥᠪ ᠪᠤᠷᠤᠭᠤ ) ᠂ (47) ᠳᠠᠪᠬᠤᠷ ᠴᠡᠴᠡᠭ ᠢᠮ ( ᠵᠥᠪ ᠪᠤᠷᠤᠭᠤ ) ᠂ (48) ᠬᠡᠷᠴᠢᠮ ᠢᠮ ( ᠵᠥᠪ ᠪᠤᠷᠤᠭᠤ ᠠᠷᠤ ᠥᠪᠥᠷ ) ᠂ (49) ᠲᠦᠯᠬᠢᠭᠦᠷ ᠢᠮ ( ᠵᠥᠪ ᠪᠤᠷᠤᠭᠤ ᠠᠷᠤ ᠥᠪᠥᠷ ᠣᠷᠣᠭᠰᠢ ᠬᠣᠢᠰᠢ ᠡᠷᠭᠢᠭᠰᠡᠨ ᠵᠡᠷᠭᠡ ) ᠂ (50) ᠴᠢᠭᠲᠠ ᠢᠮ ( ᠵᠥᠪ ᠪᠤᠷᠤᠭᠤ )᠃
ᠲᠠᠮᠠᠭ᠎ᠠ ᠶ᠋ᠢᠨ ᠵᠦᠢᠯ
ᠲᠠᠮᠠᠭ᠎ᠠ
ᠠᠳᠤᠭᠤᠨ ᠤ᠋ ᠭᠤᠶᠠᠨ ᠳ᠋ᠤ᠌ ᠂ ᠦᠬᠡᠷ ᠦ᠋ᠨ ᠡᠪᠡᠷ ᠲᠦ᠍ ᠤᠯᠠᠢᠳᠬᠠᠨ ᠳᠠᠷᠤᠳᠠᠭ ᠂ ᠶᠠᠩᠵᠤ ᠪᠦᠷᠢ ᠶ᠋ᠢᠨ ᠳᠦᠷᠰᠦᠲᠡᠢ ᠲᠡᠮᠦᠷ ᠢ᠋ᠶ᠋ᠡᠷ ᠰᠡᠢᠯᠦᠭᠰᠡᠨ ᠲᠡᠮᠳᠡᠭ᠃
ᠰᠠᠷᠠᠨ ᠲᠠᠮᠠᠭ᠎ᠠ ᠰᠢᠨᠡᠳ ᠦ᠋ᠨ ᠰᠠᠷᠠᠨ ᠬᠡᠯᠪᠡᠷᠢᠲᠡᠢ ᠲᠠᠮᠠᠭ᠎ᠠ ᠃
ᠰᠠᠷᠠᠨ ᠳᠡᠪᠢᠰᠬᠡᠷᠲᠡᠢ ᠠᠷᠠᠯ ᠲᠠᠮᠠᠭ᠎ᠠ
ᠰᠢᠨᠡᠳ ᠦ᠋ᠨ ᠰᠠᠷᠠᠨ ᠳᠡᠪᠢᠰᠬᠡᠷᠲᠡᠢ ᠠᠷᠠᠯ ᠲᠠᠮᠠᠭ᠎ᠠ ( ᠭᠣᠷᠭᠢ ᠶ᠋ᠢᠨ ᠠᠷᠠᠯ ᠳ᠋ᠤ᠌ ᠬᠡᠯᠡ ᠲᠠᠭᠠᠷᠠᠭᠤᠯᠤᠭᠰᠠᠨ ᠮᠡᠲᠦ ᠬᠡᠯᠪᠡᠷᠢᠲᠡᠢ ) ᠃
ᠣᠩᠭᠢᠲᠠᠶ ᠭᠤᠷᠪᠠᠯᠵᠢᠨ
ᠭᠤᠷᠪᠠᠯᠵᠢᠨ ᠤ᠋ ᠡᠰᠢᠨ ᠳ᠋ᠦ᠍ ᠤᠭᠯᠠᠭᠤᠷᠭ᠎ᠠ ᠶ᠋ᠢᠨ ᠨᠦᠬᠡ ᠪᠦᠬᠦᠢ ᠮᠠᠶᠢᠭᠲᠠᠢ ᠲᠠᠮᠠᠭ᠎ᠠ ᠶ᠋ᠢ ᠤᠩᠭᠢᠲᠠᠢ ᠭᠤᠷᠪᠠᠯᠵᠢᠨ ᠲᠠᠮᠠᠭ᠎ᠠ ᠭᠡᠨ᠎ᠡ᠃
ᠰᠢᠷᠡᠭᠡ ᠲᠡᠢ ᠭᠤᠷᠪᠠᠯᠵᠢᠨ ᠰᠢᠷᠡᠭᠡᠨ ᠳᠡᠪᠢᠰᠬᠡᠷ ᠲᠡᠢ ᠭᠤᠷᠪᠠᠯᠵᠢᠨ ᠬᠡᠯᠪᠡᠷᠢ ᠶ᠋ᠢᠨ ᠲᠠᠮᠠᠭ᠎ᠠ᠃
ᠴᠢᠨᠳᠠᠮᠤᠨᠢ ᠲᠠᠮᠠᠭ᠎ᠠ ᠬᠦᠰᠡᠯ ᠢ᠋ ᠬᠠᠩᠭᠠᠭᠴᠢ ᠡᠷᠳᠡᠨᠢ ᠶ᠋ᠢᠨ ᠬᠡᠯᠪᠡᠷᠢᠲᠡᠢ ᠲᠠᠮᠠᠭ᠎ᠠ᠃
ᠨᠠᠷᠠᠨ ᠰᠠᠷᠠᠨ ᠨᠠᠷᠠ ᠰᠠᠷ᠎ᠠ ᠵᠡᠷᠭᠡ ᠪᠡᠷ ᠮᠠᠨᠳᠤᠵᠤ ᠪᠠᠢᠭ᠎ᠠ ᠬᠡᠯᠪᠡᠷᠢᠲᠡᠢ ᠲᠠᠮᠠᠭ᠎ᠠ᠃
ᠠᠭᠤᠯᠠ ᠪᠥᠭᠡᠮ ᠠᠭᠤᠯᠠᠰ ᠤ᠋ᠨ ᠬᠡᠯᠪᠡᠷᠢᠲᠡᠢ ᠲᠠᠮᠠᠭ᠎ᠠ᠃
ᠵᠢᠭᠠᠰᠤᠨ ᠲᠠᠮᠠᠭ᠎ᠠ ᠨᠢᠳᠦ ᠦᠭᠡᠢ ᠬᠣᠣᠰ ᠵᠢᠭᠠᠰᠤ ᠵᠥᠷᠢᠨ ᠴᠣᠯᠭᠢᠵᠤ ᠪᠠᠢᠭ᠎ᠠ ᠬᠡᠯᠪᠡᠷᠢᠲᠡᠢ ᠲᠠᠮᠠᠭ᠎ᠠ᠃
ᠵᠤᠤᠵᠠᠢ ᠲᠠᠮᠠᠭ᠎ᠠ ᠬᠠᠵᠠᠭᠠᠷ ᠤ᠋ᠨ ᠵᠤᠤᠵᠠᠢ ᠰᠢᠭ᠋ ᠬᠡᠯᠪᠡᠷᠢᠲᠡᠢ ᠲᠠᠮᠠᠭ᠎ᠠ᠃
ᠳᠤᠭᠤᠢ ᠲᠠᠮᠠᠭ᠎ᠠ ᠭᠠᠷᠠᠬᠠᠨ ᠬᠡᠯᠪᠡᠷᠢᠲᠡᠢ ᠲᠠᠮᠠᠭ᠎ᠠ᠃ ᠪᠠᠰᠠ ᠭᠠᠷᠠᠬᠠᠨ ᠲᠠᠮᠠᠭ᠎ᠠ ᠭᠡᠳᠡᠭ᠃
ᠠᠷᠠᠯ ᠲᠠᠮᠠᠭ᠎ᠠ ᠣᠯᠣᠩ ᠤ᠋ᠨ ᠭᠣᠷᠭᠢ ᠮᠡᠲᠦ ᠲᠠᠮᠠᠭ᠎ᠠ᠃
ᠵᠢᠩᠰᠡ ᠲᠡᠢ ᠲᠤᠤᠬᠠᠢ ᠵᠢᠩᠰᠡᠲᠡᠢ ᠲᠣᠭᠣᠨᠣᠯᠵᠢ ᠲᠠᠮᠠᠭ᠎ᠠ᠃
ᠭᠤᠷᠪᠠᠯᠵᠢᠨ ᠲᠠᠮᠠᠭ᠎ᠠ ᠴᠣᠢᠨᠵᠢᠨ ᠭᠡᠳᠡᠭ᠂ ᠪᠠᠰᠠ ᠲᠣᠷᠣᠮ ᠴᠤ᠌ ᠭᠡᠵᠦ ᠬᠡᠯᠡᠬᠦ ᠭᠠᠵᠠᠷ ᠪᠣᠢ᠃
ᠪᠤᠢᠯᠠ ᠲᠠᠮᠠᠭ᠎ᠠ ᠪᠤᠢᠯᠠ ᠶ᠋ᠢᠨ ᠠᠴᠠ ᠶ᠋ᠢᠨ ᠭᠡᠯᠪᠠᠷᠢᠲᠡᠠᠢ ᠲᠠᠮᠠᠭ᠎ᠠ᠃
ᠭᠦᠯᠳᠡᠢ ᠰᠢᠷᠡᠭᠡᠳᠠᠢ ᠤᠩᠬᠢ
ᠬᠥᠯᠲᠡᠢ ᠰᠢᠷᠡᠭᠡᠨ ᠳᠡᠭᠡᠷᠡᠬᠢ ᠭᠠᠷᠠᠬᠠᠨ ᠲᠠᠮᠠᠭ᠎ᠠ ᠶ᠋ᠢ ᠬᠥᠯᠲᠡᠢ ᠰᠢᠷᠡᠭᠡᠳᠡᠢ ᠣᠩᠬᠢ ᠲᠠᠮᠠᠭ᠎ᠠ ᠭᠡᠳᠡᠭ᠃
ᠳᠤᠭᠤᠢ ᠬᠦᠷᠢᠶᠡᠲᠠᠢ ᠲᠣᠷᠣᠮ ᠬᠦᠷᠢᠶᠡᠲᠡᠢ ᠭᠤᠷᠪᠠᠯᠵᠢᠨ ᠲᠠᠮᠠᠭ᠎ᠠ ᠶ᠋ᠢ ᠬᠡᠯᠡᠵᠡᠢ᠃
ᠳᠠᠪᠬᠤᠷ ᠳᠥᠷᠪᠡᠯᠵᠢᠨ ᠬᠦᠷᠢᠶ᠎ᠡ ᠳᠠᠪᠬᠤᠷ ᠳᠥᠷᠪᠡᠯᠵᠢᠨ ᠲᠠᠮᠠᠭ᠎ᠠ ᠶ᠋ᠢ ᠬᠡᠯᠡᠵᠡᠢ᠃
ᠳᠤᠭᠤᠢ ᠬᠦᠷᠢᠶᠡᠲᠡᠢ ᠪᠤᠢᠯᠠ ᠭᠠᠷᠠᠬᠠᠨ ᠳᠣᠲᠣᠷᠠᠬᠢ ᠪᠤᠢᠯᠠ ᠶ᠋ᠢᠨ ᠠᠴᠠ ᠪᠦᠬᠦᠢ ᠲᠠᠮᠠᠭ᠎ᠠ᠃
ᠰᠢᠷᠡᠭᠡᠲᠡᠢ ᠴᠢᠨᠳᠠᠮᠤᠨᠢ ᠰᠢᠷᠡᠭᠡᠨ ᠳᠡᠭᠡᠷ᠎ᠡ ᠲᠠᠯᠪᠢᠭᠠᠰᠤᠲᠠᠢ ᠡᠷᠳᠡᠨᠢ ᠶ᠋ᠢᠨ ᠬᠡᠯᠪᠡᠷᠢᠲᠡᠢ ᠲᠠᠮᠠᠭ᠎ᠠ᠃
ᠳᠤᠭᠤᠢ ᠬᠦᠷᠢᠶᠡᠲᠡᠢ ᠪᠤᠷᠤᠭᠤ ᠬᠠᠷᠠᠭᠰᠠᠨ ᠠᠭᠤᠯᠠ ᠬᠦᠷᠢᠶᠡᠲᠡᠢ ᠠᠭᠤᠯᠠᠨ ᠲᠠᠮᠠᠭ᠎ᠠ᠃
ᠲᠣᠷᠣᠮᠲᠠᠢ ᠴᠢᠨᠳᠠᠮᠤᠨᠢ ᠭᠤᠷᠪᠠᠯᠵᠢᠨ ᠬᠦᠷᠢᠶᠡᠲᠡᠢ ᠴᠢᠨᠳᠠᠮᠤᠨᠢ ᠲᠠᠮᠠᠭ᠎ᠠ᠃
ᠰᠢᠷᠡᠭᠡᠳᠠᠢ ᠬᠡᠪᠲᠡᠭᠡ ᠵᠤᠤᠵᠠᠢ ᠲᠠᠮᠠᠭ᠎ᠠ ᠰᠢᠷᠡᠭᠡᠨ ᠳᠡᠭᠡᠷ᠎ᠡ ᠬᠡᠪᠳᠡᠭᠦᠯᠦᠭᠰᠡᠨ ᠵᠤᠤᠵᠠᠢ ᠶ᠋ᠢᠨ ᠬᠡᠯᠪᠡᠷᠢᠲᠡᠢ ᠲᠠᠮᠠᠭ᠎ᠠ᠃
ᠰᠢᠷᠡᠭᠡᠲᠡᠢ ᠴᠢᠭᠲᠠ ᠲᠠᠮᠠᠭ᠎ᠠ ᠰᠢᠷᠡᠭᠡᠨ ᠳᠡᠭᠡᠷ᠎ᠡ ᠲᠠᠯᠪᠢᠭᠰᠠᠨ ᠴᠢᠭᠲᠠ ᠪᠦᠬᠦᠢ ᠲᠠᠮᠠᠭ᠎ᠠ᠃
ᠬᠥᠪᠴᠢᠲᠡᠢ ᠰᠠᠷ᠎ᠠ
ᠲᠠᠯ᠎ᠠ ᠰᠠᠷ᠎ᠠ ᠶ᠋ᠢᠨ ᠬᠣᠶᠠᠷ ᠦᠵᠦᠭᠦᠷ ᠢ᠋ ᠠᠰᠬᠠᠨ ᠬᠣᠯᠪᠣᠵᠤ ᠬᠥᠪᠴᠢᠯᠡᠭᠰᠡᠨ ᠮᠡᠲᠦ ᠬᠡᠯᠪᠡᠷᠢᠲᠡᠢ ᠲᠠᠮᠠᠭ᠎ᠠ᠃
ᠠᠷᠤ ᠠᠷᠤ ᠪᠠᠨ ᠬᠠᠷᠠᠭᠰᠠᠨ ᠰᠠᠷ᠎ᠠ
ᠨᠢᠷᠤᠭᠤ ᠪᠠᠷ ᠢ᠋ᠶ᠋ᠠᠨ ᠠᠭᠤᠯᠵᠠᠭᠰᠠᠨ ᠰᠢᠨᠡᠳ ᠦ᠋ᠨ ᠰᠠᠷ᠎ᠠ ᠮᠡᠲᠦ ᠲᠠᠮᠠᠭ᠎ᠠ᠃
ᠰᠢᠷᠡᠭᠡᠲᠡᠢ ᠲᠤᠤᠬᠠᠢ ᠰᠢᠷᠡᠭᠡᠲᠡᠢ ᠲᠣᠭᠣᠨᠣᠯᠵᠢ ᠲᠠᠮᠠᠭ᠎ᠠ᠃
ᠭᠠᠯ ᠲᠠᠮᠠᠭ᠎ᠠ ᠳᠦᠷᠡᠯᠵᠡᠨ ᠨᠣᠴᠣᠵᠤ ᠪᠠᠢᠭ᠎ᠠ ᠭᠠᠯ ᠤ᠋ᠨ ᠬᠡᠯᠪᠡᠷᠢᠲᠡᠢ ᠲᠠᠮᠠᠭ᠎ᠠ᠃
ᠵᠢᠩᠰᠡᠲᠡᠢ ᠲᠠᠮᠠᠭ᠎ᠠ ᠵᠢᠩᠰᠡᠲᠡᠢ ᠠᠯᠤᠬᠠᠨ ᠬᠡ ᠪᠦᠬᠦᠢ ᠬᠡᠯᠪᠡᠷᠢᠲᠡᠢ ᠲᠠᠮᠠᠭ᠎ᠠ᠃
ᠰᠠᠷᠠᠨ ᠳᠡᠪᠢᠰᠬᠡᠷᠲᠡᠢ ᠠᠯᠤᠬ᠎ᠠ ᠠᠯᠤᠬᠠᠨ ᠬᠡ ᠳ᠋ᠦ᠍ ᠰᠠᠷᠠᠨ ᠳᠡᠪᠢᠰᠬᠡᠷ ᠲᠠᠭᠠᠷᠠᠭᠤᠯᠤᠭᠰᠠᠨ ᠲᠠᠮᠠᠭ᠎ᠠ᠃
ᠠᠷᠤ ᠳ᠋ᠠᠭᠠᠨ ᠬᠠᠭᠠᠷᠢᠭᠤᠯᠲᠠᠢ ᠪᠤᠷᠤᠭᠤ ᠬᠠᠷᠠᠭᠰᠠᠨ ᠵᠤᠤᠵᠠᠢ
( ᠤᠯᠠᠢᠳᠬᠠᠨ ᠬᠠᠯᠠᠭᠠᠬᠤ ᠵᠡᠪᠰᠡᠭ ) ᠢᠯᠢᠭᠦᠷ ᠪᠦᠬᠦᠢ ᠵᠤᠤᠵᠠᠢ ᠶ᠋ᠢᠨ ᠲᠠᠮᠠᠭ᠎ᠠ᠃
ᠰᠢᠷᠡᠭᠡᠲᠡᠢ ᠥᠷᠥᠭᠡ ᠣᠩᠬᠢ ᠰᠢᠷᠡᠭᠡᠨ ᠳᠡᠪᠢᠰᠬᠡᠷᠲᠡᠢ ᠬᠣᠣᠰ ᠭᠠᠷᠠᠬᠠᠨ ᠲᠠᠮᠠᠭ᠎ᠠ᠃
ᠰᠢᠷᠡᠭᠡᠲᠡᠢ ᠪᠤᠷᠤᠭᠤ ᠬᠠᠷᠠᠭᠰᠠᠨ ᠵᠤᠤᠵᠠᠢ
ᠰᠢᠷᠡᠭᠡᠨ ᠳᠡᠪᠢᠰᠬᠡᠷ ᠳᠡᠭᠡᠷ᠎ᠡ ᠪᠤᠷᠤᠭᠤ ᠲᠡᠢᠰᠢ ᠡᠷᠭᠢᠭᠦᠯᠦᠨ ᠪᠣᠰᠤᠭ᠎ᠠ ᠲᠠᠯᠪᠢᠭᠰᠠᠨ ᠵᠤᠤᠵᠠᠢ ᠲᠠᠮᠠᠭ᠎ᠠ᠃
ᠰᠢᠷᠡᠭᠡᠲᠡᠢ ᠵᠥᠪ ᠬᠠᠷᠠᠭᠰᠠᠨ ᠵᠤᠤᠵᠠᠢ
ᠰᠢᠷᠡᠭᠡᠨ ᠳᠡᠪᠢᠰᠬᠡᠷ ᠳᠡᠭᠡᠷ᠎ᠡ ᠵᠥᠪ ᠲᠡᠢᠰᠢ ᠡᠷᠭᠢᠭᠦᠯᠦᠨ ᠪᠣᠰᠤᠭ᠎ᠠ ᠲᠠᠯᠪᠢᠭᠰᠠᠨ ᠵᠤᠤᠵᠠᠢ ᠲᠠᠮᠠᠭ᠎ᠠ᠃
ᠭᠦᠯᠳᠡᠢ ᠰᠢᠷᠡᠭᠡᠲᠡᠢ ᠵᠢᠭᠠᠰᠤᠨ ᠲᠠᠮᠠᠭ᠎ᠠ
ᠭᠦᠯᠳᠡᠢ ᠰᠢᠷᠡᠭᠡᠨ ᠳᠡᠪᠢᠰᠬᠡᠷ ᠳᠡᠭᠡᠷ᠎ᠡ ᠲᠠᠯᠪᠢᠭᠰᠠᠨ ᠬᠣᠣᠰ ᠵᠢᠭᠠᠰᠤᠨ ᠴᠣᠯᠭᠢᠶᠠ ᠬᠡᠯᠪᠡᠷᠢᠲᠡᠢ ᠲᠠᠮᠠᠭ᠎ᠠ᠃
ᠭᠦᠯᠳᠡᠢ ᠰᠢᠷᠡᠭᠡᠲᠡᠢ ᠲᠣᠷᠣᠮ ᠭᠦᠯᠳᠡᠢ ᠰᠢᠷᠡᠭᠡᠨ ᠳᠡᠪᠢᠰᠬᠡᠷ ᠳᠡᠭᠡᠷᠡᠬᠢ ᠭᠤᠷᠪᠠᠯᠵᠢᠨ ( ᠴᠣᠢᠨᠵᠢᠨ ᠲᠠᠮᠠᠭ᠎ᠠ ) ᠃
ᠰᠢᠷᠡᠭᠡᠲᠡᠢ ᠳᠥᠷᠪᠡᠯᠵᠢᠨ ᠰᠢᠷᠡᠭᠡᠨ ᠳᠡᠪᠢᠰᠬᠡᠷᠲᠡᠢ ᠾᠧ ᠶᠢᠩ ᠲᠠᠮᠠᠭ᠎ᠠ᠃
ᠰᠢᠷᠡᠭᠡᠲᠡᠢ ᠬᠥᠪᠴᠢᠳᠢ ᠰᠠᠷ᠎ᠠ ᠰᠢᠷᠡᠭᠡᠨ ᠳᠡᠪᠢᠰᠬᠡᠷ ᠲᠡᠢ᠂ ᠬᠥᠪᠴᠢᠨ ᠨᠥᠮᠥᠷᠭᠡᠲᠡᠢ ᠰᠠᠷᠠᠨ ᠲᠠᠮᠠᠭ᠎ᠠ᠃
ᠳᠥᠷᠪᠡᠯᠵᠢᠨ ᠬᠦᠷᠢᠶᠡᠲᠡᠢ ᠲᠤᠤᠬᠠᠢ ᠳᠥᠷᠪᠡᠯᠵᠢᠨ ᠬᠦᠷᠢᠶᠡᠲᠡᠢ ᠲᠣᠭᠣᠨᠣᠯᠵᠢᠨ ᠲᠠᠮᠠᠭ᠎ᠠ᠃
ᠭᠦᠯᠳᠡᠢ ᠰᠢᠷᠡᠭᠡᠲᠡᠢ ᠰᠠᠷ᠎ᠠ
ᠬᠥᠯ ᠲᠡᠢ ᠰᠢᠷᠡᠭᠡᠨ ᠳᠡᠪᠢᠰᠬᠡᠷ ᠳᠡᠭᠡᠷ᠎ᠡ ᠲᠠᠯᠪᠢᠭᠰᠠᠨ ᠰᠠᠷᠠᠨ ᠬᠡᠯᠪᠡᠷᠢ ᠶ᠋ᠢᠨ ᠲᠠᠮᠠᠭ᠎ᠠ᠃
ᠥᠷᠥᠭᠡ ᠥᠩᠬᠢᠲᠠᠢ ᠰᠠᠷ᠎ᠠ
ᠰᠠᠷᠠᠨ ᠳᠡᠪᠢᠰᠬᠡᠷ ᠲᠡᠢ ᠵᠡᠷᠭᠡᠴᠡᠭᠡ ᠬᠣᠣᠰ ᠭᠠᠷᠠᠬᠠᠨ ᠲᠠᠮᠠᠭ᠎ᠠ᠃
ᠥᠷᠥᠭᠡ ᠣᠩᠬᠢ ᠬᠣᠣᠰ ᠭᠠᠷᠠᠬᠠᠨ ᠲᠠᠮᠠᠭ᠎ᠠ᠃
ᠳᠥᠷᠪᠡᠯᠵᠢᠨ ᠾᠧ ᠶᠢᠩ ᠲᠠᠮᠠᠭ᠎ᠠ᠃
ᠰᠢᠷᠡᠭᠡᠲᠡᠢ ᠰᠠᠷ᠎ᠠ ᠰᠢᠷᠡᠭᠡᠨ ᠳᠡᠪᠢᠰᠬᠡᠷ ᠲᠡᠢ ᠰᠠᠷᠠᠨ ᠲᠠᠮᠠᠭ᠎ᠠ᠃
ᠰᠢᠷᠡᠭᠡᠲᠡᠢ ᠠᠭᠤᠯᠠ ᠰᠢᠷᠡᠭᠡᠨ ᠳᠡᠪᠢᠰᠬᠡᠷ ᠲᠡᠢ ᠠᠭᠤᠯᠠᠨ ᠲᠠᠮᠠᠭ᠎ᠠ᠃
ᠰᠠᠷᠠᠨ ᠳᠡᠪᠢᠰᠬᠡᠷ ᠲᠡᠢ ᠵᠥᠪ ᠬᠠᠷᠠᠭᠰᠠᠨ ᠵᠤᠤᠵᠠᠢ
ᠰᠠᠷᠠᠨ ᠳᠡᠪᠢᠰᠬᠡᠷ ᠳᠡᠭᠡᠷ᠎ᠡ ᠵᠥᠪ ᠬᠠᠷᠠᠭᠤᠯᠤᠨ ᠪᠣᠰᠤᠭ᠎ᠠ ᠪᠠᠷ ᠲᠠᠯᠪᠢᠭᠰᠠᠨ ᠵᠤᠤᠵᠠᠢ ᠶ᠋ᠢᠨ ᠲᠠᠮᠠᠭ᠎ᠠ᠃
ᠣᠩᠭᠢ ᠲᠠᠮᠠᠭ᠎ᠠ ᠳᠤᠮᠳᠠ ᠪᠠᠨ ᠨᠦᠬᠡ ᠪᠦᠬᠦᠢ ᠭᠠᠷᠠᠬᠠᠨ ᠲᠠᠮᠠᠭ᠎ᠠ᠃
ᠳᠣᠣᠷ᠎ᠠ ᠪᠠᠨ ᠲᠤᠤᠬᠠᠢ ᠲᠠᠢ ᠰᠠᠷ᠎ᠠ ᠳᠤᠤᠬᠠᠨ ᠳᠡᠪᠢᠰᠬᠡᠷ ᠲᠡᠢ ᠰᠠᠷᠠᠨ ᠲᠠᠮᠠᠭ᠎ᠠ᠃
ᠵᠢᠩᠰᠡᠲᠡᠢ ᠣᠯᠣᠮ ᠣᠯᠣᠩ ᠤ᠋ᠨ ᠭᠣᠷᠭᠢ ᠳᠡᠪᠢᠰᠬᠡᠷ ᠲᠡᠢ ᠵᠢᠩᠰᠡ ᠲᠠᠮᠠᠭ᠎ᠠ᠃
ᠰᠠᠷᠠᠨ ᠳᠡᠪᠢᠰᠬᠡᠷᠲᠡᠢ ᠲᠤᠤᠬᠠᠢ ᠰᠠᠷᠠᠨ ᠳᠡᠪᠢᠰᠬᠡᠷ ᠲᠡᠢ ᠲᠣᠭᠣᠨᠣᠯᠵᠢ ᠲᠠᠮᠠᠭ᠎ᠠ᠃
ᠬᠠᠨ ᠪᠠᠭᠤᠪᠴᠢ ᠬᠣᠯᠪᠣᠭᠠᠲᠠᠢ ᠭᠠᠷᠬᠠᠨ ᠬᠡ ᠤᠭᠠᠯᠵᠠ ᠶ᠋ᠢᠨ ᠲᠠᠮᠠᠭ᠎ᠠ᠃
ᠲᠤᠤᠬᠠᠢ ᠲᠣᠭᠣᠨᠣᠯᠵᠢ ᠲᠠᠮᠠᠭ᠎ᠠ᠃
ᠳᠡᠭᠡᠷ᠎ᠡ ᠪᠡᠨ ᠤᠩᠭᠢᠲᠠᠢ ᠬᠥᠪᠴᠢᠲᠡᠢ ᠰᠠᠷ᠎ᠠ ᠬᠥᠪᠴᠢᠲᠡᠢ ᠰᠠᠷᠠᠨ ᠳᠡᠪᠢᠰᠬᠡᠷ ᠲᠡᠢ ᠭᠠᠷᠠᠬᠠᠨ ᠲᠠᠮᠠᠭ᠎ᠠ᠃
ᠬᠠᠲᠤᠨ ᠰᠦᠢᠬᠡ ᠬᠣᠯᠪᠣᠭᠠᠲᠠᠢ ᠰᠦᠢᠬᠡᠨ ᠬᠡ ᠤᠭᠠᠯᠵᠠ ᠶ᠋ᠢᠨ ᠬᠡᠯᠪᠡᠷᠢᠲᠡᠢ ᠲᠠᠮᠠᠭ᠎ᠠ᠃
ᠪᠣᠰᠤᠭ᠎ᠠ ᠰᠠᠷ᠎ᠠ ᠪᠣᠰᠤᠭ᠎ᠠ ᠬᠡᠯᠪᠡᠷᠢᠲᠡᠢ ᠰᠠᠷᠠᠨ ᠲᠠᠮᠠᠭ᠎ᠠ᠃
ᠰᠢᠷᠡᠭᠡᠲᠡᠢ ᠰᠦᠢᠬᠡ ᠰᠢᠷᠡᠭᠡᠨ ᠳᠡᠪᠢᠰᠬᠡᠷ ᠲᠡᠢ ᠰᠦᠢᠬᠡᠨ ᠬᠡ ᠬᠡᠯᠪᠡᠷᠢᠲᠡᠢ ᠲᠠᠮᠠᠭ᠎ᠠ᠃
ᠭᠦᠯᠳᠡᠢ ᠰᠢᠷᠡᠭᠡᠳᠡᠢ ᠲᠣᠷᠣᠮ ᠭᠦᠯᠳᠡᠢ ᠰᠢᠷᠡᠭᠡᠨ ᠳᠡᠪᠢᠰᠬᠡᠷ ᠳᠡᠭᠡᠷ᠎ᠡ ᠲᠠᠯᠪᠢᠭᠰᠠᠨ ᠭᠤᠷᠪᠠᠯᠵᠢᠨ ᠲᠠᠮᠠᠭ᠎ᠠ᠃
ᠠᠯᠤᠬ᠎ᠠ
ᠴᠢᠭᠲᠠᠨ ᠬᠡᠯᠪᠡᠷᠢᠲᠡᠢ ᠬᠡ ᠶ᠋ᠢᠨ ᠬᠡᠯᠪᠡᠷᠢᠲᠦ ᠲᠠᠮᠠᠭ᠎ᠠ ᠃ ᠪᠠᠰᠠ ᠴᠢᠭᠲᠠᠨ ᠲᠠᠮᠠᠭ᠎ᠠ ᠭᠡᠳᠡᠭ᠃
ᠳᠥᠷᠪᠡᠯᠵᠢᠨ ᠬᠦᠷᠢᠶᠡᠲᠡᠢ ᠣᠩᠭᠢ
ᠳᠥᠷᠪᠡᠯᠵᠢᠨ ᠬᠦᠷᠢᠶᠡᠨ ᠳᠣᠲᠣᠷᠠᠬᠢ ᠲᠡᠮᠦᠷ ᠵᠡᠪᠰᠡᠭ ᠦ᠋ᠨ ᠡᠰᠢᠨ ᠦ᠌ ᠨᠦᠬᠡᠨ ᠬᠡᠯᠪᠡᠷᠢᠲᠡᠢ ᠲᠠᠮᠠᠭ᠎ᠠ᠃ ᠪᠠᠰᠠ ᠭᠠᠷᠠᠬ᠎ᠠ ᠭᠡᠵᠦ ᠬᠡᠯᠡᠳᠡᠭ ᠭᠠᠵᠠᠷ ᠪᠣᠢ᠃
ᠲᠣᠪᠬᠣᠳᠠᠢ ᠪᠤᠢᠯᠠ ᠲᠡᠮᠡᠭᠡᠨ ᠦ᠌ ᠲᠣᠪᠬᠤ ᠲᠠᠢ ᠪᠤᠢᠯᠠ ᠶ᠋ᠢᠨ ᠬᠡᠯᠪᠡᠷᠢ ᠲᠡᠢ ᠲᠠᠮᠠᠭ᠎ᠠ᠃
ᠰᠡᠷᠡᠭᠡ ᠲᠠᠮᠠᠭ᠎ᠠ ᠰᠡᠷᠡᠭᠡ ( ᠵᠡᠪᠰᠡᠭ ᠦ᠋ᠨ ᠨᠢᠭᠡᠨ ᠵᠦᠢᠯ ) ᠦ᠋ᠨ ᠬᠡᠯᠪᠡᠷᠢᠲᠡᠢ ᠲᠠᠮᠠᠭ᠎ᠠ᠃
ᠳᠥᠷᠪᠡᠯᠵᠢᠨ ᠬᠦᠷᠢᠶᠡᠲᠡᠢ ᠵᠥᠪ ᠬᠠᠷᠠᠭᠰᠠᠨ ᠠᠭᠤᠯᠠ
ᠳᠥᠷᠪᠡᠯᠵᠢᠨ ᠬᠦᠷᠢᠶᠡᠨ ᠳᠣᠲᠣᠷᠠᠬᠢ ᠠᠭᠤᠯᠠᠰ ᠤ᠋ᠨ ᠭᠡᠯᠪᠷᠢᠲᠡᠢ ᠲᠠᠮᠠᠭ᠎ᠠ᠃
ᠳᠠᠪᠬᠤᠷ ᠰᠠᠷ᠎ᠠ
ᠰᠠᠷᠠᠨ ᠳᠡᠪᠢᠰᠬᠡᠷ ᠲᠡᠢ ᠰᠠᠷᠠᠨ ᠲᠠᠮᠠᠭ᠎ᠠ᠃
ᠳᠤᠭᠤᠢ ᠭᠦᠷᠢᠶᠡᠲᠡᠢ ᠠᠯᠤᠬ᠎ᠠ
ᠳᠤᠭᠤᠢ ᠬᠦᠷᠢᠶᠡᠨ ᠳᠣᠲᠣᠷᠠᠬᠢ ᠠᠯᠤᠬᠠᠨ ᠬᠡ ᠪᠦᠬᠦᠢ ᠲᠠᠮᠠᠭ᠎ᠠ ᠃ ᠪᠠᠰᠠ ᠬᠦᠷᠢᠶᠡᠲᠡᠢ ᠴᠢᠭᠲᠠᠨ ᠲᠠᠮᠠᠭ᠎ᠠ ᠭᠡᠳᠡᠭ᠃
ᠭᠠᠯᠲᠠᠢ ᠰᠠᠷ᠎ᠠ
ᠰᠠᠷᠠᠨ ᠳᠡᠪᠢᠰᠬᠡᠷ ᠲᠡᠢ ᠨᠣᠴᠣᠭᠰᠠᠨ ᠭᠠᠯ ᠤ᠋ᠨ ᠬᠡᠯᠪᠡᠷᠢᠲᠡᠢ ᠲᠠᠮᠠᠭ᠎ᠠ᠃
ᠣᠯᠣᠩ ᠣᠯᠣᠩ ᠤ᠋ᠨ ᠭᠣᠷᠭᠢ ᠬᠡᠯᠪᠡᠷᠢᠲᠡᠢ ᠲᠠᠮᠠᠭ᠎ᠠ᠃
ᠰᠠᠷᠠᠨ ᠬᠦᠷᠢᠶᠡᠲᠡᠢ ᠠᠯᠤᠬ᠎ᠠ ᠰᠠᠷᠠᠨ ᠬᠦᠷᠢᠶᠡᠲᠡᠢ ᠠᠯᠤᠬᠠᠨ ᠬᠡ ᠶ᠋ᠢᠨ ᠲᠠᠮᠠᠭ᠎ᠠ᠃
ᠪᠠᠷᠢᠭᠤᠯ ᠲᠠᠮᠠᠭ᠎ᠠ
ᠶᠠᠭᠤᠮ᠎ᠠ ᠪᠠᠷᠢᠬᠤ ᠳ᠋ᠤ᠌ ᠵᠣᠷᠢᠭᠤᠯᠵᠤ ᠂ ᠬᠢᠭᠰᠡᠨ ᠡᠰᠢ ᠂ ᠭᠣᠴᠣᠬᠠ ᠂ ᠰᠠᠨᠵᠢ ᠮᠡᠲᠦ ᠶ᠋ᠢᠨ ᠬᠡᠯᠪᠡᠷᠢᠳᠢ ᠲᠠᠮᠠᠭ᠎ᠠ᠃ ᠰᠠᠨᠵᠢᠨ ᠲᠠᠮᠠᠭ᠎ᠠ ᠭᠡᠳᠡᠭ ᠴᠦ᠍ ᠪᠣᠢ᠃
ᠬᠠᠢᠴᠢᠨ ᠲᠠᠮᠠᠭ᠎ᠠ ᠬᠠᠢᠴᠢᠨ ( ᠡᠳ᠋ ᠪᠠᠷᠠᠭ᠎ᠠ ᠪᠤᠶᠤ ᠬᠣᠨᠢ ᠬᠢᠷᠭᠠᠳᠠᠭ ᠬᠠᠢᠴᠢ ) ᠬᠡᠯᠪᠡᠷᠢᠲᠦ ᠲᠠᠮᠠᠭ᠎ᠠ᠃
ᠳᠡᠭᠡᠭᠡ ᠲᠠᠮᠠᠭ᠎ᠠ ᠭᠣᠬ᠎ᠠ ᠳᠡᠭᠡᠭᠡ ᠶ᠋ᠢᠨ ᠭᠡᠯᠪᠷᠢᠲᠡᠢ ᠲᠠᠮᠠᠭ᠎ᠠ᠃
ᠳᠥᠷᠪᠡᠯᠵᠢᠨ ᠰᠦᠢᠬᠡ ᠳᠥᠷᠪᠡᠯᠵᠢᠨ ᠰᠦᠢᠬᠡᠨ ᠬᠡ ᠶ᠋ᠢᠨ ᠬᠡᠯᠪᠡᠷᠢᠲᠡᠢ ᠲᠠᠮᠠᠭ᠎ᠠ᠃
ᠰᠠᠷᠠᠪᠴᠢᠲᠠᠢ ᠪᠣᠰᠤᠭ᠎ᠠ ᠳᠥᠷᠪᠡᠯᠵᠢᠨ
ᠰᠠᠷᠠᠪᠴᠢᠲᠠᠢ ᠪᠣᠰᠤᠭ᠎ᠠ ᠳᠥᠷᠪᠡᠯᠵᠢᠨ ᠰᠦᠢᠬᠡᠨ ᠬᠡ ᠶ᠋ᠢᠨ ᠬᠡᠯᠪᠡᠷᠢᠲᠡᠢ ᠲᠠᠮᠠᠭ᠎ᠠ᠃
ᠴᠢᠨᠳᠠᠮᠤᠨᠢ ᠲᠠᠢ ᠰᠠᠷ᠎ᠠ ᠰᠠᠷᠠᠨ ᠳᠡᠪᠢᠰᠬᠡᠷ ᠲᠡᠢ ᠴᠢᠨᠳᠠᠮᠤᠨᠢ ᠲᠠᠮᠠᠭ᠎ᠠ᠃
ᠵᠥᠪ ᠬᠠᠷᠠᠭᠰᠠᠨ ᠠᠭᠤᠯᠠ ᠵᠥᠪ ᠡᠷᠭᠢᠭᠰᠡᠨ ᠠᠭᠤᠯᠠᠨ ᠲᠠᠮᠠᠭ᠎ᠠ᠃
ᠨᠢᠳᠦᠲᠡᠢ ᠵᠢᠭᠠᠰᠤᠨ ᠨᠢᠳᠦᠲᠡᠢ ᠬᠣᠣᠰ ᠵᠢᠭᠠᠰᠤᠨ ᠲᠠᠮᠠᠭ᠎ᠠ᠃
ᠲᠠᠯ᠎ᠠ ᠰᠠᠷᠠᠨ ᠲᠣᠰᠬᠣᠭᠤᠷ ᠲᠠᠢ ᠵᠢᠭᠠᠰᠤᠨ
ᠲᠠᠯ᠎ᠠ ᠰᠠᠷᠠᠨ ᠳᠡᠪᠢᠰᠬᠡᠷ ᠲᠡᠢ ᠂ ᠨᠢᠳᠦᠲᠡᠢ ᠵᠢᠭᠠᠰᠤᠨ ᠲᠠᠮᠠᠭ᠎ᠠ᠃
ᠬᠥᠪᠴᠢᠲᠡᠢ ᠰᠠᠷᠠᠨ ᠲᠣᠰᠬᠣᠭᠤᠷ ᠲᠠᠢ ᠵᠢᠭᠠᠰᠤᠨ
ᠬᠥᠪᠴᠢᠲᠡᠢ ᠰᠠᠷᠠᠨ ᠳᠡᠪᠢᠰᠬᠡᠷ ᠲᠡᠢ᠂ ᠨᠢᠳᠦᠲᠡᠢ ᠵᠢᠭᠠᠰᠤᠨ ᠲᠠᠮᠠᠭ᠎ᠠ᠃
ᠯᠠᠨ ᠰᠡᠷᠡᠭᠡᠨ ᠲᠠᠮᠠᠭ᠎ᠠ ᠡᠰᠢᠨ ᠳ᠋ᠡᠭᠡᠨ ᠴᠢᠭᠳᠠᠭᠠᠲᠠᠢ ᠰᠡᠷᠡᠭᠡᠨ ᠲᠠᠮᠠᠭ᠎ᠠ᠃
ᠳᠤᠬᠤᠨ
ᠬᠡᠲᠡ ᠶ᠋ᠢᠨ ᠳᠤᠬᠤᠨ ᠬᠡᠯᠪᠡᠷᠢᠲᠡᠢ ᠲᠠᠮᠠᠭ᠎ᠠ ᠃ ᠪᠠᠰᠠ ᠭᠡᠲᠡᠨ ᠲᠠᠮᠠᠭ᠎ᠠ ᠴᠤ᠌ ᠭᠡᠳᠡᠭ ᠭᠠᠵᠠᠷ ᠪᠣᠢ᠃
ᠴᠢᠭᠲᠠ ᠲᠠᠢ ᠵᠤᠤᠵᠠᠢ ᠴᠢᠭᠲᠠᠯᠠᠭᠰᠠᠨ ᠵᠤᠤᠵᠠᠢ ᠶ᠋ᠢᠨ ᠬᠡᠯᠪᠡᠷᠢᠲᠡᠢ ᠲᠠᠮᠠᠭ᠎ᠠ᠃
ᠵᠥᠪ ᠡᠷᠭᠢᠭᠰᠡᠨ ᠬᠠᠰ ᠵᠥᠪ ᠡᠷᠭᠢᠭᠰᠡᠨ ᠬᠡ ᠤᠭᠠᠯᠵᠠ ᠶ᠋ᠢᠨ ᠨᠢᠭᠡᠨ ᠬᠡᠯᠪᠡᠷᠢᠲᠡᠢ ᠲᠠᠮᠠᠭ᠎ᠠ᠃
ᠪᠤᠷᠤᠭᠤ ᠡᠷᠭᠢᠭᠰᠡᠨ ᠬᠠᠰ ᠪᠤᠷᠤᠭᠤ ᠡᠷᠭᠢᠭᠰᠡᠨ ᠬᠡ ᠤᠭᠠᠯᠵᠠ ᠶ᠋ᠢᠨ ᠨᠢᠭᠡᠨ ᠬᠡᠯᠪᠡᠷᠢᠲᠦ ᠲᠠᠮᠠᠭ᠎ᠠ᠃
ᠠᠯᠢᠮᠠᠨ ᠲᠠᠮᠠᠭ᠎ᠠ
ᠠᠯᠢᠮ᠎ᠠ ᠶ᠋ᠢᠨ ᠬᠡᠯᠪᠡᠷᠢᠲᠦ ᠲᠠᠮᠠᠭ᠎ᠠ ᠃ ᠪᠠᠰᠠ ᠡᠰᠢᠲᠡᠢ ᠭᠠᠷᠠᠬᠠᠨ ᠲᠠᠮᠠᠭ᠎ᠠ ᠴᠤ᠌ ᠭᠡᠳᠡᠭ᠃
ᠡᠰᠢᠲᠡᠢ ᠴᠣᠢᠨᠵᠢᠨ
ᠡᠰᠢᠲᠡᠢ ᠭᠤᠷᠪᠠᠯᠵᠢᠨ ᠬᠡᠯᠪᠡᠷᠢᠲᠦ ᠲᠠᠮᠠᠭ᠎ᠠ᠃ ᠪᠠᠰᠠ ᠡᠰᠢᠲᠡᠢ ᠲᠣᠷᠣᠮ ᠴᠤ᠌ ᠭᠡᠳᠡᠭ᠃
ᠡᠷᠳᠡᠨᠢ ᠡᠷᠳᠡᠨᠢ ᠬᠡᠯᠪᠡᠷᠢᠲᠦ ᠲᠠᠮᠠᠭ᠎ᠠ᠃
ᠳᠠᠩ ᠵᠢᠭᠠᠰᠤᠨ ᠲᠠᠮᠠᠭ᠎ᠠ ᠵᠢᠭᠠᠰᠤᠨ ᠬᠡᠯᠪᠡᠷᠢᠲᠦ ᠲᠠᠮᠠᠭ᠎ᠠ᠃
ᠨᠢᠳᠦᠲᠡᠢ ᠵᠢᠭᠠᠰᠤᠨ ᠲᠠᠮᠠᠭ᠎ᠠ ᠨᠢᠳᠦᠲᠡᠢ ᠵᠢᠭᠠᠰᠤᠨ ᠬᠡᠯᠪᠡᠷᠢᠲᠦ ᠲᠠᠮᠠᠭ᠎ᠠ᠃
ᠨᠠᠷᠠᠨ ᠪᠦᠬᠦᠯᠢ ᠪᠦᠲᠦᠨ ᠨᠠᠷᠠᠨ ᠬᠡᠯᠪᠡᠷᠢᠲᠦ ᠲᠠᠮᠠᠭ᠎ᠠ᠃ ᠪᠠᠰᠠ ᠭᠠᠷᠠᠬᠠᠨ ᠲᠠᠮᠠᠭ᠎ᠠ ᠭᠡᠳᠡᠭ᠃
ᠳᠠᠪᠬᠤᠷ ᠭᠠᠷᠠᠬᠠᠨ ᠲᠠᠮᠠᠭ᠎ᠠ
ᠭᠠᠷᠠᠬ᠎ᠠ ᠶ᠋ᠢᠨ ᠭᠠᠳᠠᠭᠤᠷ ᠪᠠᠰᠠ ᠨᠢᠭᠡᠨ ᠭᠠᠷᠠᠬ᠎ᠠ ᠵᠣᠬᠢᠶᠠᠭᠰᠠᠨ ᠲᠠᠮᠠᠭ᠎ᠠ᠃
ᠰᠦᠯᠵᠢᠮᠡᠯ ᠭᠠᠷᠠᠬᠠᠨ ᠲᠠᠮᠠᠭ᠎ᠠ
ᠬᠣᠶᠠᠷ ᠭᠠᠷᠠᠬ᠎ᠠ ᠶ᠋ᠢ ᠬᠣᠯᠪᠣᠨ ᠰᠦᠯᠵᠢᠭᠰᠡᠨ ᠬᠡᠯᠪᠡᠷᠢᠲᠡᠢ ᠲᠠᠮᠠᠭ᠎ᠠ᠃ ᠪᠠᠰᠠ ᠬᠠᠨ ᠪᠠᠭᠤᠪᠴᠢ ᠭᠡᠨ᠎ᠡ᠃
ᠢᠯᠢᠭᠦᠷ ᠢᠯᠢᠭᠦᠷ ᠦ᠋ᠨ ᠬᠡᠯᠪᠡᠷᠢᠲᠡᠢ ᠲᠠᠮᠠᠭ᠎ᠠ᠃ ᠪᠠᠰᠠ ᠡᠰᠢᠲᠡᠢ ᠴᠣᠢᠨᠵᠢᠨ ᠴᠤ᠌ ᠭᠡᠳᠡᠭ᠃
ᠵᠣᠭᠣᠰᠤᠨ ᠲᠠᠮᠠᠭ᠎ᠠ ᠭᠠᠤᠯᠢᠨ ᠵᠣᠭᠣᠰᠤᠨ ᠬᠡᠯᠪᠡᠷᠢᠲᠡᠢ ᠲᠠᠮᠠᠭ᠎ᠠ᠃
ᠲᠣᠭᠣᠷ ᠲᠠᠮᠠᠭ᠎ᠠ ᠲᠣᠭᠣᠷ ᠬᠡᠯᠪᠡᠷᠢᠲᠡᠢ ᠶ᠋ᠢ ᠲᠠᠮᠠᠭ᠎ᠠ᠃
ᠬᠤᠯᠤ ᠲᠠᠮᠠᠭ᠎ᠠ ᠬᠤᠯᠤ ᠶ᠋ᠢᠨ ᠬᠡᠯᠪᠡᠷᠢᠲᠡᠢ ᠲᠠᠮᠠᠭ᠎ᠠ ᠃
ᠱᠠᠲᠤ ᠲᠠᠢ ᠬᠠᠰ ᠱᠠᠲᠤᠨ ᠳᠡᠪᠢᠰᠬᠡᠷ ᠲᠡᠢ ᠬᠠᠰ ᠲᠠᠮᠠᠭ᠎ᠠ᠃
ᠭᠦᠯᠳᠡᠢ ᠬᠠᠰ ᠭᠦᠯᠳᠡᠢ ᠰᠢᠷᠡᠭᠡᠨ ᠳᠡᠪᠢᠰᠬᠡᠷᠲᠡᠢ ᠬᠠᠰ ᠲᠠᠮᠠᠭ᠎ᠠ᠃
ᠮᠣᠩᠭᠣᠯ ᠬᠠᠭᠤᠴᠢᠨ ᠦᠰᠦᠭ ᠦ᠋ᠨ ᠲᠠᠮᠠᠭ᠎ᠠ ᠣᠯᠠᠨ ᠪᠣᠢ ᠃ ᠲᠡᠭᠦᠨ ᠡᠴᠡ ᠬᠡᠳᠦ ᠶ᠋ᠢ ᠳᠤᠷᠠᠳ᠌ᠠᠪᠠᠯ :
ᠪᠠ ᠴᠠᠭᠠᠨ ᠲᠣᠯᠣᠭᠠᠢ ᠶ᠋ᠢᠨ ᠳᠡᠭᠡᠷ᠎ᠡ ᠣᠷᠣᠭᠰᠠᠨ 《ᠪᠠ 》ᠬᠡᠯᠪᠡᠷᠢᠲᠡᠢ᠃
ᠳᠡ ᠴᠠᠭᠠᠨ ᠲᠣᠯᠣᠭᠠᠢ ᠶ᠋ᠢᠨ ᠤᠭ ᠳᠦᠷᠰᠦ ᠶ᠋ᠢᠨ 《ᠳᠡ 》ᠬᠡᠯᠪᠡᠷᠢᠲᠡᠢ᠃
ᠮᠥᠨ ᠮᠣᠩᠭᠣᠯ ᠪᠢᠴᠢᠭ ᠦ᠋ᠨ 《ᠮᠥᠨ 》ᠬᠡᠯᠪᠡᠷᠢᠲᠡᠢ᠃
ᠲᠦᠮᠡ ᠲᠦᠮᠡ ᠶ᠋ᠢᠨ ᠲᠣᠭᠠᠨ ᠤ᠋ 《ᠲᠦᠮᠡ 》ᠬᠡᠯᠪᠡᠷᠢᠲᠡᠢ᠃
ᠪᠤᠮ ᠠᠷᠪᠠᠨ ᠲᠦᠮᠡ ᠶ᠋ᠢᠨ 《ᠪᠤᠮ 》ᠬᠡᠯᠪᠡᠷᠢᠲᠡᠢ ᠭᠡᠬᠦ ᠮᠡᠲᠦ᠃
ᠲᠥᠪᠡᠳ ᠦᠰᠦᠭ ᠦ᠋ᠨ ᠪᠠᠰᠠ ᠴᠤ᠌ ᠪᠠᠢᠨ᠎ᠠ ᠳᠠ ᠃ ᠲᠥᠪᠡᠳ 《ᠴᠠ 》 ᠦᠰᠦᠭ ᠦ᠋ᠨ ᠲᠠᠮᠠᠭ᠎ᠠ᠃
ᠲᠥᠪᠡᠳ 《ᠮᠠ᠋ 》ᠦᠰᠦᠭ ᠦ᠋ᠨ ᠲᠠᠮᠠᠭ᠎ᠠ᠃
ᠲᠥᠪᠡᠳ 《ᠳᠡ 》 ᠦᠰᠦᠭ ᠦ᠋ᠨ ᠲᠠᠮᠠᠭ᠎ᠠ ᠭᠡᠬᠦ ᠮᠡᠲᠦ ᠃ ᠮᠣᠩᠭᠣᠯ ᠰᠢᠨ᠎ᠡ ᠦᠰᠦᠭ ᠦ᠋ᠨ ᠲᠠᠮᠠᠭ᠎ᠠ ᠮᠥᠨ ᠣᠯᠠᠨ ᠃ A ᠮᠣᠩᠭᠣᠯ ᠰᠢᠨ᠎ᠡ ᠦᠰᠦᠭ ᠦ᠋ᠨ 《A 》
H ᠮᠣᠩᠭᠣᠯ ᠰᠢᠨ᠎ᠡ ᠦᠰᠦᠭ ᠦ᠋ᠨ 《H 》
T ᠮᠣᠩᠭᠣᠯ ᠰᠢᠨ᠎ᠡ ᠦᠰᠦᠭ ᠦ᠋ᠨ 《T 》
ᠠᠷᠠᠪ ᠲᠣᠭ᠎ᠠ ᠶ᠋ᠢᠨ ᠲᠠᠮᠠᠭ᠎ᠠ ᠮᠥᠨ ᠪᠣᠢ ᠃
2 ᠠᠷᠠᠪ ᠲᠣᠭᠠᠨ ᠤ᠋ 《2 》
3 ᠠᠷᠠᠪ ᠲᠣᠭᠠᠨ ᠤ᠋ 《3 》
4 ᠠᠷᠠᠪ ᠲᠣᠭᠠᠨ ᠤ᠋ 《4 》
5 ᠠᠷᠠᠪ ᠲᠣᠭᠠᠨ ᠤ᠋ 《5 》
6 ᠠᠷᠠᠪ ᠲᠣᠭᠠᠨ ᠤ᠋ 《6 》᠂ ᠮᠥᠨ 《16 》ᠴᠦ᠍ ᠪᠠᠢᠳᠠᠭ ᠃
8 ᠠᠷᠠᠪ ᠲᠣᠭᠠᠨ ᠤ᠋ 《8 》
9 ᠠᠷᠠᠪ ᠲᠣᠭᠠᠨ ᠤ᠋ 《9 》᠂ ᠮᠥᠨ 《91 》ᠴᠦ᠍ ᠪᠣᠢ ᠃
