ᠭᠡᠷ ᠦᠨ ᠢᠷᠥᠭᠡᠯ Гэрийн ерөөл Geriin yuruul (UulUs) ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠡᠷ ᠦᠨ ᠢᠷᠥᠭᠡᠯ Гэрийн ерөөл Geriin yuruul (UulUs)

ᠭᠡᠷ ᠦᠨ ᠢᠷᠥᠭᠡᠯ Гэрийн ерөөл Geriin yuruul (UulUs)

2024-12-27

1157

ᠭᠡᠷ ᠦᠨ ᠢᠷᠥᠭᠡᠯ 

ᠵᠧ᠂ ᠠᠭᠠᠷᠤ ᠽᠠᠨᠳᠠᠨ ᠬᠠᠲᠠᠪᠴᠢ ᠲᠠᠢ 
ᠠᠷᠴᠠᠲᠤ ᠽᠠᠨᠳᠠᠨ ᠬᠠᠭᠠᠯᠭ᠎ᠠ ᠲᠠᠢ 
ᠥᠷᠭᠥᠭᠡ ᠴᠠᠭᠠᠨ ᠭᠡᠷ ᠢ᠋ ᠨᠢ ᠡᠪᠦᠭᠡᠨ ᠬᠤᠭᠤᠷᠴᠢ ᠢᠷᠥᠭᠡᠶ᠎ᠡ! 
ᠵᠧ ᠂ ᠡᠴᠢᠭᠡ ᠡᠬᠡ ᠶ᠋ᠢᠨ ᠢᠪᠡᠭᠡᠯ ᠬᠠᠢᠷ᠎ᠠ ᠪᠠᠷ 
ᠡᠷᠲᠡᠨ ᠦ᠌ ᠤᠯᠠᠮᠵᠢᠯᠠᠯᠲᠤ ᠶᠣᠰᠣ ᠶ᠋ᠢ ᠳᠠᠭᠠᠵᠤ 
ᠡᠯᠪᠡᠭ ᠠᠮᠢᠳᠤᠷᠠᠯ ᠲᠠᠢ ᠠᠵᠤ ᠲᠥᠷᠥᠵᠦ ᠶᠠᠪᠤᠬᠤ 
ᠢᠰᠡᠭᠡᠢ ᠴᠠᠭᠠᠨ ᠭᠡᠷ ᠢ᠋ᠶ᠋ᠡᠨ ᠪᠠᠷᠢᠭᠰᠠᠨ 
ᠨᠠᠷᠠᠨ ᠬᠣᠲᠠᠯᠠᠭᠰᠠᠨ ᠬᠠᠯᠠᠭᠤᠨ ᠭᠣᠯᠣᠮᠲᠠ ᠨᠢ ᠪᠣᠯᠪᠠᠯ 
ᠤᠷᠲᠤ ᠴᠠᠭᠠᠨ ᠲᠤᠭᠤᠷᠭ᠎ᠠ ᠲᠠᠢ 
ᠤᠷᠠᠨ ᠲᠠᠩᠨᠠᠢ ᠬᠠᠶᠠᠭᠠᠪᠴᠢ ᠲᠠᠢ 
ᠳᠠᠯᠠᠢ ᠴᠠᠭᠠᠨ ᠳᠡᠭᠡᠪᠦᠷ ᠲᠡᠢ 
ᠳᠥᠷᠪᠡ ᠪᠡᠷ ᠰᠢᠷᠢᠮᠡᠯ ᠳᠥᠷᠪᠡᠨ ᠪᠦᠰᠡᠯᠡᠭᠦᠷ ᠲᠡᠢ
ᠪᠥᠮᠪᠥᠢ ᠴᠠᠭᠠᠨ ᠦᠷᠭᠦᠭᠡᠨ ᠳ᠋ᠦ᠍ ᠪᠡᠨ
ᠥᠷᠯᠥᠭᠡ ᠪᠦᠷᠢ ᠰᠠᠢᠨ ᠤ᠋ ᠢᠷᠦᠭᠡᠯ ᠲᠡᠢ
ᠦᠳᠡᠰᠢ ᠪᠣᠯᠭᠠᠨ ᠵᠢᠷᠭᠠᠯ ᠤ᠋ᠨ ᠢᠷᠦᠭᠡᠯ ᠲᠡᠢ
ᠥᠨᠢᠳᠡ ᠪᠠᠶᠠᠰᠬᠤᠯᠠᠩ ᠲᠠᠢ ᠠᠮᠢᠳᠤᠷᠠᠨ ᠵᠢᠷᠭᠠᠭᠠᠷᠠᠢ!
ᠬᠤᠭᠤᠷ ᠢ᠋ᠶ᠋ᠠᠨ ᠲᠡᠳᠡᠨ ᠨᠠᠢᠷᠯᠠᠶ᠎ᠠ
ᠬᠤᠨᠳᠠᠭ᠎ᠠ ᠪᠠᠨ ᠡᠷᠭᠦᠨ ᠨᠠᠢᠷᠯᠠᠶ᠎ᠠ
ᠬᠣᠷᠸ᠎ᠠ ᠳᠡᠯᠡᠬᠡᠢ ᠶ᠋ᠢ ᠤᠶᠠᠷᠠᠲᠠᠯ᠎ᠠ
ᠬᠣᠲᠠᠯᠠ ᠣᠯᠠᠨ ᠢ᠋ᠶ᠋ᠠᠨ ᠲᠠᠢᠯᠠᠶ᠎ᠠ
ᠥᠯᠥᠭᠡᠢ ᠪᠣᠯᠤᠭᠰᠠᠨ ᠨᠤᠲᠤᠭ ᠲᠤ᠌  ᠪᠠᠨ
ᠥᠨᠢᠷ ᠣᠯᠠᠨ ᠢ᠋ᠶ᠋ᠠᠨ ᠲᠠᠢᠯᠠᠶ᠎ᠠ
ᠶᠢᠷᠲᠢᠨᠴᠦ ᠳᠡᠯᠡᠬᠡᠢ ᠰᠣᠨᠣᠷ ᠲᠤ᠌ ᠪᠠᠨ
ᠢᠷᠦᠭᠡᠯ ᠡᠷᠭᠦᠨ ᠠᠮᠢᠳᠤᠷᠠᠵᠠᠭᠠᠶ᠎ᠠ᠃

  ᠦᠰᠦᠭ ᠠᠮᠢᠯᠠᠭᠤᠯᠤᠭᠴᠢ᠂ ᠬᠠᠳᠠᠭᠴᠢ᠄ ᠰ ᠳᠣᠷᠣᠨ᠎ᠠ 
  ᠬᠢᠨᠠᠭᠴᠢ ᠄ ᠬᠠᠢ ᠵᠢᠶᠦ᠋ᠨ