ᠭᠤᠷᠪᠠ ᠶᠢᠨ ᠨᠢᠭᠡ – ᠨ ᠂ ᠨᠠᠳᠮᠢᠳ Гурвын нэг – Н ᠂ Надмид
ᠨ ᠂ ᠨᠠᠳᠮᠢᠳ
ᠨᠢᠭᠡ ᠠᠢᠮᠠᠭ ᠬᠣᠲᠠ᠂ ᠷᠠᠶᠤᠨ( ᠲᠡᠭᠦᠷᠭᠡ) ᠰᠤᠮᠤ ᠬᠣᠷᠢᠶᠠᠨ ᠤ᠋ ᠬᠡᠰᠡᠭ ᠦ᠋ᠨ ᠰᠢᠭᠦᠬᠦ ᠢᠷᠭᠡᠨ ᠦ᠌ ᠭᠡᠷ ᠪᠦᠯᠢ ᠶ᠋ᠢ ᠪᠦᠷᠢᠳᠬᠡᠵᠦ ᠲᠣᠪᠴᠢᠶᠠᠨ ᠤ᠋ ᠠᠯᠪᠠᠨ ᠪᠠᠢᠷᠢ ᠶ᠋ᠢᠨ ᠬᠦᠯᠢᠶᠡᠬᠦ ᠥᠷᠥᠭᠡᠨᠡ ᠢᠷᠭᠡᠨ ᠦ᠌ ᠭᠡᠷ ᠪᠦᠯᠢ ᠶ᠋ᠢᠨ ᠠᠰᠠᠭᠤᠳᠠᠯ ᠢ᠋ ᠲᠠᠰᠤᠯᠤᠨ ᠰᠢᠢᠳᠬᠡᠬᠦ ᠡᠭᠡᠯᠵᠢᠲᠦ ᠡᠳᠦᠷ ᠡᠨᠡ ᠬᠡᠷᠡᠭ ᠪᠣᠯᠵᠠᠢ᠃ ᠮᠥᠨᠥᠬᠡᠨ ᠭᠠᠵᠠᠷ ᠤ᠋ᠨ ᠣᠷᠣᠬᠤ ᠬᠠᠭᠠᠯᠭᠠᠨ ᠤ᠋ ᠬᠠᠵᠠᠭᠤᠳᠠᠬᠢ ᠤᠷᠲᠤ ᠪᠠᠨᠲᠠᠩ ᠰᠠᠨᠳᠠᠯᠢ ᠳᠡᠭᠡᠷ᠎ᠡ ᠦᠶ᠎ᠡ ᠳᠠᠩ ᠤ᠋ᠨ ᠭᠤᠷᠪᠠᠨ ᠵᠠᠯᠠᠭᠤ ᠡᠷ᠎ᠡ ᠭᠡᠳᠡᠭ ᠬᠠᠷᠢᠭᠤᠴᠠᠬᠤ( ᠵᠠᠭᠠᠯᠳᠤᠭᠳᠠᠭᠴᠢ) ᠨᠥᠭᠦᠭᠡ ᠡᠲᠡᠭᠡᠳ ᠦ᠋ᠳ ᠢ᠋ᠶ᠋ᠡᠨ ᠬᠦᠯᠢᠶᠡᠨ ᠰᠠᠭᠤᠵᠤ ᠪᠠᠢᠪᠠ᠃ ᠲᠡᠳᠡᠨ ᠦ᠌ ᠰᠠᠭᠤᠭ᠎ᠠ ᠰᠠᠨᠳᠠᠯᠢ ᠶ᠋ᠢᠨ ᠡᠰᠡᠷᠭᠦ ᠲᠠᠯ᠎ᠠ ᠳ᠋ᠤ᠌ ᠲᠣᠮᠣ ᠲᠣᠯᠢ ᠲᠠᠯᠪᠢᠭᠠᠰᠤᠲᠠᠢ ᠪᠠᠢᠬᠤ ᠪᠥᠭᠡᠳ ᠲᠡᠷᠡ ᠭᠤᠷᠪᠠ ᠶ᠋ᠢᠨ ᠨᠢᠭᠤᠷ ᠪᠣᠯᠤᠨ ᠣᠷᠣᠵᠤ ᠭᠠᠷᠴᠤ ᠪᠠᠢᠭ᠎ᠠ ᠬᠥᠮᠦᠰ ᠦ᠋ᠨ ᠲᠦᠷᠰᠦ ᠲᠣᠯᠢᠨ ᠳ᠋ᠤ᠌ ᠲᠣᠰᠣᠨ ᠺᠢᠨᠣ᠋ ᠶ᠋ᠢᠨ ᠵᠢᠷᠤᠭ ᠮᠡᠲᠦ ᠲᠣᠳᠣᠷᠠᠨ ᠠᠯᠠᠭ᠎ᠠ ᠪᠣᠯᠤᠨ ᠵᠢᠷᠢᠯᠵᠡᠨ ᠰᠣᠯᠢᠭᠳᠠᠨ᠎ᠠ᠃ ᠪᠡᠶ᠎ᠡ ᠪᠡᠶ᠎ᠡ ᠪᠡᠨ ᠦᠯᠦ ᠲᠠᠨᠢᠬᠤ ᠲᠡᠷᠡ ᠭᠤᠷᠪᠠ ᠺᠢᠨᠣ᠋ ᠦᠵᠡᠵᠦ ᠪᠠᠢᠭ᠎ᠠ ᠮᠡᠲᠦ ᠲᠣᠯᠢ ᠤᠷᠤᠭᠤ ᠰᠢᠷᠲᠡᠨ ᠣᠷᠣᠬᠤ ᠭᠠᠷᠬᠤ ᠬᠥᠮᠦᠰ ᠦ᠋ᠨ ᠳᠣᠲᠣᠷ᠎ᠠ ᠬᠦᠯᠢᠶᠡᠭᠰᠡᠨ ᠬᠥᠮᠦᠨ ᠢ᠋ᠶ᠋ᠡᠨ ᠰᠢᠭᠦᠨ ᠬᠠᠷᠠᠵᠤ ᠨᠣᠢᠷᠮᠤᠭᠯᠠᠨ ᠰᠠᠭᠤᠪᠠ᠃ ᠲᠡᠳᠡ ᠠᠩᠬᠠᠨ ᠳ᠋ᠠᠭᠠᠨ ᠭᠡᠷᠡᠯᠲᠦᠭᠰᠡᠨ ᠶᠦᠮ ᠰᠢᠭ ᠳᠠᠭᠤ ᠦᠭᠡᠢ ᠬᠡᠰᠡᠭ ᠰᠠᠭᠤᠭᠰᠠᠨ ᠢ᠋ᠶ᠋ᠠᠨ ᠬᠦᠯᠢᠶᠡᠵᠦ ᠶᠠᠳᠠᠨ ᠴᠢᠯᠡᠬᠦ ᠳ᠋ᠡᠭᠡᠨ ᠥᠪᠡᠷ ᠬᠣᠭᠣᠷᠣᠨᠳᠣ ᠪᠠᠨ ᠶᠠᠷᠢᠯᠴᠠᠨ ᠨᠢᠭᠡ ᠨᠢ ᠲᠠᠮᠠᠬᠢ᠂ ᠨᠥᠭᠦᠭᠡ ᠨᠢ ᠴᠠᠭᠠᠰᠤ᠂ ᠭᠤᠷᠪᠠᠳᠠᠬᠢ ᠨᠢ ᠱᠦᠳᠡᠨᠵᠠ ᠭᠠᠷᠭᠠᠵᠤ ᠬᠤᠪᠢ ᠨᠡᠢᠯᠡᠭᠦᠯᠦᠨ ᠲᠠᠮᠠᠬᠢ ᠲᠠᠲᠠᠵᠤ ᠦᠭᠡ ᠰᠣᠯᠢᠯᠴᠠᠵᠤ ᠨᠢᠭᠤᠷ ᠬᠠᠭᠠᠷᠠᠪᠠ᠃
ᠬᠣᠶᠠᠳᠠᠬᠢ ᠬᠥᠮᠦᠨ᠄ ᠨᠥᠬᠥᠷ ᠮᠢᠨᠢ ᠬᠡᠨ ᠢ᠋ ᠬᠦᠯᠢᠶᠡᠭᠡ ᠪᠣᠢ?
ᠨᠢᠭᠡᠳᠡᠬᠢ ᠬᠥᠮᠦᠨ᠄ ᠪᠢ ᠨᠢᠭᠡ ᠬᠡᠦᠬᠡᠨ ᠲᠡᠢ ᠰᠠᠭᠤᠵᠤ ᠪᠠᠢᠭᠰᠠᠨ ᠶᠤᠮ᠂ ᠴᠤᠴᠠᠯᠠᠭᠤᠯᠤᠨᠠ( ᠤᠷᠤᠭ ᠰᠠᠯᠬᠤ)᠃ ᠠ ᠲᠠ?
ᠬᠣᠶᠠᠳᠠᠬᠢ ᠬᠥᠮᠦᠨ᠄ ᠪᠢ ᠨᠢᠭᠡ ᠬᠡᠦᠬᠡᠨ ᠲᠡᠢ ᠰᠠᠭᠤᠵᠤ ᠪᠠᠢᠭ᠎ᠠ ᠶᠤᠮᠰᠠᠨ᠂ ᠵᠠᠷᠭᠤᠯᠳᠤᠨ᠎ᠠ᠂ ᠲᠠ?
ᠭᠤᠷᠪᠠᠳᠠᠬᠢ ᠬᠥᠮᠦᠨ᠄ ᠪᠢ ᠨᠢᠭᠡ ᠬᠡᠦᠬᠡᠨ ᠲᠡᠢ ᠰᠠᠭᠤᠬᠤ ᠭᠡᠵᠦ ᠪᠠᠢᠭ᠎ᠠ ᠶᠤᠮ ᠠ᠋ ᠪᠠᠲᠤᠯᠠᠭᠤᠯᠤᠨ᠎ᠠ( ᠤᠷᠤᠭ ᠤ᠋ᠨ ᠪᠠᠷᠢᠯᠳᠤᠬᠤ) ᠪᠢᠳᠡᠨ ᠢ᠋ ᠪᠡᠨ ᠪᠣᠳᠣᠳᠠᠭ ᠦᠭᠡᠢ ᠶᠠᠭᠠᠬᠢᠭᠰᠠᠨ ᠴᠦ᠍ ᠲᠤᠨᠢᠷᠬᠠᠭᠤ( ᠦᠨᠡᠷᠬᠡᠭᠦᠦ) ᠬᠡᠦᠬᠡᠨ ᠨᠦ᠍ᠭᠦᠳ ᠪᠣᠢ ᠳᠠ?
ᠨᠢᠭᠡᠳᠡᠬᠢ ᠬᠥᠮᠦᠨ᠄ ᠨᠠᠳᠠ ᠲᠠᠢ ᠠᠭᠤᠯᠵᠠᠬᠤ ᠠ᠋ᠴᠠ ᠪᠠᠨ ᠭᠢᠷᠪᠢᠰᠢᠭᠡ( ᠪᠢᠰᠢᠭᠦᠷᠬᠡᠬᠦ) ᠶᠦᠮ ᠪᠣᠯ ᠤᠤ?
ᠬᠣᠶᠠᠳᠠᠬᠢ ᠬᠥᠮᠦᠨ᠄ ᠨᠠᠳᠠ ᠲᠠᠢ ᠵᠠᠷᠭᠤᠯᠳᠤᠬᠤ ᠠ᠋ᠴᠠ ᠪᠠᠨ ᠡᠮᠢᠶᠡᠭᠡ ᠶᠦᠮ ᠪᠣᠯ ᠤᠤ?
ᠭᠤᠷᠪᠠᠳᠠᠬᠢ ᠬᠥᠮᠦᠨ᠄ ᠨᠠᠳᠠ ᠲᠠᠢ ᠭᠡᠷᠯᠡᠬᠦ ᠡᠴᠡ ᠪᠡᠨ ᠳᠤᠷ᠎ᠠ ᠦᠭᠡᠢᠴᠡᠭᠡ ᠶᠦᠮ ᠪᠣᠯ ᠤᠤ?
ᠨᠢᠭᠡᠳᠡᠬᠢ ᠬᠥᠮᠦᠨ᠄ ᠪᠢᠳᠡ ᠴᠦ᠍ ᠵᠣᠪᠠᠯᠠᠩ ᠨᠢᠭᠡᠲᠡᠢ ᠤᠯᠤᠰ ᠶᠤᠮ ᠳᠠ᠂ ᠲᠤᠨᠢᠷᠬᠠᠭᠤ ᠬᠡᠦᠬᠡᠨ ᠨᠦ᠍ᠭᠦᠳ ᠲᠡᠭᠡᠨ ᠢᠷᠡᠬᠦ ᠳ᠋ᠡᠭᠡᠨ ᠲᠠᠨᠢᠯᠴᠠᠭᠤᠯᠬᠤ ᠶᠤᠮ ᠰᠢᠦ! ᠭᠡᠬᠦ ᠳ᠋ᠦ᠍ ᠨᠥᠭᠦᠭᠡ ᠬᠣᠶᠠᠷ ᠨᠢ ᠲᠡᠭᠡᠨ᠎ᠡ ᠲᠡᠭᠡᠨ᠎ᠡ ᠭᠡᠯᠴᠡᠪᠡ᠃ ᠶᠠᠭ ᠡᠨᠡ ᠠᠭᠱᠠᠨ ᠳ᠋ᠤ᠌ ᠥᠩᠭᠡᠯᠡᠵᠦ ᠭᠤᠸᠠᠳᠠᠭᠰᠠᠨ ᠢ᠋ ᠴᠦ᠍᠂ ᠦᠰᠦ ᠭᠡᠵᠢᠭᠡ ᠪᠡᠨ ᠶᠠᠩᠵᠤᠯᠠᠵᠤ ᠰᠠᠮᠨᠠᠭᠰᠠᠨ ᠨᠢ ᠴᠦ᠍᠂ ᠡᠮᠦᠰᠦᠭᠰᠡᠨ ᠵᠡᠭᠦᠭᠰᠡᠨ ᠢ᠋ ᠨᠢ ᠴᠦ᠍ ᠬᠠᠷᠠᠬᠤ ᠳ᠋ᠤ᠌ ᠣᠷᠴᠢᠨ ᠦᠶ᠎ᠡ ᠶ᠋ᠢᠨ ᠴᠡᠮᠴᠡᠭᠡᠷ ᠳᠡᠭᠵᠢᠨ ᠬᠡᠦᠬᠡᠨ ᠬᠠᠭᠠᠯᠭ᠎ᠠ ᠨᠡᠭᠡᠭᠡᠨ ᠰᠡᠢᠳᠮᠬᠡᠢ ᠣᠷᠣᠵᠤ ᠢᠷᠡᠭᠰᠡᠨ ᠢ᠋ᠶ᠋ᠡᠨ ᠲᠣᠯᠢᠨ ᠳ᠋ᠠᠬᠢ ᠭᠤᠷᠪᠠ ᠶ᠋ᠢ ᠬᠠᠷᠠᠮᠠᠭᠴᠠ ᠵᠣᠭ ᠲᠤᠰᠪᠠ᠃ ᠭᠤᠷᠪᠠᠨ ᠡᠷ᠎ᠡ ᠵᠡᠷᠭᠡ ᠵᠡᠷᠭᠡ ᠲᠣᠯᠢᠨ ᠤ᠋ ᠵᠦᠭ ᠬᠤᠷᠤᠭᠤ ᠪᠠᠷ ᠢ᠋ᠶ᠋ᠠᠨ ᠵᠢᠭᠠᠵᠤ᠄ ᠡᠨᠡ! ᠡᠨᠡ! ᠡᠨᠡ! ᠭᠡᠵᠦ ᠴᠢᠩᠭ᠎ᠠ ᠳᠤᠤᠭᠠᠷᠪᠠ᠃ ᠲᠡᠭᠡᠭᠰᠡᠨ ᠢ᠋ᠶ᠋ᠡᠨ ᠲᠣᠯᠢ ᠤᠷᠤᠭᠤ ᠵᠢᠭᠠᠵᠤ ᠪᠠᠢᠭᠰᠠᠨ ᠬᠤᠷᠤᠭᠤ ᠪᠠᠨ ᠬᠠᠷᠠᠬᠤ ᠦᠭᠡᠢ ᠪᠡᠶ᠎ᠡ ᠪᠡᠶ᠎ᠡ ᠤᠷᠤᠭᠤ ᠪᠠᠨ ᠴᠢᠴᠢᠨ ᠴᠢᠭᠯᠡᠭᠦᠯᠵᠦ ᠶᠣᠵᠣᠯᠠᠭᠰᠠᠨ᠂ ᠤᠨᠲᠤᠭᠤᠴᠠᠭᠰᠠᠨ᠂ ᠭᠠᠢᠬᠠᠭᠰᠠᠨ ᠬᠠᠷᠠᠴᠠ ᠪᠠᠷ ᠥᠭᠡᠳᠡ ᠥᠭᠡᠳᠡ ᠪᠡᠨ ᠬᠠᠷᠠᠪᠠ᠃ ᠲᠡᠭᠡᠭᠡᠳ ᠲᠡᠳᠡ ᠣᠨᠢᠰᠣᠨ ᠲᠦᠯᠬᠢᠭᠦᠷ ᠢ᠋ᠶ᠋ᠡᠷ ᠵᠠᠯᠠᠭᠰᠠᠨ ᠮᠡᠲᠦ ᠭᠤᠷᠪᠠᠭᠤᠯᠠ ᠨᠢᠭᠡ ᠵᠡᠷᠭᠡ ᠡᠷᠭᠢᠨ ᠬᠠᠷᠠᠪᠠᠯ ᠥᠨᠥ ᠬᠡᠦᠬᠡᠨ ᠪᠤᠴᠠᠭᠠᠳ ᠭᠠᠷᠴᠢᠬᠠᠵᠠᠢ᠃ ᠲᠡᠳᠡ ᠳᠣᠬᠢᠶ᠎ᠠ ᠥᠭᠭᠦᠭᠰᠡᠨ ᠮᠡᠲᠦ ᠨᠢᠭᠡᠨ ᠵᠡᠷᠭᠡ ᠭᠦᠨ ᠢ᠋ᠶ᠋ᠡᠷ ᠰᠠᠨᠠᠭ᠎ᠠ ᠠᠯᠲᠠᠨ᠄
— ᠡᠢᠮᠦ ᠯᠡ ᠠᠪᠠᠭᠠᠢ ᠪᠠᠢᠭᠰᠠᠨ ᠶᠤᠮ ᠳᠠ᠃
— ᠡᠢᠮᠦ ᠯᠡ ᠡᠬᠡᠨᠡᠷ ᠪᠠᠢᠭ᠎ᠠ ᠶᠤᠮ ᠳᠠ᠃
— ᠡᠢᠮᠦ ᠯᠡ ᠬᠡᠦᠬᠡᠨ ᠪᠠᠢᠬᠤ ᠨᠢ ᠳᠡ ᠭᠡᠵᠦ ᠠᠮᠠᠨ ᠳ᠋ᠠᠭᠠᠨ ᠥᠭᠡᠯᠡᠵᠡᠢ᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
ᠬᠢᠨᠠᠭ᠍ᠴᠢ : ᠲᠤᠭ᠍ᠴᠢ ᠰᠠᠷᠠᠨ᠎ᠠ
2023᠂ 12᠂ 17 ᠤ᠋ ᠡᠳᠦᠷ
