ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 18 > Хөх зул – Боржигон Ванжал –"Тав ᠂ Таван хошуу малын бүлэг " 18
ᠲᠠᠪᠤ ᠂ ᠲᠠᠪᠤᠨ ᠬᠣᠰᠢᠭᠤ ᠮᠠᠯ ᠤᠨ ᠪᠦᠯᠦᠭ – 18
ᠲᠠᠪᠤᠨ ᠬᠣᠰᠢᠭᠤ ᠮᠠᠯ ᠤ᠋ᠨ ᠣᠷᠣᠭᠠᠯᠠᠬᠤ ᠂ ᠬᠡᠭᠡᠯᠲᠦᠬᠦ ᠂ ᠲᠥᠯᠯᠡᠬᠦ ᠬᠤᠭᠤᠴᠠᠭ᠎ᠠ ᠪᠠ ᠭᠣᠯᠣᠩᠬᠠᠢ ᠶ᠋ᠢ ᠠᠪᠬᠠᠭᠤᠯᠬᠤ ᠠᠷᠭ᠎ᠠ Таван хошуу малын ороолох ᠂ хээлтэх ᠂ төллөх᠂ хугацаа ба голонхойг авхуулах арга
ᠠᠳᠤᠭᠤᠨ ᠤ᠋ ᠣᠷᠣᠭᠠᠯᠠᠬᠤ ᠂ ᠬᠡᠭᠡᠯᠲᠦᠬᠦ ᠂ ᠲᠥᠯᠯᠡᠬᠦ ᠬᠤᠭᠤᠴᠠᠭ᠎ᠠ ᠪᠠ
ᠭᠣᠯᠣᠩᠬᠠᠢ ᠶ᠋ᠢ ᠠᠪᠬᠠᠭᠤᠯᠬᠤ ᠠᠷᠭ᠎ᠠ ᠶ᠋ᠢᠨ ᠵᠦᠢᠯ
ᠠᠳᠤᠭᠤᠨ ᠤ᠋ ᠣᠷᠣᠭ᠎ᠠ ᠣᠷᠣᠬᠤ ᠴᠠᠭ
ᠬᠠᠭᠤᠴᠢᠨ ᠤᠯᠠᠷᠢᠯ ᠤ᠋ᠨ 4 ᠂ 5 ᠂ 6 ᠰᠠᠷ᠎ᠠ ᠪᠣᠯᠤᠨ᠎ᠠ ᠃ ᠡᠨᠡ ᠨᠢ ᠵᠤᠨ ᠤ᠋ ᠠᠭᠤᠷ ᠣᠷᠣᠵᠤ ᠨᠣᠭᠣᠭ᠎ᠠ ᠭᠠᠷᠴᠤ ᠭᠦᠢᠴᠡᠨ ᠠᠳᠤᠭᠤ ᠴᠠᠳᠴᠤ ᠲᠠᠮᠢᠷ ᠲᠡᠩᠬᠡᠭᠡ ᠣᠷᠣᠵᠤ ᠣᠷᠣᠭᠠᠯᠠᠬᠤ ᠴᠠᠭ ᠪᠣᠯᠤᠨ᠎ᠠ ᠃ ᠲᠡᠷᠡᠴᠢᠯᠡᠨ ᠡᠨᠡ ᠬᠤᠭᠤᠴᠠᠭᠠᠨ ᠳ᠋ᠤ᠌ ᠠᠵᠢᠷᠭ᠎ᠠ ᠭᠢᠰᠬᠢᠭᠰᠡᠨ ᠭᠡᠭᠦᠦ ᠶ᠋ᠢᠨ ᠬᠡᠭᠡᠯ ᠲᠣᠭᠲᠠᠬᠤ ᠨᠢ ᠣᠯᠠᠨ᠃
ᠠᠳᠤᠭᠤ ᠠᠷᠪᠠᠨ ᠰᠠᠷ᠎ᠠ ᠲᠠᠢ
ᠠᠳᠤᠭᠤᠨ ( ᠭᠡᠭᠦᠨ ) ᠦ᠌ ᠬᠡᠭᠡᠯᠰᠢᠵᠦ ᠶᠠᠪᠤᠬᠤ ᠬᠤᠭᠤᠴᠠᠭ᠎ᠠ ᠃ ᠭᠡᠭᠦᠦ ᠡᠨᠡ ᠵᠢᠯ ᠦ᠋ᠨ 4 ᠂5 ᠂6 ᠰᠠᠷ᠎ᠠ ᠶ᠋ᠢᠨ ᠠᠯᠢᠨ ᠳ᠋ᠤᠨᠢ ᠠᠵᠢᠷᠭᠠᠨ ᠳ᠋ᠤ᠌ ᠭᠢᠰᠬᠢᠭᠳᠡᠵᠦ ᠬᠡᠭᠡᠯᠰᠢᠭᠰᠡᠨ ᠪᠣᠯ ᠳᠠᠷᠠᠭ᠎ᠠ ᠵᠢᠯ ᠦ᠋ᠨ 2 ᠂ 3 ᠂ 4 ᠰᠠᠷ᠎ᠠ ᠪᠣᠯᠬᠤ ᠳ᠋ᠤ᠌ ᠶᠠᠭ ᠡᠬᠡ ᠶ᠋ᠢᠨ ᠬᠡᠪᠡᠯᠢ ᠳ᠋ᠦ᠍ 10 ᠰᠠᠷ᠎ᠠ ᠪᠣᠯᠤᠨ᠎ᠠ ᠃ ᠡᠨᠡ ᠬᠦ᠌ ᠬᠤᠭᠤᠴᠠᠭ᠎ᠠ ᠶ᠋ᠢ ᠠᠳᠤᠭᠤ ᠠᠷᠪᠠᠨ ᠰᠠᠷ᠎ᠠ ᠲᠠᠢ ᠭᠡᠳᠡᠭ᠃
ᠭᠡᠭᠦᠦ ᠤᠨᠠᠭᠠᠯᠠᠬᠤ ᠴᠠᠭ
ᠨᠢᠳᠤᠨᠤᠨ ᠤ᠋ 4 ᠂ 5 ᠂ 6 ᠰᠠᠷ᠎ᠠ ᠳ᠋ᠤ᠌ ᠠᠵᠢᠷᠭᠠᠨ ᠳ᠋ᠤ᠌ ᠭᠢᠰᠬᠢᠭᠳᠡᠭᠰᠡᠨ ᠭᠡᠭᠦᠦ ᠂ ᠡᠨᠡ ᠵᠢᠯ ᠦ᠋ᠨ 2 ᠂ 3 ᠂ 4 ᠰᠠᠷ᠎ᠠ ᠪᠣᠯᠬᠤ ᠳ᠋ᠤ᠌ 10 ᠰᠠᠷ᠎ᠠ ᠨᠢ ᠭᠦᠢᠴᠡᠵᠦ ᠤᠨᠠᠭᠠᠯᠠᠬᠤ ᠪᠣᠯᠤᠨ᠎ᠠ ᠃ ᠡᠭᠦᠨ ᠢ᠋ ᠭᠡᠭᠦᠦ ᠤᠨᠠᠭᠠᠯᠠᠬᠤ ᠴᠠᠭ ᠭᠡᠨ᠎ᠡ᠃
ᠠᠵᠢᠷᠭ᠎ᠠ ᠭᠢᠰᠬᠢᠬᠦ
ᠠᠵᠢᠷᠭ᠎ᠠ ᠣᠳᠣ ᠣᠷᠣᠭ᠎ᠠ ᠣᠷᠣᠵᠤ ᠂ ᠭᠡᠭᠦᠦ ᠬᠠᠷᠠᠢᠬᠤ ᠶ᠋ᠢ ᠬᠡᠯᠡᠨ᠎ᠡ᠃
ᠭᠡᠭᠦᠦ ᠬᠡᠭᠡᠯᠲᠦᠬᠦ
ᠭᠡᠭᠦᠦ ᠠᠵᠢᠷᠭᠠᠨ ᠳ᠋ᠤ᠌ ᠭᠢᠰᠬᠢᠭᠳᠡᠵᠦ ᠬᠡᠪᠡᠯᠢ ᠳ᠋ᠡᠭᠡᠨ ᠬᠡᠭᠡᠯ ᠰᠠᠭᠤᠯᠭᠠᠭᠰᠠᠨ ᠢ᠋ ᠬᠡᠯᠡᠨ᠎ᠡ᠃
ᠭᠡᠭᠦᠦ ᠤᠨᠠᠭᠠᠯᠠᠬᠤ
ᠭᠡᠭᠦᠦ ᠤᠨᠠᠭ᠎ᠠ ᠪᠠᠨ ᠲᠥᠷᠥᠵᠦ ᠭᠠᠷᠭᠠᠬᠤ ᠶ᠋ᠢ ᠭᠡᠭᠦᠦ ᠤᠨᠠᠭᠠᠯᠠᠬᠤ ᠭᠡᠨ᠎ᠡ ᠃
ᠵᠤᠯᠪᠤᠳᠠᠰᠤᠯᠠᠬᠤ ᠤᠨᠠᠭ᠎ᠠ ᠬᠠᠶᠠᠬᠤ ᠴᠠᠭ ᠠ᠋ᠴᠠ ᠪᠠᠨ ᠡᠮᠦᠨ᠎ᠡ ᠤᠨᠠᠭᠠᠯᠠᠬᠤ᠃
ᠪᠠᠢᠳᠠᠰᠤ ᠢᠯᠭᠠᠬᠤ
ᠪᠠᠢᠳᠠᠰᠤ ᠬᠡᠭᠡᠯᠲᠦᠬᠦ ᠨᠠᠰᠤᠨ ᠳ᠋ᠤ᠌ ᠬᠦᠷᠬᠦ ᠳ᠋ᠦ᠍᠂ ᠤᠤᠯ ᠰᠦᠷᠦᠭ ᠦ᠋ᠨ ᠡᠴᠢᠭᠡ ᠠᠵᠢᠷᠭ᠎ᠠ ᠪᠠᠢᠳᠠᠰᠤ ᠪᠠᠨ ᠬᠠᠵᠠᠵᠤ ᠬᠥᠭᠡᠭᠡᠨ ᠬᠠᠰᠤᠵᠤ ᠭᠠᠷᠭᠠᠬᠤ ᠶᠤᠮ ᠤᠤ᠂ ᠬᠠᠮᠢᠶᠠᠷᠬᠤ ᠦᠭᠡᠢ ᠪᠣᠯᠳᠠᠭ᠃ ᠡᠰᠡᠬᠦᠯ᠎ᠡ ᠪᠠᠢᠳᠠᠰᠤ ᠣᠳᠣ ᠣᠷᠣᠭ᠎ᠠ ᠣᠷᠣᠵᠤ᠂ ᠥᠪᠡᠷ ᠢ᠋ᠶ᠋ᠡᠨ ᠠᠵᠢᠷᠭ᠎ᠠ ᠡᠷᠢᠨ ᠴᠠᠬᠢᠯᠠᠬᠤ᠃ ᠡᠢᠨ ᠪᠠᠢᠳᠠᠯ ᠢ᠋ ᠰᠡᠷᠭᠡᠢᠯᠡᠨ᠂ ᠠᠳᠤᠭᠤᠴᠢᠳ ᠡᠷᠲᠡ ᠬᠠᠪᠤᠷ ᠨᠣᠭᠣᠭᠠᠨ ᠦᠵᠦᠭᠦᠷ ᠴᠠᠭ ᠢ᠋ ᠠᠮᠵᠢᠨ ᠪᠠᠢᠳᠠᠰᠤ ᠶ᠋ᠢ ᠤᠤᠯ ᠰᠦᠷᠦᠭ ᠡᠴᠡ ᠨᠢ ᠢᠯᠭᠠᠨ ᠰᠠᠯᠭᠠᠵᠤ᠂ ᠥᠭᠡᠷ᠎ᠡ ᠠᠵᠢᠷᠭᠠᠨ ᠳ᠋ᠤ᠌ ᠪᠤᠶᠤ ᠰᠢᠨ᠎ᠡ ᠠᠵᠢᠷᠭᠠᠨ ᠳ᠋ᠤ᠌ ᠨᠡᠢᠯᠡᠭᠦᠯᠵᠦ ᠥᠭᠴᠦ ᠬᠤᠷᠢᠶᠠᠯᠭᠠᠬᠤ ᠶ᠋ᠢ ᠬᠡᠯᠡᠨ᠎ᠡ᠃
ᠭᠡᠭᠦᠦ ᠂ ᠪᠠᠢᠳᠠᠰᠤ ᠬᠥᠯᠥᠷᠡᠭᠡᠬᠦ
ᠵᠠᠷᠢᠮ ᠭᠡᠭᠦᠦ ᠂ ᠪᠠᠢᠳᠠᠰᠤ ᠶ᠋ᠢ ᠠᠵᠢᠷᠭ᠎ᠠ ᠶᠡᠷᠦ ᠨᠢ ᠬᠤᠷᠢᠶᠠᠵᠤ ᠥᠭᠬᠦ ᠦᠭᠡᠢ ᠪᠠᠢᠳᠠᠭ ᠃ ᠡᠨᠡ ᠦᠶ᠎ᠡ ᠭᠡᠭᠦᠦ ᠂ ᠪᠠᠢᠳᠠᠰᠤ ᠪᠠᠨ ᠰᠠᠢᠲᠤᠷ ᠬᠥᠯᠥᠰᠥᠯᠡᠭᠡᠳ ᠨᠡᠢᠯᠡᠭᠦᠯᠪᠡᠯ ᠠᠪᠴᠢᠬᠠᠳᠠᠭ ᠃ ᠡᠭᠦᠨ ᠢ᠋ ᠬᠥᠯᠥᠷᠡᠭᠡᠬᠦ ᠭᠡᠨ᠎ᠡ᠃
ᠡᠤᠨᠠᠭᠠ ᠪᠠᠨ ᠭᠣᠯᠣᠬᠤ
ᠭᠡᠭᠦᠦ ᠤᠨᠠᠭᠠᠨ ᠳ᠋ᠠᠭᠠᠨ ᠠᠮᠠᠷᠠᠭ ᠦᠭᠡᠢ ᠪᠣᠯᠤᠨ ᠣᠷᠬᠢᠨ ᠶᠠᠪᠤᠬᠤ᠃ ᠣᠯᠠᠩᠬᠢ ᠳ᠋ᠠᠭᠠᠨ ᠪᠠᠢᠳᠠᠰᠤᠨ ᠭᠡᠭᠦᠨ ᠳ᠋ᠦ᠍ ᠢᠯᠡᠭᠦᠦ ᠭᠠᠷᠳᠠᠭ᠃
ᠤᠨᠠᠭ᠎ᠠ ᠠᠪᠬᠠᠭᠤᠯᠬᠤ
ᠤᠨᠠᠭ᠎ᠠ ᠪᠠᠨ ᠭᠣᠯᠣᠭᠰᠠᠨ ᠭᠡᠭᠦᠦ ᠶ᠋ᠢ ᠤᠨᠠᠭᠠᠨ ᠳ᠋ᠤᠨᠢ ᠠᠮᠠᠷᠠᠭ ᠪᠣᠯᠭᠠᠬᠤ ᠃ ᠠᠪᠠᠬᠠᠭᠤᠯᠬᠤ ᠠᠷᠭ᠎ᠠ ᠬᠣᠶᠠᠷ ᠪᠠᠢᠳᠠᠭ᠃
ᠴᠢᠳᠥᠷᠯᠡᠵᠦ ᠠᠪᠬᠠᠭᠤᠯᠬᠤ
ᠭᠣᠯᠣᠭᠰᠠᠨ ᠭᠡᠭᠦᠦ ᠶ᠋ᠢ ᠪᠠᠷᠢᠵᠤ ᠴᠢᠳᠥᠷᠯᠡᠭᠡᠳ ᠴᠢᠭᠢᠳᠤᠨ ᠪᠠᠢᠵᠤ᠂ ᠤᠨᠠᠭ᠎ᠠ ᠶ᠋ᠢ ᠨᠢ ᠬᠥᠬᠥᠭᠦᠯᠵᠦ ᠠᠮᠠᠳᠠᠨᠠ ᠃ ᠭᠡᠬᠦ ᠳ᠋ᠡᠭᠡᠨ ᠤᠨᠠᠭ᠎ᠠ ᠪᠠᠨ ᠬᠠᠵᠠᠵᠤ ᠬᠠᠮᠤᠭᠤᠯᠵᠤ᠂ ᠢᠰᠬᠦᠯᠦᠭᠦᠯᠵᠦ ᠬᠠᠰᠢᠷᠠᠭᠠᠵᠤ ᠪᠣᠯᠬᠤ ᠦᠭᠡᠢ ᠃ ᠤᠨᠠᠭ᠎ᠠ ᠡᠬᠡ ᠶ᠋ᠢᠨ ᠰᠦ ᠳ᠋ᠦ᠍ ᠠᠮᠲᠠᠰᠢᠭᠰᠠᠨ ᠤ᠋ ᠬᠣᠢᠨ᠎ᠠ ᠡᠬᠡ ᠶ᠋ᠢ ᠨᠢ ᠴᠢᠳᠥᠷᠯᠡᠵᠦ ᠤᠨᠠᠬ᠎ᠠ ᠶ᠋ᠢ ᠨᠢ ᠣᠢᠷᠠᠲᠤᠭᠤᠯᠤᠨ᠎ᠠ᠃ ᠡᠬᠡ ᠨᠢ ᠬᠠᠵᠢᠭᠯᠠᠬᠤ ᠪᠦᠷᠢ ᠵᠠᠩᠳᠤᠷᠴᠤ ᠵᠣᠳᠣᠵᠤ ᠪᠠᠢᠭᠠᠳ ᠴᠡᠴᠡᠷᠡᠭᠦᠯᠵᠦ ᠵᠣᠭᠰᠣᠭᠠᠨ᠎ᠠ᠃ ᠡᠨᠡ ᠮᠡᠲᠦ ᠪᠡᠷ ᠠᠯᠢ ᠦᠶ᠎ᠡ ᠤᠨᠠᠭ᠎ᠠ ᠬᠥᠬᠥᠬᠦ ᠳ᠋ᠦ᠍ ᠬᠥᠳᠡᠯᠬᠦ ᠦᠭᠡᠢ ᠪᠣᠯᠤᠭᠰᠠᠨ ᠦᠶ᠎ᠡ ᠰᠠᠶᠢ ᠠᠶᠤᠯᠭᠠᠬᠤ ᠪᠠᠨ ᠵᠣᠭᠰᠣᠨ᠎ᠠ ᠃ ᠢᠩᠭᠢᠪᠡᠯ ᠬᠠᠭᠠᠰ ᠡᠳᠦᠷ ᠪᠣᠯᠤᠯ ᠦᠭᠡᠢ ᠤᠨᠠᠭ᠎ᠠ ᠪᠠᠨ ᠠᠪᠴᠢᠬᠠᠳᠠᠭ᠃
ᠡᠷᠡᠵᠦ ᠠᠪᠬᠠᠭᠤᠯᠬᠤ
ᠭᠡᠭᠦᠦ ᠪᠡᠨ ᠨᠣᠭᠲᠣᠯᠠᠵᠤ ᠂ ᠴᠤᠯᠪᠤᠭᠤᠷ ᠢ ᠨᠢ ᠤᠷᠤᠭᠰᠢ ᠲᠡᠳᠡᠨ ᠤᠶᠠᠵᠤ ᠂ ᠥᠷᠥᠭᠡᠰᠦᠨ ᠭᠤᠶ᠎ᠠ ᠶ᠋ᠢᠨ ᠬᠢᠨᠢ ᠪᠣᠷᠪᠢ ᠠ᠋ᠴᠠ ᠳᠡᠭᠡᠬᠡᠨᠡᠭᠦᠷ ᠪᠣᠭᠣᠵᠤ ᠬᠣᠢᠰᠢ ᠬᠡᠢ ᠲᠡᠳᠡᠨ ᠤᠶᠠᠭᠠᠳ ᠤᠶᠠᠭᠰᠠᠨ ᠲᠠᠯ᠎ᠠ ᠠ᠋ᠴᠠ ᠤᠨᠠᠭ᠎ᠠ ᠪᠠᠨ ᠬᠥᠬᠥᠭᠦᠯᠳᠡᠭ ᠃ ᠡᠭᠦᠨ ᠢ᠋ ᠡᠷᠡᠵᠦ ᠠᠪᠬᠠᠭᠤᠯᠬᠤ ᠭᠡᠳᠡᠭ᠃
ᠦᠬᠡᠷ ᠦ᠋ᠨ ᠣᠷᠣᠭᠠᠯᠠᠬᠤ ᠂ ᠬᠡᠭᠡᠯᠲᠦᠬᠦ ᠂ ᠲᠥᠯᠯᠡᠬᠦ ᠬᠤᠭᠤᠴᠠᠭ᠎ᠠ ᠪᠠ
ᠭᠣᠯᠣᠩᠬᠠᠢ ᠶ᠋ᠢ ᠠᠪᠬᠠᠭᠤᠯᠬᠤ ᠠᠷᠭ᠎ᠠ ᠶ᠋ᠢᠨ ᠵᠦᠢᠯ
ᠦᠬᠡᠷ ᠦ᠋ᠨ ᠣᠷᠣᠭ᠎ᠠ ᠣᠷᠣᠬᠤ ᠴᠠᠭ
ᠬᠠᠭᠤᠴᠢᠨ ᠤᠯᠠᠷᠢᠯ ᠤ᠋ᠨ 6 ᠂ 7 ᠂ 8 ᠰᠠᠷ᠎ᠠ ᠪᠣᠯᠤᠨ᠎ᠠ ᠃ ᠡᠨᠡ ᠨᠢ ᠦᠬᠡᠷ ᠰᠢᠭ ᠪᠢᠳᠠᠭᠤ ᠬᠡᠯᠡ ᠲᠡᠢ ᠮᠠᠯ ᠶᠠᠭ ᠰᠠᠢᠬᠠᠨ ᠨᠣᠭᠣᠭᠠᠨ ᠳ᠋ᠤ᠌ ᠴᠠᠳᠴᠤ ᠬᠦᠴᠦ ᠲᠠᠮᠢᠷᠲᠠᠢ ᠪᠣᠯᠤᠭᠰᠠᠨ ᠴᠠᠭ ᠪᠣᠯᠬᠣᠷ ᠣᠷᠣᠭᠠᠯᠠᠵᠤ ᠡᠬᠢᠯᠡᠨ᠎ᠡ ᠃ ᠲᠡᠷᠡᠴᠢᠯᠡᠨ ᠡᠨᠡ ᠬᠤᠭᠤᠴᠠᠭᠠᠨ ᠤ᠋ ᠬᠢᠨᠢ ᠬᠡᠭᠡᠯ ᠲᠣᠭᠲᠠᠬᠤ ᠨᠢ ᠣᠯᠠᠨ ᠪᠠᠢᠳᠠᠭ ᠃
ᠦᠬᠡᠷ ᠠᠷᠪᠠᠨ ᠰᠠᠷ᠎ᠠ ᠲᠠᠢ
ᠦᠬᠡᠷ ( ᠦᠨᠢᠶᠡᠨ ) ᠦ᠌ ᠬᠡᠭᠡᠯᠰᠢᠵᠦ ᠶᠠᠪᠤᠬᠤ ᠬᠤᠭᠤᠴᠠᠭ᠎ᠠ ᠃ ᠦᠨᠢᠶ᠎ᠡ ᠂ ᠡᠨᠡ ᠵᠢᠯ ᠦ᠋ᠨ ᠬᠠᠭᠤᠴᠢᠨ ᠤᠯᠠᠷᠢᠯ ᠤ᠋ᠨ 6 ᠂7 ᠂ 8 ᠰᠠᠷ᠎ᠠ ᠶ᠋ᠢᠨ ᠠᠯᠢᠨ ᠳ᠋ᠤᠨᠢ ᠪᠤᠬᠠᠨ ᠳ᠋ᠤ᠌ ᠭᠠᠷᠤᠭᠰᠠᠨ ᠪᠣᠯ ᠳᠠᠷᠠᠬᠠ ᠵᠢᠯ ᠦ᠋ᠨ 4 ᠂ 5 ᠂ 6 ᠰᠠᠷ᠎ᠠ ᠪᠣᠯᠬᠤ ᠳ᠋ᠤ᠌ ᠲᠤᠭᠤᠯ ᠨᠢ ᠡᠬᠡ ᠶ᠋ᠢᠨ ᠬᠡᠪᠡᠯᠢ ᠳ᠋ᠦ᠍ 10 ᠰᠠᠷ᠎ᠠ ᠪᠣᠯᠤᠨ᠎ᠠ ᠃ ᠡᠨᠡ ᠬᠦ᠌ ᠬᠤᠭᠤᠴᠠᠭ᠎ᠠ ᠶ᠋ᠢ ᠦᠬᠡᠷ ᠠᠷᠪᠠᠨ ᠰᠠᠷ᠎ᠠ ᠲᠠᠢ ᠭᠡᠳᠡᠭ ᠃
ᠦᠨᠢᠶ᠎ᠡ ᠲᠤᠭᠤᠯᠯᠠᠬᠤ ᠴᠠᠭ
ᠨᠢᠳᠤᠨᠤᠨ 6 ᠂ 7 ᠂ 8 ᠰᠠᠷ᠎ᠠ ᠶ᠋ᠢᠨ ᠠᠯᠢᠨ ᠳ᠋ᠤᠨᠢ ᠪᠤᠬᠠᠨ ᠳ᠋ᠤ᠌ ᠭᠠᠷᠤᠭᠰᠠᠨ ᠦᠨᠢᠶ᠎ᠡ ᠂ ᠡᠨᠡ ᠵᠢᠯ ᠦ᠋ᠨ 4 ᠂ 5 ᠂ 6 ᠰᠠᠷ᠎ᠠ ᠪᠣᠯᠬᠤ ᠳ᠋ᠤ᠌ 10 ᠰᠠᠷ᠎ᠠ ᠨᠢ ᠭᠦᠢᠴᠡᠵᠦ ᠲᠤᠭᠤᠯᠯᠠᠬᠤ ᠪᠣᠯᠤᠨ᠎ᠠ ᠃ ᠡᠨᠡ ᠦᠶ᠎ᠡ ᠶ᠋ᠢ ᠦᠨᠢᠶ᠎ᠡ ᠲᠤᠭᠤᠯᠯᠠᠬᠤ ᠴᠠᠭ ᠭᠡᠨ᠎ᠡ᠃
ᠪᠤᠬ᠎ᠠ ᠬᠠᠷᠠᠢᠬᠤ ᠪᠤᠬ᠎ᠠ ᠣᠳᠣ ᠣᠷᠣᠭ᠎ᠠ ᠣᠷᠣᠵᠤ ᠦᠨᠢᠶ᠎ᠡ ᠬᠥᠭᠡᠭᠡᠬᠦ ᠃
ᠦᠨᠢᠶ᠎ᠡ ᠪᠤᠬᠠᠨ ᠳ᠋ᠤ᠌ ᠭᠠᠷᠬᠤ ᠦᠨᠢᠶ᠎ᠡ ᠣᠳᠣ ᠣᠷᠣᠭ᠎ᠠ ᠣᠷᠣᠵᠤ ᠪᠤᠬ᠎ᠠ ᠣᠷᠢᠶᠠᠬᠤ᠃
ᠦᠨᠢᠶ᠎ᠡ ᠲᠤᠭᠤᠯ ᠢ᠋ᠶ᠋ᠠᠨ ᠭᠣᠯᠣᠬᠤ
ᠦᠨᠢᠶ᠎ᠡ ᠂ ᠲᠤᠭᠤᠯ ᠳ᠋ᠠᠭᠠᠨ ᠠᠮᠠᠷᠠᠭ ᠪᠢᠰᠢ ᠪᠣᠯᠵᠤ ᠣᠷᠬᠢᠨ ᠴᠢᠩᠭᠡᠯᠵᠢᠵᠦ ᠶᠠᠪᠤᠬᠤ᠃
ᠲᠤᠭᠤᠯ ᠠᠪᠬᠠᠭᠤᠯᠬᠤ
ᠭᠣᠯᠣᠩᠬᠠᠢ ᠦᠨᠢᠶ᠎ᠡ ᠶ᠋ᠢ ᠲᠤᠭᠤᠯ ᠳ᠋ᠠᠭᠠᠨ ᠠᠮᠠᠷᠠᠭ ᠪᠣᠯᠭᠠᠬᠤ᠂ ᠠᠪᠬᠠᠭᠤᠯᠬᠤ ᠠᠷᠭ᠎ᠠ ᠬᠣᠶᠠᠷ ᠪᠠᠢᠳᠠᠭ᠃
ᠭᠦᠵᠡᠭᠡ ᠴᠢᠬᠢᠵᠦ ᠠᠪᠬᠠᠭᠤᠯᠬᠤ
ᠭᠣᠯᠣᠩᠬᠠᠢ ᠦᠨᠢᠶᠡᠨ ᠦ᠌ ᠪᠠᠶᠠᠨ ᠲᠦᠷᠦᠭᠦᠦ ᠳ᠋ᠦ᠍ ᠨᠣᠢᠲᠠᠨ ᠭᠦᠵᠡᠭᠡ ᠴᠢᠬᠢᠵᠦ ᠣᠷᠣᠭᠤᠯᠤᠭᠠᠳ ᠦᠯᠢᠶᠡᠵᠦ ᠪᠦᠩᠲᠦᠢᠯᠭᠡᠭᠡᠳ ᠭᠠᠷᠭᠠᠨ ᠲᠤᠭᠤᠯ ᠳᠡᠭᠡᠷ᠎ᠡ ᠪᠡᠨ ᠵᠦᠯᠭᠦᠵᠦ ᠠᠪᠬᠠᠭᠤᠯᠤᠨᠠ᠃
ᠳᠠᠪᠤᠰᠤ ᠬᠢᠵᠦ ᠠᠪᠬᠠᠭᠤᠯᠬᠤ
ᠦᠨᠢᠶᠡᠨ ᠦ᠌ ᠪᠡᠨ ᠪᠠᠶᠠᠨ ᠲᠦᠷᠦᠭᠦᠦ ᠳ᠋ᠦ᠍ᠨᠢ ᠪᠠᠯᠪᠠᠳᠠᠭ ᠳᠠᠪᠤᠰᠤ ᠬᠢᠵᠦ ᠰᠢᠭᠡᠯᠭᠡᠵᠦ ᠰᠢᠭᠡᠰᠦ ᠪᠡᠷ ᠲᠤᠭᠤᠯ ᠢ᠋ ᠨᠢ ᠵᠦᠯᠭᠦᠵᠦ ᠳᠣᠯᠢᠶᠠᠯᠭᠠᠨ ᠠᠪᠬᠠᠭᠤᠯᠬᠤ᠃
ᠲᠡᠮᠡᠭᠡᠨ ᠦ᠌ ᠣᠷᠣᠭᠠᠯᠠᠬᠤ ᠂ ᠬᠡᠭᠡᠯᠲᠦᠬᠦ ᠂ ᠲᠥᠯᠯᠡᠬᠦ ᠬᠤᠭᠤᠴᠠᠭ᠎ᠠ ᠪᠠ
ᠭᠣᠯᠣᠩᠬᠠᠢ ᠶ᠋ᠢ ᠠᠪᠬᠠᠭᠤᠯᠬᠤ ᠠᠷᠭ᠎ᠠ ᠶ᠋ᠢᠨ ᠵᠦᠢᠯ
ᠲᠡᠮᠡᠭᠡᠨ ᠦ᠌ ᠣᠷᠣᠭ᠎ᠠ ᠣᠷᠣᠬᠤ ᠬᠤᠭᠤᠴᠠᠭ᠎ᠠ
ᠪᠤᠤᠷ᠎ᠠ ᠬᠠᠭᠤᠴᠢᠨ ᠤᠯᠠᠷᠢᠯ ᠤ᠋ᠨ ᠡᠪᠦᠯ ᠦ᠋ᠨ ᠶᠢᠰᠦ ᠡᠬᠢᠯᠡᠭᠰᠡᠭᠡᠷ ᠰᠢᠪᠠᠵᠤ ᠮᠠᠶᠢᠭᠯᠠᠵᠤ ᠬᠥᠭᠡᠰᠦᠷᠡᠭᠰᠡᠭᠡᠷ ᠲᠠᠪᠤ ᠶᠢᠰᠦ – 11᠂ 12 ᠰᠠᠷ᠎ᠠ ᠳ᠋ᠤ᠌ ᠬᠦᠷᠴᠦ ᠰᠠᠶᠢ ᠭᠦᠢᠴᠡᠳ ᠣᠷᠣᠭ᠎ᠠ ᠣᠷᠣᠨ᠎ᠠ᠃ ᠲᠡᠮᠡᠭᠡ ᠪᠣᠯ ᠬᠠᠯᠠᠭᠤᠨ ᠶᠡᠬᠡᠲᠡᠢ᠃ ᠬᠦᠢᠲᠡᠨ ᠣᠷᠣᠬᠤ ᠳ᠋ᠤ᠌ ᠬᠠᠯᠠᠭᠤᠨ ᠨᠢ ᠪᠦᠷ ᠪᠥᠭᠡᠨᠰᠦᠭ ᠲᠡᠭᠡᠨ ᠬᠤᠷᠠᠮᠳᠤᠵᠤ ᠢᠷᠡᠳᠡᠭ᠃ ᠲᠡᠭᠡᠬᠦᠯᠡᠷ ᠰᠢᠭᠡᠰᠦ ᠠᠯᠲᠠᠨ ᠰᠢᠪᠠᠬᠤ ᠠ᠋ᠴᠠ ᠭᠠᠳᠠᠨ᠎ᠠ ᠳᠣᠲᠣᠭᠰᠢ ᠰᠢᠷᠭᠤᠭᠰᠠᠨ ᠬᠠᠯᠠᠭᠤᠨ ᠤ᠋ ᠠᠭᠤᠷ ᠨᠢ ᠨᠤᠭᠤᠰᠤ ᠪᠠᠷ ᠨᠢ ᠳᠠᠮᠵᠢᠨ ᠰᠢᠯᠢᠨ ᠬᠦᠵᠦᠭᠦᠨ ᠦ᠌ ᠨᠤᠭᠤᠰᠤᠨ ᠰᠦᠪᠡ ᠪᠡᠷ ᠱᠦᠭᠦᠷᠡᠵᠦ ᠪᠣᠬᠢ ᠭᠠᠷᠴᠤ ᠨᠢᠯᠠᠬᠤ ᠂ ᠠᠮᠠ ᠠ᠋ᠴᠠ ᠬᠥᠭᠡᠰᠦ ᠰᠠᠬᠠᠷᠠᠵᠤ ᠢᠷᠡᠭᠰᠡᠭᠡᠷ ᠣᠷᠣᠭᠠᠨ ᠲᠠᠮᠢᠷ ᠲᠡᠭᠰᠢᠷᠡᠵᠦ ᠰᠠᠶᠢ ᠢᠩᠭᠡᠨ ᠳ᠋ᠦ᠍ ᠰᠠᠭᠤᠳᠠᠭ᠃
ᠲᠡᠮᠡᠭᠡ ᠠᠷᠪᠠᠨ ᠬᠣᠶᠠᠷ ᠰᠠᠷ᠎ᠠ ᠲᠠᠢ
ᠲᠡᠮᠡᠭᠡᠨ ( ᠢᠩᠭᠡ ) ᠶ᠋ᠢᠨ ᠬᠡᠭᠡᠯᠰᠢᠵᠦ ᠶᠠᠪᠤᠬᠤ ᠬᠤᠭᠤᠴᠠᠭ᠎ᠠ᠃ ᠢᠩᠭᠡ ᠂ ᠡᠨᠡ ᠵᠢᠯ ᠦ᠋ᠨ 12᠂ 1 ᠰᠠᠷ᠎ᠠ ᠶ᠋ᠢᠨ ᠠᠯᠢᠨ ᠳ᠋ᠤᠨᠢ ᠪᠤᠤᠷᠠᠨ ᠳ᠋ᠤ᠌ ᠰᠠᠭᠤᠭᠰᠠᠨ ᠪᠣᠯ ᠳᠠᠷᠠᠭ᠎ᠠ ᠵᠢᠯ ᠦ᠋ᠨ 12 ᠂ 1 ᠰᠠᠷ᠎ᠠ ᠪᠣᠯᠬᠤ ᠳ᠋ᠤ᠌ ᠪᠣᠲᠣᠭᠣ ᠶᠠᠭ ᠡᠬᠡ ᠶ᠋ᠢᠨ ᠬᠡᠪᠡᠯᠢ ᠳ᠋ᠦ᠍ 12 ᠰᠠᠷ᠎ᠠ ᠪᠣᠯᠤᠨ᠎ᠠ᠃ ᠡᠨᠡ ᠬᠦ᠌ ᠬᠤᠭᠤᠴᠠᠭ᠎ᠠ ᠶ᠋ᠢ ᠲᠡᠮᠡᠭᠡ ᠠᠷᠪᠠᠨ ᠬᠣᠶᠠᠷ ᠰᠠᠷ᠎ᠠ ᠲᠠᠢ ᠭᠡᠳᠡᠭ᠃
ᠢᠩᠭᠡ ᠪᠣᠲᠣᠭᠣᠯᠠᠬᠤ ᠴᠠᠭ
ᠨᠢᠳᠤᠨᠤᠨ ᠤ᠋ 12 ᠰᠠᠷ᠎ᠠ ᠪᠤᠶᠤ ᠡᠨᠡ ᠵᠢᠯ ᠦ᠋ᠨ 1 ᠰᠠᠷ᠎ᠠ ᠳ᠋ᠤ᠌ ᠪᠤᠤᠷᠠᠨ ᠳ᠋ᠤ᠌ ᠰᠠᠭᠤᠭᠰᠠᠨ ᠢᠩᠭᠡ ᠂ ᠡᠨᠡ ᠵᠢᠯ ᠦ᠋ᠨ 12 ᠰᠠᠷ᠎ᠠ ᠪᠣᠯᠤᠨ ᠢᠷᠡᠬᠦ ᠵᠢᠯ ᠦ᠋ᠨ ᠴᠠᠭᠠᠨ ᠰᠠᠷ᠎ᠠ ᠳ᠋ᠤ᠌ ᠪᠣᠲᠣᠭᠣᠯᠠᠬᠤ ᠪᠣᠯᠤᠨ᠎ᠠ᠃ ᠡᠭᠦᠨ ᠢ᠋ ᠢᠩᠭᠡ ᠪᠣᠲᠣᠭᠣᠯᠠᠬᠤ ᠴᠠᠭ ᠭᠡᠨ᠎ᠡ᠃
ᠬᠠᠶᠠᠭᠠᠷᠠᠵᠤ ᠡᠬᠢᠯᠡᠬᠦ
ᠢᠩᠭᠡ ᠣᠷᠣᠭ᠎ᠠ ᠣᠷᠣᠵᠤ ᠡᠬᠢᠯᠡᠬᠦ ᠪᠤᠶᠤ ᠬᠡᠭᠡᠯᠰᠢᠵᠦ ᠡᠬᠢᠯᠡᠬᠦ ᠭᠡᠰᠡᠨ ᠤᠳᠬ᠎ᠠ ᠲᠠᠢ᠃
ᠬᠠᠶᠠᠭᠠᠷᠠᠴᠢᠬᠠᠯᠠ
ᠣᠷᠣᠭ᠎ᠠ ᠣᠷᠣᠭᠠᠳ ᠪᠠᠷᠠᠴᠢᠬᠠᠯ᠎ᠠ ᠭᠡᠰᠡᠨ ᠪᠤᠶᠤ ᠬᠡᠭᠡᠯᠰᠢᠭᠡᠳ ᠪᠠᠷᠠᠴᠢᠬᠠᠯ᠎ᠠ ᠭᠡᠰᠡᠨ ᠤᠳᠬ᠎ᠠ ᠲᠠᠢ᠃
ᠬᠠᠶᠠᠮᠠᠯ ᠢᠩᠭᠡ ᠪᠤᠤᠷᠠᠨ ᠳ᠋ᠤ᠌ ᠭᠠᠷᠴᠤ ᠨᠢᠭᠡᠨᠲᠡ ᠬᠡᠭᠡᠯᠲᠦᠭᠰᠡᠨ ᠢᠩᠭᠡ ᠶ᠋ᠢ ᠬᠡᠯᠡᠨ᠎ᠡ᠃
ᠰᠢᠪᠡᠵᠦ ᠡᠬᠢᠯᠡᠬᠦ
ᠪᠤᠤᠷ᠎ᠠ ᠣᠷᠣᠭ᠎ᠠ ᠣᠷᠣᠵᠤ ᠡᠬᠢᠯᠡᠬᠦ ᠳ᠋ᠡᠭᠡᠨ ᠰᠢᠭᠡᠰᠦ ᠠᠯᠳᠠᠳᠠᠭ᠃ ᠡᠨᠡ ᠰᠢᠭᠡᠰᠦ ᠪᠡᠨ ᠰᠡᠭᠦᠯ ᠢ᠋ᠶ᠋ᠡᠷ ᠢ᠋ᠶ᠋ᠡᠨ ᠰᠠᠪᠠᠨ ᠠᠷᠤ ᠪᠦᠬᠦ ᠶ᠋ᠢᠨ ᠠᠷᠤ ᠶ᠋ᠢ ᠨᠣᠷᠭᠠᠵᠤ ᠱᠠᠯᠴᠢᠢᠯᠭᠠᠬᠤ ᠶ᠋ᠢ ᠬᠡᠯᠡᠨ᠎ᠡ᠃
ᠪᠣᠲᠣᠭᠣ ᠪᠠᠨ ᠭᠣᠯᠣᠬᠤ ᠢᠩᠭᠡ ᠂ ᠪᠣᠲᠣᠭᠣᠨ ᠳ᠋ᠠᠭᠠᠨ ᠠᠮᠠᠷᠠᠭ ᠪᠢᠰᠢ ᠪᠣᠯᠬᠤ᠃
ᠪᠣᠲᠣᠭᠣ ᠠᠪᠬᠠᠭᠤᠯᠬᠤ
ᠭᠣᠯᠣᠩᠬᠠᠢ ᠢᠩᠭᠡ ᠶ᠋ᠢ ᠪᠣᠲᠣᠭᠣ ᠳ᠋ᠤᠨᠢ ᠠᠮᠠᠷᠠᠭ ᠪᠣᠯᠭᠠᠬᠤ᠃ ᠠᠪᠬᠠᠭᠤᠯᠬᠤ ᠠᠷᠭ᠎ᠠ ᠬᠡᠳᠦ ᠪᠣᠢ᠃
ᠳᠠᠭᠤᠯᠠᠵᠤ ᠠᠪᠬᠠᠭᠤᠯᠬᠤ
ᠢᠩᠭᠡᠨ ᠦ᠌ ᠬᠠᠵᠠᠭᠤ ᠳ᠋ᠤ᠌ ᠪᠣᠲᠣᠭᠣ ᠶ᠋ᠢ ᠨᠢ ᠪᠠᠷᠢᠴᠢᠬᠠᠭᠠᠳ ᠤᠶᠠᠬᠠᠨ ᠰᠠᠢᠬᠠᠨ ᠤᠷᠲᠤ ᠶ᠋ᠢᠨ ᠳᠠᠭᠤᠤ ᠶ᠋ᠢ ᠳᠠᠭᠤᠯᠠᠭᠠᠳ ᠯᠠ ᠪᠠᠢᠪᠠᠯ᠂ ᠢᠩᠭᠡ ᠤᠶᠠᠷᠠᠭᠠᠳ ᠯᠠ ᠪᠦᠳᠦᠭᠦᠨ ᠪᠦᠳᠦᠭᠦᠨ ᠨᠢᠯᠪᠤᠰᠤ ᠤᠨᠠᠭᠠᠵᠤ ᠤᠬᠢᠯᠠᠭᠠᠳ ᠢᠷᠡᠬᠦ ᠳ᠋ᠦ᠍ᠨᠢ ᠪᠣᠲᠣᠭᠣ ᠶ᠋ᠢ ᠨᠢ ᠣᠢᠷᠠᠲᠤᠭᠤᠯᠤᠭᠠᠳ ᠥᠭᠪᠡᠯ ᠠᠪᠴᠢᠬᠠᠳᠠᠭ᠃ ᠡᠨᠡ ᠨᠢ ᠡᠷᠲᠡᠨ ᠦ᠌ ᠠᠷᠭ᠎ᠠ᠃
ᠬᠥᠭᠵᠢᠮᠳᠡᠵᠦ ᠠᠪᠬᠠᠭᠤᠯᠬᠤ
ᠢᠩᠭᠡ ᠶ᠋ᠢᠨ ᠬᠠᠵᠠᠭᠤ ᠳ᠋ᠤ᠌ ᠪᠣᠲᠣᠭᠣ ᠶ᠋ᠢ ᠨᠢ ᠣᠢᠷᠠᠬᠠᠨ ᠪᠠᠢᠯᠭᠠᠵᠤ᠂ ᠬᠥᠭᠵᠢᠮ ᠠᠪᠴᠢᠷᠠᠭᠠᠳ ᠬᠥᠭᠵᠢᠮᠳᠡᠭᠡᠳ ᠯᠡ ᠪᠠᠢᠪᠠᠯ ᠢᠩᠭᠡ ᠤᠶᠠᠷᠠᠭᠠᠳ ᠥᠪᠡᠰᠦᠪᠡᠨ ᠠᠪᠴᠢᠬᠠᠨ᠎ᠠ᠃ ᠬᠡᠷᠪᠡ ᠬᠥᠮᠦᠨ ᠪᠦᠯᠢ ᠴᠥᠭᠡᠨ᠂ ᠠᠮᠵᠢᠬᠤ ᠦᠭᠡᠢ ᠪᠣᠯ ᠬᠤᠭᠤᠷ ᠢ᠋ᠶ᠋ᠠᠨ ᠡᠮᠦᠨ᠎ᠡ ᠪᠦᠬᠦᠨ ᠳ᠋ᠦ᠍ᠨᠢ ᠤᠶᠠᠭᠠᠳ ᠶᠠᠪᠤᠭᠤᠯᠴᠢᠬᠠᠨ᠎ᠠ᠃ ᠬᠤᠭᠤᠷ ᠨᠢ ᠰᠠᠯᠬᠢᠨ ᠳ᠋ᠤ᠌ ᠬᠣᠩᠭᠢᠨᠠᠵᠤ ᠳᠤᠤᠭᠠᠷᠤᠭᠰᠠᠭᠠᠷ ᠪᠠᠢᠲᠠᠯ᠎ᠠ ᠤᠶᠠᠷᠠᠭᠤᠯᠵᠤ ᠣᠷᠣᠢ ᠢᠷᠡᠬᠦ ᠳ᠋ᠡᠭᠡᠨ ᠪᠦᠳᠦᠭᠦᠨ ᠪᠦᠳᠦᠭᠦᠨ ᠨᠢᠯᠪᠤᠰᠤ ᠤᠨᠠᠭᠠᠨ ᠪᠣᠢᠯᠠᠭᠰᠠᠭᠠᠷ ᠢᠷᠡᠭᠡᠳ ᠠᠪᠴᠢᠬᠠᠨ᠎ᠠ᠃ ᠡᠨᠡ ᠨᠢ ᠣᠢᠷ᠎ᠠ ᠵᠠᠭᠤᠨ ᠤ᠋ ᠠᠷᠭ᠎ᠠ ᠪᠣᠯᠤᠨ᠎ᠠ᠃
ᠡᠷᠡᠵᠦ ᠠᠪᠬᠠᠭᠤᠯᠬᠤ
ᠢᠩᠭᠡ ᠶ᠋ᠢᠨ ᠨᠣᠭᠲᠤᠨ ᠴᠤᠯᠪᠤᠭᠤᠷ ᠬᠢᠭᠡᠳ ᠪᠤᠷᠠᠨᠲᠠᠭ ᠢ᠋ ᠨᠢ ᠡᠮᠦᠨᠡᠰᠢ ᠲᠡᠳᠡᠨ ᠤᠶᠠᠵᠤ ᠂ ᠨᠢᠭᠡ ᠭᠤᠶ᠎ᠠ ᠶ᠋ᠢ ᠨᠢ ᠬᠣᠢᠰᠢ ᠬᠡᠢ ᠲᠡᠳᠡᠨ ᠤᠶᠠᠵᠤ᠂ ᠤᠶᠠᠭᠰᠠᠨ ᠲᠠᠯ᠎ᠠ ᠠ᠋ᠴᠠ ᠨᠢ ᠪᠣᠲᠣᠭᠣ ᠶ᠋ᠢ ᠨᠢ ᠲᠠᠯᠪᠢᠨ ᠭᠥᠭᠦᠭᠦᠯᠦᠭᠰᠡᠭᠡᠷ ᠠᠪᠬᠠᠭᠤᠯᠬᠤ᠃ ᠡᠨᠡ ᠨᠢ ᠳᠡᠭᠡᠷᠡᠬᠢ ᠠᠷᠭ᠎ᠠ ᠨᠤᠭᠤᠳ ᠢ ᠬᠡᠷᠡᠭᠯᠡᠭᠡᠳ ᠡᠰᠡ ᠪᠦᠲᠦᠬᠦ ᠳ᠋ᠡᠭᠡᠨ ᠠᠪᠤᠭᠰᠠᠨ ᠴᠥᠬᠥᠷᠡᠭᠰᠡᠨ ᠠᠷᠭ᠎ᠠ᠃ ᠮᠥᠨ ᠠᠯᠪᠠᠳᠠᠭᠰᠠᠨ ᠬᠠᠲᠠᠭᠤ ᠠᠷᠭ᠎ᠠ᠃
ᠬᠣᠨᠢᠨ ᠤ᠋ ᠣᠷᠣᠭᠠᠯᠠᠬᠤ ᠂ ᠬᠡᠭᠡᠯᠲᠦᠬᠦ ᠂ ᠲᠥᠯᠯᠡᠬᠦ ᠬᠤᠭᠤᠴᠠᠭ᠎ᠠ ᠪᠠ
ᠭᠣᠯᠣᠩᠬᠠᠢ ᠶ᠋ᠢ ᠠᠪᠬᠠᠭᠤᠯᠬᠤ ᠠᠷᠭ᠎ᠠ ᠶ᠋ᠢᠨ ᠵᠦᠢᠯ
ᠬᠥᠭ
① ᠬᠤᠴᠠ ᠤᠬᠤᠨ᠎ᠠ ᠶ᠋ᠢᠨ ᠡᠮ᠎ᠡ ᠬᠣᠨᠢ ᠢᠮᠠᠭ᠎ᠠ ᠬᠥᠭᠡᠭᠡᠬᠦ ᠶ᠋ᠢ ᠬᠣᠷᠢᠭᠯᠠᠵᠤ ᠬᠢᠷᠵᠠᠩ ᠤ᠋ᠨ ᠬᠢᠨᠢ ᠡᠮᠦᠨᠡᠭᠦᠷ ᠳᠡᠭᠦᠵᠢᠯᠡᠨ ᠤᠶᠠᠬᠤ ᠬᠠᠯᠬᠠᠪᠴᠢ᠃
② ᠰᠢᠯᠵᠢᠭᠰᠡᠨ ᠤᠳᠬ᠎ᠠ : ᠴᠠᠭ ᠬᠤᠭᠤᠴᠠᠭ᠎ᠠ᠂ ᠲᠥᠯᠥᠪᠯᠡᠭᠡᠲᠡᠢ ᠪᠡᠷ ᠲᠥᠯᠯᠡᠭᠦᠯᠬᠦ ᠶ᠋ᠢᠨ ᠲᠥᠯᠥᠭᠡ ᠲᠣᠭᠲᠠᠭᠰᠠᠨ ᠴᠠᠭ ᠲᠠᠭᠠᠨ ᠬᠤᠴᠠ ᠤᠬᠤᠨ᠎ᠠ ᠶ᠋ᠢᠨ ᠬᠥᠭ ᠢ᠋ ᠠᠪᠴᠤ ᠨᠡᠢᠯᠡᠭᠦᠯᠬᠦ ᠶ᠋ᠢ ᠬᠥᠭ ᠲᠠᠯᠪᠢᠬᠤ ᠭᠡᠨ᠎ᠡ᠃
ᠬᠣᠨᠢᠨ ᠤ᠋ ᠣᠷᠣᠭᠠᠯᠠᠬᠤ ᠴᠠᠭ
ᠬᠤᠴᠠ ᠤᠬᠤᠨ᠎ᠠ ᠲᠠᠷᠭᠤᠲᠠᠢ ᠪᠣᠯ 4 ᠡᠴᠡ 11 ᠰᠠᠷ᠎ᠠ ᠬᠦᠷᠲᠡᠯ᠎ᠡ ᠪᠦᠷ ᠣᠷᠣᠭᠠᠯᠠᠵᠤ ᠴᠢᠳᠠᠳᠠᠭ᠃ ᠲᠡᠢᠨ ᠬᠦ᠌ ᠬᠣᠨᠢ ᠶ᠋ᠢ ᠵᠢᠯ ᠳ᠋ᠦ᠍ ᠬᠣᠶᠠᠷ ᠲᠥᠯᠯᠡᠭᠦᠯᠵᠦ ᠪᠣᠯᠳᠠᠭ ᠃ ᠭᠡᠪᠡᠴᠦ ᠲᠥᠯ ᠡᠬᠡ ᠶ᠋ᠢᠨ ᠪᠡᠶ᠎ᠡ ᠳ᠋ᠦ᠍ ᠲᠤᠩ ᠮᠠᠭᠤ ᠃ ᠠᠩᠬ᠎ᠠ ᠡᠷᠲᠡ ᠳ᠋ᠡᠭᠡᠨ ᠬᠣᠷᠣᠭ᠎ᠠ ᠰᠠᠷᠠᠪᠴᠢ ᠦᠭᠡᠢ᠂ ᠦᠷᠭᠦᠯᠵᠢ ᠨᠡᠭᠦᠳᠡᠯᠯᠡᠨ ᠮᠠᠯᠵᠢᠳᠠᠭ ᠪᠣᠯᠬᠣᠷ ᠬᠣᠨᠢ ᠪᠠᠨ ᠴᠠᠭ ᠤ᠋ᠨ ᠰᠠᠢᠬᠠᠨ ( ᠳᠤᠯᠠᠭᠠᠨ ᠪᠥᠭᠡᠳ ᠨᠣᠭᠣᠭ᠎ᠠ ᠲᠠᠢ ) ᠬᠠᠩᠰᠢ ᠲᠠᠭᠠᠷᠠᠭᠤᠯᠵᠤ ᠲᠥᠯᠯᠡᠭᠦᠯᠬᠦ ᠪᠡᠷ ᠪᠢᠯᠢᠭ ᠦ᠋ᠨ ᠤᠯᠠᠷᠢᠯ ᠤ᠋ᠨ 9 ᠂ 10 ᠰᠠᠷ᠎ᠠ ᠳ᠋ᠤ᠌ ᠬᠥᠭ ᠲᠠᠯᠪᠢᠨ ᠬᠤᠴᠠ ᠨᠡᠢᠯᠡᠭᠦᠯᠳᠡᠭ ᠃ ᠣᠳᠣ ᠪᠣᠯ ᠡᠨᠡ ᠵᠤᠷᠰᠢᠯ ᠢ᠋ ᠡᠪᠳᠡᠨ ᠡᠪᠦᠯ ᠦ᠋ᠨ ᠲᠥᠯ ᠠᠪᠴᠤ ᠂ ᠢᠷᠡᠬᠦ ᠨᠡᠮᠦᠢ ᠡᠪᠦᠯ ᠳ᠋ᠡᠭᠡᠨ ᠳᠠᠷᠤᠢ ᠬᠡᠭᠡᠯᠰᠢᠵᠦ ᠴᠢᠳᠠᠬᠤ ᠶ᠋ᠢ ᠪᠣᠳᠣᠯᠬᠢᠯᠠᠨ 8 ᠂ 9 ᠰᠠᠷ᠎ᠠ ᠳ᠋ᠤ᠌ ᠳᠠᠷᠤᠢ ᠬᠤᠴᠠ ᠨᠡᠢᠯᠡᠭᠦᠯᠵᠦ ᠬᠠᠪᠴᠢ ᠳᠠᠬᠤᠯᠠᠢ ᠲᠥᠯ ᠨᠦ᠍ᠭᠦᠳ ᠠᠪᠳᠠᠭ ᠃ ᠡᠢᠨ ᠪᠣᠯᠬᠣᠷ ᠳᠤᠯᠠᠭᠠᠨ ᠫᠧᠩ ᠰᠠᠷᠠᠪᠴᠢ ᠭᠡᠲᠡᠯ᠎ᠡ ᠪᠣᠷᠳᠣᠭ᠎ᠠ ᠡᠪᠡᠰᠦ ᠭᠡᠵᠦ ᠨᠢᠭᠡ ᠣᠯᠠᠨ ᠪᠡᠯᠡᠳᠬᠡᠯ ᠠᠵᠢᠯ ᠬᠢᠳᠡᠭ᠃
ᠬᠣᠨᠢ ᠵᠢᠷᠭᠤᠭᠠᠨ ᠰᠠᠷ᠎ᠠ ᠲᠠᠢ
ᠡᠮ᠎ᠡ ᠬᠣᠨᠢᠨ ᠤ᠋ ᠬᠡᠭᠡᠯᠰᠢᠵᠦ ᠶᠠᠪᠤᠬᠤ ᠬᠤᠭᠤᠴᠠᠭ᠎ᠠ ᠃ ᠡᠮ᠎ᠡ ᠬᠣᠨᠢ ᠂ ᠡᠨᠡ ᠵᠢᠯ ᠦ᠋ᠨ 9 ᠂ 10 ᠰᠠᠷ᠎ᠠ ( ᠪᠢᠯᠢᠭ ᠦ᠋ᠨ ) ᠳ᠋ᠦ᠍ ᠬᠥᠭ ᠲᠠᠯᠪᠢᠵᠤ ᠬᠡᠭᠡᠯᠰᠢᠭᠦᠯᠦᠭᠰᠡᠨ ᠪᠣᠯ ᠳᠠᠷᠠᠭ᠎ᠠ ᠵᠢᠯ ᠦ᠋ᠨ 2 ᠂ 3 ᠰᠠᠷ᠎ᠠ ᠪᠣᠯᠬᠤ ᠳ᠋ᠤ᠌ ᠬᠤᠷᠠᠭ᠎ᠠ ᠶᠠᠭ ᠡᠬᠡ ᠶ᠋ᠢᠨ ᠬᠡᠪᠡᠯᠢ ᠳ᠋ᠦ᠍ 6 ᠰᠠᠷ᠎ᠠ ᠪᠣᠯᠤᠨ᠎ᠠ ᠃ ᠡᠨᠡ ᠬᠦ᠌ ᠬᠤᠭᠤᠴᠠᠭ᠎ᠠ ᠶ᠋ᠢ ᠬᠣᠨᠢ ᠵᠢᠷᠭᠤᠭᠠᠨ ᠰᠠᠷ᠎ᠠ ᠲᠠᠢ ᠭᠡᠳᠡᠭ᠃
ᠬᠣᠨᠢ ᠲᠥᠯᠯᠡᠬᠦ ᠴᠠᠭ
ᠨᠢᠳᠤᠨᠤᠨ ᠤ᠋ 9 ᠂ 10 ( ᠪᠢᠯᠢᠭ ᠦ᠋ᠨ ) ᠰᠠᠷ᠎ᠠ ᠳ᠋ᠤ᠌ ᠬᠥᠭ ᠲᠠᠯᠪᠢᠭᠰᠠᠨ ᠪᠣᠯ ᠡᠨᠡ ᠵᠢᠯ ᠦ᠋ᠨ 2 ᠂ 3 ᠰᠠᠷ᠎ᠠ ᠶ᠋ᠢᠨ ᠬᠠᠩᠰᠢᠨ ᠢ᠋ᠶ᠋ᠠᠷ 6 ᠰᠠᠷ᠎ᠠ ᠨᠢ ᠭᠦᠢᠴᠡᠵᠦ ᠬᠤᠷᠠᠭᠠᠯᠠᠬᠤ ᠪᠣᠯᠤᠨ᠎ᠠ ᠃ ᠡᠭᠦᠨ ᠢ᠋ ᠬᠣᠨᠢ ᠲᠥᠯᠯᠡᠬᠦ ᠴᠠᠭ ᠭᠡᠳᠡᠭ ᠃
ᠬᠤᠴᠠ ᠲᠠᠯᠪᠢᠬᠤ
ᠠᠩᠬᠠᠨ ᠳ᠋ᠠᠭᠠᠨ ᠶᠡᠷᠦ ᠶ᠋ᠢᠨ ᠪᠠᠢᠳᠠᠯ ᠳ᠋ᠤ᠌ ᠬᠠᠭᠤᠴᠢᠨ ᠤᠯᠠᠷᠢᠯ ᠳ᠋ᠤ᠌ 9 ᠂ 10 ᠰᠠᠷ᠎ᠠ ᠳ᠋ᠤ᠌ ᠬᠤᠴᠠ ᠪᠠᠨ ᠬᠣᠨᠢᠨ ᠳ᠋ᠤ᠌ ᠨᠡᠢᠯᠡᠭᠦᠯᠳᠡᠭ ᠢ᠋ ᠬᠡᠯᠡᠨ᠎ᠡ ᠃
ᠬᠤᠴᠠ ᠨᠡᠢᠯᠡᠭᠦᠯᠬᠦ
① ᠬᠤᠴᠠ ᠲᠠᠯᠪᠢᠬᠤ ᠶ᠋ᠢᠨ ᠨᠥᠭᠦᠭᠡ ᠬᠡᠯᠡᠯᠭᠡ᠃ ② ᠬᠤᠴᠠ ᠪᠠᠨ ᠬᠣᠨᠢᠨ ᠰᠦᠷᠦᠭ ᠲᠦ᠍ ᠨᠡᠢᠯᠡᠭᠦᠯᠬᠦ᠃
ᠬᠡᠭᠡᠯᠲᠦᠬᠦ
ᠬᠡᠭᠡᠯ ᠲᠣᠭᠲᠠᠬᠤ᠃ ᠡᠮ᠎ᠡ ᠬᠣᠨᠢᠨ ᠤ᠋ ᠬᠡᠪᠡᠯᠢ ᠳ᠋ᠦ᠍ ᠬᠤᠷᠠᠭ᠎ᠠ ᠪᠦᠷᠢᠯᠳᠦᠬᠦ ᠶ᠋ᠢ ᠬᠡᠯᠡᠨ᠎ᠡ᠃
ᠬᠤᠷᠠᠭ᠎ᠠ ᠪᠠᠨ ᠭᠣᠯᠣᠬᠤ ᠬᠣᠨᠢ ᠂ ᠬᠤᠷᠠᠭᠠᠨ ᠳ᠋ᠠᠭᠠᠨ ᠠᠮᠠᠷᠠᠭ ᠪᠢᠰᠢ ᠪᠣᠯᠬᠤ᠃
ᠬᠤᠷᠠᠭ᠎ᠠ ᠠᠪᠬᠠᠭᠤᠯᠬᠤ
ᠭᠣᠯᠣᠭᠰᠠᠨ ᠬᠣᠨᠢᠨ ᠳ᠋ᠤ᠌ ᠬᠤᠷᠠᠭ᠎ᠠ ᠶ᠋ᠢ ᠨᠢ ᠠᠪᠬᠠᠭᠤᠯᠵᠤ ᠠᠮᠠᠷᠠᠭ ᠪᠣᠯᠭᠠᠬᠤ᠃
ᠭᠣᠯᠣᠩᠬᠠᠢ ᠬᠣᠨᠢ ᠶ᠋ᠢ ᠲᠣᠢᠭᠯᠠᠨ ᠠᠪᠬᠠᠭᠤᠯᠬᠤ ᠬᠣᠨᠢᠨ ᠤ᠋ ᠭᠣᠯᠣᠩᠬᠠᠢ ᠶ᠋ᠢ ᠲᠣᠢᠭᠯᠠᠵᠤ ᠠᠪᠬᠠᠭᠤᠯᠬᠤ᠃
ᠲᠣᠢᠭ ! ᠲᠣᠢᠭ ! ᠲᠣᠢᠭ !
ᠲᠣᠷᠮᠣᠭᠣᠷ ᠨᠢᠳᠦᠲᠡᠢ ᠬᠤᠷᠠᠭ᠎ᠠ ᠴᠢᠨᠢ
ᠳᠣᠲᠣᠷ᠎ᠠ ᠨᠢ ᠬᠠᠷᠠᠯᠠᠭᠠᠳ ᠮᠠᠭᠤᠳᠠᠵᠤ ᠪᠠᠢᠨ᠎ᠠ᠃
ᠳᠣᠲᠣᠨᠣ ᠶ᠋ᠢᠨ ᠬᠠᠢᠷᠠᠲᠤ ᠡᠬᠡ ᠨᠢ
ᠲᠣᠭᠣᠵᠤ ᠬᠠᠢᠷᠠᠯᠠᠭᠠᠳ ᠠᠪᠴᠢᠭ ᠳᠠ !
ᠲᠣᠢᠭ ! ᠲᠣᠢᠭ ! ᠲᠣᠢᠭ!
ᠲᠣᠢᠭ ! ᠲᠣᠢᠭ! ᠲᠣᠢᠭ ! ᠁
ᠬᠠᠷ᠎ᠠ ᠨᠢᠳᠦᠮᠠᠯ ᠬᠤᠷᠠᠭ᠎ᠠ ᠴᠢᠨᠢ
ᠬᠠᠷᠠᠩᠭᠤᠰᠴᠤ ᠥᠯᠪᠡᠷᠡᠭᠡᠳ ᠮᠠᠭᠤᠳᠠᠵᠤ ᠪᠠᠢᠨ᠎ᠠ
ᠬᠠᠯᠠᠭᠤᠨ ᠰᠡᠳᠬᠢᠯᠲᠡᠢ ᠡᠬᠡ ᠨᠢ
ᠬᠠᠢᠷᠠᠯᠠᠵᠤ ᠰᠠᠨᠠᠭᠠᠳ ᠠᠪᠴᠢᠭ ᠳᠠ !
ᠲᠣᠢᠭ ! ᠲᠣᠢᠭ ! ᠲᠣᠢᠭ !
ᠡᠭᠦᠨ ᠢ᠋ ᠲᠣᠢᠭᠯᠠᠬᠤ ᠭᠡᠳᠡᠭ ᠃
ᠢᠮᠠᠭᠠᠨ ᠤ᠋ ᠣᠷᠣᠭᠠᠯᠠᠬᠤ᠂ ᠬᠡᠭᠡᠯᠲᠦᠬᠦ᠂ ᠲᠥᠯᠯᠡᠬᠦ ᠬᠤᠭᠤᠴᠠᠭ᠎ᠠ ᠪᠠ
ᠭᠣᠯᠣᠩᠬᠠᠢ ᠶ᠋ᠢ ᠠᠪᠬᠠᠭᠤᠯᠬᠤ ᠠᠷᠭ᠎ᠠ ᠶ᠋ᠢᠨ ᠵᠦᠢᠯ
ᠬᠥᠭ ᠬᠣᠨᠢᠨ ᠤ᠋ ᠬᠥᠭ ᠲᠡᠢ ᠠᠳᠠᠯᠢ ᠃
ᠢᠮᠠᠭᠠᠨ ᠤ᠋ ᠣᠷᠣᠭᠠᠯᠠᠬᠤ ᠬᠤᠭᠤᠴᠠᠭ᠎ᠠ
ᠬᠡᠷᠪᠡ ᠤᠬᠤᠨ᠎ᠠ ᠲᠠᠷᠭᠤᠲᠠᠢ ᠪᠣᠯ 2 – 11 ᠰᠠᠷ᠎ᠠ ᠬᠦᠷᠲᠡᠯ᠎ᠡ ᠪᠦᠷ ᠣᠷᠣᠭᠠᠯᠠᠵᠤ ᠴᠢᠳᠠᠳᠠᠭ᠃ ᠠᠩᠬᠠᠨ ᠤ᠋ ᠨᠡᠭᠦᠳᠡᠯᠯᠡᠨ ᠮᠠᠯᠵᠢᠵᠤ ᠪᠣᠢ ᠦᠶ᠎ᠡ ᠳ᠋ᠦ᠍᠂ ᠬᠣᠨᠢᠨ ᠠ᠋ᠴᠠ ᠪᠠᠨ ᠰᠠᠷ᠎ᠠ ᠬᠣᠷᠢ ᠬᠣᠨᠣᠭ ᠬᠣᠵᠢᠭᠤ᠂ ᠥᠭᠡᠷ᠎ᠡ ᠪᠡᠷ ᠬᠡᠯᠡᠪᠡᠯ ᠬᠠᠭᠤᠴᠢᠨ ᠤᠯᠠᠷᠢᠯ ᠤ᠋ᠨ 10 ᠂ 11 ᠰᠠᠷ᠎ᠠ ᠳ᠋ᠤ᠌ ᠤᠬᠤᠨ᠎ᠠ ᠲᠠᠯᠪᠢᠳᠠᠭ᠃ ᠣᠳᠣ 7 ᠂ 8 ᠰᠠᠷ᠎ᠠ ᠳ᠋ᠤ᠌ ᠳᠠᠷᠤᠢ ᠤᠬᠤᠨ᠎ᠠ ᠪᠠᠨ ᠲᠠᠯᠪᠢᠴᠢᠬᠠᠭᠠᠳ ᠡᠪᠦᠯ ᠦ᠋ᠨ ᠲᠥᠯ ᠪᠤᠶᠤ ᠡᠷᠲᠡ ᠶ᠋ᠢᠨ ᠲᠥᠯ ᠠᠪᠴᠤ ᠪᠣᠢ᠃
ᠢᠮᠠᠭ᠎ᠠ ᠲᠠᠪᠤᠨ ᠰᠠᠷ᠎ᠠ ᠲᠠᠢ
ᠡᠮ᠎ᠡ ᠢᠮᠠᠭᠠᠨ ᠤ᠋ ᠬᠡᠭᠡᠯᠰᠢᠵᠦ ᠶᠠᠪᠤᠬᠤ ᠬᠤᠭᠤᠴᠠᠭ᠎ᠠ᠃ ᠡᠮ᠎ᠡ ᠢᠮᠠᠭ᠎ᠠ ᠂ ᠡᠨᠡ ᠵᠢᠯ ᠦ᠋ᠨ 10 - 11 ᠰᠠᠷ᠎ᠠ ᠳ᠋ᠤ᠌ ᠬᠥᠭ ᠲᠠᠯᠪᠢᠵᠤ ᠬᠡᠭᠡᠯᠰᠢᠭᠰᠡᠨ ᠪᠣᠯ ᠳᠠᠷᠠᠭ᠎ᠠ ᠵᠢᠯ ᠦ᠋ᠨ 3 ᠂ 4 ᠰᠠᠷ᠎ᠠ ᠪᠣᠯᠬᠤ ᠳ᠋ᠤ᠌ ᠢᠰᠢᠭᠡ ᠶᠠᠭ ᠡᠬᠡ ᠶ᠋ᠢᠨ ᠬᠡᠪᠡᠯᠢ ᠳ᠋ᠦ᠍ 6 ᠰᠠᠷ᠎ᠠ ᠪᠣᠯᠤᠨ᠎ᠠ ᠃ ᠡᠨᠡ ᠬᠦ᠌ ᠬᠤᠭᠤᠴᠠᠭ᠎ᠠ ᠶ᠋ᠢ ᠢᠮᠠᠭ᠎ᠠ ᠲᠠᠪᠤᠨ ᠰᠠᠷ᠎ᠠ ᠲᠠᠢ ᠭᠡᠨ᠎ᠡ᠃
ᠢᠮᠠᠭ᠎ᠠ ᠲᠥᠯᠯᠡᠬᠦ ᠴᠠᠭ
ᠬᠠᠭᠤᠴᠢᠨ ᠤᠯᠠᠷᠢᠯ ᠢ᠋ᠶ᠋ᠠᠷ ᠨᠢᠳᠤᠨᠤᠨ ᠤ᠋ 10 ᠂ 11 ᠰᠠᠷ᠎ᠠ ᠳ᠋ᠤ᠌ ᠬᠥᠭ ᠲᠠᠯᠪᠢᠭᠰᠠᠨ ᠪᠣᠯ ᠡᠨᠡ ᠵᠢᠯ ᠦ᠋ᠨ 3 ᠂ 4 ᠰᠠᠷ᠎ᠠ ᠳ᠋ᠤ᠌ – ᠬᠠᠩᠰᠢᠨ ᠤ᠋ ᠬᠣᠢᠭᠤᠷ 5 ᠰᠠᠷ᠎ᠠ ᠨᠢ ᠭᠦᠢᠴᠡᠵᠦ ᠢᠰᠢᠭᠡᠯᠡᠬᠦ ᠪᠣᠯᠤᠨ᠎ᠠ ᠃ ᠡᠨᠡ ᠴᠠᠭ ᠢ᠋ ᠢᠮᠠᠭ᠎ᠠ ᠲᠥᠯᠯᠡᠬᠦ ᠴᠠᠭ ᠭᠡᠨ᠎ᠡ᠃
ᠤᠬᠤᠨ᠎ᠠ ᠲᠠᠯᠪᠢᠬᠤ
ᠲᠠᠯᠪᠢᠶ᠎ᠠ ᠭᠡᠵᠦ ᠬᠤᠭᠤᠴᠠᠭᠰᠠᠨ ᠴᠠᠭ ᠲᠠᠭᠠᠨ ᠤᠬᠤᠨ᠎ᠠ ᠶ᠋ᠢ ᠢᠮᠠᠭᠠᠨ ᠰᠦᠷᠦᠭ ᠲᠦ᠍ ᠨᠡᠢᠯᠡᠭᠦᠯᠬᠦ ᠶ᠋ᠢ ᠬᠡᠯᠡᠨ᠎ᠡ᠃
ᠲᠡᠭᠡ ᠨᠡᠢᠯᠡᠭᠦᠯᠬᠦ ᠤᠬᠤᠨ᠎ᠠ ᠲᠠᠯᠪᠢᠬᠤ ᠶ᠋ᠢᠨ ᠨᠥᠭᠦᠭᠡ ᠬᠡᠯᠡᠯᠭᠡ᠃
ᠡᠪᠦᠯ ᠦ᠋ᠨ ᠲᠥᠯ
ᠬᠣᠨᠢ ᠢᠮᠠᠭ᠎ᠠ ᠬᠣᠶᠠᠷ ᠤ᠋ᠨ ᠡᠪᠦᠯ ᠦ᠋ᠨ ᠲᠥᠯ ᠭᠡᠪᠡᠯ ᠬᠣᠨᠢ 11 ᠂ 12 ᠰᠠᠷ᠎ᠠ ᠶ᠋ᠢᠨ ᠬᠢ᠂ ᠢᠮᠠᠭ᠎ᠠ 12 ᠰᠠᠷ᠎ᠠ ᠶ᠋ᠢᠨ ᠬᠢ ᠪᠣᠯᠤᠨ᠎ᠠ᠃
ᠡᠷᠲᠡ ᠶ᠋ᠢᠨ ᠲᠥᠯ
ᠬᠣᠨᠢ ᠢᠮᠠᠭ᠎ᠠ ᠠᠳᠠᠯᠢ ᠴᠠᠭᠠᠨ ᠰᠠᠷ᠎ᠠ ᠪᠤᠶᠤ 2 ᠰᠠᠷ᠎ᠠ ᠶ᠋ᠢᠨ ᠡᠬᠢᠨ ᠦ᠌ ᠬᠢ ᠪᠣᠯᠤᠨ᠎ᠠ᠃
ᠢᠰᠢᠭᠡ ᠪᠡᠨ ᠭᠣᠯᠣᠬᠤ ᠢᠮᠠᠭ᠎ᠠ ᠢᠰᠢᠭᠡᠨ ᠳ᠋ᠡᠭᠡᠨ ᠠᠮᠠᠷᠠᠭ ᠪᠢᠰᠢ ᠪᠣᠯᠬᠤ᠃
ᠢᠰᠢᠭᠡ ᠠᠪᠬᠠᠭᠤᠯᠬᠤ ᠢᠮᠠᠭ᠎ᠠ ᠶ᠋ᠢ ᠢᠰᠢᠭᠡᠨ ᠳ᠋ᠦ᠍ᠨᠢ ᠠᠮᠠᠷᠠᠭ ᠪᠣᠯᠭᠠᠬᠤ᠃
ᠢᠮᠠᠭᠠᠨ ᠤ᠋ ᠭᠣᠯᠣᠩᠬᠠᠢ ᠶ᠋ᠢ ᠴᠠᠢᠭᠯᠠᠵᠤ ᠠᠪᠬᠠᠭᠤᠯᠬᠤ
ᠴᠠᠢᠭ ! ᠴᠠᠢᠭ ! ᠴᠠᠢᠭ!
ᠴᠠᠭ᠎ᠠ ᠦᠷ᠎ᠡ ᠴᠢᠨᠢ ᠬᠠᠷᠠᠩᠭᠤᠰᠴᠤ ᠪᠠᠢᠨ᠎ᠠ ᠂
ᠴᠠᠢᠯᠭᠠᠨ ᠰᠡᠳᠬᠢᠯ ᠳ᠋ᠡᠭᠡᠨ ᠪᠣᠳᠣ ᠳᠠ !
ᠴᠠᠢᠭ ! ᠴᠠᠢᠭ ! ᠴᠠᠢᠭ !
ᠴᠠᠢᠭ ! ᠴᠠᠢᠭ ! ᠴᠠᠢᠭ !
ᠦᠷ᠎ᠡ ᠨᠢᠯᠬ᠎ᠠ ᠴᠢᠨᠢ ᠥᠯᠥᠰᠴᠦ ᠪᠠᠢᠨ᠎ᠠ ᠃
ᠦᠷᠦ ᠵᠥᠭᠡᠯᠡᠨ ᠢ᠋ᠶ᠋ᠡᠨ ᠦᠵᠡᠭᠦᠯ ᠳᠡ !
ᠴᠠᠢᠭ ! ᠴᠠᠢᠭ! ᠴᠠᠢᠭ ! ᠭᠡᠵᠦ ᠤᠶᠠᠩᠭᠠᠯᠠᠨ ᠳᠠᠭᠤᠯᠠᠭᠰᠠᠭᠠᠷ ᠡᠬᠡ ᠶ᠋ᠢ ᠨᠢ ᠪᠠᠷᠢᠵᠤ ᠂ ᠢᠰᠢᠭᠡ ᠶ᠋ᠢ ᠨᠢ ᠬᠥᠬᠥᠭᠦᠯᠦᠭᠰᠡᠭᠡᠷ ᠪᠠᠢᠵᠤ ᠠᠪᠬᠠᠭᠤᠯᠤᠨᠠ᠃
