ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 17 > Хөх зул – Боржигон Ванжал –"Тав ᠂ Таван хошуу малын бүлэг " 17 . ᠲᠠᠪᠤᠨ ᠬᠣᠰᠢᠭᠤ ᠮᠠᠯ ᠤᠨ ᠳᠠᠭᠤᠳᠠᠯᠭ᠎ᠠ Таван хошуу малын ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 17 > Хөх зул – Боржигон Ванжал –"Тав ᠂ Таван хошуу малын бүлэг " 17 . ᠲᠠᠪᠤᠨ ᠬᠣᠰᠢᠭᠤ ᠮᠠᠯ ᠤᠨ ᠳᠠᠭᠤᠳᠠᠯᠭ᠎ᠠ Таван хошуу малын

ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 17 > Хөх зул – Боржигон Ванжал –"Тав ᠂ Таван хошуу малын бүлэг " 17 . ᠲᠠᠪᠤᠨ ᠬᠣᠰᠢᠭᠤ ᠮᠠᠯ ᠤᠨ ᠳᠠᠭᠤᠳᠠᠯᠭ᠎ᠠ Таван хошуу малын

ᠠᠩᠭᠢᠯᠠᠯ:ᠵᠠᠩ ᠦᠢᠯᠡ
2023-12-25

262

ᠲᠠᠪᠤ ᠂ ᠲᠠᠪᠤᠨ ᠬᠣᠰᠢᠭᠤ ᠮᠠᠯ ᠤᠨ ᠪᠦᠯᠦᠭ – 17

ᠲᠠᠪᠤᠨ ᠬᠣᠰᠢᠭᠤ ᠮᠠᠯ ᠤᠨ ᠳᠠᠭᠤᠳᠠᠯᠭ᠎ᠠ ᠬᠢᠭᠡᠳ ᠳᠤᠤᠭᠠᠷᠬᠤ ᠠᠶᠠᠯᠭ᠎ᠠ ᠶᠢᠨ ᠨᠡᠷᠡᠰ Таван хошуу малын дуудлага хийгээд ттгарга аялгын нэрс


               ᠠᠳᠤᠭᠤᠨ ᠤ᠋ ᠳᠠᠭᠤᠳᠠᠯᠭ᠎ᠠ ᠬᠢᠭᠡᠳ ᠳᠤᠤᠭᠠᠷᠬᠤ ᠠᠶᠠᠯᠭ᠎ᠠ ᠶ᠋ᠢᠨ ᠵᠦᠢᠯ 

ᠭᠣᠷᠣᠢ ! ᠭᠣᠷᠣᠢ ! ᠭᠣᠷᠣᠢ !  
       ᠠᠳᠤᠭᠤ ᠶ᠋ᠢ ᠳᠠᠭᠤ ᠰᠣᠨᠣᠰᠳᠠᠬᠤ ᠶ᠋ᠢᠨ ᠬᠣᠯᠠ ᠠ᠋ᠴᠠ ᠳᠠᠭᠤᠳᠠᠬᠤ ᠠᠶᠠᠯᠭ᠎ᠠ ᠦᠭᠡ᠃ 
ᠨᠡᠷ᠎ᠡ ᠵᠢᠰᠦ ᠪᠡᠷ ᠳᠠᠭᠤᠳᠠᠬᠤ  
       ᠮᠣᠩᠭᠣᠯᠴᠤᠳ ᠂ ᠮᠣᠷᠢ ᠪᠠᠨ ᠪᠠᠷᠢᠬᠤ ᠪᠤᠶᠤ ᠡᠰᠡᠬᠦᠯ᠎ᠡ ᠪᠣᠷᠳᠣᠭ᠎ᠠ ᠥᠭᠬᠦ ᠳ᠋ᠡᠭᠡᠨ ᠠᠯᠠᠭ ᠠ᠋ ! ᠠᠯᠠᠭ ᠠ᠋ ᠭᠡᠵᠦ ᠵᠢᠰᠦᠮ ᠢ᠋ᠶ᠋ᠡᠷ ᠨᠢ ᠪᠤᠶᠤ ᠠᠵᠢᠨᠠᠢ ᠠ᠋ ! ᠠᠵᠢᠨᠠᠢ ᠠ᠋ ! ᠭᠡᠵᠦ ᠴᠣᠯᠠ ᠪᠠᠷ ᠨᠢ ᠳᠠᠭᠤᠳᠠᠳᠠᠭ ᠦᠶ᠎ᠡ ᠴᠦ᠍ ᠪᠣᠢ᠃ 
ᠢᠨᠴᠠᠭᠠᠬᠤ  
       ᠠᠳᠤᠭᠤᠨ ᠤ᠋ ᠤᠨᠠᠭ᠎ᠠ ᠲᠥᠯ ᠢ᠋ᠶ᠋ᠡᠨ ᠪᠤᠶᠤ ᠢᠵᠢᠯᠢ ᠲᠥᠷᠥᠯ ᠢ᠋ᠶ᠋ᠡᠨ ᠮᠥᠷᠥᠭᠡᠳᠦᠨ ᠡᠷᠢᠬᠦ ᠳᠠᠭᠤᠳᠠᠬᠤ ᠵᠡᠷᠭᠡ ᠳ᠋ᠦ᠍ ᠬᠠᠩᠭᠢᠨᠠᠲᠠᠯ᠎ᠠ ᠤᠷᠲᠤᠬᠠᠨ ᠤᠶᠠᠩᠭᠠᠯᠢᠭ ᠳᠠᠭᠤ ( ᠠᠶᠠᠯᠭ᠎ᠠ ) ᠭᠠᠷᠭᠠᠬᠤ ᠶ᠋ᠢ ᠬᠡᠯᠡᠨ᠎ᠡ᠃ ᠪᠠᠰᠠ ᠢᠩᠭᠠᠷᠴᠠᠬᠤ ᠭᠡᠵᠦ ᠬᠡᠯᠡᠬᠦ ᠭᠠᠵᠠᠷ ᠪᠣᠢ᠃ ᠵᠢᠱ᠌ᠢᠶ᠎ᠡ : ᠮᠣᠷᠢ ᠢᠨᠴᠠᠭᠠᠬᠤ ᠨᠢ ᠂ ᠦᠵᠡ ! ᠠᠳᠤᠭᠤ ᠢᠷᠡᠭᠡ ᠤᠤ ?  ᠭᠡᠬᠦ ᠮᠡᠲᠦ᠃  
ᠦᠦᠷᠰᠡᠬᠦ  
       ᠠᠳᠤᠭᠤᠨ ᠤ᠋ ᠪᠣᠭᠣᠨᠢ ᠳᠠᠭᠤ ᠪᠠᠷ ᠢᠵᠢᠯᠢ ᠪᠡᠨ ᠡᠷᠢᠬᠦ ᠪᠤᠶᠤ ᠢᠳᠡᠰᠢ ᠭᠣᠷᠢᠳᠠᠨ ᠢᠨᠴᠠᠭᠠᠬᠤ ᠮᠡᠲᠦ ᠬᠦᠬᠦᠲᠦᠨᠡᠨ ᠳᠤᠤᠭᠠᠷᠬᠤ᠃  
       ᠵᠢᠱ᠌ᠢᠶ᠎ᠡ : ᠭᠡᠭᠦᠦ ᠤᠨᠠᠭ᠎ᠠ ᠪᠠᠨ ᠡᠷᠢᠭᠡᠳ ᠦᠦᠷᠰᠡᠬᠦ ᠭᠡᠭᠴᠢ ᠰᠦᠷ ᠳᠡ ! ᠲᠠᠯᠪᠢᠭᠠᠳ ᠥᠭᠴᠢᠬᠡ᠃ ᠪᠣᠷᠳᠣᠭᠠᠨ ᠤ᠋ ᠮᠣᠷᠢ ᠦᠦᠷᠰᠡᠬᠦ ᠨᠢ᠂  ᠵᠢᠭᠠᠬᠠᠨ ᠶᠠᠭᠤᠮ᠎ᠠ ᠥᠭᠬᠦ ᠶᠦ᠍ᠮ ᠪᠢᠰᠢ ᠤᠤ᠃ 
ᠬᠤᠤᠬᠢᠷᠬᠤ  
       ᠠᠳᠤᠭᠤᠨ ᠤ᠋ ᠶᠠᠭᠤᠮᠠᠨ ᠠ᠋ᠴᠠ ᠠᠶᠤᠵᠤ ᠭᠡᠯᠮᠡᠬᠦ ᠪᠤᠶᠤ ᠰᠣᠴᠢᠬᠤ ᠰᠡᠵᠢᠭᠯᠡᠬᠦ ᠪᠡᠷ ᠬᠤᠷᠳ᠋ ! ᠬᠣᠷᠳ᠋ ! ᠬᠤᠷᠳ᠋ ! ᠬᠢᠨ ᠬᠠᠮᠠᠷ ᠳᠤᠤᠭᠠᠷᠬᠤ᠃
       ᠵᠢᠱ᠌ᠢᠶ᠎ᠡ : ᠣᠷᠢᠶᠠᠨ ᠵᠡᠭᠡᠷᠳᠡ ᠭᠡᠭᠴᠢ ᠰᠦᠷ ᠳᠡ ᠂ ᠬᠤᠤᠬᠢᠷᠤᠭᠠᠳ ᠬᠥᠮᠦᠨ ᠣᠢᠷᠠᠲᠤᠭᠤᠯᠬᠤ ᠶᠤᠮ ᠪᠢᠰᠢ᠃ 
ᠤᠩᠭᠤᠯᠳᠠᠬᠤ 
       ᠠᠳᠤᠭᠤᠳ ᠰᠣᠴᠢᠨ ᠭᠡᠯᠮᠡᠭᠳᠡᠵᠦ ᠢᠵᠢᠯᠢ ᠪᠡᠨ ᠡᠷᠢᠨ ᠨᠠᠭᠠᠰᠢ ᠴᠠᠭᠠᠰᠢ ᠳᠠᠪᠬᠢᠯᠳᠤᠨ ᠦᠦᠷᠰᠡᠬᠦ ᠮᠡᠲᠦ ᠦᠷᠭᠦᠯᠵᠢᠯᠡᠨ ᠳᠤᠤᠭᠠᠷᠬᠤ᠃ 
       ᠵᠢᠱ᠌ᠢᠶ᠎ᠡ : ᠠᠳᠤᠭᠤ ᠤᠩᠭᠤᠯᠳᠠᠵᠤ ᠮᠠᠨᠠᠭᠠᠴᠢᠨ ᠢ᠋ ᠪᠣᠰᠬᠠᠪᠠ᠃  

               ᠦᠬᠡᠷ ᠦ᠋ᠨ ᠳᠠᠭᠤᠳᠠᠯᠭ᠎ᠠ ᠬᠢᠭᠡᠳ ᠳᠤᠤᠭᠠᠷᠬᠤ ᠠᠶᠠᠯᠭ᠎ᠠ ᠶ᠋ᠢᠨ ᠵᠦᠢᠯ 

ᠥᠪ ! ᠥᠪ ! ᠥᠪ ! 
       ᠦᠬᠡᠷ ᠢ᠋ ᠳᠠᠭᠤᠳᠠᠨ ᠠᠪᠴᠢᠷᠠᠬᠤ ᠪᠠᠷ ᠳᠠᠭᠤᠳᠠᠭᠰᠠᠨ ᠠᠶᠠᠯᠭ᠎ᠠ ᠦᠭᠡ ᠃ ᠪᠠᠰᠠ ᠦ ! ᠦ ! ᠳᠠᠭᠤᠳᠠᠵᠤ ᠵᠣᠭᠰᠣᠭᠠᠨ ᠪᠠᠷᠢᠳᠠᠭ᠃  
ᠮᠥᠭᠡᠷᠡᠬᠦ   
       ᠦᠬᠡᠷ ᠦ᠋ᠨ ᠥᠨᠳᠥᠷ ᠳᠠᠭᠤᠨ ᠢ᠋ᠶ᠋ᠠᠷ ᠲᠤᠭᠤᠯ ᠪᠤᠶᠤ ᠢᠵᠢᠯᠢ ᠬᠠᠨᠢ ᠪᠠᠨ ᠮᠥᠷᠥᠭᠡᠳᠦᠨ ᠡᠷᠢᠬᠦ᠂ ᠳᠠᠭᠤᠳᠠᠬᠤ ᠳᠠᠭᠤᠨ᠃ 
ᠴᠥᠷᠭᠡᠭᠡ ᠮᠥᠭᠡᠷᠡᠯᠭᠡ 
       ᠨᠢᠭᠡ ᠠᠮᠢᠰᠬᠤᠭ᠎ᠠ ᠪᠠᠷ ᠤᠭᠰᠠᠷᠠᠭᠤᠯᠤᠨ ᠮᠥᠭᠡᠷᠡᠬᠦ᠃ ᠴᠥᠷᠭᠡᠭᠡ ᠮᠥᠭᠡᠷᠡᠵᠦ ᠪᠠᠢᠨ᠎ᠠ᠂ ᠤᠯᠠᠭᠴᠢ ᠦᠨᠢᠶ᠎ᠡ ᠢᠷᠡᠵᠦ ᠪᠠᠢᠨ᠎ᠠ ᠪᠠ ? 
ᠰᠥᠭᠡᠩᠭᠢ ᠮᠥᠭᠡᠷᠡᠯᠭᠡ  
       ᠳᠠᠭᠤ ᠨᠢ ᠰᠦᠭᠡᠩᠬᠢᠲᠤᠭᠰᠠᠨ ᠨᠠᠷᠢᠨ ᠪᠤᠶᠤ ᠡᠷᠢᠶᠡᠨ ᠰᠠᠭᠠᠷᠠᠯ ᠲᠠᠰᠤᠯᠳᠠᠭᠤ ᠳᠠᠭᠤ᠃ ᠲᠡᠷᠯᠡᠨ ᠪᠤᠬ᠎ᠠ ᠶ᠋ᠢᠨ ᠰᠥᠭᠡᠩᠭᠢ ᠮᠥᠭᠡᠷᠡᠯᠭᠡ ᠭᠡᠭᠴᠢ ᠪᠠᠷᠤᠭ ᠳᠠᠭᠤ ᠨᠢ ᠭᠠᠷᠬᠤ ᠦᠭᠡᠢ ᠳ᠋ᠡᠭᠡᠨ ᠣᠢᠷᠠᠲᠤᠵᠤ ᠪᠠᠢᠨ᠎ᠠ᠃ 
ᠤᠤᠨᠠᠬᠤ (  ᠦᠦᠨᠡᠬᠦ ) 
       ᠦᠬᠡᠷ ᠦ᠋ᠨ ᠪᠣᠭᠣᠨᠢ ᠳᠠᠭᠤ ᠪᠠᠷ ᠢᠷᠠᠭᠯᠠᠬᠤ ᠰᠢᠤᠬᠠᠨ ᠦ – ᠦ ᠭᠡᠵᠦ ᠳᠤᠤᠭᠠᠷᠬᠤ ᠃ ᠦᠨᠢᠶ᠎ᠡ ᠤᠳᠠᠬᠤ ᠨᠢ ᠲᠤᠭᠤᠯ ᠨᠡᠢᠯᠡᠵᠦ ᠦᠭᠡᠢ ᠪᠠ ? 
ᠢᠷᠠᠭᠯᠠᠬᠤ  
       ᠦᠬᠡᠷ ᠦ᠋ᠨ ᠤᠨᠲᠠᠬᠤ ᠳ᠋ᠠᠭᠠᠨ ᠢᠨᠴᠠᠭᠯᠠᠨ ᠠᠮᠤᠰᠬᠢᠬᠦ ᠪᠠ ᠡᠰᠡᠬᠦᠯ᠎ᠡ ᠢᠳᠡᠰᠢ ᠠᠬᠠᠳᠠᠵᠤ ᠪᠠᠴᠢᠮᠳᠠᠨ ᠡᠪᠡᠷᠰᠢᠶᠡᠬᠦ ᠳᠠᠭᠤᠨ ᠂ ᠬᠥᠬᠡ ᠭᠤᠨ᠎ᠠ ᠭᠡᠭᠴᠢ ᠵᠠᠯᠭᠠᠭ᠎ᠠ ᠢᠷᠠᠭᠯᠠᠬᠤ ᠶᠤᠮ᠃ 
ᠣᠷᠬᠢᠷᠠᠬᠤ  
       ᠪᠤᠬ᠎ᠠ ᠶ᠋ᠢᠨ ᠰᠦᠷ ᠦᠵᠡᠭᠦᠯᠦᠨ ᠴᠡᠭᠡᠵᠢ ᠬᠦᠩᠭᠢᠨᠡᠭᠦᠯᠦᠨ ᠦᠶ᠎ᠡ ᠦᠶ᠎ᠡ ᠨᠠᠷᠢᠨ ᠪᠦᠳᠦᠭᠦᠨ ᠢ᠋ᠶ᠋ᠡᠷ ᠣᠷᠢᠯᠠᠨ ᠮᠥᠭᠡᠷᠡᠬᠦ ᠮᠡᠲᠦ ᠳᠤᠤᠭᠠᠷᠬᠤ ᠃       ᠪᠤᠬ᠎ᠠ ᠣᠷᠬᠢᠷᠠᠵᠤ ᠪᠣᠢ ᠂ ᠴᠠᠭᠠᠰᠢ ᠬᠥᠬᠡᠭᠡ ᠭᠡᠬᠦ ᠮᠡᠲᠦ ᠃   

               ᠲᠡᠮᠡᠭᠡᠨ ᠦ᠌ ᠳᠠᠭᠤᠳᠠᠯᠭ᠎ᠠ ᠬᠢᠭᠡᠳ ᠳᠤᠤᠭᠠᠷᠬᠤ ᠠᠶᠠᠯᠭ᠎ᠠ ᠶ᠋ᠢᠨ ᠵᠦᠢᠯ 

ᠭᠤᠤᠷ ! ᠭᠤᠤᠷ ! ᠭᠤᠤᠷ    ᠲᠡᠮᠡᠭᠡ ᠶ᠋ᠢ ᠬᠣᠯᠠ ᠠ᠋ᠴᠠ ᠳᠠᠭᠤᠳᠠᠬᠤ ᠠᠶᠠᠯᠭ᠎ᠠ ᠦᠭᠡ᠃ 
ᠲᠦᠦᠷ ! ᠲᠦᠦᠷ ! ᠲᠦᠦᠷ   
       ᠲᠡᠮᠡᠭᠡ ᠶ᠋ᠢ ᠬᠤᠳᠳᠤᠭ ᠂ ᠤᠰᠤᠨ ᠳᠡᠭᠡᠷ᠎ᠡ ᠳᠠᠭᠤᠳᠠᠬᠤ ᠠᠶᠠᠯᠭ᠎ᠠ ᠦᠭᠡ ᠃ 
ᠾᠤᠤᠰ ! ᠾᠤᠤᠰ ! ᠾᠤᠤᠰ 
       ᠭᠣᠯᠣᠩᠬᠠᠢ ᠢᠩᠭᠡ ᠳ᠋ᠦ᠍ ᠪᠣᠲᠣᠭᠣ ᠠᠪᠠᠬᠠᠭᠤᠯᠬᠤ ᠪᠤᠶᠤ ᠬᠠᠢᠳᠠᠭ ᠢᠩᠭᠡ ᠶ᠋ᠢ ᠰᠠᠭᠠᠬᠤ ᠪᠠᠷ ᠳᠠᠭᠤᠳᠠᠬᠤ ᠠᠶᠠᠯᠭ᠎ᠠ ᠦᠭᠡ ᠃ 
ᠯᠦᠸᠧ ! ᠯᠦᠸᠧ ! ᠯᠦᠸᠧ   
       ᠯᠤᠤᠭᠠᠷ ᠤ᠋ᠨ ᠬᠢᠨ ᠠᠴᠢᠶᠠᠨ ᠤ᠋ ᠪᠣᠷᠳᠣᠭᠠᠨ ᠲᠡᠮᠡᠭᠡ ᠪᠡᠨ ᠳᠠᠭᠤᠳᠠᠬᠤ ᠠᠶᠠᠯᠭ᠎ᠠ ᠦᠭᠡ ᠃ ᠪᠣᠳᠣᠪᠠᠯ ᠲᠡᠮᠡᠭᠡ ᠂ ᠲᠡᠮᠡᠭᠡ ᠭᠡᠰᠡᠨ ᠬᠢᠲᠠᠳ ᠦᠭᠡ ᠪᠣᠯᠤᠯᠲᠠᠢ᠃ 
ᠨᠡᠷ᠎ᠡ ᠵᠢᠰᠦᠮ ᠢ᠋ᠶ᠋ᠡᠷ ᠳᠠᠭᠤᠳᠠᠬᠤ  
       ᠰᠢᠷᠠᠯᠲᠠᠢ ᠠ᠋ ! ᠰᠢᠷᠠᠯᠲᠠᠢ ᠠ᠋ ! ᠭᠡᠵᠦ ᠵᠢᠰᠦᠮ ᠢ᠋ᠶ᠋ᠡᠷ ᠳᠠᠭᠤᠳᠠᠬᠤ ᠪᠤᠶᠤ ᠬᠠᠢᠳᠠᠭ ! ᠬᠠᠢᠳᠠᠭ ᠭᠡᠵᠦ ᠨᠡᠷ᠎ᠡ ᠪᠡᠷ ᠳᠠᠭᠤᠳᠠᠨ ᠠᠪᠴᠢᠷᠠᠵᠤ ᠰᠠᠭᠠᠳᠠᠭ ᠤᠴᠢᠷ ᠮᠣᠩᠭᠣᠯᠴᠤᠳ ᠤ᠋ᠨ ᠳᠤᠮᠳᠠ ᠵᠥᠩᠳᠡᠭᠡᠨ᠃ 
ᠪᠤᠢᠯᠠᠬᠤ  
       ᠲᠡᠮᠡᠭᠡᠨ ᠦ᠌ ᠤᠷᠲᠤ ᠳᠠᠭᠤ ᠪᠠᠷ ᠤᠶᠠᠩᠭᠠᠯᠠᠨ ᠳᠤᠤᠭᠠᠷᠬᠤ ᠃ ᠵᠢᠱ᠌ᠢᠶ᠎ᠡ : ᠡᠨᠡ ᠢᠩᠭᠡᠨ ᠦ᠌ ᠪᠤᠢᠯᠠᠬᠤ ᠨᠢ ᠠ᠋ ! 
ᠣᠷᠢᠯᠠᠭ᠎ᠠ  
       ᠬᠥᠮᠦᠨ ᠢ᠋ ᠦᠵᠡᠬᠦ ᠪᠤᠶᠤ ᠤᠨᠤᠬᠤ ᠳ᠋ᠤ᠌ ᠨᠣᠬᠠᠢ ᠰᠢᠭ᠋ ᠬᠠᠪ ᠬᠠᠪ ᠪᠠᠷᠬᠢᠷᠠᠬᠤ ᠶ᠋ᠢ ᠬᠡᠯᠡᠨ᠎ᠡ ᠃ ᠵᠢᠱ᠌ᠢᠶ᠎ᠡ : ᠤᠷᠢᠯᠠᠭ᠎ᠠ ᠰᠢᠷ᠎ᠠ ᠮᠥᠨ ᠬᠤᠷᠳᠤᠨ ᠰᠢᠦ᠃ 
ᠪᠠᠷᠬᠢᠷᠠᠭ᠎ᠠ     ᠣᠷᠢᠯᠠᠭ᠎ᠠ ᠶ᠋ᠢᠨ ᠨᠥᠭᠦᠭᠡ ᠬᠡᠯᠡᠯᠭᠡ ᠃ 
ᠳᠦᠩᠭᠢᠨᠡᠭᠦᠷ     ᠠᠭᠤᠷᠯᠠᠬᠤ ᠳ᠋ᠠᠭᠠᠨ ᠴᠡᠭᠡᠵᠢ ᠨᠢ ᠬᠦᠷᠴᠢᠭᠢᠨᠡᠨ ᠳᠤᠤᠭᠠᠷᠬᠤ ᠶ᠋ᠢ ᠬᠡᠯᠡᠨ᠎ᠡ᠃ 
ᠰᠡᠪᠡᠰᠦᠯᠡᠳᠡᠭ   
       ᠬᠥᠮᠦᠨ ᠠᠮᠢᠲᠠᠨ ᠢ᠋ ᠣᠢᠷᠠᠲᠤᠭᠰᠠᠭᠠᠷ ᠥᠭᠡᠳᠡ ᠡᠴᠡ ᠬᠠᠪ ᠭᠡᠵᠦ ᠳᠤᠤᠭᠠᠷᠬᠤ ᠲᠠᠢ ᠪᠠᠨ ᠵᠡᠷᠭᠡ ᠰᠡᠪᠡᠰᠦ ᠪᠡᠨ ᠦᠯᠢᠶᠡᠬᠦ ᠶ᠋ᠢ ᠬᠡᠯᠡᠨ᠎ᠡ᠃ 

               ᠬᠣᠨᠢᠨ ᠤ᠋ ᠳᠠᠭᠤᠳᠠᠯᠭ᠎ᠠ ᠬᠢᠭᠡᠳ ᠳᠤᠤᠭᠠᠷᠬᠤ ᠠᠶᠠᠯᠭ᠎ᠠ ᠶ᠋ᠢᠨ ᠵᠦᠢᠯ 

ᠲᠥᠥᠲᠡ ! ᠲᠥᠥᠲᠡ ! ᠲᠥᠥᠲᠡ    ᠬᠣᠨᠢ ᠶ᠋ᠢ ᠳᠠᠭᠤᠳᠠᠬᠤ ᠠᠶᠠᠯᠭ᠎ᠠ ᠦᠭᠡ ᠃ 
ᠵᠢᠰᠦᠮ ᠪᠤᠶᠤ ᠨᠡᠷ᠎ᠡ ᠪᠡᠷ ᠳᠠᠭᠤᠳᠠᠬᠤ  
       ᠮᠠᠩᠬᠠᠨ ! ᠮᠠᠩᠬᠠᠨ ᠠ᠋ ! ᠭᠡᠵᠦ ᠳᠠᠭᠤᠳᠠᠬᠤ ᠪᠤᠶᠤ ᠬᠤᠷᠠᠭ᠎ᠠ ! ᠬᠤᠷᠠᠭ᠎ᠠ ! ᠭᠡᠵᠦ ᠳᠠᠭᠤᠳᠠᠨ ᠠᠪᠴᠢᠷᠠᠳᠠᠭ᠃ 
ᠮᠠᠢᠯᠠᠬᠤ 
       ᠬᠣᠨᠢᠨ ᠤ᠋ ᠬᠤᠷᠠᠭ᠎ᠠ ᠪᠠᠨ ᠪᠤᠶᠤ ᠢᠵᠢᠯᠢ ᠪᠡᠨ ᠮᠥᠷᠥᠭᠡᠳᠦᠨ ᠮᠠᠢ ! ᠮᠠᠢ ! ᠮᠠᠢ ᠭᠡᠵᠦ ᠢᠷᠠᠭᠤᠯᠢᠭ ᠳᠤᠤᠭᠠᠷᠴᠤ ᠳᠠᠭᠤᠳᠠᠬᠤ ᠳᠠᠭᠤᠨ᠃ 
ᠬᠤᠷᠠᠭᠠᠰᠠᠬᠤ 
       ᠬᠤᠷᠠᠭ᠎ᠠ ᠪᠠᠨ ᠰᠠᠨᠠᠨ ᠪᠠᠭ᠎ᠠ ᠳᠠᠭᠤᠨ ᠢ᠋ᠶ᠋ᠠᠷ ᠣ ᠣ ᠣ ᠭᠡᠵᠦ ᠳᠤᠤᠭᠠᠷᠬᠤ᠃ ᠮᠥᠨ ᠴᠦ᠍ ᠬᠤᠷᠠᠭᠠᠨ ᠳ᠋ᠠᠭᠠᠨ ᠠᠮᠠᠷᠠᠭ ᠭᠡᠰᠡᠨ ᠤᠳᠬ᠎ᠠ ᠲᠠᠢ᠃  

               ᠢᠮᠠᠭᠠᠨ ᠤ᠋ ᠳᠠᠭᠤᠳᠠᠯᠭ᠎ᠠ ᠬᠢᠭᠡᠳ ᠳᠤᠤᠭᠠᠷᠬᠤ ᠠᠶᠠᠯᠭ᠎ᠠ ᠶ᠋ᠢᠨ ᠵᠦᠢᠯ 

ᠵᠢᠵᠢᠦ ! ᠵᠢᠵᠢᠦ ! ᠵᠢᠵᠢᠦ    ᠢᠮᠠᠭ᠎ᠠ ᠶ᠋ᠢ ᠬᠣᠯᠠ ᠠ᠋ᠴᠠ ᠳᠠᠭᠤᠳᠠᠬᠤ ᠠᠶᠠᠯᠭ᠎ᠠ ᠦᠭᠡ᠃ 
ᠨᠡᠷ᠎ᠡ ᠵᠢᠰᠦᠮ ᠢ᠋ᠶ᠋ᠡᠷ ᠳᠠᠭᠤᠳᠠᠬᠤ  
       ᠬᠠᠢᠳᠠᠭ ! ᠬᠠᠢᠳᠠᠭ ᠭᠡᠵᠦ ᠳᠠᠭᠤᠳᠠᠬᠤ ᠪᠤᠶᠤ ᠰᠢᠷᠭ᠎ᠠ ᠠ᠋ ! ᠰᠢᠷᠭ᠎ᠠ ᠠ᠋ ! ᠭᠡᠵᠦ ᠳᠠᠭᠤᠳᠠᠳᠠᠭ᠃ 
ᠮᠠᠢᠯᠠᠬᠤ  
       ᠢᠮᠠᠭᠠᠨ ᠤ᠋ ᠢᠰᠢᠭᠡ ᠪᠡᠨ ᠪᠤᠶᠤ ᠢᠵᠢᠯᠢ ᠪᠡᠨ ᠰᠠᠨᠠᠨ ᠳᠠᠭᠤᠳᠠᠬᠤ ᠳᠠᠭᠤᠨ᠃ ᠬᠣᠨᠢ ᠶ᠋ᠢ ᠪᠣᠳᠣᠪᠠᠯ ᠳᠠᠭᠤ ᠨᠢ ᠨᠠᠷᠢᠨ ᠪᠥᠭᠡᠳ ᠥᠨᠳᠥᠷ ᠪᠠᠢᠳᠠᠭ ᠃  
ᠤᠬᠤᠨᠠᠳᠠᠬᠤ 
       ᠪᠠᠪᠠᠨᠠᠳᠠᠬᠤ᠃ ᠤᠬᠤᠨ᠎ᠠ ᠪᠠ ᠡᠷ᠎ᠡ ᠢᠰᠢᠭᠡ ᠶ᠋ᠢᠨ ᠢᠮᠠᠭ᠎ᠠ ᠶ᠋ᠢ ᠬᠥᠭᠡᠭᠡᠨ ᠳᠠᠭᠤᠴᠠᠭᠯᠠᠬᠤ ᠠᠶᠠᠯᠭ᠎ᠠ᠃  
ᠪᠠᠪᠠᠨᠠᠳᠠᠬᠤ       ᠤᠬᠤᠨᠠᠳᠠᠬᠤ ᠶ᠋ᠢᠨ ᠨᠥᠭᠦᠭᠡ ᠬᠡᠯᠡᠯᠭᠡ᠃