ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 16 > Хөх зул – Боржигон Ванжал –"Тав ᠂ Таван хошуу малын бүлэг " 16 . ᠲᠠᠪᠤᠨ ᠬᠣᠰᠢᠭᠤ ᠮᠠᠯ ᠤᠨ ᠭᠠᠷᠤᠯᠲᠠ Таван хошуу малын гар ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 16 > Хөх зул – Боржигон Ванжал –"Тав ᠂ Таван хошуу малын бүлэг " 16 . ᠲᠠᠪᠤᠨ ᠬᠣᠰᠢᠭᠤ ᠮᠠᠯ ᠤᠨ ᠭᠠᠷᠤᠯᠲᠠ Таван хошуу малын гар

ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 16 > Хөх зул – Боржигон Ванжал –"Тав ᠂ Таван хошуу малын бүлэг " 16 . ᠲᠠᠪᠤᠨ ᠬᠣᠰᠢᠭᠤ ᠮᠠᠯ ᠤᠨ ᠭᠠᠷᠤᠯᠲᠠ Таван хошуу малын гар

ᠠᠩᠭᠢᠯᠠᠯ:ᠵᠠᠩ ᠦᠢᠯᠡ
2023-12-24

305

ᠲᠠᠪᠤ ᠂ ᠲᠠᠪᠤᠨ ᠬᠣᠰᠢᠭᠤ ᠮᠠᠯ ᠤᠨ ᠪᠦᠯᠦᠭ – 15

ᠲᠠᠪᠤᠨ ᠬᠣᠰᠢᠭᠤ ᠮᠠᠯ ᠤᠨ ᠭᠠᠷᠤᠯᠲᠠ Таван хошуу малын гаралт

               ᠠᠳᠤᠭᠤᠨ ᠤ᠋ ᠪᠡᠶ᠎ᠡ ᠡᠴᠡ ᠭᠠᠷᠬᠤ ᠭᠠᠷᠤᠯᠲᠠ ᠶ᠋ᠢᠨ ᠵᠦᠢᠯ 

ᠳᠡᠯ   
       ᠠᠳᠤᠭᠤᠨ ᠤ᠋ ᠳᠡᠯ ᠪᠡᠶ᠎ᠡ ᠶ᠋ᠢᠨ ᠢᠯᠴᠢ ᠶ᠋ᠢ ᠬᠠᠮᠠᠭᠠᠯᠠᠵᠤ ᠂ ᠪᠥᠬᠡ ᠮᠥᠷᠲᠡᠭᠡᠨ ᠬᠠᠷᠢᠮᠠᠭ ᠴᠢᠨᠠᠷ ᠢ᠋ᠶ᠋ᠠᠷ ᠰᠠᠢᠨ ᠂ ᠬᠠᠯᠠᠭᠤᠨ ᠬᠦᠢᠲᠡᠨ ᠬᠠᠭᠤᠷᠠᠢ ᠨᠣᠢᠲᠠᠨ   ᠳ᠋ᠤ᠌ ᠲᠡᠰᠪᠦᠷᠢᠲᠡᠢ ᠃ ᠮᠠᠯᠴᠢᠳ ᠨᠣᠭᠲᠣ ᠴᠤᠯᠪᠤᠭᠤᠷ ᠂ ᠭᠡᠷ ᠦ᠋ᠨ ᠳᠠᠷᠤᠭᠤᠯᠭ᠎ᠠ ᠂ ᠪᠦᠰᠡᠯᠡᠭᠦᠷ ᠂ ᠣᠯᠣᠩ ᠂ ᠳᠡᠭᠡᠰᠦ ᠵᠡᠷᠭᠡ ᠲᠠᠮᠤᠬᠤ ᠠ᠋ᠴᠠ ᠭᠠᠳᠠᠨ᠎ᠠ ᠲᠣᠬᠣᠮ ᠬᠢᠳᠡᠭ ᠃ ᠠᠳᠤᠭᠤᠨ ᠤ᠋ ᠳᠡᠯ ᠶᠡᠬᠡ ᠦᠨᠡᠲᠡᠢ ᠃ ᠨᠠᠷᠢᠨ ᠱᠠᠷᠢᠨ ᠦᠢᠯᠡᠳᠬᠦᠨ ᠬᠢᠵᠦ ᠤᠯᠤᠰ ᠠ᠋ᠴᠠ ᠭᠠᠷᠭᠠᠵᠤ ᠪᠣᠢ᠃ 
ᠰᠡᠭᠦᠯ  
       ᠠᠳᠤᠭᠤᠨ ᠤ᠋ ᠰᠡᠭᠦᠯ ᠤᠷᠲᠤ ᠮᠥᠷᠲᠡᠭᠡᠨ ᠰᠢᠯᠤᠭᠤᠨ ᠂ ᠭᠢᠯᠠᠭᠠᠷ ᠮᠥᠷᠲᠡᠭᠡᠨ ᠬᠠᠷᠢᠮᠠᠭ ᠴᠢᠨᠠᠷᠲᠠᠢ ᠂ ᠪᠥᠬᠡ ᠂ ᠬᠠᠯᠠᠭᠤᠨ ᠬᠦᠢᠲᠡᠨ ᠬᠠᠭᠤᠷᠠᠢ ᠨᠣᠢᠲᠠᠨ  ᠳ᠋ᠤ᠌ ᠲᠡᠰᠪᠦᠷᠢᠲᠡᠢ ᠂ ᠱᠦᠷᠭᠦᠭᠡᠯᠲᠡ ᠳ᠋ᠦ᠍ ᠳᠠᠭᠠᠭᠠᠴᠠᠲᠠᠢ ᠃ ᠳᠡᠯ ᠡᠴᠡ ᠨᠡᠩ ᠦᠨᠡᠲᠡᠢ ᠂ ᠠᠵᠤ ᠦᠢᠯᠡᠳᠪᠦᠷᠢ ᠂ ᠭᠠᠷ ᠦᠢᠯᠡᠳᠪᠦᠷᠢ ᠳ᠋ᠦ᠍ ᠮᠠᠰᠢ ᠥᠷᠭᠡᠨ  ᠢ᠋ᠶ᠋ᠡᠷ ᠱᠠᠭᠠᠷᠳᠠᠭᠳᠠᠭᠰᠠᠨ ᠥᠨᠳᠥᠷ ᠦᠨ᠎ᠡ ᠥᠷᠲᠡᠭ ᠲᠡᠢ ᠲᠦᠭᠦᠬᠡᠢ ᠡᠳ᠋ ᠪᠣᠯᠵᠤ ᠂ ᠡᠯᠳᠡᠪ ᠵᠦᠢᠯ ᠦ᠋ᠨ ᠱᠤᠸᠠᠰᠠ ᠬᠢᠬᠦ ᠂ ᠪᠣᠭᠴᠣ ᠂ ᠵᠣᠭᠣᠰᠤᠨ ᠴᠦᠩᠬᠦ ᠂ ᠱᠤᠷ᠎ᠠ ᠶ᠋ᠢᠨ ᠪᠦᠲᠡᠭᠡᠯᠭᠡ ᠂ ᠪᠥᠰ ᠂ ᠲᠣᠷ ᠂ ᠰᠠᠢᠵᠠ ᠵᠡᠷᠭᠡ ᠬᠢᠬᠦ ᠡᠴᠡ ᠭᠠᠳᠠᠨ᠎ᠠ ᠬᠢᠮᠢ ᠶ᠋ᠢᠨ ᠵᠦᠢᠯ ᠢ᠋ ᠴᠦ᠍ ᠢᠯᠭᠠᠷᠠᠭᠤᠯᠵᠤ ᠠᠪᠳᠠᠭ ᠃ ᠡᠢᠨ ᠬᠦ᠌ ᠭᠠᠳᠠᠭᠠᠳᠤ ᠳ᠋ᠤ᠌ ᠭᠠᠷᠭᠠᠬᠤ ᠴᠢᠬᠤᠯᠠ ᠦᠢᠯᠡᠳᠬᠦᠨ ᠦ᠌ ᠨᠢᠭᠡ ᠨᠢ ᠪᠣᠯᠤᠨ᠎ᠠ᠃ 
ᠠᠳᠤᠭᠤᠨ ᠤ᠋ ᠬᠥᠭᠡᠪᠦᠷ ᠰᠤᠷ  
       ᠰᠤᠷ ᠂ ᠬᠥᠭᠡᠪᠦᠷ ᠴᠦ᠍ ᠮᠠᠨ ᠤ᠋ ᠣᠷᠣᠨ ᠤ᠋ ᠨᠤᠲᠤᠭ ᠤ᠋ᠨ ᠴᠢᠬᠤᠯᠠ ᠭᠠᠷᠤᠯᠲᠠ ᠶ᠋ᠢᠨ ᠨᠢᠭᠡ ᠨᠢ ᠪᠣᠯᠤᠨ᠎ᠠ᠃ ᠡᠭᠦᠨ ᠳ᠋ᠦ᠍ ᠭᠠᠭᠴᠠ ᠠᠳᠤᠭᠤᠨ ᠤ᠋ ᠪᠢᠰᠢ ᠂ ᠦᠬᠡᠷ ᠦ᠋ᠨ ᠬᠥᠬᠡᠪᠦᠷ ᠂ ᠰᠡᠭᠦᠯ ᠦ᠋ᠨ ᠬᠢᠯᠭᠠᠰᠤ ᠂ ᠡᠪᠡᠷ ᠬᠣᠭᠣᠷᠣᠨᠳᠣᠬᠢ ᠦᠰᠦ ᠂ ᠴᠢᠬᠢᠨ ᠳᠣᠲᠣᠷᠠᠬᠢ ᠦᠰᠦ ᠂ ᠢᠮᠠᠭᠠᠨ ᠰᠠᠬᠠᠯ ᠂ ᠢᠮᠠᠭᠠᠨ ᠰᠡᠭᠦᠯ ᠦ᠋ᠨ ᠦᠰᠦ ᠂ ᠪᠤᠭᠤ ᠂ ᠬᠠᠨᠳᠠᠭᠠᠢ ᠶ᠋ᠢᠨ ᠳᠡᠯ ᠂ ᠰᠤᠷ ᠃ ᠴᠢᠨᠣ᠎ᠠ ᠂ ᠨᠣᠬᠠᠢ ᠶ᠋ᠢᠨ ᠰᠡᠭᠦᠯ ᠦ᠋ᠨ ᠦᠵᠦᠭᠦᠷ ᠦ᠋ᠨ ᠦᠰᠦ ᠮᠡᠲᠦᠴᠢᠯᠡᠨ ᠪᠤᠰᠤᠳ ᠠᠩ ᠠᠮᠢᠲᠠᠨ ᠤ᠋ ᠬᠢ ᠪᠦᠷ ᠪᠠᠭᠲᠠᠨ᠎ᠠ ᠃ ᠡᠢᠨ ᠬᠦ᠌ ᠡᠳᠡᠭᠡᠷ ᠨᠢ ᠲᠣᠭ᠎ᠠ ᠂ ᠴᠢᠨᠠᠷ ᠢ᠋ᠶ᠋ᠠᠷ ᠢ᠋ᠶ᠋ᠠᠨ ᠮᠠᠨ ᠤ᠋ ᠤᠯᠤᠰ ᠲᠤ᠌ ᠴᠢᠬᠤᠯᠠ ᠪᠠᠢᠷᠢ ᠶ᠋ᠢ  ᠡᠵᠡᠯᠡᠵᠦ ᠪᠣᠢ ᠃ ᠠᠷᠠᠰᠤ    ᠠᠳᠤᠭᠤᠨ ᠤ᠋ ᠠᠷᠠᠰᠤ ᠶ᠋ᠢ ᠡᠯᠳᠡᠨ ᠪᠣᠯᠪᠠᠰᠤᠷᠠᠭᠤᠯᠵᠤ ᠂ ᠨᠠᠷᠢᠯᠢᠭ ᠬᠢᠴᠡᠲᠡᠢ ᠬᠤᠪᠴᠠᠰᠤ ᠬᠤᠨᠠᠷ ᠂ ᠭᠤᠲᠤᠯ ᠱᠠᠬᠠᠢ ᠂ ᠭᠦᠮ ᠲᠠᠰᠠᠮ᠎ᠠ ᠬᠢᠬᠦ ᠪᠥᠭᠡᠳ ᠤᠭᠠᠯᠵᠠ ᠰᠡᠢᠯᠪᠦᠷᠢ ᠬᠢᠬᠦ ᠦᠢᠯᠡᠳᠪᠦᠷᠢ ᠶ᠋ᠢᠨ ᠲᠦᠭᠦᠬᠡᠢ ᠡᠳ᠋ ᠪᠣᠯᠵᠤ ᠪᠣᠢ᠃ 
ᠶᠠᠰᠤ  
       ᠠᠳᠤᠭᠤ ᠮᠠᠯ ᠤ᠋ᠨ ᠶᠠᠰᠤ ᠶᠡᠬᠡ ᠬᠡᠷᠡᠭᠴᠡᠭᠡᠲᠡᠢ ᠃ ᠦᠢᠯᠡᠳᠪᠦᠷᠢᠯᠡᠭᠰᠡᠨ ᠶᠠᠰᠤᠨ ᠤ᠋ ᠣᠬᠢ ᠪᠠᠷ ᠨᠢ ᠭᠡᠷᠡᠯ ᠵᠢᠷᠤᠭ ᠤ᠋ᠨ ᠢᠯᠲᠠᠰᠤ ᠬᠢᠬᠦ ᠪᠠ ᠳᠠᠷᠠᠭᠠᠯᠠᠪᠠᠯ ᠴᠠᠪᠠᠤ ( ᠴᠠᠷᠴᠠᠮᠠᠯ ᠴᠠᠪᠠᠤ ᠂ ᠶᠠᠰᠤᠨ ᠴᠠᠪᠠᠤ ) ᠬᠢᠵᠦ ᠂ ᠰᠢᠭᠠᠷᠤᠭ ᠪᠣᠯᠤᠭᠰᠠᠨ ᠶᠠᠰᠤᠨ ᠲᠠᠯᠬ᠎ᠠ ᠪᠠᠷ ᠨᠢ ᠣᠷᠭᠠᠨᠢᠭ ᠪᠣᠷᠳᠣᠭᠤᠷ ᠬᠢᠵᠦ ᠲᠠᠷᠢᠶᠠᠯᠠᠩ ᠤ᠋ᠨ ᠡᠯᠪᠡᠭ  ᠬᠤᠷᠢᠶᠠᠯᠲᠠ ᠶ᠋ᠢ ᠳᠡᠮᠵᠢᠳᠡᠭ ᠃ ᠮᠥᠨ ᠶᠠᠰᠤᠨ ᠲᠣᠰᠣ ᠪᠠᠷ ᠨᠢ ᠰᠠᠪᠤᠩ ᠬᠢᠳᠡᠭ᠃ 
ᠠᠳᠤᠭᠤᠨ ᠤ᠋ ᠮᠢᠬ᠎ᠠ 
       ᠠᠳᠤᠭᠤᠨ ᠤ᠋ ᠮᠢᠬ᠎ᠠ ᠨᠢ ᠲᠥᠷᠥᠯ ᠪᠦᠷᠢ ᠶ᠋ᠢᠨ ᠸᠢᠲ᠋ᠠᠮᠢᠨ ᠂ ᠢᠰᠬᠡᠭ ᠂ ᠡᠷᠦᠳᠡᠰᠦ ᠪᠣᠳᠠᠰ ᠢ᠋ᠶ᠋ᠠᠷ ᠡᠯᠪᠡᠭ ᠮᠥᠷᠲᠡᠭᠡᠨ ᠪᠢᠣᠯᠣᠭᠢ ᠶ᠋ᠢᠨ ᠥᠪᠡᠷᠮᠢᠴᠡ ᠢᠳᠡᠪᠬᠢᠲᠦ ᠪᠣᠳᠠᠰ ᠤ᠋ᠨ ᠬᠣᠷᠮᠣᠨ ᠠᠬᠤᠭᠤᠯᠤᠭᠰᠠᠨ ᠢ᠋ᠶ᠋ᠠᠷ ᠢ᠋ᠶ᠋ᠠᠨ ᠶᠡᠬᠡ ᠲᠤᠯᠠ ᠦᠨᠡᠲᠦ ᠲᠡᠵᠢᠭᠡᠯ ᠪᠣᠯᠬᠤ ᠶᠤᠮ ᠃ ᠡᠢᠨ ᠬᠦ᠌ ᠠᠳᠤᠭᠤᠨ ᠤ᠋ ᠮᠢᠬ᠎ᠠ  ᠶ᠋ᠢ ᠰᠢᠮ᠎ᠡ ᠲᠡᠵᠢᠭᠡᠯ ᠥᠨᠳᠥᠷ ᠭᠡᠳᠡᠭ ᠃ ᠢᠳᠡᠬᠦ ᠳ᠋ᠦ᠍ ᠴᠦ᠍ ᠠᠮᠲᠠᠲᠠᠢ ᠃ ᠬᠥᠮᠦᠨ ᠦ᠌ ᠪᠡᠶ᠎ᠡ ᠳ᠋ᠦ᠍ 95% ᠬᠤᠪᠢ ᠨᠢ ᠰᠢᠩᠭᠡᠳᠡᠭ᠃ ᠲᠡᠢᠨ ᠬᠦ᠌ ᠥᠯ ᠰᠠᠢᠲᠠᠢ ᠮᠢᠬ᠎ᠠ ᠨᠢ ᠬᠠᠯᠠᠭᠤᠨ ᠴᠢᠨᠠᠷᠲᠠᠢ ᠲᠤᠯᠠ ᠥᠯᠴᠢᠷ ᠪᠠᠢᠳᠠᠭ ᠢ᠋ᠶ᠋ᠠᠷ ᠢ᠋ᠶ᠋ᠠᠨ ᠡᠪᠦᠯ ᠢᠳᠡᠬᠦ ᠳ᠋ᠦ᠍ ᠲᠣᠬᠢᠷᠠᠮᠵᠢᠲᠠᠢ᠃ ᠠᠳᠤᠭᠤᠨ ᠤ᠋ ᠮᠢᠬᠠᠨ ᠳ᠋ᠤ᠌ ᠦᠯᠦ ᠣᠷᠣᠯᠠᠭᠳᠠᠬᠤ ᠠᠮᠢᠨ ᠬᠦᠴᠢᠯ ᠡᠯᠪᠡᠭ ᠪᠠᠢᠳᠠᠭ᠃ ᠲᠡᠷᠡᠴᠢᠯᠡᠨ ᠠᠳᠤᠭᠤᠨ ᠤ᠋ ᠮᠢᠬ᠎ᠠ ᠨᠢ ᠬᠡᠢ ᠡᠪᠡᠳᠴᠢᠨ ᠬᠢᠭᠡᠳ ᠬᠦᠢᠲᠡᠨ ᠬᠡᠢ ᠶ᠋ᠢ ᠵᠠᠰᠠᠳᠠᠭ ᠭᠡᠵᠦ ᠡᠮᠨᠡᠯᠭᠡ  ᠶ᠋ᠢᠨ ᠤᠬᠠᠭᠠᠨ ᠳ᠋ᠤ᠌ ᠬᠡᠯᠡᠵᠦ ᠪᠣᠢ᠃ 
ᠥᠭᠡᠬᠦ  
       ᠠᠳᠤᠭᠤᠨ ᠤ᠋ ᠥᠭᠡᠬᠦ ᠶ᠋ᠢ ᠢᠳᠡᠬᠦ ᠡᠴᠡ ᠭᠠᠳᠠᠨ᠎ᠠ ᠦᠢᠯᠡᠳᠪᠦᠷᠢ ᠳ᠋ᠦ᠍ ᠬᠡᠷᠡᠭᠯᠡᠳᠡᠭ ᠃ ᠪᠠᠰᠠ ᠥᠭᠡᠬᠦ ᠨᠢ ᠦᠬᠡᠷ ᠢᠯᠢᠳᠦ ᠶ᠋ᠢ ᠵᠠᠰᠠᠨ ᠠᠷᠢᠯᠭᠠᠨ᠎ᠠ ᠭᠡᠵᠦ 《ᠮᠣᠩᠭᠣᠯ ᠡᠮᠨᠡᠯᠭᠡ ᠶ᠋ᠢᠨ ᠲᠡᠭᠦᠪᠦᠷᠢ 》 ᠳ᠋ᠦ᠍ ᠬᠡᠯᠡᠵᠦ ᠪᠣᠢ᠃ 
ᠠᠭᠤᠰᠬᠢ   
       ᠠᠳᠤᠭᠤᠨ ᠤ᠋ ᠠᠭᠤᠰᠬᠢ ᠂ ᠠᠭᠤᠰᠬᠢ ᠨᠡᠪᠴᠢᠭᠰᠡᠨ ᠢ᠋ ᠠᠨᠠᠭᠠᠵᠤ ᠴᠢᠳᠠᠨ᠎ᠠ ᠭᠡᠵᠦ 《ᠮᠣᠩᠭᠣᠯ ᠡᠮᠨᠡᠯᠭᠡ ᠶ᠋ᠢᠨ ᠲᠡᠭᠦᠪᠦᠷᠢ 》 ᠳ᠋ᠦ᠍ ᠪᠣᠢ᠃ 
ᠳᠡᠯᠢᠭᠦᠦ  
       ᠠᠳᠤᠭᠤᠨ ᠤ᠋ ᠳᠡᠯᠢᠭᠦᠦ ᠨᠢ ᠡᠷᠡᠬᠡᠭᠰᠡᠨ ᠶᠠᠷ᠎ᠠ ᠰᠢᠷᠬ᠎ᠠ ᠶ᠋ᠢ ᠨᠣᠮᠣᠬᠠᠳᠬᠠᠨ ᠪᠥᠭᠡᠷ᠎ᠡ ᠶ᠋ᠢᠨ ᠬᠠᠯᠠᠭᠤᠨ ᠢ᠋ ᠠᠷᠢᠯᠭᠠᠨ᠎ᠠ ᠭᠡᠵᠦ 《ᠮᠣᠩᠭᠣᠯ ᠡᠮᠨᠡᠯᠭᠡ  ᠶ᠋ᠢᠨ ᠲᠡᠭᠦᠪᠦᠷᠢ 》 ᠳ᠋ᠦ᠍ ᠪᠣᠢ᠃ 
ᠲᠣᠰᠣ  
       ᠲᠣᠰᠣ ᠶ᠋ᠢ ᠨᠢ ᠦᠢᠯᠡᠳᠪᠦᠷᠢ ᠳ᠋ᠦ᠍ ᠠᠪᠳᠠᠭ ᠃ ᠪᠠᠷᠤᠭ ᠰᠠᠪᠤᠩ ᠮᠡᠲᠦᠰ ᠢ᠋ ᠬᠢᠳᠡᠭ ᠪᠠᠢᠬ᠎ᠠ᠃ 
ᠱᠥᠯᠥ 
       ᠱᠥᠯᠥ ᠨᠢ ᠣᠨᠴᠠᠭᠠᠢ ᠳᠤᠯᠠᠭᠠᠨ ᠥᠯᠴᠢᠷ ᠪᠠᠢᠳᠠᠭ᠃ ᠡᠪᠦᠯ ᠂ ᠥᠷᠯᠥᠭᠡ ᠳ᠋ᠡᠭᠡᠨ ᠱᠥᠯᠥ ᠪᠡᠷ ᠴᠢᠷᠠᠢ ᠂ ᠨᠢᠭᠤᠷ ᠂ ᠴᠢᠬᠢ ᠂ ᠭᠠᠷ ᠢ᠋ᠶ᠋ᠠᠨ ᠰᠠᠢᠲᠤᠷ ᠤᠬᠢᠶᠠᠭᠠᠳ ᠭᠠᠷᠪᠠᠯ ᠲᠡᠰᠬᠢᠮ᠎ᠡ ᠬᠦᠢᠲᠡᠨ ᠳ᠋ᠦ᠍ ᠴᠦ᠍ ᠮᠠᠯᠠᠭᠠᠢ ᠪᠦᠴᠡᠯᠡᠯ ᠦᠭᠡᠢ ᠬᠥᠳᠡᠭᠡ ᠭᠠᠳᠠᠨ᠎ᠠ ᠡᠳᠦᠷᠵᠢᠨ ᠶᠠᠪᠤᠭᠠᠳ ᠬᠥᠯᠳᠡᠳᠡᠭ ᠦᠭᠡᠢ ᠪᠠᠢᠳᠠᠭ᠃ 
ᠰᠦ  
       ᠠᠳᠤᠭᠤᠨ ᠰᠦ ᠪᠡᠷ ᠴᠡᠭᠡ ᠬᠢᠵᠦ ᠤᠤᠭᠤᠳᠠᠭ ᠃ ᠳᠣᠲᠣᠷ ᠲᠠᠪᠤᠨ ᠴᠤᠯᠤ ᠶ᠋ᠢᠨ ᠡᠪᠡᠳᠴᠢᠨ ᠳ᠋ᠦ᠍ ᠰᠠᠢᠨ ᠪᠠᠢᠳᠠᠭ᠃ ᠨᠠᠢᠷ ᠨᠠᠭᠠᠳᠤᠮ ᠳ᠋ᠤ᠌ ᠬᠡᠷᠡᠭᠯᠡᠬᠦ  ᠴᠢᠬᠤᠯᠠ ᠤᠮᠳᠠᠭᠠᠨ᠃ 
ᠬᠣᠮᠣᠯ    ᠲᠦᠯᠡᠰᠢ ᠬᠢᠬᠦ ᠡᠴᠡ ᠭᠠᠳᠠᠨ᠎ᠠ᠂ ᠬᠠᠪᠤᠷ ᠦᠬᠡᠷ ᠲᠡᠵᠢᠭᠡᠬᠦ ᠬᠥᠬᠡ ᠡᠪᠡᠰᠦ ᠭᠡᠵᠦ ᠮᠡᠳᠡ᠃ 

               ᠦᠬᠡᠷ ᠦ᠋ᠨ ᠪᠡᠶ᠎ᠡ ᠡᠴᠡ ᠭᠠᠷᠬᠤ ᠭᠠᠷᠤᠯᠲᠠ ᠶ᠋ᠢᠨ ᠵᠦᠢᠯ 

ᠦᠬᠡᠷ ᠦ᠋ᠨ ᠬᠥᠭᠡᠪᠦᠷ 
       ᠦᠬᠡᠷ ᠦ᠋ᠨ ᠪᠡᠶ᠎ᠡ ᠳ᠋ᠦ᠍ ᠤᠷᠭᠤᠭᠰᠠᠨ ᠠᠬᠤᠷ ᠵᠥᠭᠡᠯᠡᠨ ᠨᠤᠤᠷᠬᠠᠭ ᠦᠰᠦ ᠃ ᠦᠬᠡᠷ ᠦ᠋ᠨ ᠬᠥᠭᠡᠪᠦᠷ ᠢ᠋ᠶ᠋ᠡᠷ ᠢᠰᠡᠭᠡᠢ ᠪᠤᠶᠤ ᠢᠰᠡᠭᠡᠢ ᠭᠤᠲᠤᠯ ᠬᠢᠬᠦ ᠳ᠋ᠦ᠍ ᠣᠨᠴᠠ ᠰᠠᠢᠨ ᠴᠢᠨᠠᠷᠲᠠᠢ ᠪᠠᠢᠵᠠᠢ ᠃ ᠣᠳᠣ ᠨᠡᠬᠡᠮᠡᠯ ᠦ᠋ᠨ ᠦᠢᠯᠡᠳᠪᠦᠷᠢ ᠪᠠ ᠬᠢᠮᠢ ᠶ᠋ᠢᠨ ᠦᠢᠯᠡᠳᠪᠦᠷᠢ ᠶ᠋ᠢᠨ ᠴᠢᠬᠤᠯᠠ ᠲᠦᠭᠦᠬᠡᠢ ᠮᠠᠲ᠋ᠧᠷᠢᠶᠠᠯ ᠪᠣᠯᠵᠠᠢ᠃ ᠪᠠᠰᠠ ᠡᠮ ᠦ᠋ᠨ ᠦᠢᠯᠡᠳᠪᠦᠷᠢ ᠳ᠋ᠦ᠍ ᠬᠥᠮᠦᠨ ᠦ᠌ ᠡᠯᠢᠭᠡᠨ ᠡᠪᠡᠳᠴᠢᠨ ᠢ᠋ ᠵᠠᠰᠠᠬᠤ ᠳᠠᠪᠤᠰᠠᠩ ᠠᠮᠢᠨ ᠬᠦᠴᠢᠯ ᠢ ᠦᠢᠯᠡᠳᠪᠦᠷᠢᠯᠡᠵᠦ ᠪᠣᠢ᠃ 
ᠦᠬᠡᠷ ᠦ᠋ᠨ ᠡᠪᠡᠷ ᠦ᠋ᠨ ᠬᠣᠭᠣᠷᠣᠨᠳᠣᠬᠢ ᠦᠰᠦ  
       ᠦᠬᠡᠷ ᠦ᠋ᠨ ᠬᠣᠶᠠᠷ ᠡᠪᠡᠷ ᠦ᠋ᠨ ᠬᠣᠭᠣᠷᠣᠨᠳᠣᠬᠢ ᠥᠨᠳᠥᠷ ᠰᠢᠭ ᠦᠰᠦ ᠃ ᠮᠥᠨ ᠦᠢᠯᠡᠳᠪᠦᠷᠢ ᠶ᠋ᠢᠨ ᠲᠦᠭᠦᠬᠡᠢ ᠡᠳ᠋ ᠦ᠋ᠨ ᠨᠢᠭᠡ ᠳᠡ᠃ 
ᠦᠬᠡᠷ ᠦ᠋ᠨ ᠴᠢᠬᠢᠨ ᠳ᠋ᠡᠬᠢ ᠦᠰᠦ  
       ᠦᠬᠡᠷ ᠦ᠋ᠨ ᠴᠢᠬᠢᠨ  ᠳᠣᠲᠣᠷ᠎ᠠ ᠤᠷᠭᠤᠭᠰᠠᠨ ᠥᠨᠳᠥᠷ ᠦᠰᠦ᠃ ᠶᠡᠬᠡ ᠬᠡᠷᠡᠭᠴᠡᠭᠡᠲᠡᠢ ᠭᠡᠵᠦ ᠪᠣᠢ᠃ ᠵᠢᠷᠤᠭ ᠤ᠋ᠨ ᠬᠡᠷᠡᠭᠯᠡᠯ ᠬᠢᠬᠦ ᠣᠬᠢ ᠰᠠᠢᠨ ᠲᠦᠭᠦᠬᠡᠢ ᠡᠳ᠋ ᠮᠥᠨ ᠃ ᠬᠠᠷᠢᠨ ᠡᠨᠡ ᠦᠰᠦ ᠶ᠋ᠢ ᠠᠪᠬᠤ ᠳ᠋ᠠᠭᠠᠨ ᠡᠷᠬᠡᠪᠰᠢ ᠨᠣᠭᠣᠭ᠎ᠠ ᠭᠠᠷᠴᠤ ᠰᠠᠯᠬᠢ ᠨᠠᠮᠵᠢᠭᠰᠠᠨ ᠤ᠋ ᠳᠠᠷᠠᠭ᠎ᠠ ᠰᠠᠶᠢ ᠠᠪᠤᠨ᠎ᠠ᠃ 
ᠦᠬᠡᠷ ᠦ᠋ᠨ ᠰᠡᠭᠦᠯ ᠦ᠋ᠨ ᠬᠢᠯᠭᠠᠰᠤ   
       ᠦᠬᠡᠷ ᠦ᠋ᠨ ᠰᠡᠭᠦᠯ ᠦ᠋ᠨ ᠦᠵᠦᠭᠦᠷ ᠲᠡᠬᠢ ᠤᠷᠲᠤ ᠬᠢᠯᠭᠠᠰᠤ᠃ ᠦᠢᠯᠡᠳᠪᠦᠷᠢ ᠳ᠋ᠦ᠍ ᠮᠥᠨ ᠶᠡᠬᠡ ᠬᠡᠷᠡᠭᠴᠡᠭᠡᠲᠡᠢ ᠭᠡᠵᠦ ᠬᠤᠷᠢᠶᠠᠵᠤ ᠪᠣᠢ᠃ 
ᠦᠬᠡᠷ ᠦ᠋ᠨ ᠠᠷᠠᠰᠤ  
       ᠦᠬᠡᠷ ᠦ᠋ᠨ ᠪᠡᠶ᠎ᠡ ᠶ᠋ᠢᠨ ᠭᠠᠳᠠᠭᠤᠷᠬᠢ ᠪᠦᠷᠬᠦᠭᠦᠯ ᠬᠥᠷᠥᠰᠥ᠃ ᠠᠩᠬᠠᠨ ᠳ᠋ᠠᠭᠠᠨ ᠬᠥᠳᠡᠭᠡ ᠨᠤᠲᠤᠭ ᠲᠤ᠌ ᠣᠨᠴᠠ ᠰᠠᠢᠨ ᠴᠢᠨᠠᠷ ᠤ᠋ᠨ ᠰᠤᠷ ᠬᠢᠵᠦ ᠡᠳ᠋ᠯᠡᠬᠦ ᠶᠦ᠍ᠮ ᠤᠤ ᠂ ᠡᠰᠡᠬᠦᠯ᠎ᠡ ᠠᠵᠤ ᠦᠢᠯᠡᠳᠪᠦᠷᠢ ᠳ᠋ᠦ᠍ ᠠᠪᠠᠴᠢᠵᠤ  ᠪᠤᠯᠢᠭᠠᠷᠢ ᠬᠢᠵᠦ ᠡᠯ᠎ᠡ ᠲᠥᠷᠥᠯ ᠦ᠋ᠨ ᠪᠤᠯᠢᠭᠠᠷᠢ ᠵᠣᠳᠣᠭ ᠂ ᠭᠤᠲᠤᠯ ᠂ ᠭᠥᠯᠢᠮ  ᠲᠡᠷᠢᠭᠦᠲᠡᠨ ᠡᠴᠡ ᠬᠢᠲᠤᠭ᠎ᠠ ᠶ᠋ᠢᠨ ᠬᠤᠢ ᠂ ᠳᠤᠬᠤᠨ ᠲᠥᠳᠦᠭ ᠲᠦ᠍ ᠬᠦᠷᠲᠡᠯ᠎ᠡ ᠬᠢᠵᠦ ᠪᠠᠢᠯ᠎ᠠ ᠃ ᠣᠳᠣ ᠠᠷᠠᠰᠤ ᠰᠢᠷᠢ ᠶ᠋ᠢᠨ ᠠᠵᠤ ᠦᠢᠯᠡᠳᠪᠦᠷᠢ ᠭᠡᠵᠦ  ᠭᠠᠵᠠᠷ ᠰᠠᠢ ᠦᠭᠡᠢ ᠪᠠᠢᠭᠤᠯᠤᠭᠳᠠᠵᠤ᠂ ᠠᠷᠠᠰᠤ ᠰᠢᠷᠢ ᠭᠡᠭᠴᠢ ᠲᠡᠭᠦᠨ ᠦ᠌ ᠭᠣᠣᠯ ᠴᠢᠬᠤᠯᠠ ᠡᠳ᠋ ᠮᠠᠲ᠋ᠸᠷᠢᠶᠠᠯᠢᠭ ᠪᠣᠯᠵᠤ ᠪᠠᠢᠭ᠎ᠠ ᠪᠠᠷ ᠪᠠᠷᠠᠬᠤ ᠦᠭᠡᠢ ᠪᠠᠰᠠ  ᠤᠯᠤᠰ ᠠ᠋ᠴᠠ ᠭᠠᠷᠴᠤ ᠪᠣᠢ᠃ ᠣᠳᠣ ᠰᠣᠨᠣᠰᠬᠤᠯ᠎ᠠ ᠨᠢᠭᠡ ᠦᠬᠡᠷ ᠦ᠋ᠨ ᠠᠷᠠᠰᠤ ᠶ᠋ᠢ ᠬᠡᠳᠦ ᠨᠢᠮᠭᠡᠯᠡᠵᠦ ᠥᠩᠭᠡᠯᠡᠭᠡᠳ ᠭᠦᠮ ᠬᠦᠷᠮ᠎ᠡ᠂ ᠥᠮᠥᠳᠥ᠂ ᠰᠢᠨ᠎ᠡ ᠮᠠᠶᠢᠭ ᠤ᠋ᠨ ᠰᠠᠪᠢᠬᠢᠨ ᠭᠤᠲᠤᠯ ᠂ ᠱᠠᠬᠠᠢ ᠂ ᠥᠭᠡᠳᠡᠰᠦ ᠪᠡᠷ ᠨᠢ ᠪᠡᠭᠡᠯᠡᠢ ᠵᠡᠷᠭᠡ ᠳ᠋ᠦ᠍ ᠬᠦᠷᠲᠡᠯ᠎ᠡ ᠬᠢᠵᠦ ᠪᠣᠢ ᠭᠡᠨ᠎ᠡ ᠃ ᠡᠨᠡ ᠮᠡᠲᠦᠴᠢᠯᠡᠨ ᠦᠢᠯᠡᠳᠪᠦᠷᠢᠯᠡᠭᠳᠡᠵᠦ ᠪᠣᠢ ᠲᠥᠷᠥᠯ ᠵᠦᠢᠯ ᠨᠢ ᠴᠦ᠍ ᠠᠷᠪᠢᠨ ᠂ ᠰᠠᠨᠠᠵᠤ ᠰᠡᠳᠬᠢᠵᠦ ᠲᠠᠢᠯᠤᠮ᠎ᠠ ᠦᠭᠡᠢ ᠰᠠᠢᠬᠠᠨ ᠭᠣᠶᠣ ᠡᠳ᠋ᠯᠡᠯ ᠢ ᠬᠢᠵᠦ ᠪᠣᠢ᠃ 
ᠦᠨᠢᠶᠡᠨ ᠰᠦ 
       ᠦᠨᠢᠶᠡᠨ ᠦ᠌ ᠬᠥᠬᠥ ᠡᠴᠡ ᠭᠠᠷᠬᠤ ᠴᠠᠭᠠᠨ ᠰᠢᠷᠠᠩᠭᠤᠢᠪᠲᠤᠷ ᠥᠩᠭᠡᠲᠡᠢ ᠰᠢᠩᠭᠡᠨ ᠡᠳ᠋ ᠃ ᠦᠨᠢᠶᠡᠨ ᠰᠦ ᠪᠣᠯ ᠮᠣᠩᠭᠣᠯᠴᠤᠳ ᠤ᠋ᠨ ᠴᠠᠭᠠᠨ ᠢᠳᠡᠭᠡᠨ ᠣ ᠭᠣᠣᠯ ᠠᠭᠤᠷᠬᠠᠢ ᠭᠡᠵᠦ ᠬᠡᠯᠡᠬᠦ ᠳ᠋ᠦ᠍ ᠢᠯᠡᠭᠦᠳᠡᠬᠦ ᠶᠠᠭᠤᠮ᠎ᠠ ᠪᠠᠢᠬᠤ ᠦᠭᠡᠢ ᠃ ᠮᠠᠯᠴᠢᠳ ᠤ᠋ᠨ ᠨᠢᠭᠡᠨ ᠲᠠᠯ᠎ᠠ ᠶ᠋ᠢᠨ ᠢᠳᠡᠰᠢ ᠶ᠋ᠢ ᠬᠠᠩᠭᠠᠵᠤ ᠢᠷᠡᠵᠡᠢ ᠃ ᠣᠳᠣ ᠴᠤ᠌ ᠭᠡᠰᠡᠨ ᠬᠠᠩᠭᠠᠵᠤ ᠪᠣᠢ ᠃ ᠦᠨᠢᠶᠡᠨ ᠰᠦᠨ ᠦ᠌ ᠴᠠᠭᠠᠨ ᠢᠳᠡᠭᠡᠨ ᠭᠡᠭᠴᠢ ᠲᠥᠷᠥᠯ ᠵᠦᠢᠯ ᠣᠯᠠᠨ ᠃ ᠡᠭᠦᠨ ᠢ᠋ ᠲᠤᠰᠬᠠᠢ ᠴᠠᠭᠠᠨ ᠢᠳᠡᠭᠡᠨ ᠦ᠌ ᠬᠡᠰᠡᠭ ᠲᠦ᠍ ᠶᠠᠷᠢᠬᠤ ᠪᠣᠯᠬᠣᠷ ᠡᠨᠳᠡ ᠳᠠᠪᠬᠤᠷ ᠨᠤᠷᠰᠢᠬᠤ ᠦᠭᠡᠢ᠃ 
ᠦᠬᠡᠷ ᠦ᠋ᠨ ᠮᠢᠬ᠎ᠠ  
       ᠦᠬᠡᠷ ᠦ᠋ᠨ ᠮᠢᠬ᠎ᠠ ᠰᠢᠮ᠎ᠡ ᠲᠡᠵᠢᠭᠡᠯ ᠢ᠋ᠶ᠋ᠡᠷ ᠥᠨᠳᠥᠷ ᠲᠡᠭᠦᠯᠳᠡᠷ ᠂ ᠢᠳᠡᠬᠦ ᠳ᠋ᠦ᠍ ᠠᠯᠢᠪᠠ ᠮᠢᠬᠠᠨ ᠠ᠋ᠴᠠ ᠠᠮᠲᠠᠲᠠᠢ ᠃ ᠤᠳᠠᠭᠠᠨ ᠬᠠᠳᠠᠭᠠᠯᠠᠬᠤ  ᠳ᠋ᠤ᠌ ᠲᠡᠰᠪᠦᠷᠢᠲᠡᠢ ᠃ ᠮᠣᠩᠭᠣᠯᠴᠤᠳ ᠤ᠋ᠨ ᠪᠣᠷᠴᠠᠯᠠᠨ ᠬᠠᠲᠠᠭᠠᠵᠤ ᠂ ᠨᠦᠳᠦᠨ ᠳᠠᠪᠤᠰᠤᠯᠠᠵᠤ ᠨᠥᠭᠡᠴᠡᠯᠡᠵᠦ ᠢᠳᠡᠬᠦ ᠭᠣᠣᠯ ᠬᠡᠷᠡᠭᠰᠡᠯ ᠦ᠋ᠨ ᠮᠢᠬ᠎ᠠ ᠪᠣᠯᠤᠨ᠎ᠠ ᠃ ᠢᠳᠡᠰᠢᠨ ᠦ᠌ ᠦᠢᠯᠡᠳᠪᠦᠷᠢ ᠳ᠋ᠦ᠍ ᠬᠡᠳᠦᠨ ᠠᠷᠪᠠᠨ ᠵᠦᠢᠯ ᠦ᠋ᠨ ᠠᠮᠲᠠᠲᠤ ᠢᠳᠡᠭᠡᠨ ᠬᠢᠵᠦ ᠭᠠᠳᠠᠭᠰᠢ ᠭᠠᠷᠭᠠᠵᠤ ᠪᠣᠢ᠃ 
ᠦᠬᠡᠷ ᠡᠴᠡ ᠭᠠᠷᠬᠤ ᠡᠮ ᠦ᠋ᠨ ᠵᠦᠢᠯ  
       ᠦᠬᠡᠷ ᠦ᠋ᠨ ᠪᠡᠶ᠎ᠡ ᠳ᠋ᠦ᠍ 26 ᠵᠦᠢᠯ ᠦ᠋ᠨ ᠨᠠᠢᠷᠠᠭ ᠬᠠᠳᠠᠭᠠᠯᠠᠭᠳᠠᠵᠤ ᠪᠣᠢ ᠭᠡᠮᠡᠨ  《ᠡᠮᠲᠦ ᠠᠮᠢᠲᠠᠨ 》 ᠳ᠋ᠤᠷ  ᠥᠭᠦᠯᠡᠵᠦᠬᠦᠢ᠃ ᠲᠡᠭᠦᠨ ᠡᠴᠡ ᠬᠡᠰᠡᠭ ᠢ᠋ ᠵᠢᠭᠰᠠᠭᠠᠪᠠᠯ : ᠦᠬᠡᠷ ᠦ᠋ᠨ ᠥᠭᠡᠬᠦ ᠂ ᠮᠢᠬ᠎ᠠ ᠂ ᠴᠢᠮᠥᠭᠡ ᠂ ᠲᠠᠷᠢᠬᠢ ᠂ ᠬᠣᠳᠣᠭᠣᠳᠣ ᠂ ᠶᠠᠰᠤ ᠂ ᠲᠤᠭᠤᠷᠠᠢ ᠂ ᠰᠦ ᠂ ᠴᠢᠰᠤ ᠂ ᠰᠥᠰᠥ ᠂ ᠡᠪᠡᠷ ᠂ ᠳᠡᠯᠢᠭᠦᠦ ᠂ ᠪᠥᠭᠡᠷ᠎ᠡ ᠂ ᠰᠠᠷᠬᠢᠨᠠᠭ ᠵᠡᠷᠭᠡ ᠴᠥᠮ ᠡᠮ ᠳ᠋ᠦ᠍ ᠣᠷᠣᠨ᠎ᠠ ᠃ ᠢᠯᠠᠩᠭᠤᠶ᠎ᠠ ᠵᠠᠷᠢᠮ ᠦᠬᠡᠷ ᠦ᠋ᠨ ᠪᠡᠶ᠎ᠡ ᠳ᠋ᠦ᠍ 《ᠭᠢᠸᠠᠩ 》ᠭᠡᠬᠦ ᠬᠣᠪᠣᠷ ᠴᠤᠬᠠᠭ ᠡᠮ ᠪᠣᠯᠪᠠᠰᠤᠷᠠᠭᠤᠯᠳᠠᠭ ᠡᠳ᠋ ᠪᠣᠢ ᠃ 
       ᠤᠷᠲᠤ ᠤᠳᠠᠭᠠᠨ ᠵᠢᠯ ᠦ᠋ᠨ ᠠᠮᠢᠳᠤᠷᠠᠯ ᠤ᠋ᠨ ᠲᠤᠷᠰᠢᠯᠭ᠎ᠠ ᠠ᠋ᠴᠠ ᠦᠵᠡᠪᠡᠯ ᠂ ᠦᠬᠡᠷ ᠦ᠋ᠨ ᠠᠭᠤᠰᠬᠢ ᠶ᠋ᠢ ᠨᠢ ᠴᠢᠨᠠᠵᠤ ᠢᠳᠡᠬᠦ ᠶ᠋ᠢᠨ ᠵᠡᠷᠭᠡᠴᠡᠭᠡ ᠪᠡᠷ ᠱᠥᠯᠥ  ᠶ᠋ᠢ ᠨᠢ ᠤᠤᠭᠤᠪᠠᠯ ᠠᠭᠤᠰᠬᠢ ᠶ᠋ᠢᠨ ᠬᠠᠨᠢᠶᠠᠳᠤ ᠶ᠋ᠢ ᠵᠠᠰᠠᠨ᠎ᠠ ᠃ ᠦᠬᠡᠷ ᠦ᠋ᠨ ᠥᠯᠥᠨ ᠭᠡᠳᠡᠰᠦ ᠶ᠋ᠢ ᠨᠢ ᠴᠢᠨᠠᠵᠤ ᠢᠳᠡᠪᠡᠯ ᠱᠠᠮᠪᠠᠷᠠᠮ ᠤ᠋ᠨ ᠯᠡᠪᠡᠷᠬᠡᠢ ᠶ᠋ᠢ ᠠᠨᠠᠭᠠᠨ᠎ᠠ  ᠃ ᠦᠬᠡᠷ ᠦ᠋ᠨ ᠴᠢᠰᠤ ᠶ᠋ᠢ ᠬᠠᠭᠠᠷᠢᠵᠤ ᠢᠳᠡᠪᠡᠯ ᠰᠠᠭᠤᠯᠭᠠᠬᠤ ᠶ᠋ᠢ ᠵᠣᠭᠰᠣᠭᠠᠨ᠎ᠠ ᠃ ᠴᠢᠮᠥᠭᠡ ᠨᠢ ᠳᠤᠰᠤᠯ ᠢ᠋ ᠨᠥᠬᠥᠪᠥᠷᠢᠯᠡᠵᠦ ᠂ ᠠᠭᠤᠰᠬᠢ ᠶ᠋ᠢ  ᠵᠥᠭᠡᠯᠡᠷᠡᠭᠦᠯᠵᠦ ᠂ ᠳᠡᠯᠢᠭᠦᠦ ᠶ᠋ᠢᠨ ᠲᠠᠮᠢᠷ ᠢ᠋ ᠰᠠᠢᠵᠢᠷᠠᠭᠤᠯᠤᠨ᠎ᠠ ᠃ ᠬᠣᠳᠣᠭᠣᠳᠣ ᠨᠢ ᠲᠠᠪᠤᠨ ᠴᠤᠯᠤ ᠶ᠋ᠢ ᠲᠡᠭᠰᠢᠯᠡᠨ ᠂ ᠶᠠᠰᠤ ᠨᠢ ᠬᠠᠮᠠᠷ ᠤ᠋ᠨ ᠶᠠᠷ᠎ᠠ ᠶ᠋ᠢ ᠵᠠᠰᠠᠵᠤ  ᠂ ᠬᠣᠭᠢᠰᠣ ᠨᠢ ᠡᠮᠡᠭᠲᠡᠢ ᠬᠥᠮᠦᠨ ᠣ ᠤᠯᠠᠭᠠᠨ ᠴᠠᠭᠠᠨ ᠢ᠋ᠶ᠋ᠠᠷ ᠪᠠᠭᠤᠯᠭᠠᠬᠤ ᠶ᠋ᠢ ᠵᠠᠰᠠᠵᠤ ᠂ ᠰᠥᠰᠥ ᠨᠢ ᠰᠢᠷ᠎ᠠ ᠡᠪᠡᠳᠴᠢᠨ ᠂ ᠪᠣᠭᠣᠮ᠎ᠠ ᠬᠠᠪᠤᠳᠠᠷ ᠢ ᠵᠠᠰᠠᠵᠤ ᠂  ᠬᠠᠷᠪᠢᠰᠤ ( ᠭᠡᠭᠡᠰᠢ – ᠬᠣᠢᠲᠤᠬᠢ ) ᠨᠢ ᠡᠯᠢᠭᠡᠨ ᠦ᠌  ᠬᠠᠯᠠᠭᠤᠨ ᠢ᠋ ᠠᠷᠢᠯᠭᠠᠵᠤ ᠴᠢᠳᠠᠨ᠎ᠠ ᠭᠡᠵᠡᠢ᠃ 
ᠦᠬᠡᠷ ᠦ᠋ᠨ ᠥᠭᠡᠬᠦ  
       ᠲᠣᠰᠣ ᠶ᠋ᠢ ᠨᠢ ᠢᠳᠡᠬᠦ ᠡᠴᠡ ᠭᠠᠳᠠᠨ᠎ᠠ ᠦᠢᠯᠡᠳᠪᠦᠷᠢ ᠶ᠋ᠢᠨ ᠲᠦᠭᠦᠬᠡᠢ ᠡᠳ᠋ ᠪᠣᠯᠵᠤ ᠰᠠᠪᠤᠩ ᠂ ᠠᠮᠲᠠᠯᠢᠭ ᠲᠣᠰᠣ ᠂ ᠣᠯᠠᠨ ᠵᠦᠢᠯ ᠦ᠋ᠨ ᠥᠭᠡᠬᠦᠨ ᠬᠦᠴᠢᠯ ᠂ ᠭᠤᠯᠭᠤᠭᠤᠷ ᠲᠣᠰᠣ ᠵᠡᠷᠭᠡ ᠶ᠋ᠢ ᠬᠢᠵᠦ ᠪᠣᠢ᠃ 
ᠦᠬᠡᠷ ᠦ᠋ᠨ ᠰᠤᠷ 
       ᠦᠬᠡᠷ ᠦ᠋ᠨ ᠠᠷᠠᠰᠤ ᠪᠠᠷ ᠪᠣᠯᠪᠠᠰᠤᠷᠠᠭᠤᠯᠵᠤ ᠬᠢᠭᠰᠡᠨ ᠰᠤᠷ ᠪᠣᠯ ᠪᠥᠬᠡ ᠮᠥᠷᠲᠡᠭᠡᠨ ᠵᠥᠭᠡᠯᠡᠨ ᠡᠳ᠋ᠯᠡᠬᠦ ᠳ᠋ᠦ᠍ ᠤᠷᠠᠨ ᠵᠣᠬᠢᠮᠵᠢᠲᠠᠢ᠃ 
ᠦᠬᠡᠷ ᠦ᠋ᠨ ᠭᠢᠸᠠᠩ     ᠡᠮ ᠨᠠᠢᠷᠠᠯᠭ᠎ᠠ ᠶ᠋ᠢᠨ ᠦᠨᠡᠲᠦ ᠡᠷᠬᠢᠮ ᠡᠳ᠋᠃ 
ᠦᠬᠡᠷ ᠦ᠋ᠨ ᠰᠥᠰᠥ  
       ᠠᠩᠬᠠᠨ ᠳ᠋ᠠᠭᠠᠨ ᠡᠮ ᠦ᠋ᠨ ᠨᠠᠢᠷᠠᠯᠭ᠎ᠠ ᠳ᠋ᠤ᠌ ᠬᠡᠷᠡᠭᠯᠡᠵᠦ ᠰᠢᠷ᠎ᠠ ᠪᠣᠷᠣ ᠡᠪᠡᠳᠴᠢᠨ ᠪᠣᠯᠤᠨ ᠪᠣᠭᠣᠮ᠎ᠠ ᠬᠠᠪᠤᠳᠠᠷ ᠢ᠋ ᠵᠠᠰᠠᠵᠤ ᠪᠠᠢᠵᠠᠢ᠃ ᠣᠳᠣ  ᠤᠯᠤᠰ ᠠ᠋ᠴᠠ ᠶᠡᠬᠡ ᠪᠡᠷ ᠴᠤᠭᠯᠠᠭᠤᠯᠵᠤ ᠭᠢᠸᠠᠩ ᠵᠡᠷᠭᠡ ᠶ᠋ᠢᠨ ᠦᠨᠡᠲᠦ ᠵᠦᠢᠯ ᠢ᠋ ᠭᠠᠷᠭᠠᠨ ᠠᠪᠴᠤ ᠪᠣᠢ᠃ 
ᠦᠬᠡᠷ ᠦ᠋ᠨ ᠬᠢᠷᠵᠠᠩ  
       ᠡᠮ ᠨᠠᠢᠷᠠᠭᠤᠯᠵᠤ ᠡᠷ᠎ᠡ ᠪᠡᠯᠬᠡᠰ ᠦ᠋ᠨ ᠲᠠᠮᠢᠷ ᠢ᠋ ᠰᠠᠢᠵᠢᠷᠠᠭᠤᠯᠳᠠᠭ᠃ 
ᠦᠬᠡᠷ ᠦ᠋ᠨ ᠶᠠᠰᠤ  
       ᠦᠬᠡᠷ ᠦ᠋ᠨ ᠶᠠᠰᠤ ᠶ᠋ᠢ ᠢᠳᠡᠰᠢᠨ ᠦ᠌ ᠪᠤᠶᠤ ᠡᠮ ᠪᠠ ᠬᠢᠮᠢ ᠶ᠋ᠢᠨ ᠦᠢᠯᠡᠳᠪᠦᠷᠢ ᠳ᠋ᠦ᠍ ᠬᠡᠷᠡᠭᠯᠡᠳᠡᠭ ᠃ ᠡᠮ ᠦ᠋ᠨ ᠦᠢᠯᠡᠳᠪᠦᠷᠢ ᠳ᠋ᠦ᠍ ᠬᠥᠮᠦᠨ ᠦ᠌ ᠶᠠᠰᠤ  ᠶ᠋ᠢ ᠬᠠᠲᠠᠭᠤᠷᠠᠭᠤᠯᠬᠤ ᠲᠠᠷᠢᠯᠭ᠎ᠠ ᠶ᠋ᠢᠨ ᠡᠮ ᠨᠠᠢᠷᠠᠭᠤᠯᠤᠨ᠂ ᠤᠷᠭᠤᠯᠲᠠ ᠶ᠋ᠢᠨ ᠴᠢᠨᠠᠷᠲᠠᠢ ᠦᠶ᠎ᠡ ᠭᠡᠰᠢᠭᠦᠨ ᠦ᠌ ᠡᠪᠡᠳᠴᠢᠨ ᠪᠣᠯᠤᠨ ᠶᠠᠰᠤᠨ ᠤ᠋ ᠡᠪᠡᠳᠴᠢᠨ ᠢ᠋ ᠵᠠᠰᠠᠳᠠᠭ᠃ ᠪᠠᠰᠠ ᠬᠥᠮᠦᠨ ᠦ᠌ ᠪᠡᠶ᠎ᠡ ᠶ᠋ᠢᠨ ᠺᠠᠯᠼ ᠳᠤᠲᠠᠭᠳᠠᠬᠤ᠂ ᠬᠡᠦᠬᠡᠳ ᠦ᠋ᠨ ᠶᠠᠰᠤ ᠵᠥᠭᠡᠯᠡᠷᠡᠬᠦ ᠡᠪᠡᠳᠴᠢᠨ ᠢ᠋ ᠵᠠᠰᠠᠬᠤ ᠡᠮ ᠨᠠᠢᠷᠠᠭᠤᠯᠳᠠᠭ᠃ ᠦᠬᠡᠷ  ᠦ᠋ᠨ ᠶᠠᠰᠤᠨ ᠲᠠᠯᠬ᠎ᠠ ᠨᠢ ᠴᠢᠰᠤ ᠭᠠᠷᠬᠤ ᠪᠠ ᠰᠠᠭᠤᠯᠭᠠᠬᠤ ᠶ᠋ᠢ ᠵᠣᠭᠰᠣᠭᠠᠬᠤ ᠂ ᠴᠢᠰᠤᠨ ᠳᠠᠷᠤᠯᠲᠠ ᠶ᠋ᠢ ᠪᠠᠭᠤᠷᠠᠭᠤᠯᠬᠤ ᠦᠢᠯᠡᠳᠦᠯ ᠲᠡᠢ ᠪᠢᠯᠡ ᠃ ᠦᠬᠡᠷ ᠦ᠋ᠨ  ᠰᠢᠯᠪᠢ ᠪᠣᠯᠤᠨ ᠬᠠᠪᠢᠷᠭ᠎ᠠ ᠶ᠋ᠢᠨ ᠶᠠᠰᠤ ᠪᠠᠷ ᠭᠠᠷ ᠤᠷᠠᠯᠠᠯ ᠤ᠋ᠨ ᠦᠢᠯᠡᠳᠬᠦᠨ ᠬᠢᠵᠦ ᠂ ᠭᠠᠳᠠᠭᠠᠳᠤ ᠳᠣᠲᠣᠭᠠᠳᠤ ᠳ᠋ᠤ᠌ ᠥᠷᠭᠡᠨ ᠢ᠋ᠶ᠋ᠡᠷ ᠪᠣᠷᠣᠯᠠᠭᠤᠯᠤᠭᠳᠠᠵᠤ ᠪᠣᠢ  ᠃ ᠬᠢᠮᠢ ᠶ᠋ᠢᠨ ᠦᠢᠯᠡᠳᠪᠦᠷᠢ ᠭᠣᠣᠯᠳᠠᠭᠤ ᠶᠠᠰᠤᠨ ᠴᠠᠪᠠᠤ ᠪᠣᠯᠤᠨ ᠴᠠᠷᠳᠠᠮᠠᠯ ᠴᠠᠪᠠᠤ ᠬᠢᠵᠦ ᠂ ᠴᠡᠷᠢᠭ ᠦ᠋ᠨ ᠦᠢᠯᠡᠳᠪᠦᠷᠢ ᠂ ᠬᠦᠨᠳᠦ ᠬᠥᠩᠭᠡᠨ ᠠᠵᠤ  ᠦᠢᠯᠡᠳᠪᠦᠷᠢ ᠂ ᠬᠥᠳᠡᠭᠡ ᠠᠵᠤ ᠠᠬᠤᠢ ᠂ ᠭᠠᠷ ᠤᠷᠠᠯᠠᠯ ᠤ᠋ᠨ ᠦᠢᠯᠡᠳᠪᠦᠷᠢ ᠵᠡᠷᠭᠡ ᠳ᠋ᠦ᠍ ᠥᠷᠭᠡᠨ ᠳᠠᠯᠠᠢᠴᠠᠲᠠᠢ ᠬᠡᠷᠡᠭᠯᠡᠭᠳᠡᠵᠦ ᠪᠣᠢ ᠃ ᠲᠤᠬᠠᠢᠯᠠᠪᠠᠯ ᠂ ᠺᠢᠨᠣ᠋ ᠭᠡᠷᠡᠯ ᠵᠢᠷᠤᠭ ᠤ᠋ᠨ ᠢᠯᠲᠠᠰᠤ ᠂ X ᠰᠠᠴᠤᠷᠠᠭ ᠤ᠋ᠨ ᠭᠡᠷᠡᠯ ᠮᠡᠳᠡᠷᠡᠬᠦ ᠴᠠᠭᠠᠰᠤ ᠬᠢᠬᠦ ᠪᠥᠭᠡᠳ ᠭᠠᠳᠠᠷ ᠡᠮᠨᠡᠯᠭᠡ ᠳ᠋ᠦ᠍ ᠣᠷᠢᠶᠠᠯᠲᠠ ᠪᠣᠭᠣᠯᠲᠠ ᠬᠢᠨ᠎ᠡ ᠃  ᠡᠭᠦᠨᠴᠢᠯᠡᠨ ᠵᠢᠭᠠᠰᠤᠨ ᠡᠯᠢᠭᠡᠨ ᠲᠣᠰᠣᠨ ᠤ᠋ ᠷᠢᠯᠦ ᠁ ᠮᠡᠲᠦ ᠶ᠋ᠢᠨ ᠣᠯᠠᠨ ᠵᠦᠢᠯ ᠦ᠋ᠨ ᠡᠮ ᠦ᠋ᠨ ᠬᠠᠯᠢᠰᠤ ᠂ ᠡᠮ ᠦ᠋ᠨ ᠬᠠᠨᠳᠠ ᠵᠡᠷᠭᠡ ᠶ᠋ᠢ ᠬᠢᠳᠡᠭ ᠃  ᠮᠥᠨ ᠬᠥᠮᠦᠨ ᠦ᠌ ᠴᠢᠰᠤ ᠭᠣᠭᠣᠵᠢᠮᠠᠲᠠᠭᠠᠢ ᠡᠪᠡᠳᠴᠢᠨ ᠂ ᠶᠠᠭᠠᠨ ᠲᠣᠯᠪᠣᠲᠤ ᠡᠪᠡᠳᠴᠢᠨ ᠂ ᠨᠢᠯᠬᠠᠰ ᠤ᠋ᠨ ᠪᠠᠭᠠᠰᠤ ᠬᠠᠷᠠᠯᠠᠬᠤ ᠡᠪᠡᠳᠴᠢᠨ ᠂ ᠯᠤᠭᠰᠢᠭᠤᠨ ᠪᠠ  ᠨᠠᠮᠵᠢᠭᠤᠨ ᠰᠤᠳᠠᠯ ᠤ᠋ᠨ ᠡᠪᠡᠳᠴᠢᠨ ᠢ᠋ ᠴᠥᠮ ᠵᠠᠰᠠᠵᠤ ᠂ ᠣᠨᠴᠠᠭᠠᠢᠯᠠᠨ ᠴᠢᠰᠤ ᠭᠠᠷᠬᠤ ᠶ᠋ᠢ ᠵᠣᠭᠰᠣᠭᠠᠵᠤ ᠴᠢᠳᠠᠳᠠᠭ ᠴᠢᠳᠠᠯᠲᠠᠢ ᠵᠡᠷᠭᠡ 30  ᠭᠠᠷᠤᠢ ᠢᠵᠢᠯ  ᠲᠥᠷᠥᠯ ᠦ᠋ᠨ ᠮᠢᠩᠭ᠎ᠠ ᠭᠠᠷᠤᠢ ᠦᠢᠯᠡᠳᠬᠦᠨ ᠢ᠋ ᠦᠢᠯᠡᠳᠪᠦᠷᠢᠯᠡᠵᠦ ᠪᠠᠢᠨ᠎ᠠ᠃  
       ᠢᠳᠡᠭᠡᠨ ᠦ᠌ ᠦᠢᠯᠡᠳᠪᠦᠷᠢ ᠳ᠋ᠦ᠍ ᠥᠳᠬᠡᠨ ᠱᠥᠯᠥ ᠂ ᠮᠢᠬᠠᠨ  ᠬᠥᠯᠳᠡᠮᠡᠭ ᠂ ᠱᠸᠯᠡ ᠂ ᠮᠥᠬᠥᠯᠢᠭᠲᠦ ᠰᠢᠬᠢᠷ ᠂ ᠵᠥᠭᠡᠯᠡᠨ ᠰᠢᠬᠢᠷ ᠂ ᠭᠦᠨ ᠰᠢᠬᠢᠷ ᠂ ᠱᠣᠺᠣᠯᠠᠳ᠋ ᠰᠢᠬᠢᠷ ᠵᠡᠷᠭᠡ ᠬᠢᠬᠦ ᠡᠴᠡ ᠭᠠᠳᠠᠨ᠎ᠠ ᠠᠮᠲᠠᠲᠤ ᠵᠢᠶᠠᠩ ᠂ ᠪᠢᠩᠵᠢᠯᠢᠩ ᠂  ᠴᠢᠱᠦ᠋ᠢ ᠂  ᠫᠢᠸᠣ᠋ ᠵᠡᠷᠭᠡ ᠶ᠋ᠢ ᠬᠢᠬᠦ ᠳ᠋ᠦ᠍ ᠴᠦ᠍ ᠶᠠᠰᠤᠨ ᠤ᠋ ᠣᠷᠣᠯᠴᠠᠭ᠎ᠠ  ᠴᠢᠬᠤᠯᠠ ᠪᠠᠢᠳᠠᠭ ᠃ ᠦᠬᠡᠷ ᠦ᠋ᠨ ᠶᠠᠰᠤᠨ ᠤ᠋ ᠳᠠᠭᠠᠯᠲᠠ ᠪᠦᠲᠦᠭᠡᠭᠳᠡᠬᠦᠨ ᠡᠴᠡ ᠪᠠᠰᠠ ᠡᠳᠦᠢ ᠲᠡᠳᠦᠢ ᠦᠢᠯᠡᠳᠬᠦᠨ ᠢ᠋ ᠦᠢᠯᠡᠳᠪᠦᠷᠢᠯᠡᠳᠡᠭ ᠃ ᠨᠢᠭᠤᠷ ᠤ᠋ᠨ  ᠰᠠᠪᠤᠩ ᠂ ᠬᠤᠪᠴᠠᠰᠤ ᠤᠬᠢᠶᠠᠬᠤ ᠰᠠᠪᠤᠩ ᠂ ᠣᠯᠠᠨ ᠵᠦᠢᠯ ᠦ᠋ᠨ ᠨᠢᠭᠤᠷ ᠤ᠋ᠨ ᠲᠣᠰᠣ ᠬᠢᠳᠡᠭ ᠃ ᠪᠠᠰᠠ ᠰᠢᠭᠠᠷᠤᠭ ᠠ᠋ᠴᠠ ᠨᠢ ᠣ ᠂ ᠰᠦᠯᠢᠶᠣᠣ ᠶ᠋ᠢ ᠠᠭᠰᠢᠭᠠᠬᠤ  ᠡᠮ ᠂ ᠲᠠᠷᠢᠶᠠᠯᠠᠩ ᠤ᠋ᠨ ᠪᠣᠷᠳᠣᠭᠤᠷ ᠵᠡᠷᠭᠡ ᠶ᠋ᠢ ᠬᠢᠳᠡᠭ ᠃    
       ᠶᠠᠰᠤᠨ ᠴᠢᠮᠥᠭᠡ ᠶ᠋ᠢᠨ ᠲᠣᠰᠣ ᠬᠢᠭᠡᠳ ᠨᠤᠭᠤᠰᠤᠨ ᠲᠣᠰᠣ ᠨᠢ ᠶᠡᠬᠡ ᠬᠡᠮᠵᠢᠶᠡᠨ ᠦ᠌ ᠢᠯᠴᠢ ᠭᠠᠷᠭᠠᠬᠤ ᠥᠭᠡᠬᠦ ᠠᠭᠤᠯᠤᠭᠳᠠᠳᠠᠭ ᠪᠣᠯᠬᠣᠷ ᠬᠥᠮᠦᠨ ᠦ᠌ ᠠᠭᠤᠰᠬᠢ  ᠪᠥᠭᠡᠷ᠎ᠡ ᠶ᠋ᠢ ᠨᠥᠬᠥᠪᠥᠷᠢᠯᠡᠬᠦ ᠂ ᠦᠷ᠎ᠡ ᠶ᠋ᠢ ᠠᠷᠪᠢᠵᠢᠭᠤᠯᠤᠨ ᠲᠠᠮᠢᠷᠵᠢᠭᠤᠯᠬᠤ ᠡᠮ ᠢ᠋ ᠨᠠᠢᠷᠠᠭᠤᠯᠵᠤ ᠡᠪᠡᠳᠴᠢᠲᠡᠨ ᠢ᠋ ᠵᠠᠰᠠᠳᠠᠭ ᠃ ᠪᠠᠰᠠ ᠰᠢᠭᠡᠷᠡᠩ ᠢ᠋ ᠴᠦ᠍  ᠵᠠᠰᠠᠳᠠᠭ ᠃ ᠵᠢᠴᠢ ᠠᠷᠠᠰᠤ ᠮᠢᠬᠠᠨ ᠤ᠋ ᠣᠰᠴᠤ ᠬᠠᠭᠠᠷᠠᠬᠤ ᠶ᠋ᠢ ᠡᠮᠨᠡᠬᠦ ᠡᠮ ᠴᠦ᠍ ᠬᠢᠳᠡᠭ ᠃  
ᠦᠬᠡᠷ ᠦ᠋ᠨ ᠴᠢᠰᠤ  
       ᠦᠬᠡᠷ ᠦ᠋ᠨ ᠴᠢᠰᠤᠨ ᠳᠣᠲᠣᠷ᠎ᠠ ᠤᠭᠤᠷᠠᠭ ᠪᠠ ᠡᠷᠦᠳᠡᠰᠦ ᠪᠣᠳᠠᠰ ᠡᠯᠪᠡᠭ ᠠᠭᠤᠯᠤᠭᠳᠠᠵᠤ ᠢᠳᠡᠬᠦ ᠳ᠋ᠦ᠍ ᠠᠮᠠᠷᠬᠠᠨ ᠰᠢᠩᠭᠡᠳᠡᠭ ᠃ ᠮᠥᠨ ᠡᠮ ᠦ᠋ᠨ ᠪᠠ ᠬᠢᠮᠢ ᠶ᠋ᠢᠨ ᠦᠢᠯᠡᠳᠪᠦᠷᠢ ᠳ᠋ᠦ᠍ ᠥᠷᠭᠡᠨ ᠢ᠋ᠶ᠋ᠡᠷ ᠬᠡᠷᠡᠭᠯᠡᠳᠡᠭ ᠲᠦᠭᠦᠬᠡᠢ ᠮᠠᠲ᠋ᠧᠷᠢᠶᠠᠯ ᠪᠣᠯᠠᠢ ᠃  
       ᠢᠳᠡᠭᠡᠨ ᠦ᠌ ᠦᠢᠯᠡᠳᠪᠦᠷᠢ ᠳ᠋ᠦ᠍ ᠴᠢᠰᠤᠨ ᠡᠭᠡᠳᠡᠮᠡᠭ ᠂ ᠴᠢᠳᠬᠤᠮᠠᠯ ᠭᠡᠳᠡᠰᠦ ᠂ ᠰᠢᠬᠢᠷ ᠂ ᠪᠣᠭᠣᠷᠰᠣᠭ ᠂ ᠭᠤᠸᠠᠨᠲᠤᠤ ᠵᠡᠷᠭᠡ ᠳ᠋ᠦ᠍ ᠴᠢᠬᠤᠯᠠ ᠮᠠᠲᠸᠷᠢᠶᠠᠯ ᠪᠣᠯᠭᠠᠵᠤ ᠪᠣᠢ ᠃  
       ᠬᠢᠮᠢ ᠶ᠋ᠢᠨ ᠦᠢᠯᠡᠳᠪᠦᠷᠢ ᠳ᠋ᠦ᠍ ᠰᠢᠭᠡᠬᠦ ᠡᠷᠬᠡᠲᠡᠨ ᠦ᠌ ᠰᠢᠷᠬᠠᠯᠠᠭ᠎ᠠ ᠂ ᠴᠢᠰᠤ ᠳᠤᠲᠠᠬᠤ ᠡᠪᠡᠳᠴᠢᠨ ᠢ᠋ ᠵᠠᠰᠠᠬᠤ ᠡᠮ ᠬᠢᠳᠡᠭ ᠪᠥᠭᠡᠳ ᠪᠠᠰᠠ ᠬᠡᠦᠬᠡᠳ ᠪᠠᠭᠠᠴᠤᠳ ᠤ᠋ᠨ ᠪᠣᠢᠵᠢᠯᠲᠠ ᠶ᠋ᠢ ᠰᠠᠢᠵᠢᠷᠠᠭᠤᠯᠬᠤ ᠬᠣᠷᠭᠣᠭᠴᠢ ᠰᠢᠪᠲᠦᠷᠲᠦ ᠬᠦᠴᠢᠯ ᠢ᠋ ᠬᠢᠳᠡᠭ ᠃ ᠪᠠᠰᠠ ᠭᠠᠯ ᠤᠨᠲᠠᠷᠠᠭᠠᠬᠤ ᠡᠮ ᠪᠣᠯᠤᠨ ᠬᠥᠭᠡᠰᠦᠷᠡᠭᠦᠯᠬᠦ ᠡᠮ ᠦᠢᠯᠡᠳᠪᠦᠷᠢᠯᠡᠳᠡᠭ ᠪᠥᠭᠡᠳ ᠲᠡᠵᠢᠭᠡᠯ ᠪᠣᠷᠳᠣᠭ᠎ᠠ ᠬᠢᠬᠦ ᠂ ᠲᠠᠷᠢᠶᠠᠯᠠᠩ ᠤ᠋ᠨ ᠪᠣᠷᠳᠣᠭᠤᠷ ᠬᠢᠵᠦ ᠲᠠᠷᠢᠶᠠᠨ ᠤ᠋ ᠤᠷᠭᠤᠯᠲᠠ ᠶ᠋ᠢ ᠰᠠᠢᠵᠢᠷᠠᠭᠤᠯᠳᠠᠭ ᠃ ᠵᠠᠰᠠᠭ᠎ᠠ    ᠪᠤᠬ᠎ᠠ ᠶ᠋ᠢᠨ ᠦᠷ᠎ᠡ ᠪᠣᠯᠪᠠᠰᠤᠷᠠᠭᠤᠯᠬᠤ ᠡᠷᠬᠡᠲᠡᠨ ᠮᠥᠨ᠃ ᠲᠡᠭᠦᠨ ᠢ᠋ ᠢᠳᠡᠳᠡᠭ ᠡᠴᠡ ᠭᠠᠳᠠᠨ᠎ᠠ ᠡᠮ ᠦ᠋ᠨ ᠦᠢᠯᠡᠳᠪᠦᠷᠢ ᠳ᠋ᠦ᠍ ᠴᠢᠬᠤᠯᠠ ᠬᠡᠷᠡᠭᠯᠡᠳᠡᠭ ᠃  ᠲᠡᠭᠦᠨ ᠢ᠋ᠶ᠋ᠡᠷ ᠨᠠᠢᠷᠠᠭᠤᠯᠤᠭᠰᠠᠨ ᠡᠮ ᠨᠢ ᠬᠥᠮᠦᠨ ᠦ᠌ ᠮᠡᠳᠡᠷᠡᠯ ᠮᠠᠭᠤᠳᠠᠬᠤ ᠂ ᠡᠷᠲᠡ ᠥᠲᠡᠯᠬᠦ ᠂ ᠡᠷᠡᠭᠲᠡᠢᠴᠦᠳ ᠦ᠋ᠨ ᠪᠡᠯᠭᠡ ᠶ᠋ᠢᠨ ᠡᠷᠬᠡᠲᠡᠨ ᠦ᠌ ᠠᠵᠢᠯᠯᠠᠭ᠎ᠠ  ᠳᠣᠷᠣᠢᠲᠠᠬᠤ ᠵᠡᠷᠭᠡ ᠡᠪᠡᠳᠴᠢᠨ ᠢ᠋ ᠵᠠᠰᠠᠳᠠᠭ᠃ 
ᠳᠠᠯᠠᠩ 
       ᠦᠨᠢᠶᠡᠨ ᠳ᠋ᠦ᠍ ᠪᠠᠢᠳᠠᠭ ᠃ ᠳᠠᠯᠠᠩ ᠢ᠋ ᠠᠪᠴᠤ ᠴᠡᠪᠡᠷᠯᠡᠭᠡᠳ ᠦᠨᠦᠷ ᠠᠮᠲᠠ ᠣᠷᠣᠭᠤᠯᠬᠤ ᠮᠠᠲ᠋ᠧᠷᠢᠶᠠᠯ ᠬᠢᠵᠦ ᠬᠠᠭᠤᠷᠴᠤ ᠢᠳᠡᠪᠡᠯ ᠳᠡᠭᠡᠳᠦ ᠵᠡᠷᠭᠡ ᠶ᠋ᠢᠨ  ᠰᠢᠮ᠎ᠡ ᠲᠡᠵᠢᠭᠡᠯᠲᠡᠢ ᠬᠠᠴᠢᠨ ᠰᠠᠢᠬᠠᠨ ᠦᠨᠦᠷ ᠠᠮᠲᠠᠲᠠᠢ ᠢᠳᠡᠭᠡᠨ ᠪᠣᠯᠳᠠᠭ᠃ 
ᠰᠡᠭᠦᠯ 
       ᠦᠬᠡᠷ ᠦ᠋ᠨ ᠰᠡᠭᠦᠯ ᠦ᠋ᠨ ᠬᠢᠯᠭᠠᠰᠤ ᠨᠢ ᠦᠢᠯᠡᠳᠪᠦᠷᠢ ᠳ᠋ᠦ᠍ ᠲᠦᠭᠦᠬᠡᠢ ᠮᠠᠲ᠋ᠧᠷᠢᠶᠠᠯ ᠪᠣᠯᠵᠤ ᠠᠷᠠᠰᠤ ᠨᠢ ᠴᠠᠪᠠᠤ ᠪᠤᠶᠤ ᠪᠣᠷᠳᠣᠭᠤᠷ ᠬᠢᠬᠦ ᠳ᠋ᠦ᠍ ᠴᠢᠬᠤᠯᠠᠴᠢᠯᠠᠭᠳᠠᠵᠤ᠂ ᠰᠡᠭᠦᠯ ᠦ᠋ᠨ ᠮᠢᠬ᠎ᠠ ᠨᠢ ᠰᠢᠮ᠎ᠡ ᠲᠡᠵᠢᠭᠡᠯ ᠰᠠᠢᠲᠠᠢ ᠂ ᠰᠠᠢᠬᠠᠨ ᠰᠣᠳᠣᠨ ᠦᠨᠦᠷ ᠠᠮᠲᠠᠲᠠᠢ ᠂ ᠳᠡᠯᠡᠬᠡᠢ ᠳᠡᠭᠡᠷ᠎ᠡ ᠬᠣᠪᠣᠷᠬᠠᠨ ᠣᠯᠳᠠᠳᠠᠭ ᠦᠬᠡᠷ ᠦ᠋ᠨ ᠰᠡᠭᠦᠯ ᠦ᠋ᠨ  ᠭᠤᠸᠠᠨᠲᠤᠤ ᠬᠢᠬᠦ ᠳ᠋ᠦ᠍ ᠬᠡᠷᠡᠭᠯᠡᠵᠦ ᠪᠣᠢ ᠃ ᠥᠪᠡᠷ ᠲᠡᠭᠡᠨ ᠴᠢᠨᠠᠵᠤ ᠢᠳᠡᠬᠦ ᠳ᠋ᠦ᠍ ᠴᠦ᠍ ᠰᠠᠢᠬᠠᠨ ᠶᠤᠮ᠃ 
ᠰᠥᠰᠥ  
       ᠦᠬᠡᠷ ᠦ᠋ᠨ ᠰᠥᠰᠥ ᠂ ᠡᠮ ᠦ᠋ᠨ ᠦᠢᠯᠡᠳᠪᠦᠷᠢ ᠳ᠋ᠦ᠍ ᠴᠢᠬᠤᠯᠠ ᠲᠦᠭᠦᠬᠡᠢ ᠮᠠᠲ᠋ᠧᠷᠢᠶᠠᠯ ᠢ᠋ ᠬᠤᠷᠢᠶᠠᠵᠤ ᠪᠣᠢ ᠃ ᠲᠡᠭᠦᠨ ᠢ᠋ᠶ᠋ᠡᠷ ᠨᠠᠢᠷᠠᠭᠤᠯᠤᠭᠰᠠᠨ ᠡᠮ ᠨᠢ  ᠬᠥᠮᠦᠨ ᠦ᠌ ᠲᠥᠪ ᠮᠡᠳᠡᠷᠡᠯ ᠪᠠ ᠤᠯᠠᠭᠠᠨ ᠂ ᠴᠠᠭᠠᠨ ᠬᠣᠭᠣᠯᠠᠢ ᠂ ᠡᠷᠭᠢᠯᠲᠡ ᠶ᠋ᠢᠨ ᠰᠢᠰᠲᠧᠮ ᠢ᠋ ᠮᠢᠨᠴᠦᠷᠡᠭᠦᠯᠬᠦ ᠂ ᠰᠢᠩᠭᠡᠯᠲᠡ ᠶ᠋ᠢ ᠲᠦᠷᠭᠡᠳᠬᠡᠬᠦ᠂ ᠬᠣᠳᠣᠭᠣᠳᠣᠨ ᠤ᠋ ᠠᠵᠢᠯᠯᠠᠭ᠎ᠠ ᠮᠠᠭᠤᠳᠠᠬᠤ ᠂ ᠬᠣᠷᠭᠣᠰᠣᠯᠠᠬᠤ ᠶ᠋ᠢ ᠵᠠᠰᠠᠨ᠎ᠠ ᠃ ᠪᠠᠰᠠ ᠬᠣᠣᠷ ᠢ᠋ ᠲᠠᠢᠯᠵᠤ ᠬᠠᠪᠤᠳᠠᠷ ᠢ᠋ ᠬᠠᠷᠢᠭᠤᠯᠬᠤ ᠂ ᠡᠯᠢᠭᠡ ᠨᠢᠳᠦ ᠶ᠋ᠢ  ᠰᠡᠷᠢᠭᠦᠳᠬᠡᠨ ᠭᠡᠭᠡᠷᠡᠭᠦᠯᠬᠦ  ᠂ ᠰᠥᠰᠥ ᠶ᠋ᠢ ᠬᠠᠮᠠᠭᠠᠯᠠᠬᠤ ᠵᠡᠷᠭᠡ ᠦᠢᠯᠡᠳᠦᠯ ᠲᠡᠢ ᠡᠮ ᠢ᠋ ᠦᠢᠯᠡᠳᠪᠦᠷᠢᠯᠡᠵᠦ ᠪᠠᠢᠳᠠᠭ᠃ 
ᠰᠥᠰᠥᠨ ᠦ᠌ ᠰᠢᠭᠦᠰᠦ  
       ᠰᠥᠰᠥᠨ ᠭᠡᠷ ᠳᠣᠲᠣᠷ᠎ᠠ ᠬᠠᠳᠠᠭᠠᠯᠠᠭᠳᠠᠵᠤ ᠪᠠᠢᠳᠠᠭ ᠰᠢᠷᠠᠪᠲᠤᠷ ᠨᠣᠭᠣᠭᠠᠨ ᠥᠩᠭᠡᠲᠡᠢ ᠰᠢᠩᠭᠡᠨ ᠢ᠋ ᠰᠢᠭᠦᠰᠦ ᠭᠡᠳᠡᠭ ᠃ ᠣᠳᠣ ᠰᠥᠰᠥᠨ ᠦ᠌  ᠰᠢᠭᠦᠰᠦ ᠶ᠋ᠢ ᠠᠪᠴᠤ ᠡᠮ ᠨᠠᠢᠷᠠᠭᠤᠯᠤᠭᠠᠳ ᠰᠢᠷ᠎ᠠ ᠬᠢᠵᠢᠭ ᠂ ᠪᠠᠭᠠᠰᠤ ᠬᠠᠲᠠᠬᠤ ᠂ ᠰᠢᠭᠡᠷᠡᠩ ᠂ ᠡᠯᠢᠭᠡᠨ ᠦ᠌ ᠬᠠᠯᠠᠭᠤᠨ ᠂ ᠨᠢᠳᠦᠨ ᠡᠪᠡᠳᠴᠢᠨ ᠂ ᠬᠡᠦᠬᠡᠳ ᠦ᠋ᠨ  ᠵᠠᠭᠤᠷᠠᠬᠤ ᠡᠪᠡᠳᠴᠢᠨ ᠪᠠ ᠬᠡᠦᠬᠡᠳ ᠦ᠋ᠨ ᠵᠠᠭᠤ ᠬᠣᠨᠣᠭ ᠤ᠋ᠨ ᠬᠠᠨᠢᠶᠠᠳᠤ ᠂ ᠱᠠᠮᠪᠠᠷᠠᠮ ᠂ ᠰᠢᠷᠭᠤᠯᠵᠢᠨ ᠬᠠᠲᠠᠭᠢ ᠵᠡᠷᠭᠡ ᠡᠪᠡᠳᠴᠢᠨ ᠢ᠋ ᠵᠠᠰᠠᠳᠠᠭ ᠃ ᠢᠯᠠᠩᠭᠤᠶ᠎ᠠ ᠬᠢᠲᠠᠳ ᠡᠮ ᠦ᠋ᠨ ᠵᠣᠷ ᠲᠤ᠌ ᠨᠡᠩ ᠴᠢᠬᠤᠯᠠ ᠪᠣᠯᠵᠤ ᠪᠣᠢ᠃ 
ᠰᠥᠰᠥᠨ ᠭᠡᠷ  
       ᠰᠥᠰᠥᠨ ᠰᠢᠩᠭᠡᠨ ᠠᠬᠤᠭᠤᠯᠵᠤ ᠪᠣᠢ ᠭᠠᠳᠠᠭᠤᠷᠬᠢ ᠬᠠᠯᠢᠰᠤ ᠶ᠋ᠢ ᠨᠢ ᠰᠥᠰᠥᠨ ᠭᠡᠷ ᠭᠡᠳᠡᠭ ᠃ ᠰᠥᠰᠥᠨ ᠭᠡᠷ ᠢ᠋ ᠬᠢᠮᠢ ᠶ᠋ᠢᠨ ᠪᠠ ᠡᠮ ᠦ᠋ᠨ ᠦᠢᠯᠡᠳᠪᠦᠷᠢ  ᠳ᠋ᠦ᠍ ᠴᠢᠬᠤᠯᠠ ᠲᠦᠭᠦᠬᠡᠢ ᠮᠠᠲ᠋ᠧᠷᠢᠶᠠᠯ ᠢ᠋ᠶ᠋ᠠᠷ ᠬᠡᠷᠡᠭᠯᠡᠵᠦ ᠪᠣᠢ ᠃ ᠬᠢᠮᠢ ᠶ᠋ᠢᠨ ᠦᠢᠯᠡᠳᠪᠦᠷᠢ ᠳ᠋ᠦ᠍ ᠰᠥᠰᠥᠨ ᠭᠡᠷ ᠢ᠋ ᠨᠢ ᠨᠤᠯᠭᠤ ᠴᠢᠨᠠᠭᠠᠳ ᠠᠵᠤ ᠦᠢᠯᠡᠳᠪᠦᠷᠢ ᠳ᠋ᠦ᠍  ᠬᠡᠷᠡᠭᠯᠡᠬᠦ ᠲᠣᠰᠣ ᠬᠢᠳᠡᠭ ᠃ ᠡᠮ ᠦ᠋ᠨ ᠦᠢᠯᠡᠳᠪᠦᠷᠢ ᠳ᠋ᠦ᠍ ᠭᠣᠣᠯᠳᠠᠭᠤ ᠸᠢᠼᠢᠯᠢᠨ ᠬᠠᠨᠳᠠ ᠪᠣᠯᠪᠠᠰᠤᠷᠠᠭᠤᠯᠵᠤ ᠪᠣᠢ᠃ 
ᠵᠢᠷᠦᠬᠡ   
       ᠦᠬᠡᠷ ᠦ᠋ᠨ ᠵᠢᠷᠦᠬᠡ ᠶ᠋ᠢ ᠬᠥᠮᠦᠨ ᠢᠳᠡᠬᠦ ᠡᠴᠡ ᠭᠠᠳᠠᠨ᠎ᠠ᠂ ᠭᠣᠣᠯᠳᠠᠭᠤ ᠡᠮ ᠨᠠᠢᠷᠠᠭᠤᠯᠬᠤ ᠳ᠋ᠤ᠌ ᠬᠡᠷᠡᠭᠯᠡᠨ᠎ᠡ ᠃ ᠨᠠᠢᠷᠠᠭᠤᠯᠤᠭᠰᠠᠨ ᠡᠮ ᠨᠢ ᠬᠥᠮᠦᠨ ᠦ᠌ ᠲᠠᠷᠢᠬᠢᠨ ᠳ᠋ᠤ᠌ ᠬᠦᠴᠢᠯᠳᠦᠷᠦᠭᠴᠢ ᠳᠤᠲᠠᠭᠳᠠᠬᠤ ᠶ᠋ᠢ ᠵᠠᠰᠠᠵᠤ ᠂ ᠨᠡᠭᠦᠷᠡᠰᠦᠳᠦᠷᠦᠭᠴᠢ ᠶ᠋ᠢᠨ ᠳᠠᠩ ᠢᠰᠦᠯ ᠦ᠋ᠨ ᠬᠣᠣᠷᠲᠠᠭᠳᠠᠯ ᠢ᠋ ᠲᠠᠢᠯᠳᠠᠭ᠃ 
ᠦᠩᠬᠦᠯᠴᠡᠭ  
       ᠦᠬᠡᠷ ᠦ᠋ᠨ ᠵᠢᠷᠦᠬᠡ ᠶ᠋ᠢ ᠪᠦᠷᠬᠦᠵᠦ ᠪᠠᠢᠭ᠎ᠠ ᠨᠢᠮᠭᠡᠨ ᠬᠠᠯᠢᠰᠤ ᠪᠣᠯᠤᠨ᠎ᠠ᠃ ᠡᠭᠦᠨ ᠢ᠋ᠶ᠋ᠡᠷ ᠡᠮᠨᠡᠯᠭᠡ ᠶ᠋ᠢᠨ ᠬᠢᠨ ᠵᠢᠷᠦᠬᠡᠨ ᠲᠣᠯᠲᠣ ᠨᠢ ᠭᠡᠮᠲᠦᠭᠰᠡᠨ ᠬᠥᠮᠦᠨ  ᠣ ᠵᠢᠷᠦᠬᠡᠨ ᠲᠣᠯᠲᠣ ᠶ᠋ᠢ ᠨᠢ ᠰᠣᠯᠢᠵᠤ ᠥᠭᠳᠡᠭ᠃ 
ᠤᠯᠠᠭᠠᠨ ᠰᠤᠳᠠᠯ ᠤ᠋ᠨ ᠴᠣᠷᠭᠣ  
       ᠵᠢᠷᠦᠬᠡᠨ ᠦ᠌ ᠭᠣᠣᠯ ᠰᠤᠳᠠᠯ ᠢ᠋ ᠬᠡᠯᠡᠨ᠎ᠡ ᠃ ᠡᠭᠦᠨ ᠢ᠋ᠶ᠋ᠡᠷ ᠥᠭᠡᠬᠦ ᠬᠠᠢᠯᠤᠭᠤᠯᠬᠤ ᠲᠠᠷᠢᠯᠭ᠎ᠠ ᠶ᠋ᠢᠨ ᠡᠮ ᠢ᠋ ᠨᠠᠢᠷᠠᠭᠤᠯᠳᠠᠭ ᠶᠤᠮ᠃ 
ᠡᠯᠢᠭᠡ  
       ᠦᠬᠡᠷ ᠦ᠋ᠨ ᠡᠯᠢᠭᠡ ᠶ᠋ᠢ ᠬᠥᠮᠦᠨ ᠢᠳᠡᠬᠦ ᠡᠴᠡ ᠭᠠᠳᠠᠨ᠎ᠠ ᠂ ᠡᠮ ᠨᠠᠢᠷᠠᠭᠤᠯᠭ᠎ᠠ ᠳ᠋ᠤ᠌ ᠬᠡᠷᠡᠭᠯᠡᠳᠡᠭ ᠶᠦ᠍ᠮ ᠃ ᠨᠠᠢᠷᠠᠭᠤᠯᠤᠭᠰᠠᠨ ᠡᠮ ᠨᠢ ᠡᠯᠢᠭᠡ ᠶ᠋ᠢ  ᠠᠮᠤᠷᠵᠢᠭᠤᠯᠬᠤ ᠲᠠᠷᠢᠯᠭ᠎ᠠ ᠶ᠋ᠢᠨ ᠡᠮ ᠂ ᠡᠯᠢᠭᠡᠨ ᠦ᠌ ᠬᠠᠨᠳᠠ ᠂ ᠠᠭᠤᠰᠤᠮᠠᠲᠠᠭᠠᠢ ᠡᠯᠢᠭᠡᠨ ᠦ᠌ ᠡᠳ᠋ ᠨᠠᠢᠷᠠᠭᠤᠯᠵᠤ ᠡᠯᠢᠭᠡᠨ ᠦ᠌ ᠦᠷᠪᠢᠰᠦᠯ ᠂ ᠬᠠᠲᠠᠭᠤᠷᠠᠯ ᠵᠡᠷᠭᠡ ᠶ᠋ᠢ ᠵᠠᠰᠠᠨ᠎ᠠ ᠃ ᠪᠠᠰᠠ ᠦᠬᠡᠷ ᠦ᠋ᠨ ᠬᠠᠮᠠᠭᠤ ᠶ᠋ᠢ ᠵᠠᠰᠠᠳᠠᠭ᠃  
ᠠᠭᠤᠰᠬᠢ  
       ᠦᠬᠡᠷ ᠦ᠋ᠨ ᠠᠭᠤᠰᠬᠢ ᠶ᠋ᠢ ᠬᠥᠮᠦᠨ ᠢᠳᠡᠬᠦ ᠪᠥᠭᠡᠳ ᠪᠠᠰᠠ ᠡᠮ ᠨᠠᠢᠷᠠᠭᠤᠯᠭ᠎ᠠ ᠳ᠋ᠤ᠌ ᠣᠷᠣᠭᠤᠯᠵᠤ ᠪᠣᠯᠤᠨ᠎ᠠ᠃ ᠠᠭᠤᠰᠬᠢ ᠡᠴᠡ ᠡᠯᠢᠭᠡᠨ ᠨᠠᠲᠷᠢ  ᠢᠯᠭᠠᠷᠠᠭᠤᠯᠤᠨ ᠠᠪᠴᠤ ᠬᠥᠮᠦᠨ ᠦ᠌ ᠴᠢᠰᠤᠨ ᠡᠭᠡᠳᠡᠷᠡᠯ ᠢ᠋ ᠳᠠᠷᠤᠵᠤ ᠂ ᠴᠢᠰᠤᠨ ᠪᠦᠯᠦᠭᠯᠡᠯ ᠢ᠋ ᠬᠣᠷᠢᠭᠯᠠᠨ᠂ ᠵᠢᠷᠦᠬᠡᠨ ᠲᠢᠲᠢᠮᠯᠢᠭ ᠡᠪᠡᠳᠴᠢᠨ ᠢ᠋ ᠵᠠᠰᠠᠳᠠᠭ᠃  ᠵᠢᠴᠢ ᠴᠢᠰᠤ ᠡᠭᠡᠳᠡᠭᠦᠯᠦᠭᠴᠢ ᠫᠡᠺᠲᠧᠷᠲᠦ ᠢᠰᠦᠯ ᠢ᠋ ᠳᠠᠷᠤᠬᠤ ᠡᠮ ᠢ᠋ ᠨᠠᠢᠷᠠᠭᠤᠯᠵᠤ ᠂ ᠬᠥᠮᠦᠨ ᠦ᠌ ᠨᠣᠢᠷ ᠤ᠋ᠨ ᠨᠡᠭᠡᠳᠡᠰᠦᠨ ᠦ᠌ ᠢᠯᠵᠠᠷᠠᠯᠲᠠ ᠶ᠋ᠢ ᠵᠠᠰᠠᠵᠤ ᠪᠣᠢ᠃  
ᠳᠡᠯᠢᠭᠦᠦ 
       ᠦᠬᠡᠷ ᠦ᠋ᠨ ᠳᠡᠯᠢᠭᠦᠦ ᠮᠥᠨ ᠡᠮ ᠨᠠᠢᠷᠠᠭᠤᠯᠭ᠎ᠠ ᠶ᠋ᠢᠨ ᠲᠦᠭᠦᠬᠡᠢ ᠡᠳ᠋ ᠪᠣᠯᠤᠨ᠎ᠠ᠃ ᠳᠡᠯᠢᠭᠦᠦ ᠪᠡᠷ ᠨᠠᠢᠷᠠᠭᠤᠯᠤᠭᠰᠠᠨ ᠡᠮ ᠨᠢ ᠬᠥᠮᠦᠨ ᠦ᠌ ᠴᠢᠰᠤ ᠶ᠋ᠢ ᠨᠥᠬᠥᠬᠦ᠂ ᠰᠢᠩᠭᠡᠯᠲᠡ ᠶ᠋ᠢ ᠰᠠᠢᠵᠢᠷᠠᠭᠤᠯᠬᠤ᠂ ᠭᠠᠳᠠᠭᠰᠢᠯᠠᠭᠤᠯᠬᠤ ᠳ᠋ᠤ᠌ ᠲᠤᠰᠠᠯᠠᠬᠤ ᠦᠢᠯᠡᠳᠦᠯ ᠲᠡᠢ᠃ 
ᠨᠣᠢᠷ  
       ᠦᠬᠡᠷ ᠦ᠋ᠨ ᠨᠣᠢᠷ ᠢ᠋ᠶ᠋ᠠᠷ ᠡᠮ ᠦ᠋ᠨ ᠦᠢᠯᠡᠳᠪᠦᠷᠢ ᠢᠰᠦᠯᠢᠨ ᠡᠳ᠋ ᠲᠡᠢ ᠡᠮ ᠨᠠᠢᠷᠠᠭᠤᠯᠳᠠᠭ᠃ ᠡᠨᠡ ᠨᠢ ᠰᠢᠬᠢᠷ ᠰᠢᠵᠢᠩ ᠡᠪᠡᠳᠴᠢᠨ᠂ ᠰᠣᠯᠢᠶ᠎ᠠ ᠡᠪᠡᠳᠴᠢᠨ ᠢ ᠵᠠᠰᠠᠨ᠎ᠠ᠃ ᠪᠠᠰᠠ ᠴᠢᠰᠤᠨ ᠰᠢᠭᠦᠷᠡᠯ  ᠢ ᠠᠬᠢᠭᠤᠯᠬᠤ ᠮᠢᠬ᠎ᠠ ᠤᠷᠭᠤᠭᠤᠯᠬᠤ ᠡᠮ ᠬᠢᠳᠡᠭ᠃ 
ᠡᠪᠴᠢᠭᠦᠨ ᠦ᠌ ᠪᠤᠯᠴᠢᠷᠬᠠᠢ 
       ᠡᠪᠴᠢᠭᠦᠨ ᠪᠤᠯᠴᠢᠷᠬᠠᠢ ᠪᠣᠯ ᠦᠬᠡᠷ ᠦ᠋ᠨ ᠡᠪᠴᠢᠭᠦᠨ ᠬᠥᠨᠳᠡᠢ ᠂ ᠵᠢᠷᠦᠬᠡᠨ ᠳᠡᠭᠡᠳᠦ ᠲᠠᠯ᠎ᠠ ᠳ᠋ᠤ᠌ ᠮᠥᠭᠡᠷᠰᠦᠨ ᠬᠣᠭᠣᠯᠠᠢ ᠲᠠᠢ ᠨᠠᠭᠠᠯᠳᠤᠵᠤ ᠪᠠᠢᠳᠠᠭ ᠪᠥᠭᠡᠳ ᠤᠯᠠᠭᠠᠪᠲᠤᠷ ᠪᠤᠶᠤ ᠴᠠᠭᠠᠨ ᠥᠩᠭᠡᠲᠡᠢ ᠪᠠᠢᠳᠠᠭ᠃ ᠡᠨᠡ ᠨᠢ ᠨᠢᠭᠡ ᠰᠢᠭᠦᠷᠡᠯ ᠦ᠋ᠨ ᠴᠣᠷᠭᠣ ᠲᠠᠢ ᠂ ᠭᠣᠣᠯ ᠨᠢ ᠨᠢᠭᠡ ᠮᠥᠷᠲᠡᠭᠡᠨ ᠬᠣᠶᠠᠷ ᠰᠠᠯᠠᠭ᠎ᠠ ᠬᠠᠪᠲᠠᠭᠠᠢ ᠬᠡᠯᠡ ᠲᠡᠢ ᠪᠣᠯᠠᠢ᠃ ᠡᠭᠦᠨ ᠢ᠋ᠶ᠋ᠡᠷ ᠡᠮ ᠨᠠᠢᠷᠠᠭᠤᠯᠪᠠᠯ ᠬᠠᠪᠤᠳᠠᠷ ᠂ ᠨᠣᠢᠲᠠᠨ ᠬᠠᠮᠠᠭᠤ ᠂ ᠤᠯᠠᠭᠠᠨ ᠲᠣᠯᠪᠣᠲᠤ ᠴᠢᠨᠣ᠎ᠠ ᠶ᠋ᠢᠨ ᠶᠠᠷ᠎ᠠ ᠵᠡᠷᠭᠡ ᠶ᠋ᠢ ᠡᠳᠡᠭᠡᠷᠡᠭᠦᠯᠳᠡᠭ᠃ 
ᠬᠣᠳᠣᠭᠣᠳᠣᠨ ᠤ᠋ ᠰᠠᠯᠢᠰᠤᠲᠤ ᠪᠦᠷᠬᠦᠪᠴᠢ   
       ᠬᠣᠳᠣᠭᠣᠳᠣᠨ ᠤ᠋ ᠰᠠᠯᠢᠰᠤᠲᠤ ᠪᠦᠷᠬᠦᠪᠴᠢ ᠶ᠋ᠢ ᠠᠪᠴᠤ ᠡᠮ ᠨᠠᠢᠷᠠᠭᠤᠯᠵᠤ ᠬᠥᠮᠦᠨ ᠦ᠌ ᠰᠢᠩᠭᠡᠯᠲᠡ ᠮᠠᠭᠤᠳᠠᠬᠤ ᠶ᠋ᠢ ᠵᠠᠰᠠᠵᠤ ᠪᠣᠯᠳᠠᠭ᠃ ᠪᠠᠰᠠ ᠡᠮ ᠨᠠᠢᠷᠠᠭᠤᠯᠵᠤ ᠬᠥᠮᠦᠨ ᠦ᠌ ᠬᠣᠳᠣᠭᠣᠳᠣ ᠪᠠ ᠨᠤᠭᠤᠯᠤᠭᠤᠷ ᠭᠡᠳᠡᠰᠦᠨ ᠦ᠌ ᠢᠯᠵᠠᠷᠠᠮᠠᠯ ᠦᠷᠪᠢᠰᠦᠯ ᠢ᠋ ᠵᠠᠰᠠᠳᠠᠭ᠃ 
ᠬᠣᠳᠣᠭᠣᠳᠣᠨ ᠤ᠋ ᠵᠠᠩᠭᠢᠷᠠᠭ᠎ᠠ  
       ᠬᠠᠶᠠ ᠵᠠᠷᠢᠮ ᠦᠬᠡᠷ ᠦ᠋ᠨ ᠬᠣᠳᠣᠭᠣᠳᠣᠨ ᠳ᠋ᠤ᠌ ᠵᠠᠩᠭᠢᠷᠠᠭ᠎ᠠ ᠪᠦᠷᠢᠯᠳᠦᠭᠰᠡᠨ ᠪᠠᠢᠵᠤ ᠮᠡᠳᠡᠨ᠎ᠡ ᠃ ᠡᠨᠡ ᠨᠢ ᠮᠥᠨ ᠴᠦ᠍ ᠭᠢᠸᠠᠩ  ᠲᠠᠢ ᠠᠳᠠᠯᠢ ᠬᠢᠲᠠᠳ᠂ ᠮᠣᠩᠭᠣᠯ ᠡᠮ ᠦ᠋ᠨ ᠨᠠᠢᠷᠠᠭᠤᠯᠭ᠎ᠠ ᠳ᠋ᠤ᠌ ᠬᠣᠪᠣᠷ ᠴᠤᠬᠠᠭ ᠲᠦᠭᠦᠬᠡᠢ ᠮᠠᠲ᠋ᠧᠷᠢᠶᠠᠯ ᠪᠣᠯᠤᠨ᠎ᠠ ᠃ ᠡᠭᠦᠨ ᠢ᠋ᠶ᠋ᠡᠷ ᠨᠠᠢᠷᠠᠭᠤᠯᠤᠭᠰᠠᠨ ᠡᠮ ᠨᠢ ᠬᠥᠮᠦᠨ ᠦ᠌ ᠰᠡᠳᠬᠢᠯ ᠰᠠᠨᠠᠭ᠎ᠠ ᠶ᠋ᠢ ᠲᠣᠭᠲᠠᠪᠤᠷᠢᠵᠢᠭᠤᠯᠤᠨ ᠂ ᠣᠭᠰᠢᠵᠤ ᠪᠥᠭᠡᠯᠵᠢᠬᠦ ᠶ᠋ᠢ ᠵᠣᠭᠰᠣᠭᠠᠬᠤ ᠬᠦᠴᠦᠨ ᠲᠡᠢ ᠪᠣᠯᠬᠣᠷ ᠤᠯᠠᠭᠠᠨ ᠬᠣᠭᠣᠯᠠᠢ ᠶ᠋ᠢᠨ ᠥᠮᠡᠨ ᠂ ᠬᠥᠯᠭᠡ ᠣᠩᠭᠣᠴᠠ ᠂ ᠲᠡᠷᠭᠡᠨ ᠳ᠋ᠦ᠍ ᠰᠠᠭᠤᠵᠤ ᠪᠥᠭᠡᠯᠵᠢᠰᠦ ᠬᠦᠷᠬᠦ ᠶ᠋ᠢ ᠰᠡᠷᠭᠡᠢᠯᠡᠵᠦ ᠴᠢᠳᠠᠨ᠎ᠠ᠃ 
ᠪᠥᠭᠡᠷ᠎ᠡ  
       ᠦᠬᠡᠷ ᠦ᠋ᠨ ᠪᠥᠭᠡᠷ᠎ᠡ ᠨᠢ ᠬᠥᠮᠦᠨ ᠢᠳᠡᠬᠦ ᠳ᠋ᠦ᠍ ᠠᠮᠲᠠᠲᠠᠢ ᠪᠥᠭᠡᠳ ᠮᠥᠨ ᠡᠮ ᠦᠢᠯᠡᠳᠪᠦᠷᠢᠯᠡᠬᠦ ᠳ᠋ᠦ᠍ ᠳᠤᠲᠠᠭᠳᠠᠵᠤ ᠪᠣᠯᠣᠰᠢ ᠦᠭᠡᠢ ᠨᠢᠭᠡᠨ ᠲᠦᠭᠦᠬᠡᠢ ᠮᠠᠲ᠋ᠧᠷᠢᠶᠠᠯ ᠪᠣᠯᠤᠨ᠎ᠠ᠃ ᠡᠮ ᠨᠠᠢᠷᠠᠭᠤᠯᠳᠠᠭ ᠃ 
ᠪᠥᠭᠡᠷ᠎ᠡ ᠳᠡᠭᠡᠷᠡᠬᠢ ᠪᠤᠯᠴᠢᠷᠬᠠᠢ 
       ᠦᠬᠡᠷ ᠦ᠋ᠨ ᠪᠥᠭᠡᠷ᠎ᠡ ᠶ᠋ᠢᠨ ᠥᠭᠡᠬᠦᠨ ᠳᠣᠲᠣᠷ᠎ᠠ ᠪᠠᠭᠯᠠᠭᠳᠠᠵᠤ ᠪᠠᠢᠭ᠎ᠠ ᠴᠣᠷᠭᠣ ᠦᠭᠡᠢ ᠵᠢᠵᠢᠭ ᠤᠯᠠᠭᠠᠨ ᠬᠦᠷᠡᠩ ᠬᠠᠪᠲᠠᠭᠠᠢᠯᠢᠭ᠋ ᠬᠠᠲᠠᠭᠤ ᠶᠠᠭᠤᠮ᠎ᠠ ᠪᠢᠯᠡ ᠃ ᠡᠨᠡ ᠨᠢ ᠢᠬᠡᠷ᠎ᠡ ᠪᠠᠢᠳᠠᠭ᠃ ᠪᠠᠷᠠᠭᠤᠨ ᠰᠦᠪᠡᠭᠡᠨ ᠦ᠌ ᠪᠤᠯᠴᠢᠷᠬᠠᠢ ᠨᠢ ᠪᠠᠷᠠᠭᠤᠨ ᠪᠥᠭᠡᠷᠡᠨ ᠦ᠌ ᠡᠮᠦᠨ᠎ᠡ ᠦᠵᠦᠭᠦᠷ ᠲᠦ᠍  ᠣᠷᠣᠰᠢᠵᠤ ᠂ ᠬᠠᠲᠠᠭᠤᠷᠠᠪᠠᠯ ᠱᠣᠪᠣᠭᠣᠷ ᠪᠣᠯᠴᠢᠬᠠᠳᠠᠭ ᠃ ᠵᠡᠭᠦᠨ ᠰᠦᠪᠡᠭᠡᠨ ᠦ᠌ ᠪᠤᠯᠴᠢᠷᠬᠠᠢ ᠨᠢ ᠠᠷᠤ ᠬᠣᠩᠭᠢᠯ ᠤ᠋ᠨ ᠬᠥᠬᠡ ᠰᠤᠳᠠᠯ ᠤ᠋ᠨ ᠳᠣᠲᠣᠷ᠎ᠠ ᠠᠷᠤ ᠪᠠᠷ   ᠢ᠋ᠶ᠋ᠠᠨ ᠬᠠᠯᠢᠰᠤᠲᠤ ᠤᠯᠠᠭᠠᠨ ᠰᠤᠳᠠᠯ ᠲᠠᠢ ᠬᠣᠯᠪᠣᠭᠳᠠᠵᠤ ᠭᠤᠷᠪᠠᠯᠵᠢᠨ ᠪᠤᠶᠤ ᠡᠰᠡᠬᠦᠯ᠎ᠡ ᠱᠣᠪᠣᠭᠣᠷ ᠬᠡᠯᠪᠡᠷᠢ ᠪᠡᠷ ᠪᠠᠢᠳᠠᠭ ᠃ ᠡᠭᠦᠨ ᠢ᠋ᠶ᠋ᠡᠷ ᠨᠠᠢᠷᠠᠭᠤᠯᠤᠭᠰᠠᠨ ᠡᠮ  ᠨᠢ ᠬᠥᠮᠦᠨ ᠦ᠌ ᠵᠢᠷᠦᠬᠡ ᠶ᠋ᠢ ᠴᠢᠩᠭᠠᠷᠠᠭᠤᠯᠵᠤ᠂ ᠠᠮᠢᠰᠬᠤᠭ᠎ᠠ ᠴᠢᠬᠤᠯᠳᠠᠬᠤ ᠪᠠ ᠲᠦᠷᠭᠡᠨ ᠬᠠᠷᠰᠢᠮᠠᠲᠠᠭᠠᠢ ᠤᠷᠪᠠᠯ ᠢ᠋ ᠵᠠᠰᠠᠳᠠᠭ ᠃ ᠪᠠᠰᠠ ᠨᠢᠭᠡ ᠵᠦᠢᠯ ᠦ᠋ᠨ  ᠨᠠᠢᠷᠠᠭᠤᠯᠭ᠎ᠠ ᠨᠢ ᠪᠥᠭᠡᠷ᠎ᠡ ᠶ᠋ᠢᠨ ᠡᠪᠡᠳᠴᠢᠨ ᠢ᠋ ᠵᠠᠰᠠᠳᠠᠭ᠃ 
ᠭᠦᠵᠡᠭᠡ  
       ᠦᠬᠡᠷ ᠦ᠋ᠨ ᠭᠦᠵᠡᠭᠡ ᠶ᠋ᠢ ᠬᠥᠮᠦᠨ ᠢᠳᠡᠳᠡᠭ ᠪᠥᠭᠡᠳ ᠨᠡᠩ ᠴᠢᠬᠤᠯᠠ ᠨᠢ ᠠᠵᠤ ᠦᠢᠯᠡᠳᠪᠦᠷᠢ ᠳ᠋ᠦ᠍ ᠬᠡᠷᠡᠭᠯᠡᠨ ᠴᠠᠭ ᠠᠭᠤᠷ ᠤ᠋ᠨ ᠬᠡᠮᠵᠢᠭᠦᠷ ᠦ᠋ᠨ ᠪᠠᠭᠠᠵᠢ ᠪᠠ ᠲᠤᠷᠰᠢᠯᠲᠠ ᠶ᠋ᠢᠨ ᠨᠠᠷᠢᠨ ᠰᠢᠯᠭᠠᠭᠤᠷ ᠬᠢᠳᠡᠭ ᠃ ᠪᠠᠰᠠ ᠠᠩᠬᠢᠯᠤᠮ᠎ᠠ ᠦᠨᠦᠷᠲᠡᠢ ᠬᠣᠪᠣᠷ ᠴᠤᠬᠠᠭ ᠭᠣᠶᠣᠯᠠᠯ ᠴᠢᠮᠡᠭᠯᠡᠯ ᠦ᠋ᠨ ᠡᠳ᠋ ᠬᠢᠬᠦ ᠡᠴᠡ ᠭᠠᠳᠠᠨ᠎ᠠ ᠢᠳᠡᠭᠡᠨ ᠤᠮᠳᠠᠭᠠᠨ ᠤ᠋ ᠦᠢᠯᠡᠳᠪᠦᠷᠢ ᠳ᠋ᠦ᠍ ᠴᠦ᠍ ᠬᠡᠷᠡᠭᠯᠡᠵᠦ ᠪᠠᠢᠳᠠᠭ᠃ 
ᠮᠤᠬᠤᠷ ᠣᠯᠣᠭᠠᠢ  
       ᠦᠬᠡᠷ ᠦ᠋ᠨ ᠮᠤᠬᠤᠷ ᠣᠯᠣᠭᠠᠢ ᠶ᠋ᠢ ᠰᠠᠢᠲᠤᠷ ᠴᠡᠪᠡᠷᠯᠡᠭᠡᠳ ᠴᠢᠳᠬᠤᠮᠠᠯ ᠭᠡᠳᠡᠰᠦ ᠬᠢᠳᠡᠭ ᠃ 
ᠪᠦᠳᠦᠭᠦᠨ ᠂ ᠨᠠᠷᠢᠨ ᠭᠡᠳᠡᠰᠦ  
       ᠦᠬᠡᠷ ᠦ᠋ᠨ ᠪᠦᠳᠦᠭᠦᠨ᠂ ᠨᠠᠷᠢᠨ ᠭᠡᠳᠡᠰᠦ ᠶ᠋ᠢ ᠴᠢᠳᠬᠤᠵᠤ ᠢᠳᠡᠳᠡᠭ ᠡᠴᠡ ᠭᠠᠳᠠᠨ᠎ᠠ ᠢᠳᠡᠭᠡᠨ ᠤᠮᠳᠠᠭᠠᠨ ᠤ᠋ ᠦᠢᠯᠡᠳᠪᠦᠷᠢ ᠳ᠋ᠦ᠍ ᠴᠢᠳᠬᠤᠮᠠᠯ ᠮᠢᠬᠠᠨ ᠭᠡᠳᠡᠰᠦ ᠬᠢᠳᠡᠭ᠃ 
ᠥᠨᠳᠡᠭᠡᠪᠴᠢ  
       ᠥᠨᠳᠡᠭᠡᠪᠴᠢ ᠪᠣᠯ ᠦᠨᠢᠶᠡᠨ ᠳ᠋ᠦ᠍ ᠪᠠᠢᠳᠠᠭ᠃ ᠬᠡᠪᠡᠯᠢ ᠶ᠋ᠢᠨ ᠬᠣᠶᠠᠷ ᠲᠠᠯ᠎ᠠ ᠳ᠋ᠤ᠌ ᠲᠤᠰ ᠪᠦᠷᠢ ᠨᠢᠭᠡ ᠪᠠᠢᠬᠤ ᠪᠥᠭᠡᠳ ᠪᠠᠷᠤᠭ ᠨᠢ ᠵᠥᠭᠡᠢ ᠶ᠋ᠢᠨ ᠡᠭᠦᠷ ᠲᠡᠢ ᠲᠥᠰᠦᠭᠡᠲᠡᠢ᠂ ᠶᠠᠭᠠᠨ ᠥᠩᠭᠡᠲᠡᠢ ᠪᠠᠢᠳᠠᠭ ᠃ ᠡᠭᠦᠨ ᠢ᠋ᠶ᠋ᠡᠷ ᠡᠮ ᠨᠠᠢᠷᠠᠭᠤᠯᠵᠤ ᠡᠮᠡᠭᠲᠡᠢ ᠬᠥᠮᠦᠨ ᠦ᠌ ᠬᠡᠪᠡᠯᠢ ᠠᠭᠰᠢᠵᠤ ᠰᠤᠯᠠᠷᠠᠬᠤ ᠶ᠋ᠢ ᠵᠠᠰᠠᠨ᠎ᠠ ᠃ 
ᠬᠠᠷᠪᠢᠰᠤ  
       ᠪᠠᠰᠠ ᠭᠡᠭᠡᠰᠢ ᠭᠡᠳᠡᠭ ᠃ ᠡᠨᠡ ᠨᠢ ᠦᠨᠢᠶᠡᠨ ᠳ᠋ᠦ᠍ ᠯᠡ ᠪᠠᠢᠳᠠᠭ᠃ ᠡᠨᠡ ᠪᠣᠯ ᠦᠨᠢᠶᠡᠨ ᠦ᠌ ᠬᠡᠪᠡᠯᠢ ᠳᠣᠲᠣᠷ᠎ᠠ ᠦᠷ᠎ᠡ ᠲᠣᠭᠲᠠᠵᠤ ᠲᠤᠭᠤᠯ ᠪᠣᠢᠵᠢᠵᠤ ᠪᠠᠢᠭ᠎ᠠ ᠰᠠᠪᠠ ᠮᠥᠨ᠃ ᠡᠭᠦᠨ ᠢ᠋ᠶ᠋ᠡᠷ ᠨᠠᠢᠷᠠᠭᠤᠯᠤᠭᠰᠠᠨ ᠡᠮ ᠨᠢ ᠬᠥᠮᠦᠨ ᠦ᠌ ᠵᠢᠷᠦᠬᠡ ᠠᠭᠤᠰᠬᠢ ᠶ᠋ᠢ ᠲᠠᠮᠢᠷᠵᠢᠭᠤᠯᠵᠤ ᠂ ᠰᠠᠨᠠᠭ᠎ᠠ ᠰᠡᠳᠬᠢᠯ ᠢ᠋ ᠠᠮᠤᠷᠵᠢᠭᠤᠯᠬᠤ ᠴᠢᠳᠠᠯᠲᠠᠢ ᠪᠠᠢᠳᠠᠭ᠃ ᠲᠤᠬᠠᠢᠯᠠᠪᠠᠯ ᠬᠦᠢᠲᠡᠨ ᠬᠥᠯᠥᠰᠥ ᠭᠠᠷᠬᠤ ᠂ ᠲᠠᠮᠢᠷᠳᠠᠬᠤ ᠂ ᠲᠤᠷᠠᠬᠤ ᠂ ᠡᠷ᠎ᠡ ᠬᠥᠮᠦᠨ ᠦ᠌ ᠪᠡᠯᠭᠡ ᠶ᠋ᠢᠨ ᠡᠷᠬᠡᠲᠡᠨ ᠦ᠌ ᠠᠵᠢᠯᠯᠠᠭ᠎ᠠ ᠳᠣᠷᠣᠢᠲᠠᠬᠤ ᠂ ᠳᠤᠰᠤᠯ ᠠᠯᠳᠠᠬᠤ ᠠᠮᠢᠰᠬᠤᠭᠠᠳᠠᠬᠤ ᠂ ᠡᠮᠡᠭᠲᠡᠢᠴᠦᠳ ᠦ᠋ᠨ ᠰᠦ ᠳᠤᠲᠠᠬᠤ ᠂ ᠵᠢᠷᠮᠦᠰᠦᠯᠡᠬᠦ ᠦᠭᠡᠢ ᠵᠡᠷᠭᠡ ᠡᠪᠡᠳᠴᠢᠨ ᠢ᠋ ᠵᠠᠰᠠᠳᠠᠭ ᠃ ᠪᠠᠰᠠ ᠡᠮᠡᠭᠲᠡᠢ ᠬᠥᠮᠦᠨ ᠦ᠌ ᠪᠡᠯᠭᠡ ᠶ᠋ᠢᠨ ᠡᠷᠬᠡᠲᠡᠨ ᠦ᠌ ᠪᠣᠢᠵᠢᠯᠲᠠ ᠭᠦᠢᠴᠡᠳ ᠦᠭᠡᠢ ᠪᠣᠯᠬᠤ ᠂ ᠰᠠᠷ᠎ᠠ ᠶ᠋ᠢᠨ ᠬᠬᠢᠷ ᠲᠡᠩᠴᠡᠭᠦᠷᠢ ᠦᠭᠡᠢ ᠪᠣᠯᠬᠤ ᠂ ᠴᠢᠰᠤ ᠪᠠᠭᠤᠯᠭᠠᠬᠤ ᠂ ᠭᠡᠳᠡᠰᠦ ᠡᠪᠡᠳᠬᠦ ᠵᠡᠷᠭᠡ ᠶ᠋ᠢ ᠵᠠᠰᠠᠳᠠᠭ ᠪᠥᠭᠡᠳ ᠬᠠᠮᠠᠷ ᠤ᠋ᠨ ᠦᠷᠪᠢᠰᠦᠯ ᠂ ᠰᠠᠯᠪᠤᠷᠢ ᠮᠥᠭᠡᠷᠰᠦᠨ ᠬᠣᠭᠣᠯᠠᠢ ᠶ᠋ᠢᠨ ᠦᠷᠪᠢᠰᠦᠯ ᠂ ᠬᠢᠲᠤᠭ᠎ᠠ ᠶ᠋ᠢᠨ ᠰᠣᠷᠪᠢ  ᠶ᠋ᠢᠨ ᠬᠠᠲᠠᠭᠤᠷᠠᠯ ᠵᠡᠷᠭᠡ ᠶ᠋ᠢ ᠴᠦ᠍ ᠵᠠᠰᠠᠨ᠎ᠠ᠃ 
ᠳᠠᠪᠤᠰᠠᠩ 
       ᠦᠬᠡᠷ ᠦ᠋ᠨ ᠳᠠᠪᠤᠰᠠᠩ ᠢ᠋ ᠡᠯᠳᠡᠵᠦ ᠪᠣᠯᠪᠠᠰᠤᠷᠠᠭᠤᠯᠤᠭᠰᠠᠨ ᠤ᠋ ᠳᠠᠷᠠᠭ᠎ᠠ ᠤᠰᠤᠨ ᠤ᠋ ᠰᠠᠪᠠ ᠪᠤᠶᠤ ᠠᠶᠠᠯᠠᠨ ᠵᠣᠷᠴᠢᠭᠴᠢ ᠶ᠋ᠢᠨ ᠬᠦᠨᠡᠰᠦᠨ ᠦ᠌ ᠬᠠᠲᠠᠭᠠᠭᠰᠠᠨ ᠮᠢᠬ᠎ᠠ ᠬᠢᠵᠦ ᠪᠣᠯᠳᠠᠭ᠃ 
ᠳᠠᠪᠤᠰᠠᠩ ᠤ᠋ᠨ ᠴᠢᠯᠠᠭᠤᠵᠢᠯ 
       ᠳᠠᠪᠤᠰᠠᠩ ᠳᠣᠲᠣᠷ᠎ᠠ ᠬᠠᠶᠠ ᠳ᠋ᠠᠭᠠᠨ ᠴᠢᠯᠠᠭᠤᠵᠢᠯ ᠪᠦᠷᠢᠯᠳᠦᠭᠰᠡᠨ ᠲᠣᠬᠢᠶᠠᠯᠳᠤᠳᠠᠭ᠃ ᠳᠠᠪᠤᠰᠠᠩ ᠤ᠋ᠨ ᠴᠢᠯᠠᠭᠤᠵᠢᠯ ᠨᠢ ᠪᠠᠰᠠ ᠨᠢᠭᠡ  ᠶᠣᠰᠣᠨ ᠤ᠋ ᠭᠢᠸᠠᠩ ᠲᠠᠢ ᠠᠳᠠᠯᠢ ᠮᠣᠩᠭᠣᠯ ᠂ ᠬᠢᠲᠠᠳ ᠡᠮ ᠦ᠋ᠨ ᠨᠠᠢᠷᠠᠯᠭ᠎ᠠ ᠶ᠋ᠢᠨ ᠴᠢᠬᠤᠯᠠ ᠮᠠᠲ᠋ᠧᠷᠢᠶᠠᠯ ᠪᠣᠯᠤᠨ᠎ᠠ ᠃ ᠡᠭᠦᠨ ᠢ᠋ᠶ᠋ᠡᠷ ᠨᠠᠢᠷᠠᠭᠤᠯᠤᠭᠰᠠᠨ ᠡᠮ ᠨᠢ  ᠰᠢᠩᠭᠡᠯᠲᠡ ᠶ᠋ᠢ ᠰᠠᠢᠵᠢᠷᠠᠭᠤᠯᠵᠤ ᠂ ᠬᠠᠪᠤᠳᠠᠷ ᠢ᠋ ᠲᠠᠷᠬᠠᠭᠠᠨ ᠭᠡᠳᠡᠰᠦ ᠬᠥᠭᠡᠭᠡᠬᠦ ᠶ᠋ᠢ ᠵᠠᠰᠠᠬᠤ ᠴᠢᠳᠠᠯᠲᠠᠢ ᠶ᠋ᠢᠨ ᠤᠴᠢᠷ ᠰᠢᠭᠡᠰᠦ ᠬᠣᠷᠢᠭᠳᠠᠬᠤ ᠶ᠋ᠢ ᠵᠠᠰᠠᠳᠠᠭ ᠃ 
ᠦᠷ᠎ᠡ ᠶ᠋ᠢᠨ ᠰᠢᠩᠭᠡᠨ ᠪᠤᠯᠴᠢᠷᠬᠠᠢ 
       ᠡᠨᠡ ᠨᠢ ᠦᠬᠡᠷ ᠦ᠋ᠨ ᠰᠢᠭᠡᠬᠦ ᠰᠦᠪᠡ ᠶ᠋ᠢᠨ ᠳᠡᠭᠡᠳᠦ ᠦᠵᠦᠭᠦᠷ ᠦ᠋ᠨ ᠠᠷᠤ ᠳ᠋ᠤ᠌ ᠪᠠᠢᠬᠤ ᠪᠥᠭᠡᠳ ᠴᠣᠷᠭᠣ ᠨᠢ ᠰᠢᠭᠡᠬᠦ ᠰᠦᠪᠡ ᠶ᠋ᠢᠨ  ᠳᠣᠣᠷ᠎ᠠ ᠲᠠᠯ᠎ᠠ ᠲᠠᠢ ᠨᠡᠢᠯᠡᠵᠦ ᠪᠠᠢᠳᠠᠭ᠃ ᠡᠭᠦᠨ ᠢ᠋ᠶ᠋ᠡᠷ ᠡᠮ ᠨᠠᠢᠷᠠᠭᠤᠯᠵᠤ ᠡᠮᠡᠭᠲᠡᠢ ᠬᠥᠮᠦᠨ ᠦ᠌ ᠬᠡᠦᠬᠡᠳ ᠭᠠᠷᠬᠤ ᠶ᠋ᠢ ᠲᠦᠷᠭᠡᠳᠬᠡᠬᠦ ᠳ᠋ᠦ᠍ ᠤᠤᠭᠤᠯᠭᠠᠬᠤ ᠪᠤᠶᠤ  ᠡᠮᠡᠭᠲᠡᠢᠴᠦᠳ ᠦ᠋ᠨ ᠦᠷ᠎ᠡ ᠲᠣᠭᠲᠠᠬᠤ ᠶ᠋ᠢ ᠬᠣᠷᠢᠭᠯᠠᠬᠤ ᠳ᠋ᠤ᠌ ᠤᠤᠭᠤᠯᠭᠠᠳᠠᠭ᠃ 

ᠰᠢᠯᠢ  
       ᠦᠬᠡᠷ ᠦ᠋ᠨ ᠰᠢᠯᠢ ᠪᠡᠷ ᠦᠢᠯᠡᠳᠪᠦᠷᠢ ᠳ᠋ᠦ᠍ ᠲᠣᠣᠷ ᠪᠥᠮᠪᠥᠭᠡ ᠪᠣᠯᠤᠨ ᠥᠲᠥᠨ ᠪᠥᠮᠪᠥᠭᠡ ᠶ᠋ᠢᠨ ᠰᠠᠪᠠᠭᠤᠷ ᠤ᠋ᠨ ᠥᠭᠡᠰᠢ ᠬᠢᠳᠡᠭ ᠶᠦ᠍ᠮ ᠃ ᠡᠨᠡ ᠨᠢ ᠪᠥᠬᠡ ᠮᠥᠷᠲᠡᠭᠡᠨ ᠬᠠᠷᠢᠮᠠᠭ ᠴᠢᠨᠠᠷᠲᠠᠢ ᠪᠠᠢᠳᠠᠭ᠃ 
ᠰᠢᠨᠳᠠᠰᠤ  
       ᠦᠬᠡᠷ ᠦ᠋ᠨ ᠰᠢᠨᠳᠠᠰᠤ ᠪᠣᠯ ᠦᠬᠡᠷ ᠦ᠋ᠨ ᠠᠷᠤ ᠴᠣᠬᠣ ᠠ᠋ᠴᠠ ᠬᠦᠵᠦᠭᠦᠦ ᠳᠠᠭᠠᠤ ᠦᠷᠭᠦᠯᠵᠢᠯᠡᠵᠦ ᠰᠡᠭᠡᠷ ᠦ᠋ᠨ ᠡᠮᠦᠨ᠎ᠡ ᠦᠵᠦᠭᠦᠷ ᠬᠦᠷᠲᠡᠯ᠎ᠡ ᠪᠠᠢᠭ᠎ᠠ ᠰᠢᠷᠪᠥᠰᠥᠯᠢᠭ ᠡᠳ᠋ ᠪᠣᠯᠤᠨ᠎ᠠ ᠃ ᠡᠭᠦᠨ ᠢ᠋ᠶ᠋ᠡᠷ ᠪᠠᠭᠠᠵᠢ ᠬᠡᠷᠡᠭᠰᠡᠯ ᠵᠡᠷᠭᠡ ᠶᠠᠮᠠᠷ ᠨᠢᠭᠡᠨ ᠶᠠᠭᠤᠮ᠎ᠠ ᠶ᠋ᠢ ᠣᠷᠢᠶᠠᠬᠤ ᠪᠣᠭᠣᠬᠤ ᠳ᠋ᠤ᠌ ᠬᠡᠷᠡᠭᠯᠡᠪᠡᠯ ᠶᠡᠬᠡ ᠰᠠᠢᠨ ᠂ ᠪᠥᠬᠡ ᠪᠠᠢᠳᠠᠭ᠃ 
ᠮᠥᠭᠡᠷᠰᠦᠨ ᠬᠣᠭᠣᠯᠠᠢ ᠂ ᠲᠥᠪᠥᠩᠬᠡᠢ 
       ᠡᠨᠡ ᠨᠢ ᠦᠬᠡᠷ ᠦ᠋ᠨ ᠬᠦᠵᠦᠭᠦᠨ ᠦ᠌ ᠳᠣᠣᠭᠤᠷ ᠤᠯᠠᠭᠠᠨ ᠬᠣᠭᠣᠯᠠᠢ ᠲᠠᠢ ᠬᠠᠮᠲᠤ ᠣᠷᠣᠰᠢᠬᠤ ᠪᠥᠭᠡᠳ ᠡᠮ ᠦ᠋ᠨ ᠦᠢᠯᠡᠳᠪᠦᠷᠢ  ᠳ᠋ᠦ᠍ ᠶᠡᠬᠡ ᠬᠡᠷᠡᠭᠴᠡᠭᠡᠲᠡᠢ ᠃ ᠨᠠᠢᠷᠠᠭᠤᠯᠤᠭᠰᠠᠨ ᠡᠮ ᠨᠢ ᠬᠥᠮᠦᠨ ᠣ ᠲᠣᠯᠣᠭᠠᠢ ᠡᠪᠡᠳᠬᠦ᠂ ᠮᠡᠳᠡᠷᠡᠯ ᠡᠪᠡᠳᠬᠦ ᠂ ᠡᠯ᠎ᠡ ᠵᠦᠢᠯ ᠦ᠋ᠨ ᠡᠯᠢᠭᠡᠨ ᠦ᠌ ᠦᠷᠪᠢᠰᠦᠯ ᠂ ᠯᠤᠭᠰᠢᠭᠤᠨ ᠰᠤᠳᠠᠯ ᠤ᠋ᠨ ᠡᠪᠡᠳᠴᠢᠨ ᠂ ᠴᠢᠰᠤᠨ ᠠᠭᠰᠢᠯᠲᠠ ᠶ᠋ᠢ ᠵᠠᠰᠠᠬᠤ ᠪᠥᠭᠡᠳ ᠥᠲᠡᠯᠬᠦ ᠶ᠋ᠢ ᠤᠳᠠᠭᠠᠰᠢᠷᠠᠭᠤᠯᠬᠤ ᠦᠢᠯᠡᠳᠦᠯ ᠲᠡᠢ᠃ 
ᠪᠠᠮᠪᠠᠢ ᠪᠤᠯᠴᠢᠷᠬᠠᠢ  
       ᠦᠬᠡᠷ ᠦ᠋ᠨ ᠮᠥᠭᠡᠷᠰᠦᠨ ᠬᠣᠭᠣᠯᠠᠢ ᠲᠠᠢ ᠬᠣᠯᠪᠣᠯᠳᠤᠵᠤ ᠪᠠᠢᠳᠠᠭ ᠃ ᠪᠠᠮᠪᠠᠢ ᠪᠤᠯᠴᠢᠷᠬᠠᠢ ᠨᠢ ᠮᠥᠭᠡᠷᠰᠦᠨ ᠬᠣᠭᠣᠯᠠᠢ ᠶ᠋ᠢᠨ ᠬᠣᠶᠠᠷ ᠬᠠᠵᠠᠭᠤ ᠳ᠋ᠤ᠌ ᠲᠤᠰ ᠪᠦᠷᠢ ᠨᠢᠭᠡ ᠪᠠᠢᠵᠤ ᠂  ᠬᠦᠷᠡᠩ ᠤᠯᠠᠭᠠᠨ ᠥᠩᠭᠡᠲᠡᠢ ᠪᠠᠢᠳᠠᠭ᠃ ᠡᠮ ᠦ᠋ᠨ ᠦᠢᠯᠡᠳᠪᠦᠷᠢ ᠮᠥᠨ ᠡᠮ ᠨᠠᠢᠷᠠᠭᠤᠯᠭ᠎ᠠ ᠳ᠋ᠤ᠌ ᠬᠡᠷᠡᠭᠯᠡᠵᠦ ᠂ ᠪᠠᠮᠪᠠᠢ ᠪᠤᠯᠴᠢᠷᠬᠠᠢ ᠶ᠋ᠢᠨ ᠠᠵᠢᠯᠯᠠᠭ᠎ᠠ ᠮᠠᠭᠤᠳᠠᠭᠰᠠᠨ ᠡᠪᠡᠳᠴᠢᠨ ᠢ᠋ ᠵᠠᠰᠠᠳᠠᠭ᠃ 
ᠪᠠᠮᠪᠠᠢ ᠪᠤᠯᠴᠢᠷᠬᠠᠢ ᠶ᠋ᠢᠨ ᠬᠠᠵᠠᠭᠤ ᠶ᠋ᠢᠨ ᠪᠤᠯᠴᠢᠷᠬᠠᠢ  
       ᠪᠠᠮᠪᠠᠢ ᠪᠤᠯᠴᠢᠷᠬᠠᠢ ᠶ᠋ᠢᠨ ᠬᠠᠵᠠᠭᠤ ᠶ᠋ᠢᠨ ᠪᠤᠯᠴᠢᠷᠬᠠᠢ ᠪᠣᠯ ᠭᠠᠳᠠᠷ ᠳᠣᠲᠣᠷ᠎ᠠ ᠲᠤᠰ ᠪᠦᠷᠢ ᠨᠢᠭᠡ ᠬᠣᠣᠰ ᠪᠠᠢᠳᠠᠭ ᠃ ᠭᠠᠳᠠᠷ ᠨᠢᠭᠡ ᠬᠣᠣᠰ ᠨᠢ ᠪᠠᠮᠪᠠᠢ ᠪᠤᠯᠴᠢᠷᠬᠠᠢ ᠶ᠋ᠢᠨ ᠡᠮᠦᠨ᠎ᠡ ᠲᠠᠯ᠎ᠠ ᠳ᠋ᠠᠬᠢ ᠭᠣᠣᠯ ᠴᠢᠰᠤᠨ ᠰᠤᠳᠠᠯ ᠤ᠋ᠨ ᠣᠢᠷᠠᠯᠴᠠᠭ᠎ᠠ ᠣᠷᠣᠰᠢᠵᠤ ᠪᠠᠢᠳᠠᠭ ᠃ ᠳᠣᠲᠣᠷ᠎ᠠ ᠨᠢᠭᠡ ᠬᠣᠣᠰ ᠨᠢ ᠪᠠᠮᠪᠠᠢ ᠪᠤᠯᠴᠢᠷᠬᠠᠢ ᠶ᠋ᠢᠨ ᠳᠣᠲᠣᠷ᠎ᠠ ᠲᠠᠯ᠎ᠠ ᠳ᠋ᠤ᠌ ᠣᠷᠣᠰᠢᠵᠤ ᠪᠠᠢᠬᠤ ᠪᠥᠭᠡᠳ ᠭᠠᠳᠠᠷ ᠪᠣᠯᠴᠢᠷᠠᠬᠠᠢ ᠠ᠋ᠴᠠ ᠪᠠᠭ᠎ᠠ ᠪᠠᠢᠳᠠᠭ ᠃ ᠡᠮ ᠦ᠋ᠨ ᠦᠢᠯᠡᠳᠪᠦᠷᠢ ᠳ᠋ᠦ᠍ ᠲᠦᠭᠦᠬᠡᠢ ᠮᠠᠲ᠋ᠧᠷᠢᠶᠠᠯ ᠪᠣᠯᠭᠠᠳᠠᠭ᠃ 
ᠲᠠᠷᠢᠬᠢ  
       ᠦᠬᠡᠷ ᠦ᠋ᠨ ᠲᠠᠷᠢᠬᠢ ᠨᠢ ᠭᠠᠪᠠᠯᠠ ᠶᠠᠰᠤᠨ ᠳᠣᠲᠣᠷ᠎ᠠ ᠪᠠᠢᠳᠠᠭ ᠃ ᠰᠢᠮ᠎ᠡ ᠲᠡᠵᠢᠭᠡᠯ ᠦ᠋ᠨ ᠠᠭᠤᠯᠤᠭᠳᠠᠴᠠ ᠡᠯᠪᠡᠭ ᠃ ᠡᠮ ᠦ᠋ᠨ ᠦᠢᠯᠡᠳᠪᠦᠷᠢ ᠳ᠋ᠦ᠍ ᠰᠥᠰᠥᠨ ᠣ ᠠᠯᠺᠣᠣᠯ ᠢ᠋ ᠢᠯᠭᠠᠷᠠᠭᠤᠯᠤᠨ ᠠᠪᠴᠤ ᠴᠢᠳᠡᠮᠵᠢᠭᠦᠯᠦᠭᠴᠢ ᠬᠢᠵᠦ ᠪᠠᠢᠬᠤ ᠪᠠ ᠵᠣᠬᠢᠶᠠᠮᠠᠯ ᠭᠢᠸᠠᠩ ᠦᠢᠯᠡᠳᠪᠦᠷᠢᠯᠡᠬᠦ ᠳ᠋ᠦ᠍ ᠲᠦᠭᠦᠬᠡᠢ ᠡᠳ᠋ ᠪᠣᠯᠭᠠᠵᠤ ᠪᠣᠢ᠃ ᠪᠠᠰᠠ ᠬᠢᠮᠢ ᠶ᠋ᠢᠨ ᠲᠤᠷᠰᠢᠯᠲᠠ ᠶ᠋ᠢᠨ ᠤᠷᠪᠠᠯ ᠭᠠᠷᠭᠠᠬᠤ ᠡᠮ ᠬᠢᠬᠦ ᠪᠥᠭᠡᠳ ᠬᠥᠮᠦᠨ ᠦ᠌ ᠪᠡᠶ᠎ᠡ ᠶ᠋ᠢᠨ ᠬᠡᠰᠡᠭ ᠭᠠᠵᠠᠷ ᠤ᠋ᠨ ᠴᠢᠰᠤ ᠶ᠋ᠢ ᠵᠣᠭᠰᠣᠭᠠᠬᠤ ᠡᠮ ᠨᠠᠢᠷᠠᠭᠤᠯᠳᠠᠭ᠃ ᠵᠢᠴᠢ ᠬᠥᠮᠦᠨ ᠣ ᠰᠠᠯᠪᠤᠷᠢ ᠮᠥᠭᠡᠷᠰᠦᠨ ᠬᠣᠭᠣᠯᠠᠢ ᠰᠦᠢᠯᠡᠩᠨᠡᠬᠦ ᠂ ᠮᠡᠳᠡᠷᠡᠯ ᠮᠠᠭᠤᠳᠠᠬᠤ ᠂ ᠬᠠᠷᠰᠢᠮᠠᠲᠠᠭᠠᠢ ᠬᠠᠮᠠᠷ ᠤ᠋ᠨ ᠦᠷᠪᠢᠰᠦᠯ ᠢ᠋ ᠵᠠᠰᠠᠳᠠᠭ᠃ 
ᠲᠠᠷᠢᠬᠢᠨ ᠳᠣᠲᠣᠷᠠᠬᠢ ᠪᠤᠯᠴᠢᠷᠬᠠᠢ  
       ᠲᠠᠷᠢᠬᠢᠨ ᠳᠣᠲᠣᠷᠠᠬᠢ ᠪᠤᠯᠴᠢᠷᠬᠠᠢ ᠪᠣᠯ ᠶᠡᠬᠡ ᠲᠠᠷᠢᠬᠢᠨ ᠤ᠋ ᠳᠣᠣᠷᠠᠲᠤ ᠂ ᠮᠡᠳᠡᠷᠡᠯ ᠦ᠋ᠨ ᠬᠡᠰᠡᠭ ᠪᠠ ᠨᠢᠳᠦᠨ ᠦ᠌ ᠮᠡᠳᠡᠷᠡᠯ ᠦ᠋ᠨ  ᠬᠡᠰᠡᠭ ᠦ᠋ᠨ ᠵᠠᠪᠰᠠᠷ ᠲᠤ᠌ ᠣᠷᠣᠰᠢᠳᠠᠭ ᠵᠢᠵᠢᠭ ᠪᠥᠮᠪᠥᠭᠡᠯᠢᠭ ᠪᠤᠯᠴᠢᠷᠬᠠᠢ ᠪᠣᠯᠤᠨ᠎ᠠ᠃ ᠪᠠᠭ᠎ᠠ ᠲᠠᠷᠢᠬᠢᠨ ᠤ᠋ ᠳᠣᠣᠷ᠎ᠠ ᠣᠷᠣᠰᠢᠨ᠎ᠠ᠃ ᠬᠡᠯᠪᠡᠷᠢ ᠨᠢ ᠳᠣᠯᠢᠶᠠᠪᠤᠷ ᠬᠤᠷᠤᠭᠤ ᠶ᠋ᠢᠨ ᠥᠨᠳᠡᠭᠡ ᠰᠢᠭ ᠪᠥᠮᠪᠥᠭᠡᠷ ᠬᠠᠪᠳᠠᠭᠠᠢᠯᠢᠭ ᠪᠥᠭᠡᠳ ᠭᠠᠳᠠᠭᠤᠷ ᠨᠢ ᠨᠢᠮᠭᠡᠨ ᠮᠥᠭᠡᠷᠰᠦ ᠪᠦᠷᠬᠦᠵᠦ ᠪᠠᠢᠳᠠᠭ᠃ ᠡᠮ ᠦ᠋ᠨ ᠦᠢᠯᠡᠳᠪᠦᠷᠢ ᠳ᠋ᠦ᠍ ᠡᠮ ᠨᠠᠢᠷᠠᠭᠤᠯᠵᠤ ᠬᠥᠩᠭᠡᠵᠢᠭᠰᠡᠨ ᠡᠮᠡᠭᠲᠡᠢᠴᠦᠳ ᠦ᠋ᠨ ᠴᠢᠰᠤ ᠶᠡᠬᠡ ᠭᠠᠷᠬᠤ ᠪᠠ ᠰᠢᠭᠡᠰᠦ ᠠᠷᠪᠢᠳᠬᠤ ᠡᠪᠡᠳᠴᠢᠨ ᠢ ᠵᠠᠰᠠᠳᠠᠭ ᠪᠥᠭᠡᠳ ᠪᠠᠰᠠ ᠬᠥᠳᠡᠯᠦᠮᠡᠲᠡᠭᠡᠢ ᠬᠤᠶᠠᠩ ᠂ ᠦᠶ᠎ᠡ ᠭᠡᠰᠢᠭᠦᠨ ᠣ ᠬᠤᠶᠠᠩᠯᠢᠭ ᠦᠷᠪᠢᠰᠦᠯ ᠢ᠋ ᠵᠠᠰᠠᠳᠠᠭ᠃ 
ᠪᠣᠭᠣᠷᠴᠣᠭ ᠤ᠋ᠨ ᠪᠤᠯᠴᠢᠷᠬᠠᠢ 
       ᠪᠣᠭᠣᠷᠴᠣᠭ ᠤ᠋ᠨ ᠪᠤᠯᠴᠢᠷᠬᠠᠢ ᠪᠣᠯ ᠲᠠᠷᠢᠬᠢᠨ ᠤ᠋ ᠭᠤᠷᠪᠠᠳᠤᠭᠠᠷ ᠭᠡᠷ ᠦ᠋ᠨ ᠳᠡᠭᠡᠲᠡᠢ ᠂ ᠳᠣᠪᠣ ᠲᠠᠷᠢᠬᠢ ᠪᠠ ᠰᠡᠭᠡᠷ ᠦ᠋ᠨ ᠵᠠᠪᠰᠠᠷ ᠲᠠᠬᠢ ᠬᠣᠩᠭᠢᠯ ᠳ᠋ᠤ᠌ ᠣᠷᠣᠰᠢᠳᠠᠭ ᠃ ᠥᠨᠳᠡᠭᠡᠯᠢᠭ ᠬᠡᠯᠪᠡᠷᠢᠲᠡᠢ ᠂ ᠤᠯᠠᠭᠠᠪᠲᠤᠷ ᠥᠩᠭᠡᠲᠡᠢ ᠵᠢᠵᠢᠭ ᠶᠠᠭᠤᠮ᠎ᠠ ᠪᠣᠯᠤᠨ᠎ᠠ᠃ ᠠᠨᠠᠭᠠᠬᠤ ᠤᠬᠠᠭᠠᠨ ᠤ᠋ ᠰᠤᠳᠤᠯᠭᠠᠨ ᠳ᠋ᠤ᠌᠂ ᠥᠮᠡᠨ ᠢ ᠰᠡᠷᠭᠡᠢᠯᠡᠬᠦ ᠡᠮ ᠦᠢᠯᠡᠳᠪᠦᠷᠢᠯᠡᠬᠦ ᠳ᠋ᠦ᠍ ᠴᠢᠬᠤᠯᠠ ᠮᠠᠲ᠋ᠧᠷᠢᠶᠠᠯ ᠪᠣᠯᠭᠠᠳᠠᠭ ᠭᠡᠵᠦ ᠬᠡᠯᠡᠵᠦ ᠪᠣᠢ᠃ 
ᠨᠢᠳᠦ  
       ᠦᠬᠡᠷ ᠦ᠋ᠨ ᠨᠢᠳᠦ ᠪᠣᠯ ᠤᠬᠤᠷᠬᠠᠢ ᠳᠣᠲᠣᠷ᠎ᠠ ᠣᠷᠣᠰᠢᠵᠤ ᠪᠠᠢᠳᠠᠭ ᠃ ᠡᠮ ᠦ᠋ᠨ ᠦᠢᠯᠡᠳᠪᠦᠷᠢ ᠨᠢ ᠨᠢᠳᠦᠨ ᠦ᠌ ᠪᠦᠱᠦᠭᠦᠷᠭᠡᠬᠦ ᠡᠳ᠋ ᠪᠣᠯᠤᠨ ᠨᠢᠳᠦ ᠬᠤᠷᠴᠠᠳᠬᠠᠬᠤ ᠲᠠᠷᠢᠯᠭ᠎ᠠ ᠶ᠋ᠢᠨ ᠡᠮ ᠬᠢᠵᠦ ᠪᠣᠯᠤᠨ᠎ᠠ᠃ 
ᠬᠡᠯᠡ  
       ᠦᠬᠡᠷ ᠦ᠋ᠨ ᠬᠡᠯᠡ ᠨᠢ ᠰᠢᠮ᠎ᠡ ᠲᠡᠵᠢᠭᠡᠯ ᠡᠯᠪᠡᠭ ᠮᠥᠷᠲᠡᠭᠡᠨ ᠨᠠᠷᠢᠯᠢᠭ ᠵᠥᠭᠡᠯᠡᠨ ᠰᠢᠷᠭᠡᠭᠲᠡᠢ ᠂ ᠰᠢᠷᠡᠭᠡᠨ ᠦ᠌ ᠬᠦᠢᠲᠡᠨ ᠨᠣᠭᠣᠭᠠᠨ ᠳ᠋ᠤ᠌ ᠳᠡᠭᠡᠳᠦ ᠵᠡᠷᠭᠡ ᠶ᠋ᠢᠨ ᠬᠣᠯᠢᠰᠢᠨ ᠢᠳᠡᠭᠡᠨ ᠭᠡᠮᠡᠨ ᠠᠯᠳᠠᠷᠰᠢᠵᠤ ᠪᠣᠢ ᠃ ᠢᠳᠡᠰᠢᠨ ᠦ᠌ ᠦᠢᠯᠡᠳᠪᠦᠷᠢ ᠭᠣᠣᠯᠳᠠᠭᠤ ᠭᠠᠳᠠᠭᠠᠳᠤ ᠳ᠋ᠤ᠌ ᠭᠠᠷᠭᠠᠬᠤ ᠭᠤᠸᠠᠨᠲᠤᠤ ᠬᠢᠬᠦ ᠶ᠋ᠢᠨ ᠲᠦᠭᠦᠬᠡᠢ ᠮᠠᠲ᠋ᠧᠷᠢᠶᠠᠯ ᠪᠣᠯᠭᠠᠵᠤ ᠪᠠᠢᠨ᠎ᠠ᠃ 
ᠴᠢᠬᠢ 
       ᠦᠬᠡᠷ ᠦ᠋ᠨ ᠴᠢᠬᠢ ᠶ᠋ᠢ ᠢᠳᠡᠰᠢᠨ ᠳ᠋ᠦ᠍ ᠬᠡᠷᠡᠭᠯᠡᠬᠦ ᠡᠴᠡ ᠭᠠᠳᠠᠨ᠎ᠠ ᠦᠢᠯᠡᠳᠪᠦᠷᠢ ᠳ᠋ᠦ᠍ ᠴᠠᠪᠠᠤ ᠵᠡᠷᠭᠡ ᠶ᠋ᠢ ᠬᠢᠳᠡᠭ᠃ 
ᠡᠪᠡᠷ 
       ᠮᠣᠩᠭᠣᠯ ᠦᠬᠡᠷ ᠪᠣᠯᠤᠨ ᠤᠰᠤᠨ ᠦᠬᠡᠷ ᠦ᠋ᠨ ᠡᠪᠡᠷ ᠨᠢ ᠡᠮ ᠦ᠋ᠨ ᠦᠢᠯᠡᠳᠪᠦᠷᠢ ᠳ᠋ᠦ᠍ ᠬᠡᠷᠢᠰ ᠦ᠋ᠨ ᠡᠪᠡᠷ ᠢ᠋ ᠣᠷᠣᠯᠠᠨ ᠡᠮ ᠨᠠᠢᠷᠠᠭᠤᠯᠵᠤ ᠪᠠᠢᠨ᠎ᠠ ᠃ ᠨᠠᠢᠷᠠᠭᠤᠯᠤᠭᠰᠠᠨ ᠡᠮ ᠨᠢ ᠬᠠᠯᠠᠭᠤᠨ ᠢ᠋ ᠳᠠᠷᠤᠵᠤ ᠴᠢᠰᠤ ᠶ᠋ᠢ ᠰᠡᠷᠢᠭᠦᠳᠬᠡᠬᠦ ᠦᠢᠯᠡᠳᠦᠯ ᠲᠡᠢ ᠪᠣᠯᠬᠣᠷ ᠬᠥᠮᠦᠨ ᠦ᠌ ᠬᠠᠯᠠᠭᠤᠷᠠᠬᠤ ᠂ ᠰᠣᠯᠢᠶ᠎ᠠ ᠦᠭᠡ ᠶᠠᠷᠢᠬᠤ ᠂ ᠶᠠᠷ᠎ᠠ ᠶ᠋ᠢᠨ ᠬᠣᠣᠷ ᠂ ᠴᠢᠰᠤ ᠪᠠᠷ ᠪᠥᠭᠡᠯᠵᠢᠬᠦ ᠂ ᠬᠠᠮᠠᠷ ᠠ᠋ᠴᠠ ᠴᠢᠰᠤ ᠭᠠᠷᠬᠤ ᠂ ᠴᠢᠰᠤ ᠪᠠᠷ ᠪᠠᠭᠤᠯᠭᠠᠬᠤ ᠡᠪᠡᠳᠴᠢᠨ ᠢ᠋ ᠵᠠᠰᠠᠨ᠎ᠠ᠃ ᠬᠢᠮᠢ ᠶ᠋ᠢᠨ ᠦᠢᠯᠡᠳᠪᠦᠷᠢ ᠳ᠋ᠦ᠍ ᠦᠬᠡᠷ ᠦ᠋ᠨ ᠡᠪᠡᠷ ᠢ᠋ᠶ᠋ᠡᠷ ᠭᠡᠷᠡᠯ ᠵᠢᠷᠤᠭ ᠤ᠋ᠨ ᠢᠯᠲᠠᠰᠤ ᠬᠢᠳᠡᠭ᠃ 
ᠮᠢᠬᠠᠨ ᠡᠪᠡᠷ 
       ᠦᠬᠡᠷ ᠦ᠋ᠨ ᠮᠢᠬᠠᠨ ᠡᠪᠡᠷ ᠪᠣᠯ ᠶᠠᠰᠤᠨ ᠡᠪᠡᠷ ᠦ᠋ᠨ ᠳᠣᠲᠣᠷ᠎ᠠ ᠨᠢ ᠪᠠᠢᠳᠠᠭ ᠃ ᠡᠮ ᠦ᠋ᠨ ᠦᠢᠯᠡᠳᠪᠦᠷᠢ ᠡᠭᠦᠨ ᠢ᠋ᠶ᠋ᠡᠷ ᠡᠮ ᠨᠠᠢᠷᠠᠭᠤᠯᠵᠤ ᠂ ᠡᠮᠡᠭᠲᠡᠢᠴᠦᠳ ᠦ᠋ᠨ ᠴᠢᠰᠤ ᠪᠠᠭᠤᠬᠤ ᠂ ᠤᠯᠠᠭᠠᠨ ᠴᠠᠭᠠᠨ ᠬᠬᠢᠷ ᠢᠷᠡᠬᠦ ᠂ ᠬᠥᠮᠦᠰ ᠦ᠋ᠨ ᠴᠢᠰᠤ ᠪᠠᠷ ᠰᠠᠭᠤᠯᠭᠠᠬᠤ ᠂ ᠬᠠᠮᠠᠷ ᠠ᠋ᠴᠠ ᠴᠢᠰᠤ ᠭᠠᠷᠬᠤ ᠂ ᠴᠢᠰᠤ  ᠪᠠᠷ ᠰᠢᠭᠡᠬᠦ ᠵᠡᠷᠭᠡ ᠶ᠋ᠢ ᠵᠠᠰᠠᠳᠠᠭ ᠃ ᠳᠠᠭᠠᠯᠴᠠᠭ ᠤ᠋ᠨ ᠰᠢᠷᠪᠥᠰᠥ  ᠦᠬᠡᠷ ᠦ᠋ᠨ ᠳᠠᠭᠠᠯᠴᠠᠭ ᠤ᠋ᠨ ᠰᠢᠷᠪᠥᠰᠥ ᠪᠣᠯ ᠮᠠᠰᠢ ᠪᠠᠶᠠᠯᠢᠭ ᠰᠢᠮ᠎ᠡ ᠲᠡᠵᠢᠭᠡᠯᠲᠡᠢ ᠢᠳᠡᠭᠡᠨ ᠦ᠌ ᠵᠦᠢᠯ ᠪᠣᠯᠤᠨ᠎ᠠ᠃ 
ᠲᠣᠢᠭ  
       ᠦᠬᠡᠷ ᠦ᠋ᠨ ᠲᠣᠢᠭ ᠢ᠋ ᠦᠢᠯᠡᠳᠪᠦᠷᠢ ᠳ᠋ᠦ᠍ ᠳᠡᠭᠡᠳᠦ ᠵᠡᠷᠭᠡ ᠶ᠋ᠢᠨ ᠭᠤᠯᠭᠤᠭᠤᠷ ᠲᠣᠰᠣ ᠬᠢᠬᠦ ᠲᠦᠭᠦᠬᠡᠢ ᠮᠠᠲ᠋ᠧᠷᠢᠶᠠᠯ ᠪᠣᠯᠭᠠᠳᠠᠭ᠃ 
ᠲᠤᠭᠤᠷᠠᠢ    ᠦᠬᠡᠷ ᠦ᠋ᠨ ᠬᠣᠭᠢᠰᠣ ᠪᠠᠷ ᠶᠠᠰᠤᠨ ᠲᠤᠭᠤᠷᠠᠢ ᠶ᠋ᠢᠨ ᠲᠠᠯᠬ᠎ᠠ ᠬᠢᠵᠦ ᠪᠣᠢ᠃ 
ᠠᠷᠭᠠᠯ   
       ᠦᠬᠡᠷ ᠦ᠋ᠨ ᠠᠷᠭᠠᠯ ᠨᠢ ᠲᠤᠢᠯ ᠤ᠋ᠨ ᠰᠠᠢᠬᠠᠨ ᠲᠦᠯᠡᠰᠢ ᠪᠣᠯᠳᠠᠭ ᠃ ᠲᠡᠷᠡᠴᠢᠯᠡᠨ ᠪᠣᠯᠪᠠᠰᠤᠷᠠᠭᠤᠯᠤᠭᠠᠳ ᠪᠣᠷᠳᠣᠭᠤᠷ ᠬᠢᠵᠦ ᠴᠦ᠍ ᠪᠣᠯᠤᠨ᠎ᠠ᠃               ᠪᠠᠭᠴᠠᠯᠠᠪᠠᠯ ᠂ ᠦᠬᠡᠷ ᠦ᠋ᠨ ᠠᠷᠠᠰᠤ ᠮᠢᠬ᠎ᠠ ᠂ ᠠᠭᠤᠰᠬᠢ ᠂ ᠳᠡᠯᠢᠭᠦᠦ ᠡᠴᠡ ᠡᠬᠢᠯᠡᠨ ᠠᠷᠭᠠᠯ ᠪᠠᠭᠠᠰᠤᠨ ᠳ᠋ᠤ᠌ ᠬᠦᠷᠲᠡᠯ᠎ᠡ ᠴᠥᠮ ᠬᠡᠷᠡᠭᠴᠡᠭᠡᠲᠡᠢ ᠡᠷᠳᠡᠨᠢ ᠭᠡᠳᠡᠭ ᠢ ᠮᠡᠳᠡᠬᠦ ᠬᠡᠷᠡᠭᠲᠡᠢ᠃  

               ᠲᠡᠮᠡᠭᠡᠨ ᠣ ᠪᠡᠶ᠎ᠡ ᠡᠴᠡ ᠭᠠᠷᠬᠤ ᠭᠠᠷᠤᠯᠲᠠ ᠶ᠋ᠢᠨ ᠵᠦᠢᠯ 

ᠲᠡᠮᠡᠭᠡᠨ ᠨᠣᠣᠰᠣ  
       ᠲᠡᠮᠡᠭᠡᠨ ᠦ᠌ ᠪᠡᠶ᠎ᠡ ᠳ᠋ᠦ᠍ ᠤᠷᠭᠤᠭᠰᠠᠨ ᠤᠷᠲᠤ ᠵᠥᠭᠡᠯᠡᠨ ᠤᠩᠭᠠᠷᠢᠯ ᠦᠰᠦ ᠃ ᠤᠭ ᠨᠢ ᠳᠡᠭᠡᠰᠦ ᠲᠠᠮᠤᠬᠤ ᠂ ᠭᠠᠷ ᠨᠣᠣᠰᠣᠨ ᠨᠡᠬᠡᠮᠡᠯ ᠳ᠋ᠦ᠍ ᠬᠡᠷᠡᠭᠯᠡᠵᠦ ᠪᠠᠢᠯ᠎ᠠ ᠃ ᠣᠳᠣ ᠶᠡᠬᠡ ᠶᠡᠬᠡ ᠨᠣᠣᠰᠣᠨ ᠦᠢᠯᠡᠳᠪᠦᠷᠢ ᠶ᠋ᠢᠨ ᠲᠦᠭᠦᠬᠡᠢ ᠡᠳ᠋ ᠪᠣᠯᠵᠤ ᠂ ᠰᠠᠨᠠᠵᠤ ᠳᠡᠢᠯᠦᠰᠢ ᠦᠭᠡᠢ ᠣᠯᠠᠨ ᠪᠠᠷᠠᠭ᠎ᠠ ᠬᠢᠭᠳᠡᠵᠦ ᠪᠣᠢ᠃ 
ᠲᠡᠮᠡᠭᠡᠨ ᠵᠣᠭᠳᠣᠷ 
       ᠲᠡᠮᠡᠭᠡᠨ ᠬᠦᠵᠦᠭᠦᠨ ᠦ᠌ ᠡᠩᠭᠡᠯᠵᠡᠭᠦᠷ ᠪᠠ ᠡᠪᠦᠳᠦᠭ ᠢ᠋ᠶ᠋ᠡᠷ ᠤᠷᠭᠤᠳᠠᠭ ᠤᠷᠲᠤ ᠦᠰᠦ ᠃ ᠳᠡᠭᠡᠰᠦ ᠲᠠᠮᠤᠬᠤ ᠳ᠋ᠤ᠌ ᠵᠥᠭᠡᠯᠡᠨ ᠮᠥᠷᠲᠡᠭᠡᠨ ᠪᠥᠬᠡ ᠪᠠᠢᠳᠠᠭ ᠃ ᠣᠳᠣ ᠮᠥᠨ ᠨᠣᠣᠰᠣᠨ ᠦᠢᠯᠡᠳᠪᠦᠷᠢ ᠶ᠋ᠢᠨ ᠲᠦᠭᠦᠬᠡᠢ ᠡᠳ᠋ ᠪᠣᠯᠵᠠᠢ᠃ 
ᠲᠡᠮᠡᠭᠡᠨ ᠠᠷᠠᠰᠤ     ᠲᠡᠮᠡᠭᠡᠨ ᠣ ᠪᠡᠶ᠎ᠡ ᠶ᠋ᠢᠨ ᠭᠠᠳᠠᠭᠤᠷᠬᠢ ᠪᠦᠷᠬᠦᠭᠦᠯ ᠬᠥᠷᠥᠰᠥ᠃ 
ᠲᠡᠮᠡᠭᠡᠨ ᠰᠤᠷ     ᠲᠡᠮᠡᠭᠡᠨ ᠠᠷᠠᠰᠤ ᠪᠠᠷ ᠬᠢᠭᠰᠡᠨ ᠰᠤᠷ ᠂ ᠭᠡᠷ ᠦ᠋ᠨ ᠦᠳᠡᠭᠡᠷᠢ ᠬᠢᠬᠦ ᠳ᠋ᠦ᠍ ᠪᠥᠬᠡ ᠪᠠᠢᠳᠠᠭ᠃ 
ᠲᠡᠮᠡᠭᠡᠨ ᠮᠢᠬ᠎ᠠ 
       ᠲᠡᠮᠡᠭᠡᠨ ᠦ᠌ ᠶᠠᠰᠤ ᠠᠷᠠᠰᠤ ᠬᠣᠶᠠᠷ ᠤ᠋ᠨ ᠵᠠᠪᠰᠠᠷ ᠲᠠᠬᠢ ᠨᠡᠬᠡᠳᠡᠰᠦ ᠃ ᠪᠠᠩᠰᠢ ᠪᠤᠤᠰᠠ ᠶ᠋ᠢᠨ ᠰᠢᠶᠠᠨᠽᠢ ᠬᠢᠬᠦ ᠳ᠋ᠦ᠍ ᠣᠨᠴᠠ ᠰᠠᠢᠬᠠᠨ ᠪᠠᠢᠳᠠᠭ ᠃  ᠪᠣᠲᠣᠭᠣ ᠶ᠋ᠢᠨ ᠰᠢᠨ᠎ᠡ ᠮᠢᠬ᠎ᠠ ᠰᠢᠷ᠎ᠠ ᠠ᠋ᠴᠠ ᠣᠯᠤᠭᠰᠠᠨ ᠰᠣᠯᠢᠶ᠎ᠠ ᠡᠪᠡᠳᠴᠢᠨ ᠢ᠋ ᠵᠠᠰᠠᠨ᠎ᠠ ᠃ ᠴᠠᠭ ᠳᠣᠳᠣᠮ ᠭᠡᠮ ᠦᠭᠡᠢ ᠳᠤᠷ᠎ᠠ ᠪᠠᠷ ᠢᠳᠡᠪᠡᠯ  ( ᠲᠡᠮᠡᠭᠡᠨ ᠮᠢᠬ᠎ᠠ ) ᠴᠢᠬᠢ ᠳᠦᠭᠦᠷᠬᠦ ᠮᠠᠰᠢᠭᠤ ᠡᠪᠡᠳᠴᠢᠨ ᠢ᠋ ᠵᠠᠰᠠᠬᠤ ᠴᠢᠳᠠᠯᠲᠠᠢ ᠭᠡᠵᠦ 《ᠡᠮᠲᠦ ᠠᠮᠢᠲᠠᠨ 》 ᠳ᠋ᠤ᠌ ᠥᠭᠦᠯᠡᠵᠡᠢ᠃ 
ᠲᠡᠮᠡᠭᠡᠨ ᠥᠭᠡᠬᠦ  
       ᠲᠡᠮᠡᠭᠡᠨ ᠦ᠌ ᠪᠡᠶ᠎ᠡ ᠳ᠋ᠦ᠍ ᠮᠢᠬ᠎ᠠ ᠲᠠᠢ ᠠᠯᠠᠭᠯᠠᠨ ᠪᠠᠢᠭ᠎ᠠ ᠪᠤᠶᠤ ᠭᠡᠳᠡᠰᠦᠨ ᠳᠡᠭᠡᠷ᠎ᠡ ᠨᠥᠮᠥᠷᠦᠨ ᠪᠠᠢᠭ᠎ᠠ ᠲᠣᠰᠣᠷᠬᠠᠭ ᠵᠦᠢᠯ ᠃ ᠪᠣᠭᠣᠷᠰᠣᠭ ᠬᠠᠭᠠᠷᠢᠬᠤ ᠳ᠋ᠤ᠌ ᠲᠤᠩ ᠰᠠᠢᠨ ᠃ ᠲᠡᠮᠡᠭᠡᠨ ᠥᠭᠡᠬᠦ ᠪᠣᠯ ᠪᠤᠷᠤᠩᠬᠤᠢ ᠰᠡᠭᠦᠳᠡᠷ ᠡᠪᠡᠳᠴᠢᠨ ᠂ ᠮᠠᠭᠤ ᠶᠠᠷ᠎ᠠ ᠬᠣᠣᠷᠲᠤ ᠬᠠᠪᠤᠳᠠᠷ ᠵᠡᠷᠭᠡ ᠶ᠋ᠢ ᠵᠠᠰᠠᠬᠤ ᠳ᠋ᠤ᠌ ᠮᠠᠰᠢ ᠰᠠᠢᠨ ᠲᠤᠯᠠ ᠬᠣᠪᠣᠷ ᠨᠠᠨᠳᠢᠨ ᠡᠮ ᠦ᠋ᠨ ᠨᠠᠢᠷᠠᠯᠭ᠎ᠠ ᠪᠣᠯᠠᠢ᠃ ᠢᠯᠠᠩᠭᠤᠶ᠎ᠠ ᠬᠠᠪᠲᠠᠭᠠᠢ ( ᠵᠡᠷᠯᠢᠭ ᠲᠡᠮᠡᠭᠡ ) ᠶ᠋ᠢᠨ ᠲᠣᠰᠣ ᠶ᠋ᠢ ᠬᠠᠭᠠᠰ ᠬᠠᠯᠪᠠᠭ᠎ᠠ ᠰᠢᠷᠭᠠᠭᠠᠳ ᠂ ᠲᠠᠪᠤᠨ ᠭᠷᠠᠮ ᠤᠰᠤ ᠪᠠᠷ ᠳᠠᠷᠤᠭᠤᠯᠵᠤ᠂ ᠥᠯᠥᠨ ᠢ᠋ᠶ᠋ᠡᠷ ᠤᠤᠭᠤᠪᠠᠯ ᠨᠠᠰᠤᠲᠠᠢ ᠬᠥᠮᠦᠨ ᠦ᠌ ᠬᠥᠯ ᠭᠠᠷ ᠮᠢᠨᠴᠦᠭᠦᠷᠡᠬᠦ  ᠡᠮᠵᠡᠭ ᠢ᠋ ᠠᠯᠳᠠᠷᠠᠭᠠᠨ᠎ᠠ ᠭᠡᠵᠦ  《ᠡᠮᠲᠦ ᠠᠮᠢᠲᠠᠨ 》 ᠳ᠋ᠤ᠌ ᠲᠡᠮᠳᠡᠭᠯᠡᠵᠡᠢ᠃ 
ᠲᠡᠮᠡᠭᠡᠨ ᠣ ᠶᠠᠰᠤ 
       ᠲᠡᠮᠡᠭᠡᠨ ᠮᠢᠬᠠᠨ ᠤ᠋ ᠳᠣᠲᠣᠭᠠᠳᠤ ᠳ᠋ᠠᠬᠢ ᠬᠠᠲᠠᠭᠤ ᠵᠦᠢᠯ᠃ ᠲᠡᠮᠡᠭᠡᠨ ᠣ 《ᠶᠠᠰᠤ ᠨᠢ ᠰᠢᠭᠡᠰᠦ ᠬᠠᠭᠠᠭᠳᠠᠭᠰᠠᠨ ᠢ᠋ ᠵᠠᠰᠠᠨ᠎ᠠ 》ᠭᠡᠵᠦ 《ᠡᠮᠲᠦ ᠠᠮᠢᠲᠠᠨ 》 ᠳ᠋ᠤ᠌ ᠲᠡᠮᠳᠡᠭᠯᠡᠵᠦ ᠪᠣᠢ ᠃ ᠥᠩᠭᠡᠷᠡᠭᠰᠡᠨ ᠳ᠋ᠦ᠍ ᠲᠡᠮᠡᠭᠡᠨ ᠶᠠᠰᠤ ᠶ᠋ᠢ ᠴᠠᠭ᠎ᠠ ᠪᠤᠶᠤ ᠰᠦᠨ ᠳ᠋ᠦ᠍ ᠳᠡᠪᠲᠦᠭᠡᠵᠦ ᠬᠠᠯᠪᠠᠭ᠎ᠠ ᠂ ᠰᠠᠪᠬ᠎ᠠ ᠂ ᠬᠤᠭᠤᠷ ᠤ᠋ᠨ ᠲᠣᠯᠣᠭᠠᠢ ᠂ ᠡᠮᠡᠭᠡᠯ ᠦ᠋ᠨ ᠬᠢᠷ᠎ᠠ ᠂ ᠬᠢᠲᠤᠭᠠᠨ ᠰᠢᠭᠢᠳᠬᠡᠭᠦᠷ ᠭᠡᠬᠦ ᠮᠡᠲᠦ ᠶ᠋ᠢᠨ ᠬᠡ ᠤᠭᠠᠯᠵᠠ ᠭᠣᠶᠣᠯᠠᠯ ᠳ᠋ᠤ᠌ ᠬᠡᠷᠡᠭᠯᠡᠵᠦ ᠪᠠᠢᠵᠠᠢ ᠃ ᠣᠳᠣ  ᠦᠢᠯᠡᠳᠪᠦᠷᠢᠯᠡᠵᠦ ᠂ ᠣᠬᠢ ᠰᠠᠢᠨ ᠢ᠋ᠶ᠋ᠠᠷ ᠨᠢ ᠡᠯ᠎ᠡ ᠲᠥᠷᠥᠯ ᠦ᠋ᠨ ᠭᠡᠷᠡᠯ ᠵᠢᠷᠤᠭ ᠤ᠋ᠨ ᠢᠯᠲᠠᠰᠤ ᠬᠢᠵᠦ ᠳᠠᠷᠠᠭᠠᠯᠠᠪᠠᠯ ᠴᠠᠪᠠᠤ ᠬᠢᠵᠦ ᠂ ᠭᠤᠳᠠᠭᠠᠷᠯᠠᠪᠠᠯ ᠭᠣᠶᠣᠯᠠᠯ  ᠬᠢᠵᠦ ᠂ ᠬᠠᠮᠤᠭ ᠰᠢᠭᠠᠷᠤᠭ ᠢ᠋ᠶ᠋ᠠᠷ ᠨᠢ ᠪᠣᠷᠳᠣᠭᠤᠷ ᠬᠢᠨ᠎ᠡ᠃ 
ᠲᠡᠮᠡᠭᠡᠨ ᠪᠦᠬᠦ 
       ᠲᠡᠮᠡᠭᠡᠨ ᠦ᠌ ᠨᠢᠷᠤᠭᠤᠨ ᠳ᠋ᠤ᠌ ᠤᠷᠭᠤᠭᠰᠠᠨ ᠬᠣᠶᠠᠷ ᠭᠣᠨᠵᠣᠭᠣᠷ ᠬᠡᠦᠬᠡᠳ ᠰᠠᠭᠤᠭᠰᠠᠨ ᠮᠡᠲᠦ ᠥᠭᠡᠬᠦᠯᠢᠭ ᠮᠢᠬ᠎ᠠ᠃ ᠲᠡᠮᠡᠭᠡᠨ ᠪᠦᠬᠦ ᠨᠢ ᠪᠤᠰᠤᠳ ᠮᠠᠯ  ᠤ᠋ᠨ ᠡᠪᠴᠢᠭᠦᠨ ᠬᠡᠷᠰᠡᠩ ᠰᠢᠭ ᠥᠭᠡᠬᠦᠯᠢᠭ ᠢ᠋ᠶ᠋ᠡᠷ ᠪᠦᠷᠢᠯᠳᠦᠭᠰᠡᠨ ᠪᠥᠭᠡᠳ ᠪᠦᠬᠦ ᠲᠤᠰ ᠪᠦᠷᠢ 30 -50 ᠵᠢᠩ ᠬᠦᠨᠳᠦ ᠪᠠᠢᠳᠠᠭ᠃ ᠲᠡᠮᠡᠭᠡᠨ ᠪᠦᠬᠦ ᠨᠢ ᠬᠡᠳᠦᠢ ᠪᠡᠷ ᠥᠭᠡᠬᠦᠯᠢᠭ ᠪᠣᠯᠪᠠᠴᠤ ᠢᠳᠡᠬᠦ ᠳ᠋ᠦ᠍ ᠱᠠᠩᠳᠠᠭᠤᠨ ᠦᠭᠡᠢ᠂ ᠨᠢᠮᠭᠡᠨ ᠬᠠᠪᠢᠰᠤᠯᠠᠨ ᠬᠡᠷᠴᠢᠵᠦ ᠪᠤᠴᠠᠯᠭᠠᠭᠠᠳ ᠳᠠᠬᠢᠨ ᠲᠣᠰᠣᠨ ᠳ᠋ᠤ᠌ ᠪᠣᠯᠭᠣᠵᠤ ᠠᠪᠤᠭᠠᠳ ᠴᠠᠭᠠᠨ ᠰᠢᠬᠢᠷ ᠬᠢᠵᠦ ᠲᠡᠪᠰᠢᠯᠡᠵᠦ ᠢᠳᠡᠪᠡᠯ ᠶᠡᠬᠡ ᠠᠮᠲᠠᠲᠠᠢ ᠃ ᠮᠥᠨ ᠬᠠᠯᠠᠭᠤᠨ ᠲᠣᠭᠣᠭᠠᠨ ᠤ᠋ ᠰᠦᠪᠡᠭᠡ ( ᠬᠡᠭᠡᠰᠦ ) ᠬᠢᠵᠦ ᠪᠣᠯᠤᠨ᠎ᠠ ᠃ ᠪᠠᠩᠰᠢ  ᠪᠤᠤᠰᠠ ᠬᠢᠪᠡᠯ ᠲᠣᠰᠣᠷᠬᠠᠭ ᠠᠮᠲᠠᠲᠠᠢ ᠪᠣᠯᠳᠠᠭ᠃ 
ᠲᠡᠮᠡᠭᠡᠨ ᠲᠠᠪᠠᠭ ( ᠲᠠᠪᠠᠬᠠᠢ )  
       ᠲᠡᠮᠡᠭᠡᠨ ᠦ᠌ ᠬᠥᠯ ᠦ᠋ᠨ ᠠᠯᠠᠭ᠎ᠠ᠃ ᠲᠡᠮᠡᠭᠡᠨ ᠲᠠᠪᠠᠬᠠᠢ ᠶ᠋ᠢᠨ ᠥᠭᠡᠬᠦᠯᠢᠭ ᠮᠢᠬ᠎ᠠ ᠨᠢ ᠢᠮᠠᠬᠤ ᠢᠯᠡᠭᠦᠦ ᠵᠤᠵᠠᠭᠠᠨ ᠪᠠᠢᠳᠠᠭ ᠃ ᠪᠠᠷᠤᠭ 20- 25 ᠺᠦᠪ ᠰᠡᠨᠲ᠋ᠢᠮᠧᠲ᠋ᠷ ᠮᠢᠬ᠎ᠠ ᠲᠠᠢ ᠪᠠᠢᠳᠠᠭ᠃ ᠲᠡᠮᠡᠭᠡᠨ ᠲᠠᠪᠠᠬᠠᠢ ᠶ᠋ᠢᠨ ᠵᠠᠭᠤᠰᠢ ᠨᠢ ᠥᠲᠡᠭᠡ ᠶ᠋ᠢᠨ ᠵᠠᠭᠤᠰᠢ ᠲᠠᠢ ᠲᠡᠩᠴᠡᠬᠦ ᠦᠨᠦᠷ ᠠᠮᠲᠠᠲᠠᠢ ᠲᠤᠯᠠ ᠤᠯᠤᠰ ᠤ᠋ᠨ ᠳᠡᠭᠡᠳᠦ ᠵᠡᠷᠭᠡ ᠶ᠋ᠢᠨ ᠳᠠᠢᠯᠠᠯᠭ᠎ᠠ ᠶ᠋ᠢᠨ ᠰᠢᠷᠡᠭᠡᠨ ᠳ᠋ᠦ᠍ ᠣᠷᠣᠳᠠᠭ ᠪᠢᠯᠡ᠃ 
ᠲᠡᠮᠡᠭᠡᠨ ᠦ᠌ ᠰᠢᠯᠢ ᠰᠢᠷᠪᠥᠰᠥ  
       ᠲᠡᠮᠡᠭᠡᠨ ᠦ᠌ ᠪᠡᠶ᠎ᠡ ᠳ᠋ᠦ᠍ ᠪᠠᠢᠳᠠᠭ ᠪᠤᠯᠴᠢᠩ ᠤ᠋ᠨ ᠪᠦᠯᠡᠬᠡ ᠰᠢᠨᠳᠠᠰᠤ᠂ ᠰᠢᠯᠢ ᠰᠢᠷᠪᠥᠰᠥ ᠲᠡᠮᠡᠭᠡᠨ ᠦ᠌ ᠲᠡᠭ᠍ᠵᠡᠨ ᠳ᠋ᠡᠬᠢ ᠲᠠᠬᠢᠯ ᠰᠢᠯᠢ ᠡᠴᠡ ᠵᠣ ᠶ᠋ᠢᠨ ᠰᠢᠷᠪᠥᠰᠥ ᠬᠦᠷᠲᠡᠯ᠎ᠡ 6 ᠂ 7 ᠲᠣᠬᠣᠢ ᠤᠷᠲᠤ ᠂ 2 ᠢᠮᠠᠬᠤ ᠥᠷᠭᠡᠨ᠂ ᠢᠮᠠᠬᠤ ᠢᠯᠡᠭᠦᠦ ᠵᠤᠵᠠᠭᠠᠨ ᠰᠢᠷᠪᠥᠰᠥ ᠪᠠᠢᠳᠠᠭ᠃ ᠥᠩᠭᠡᠷᠡᠭᠰᠡᠨ ᠳ᠋ᠦ᠍ ᠪᠣᠯᠪᠠᠰᠤᠷᠠᠭᠤᠯᠵᠤ ᠡᠯᠳᠡᠭᠡᠳ ᠨᠤᠮᠤ ᠶ᠋ᠢᠨ ᠬᠥᠪᠴᠢ ᠬᠢᠬᠦ ᠪᠤᠶᠤ ᠶᠠᠭᠤᠮ᠎ᠠ ᠣᠶᠣᠬᠤ ᠵᠡᠷᠭᠡ ᠬᠠᠲᠠᠭᠤ ᠰᠢᠨᠳᠠᠰᠤᠲᠠᠢ ᠶᠠᠭᠤᠮᠠᠨ ᠳ᠋ᠤ᠌ ᠬᠡᠷᠡᠭᠯᠡᠵᠦ ᠪᠠᠢᠵᠠᠢ᠃ ᠣᠳᠣ  ᠲᠡᠭᠦᠨ ᠢ᠋ ᠴᠠᠭᠠᠯᠠᠵᠤ ᠨᠤᠯᠲᠤ ᠴᠢᠨᠠᠵᠤ ᠬᠡᠷᠴᠢᠭᠡᠳ ᠦᠨᠦᠷ ᠠᠮᠲᠠᠲᠠᠨ ᠢ᠋ ᠬᠠᠴᠢᠷᠯᠠᠭᠠᠳ ᠬᠠᠭᠤᠷᠪᠠᠯ ᠨᠢᠭᠡᠨ ᠵᠦᠢᠯ ᠦ᠋ᠨ ᠠᠮᠲᠠᠲᠠᠢ ᠵᠠᠭᠤᠰᠢ ᠪᠣᠯᠳᠠᠭ ᠃ ᠠᠰ ᠲᠤᠨᠢ ᠴᠢᠨᠠᠵᠤ ᠢᠳᠡᠪᠡᠯ ᠬᠦᠴᠦᠨ ᠲᠠᠮᠢᠷ ᠨᠡᠮᠡᠭᠳᠡᠵᠦ ᠭᠡᠵᠢᠭᠡ ᠦᠰᠦᠨ ᠥᠩᠭᠡᠲᠡᠢ ᠪᠣᠯᠳᠠᠭ᠃ 
ᠲᠡᠮᠡᠭᠡᠨ ᠰᠡᠭᠦᠯ 
       ᠲᠡᠮᠡᠭᠡᠨ ᠪᠡᠶ᠎ᠡ ᠶ᠋ᠢᠨ ᠲᠡᠭᠦᠰᠬᠡᠯ ᠬᠡᠰᠡᠭ᠃ ᠨᠢᠭᠡᠨ ᠲᠣᠬᠣᠢ ᠬᠠᠭᠠᠰ ᠤᠷᠲᠤ᠂ ᠢᠮᠠᠬᠤ ᠵᠤᠵᠠᠭᠠᠨ᠃ ᠬᠣᠨᠢᠨ ᠰᠡᠭᠦᠯ ᠲᠡᠢ ᠠᠳᠠᠯᠢ ᠥᠭᠡᠬᠦᠯᠢᠭ᠃ ᠴᠢᠨᠠᠵᠤ ᠢᠳᠡᠬᠦ ᠳ᠋ᠦ᠍ ᠲᠣᠰᠣᠯᠢᠭ ᠮᠥᠷᠲᠡᠭᠡᠨ ᠱᠠᠩᠳᠠᠬᠤ ᠦᠭᠡᠢ᠂ ᠣᠨᠴᠠ ᠱᠠᠩᠳᠠᠭᠤᠨ ᠠᠮᠲᠠᠲᠠᠢ᠃ ᠲᠡᠭᠦᠨ ᠢ᠋ ᠬᠡᠰᠡᠭᠯᠡᠨ ᠬᠡᠷᠴᠢᠵᠦ᠂ ᠦᠷ᠎ᠡ ᠶ᠋ᠢᠨ ᠲᠤᠰᠤᠨ᠎ᠠ ᠪᠣᠯᠭᠣᠵᠤ ᠰᠢᠬᠢᠷ ᠦ᠋ᠨ ᠵᠦᠢᠯ ᠬᠠᠴᠢᠷᠯᠠᠪᠠᠯ ᠨᠢᠭᠡᠨ ᠣᠨᠴᠠ ᠰᠠᠢᠬᠠᠨ ᠠᠮᠲᠠ ᠪᠦᠬᠦᠢ ᠵᠠᠭᠤᠰᠢ ᠪᠣᠯᠳᠠᠭ᠃ 
ᠲᠡᠮᠡᠭᠡᠨ ᠭᠦᠵᠡᠭᠡ  
       ᠲᠡᠮᠡᠭᠡᠨ ᠦ᠌ ᠢᠳᠡᠭᠰᠡᠨ ᠶᠠᠭᠤᠮ᠎ᠠ ᠶ᠋ᠢ ᠠᠭᠤᠯᠳᠠᠭ ᠰᠠᠪᠠ᠃ ᠲᠡᠮᠡᠭᠡᠨ ᠭᠦᠵᠡᠭᠡ ᠨᠢ ᠨᠢᠭᠡᠨ ᠳᠠᠪᠬᠤᠷᠭ᠎ᠠ ᠬᠤᠵᠢᠷᠬᠠᠢ᠂ ᠨᠢᠭᠡᠨ ᠳᠠᠪᠬᠤᠷᠭ᠎ᠠ ᠥᠭᠡᠬᠦ ᠮᠡᠲᠦ ᠪᠡᠷ 4 ᠂ 5 ᠳᠠᠪᠬᠤᠷ ᠠᠯᠬᠠᠯᠠᠨ ᠪᠦᠲᠦᠭᠰᠡᠨ ᠪᠠᠢᠳᠠᠭ᠃ ᠴᠡᠪᠡᠷᠯᠡᠭᠡᠳ ᠴᠢᠨᠠᠵᠤ ᠦᠨᠦᠷ ᠠᠮᠲᠠᠲᠠᠨ ᠢ᠋ ᠬᠠᠴᠢᠷᠯᠠᠪᠠᠯ ᠣᠳᠣᠬᠢ ᠶ᠋ᠢᠨ ᠪᠠᠰᠠ ᠨᠢᠭᠡᠨ ᠠᠮᠲᠠᠲᠠᠢ ᠵᠠᠭᠤᠰᠢ ᠪᠣᠯᠳᠠᠭ᠃ ᠲᠡᠮᠡᠭᠡᠨ ᠬᠣᠳᠣᠭᠣᠳᠣ᠂ ᠭᠦᠵᠡᠭᠡ ᠶ᠋ᠢ ᠴᠢᠨᠠᠵᠤ ᠢᠳᠡᠪᠡᠯ ᠡᠰᠡ ᠰᠢᠩᠭᠡᠭᠰᠡᠨ ᠬᠣᠣᠷ ᠢ᠋ ᠠᠯᠳᠠᠷᠠᠭᠠᠵᠤ ᠰᠢᠩᠭᠡᠯᠲᠡ ᠶ᠋ᠢ ᠰᠠᠢᠵᠢᠷᠠᠭᠤᠯᠬᠤ ᠦᠢᠯᠡᠳᠦᠯ ᠲᠡᠢ ᠭᠡᠵᠦ ᠪᠣᠢ᠃ 
ᠲᠡᠮᠡᠭᠡᠨ ᠰᠦ 
       ᠲᠡᠮᠡᠭᠡᠨ ᠦ᠌ ᠰᠦ ᠪᠡᠷ ᠴᠠᠭᠠᠨ ᠢᠳᠡᠭᠡ ᠬᠢᠳᠡᠭ ᠃ ᠴᠠᠢ ᠨᠡᠢᠯᠡᠭᠦᠯᠬᠦ ᠳ᠋ᠦ᠍ ᠬᠤᠪᠠᠨ ᠰᠢᠷ᠎ᠠ ᠪᠣᠯᠵᠤ ᠬᠣᠷᠣᠬᠠᠢ ᠪᠣᠰᠬᠠᠳᠠᠭ᠃ ᠬᠠᠮᠤᠭ ᠤ᠋ᠨ ᠰᠠᠢᠬᠠᠨ ᠨᠢ ᠲᠡᠮᠡᠭᠡᠨ ᠠᠭᠠᠷᠤᠤᠯ ᠪᠣᠯᠤᠨ᠎ᠠ᠃ ᠬᠡᠵᠢᠶᠡᠳᠡ ᠬᠠᠲᠠᠬᠤ ᠦᠭᠡᠢ ᠮᠥᠷᠲᠡᠭᠡᠨ ᠲᠣᠰᠣ ᠳᠠᠭᠠᠭᠠᠭᠠᠳ ᠢᠳᠡᠬᠦ ᠳ᠋ᠦ᠍ ᠬᠡᠦᠷᠡᠭ ᠪᠠᠢᠳᠠᠭ᠃ 
ᠲᠡᠮᠡᠭᠡᠨ ᠬᠣᠷᠭᠣᠯ    ᠠᠷᠭᠠᠯ ᠠ᠋ᠴᠠ ᠳᠤᠲᠠᠬᠤ ᠦᠭᠡᠢ ᠲᠦᠯᠡᠰᠢ ᠪᠣᠯᠳᠠᠭ ᠃    

               ᠬᠣᠨᠢᠨ ᠤ᠋ ᠪᠡᠶ᠎ᠡ ᠡᠴᠡ ᠭᠠᠷᠬᠤ ᠭᠠᠷᠤᠯᠲᠠ ᠶ᠋ᠢᠨ ᠵᠦᠢᠯ 

ᠬᠣᠨᠢᠨ ᠤᠩᠭᠠᠰᠤ   
       ᠬᠣᠨᠢᠨ ᠤ᠋ ᠪᠡᠶ᠎ᠡ ᠳ᠋ᠦ᠍ ᠤᠷᠭᠤᠭᠰᠠᠨ ᠤᠷᠲᠤ ᠵᠥᠭᠡᠯᠡᠨ ᠨᠣᠣᠰᠣ᠃ ᠡᠷᠲᠡ ᠳ᠋ᠡᠭᠡᠨ ᠢᠰᠡᠭᠡᠢ ᠬᠢᠬᠦ᠂ ᠳᠡᠭᠡᠰᠦ ᠲᠠᠮᠤᠬᠤ ᠵᠡᠷᠭᠡ ᠪᠡᠷ ᠭᠡᠷ ᠪᠦᠷᠢᠵᠦ᠂ ᠳᠡᠪᠢᠰᠴᠦ ᠡᠳ᠋ᠯᠡᠵᠦ ᠪᠠᠢᠵᠠᠢ᠃ ᠣᠳᠣ ᠨᠣᠣᠰᠣᠨ ᠦᠢᠯᠡᠳᠪᠦᠷᠢ ᠶ᠋ᠢᠨ ᠪᠠᠶᠠᠯᠢᠭ ᠲᠦᠭᠦᠬᠡᠢ ᠮᠠᠲ᠋ᠧᠷᠢᠶᠠᠯ ᠪᠣᠯᠵᠠᠢ᠃ 
ᠠᠬᠤᠷ ᠤ᠋ᠨ ᠤᠩᠭᠠᠰᠤ 
       ᠬᠣᠨᠢᠨ ᠤ᠋ ᠨᠠᠮᠤᠷ ᠲᠤ᠌ ᠬᠢᠷᠭᠠᠭᠳᠠᠭᠰᠠᠨ ᠤᠩᠭᠠᠰᠤ ᠂ ᠮᠠᠰᠢ ᠰᠠᠢᠨ ᠴᠢᠨᠠᠷ ᠤ᠋ᠨ ᠤᠩᠭᠠᠰᠤ᠃ 
ᠤᠷᠲᠤ ᠶ᠋ᠢᠨ ᠤᠩᠭᠠᠰᠤ    ᠬᠠᠪᠤᠷ ᠤ᠋ᠨ ᠰᠡᠭᠦᠯ ᠂ ᠵᠤᠨ ᠤ᠋ ᠡᠬᠢᠨ᠎ᠡ ᠬᠢᠷᠭᠠᠭᠳᠠᠭᠰᠠᠨ ᠤᠩᠭᠠᠰᠤ᠃ 
ᠤᠩᠭᠠᠰᠤ ᠰᠠᠪᠠᠬᠤ     ᠤᠩᠭᠠᠰᠤ ᠶ᠋ᠢ ᠰᠠᠪᠠᠭ᠎ᠠ ᠪᠠᠷ ᠲᠡᠯᠡᠳᠦᠯᠬᠢᠯᠡᠨ ᠬᠥᠪᠦᠩᠵᠢᠭᠦᠯᠬᠦ᠃ 
ᠤᠩᠭᠠᠰᠤ ᠨᠤᠮᠤᠳᠠᠬᠤ
       ᠲᠤᠰᠬᠠᠢ ᠬᠢᠭᠰᠡᠨ ᠬᠥᠪᠴᠢᠬᠦᠷ ᠢ᠋ᠶ᠋ᠡᠷ ᠤᠩᠭᠠᠰᠤ ᠶ᠋ᠢ ᠬᠥᠪᠴᠢᠳᠡᠨ ᠬᠥᠪᠦᠩᠵᠢᠭᠦᠯᠬᠦ᠃ 
ᠤᠩᠭᠠᠰᠤ ᠤᠷᠠᠬᠤ       ᠨᠣᠣᠰᠣ ᠶ᠋ᠢ ᠭᠠᠷ ᠢ᠋ᠶ᠋ᠠᠷ ᠰᠡᠮᠡᠴᠢᠬᠦ ᠃ 
ᠤᠩᠭᠠᠰᠤ ᠵᠣᠯᠠᠬᠤ 
       ᠢᠰᠡᠭᠡᠢ ᠬᠢᠬᠦ ᠪᠡᠷ ᠨᠢᠮᠭᠡᠨ ᠵᠤᠵᠠᠭᠠᠨ ᠢ᠋ ᠨᠢ ᠲᠠᠭᠠᠷᠠᠭᠤᠯᠵᠤ ᠤᠷᠠᠵᠤ ᠲᠠᠯᠪᠢᠬᠤ ᠃  
ᠲᠡᠬᠢ ( ᠳᠠᠭᠠᠬᠢ )   ᠰᠢᠷᠢᠯᠳᠦᠭᠰᠡᠨ ᠦᠰᠦ ᠤᠩᠭᠠᠰᠤ ᠪᠤᠶᠤ ᠬᠢᠯᠭᠠᠰᠤ ᠵᠡᠷᠭᠡ᠃  
ᠲᠡᠬᠢ ᠪᠡᠨ ᠭᠡᠭᠡᠬᠦ 
       ᠮᠠᠯ ᠭᠥᠷᠦᠭᠡᠰᠦᠨ ᠦ᠌ ᠬᠠᠭᠤᠴᠢᠨ ᠬᠠᠭᠳᠠ ᠦᠰᠦ ᠪᠡᠨ ᠬᠠᠯᠠᠬᠤ᠃ ᠲᠡᠬᠢ ᠳᠣᠲᠣᠷ᠎ᠠ ᠬᠦᠯᠦᠭ ᠂ ᠳᠠᠬᠤ ᠳᠣᠲᠣᠷ᠎ᠠ ᠪᠠᠭᠠᠲᠤᠷ ᠂ ᠠᠭᠲᠠ ᠶ᠋ᠢ ᠪᠦᠦ ᠴᠢᠮᠠᠯᠠ ᠂ ᠡᠷ᠎ᠡ ᠶ᠋ᠢ ᠪᠦᠦ ᠪᠠᠰᠤ ᠭᠡᠰᠡᠨ ᠵᠦᠢᠷ ᠦᠭᠡ ᠪᠣᠢ᠃ 
ᠬᠣᠨᠢᠨ ᠠᠷᠠᠰᠤ 
       ᠬᠣᠨᠢᠨ ᠤ᠋ ᠪᠡᠶ᠎ᠡ ᠶ᠋ᠢᠨ ᠭᠠᠳᠠᠭᠤᠷᠬᠢ ᠪᠦᠷᠬᠦᠭᠦᠯ ᠬᠥᠷᠥᠰᠥ ᠃ ᠢᠳᠡᠭᠡᠯᠡᠵᠦ ᠡᠯᠳᠡᠭᠡᠳ ᠮᠠᠯᠠᠭᠠᠢ ᠳᠡᠪᠡᠯ ᠂ ᠥᠮᠥᠳᠥ᠂ ᠬᠥᠨᠵᠢᠯᠡ ᠵᠡᠷᠭᠡ ᠶ᠋ᠢ ᠦᠢᠯᠡᠳᠴᠦ ᠡᠳ᠋ᠯᠡᠳᠡᠭ ᠃ ᠣᠳᠣ ᠪᠣᠯ ᠡᠯᠳᠡᠪ ᠵᠢᠰᠦᠮ ᠢ᠋ᠶ᠋ᠡᠷ ᠦᠢᠯᠡᠳᠴᠦ ᠰᠣᠨᠢᠨ ᠰᠡᠪᠡᠭᠦᠨ ᠡᠳ᠋ᠯᠡᠯ ᠬᠢᠵᠦ ᠪᠣᠢ ᠃ ᠠᠷᠠᠰᠤ ᠰᠢᠷᠢ ᠶ᠋ᠢᠨ ᠦᠢᠯᠡᠳᠪᠦᠷᠢ ᠶ᠋ᠢᠨ ᠲᠦᠭᠦᠬᠡᠢ ᠪᠠᠶᠠᠯᠢᠭ ᠮᠠᠲ᠋ᠧᠷᠢᠶᠠᠯ ᠪᠣᠯᠵᠤ ᠪᠣᠢ᠃ 
ᠬᠣᠨᠢᠨ ᠮᠢᠬ᠎ᠠ 
       ᠬᠣᠨᠢᠨ ᠤ᠋ ᠶᠠᠰᠤ ᠂ ᠠᠷᠠᠰᠤ ᠬᠣᠶᠠᠷ ᠤ᠋ᠨ ᠵᠠᠪᠰᠠᠷ ᠲᠠᠬᠢ ᠨᠡᠬᠡᠳᠡᠰᠦ᠃ ᠬᠣᠨᠢᠨ ᠮᠢᠬ᠎ᠠ ᠪᠣᠯ ᠮᠢᠬᠠᠨ ᠳᠣᠲᠣᠷ᠎ᠠ ᠬᠠᠮᠤᠭ ᠤ᠋ᠨ ᠠᠮᠲᠠᠲᠠᠢ᠂ ᠬᠠᠮᠤᠭ ᠤ᠋ᠨ ᠡᠷᠬᠢᠮ ᠪᠣᠯᠵᠤ ᠪᠡᠯᠡᠭ᠂ ᠳᠠᠢᠯᠠᠯᠭ᠎ᠠ ᠶ᠋ᠢᠨ ᠡᠮᠦᠨ᠎ᠡ ᠶᠠᠪᠤᠳᠠᠭ᠃ ᠭᠠᠭᠴᠠ ᠬᠣᠨᠢᠨ ᠤᠭᠤᠴᠠᠨ ᠳ᠋ᠤ᠌ 7 - 8 ᠵᠦᠢᠯ ᠪᠠᠢᠳᠠᠭ᠃ ᠬᠣᠨᠢᠨ ᠮᠢᠬ᠎ᠠ ᠱᠥᠯᠥ ᠳ᠋ᠡᠭᠡᠨ ᠲᠤᠯᠲᠠᠯ᠎ᠠ ᠬᠥᠮᠦᠨ ᠦ᠌ ᠪᠡᠶ᠎ᠡ ᠳ᠋ᠦ᠍ ᠰᠢᠮ᠎ᠡ ᠠᠴᠢ ᠪᠣᠯᠳᠠᠭ᠃ ᠤᠯᠠᠭᠠᠨ ᠢᠳᠡᠭᠡᠨ ᠳ᠋ᠦ᠍ ᠨᠠᠷᠢᠨ ᠶᠠᠷᠢᠭᠰᠠᠨ ᠲᠤᠯᠠ ᠡᠨᠳᠡ ᠣᠯᠠᠨ ᠳᠠᠪᠲᠠᠬᠤ ᠦᠭᠡᠢ᠃ 
ᠬᠣᠨᠢᠨ ᠥᠭᠡᠬᠦ 
       ᠬᠣᠨᠢᠨ ᠤ᠋ ᠪᠡᠶ᠎ᠡ ᠳ᠋ᠦ᠍ ᠮᠢᠬ᠎ᠠ ᠲᠠᠢ ᠠᠯᠬᠠᠯᠠᠨ ᠪᠠᠢᠭ᠎ᠠ ᠪᠤᠶᠤ ᠭᠡᠳᠡᠰᠦᠨ ᠳᠡᠭᠡᠷ᠎ᠡ ᠨᠥᠮᠥᠷᠴᠦ ᠪᠦᠬᠦᠢ ᠨᠢᠮᠭᠡᠨ ᠪᠠᠢᠭ᠎ᠠ ᠲᠣᠰᠣᠯᠢᠭ ᠵᠦᠢᠯ᠃ ᠰᠢᠮ᠎ᠡ ᠲᠡᠵᠢᠭᠡᠯ ᠢ᠋ᠶ᠋ᠡᠷ ᠪᠠᠶᠠᠯᠢᠭ ᠡᠳ᠋᠂ ᠲᠣᠰᠣ ᠶ᠋ᠢ ᠨᠢ ᠰᠢᠬᠠᠨ ᠠᠪᠴᠤ ᠂ ᠪᠣᠭᠣᠷᠰᠣᠭ ᠬᠠᠭᠠᠷᠢᠬᠤ ᠂ ᠨᠣᠭᠣᠭ᠎ᠠ ᠴᠠᠭ᠎ᠠ ᠬᠠᠭᠤᠷᠬᠤ ᠵᠡᠷᠭᠡ ᠳ᠋ᠦ᠍ ᠡᠷᠬᠢᠮ ᠡᠳ᠋᠃ ᠡᠭᠦᠨ ᠡᠴᠡ ᠭᠠᠳᠠᠨ᠎ᠠ ᠰᠠᠪᠤᠩ ᠂ ᠭᠠᠨᠶᠢᠤ ᠂ ᠡᠯ᠎ᠡ ᠵᠦᠢᠯ ᠦ᠋ᠨ ᠥᠭᠡᠬᠦᠨ ᠬᠦᠴᠢᠯ ᠂ ᠳᠤᠰᠤᠯᠠᠬᠤ ᠲᠣᠰᠣ ᠬᠢᠬᠦ ᠴᠢᠬᠤᠯᠠ ᠲᠦᠭᠦᠬᠡᠢ ᠡᠳ᠋ ᠪᠣᠯᠤᠨ᠎ᠠ᠃ 
ᠬᠣᠨᠢᠨ ᠰᠦ 
       ᠬᠣᠨᠢᠨ ᠤ᠋ ᠬᠥᠬᠥᠨ ᠡᠴᠡ ᠭᠠᠷᠬᠤ ᠴᠠᠭᠠᠨ ᠰᠢᠷᠠᠩᠭᠤᠢᠪᠲᠤᠷ ᠥᠩᠭᠡᠲᠡᠢ ᠰᠢᠩᠭᠡᠨ ᠵᠦᠢᠯ᠃ ᠮᠠᠨ ᠤ᠋ ᠮᠣᠩᠭᠣᠯᠴᠤᠳ ᠰᠦᠨ ᠢ᠋ ᠡᠷᠬᠢᠮᠯᠡᠨ ᠰᠠᠭᠠᠵᠤ  ᠲᠡᠭᠦᠨ ᠢ᠋ᠶ᠋ᠡᠷ ᠬᠤᠷᠤᠳ ᠂ ᠰᠢᠷ᠎ᠠ ᠲᠣᠰᠣ ᠂ ᠡᠭᠡᠵᠡᠭᠡᠢ ᠂ ᠠᠭᠠᠷᠤᠤᠯ ᠂ ᠴᠠᠭᠠᠨ ᠲᠣᠰᠣ ᠂ ᠵᠥᠭᠡᠬᠡᠢ ᠂ ᠥᠷᠥᠮ᠎ᠡ ᠂ ᠪᠢᠰᠢᠯᠡᠭ ᠂ ᠠᠢᠷᠠᠭ ᠂ ᠲᠠᠷᠠᠭ  ᠬᠢᠵᠦ ᠴᠠᠢ ᠰᠦᠯᠡᠬᠦ ᠮᠡᠲᠦ ᠪᠡᠷ ᠢᠳᠡᠰᠢ ᠶ᠋ᠢᠨ ᠢ᠋ᠶ᠋ᠡᠨ ᠬᠠᠭᠠᠰ ᠢ᠋ ᠬᠠᠩᠭᠠᠳᠠᠭ ᠃ ᠪᠠᠰᠠ ᠠᠷᠠᠰᠤ ᠰᠢᠷᠢ ᠢᠳᠡᠭᠡᠯᠡᠬᠦ ᠂ ᠣᠳᠣ ᠪᠣᠯ ᠰᠦ ᠶ᠋ᠢᠨ ᠦᠢᠯᠡᠳᠪᠦᠷᠢ ᠶ᠋ᠢᠨ  ᠲᠦᠭᠦᠬᠡᠢ ᠮᠠᠲ᠋ᠧᠷᠢᠶᠠᠯ ᠪᠣᠯᠵᠤ ᠪᠣᠢ᠃ 
ᠬᠣᠨᠢᠨ ᠤᠭᠤᠴᠠ   
       ᠨᠢᠷᠤᠭᠤᠨ ᠤ᠋ ᠰᠡᠭᠡᠷᠲᠦ ᠰᠦᠪᠡᠷᠭᠡ ᠡᠴᠡ ᠠᠬᠤᠷ ᠰᠡᠭᠦᠯ ᠬᠦᠷᠲᠡᠯᠡᠬᠢ ᠬᠡᠰᠡᠭ᠃ ᠳᠠᠢᠯᠠᠯᠭ᠎ᠠ ᠶ᠋ᠢᠨ ᠣᠬᠢ ᠂ ᠡᠷᠬᠢᠮ ᠬᠦᠨᠳᠦᠲᠦ ᠢᠳᠡᠭᠡᠨ᠃ 
ᠬᠣᠨᠢᠨ ᠡᠪᠴᠢᠭᠦᠦ 
       ᠴᠡᠭᠡᠵᠢᠨ ᠦ᠌ ᠳᠣᠣᠷᠠᠲᠤ ᠬᠡᠰᠡᠭ ᠂ ᠬᠡᠦᠬᠡᠨ ᠡᠷᠭᠢᠬᠦ ᠂ ᠡᠮᠡᠭᠲᠡᠢ ᠬᠥᠮᠦᠰ ᠢ᠋ ᠳᠠᠢᠯᠠᠬᠤ ᠳ᠋ᠤ᠌ ᠬᠡᠷᠡᠭᠯᠡᠬᠦ ᠡᠷᠬᠢᠮ ᠮᠢᠬ᠎ᠠ᠃ 
ᠬᠣᠨᠢᠨ ᠰᠡᠭᠦᠯ  
       ᠬᠣᠨᠢᠨ ᠤ᠋ ᠬᠣᠢᠲᠤ ᠲᠡᠭᠦᠰᠬᠡᠯ ᠦ᠋ᠨ ᠥᠭᠡᠬᠦᠯᠢᠭ ᠬᠡᠰᠡᠭ᠃ ᠤᠭᠤᠴᠠ ᠶ᠋ᠢᠨ ᠨᠡᠷ᠎ᠡ ᠲᠥᠷᠥ ᠶ᠋ᠢ ᠠᠪᠴᠤ ᠭᠠᠷᠬᠤ ᠬᠡᠰᠡᠭ᠃ ᠮᠣᠩᠭᠣᠯ ᠬᠣᠨᠢᠨ ᠤ᠋ ᠰᠡᠭᠦᠯ ᠭᠡᠭᠴᠢ ᠲᠠᠪᠠᠭ᠂ ᠰᠢᠷᠡᠭᠡ ᠳᠠᠪᠠᠵᠤ ᠪᠠᠭᠤᠭᠰᠠᠨ ᠪᠠᠢᠳᠠᠭ᠃ 
ᠬᠣᠨᠢᠨ ᠶᠠᠰᠤ 
       ᠬᠣᠨᠢᠨ ᠮᠢᠬᠠᠨ ᠤ᠋ ᠳᠣᠲᠣᠭᠠᠳᠤ ᠳ᠋ᠠᠬᠢ ᠬᠠᠲᠠᠭᠤ ᠵᠦᠢᠯ ᠃ ᠶᠠᠰᠤᠨ ᠦᠢᠯᠡᠳᠪᠦᠷᠢ ᠶ᠋ᠢᠨ ᠪᠠᠶᠠᠯᠢᠭ ᠮᠠᠲ᠋ᠧᠷᠢᠶᠠᠯ ᠃ ᠬᠣᠭᠢᠰᠣ ᠨᠢ ᠬᠦᠷᠲᠡᠯ᠎ᠡ ᠭᠡᠭᠡᠭᠳᠡᠰᠢ ᠦᠭᠡᠢ ᠡᠷᠭᠢᠮᠨᠡᠭᠳᠡᠵᠦ ᠪᠠᠢᠨ᠎ᠠ᠃ 
ᠬᠣᠨᠢᠨ ᠬᠣᠷᠭᠣᠯ 
       ᠲᠦᠯᠡᠰᠢ ᠪᠣᠯᠭᠠᠬᠤ ᠠ᠋ᠴᠠ ᠭᠠᠳᠠᠨ᠎ᠠ ᠲᠠᠷᠢᠶᠠᠯᠠᠩ ᠤ᠋ᠨ ᠣᠨᠴᠠ ᠰᠠᠢᠨ ᠪᠣᠷᠳᠣᠭᠤᠷ ᠪᠣᠯᠳᠠᠭ᠃ 
ᠴᠢᠰᠤ ᠂ ᠰᠥᠰᠥ ᠂ ᠨᠣᠢᠷ ᠂ ᠲᠠᠷᠢᠬᠢ 
       ᠬᠣᠨᠢ ᠢᠮᠠᠭᠠᠨ ᠤ᠋ ᠴᠢᠰᠤ ᠂ ᠰᠥᠰᠥ ᠂ ᠨᠣᠢᠷ ᠂ ᠲᠠᠷᠢᠬᠢᠨ ᠤ᠋ ᠠᠰᠢᠭ ᠰᠢᠮ᠎ᠡ ᠬᠢᠭᠡᠳ ᠬᠡᠷᠡᠭᠴᠡᠭᠡ ᠨᠢ ᠦᠬᠡᠷ ᠦ᠋ᠨ ᠬᠢ ᠲᠡᠢ ᠦᠨᠳᠦᠰᠦᠨ ᠳ᠋ᠡᠭᠡᠨ ᠠᠳᠠᠯᠢ ᠲᠤᠯᠠ ᠡᠨᠳᠡ ᠨᠤᠷᠰᠢᠬᠤ ᠦᠭᠡᠢ᠃ 
ᠡᠯᠢᠭᠡ  
       ᠬᠣᠨᠢ᠂ ᠢᠮᠠᠭᠠᠨ ᠤ᠋ ᠡᠯᠢᠭᠡ ᠪᠣᠯ ᠪᠡᠶ᠎ᠡ ᠶ᠋ᠢ ᠰᠠᠢᠵᠢᠷᠠᠭᠤᠯᠤᠨ ᠲᠡᠵᠢᠭᠡᠯ ᠨᠥᠬᠥᠪᠥᠷᠢᠯᠡᠬᠦ ᠪᠠ ᠨᠢᠳᠦ ᠶ᠋ᠢ ᠲᠣᠳᠣᠷᠠᠭᠤᠯᠬᠤ ᠦᠢᠯᠡᠳᠦᠯ ᠲᠡᠢ᠃ ᠲᠡᠢᠨ ᠬᠦ᠌  ᠨᠢᠳᠦᠨ ᠬᠠᠷᠠᠩᠭ᠎ᠠ᠂ ᠴᠢᠰᠤ ᠳᠤᠲᠠᠬᠤ ᠪᠠ ᠪᠡᠶ᠎ᠡ ᠲᠠᠮᠢᠷᠳᠠᠬᠤ ᠂ ᠡᠴᠡᠵᠦ ᠲᠤᠷᠠᠬᠤ ᠡᠪᠡᠳᠴᠢᠨ ᠢ᠋ ᠵᠠᠰᠠᠬᠤ ᠳ᠋ᠤ᠌ ᠬᠡᠷᠡᠭᠯᠡᠵᠦ ᠪᠣᠢ ᠃ ᠡᠯᠢᠭᠡ ᠪᠣᠯ ᠰᠢᠮ᠎ᠡ  ᠲᠡᠵᠢᠭᠡᠯ ᠢ᠋ᠶ᠋ᠡᠷ ᠪᠠᠶᠠᠯᠢᠭ ᠢᠳᠡᠭᠡᠨ᠃ 
ᠡᠪᠡᠷ  
       ᠬᠣᠨᠢᠨ ᠤ᠋ ᠡᠪᠡᠷ᠂ ᠵᠢᠷᠦᠬᠡᠨ ᠪᠤᠯᠴᠢᠩ ᠢ᠋ ᠬᠥᠭᠡᠷᠦᠭᠦᠯᠵᠦ ᠴᠢᠰᠤᠨ ᠳᠠᠷᠤᠯᠲᠠ ᠶ᠋ᠢ ᠪᠠᠭᠤᠷᠠᠭᠤᠯᠬᠤ ᠦᠢᠯᠡᠳᠦᠯ ᠲᠡᠢ᠃ ᠡᠢᠨ ᠬᠦ᠌ ᠬᠡᠷᠢᠰ ᠦ᠋ᠨ ᠡᠪᠡᠷ ᠢ᠋  ᠣᠷᠣᠯᠠᠭᠤᠯᠤᠨ ᠡᠮ ᠳ᠋ᠦ᠍ ᠣᠷᠣᠵᠤ ᠪᠣᠢ᠃  ᠢᠮᠠᠭᠠᠨ ᠤ᠋ ᠡᠪᠡᠷ ᠨᠢ ᠲᠠᠢᠳᠬᠤᠷᠠᠭᠤᠯᠤᠨ ᠠᠮᠤᠷᠵᠢᠭᠤᠯᠬᠤ ᠦᠢᠯᠡᠳᠦᠯ ᠢ᠋ᠶ᠋ᠡᠷ ᠰᠠᠢᠨ ᠤᠴᠢᠷ ᠤᠨᠠᠳᠠᠭ ᠡᠪᠡᠳᠴᠢᠨ ᠢ᠋ ᠵᠠᠰᠠᠬᠤ ᠡᠮ ᠨᠠᠢᠷᠠᠭᠤᠯᠵᠤ ᠪᠣᠢ᠃ 
ᠭᠡᠳᠡᠰᠦ  
       ᠬᠣᠨᠢ ᠢᠮᠠᠭᠠᠨ ᠤ᠋ ᠭᠡᠳᠡᠰᠦ ᠨᠢ ᠴᠢᠳᠬᠤᠵᠤ ᠢᠳᠡᠬᠦ ᠳ᠋ᠦ᠍ ᠰᠠᠢᠬᠠᠨ ᠠ᠋ᠴᠠ ᠭᠠᠳᠠᠨ᠎ᠠ᠂ ᠣᠳᠣ ᠢᠳᠡᠭᠡᠨ ᠦ᠌ ᠦᠢᠯᠡᠳᠪᠦᠷᠢ ᠳ᠋ᠦ᠍ ᠬᠢᠮ᠎ᠠ ᠪᠠ ᠪᠣᠷᠳᠣᠭᠰᠠᠨ  ᠭᠡᠳᠡᠰᠦᠨ ᠣ ᠬᠠᠯᠢᠰᠤ ᠬᠢᠬᠦ ᠵᠢᠴᠢ ᠴᠢᠪᠬᠠᠲᠠᠰᠤᠨ ᠤ᠋ ᠤᠲᠠᠰᠤ᠂ ᠪᠥᠮᠪᠦᠭᠡᠨ ᠲᠣᠣᠷ ᠂ ᠬᠥᠪᠥᠩ ᠦ᠋ᠨ ᠨᠤᠮᠤᠳᠠᠭᠤᠷ᠂ ᠬᠥᠭᠵᠢᠮ ᠦ᠋ᠨ ᠪᠠᠭᠠᠵᠢ᠂ ᠬᠤᠢᠪᠢ ᠵᠡᠷᠭᠡ  ᠶ᠋ᠢ ᠬᠢᠵᠦ ᠪᠣᠢ᠃ ᠡᠮᠨᠡᠯᠭᠡ ᠳ᠋ᠦ᠍ ᠰᠢᠷᠬ᠎ᠠ ᠣᠶᠣᠬᠤ ᠤᠲᠠᠰᠤ ᠬᠢᠳᠡᠭ᠃ 
ᠬᠡᠪᠡᠯᠢ ᠳ᠋ᠡᠬᠢ ᠬᠤᠷᠠᠭ᠎ᠠ ᠢᠰᠢᠭᠡ 
       ᠡᠮ ᠦ᠋ᠨ ᠦᠢᠯᠡᠳᠪᠦᠷᠢ ᠳ᠋ᠦ᠍ ᠬᠡᠷᠡᠭᠯᠡᠳᠡᠭ ᠃ ᠨᠠᠢᠷᠠᠭᠤᠯᠤᠭᠰᠠᠨ ᠡᠮ ᠨᠢ ᠠᠭᠤᠰᠬᠢᠨ ᠤ᠋ ᠰᠦᠷᠢᠶ᠎ᠡ ᠪᠠ ᠲᠠᠮᠢᠷᠳᠠᠨ ᠮᠠᠭᠤᠵᠢᠷᠠᠵᠤ ᠬᠠᠨᠢᠶᠠᠬᠤ ᠡᠪᠡᠳᠴᠢᠨ ᠢ᠋ ᠵᠠᠰᠠᠳᠠᠭ᠃ 
ᠶᠠᠰᠤ  
       ᠬᠣᠨᠢ ᠢᠮᠠᠭᠠᠨ ᠤ᠋ ᠶᠠᠰᠤ ᠨᠢ ᠡᠮ ᠦ᠋ᠨ ᠦᠢᠯᠡᠳᠪᠦᠷᠢ ᠳ᠋ᠦ᠍ ᠲᠦᠭᠦᠬᠡᠢ ᠮᠠᠲ᠋ᠧᠷᠢᠶᠠᠯ ᠪᠣᠯᠳᠠᠭ᠃ ᠨᠠᠢᠷᠠᠭᠤᠯᠤᠭᠰᠠᠨ ᠡᠮ ᠨᠢ ᠨᠢᠷᠤᠭᠤ ᠡᠪᠡᠳᠬᠦ᠂ ᠰᠢᠷᠪᠥᠰᠥ ᠲᠠᠲᠠᠯᠳᠤᠬᠤ᠂ ᠨᠢᠷᠤᠭᠤ ᠡᠪᠦᠳᠦᠭ ᠬᠦᠴᠦ ᠥᠬᠡᠢ᠂ ᠴᠢᠰᠤᠨ ᠢᠯᠲᠠᠰᠤ ᠪᠠᠭᠠᠰᠬᠤ ᠴᠢᠨᠠᠷ ᠪᠦᠬᠦᠢ ᠪᠤᠶᠤ ᠲᠣᠯᠪᠣ ᠭᠠᠷᠬᠤ ᠪᠠ ᠲᠥᠷᠥᠬᠦ ᠨᠢ ᠮᠠᠭᠤᠳᠠᠬᠤ ᠴᠢᠰᠤ ᠳᠤᠲᠠᠬᠤ ᠡᠪᠡᠳᠴᠢᠨ ᠢ᠋ ᠵᠠᠰᠠᠳᠠᠭ᠃ ᠪᠤᠰᠤᠳ ᠨᠢ ᠦᠬᠡᠷ ᠦ᠋ᠨ ᠬᠢ ᠲᠡᠢ ᠠᠳᠠᠯᠢ᠃  

               ᠢᠮᠠᠭᠠᠨ ᠤ᠋ ᠪᠡᠶ᠎ᠡ ᠡᠴᠡ ᠭᠠᠷᠬᠤ ᠭᠠᠷᠤᠯᠲᠠ ᠶ᠋ᠢᠨ ᠵᠦᠢᠯ 

       ᠢᠮᠠᠭᠠᠨ ᠤ᠋ ᠪᠡᠶ᠎ᠡ ᠡᠴᠡ ᠭᠠᠷᠬᠤ ᠭᠠᠷᠤᠯᠲᠠ ᠨᠢ ᠦᠨᠳᠦᠰᠦᠨ ᠳ᠋ᠡᠭᠡᠨ ᠬᠣᠨᠢᠨ ᠠ᠋ᠴᠠ ᠭᠠᠷᠬᠤ ᠭᠠᠷᠤᠯᠲᠠ ᠲᠠᠢ ᠠᠳᠠᠯᠢ ᠪᠠᠢᠳᠠᠭ᠃ ᠲᠡᠢᠨ ᠬᠦ᠌ ᠡᠨᠳᠡ ᠢᠯᠡᠭᠦᠦ ᠨᠤᠷᠰᠢᠬᠤ ᠦᠭᠡᠢ ᠃ ᠭᠡᠪᠡᠴᠦ ᠬᠣᠨᠢᠨ ᠳ᠋ᠤ᠌ ᠪᠠᠢᠬᠤ ᠦᠭᠡᠢ ᠣᠨᠴᠠᠭᠠᠢ ᠭᠠᠷᠤᠯᠲᠠ ᠶ᠋ᠢ ᠨᠢ ᠡᠨᠳᠡ ᠨᠥᠬᠥᠶ᠎ᠡ᠃ 
ᠢᠮᠠᠭᠠᠨ ᠰᠤᠷ  
       ᠢᠮᠠᠭᠠᠨ ᠤ᠋ ᠨᠣᠣᠯᠣᠭᠤᠷ ᠠ᠋ᠴᠠ ᠳᠡᠭᠡᠭᠰᠢ ᠭᠠᠷᠴᠤ ᠤᠷᠭᠤᠭᠰᠠᠨ ᠤᠷᠲᠤ ᠰᠢᠷᠦᠭᠦᠨ ᠦᠰᠦ᠃ ᠡᠨᠡ ᠮᠥᠨ ᠦᠢᠯᠡᠳᠪᠦᠷᠢ ᠶ᠋ᠢᠨ ᠲᠦᠭᠦᠬᠡᠢ ᠡᠳ᠋᠃ 
ᠢᠮᠠᠭᠠᠨ ᠤ᠋ ᠨᠣᠣᠯᠣᠭᠤᠷ  
       ᠢᠮᠠᠭᠠᠨ ᠤ᠋ ᠪᠡᠶ᠎ᠡ ᠳ᠋ᠦ᠍ ᠤᠷᠭᠤᠭᠰᠠᠨ ᠨᠠᠷᠢᠨ ᠵᠥᠭᠡᠯᠡᠨ ᠨᠢᠭᠲᠠ ᠦᠰᠦ᠃ ᠨᠣᠣᠰᠣᠨ ᠦᠢᠯᠡᠳᠪᠦᠷᠢ ᠶ᠋ᠢᠨ ᠬᠠᠮᠤᠭ ᠤ᠋ᠨ ᠡᠷᠬᠢᠮ ᠨᠠᠨᠳᠢᠨ ᠲᠦᠭᠦᠬᠡᠢ ᠮᠠᠲ᠋ᠧᠷᠢᠶᠠᠯ ᠪᠣᠯᠤᠨ᠎ᠠ᠃ 
ᠢᠮᠠᠭᠠᠨ ᠰᠠᠬᠠᠯ  
       ᠢᠮᠠᠭᠠᠨ ᠤ᠋ ᠡᠷᠡᠦ ᠳᠣᠣᠷ᠎ᠠ ᠤᠷᠭᠤᠭᠰᠠᠨ ᠤᠷᠲᠤ ᠦᠰᠦ᠃ ᠦᠢᠯᠡᠳᠪᠦᠷᠢ ᠶ᠋ᠢᠨ ᠡᠷᠬᠢᠮ ᠴᠢᠬᠤᠯᠠ ᠲᠦᠭᠦᠬᠡᠢ ᠡᠳ᠋᠃ 
ᠢᠮᠠᠭᠠᠨ ᠰᠡᠭᠦᠯ ᠦ᠋ᠨ ᠬᠢᠯᠭᠠᠰᠤ   
       ᠢᠮᠠᠭᠠᠨ ᠰᠡᠭᠦᠯ ᠳ᠋ᠦ᠍ ᠤᠷᠭᠤᠭᠰᠠᠨ ᠤᠷᠲᠤ ᠦᠰᠦ᠃ ᠦᠢᠯᠡᠳᠪᠦᠷᠢ ᠳ᠋ᠦ᠍ ᠬᠡᠷᠡᠭᠯᠡᠬᠦ ᠬᠣᠪᠣᠷ ᠴᠤᠬᠠᠭ ᠲᠦᠭᠦᠬᠡᠢ ᠡᠳ᠋ ᠦ᠋ᠨ ᠨᠢᠭᠡ᠃