ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 15 > Хөх зул – Боржигон Ванжал –"Тав ᠂ Таван хошуу малын бүлэг " 15 . ᠲᠠᠪᠤᠨ ᠬᠣᠰᠢᠭᠤ ᠮᠠᠯ ᠤᠨ ᠡᠳ᠋ᠯᠡᠯ ᠬᠡᠷᠡᠭᠰᠡᠯТаван хошуу ма ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 15 > Хөх зул – Боржигон Ванжал –"Тав ᠂ Таван хошуу малын бүлэг " 15 . ᠲᠠᠪᠤᠨ ᠬᠣᠰᠢᠭᠤ ᠮᠠᠯ ᠤᠨ ᠡᠳ᠋ᠯᠡᠯ ᠬᠡᠷᠡᠭᠰᠡᠯТаван хошуу ма

ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 15 > Хөх зул – Боржигон Ванжал –"Тав ᠂ Таван хошуу малын бүлэг " 15 . ᠲᠠᠪᠤᠨ ᠬᠣᠰᠢᠭᠤ ᠮᠠᠯ ᠤᠨ ᠡᠳ᠋ᠯᠡᠯ ᠬᠡᠷᠡᠭᠰᠡᠯТаван хошуу ма

ᠠᠩᠭᠢᠯᠠᠯ:ᠵᠠᠩ ᠦᠢᠯᠡ
2023-12-23

316

ᠲᠠᠪᠤ ᠂ ᠲᠠᠪᠤᠨ ᠬᠣᠰᠢᠭᠤ ᠮᠠᠯ ᠤᠨ ᠪᠦᠯᠦᠭ – 15

ᠲᠠᠪᠤᠨ ᠬᠣᠰᠢᠭᠤ ᠮᠠᠯ ᠤᠨ ᠡᠳ᠋ᠯᠡᠯ ᠬᠡᠷᠡᠭᠰᠡᠯ Таван хошуу малын эдлэл хэрэгсэл


               ᠠᠳᠤᠭᠤᠨ ᠤ᠋ ᠡᠳ᠋ᠯᠡᠯ ᠦ᠋ᠨ ᠵᠦᠢᠯ 

ᠤᠷᠭ᠎ᠠ     ᠠᠳᠤᠭᠤ ᠪᠠᠷᠢᠯᠠᠬᠤ ᠮᠣᠳᠣᠨ ᠵᠡᠪᠰᠡᠭ᠃ 
ᠶᠣᠵᠣᠭᠣᠷ  
       ᠤᠷᠭ᠎ᠠ ᠶ᠋ᠢᠨ ᠤᠵᠠᠭᠤᠷ ᠂ ᠤᠭ ᠡᠰᠢ᠃ ᠬᠣᠣᠰ ᠠᠯᠲᠠ ( ᠰᠠᠢᠨ ᠡᠷ᠎ᠡ ᠶ᠋ᠢᠨ ᠭᠤᠷᠪᠠᠨ ᠠᠯᠲᠠ ᠪᠠᠢᠳᠠᠭ ) ᠬᠢᠷᠢ ᠤᠷᠲᠤ ᠭᠤᠯᠢᠷ ᠤ᠋ᠨ ᠮᠣᠳᠣᠨ  ᠠ᠋ᠴᠠ ᠨᠠᠷᠢᠪᠲᠤᠷ ᠮᠣᠳᠣ ᠃ 
ᠴᠢᠮᠥᠭᠡ   
       ᠶᠣᠵᠣᠭᠣᠷ ᠤ᠋ᠨ ᠣᠷᠣᠢ ᠳ᠋ᠤ᠌ ᠵᠠᠯᠭᠠᠭᠰᠠᠨ ᠬᠣᠶᠠᠷ ᠲᠣᠬᠣᠢ ᠬᠢᠷᠢ ᠤᠷᠲᠤ ᠂ ᠡᠷᠡᠬᠡᠢ ᠬᠤᠷᠤᠭᠤᠨ ᠤ᠋ ᠴᠢᠨᠡᠭᠡ ᠪᠦᠳᠦᠭᠦᠨ ᠮᠣᠳᠣ ᠃ ᠴᠢᠮᠥᠭᠡ ᠨᠢ ᠠᠬᠤᠷ  ᠤᠷᠭ᠎ᠠ ᠴᠡᠴᠡᠨ ᠪᠠᠢᠳᠠᠭ᠃ 
ᠦᠵᠦᠭᠦᠷ  
       ᠵᠠᠷᠢᠮ ᠭᠠᠵᠠᠷ ᠤᠷᠭᠠᠨ ᠴᠡᠭᠡᠵᠢ ᠭᠡᠳᠡᠭ ᠃ ᠴᠢᠮᠦᠭᠡᠨ ᠦ᠌ ᠣᠷᠣᠢ ᠳ᠋ᠤ᠌ ᠵᠠᠯᠭᠠᠭᠰᠠᠨ ᠨᠠᠷᠢᠨ ᠤᠷᠲᠤ ᠪᠤᠷᠭᠠᠰᠤ ᠪᠤᠶᠤ ᠴᠠᠢᠷ ᠤ᠋ᠨ ᠮᠣᠳᠣ᠃ 
ᠪᠣᠯᠴᠤᠤ  
       ᠤᠷᠭᠠᠨ ᠶᠣᠵᠣᠭᠣᠷ ᠤ᠋ᠨ ᠤᠭ ᠲᠤ᠌ ᠲᠠᠭᠠᠷᠠᠭᠤᠯᠤᠭᠰᠠᠨ ᠳᠡᠭᠡᠭ ᠃ ᠡᠨᠡ ᠨᠢ ᠭᠣᠣᠯᠳᠠᠭᠤ ᠮᠣᠳᠣ ᠬᠣᠪᠣᠷ ᠪᠠᠷᠠᠭᠤᠨ ᠣᠷᠣᠨ ᠤ᠋ ᠠᠳᠤᠭᠤᠴᠢᠳ ᠲᠤ᠌ ᠬᠠᠷᠠᠭᠳᠠᠳᠠᠭ ᠃ ᠲᠡᠳᠡ ᠤᠷᠭ᠎ᠠ ᠪᠠᠨ ᠰᠤᠭᠤᠪᠴᠢᠯᠠᠵᠤ ᠶᠠᠪᠤᠬᠤ ᠠ᠋ᠴᠠ ᠪᠢᠰᠢ ᠴᠢᠷᠳᠡᠭ ᠦᠭᠡᠢ᠃ 
ᠬᠤᠢᠪᠢ    ᠤᠷᠭᠠᠨ ᠳ᠋ᠠᠭᠠᠨ ᠲᠣᠬᠢᠶᠠᠭᠰᠠᠨ ᠨᠠᠷᠢᠨ ᠤᠷᠲᠤ ᠰᠤᠷ ᠪᠤᠶᠤ ᠰᠢᠷᠪᠦᠰᠦᠨ ᠣᠭᠣᠰᠣᠷ᠃ 
ᠰᠤᠷ ᠬᠤᠢᠪᠢ     ᠰᠤᠷ ᠢ᠋ᠶ᠋ᠠᠷ ᠭᠤᠷᠮᠤᠰᠤᠯᠠᠭᠰᠠᠨ ᠨᠠᠷᠢᠨ ᠤᠷᠲᠤ ᠣᠭᠣᠰᠣᠷ᠃ 
ᠰᠢᠷᠪᠦᠰᠦᠨ ᠬᠤᠢᠪᠢ   
       ᠪᠣᠯᠪᠠᠰᠤᠷᠠᠭᠤᠯᠤᠭᠰᠠᠨ ᠰᠢᠷᠪᠥᠰᠥ ᠶ᠋ᠢ ᠭᠤᠷᠮᠤᠰᠤᠯᠠᠨ ᠡᠷᠴᠢᠮᠯᠡᠭᠰᠡᠨ ᠨᠠᠷᠢᠨ ᠤᠷᠲᠤ ᠣᠭᠣᠰᠣᠷ ᠃ 
ᠴᠠᠯᠮ᠎ᠠ 
       ᠳᠡᠭᠡᠰᠦᠨ ᠦ᠌ ᠨᠢᠭᠡ ᠦᠵᠦᠭᠦᠷ ᠲᠦ᠋ᠨᠢ ᠪᠢᠳᠡᠭᠦᠪᠴᠢ ᠭᠠᠷᠭᠠᠨ ᠨᠥᠭᠦᠭᠡ ᠦᠵᠦᠭᠦᠷ ᠢ᠋ ᠨᠢ ᠰᠢᠷᠭᠤᠭᠤᠯᠤᠨ ᠮᠣᠷᠢᠨ ᠤ᠋ ᠲᠣᠯᠣᠭᠠᠢ ᠪᠠᠭᠲᠠᠬᠤ ᠬᠢᠷᠢ ᠴᠠᠭᠠᠷᠢᠭ ᠪᠣᠯᠭᠠᠨ ᠡᠪᠬᠢᠨ ᠪᠠᠷᠢᠭᠠᠳ ᠰᠢᠳᠡᠬᠦ ᠨᠠᠷᠢᠨ ᠤᠷᠲᠤ ᠮᠣᠷᠢ ᠪᠠᠷᠢᠯᠠᠬᠤ ᠳᠡᠭᠡᠰᠦ᠃ 
ᠱᠣᠩ  
       ᠮᠣᠷᠢᠨ ᠤ᠋ ᠤᠶᠠᠭ᠎ᠠ ᠃ ᠪᠠᠰᠠ ᠪᠠᠭᠠᠨ᠎ᠠ ᠭᠡᠳᠡᠭ ᠃ ᠱᠣᠰᠢᠭ᠎ᠠ ᠭᠡᠳᠡᠭ ( ᠴᠠᠬᠠᠷ ᠲᠤ᠌ ) ᠃ 
ᠵᠡᠯ᠎ᠡ  
      ᠠᠷᠪᠠᠨ ᠮᠧᠲ᠋ᠷ ᠬᠢᠷᠢ ᠠᠯᠤᠰᠯᠠᠨ ᠬᠣᠶᠠᠷ ᠱᠣᠩ ᠪᠤᠯᠠᠵᠤ ᠂ ᠱᠣᠩ ᠤ᠋ᠨ ᠣᠷᠣᠢ ᠶ᠋ᠢ ᠪᠦᠳᠦᠭᠦᠨ ᠤᠷᠲᠤ ᠰᠤᠷ ᠪᠤᠶᠤ ᠬᠢᠯᠭᠠᠰᠤ ᠂ ᠡᠰᠡᠬᠦᠯ ᠣᠯᠣᠰᠣᠨ  ᠲᠠᠲᠠᠯᠭ᠎ᠠ ᠪᠠᠷ ᠬᠣᠯᠪᠣᠨ ᠤᠶᠠᠵᠤ ᠣᠯᠠᠨ ᠮᠣᠷᠢ ᠤᠶᠠᠬᠤ ᠳ᠋ᠤ᠌ ᠵᠣᠷᠢᠭᠤᠯᠤᠭᠰᠠᠨ ᠬᠡᠷᠡᠭᠰᠡᠯ᠃ 
ᠨᠣᠭᠲᠣ    ᠠᠳᠤᠭᠤᠨ ᠤ᠋ ᠲᠣᠯᠣᠭᠠᠢ ᠳ᠋ᠤ᠌ ᠵᠡᠭᠦᠯᠭᠡᠵᠦ ᠤᠶᠠᠬᠤ ᠪᠤᠶᠤ ᠬᠥᠲᠥᠯᠵᠦ ᠶᠠᠪᠤᠬᠤ ᠳ᠋ᠤ᠌ ᠵᠣᠷᠢᠭᠤᠯᠤᠭᠰᠠᠨ ᠡᠳ᠋᠃ 
ᠨᠣᠭᠲᠤᠨ ᠤ᠋ ᠰᠢᠯᠢ    ᠨᠣᠭᠲᠤᠨ ᠲᠣᠯᠣᠭᠠᠢ ᠶ᠋ᠢᠨ ᠬᠠᠮᠤᠭ ᠳᠡᠭᠡᠳᠦ ᠬᠡᠰᠡᠭ᠃ 
ᠨᠣᠭᠲᠤᠨ ᠤ᠋ ᠬᠠᠮᠠᠷ  
       ᠨᠣᠭᠲᠤᠨ ᠤ᠋ ᠳᠣᠣᠷᠠᠲᠤ ᠬᠡᠰᠡᠭ ᠂ ᠡᠷᠡᠦᠪᠴᠢᠨ ᠦ᠌ ᠡᠰᠡᠷᠭᠦ ᠳ᠋ᠦ᠍ ᠪᠣᠢ ᠮᠣᠷᠢᠨ ᠤ᠋ ᠬᠠᠮᠠᠷ ᠳᠡᠭᠡᠭᠦᠷ ᠲᠠᠭᠠᠷᠠᠬᠤ ᠬᠡᠰᠡᠭ ᠃ ᠨᠣᠭᠲᠤᠨ ᠤ᠋ ᠡᠷᠡᠦᠪᠴᠢ    ᠨᠣᠭᠲᠤᠨ ᠤ᠋ ᠬᠠᠮᠠᠷ ᠤ᠋ᠨ ᠲᠤᠰ ᠡᠰᠡᠷᠭᠦ ᠮᠣᠷᠢᠨ ᠡᠷᠡᠦ ᠪᠡᠷ ᠣᠷᠢᠶᠠᠨ ᠠᠪᠤᠭᠰᠠᠨ ᠬᠡᠰᠡᠭ᠃ 
ᠨᠣᠭᠲᠤᠨ ᠤ᠋ ᠰᠠᠭᠠᠯᠲᠠ  
       ᠨᠣᠭᠲᠤᠨ ᠤ᠋ ᠪᠤᠷᠤᠭᠤ ᠲᠠᠯ᠎ᠠ ᠳ᠋ᠤ᠌ ᠰᠢᠯᠢ ᠡᠴᠡ ᠲᠤᠤᠭᠤᠬᠠᠨ ᠨᠣᠭᠲᠣ ᠶ᠋ᠢ ᠶᠡᠬᠡᠰᠬᠡᠵᠦ ᠪᠠᠭᠠᠰᠬᠠᠵᠤ ᠪᠣᠯᠭᠠᠳᠠᠭ ᠭᠣᠭᠴᠣᠬ᠎ᠠ ᠪᠦᠬᠦᠢ ᠵᠠᠩᠭᠢᠳᠤᠭ᠎ᠠ᠃ 
ᠰᠠᠭᠠᠯᠳᠤᠷᠭ᠎ᠠ ᠶ᠋ᠢᠨ ᠭᠣᠭᠴᠣᠭ᠎ᠠ   
       ᠨᠣᠭᠲᠤᠨ ᠤ᠋ ᠵᠥᠪ ᠲᠠᠯ᠎ᠠ ᠳ᠋ᠤ᠌ ᠰᠠᠭᠠᠯᠳᠤᠷᠭ᠎ᠠ ᠶ᠋ᠢ ᠤᠶᠠᠬᠤ ᠪᠢᠲᠡᠭᠦᠦ ᠵᠢᠵᠢᠭ ᠭᠣᠭᠴᠣᠭ᠎ᠠ᠃ 
ᠰᠠᠭᠠᠯᠳᠤᠷᠭ᠎ᠠ   
       ᠨᠣᠭᠲᠣ ᠪᠤᠯᠲᠠᠷᠠᠬᠤ ᠠ᠋ᠴᠠ ᠪᠣᠯᠭᠣᠮᠵᠢᠯᠠᠨ ᠨᠣᠭᠲᠤᠨ ᠤ᠋ ᠪᠤᠷᠤᠭᠤ ᠲᠠᠯ᠎ᠠ ᠶ᠋ᠢᠨ ᠬᠠᠴᠠᠷ ᠤ᠋ᠨ ᠳᠤᠮᠳᠠ ᠠ᠋ᠴᠠ ᠵᠠᠩᠭᠢᠳᠤᠨ ᠠᠪᠤᠭᠰᠠᠨ ᠨᠠᠷᠢᠨ ᠤᠷᠲᠤ ᠡᠷᠡᠦᠪᠴᠢ ᠰᠤᠷ᠃ 
ᠵᠠᠳᠠᠭᠠᠢ ᠨᠣᠭᠲᠣ     ᠡᠷᠡᠦᠪᠴᠢ ᠨᠢ ᠶᠡᠬᠡᠰᠴᠦ ᠪᠣᠯᠬᠤ ᠠᠮᠢᠳᠤᠯᠢᠭ᠃ 
ᠪᠢᠲᠡᠭᠦᠦ ᠨᠣᠭᠲᠣ     ᠡᠷᠡᠦᠪᠴᠢ ᠨᠢ ᠶᠡᠬᠡᠰᠳᠡᠭ ᠦᠭᠡᠢ ᠦᠬᠦᠮᠡᠯ᠃ 
ᠨᠣᠭᠲᠤᠨ ᠴᠤᠯᠪᠤᠭᠤᠷ  
       ᠨᠣᠭᠲᠤᠨ ᠲᠣᠯᠣᠭᠠᠢ ᠶ᠋ᠢᠨ ᠡᠷᠡᠦᠪᠴᠢᠨ ᠡᠴᠡ ᠵᠠᠯᠭᠠᠨ ᠠᠪᠤᠭᠰᠠᠨ ᠤᠶᠠᠬᠤ ᠪᠠ ᠬᠥᠲᠥᠯᠬᠦ ᠳ᠋ᠦ᠍ ᠵᠣᠷᠢᠭᠤᠯᠤᠭᠰᠠᠨ ᠤᠷᠲᠤ ᠰᠤᠷ᠃ 
ᠨᠣᠭᠲᠤᠨ ᠲᠣᠯᠣᠭᠠᠢ    ᠴᠤᠯᠪᠤᠭᠤᠷ ᠠ᠋ᠴᠠ ᠪᠤᠰᠤᠳ ᠢ᠋ ᠪᠠᠭᠲᠠᠭᠠᠭᠰᠠᠨ ᠬᠡᠰᠡᠭ᠃ 
ᠬᠠᠵᠠᠭᠠᠷ     ᠮᠣᠷᠢᠨ ᠤ᠋ ᠲᠣᠯᠣᠭᠠᠢ ᠳ᠋ᠤ᠌ ᠵᠡᠭᠦᠯᠭᠡᠬᠦ ᠠᠮᠠᠭᠠᠢ ᠵᠤᠤᠵᠠᠢ᠂ ᠵᠢᠯᠣᠭᠣ ᠪᠦᠬᠦᠢ ᠬᠡᠷᠡᠭᠰᠡᠯ᠃ 
ᠬᠠᠵᠠᠭᠠᠷ ᠤ᠋ᠨ ᠲᠣᠯᠣᠭᠠᠢ     ᠵᠢᠯᠣᠭᠣ ᠦᠭᠡᠢ ᠬᠠᠵᠠᠭᠠᠷ᠃ 
ᠠᠮᠠᠭᠠᠢ     ᠮᠣᠷᠢᠨ ᠤ᠋ ᠠᠮᠠᠨ ᠳ᠋ᠤ᠌ ᠡᠮᠬᠦᠭᠦᠯᠬᠦ ᠬᠠᠵᠠᠭᠠᠷ ᠤ᠋ᠨ ᠨᠠᠷᠢᠨ ᠭᠣᠨᠵᠣᠭᠣᠢ ᠲᠡᠮᠦᠷ᠃ 
ᠵᠤᠤᠵᠠᠢ  
       ᠤᠭ ᠨᠢ ᠠᠮᠠᠭᠠᠢ ᠲᠡᠮᠦᠷ ᠦ᠋ᠨ ᠨᠡᠷ᠎ᠡ ᠪᠠᠢᠭᠰᠠᠨ ᠢ᠋ᠶ᠋ᠠᠨ ᠣᠳᠣ ᠬᠠᠵᠠᠭᠠᠷ ᠤ᠋ᠨ ᠠᠮᠠᠭᠠᠢᠪᠴᠢ ᠬᠣᠯᠪᠣᠬᠤ ᠴᠠᠭᠠᠷᠢᠭ ᠲᠡᠮᠦᠷ ᠢ᠋ ᠬᠡᠯᠡᠬᠦ ᠪᠣᠯᠵᠠᠢ ᠃ ᠪᠠᠰᠠ ᠲᠦᠩᠬᠡᠯᠢᠭ ᠭᠡᠵᠦ ᠬᠡᠯᠡᠳᠡᠭ᠃ 
ᠵᠤᠤᠵᠠᠢ ᠬᠣᠯᠪᠣᠬᠤ  ( ᠵᠤᠤᠵᠠᠢ ᠵᠡᠷᠭᠡᠴᠡᠬᠦ )  
       ᠣᠷᠣᠯᠳᠣᠭᠰᠠᠨ ᠮᠣᠷᠢᠳ ᠪᠤᠶᠤ ᠨᠢᠭᠡᠨ ᠬᠠᠮᠲᠤ ᠨᠢᠭᠡᠨ ᠬᠥᠮᠦᠨ ᠂ ᠠᠮᠢᠲᠠᠨ ᠤ᠋ ᠰᠠᠴᠠᠭᠤᠷᠠᠨ ᠵᠡᠷᠭᠡᠴᠡᠵᠦ ᠶᠠᠪᠤᠬᠤ᠃ 
ᠵᠤᠤᠵᠠᠢ ᠵᠠᠭᠤᠯᠭᠠᠬᠤ     ᠮᠣᠷᠢ ᠶ᠋ᠢ ᠤᠨᠤᠵᠤ ᠶᠠᠪᠤᠬᠤ ᠳ᠋ᠠᠭᠠᠨ ᠵᠢᠯᠣᠭᠣ ᠶ᠋ᠢ ᠪᠠᠬᠠᠨ ᠲᠠᠲᠠᠰᠬᠢᠵᠦ ᠶᠠᠪᠤᠬᠤ᠃ 
ᠵᠤᠤᠵᠠᠢ ᠰᠤᠩᠭᠠᠬᠤ     ᠵᠤᠤᠵᠠᠢ ᠲᠡᠳᠡᠨ ᠬᠤᠷᠳᠤᠨ ᠡᠷᠴᠢ ᠪᠡᠷ ᠨᠢ ᠳᠠᠪᠬᠢᠭᠤᠯᠬᠤ᠃  
ᠵᠢᠯᠣᠭᠣ     ᠬᠠᠵᠠᠭᠠᠷ ᠤ᠋ᠨ ᠵᠤᠤᠵᠠᠢ ᠳ᠋ᠤ᠌ ᠤᠶᠠᠭᠰᠠᠨ ᠮᠣᠷᠢ ᠮᠠᠯ ᠢ᠋ ᠵᠠᠯᠠᠵᠤ ᠤᠳᠤᠷᠢᠳᠬᠤ ᠣᠭᠣᠰᠣᠷ᠃ 
ᠰᠤᠷ ᠬᠠᠵᠠᠭᠠᠷ     ᠲᠣᠨᠣᠭ ᠦᠭᠡᠢ ᠬᠠᠵᠠᠭᠠᠷ᠃ 
ᠮᠥᠩᠭᠥᠨ ᠬᠠᠵᠠᠭᠠᠷ 
        ᠬᠠᠵᠠᠭᠠᠷ ᠤ᠋ᠨ ᠲᠣᠯᠣᠭᠠᠢ ᠶ᠋ᠢᠨ ᠬᠣᠶᠠᠷ ᠬᠠᠴᠠᠪᠴᠢ ᠬᠢᠭᠡᠳ ᠬᠠᠮᠠᠷ ᠤ᠋ᠨ ᠰᠤᠷ ᠢ᠋ ᠴᠥᠮ ᠮᠥᠩᠭᠥᠨ ᠪᠦᠯᠡᠵᠡᠭ ᠢ᠋ᠶ᠋ᠡᠷ ᠴᠢᠮᠡᠭᠰᠡᠨ ᠲᠣᠨᠣᠭ ᠲᠠᠢ ᠬᠠᠵᠠᠭᠠᠷ ᠃ ᠪᠠᠰᠠ ᠲᠣᠪᠣᠷᠤᠤ ᠲᠠᠢ ᠬᠠᠵᠠᠭᠠᠷ ᠭᠡᠵᠦ ᠬᠡᠯᠡᠳᠡᠭ ᠭᠠᠵᠠᠷ ᠴᠤ᠌ ᠪᠣᠢ᠃ 
ᠬᠠᠵᠠᠭᠠᠷ ᠳᠠᠷᠤᠬᠤ     ᠬᠠᠵᠠᠭᠠᠷ ᠲᠠᠢ ᠮᠣᠷᠢ ᠲᠣᠯᠣᠭᠠᠢ ᠪᠠᠨ ᠬᠠᠶᠠᠯᠠᠨ ᠠᠮᠠᠭᠠᠢ ᠳᠠᠷᠤᠵᠤ ᠬᠥᠳᠡᠯᠬᠦ᠃ 
ᠴᠢᠳᠥᠷ ᠲᠡᠢ ᠮᠣᠷᠢ     ᠮᠠᠯ ᠤ᠋ᠨ ᠭᠤᠷᠪᠠᠨ ᠬᠥᠯ ᠳ᠋ᠦ᠍ ᠲᠣᠷᠭᠣᠵᠤ ᠲᠣᠭᠲᠠᠭᠠᠳᠠᠭ ᠨᠢᠭᠡ ᠵᠦᠢᠯ ᠦ᠋ᠨ ᠬᠡᠷᠡᠭᠰᠡᠯ᠃ 
ᠴᠢᠳᠥᠷ ᠦ᠋ᠨ ᠰᠤᠮᠤ     ᠴᠢᠳᠥᠷ ᠦ᠋ᠨ ᠤᠷᠲᠤ ᠰᠢᠯᠪᠢ ᠃ 
ᠴᠢᠳᠥᠷ ᠦ᠋ᠨ ᠬᠠ     ᠴᠢᠳᠥᠷ ᠦ᠋ᠨ ᠡᠮᠦᠨᠡᠬᠢ ᠬᠣᠶᠠᠷ ᠰᠠᠯᠠᠭ᠎ᠠ ᠰᠢᠯᠪᠢ ᠃ 
ᠴᠢᠳᠥᠷ ᠦ᠋ᠨ ᠪᠠᠯᠴᠢᠷ ᠵᠠᠩᠭᠢᠶᠠᠰᠤ     ᠴᠢᠳᠥᠷ ᠦ᠋ᠨ ᠬᠠ᠂ ᠰᠤᠮᠤᠨ ᠤ᠋ ᠠᠭᠤᠯᠵᠠᠷ ᠳᠠᠬᠢ ᠵᠠᠩᠭᠢᠶᠠᠳᠠᠰᠤ᠃ 
ᠴᠢᠳᠥᠷ ᠦ᠋ᠨ ᠠᠯᠠᠭ᠎ᠠ     ᠴᠢᠳᠥᠷ ᠦ᠋ᠨ ᠮᠣᠷᠢᠨ ᠤ᠋ ᠬᠥᠯ ᠳ᠋ᠦ᠍ ᠲᠣᠷᠭᠣᠬᠤ ᠴᠢᠭᠲᠠ ᠲᠠᠢ ᠬᠠᠪᠲᠠᠭᠠᠢ ᠰᠣᠷᠲᠣ ᠬᠡᠰᠡᠭ᠃ 
ᠴᠢᠳᠥᠷ ᠦ᠋ᠨ ᠬᠢᠮᠤᠰᠤ     ᠴᠢᠳᠥᠷ ᠦ᠋ᠨ ᠠᠯᠠᠭ᠎ᠠ ᠶ᠋ᠢᠨ ᠦᠵᠦᠭᠦᠷ ᠲᠡᠬᠢ ᠲᠣᠬᠢᠶᠠᠭᠰᠠᠨ ᠴᠢᠭᠲᠠ ᠃ 
ᠴᠢᠳᠥᠷ ᠦ᠋ᠨ ᠭᠣᠭᠴᠣᠭ᠎ᠠ 
       ᠴᠢᠳᠥᠷ ᠦ᠋ᠨ ᠴᠢᠭᠲᠠ ᠲᠣᠷᠭᠣᠬᠤ ᠪᠢᠲᠡᠭᠦᠦ ᠰᠦᠪᠡᠭᠴᠢ᠃ ᠪᠠᠰᠠ ᠴᠢᠳᠥᠷ ᠦ᠋ᠨ ᠬᠥᠬᠥ ᠭᠡᠳᠡᠭ᠃ 
ᠴᠢᠳᠥᠷ ᠦ᠋ᠨ ᠪᠣᠷᠪᠢᠴᠠᠭ᠎ᠠ     ᠴᠢᠳᠥᠷ ᠦ᠋ᠨ ᠬᠥᠬᠥᠨ ᠳᠡᠭᠡᠷ᠎ᠡ ᠭᠠᠷᠭᠠᠭᠰᠠᠨ ᠳᠠᠪᠬᠤᠷ ᠬᠥᠬᠥ᠃ 
ᠠᠷᠭᠠᠮᠵᠢᠶ᠎ᠠ  
       ᠡᠪᠡᠰᠦ ᠰᠠᠢᠲᠠᠢ ᠭᠠᠵᠠᠷ ᠂ ᠮᠣᠷᠢ ᠶ᠋ᠢ ᠬᠣᠯᠠ ᠶᠠᠪᠤᠭᠤᠯᠬᠤ ᠦᠭᠡᠢ ᠶ᠋ᠢᠨ ᠲᠤᠯᠠ ᠤᠷᠲᠤ ᠳᠡᠭᠡᠰᠦ ᠪᠡᠷ ᠳᠣᠷᠭᠣᠨ ᠲᠣᠭᠲᠠᠭᠠᠳᠠᠭᠭ᠋ ᠡᠳ᠋ᠯᠡᠯ᠃ 
ᠭᠠᠳᠠᠰᠤ     ᠲᠡᠮᠦᠷ ᠢ᠋ᠶ᠋ᠡᠷ ᠬᠢᠭᠰᠡᠨ ᠱᠣᠷᠣ᠃ ᠮᠣᠳᠣ ᠪᠡᠷ ᠴᠦ᠍ ᠬᠢᠳᠡᠭ᠃ 
ᠡᠷᠭᠢᠭᠦᠯᠭᠡ     ᠲᠡᠮᠦᠷ ( ᠮᠣᠳᠣ ) ᠭᠠᠳᠠᠰᠤᠨ ᠤ᠋ ᠲᠣᠯᠣᠭᠠᠢ ᠳ᠋ᠤ᠌ ᠡᠷᠭᠢᠯᠳᠦᠬᠦ ᠪᠡᠷ ᠵᠣᠬᠢᠶᠠᠭᠰᠠᠨ ᠲᠡᠮᠦᠷ ᠭᠠᠷᠠᠬᠠᠯᠢᠭ᠋᠃ 
ᠠᠷᠭᠠᠮᠵᠢᠶᠠᠨ ᠳᠡᠭᠡᠰᠦ     ᠭᠠᠳᠠᠰᠤᠨ ᠤ᠋ ᠡᠷᠭᠢᠭᠦᠯᠭᠡ ᠡᠴᠡ ᠵᠠᠩᠭᠢᠳᠤᠨ ᠠᠪᠤᠭᠰᠠᠨ ᠤᠷᠲᠤ ᠳᠡᠭᠡᠰᠦ᠃ 
ᠲᠤᠰᠢᠶ᠎ᠠ ( ᠲᠤᠱᠠ )  
       ᠮᠣᠷᠢ ᠮᠠᠯ ᠤ᠋ᠨ ᠡᠮᠦᠨ᠎ᠡ ᠬᠣᠶᠠᠷ ᠬᠥᠯ ᠢ᠋ ᠲᠣᠷᠭᠣᠬᠤ ᠬᠡᠷᠡᠭᠰᠡᠯ ᠃ ᠰᠤᠮᠤ ᠦᠭᠡᠢ ᠴᠢᠳᠥᠷ᠃ 
ᠥᠷᠥᠭᠡᠯ     ᠨᠢᠭᠡ ᠬᠠ ᠂ ᠨᠢᠭᠡ ᠭᠤᠶ᠎ᠠ ᠶ᠋ᠢ ᠯᠡ ᠬᠣᠯᠪᠣᠨ ᠲᠣᠭᠲᠠᠭᠠᠳᠠᠭ ᠬᠡᠷᠡᠭᠰᠡᠯ᠃ ᠥᠷᠥᠭᠡᠰᠦᠨ ᠬᠠ ᠦᠭᠡᠢ ᠴᠢᠳᠥᠷ᠃ 
ᠪᠠᠰᠢᠯᠳᠤᠭ᠎ᠠ 
       ᠴᠢᠳᠥᠷ ᠲᠦ᠍ ᠶᠠᠪᠤᠳᠠᠭ ᠮᠣᠷᠢᠨ ᠤ᠋ ᠴᠢᠳᠥᠷ ᠦ᠋ᠨ ᠡᠮᠦᠨ᠎ᠡ ᠬᠣᠶᠠᠷ ᠠᠯᠠᠭ᠎ᠠ ᠶ᠋ᠢ ᠣᠢᠷᠠᠳᠬᠠᠨ ᠬᠣᠯᠪᠣᠬᠤ ᠬᠢᠯᠭᠠᠰᠤ᠂ ᠳᠡᠭᠡᠰᠦ᠃  
ᠲᠠᠰᠢᠭᠤᠷ  
       ᠮᠣᠷᠢ ᠮᠠᠯ ᠢ᠋ ᠠᠶᠤᠯᠭᠠᠬᠤ ᠳ᠋ᠤ᠌ ᠵᠣᠷᠢᠭᠤᠯᠤᠭᠰᠠᠨ ᠮᠣᠳᠣᠨ ᠤ᠋ ᠳᠣᠣᠷ᠎ᠠ ᠦᠵᠦᠭᠦᠷ ᠲᠦ᠍ ᠪᠠᠷᠢᠵᠤ ᠤᠶᠠᠭᠰᠠᠨ ᠭᠦᠷᠦᠮᠡᠯ ᠪᠤᠶᠤ ᠰᠤᠷ ᠬᠡᠷᠡᠭᠰᠡᠯ᠃ 
ᠲᠠᠰᠢᠭᠤᠷ ᠤ᠋ᠨ ᠪᠦᠷᠡᠭᠡ     ᠲᠠᠰᠢᠭᠤᠷ ᠤ᠋ᠨ ᠭᠣᠣᠯ ᠮᠣᠳᠣ ᠃ 
ᠰᠡᠭᠡᠯᠳᠦᠷᠭᠡ     ᠲᠠᠰᠢᠭᠤᠷ ᠤ᠋ᠨ ᠳᠡᠭᠡᠳᠦ ᠲᠠᠯ᠎ᠠ ᠶ᠋ᠢᠨ ᠨᠦᠬᠡᠨ ᠡᠴᠡ ᠬᠢᠵᠦ ᠠᠪᠤᠭᠰᠠᠨ ᠪᠢᠲᠡᠭᠦᠦ ᠣᠭᠣᠰᠣᠷ᠃ 
ᠲᠠᠰᠢᠭᠤᠷ ᠤ᠋ᠨ ᠰᠤᠷ   ᠲᠠᠰᠢᠭᠤᠷ ᠤ᠋ᠨ ᠳᠣᠣᠷᠠᠲᠤ ᠦᠵᠦᠭᠦᠷ ᠲᠦ᠍ ᠤᠶᠠᠭᠰᠠᠨ ᠭᠦᠷᠦᠮᠡᠯ ᠪᠤᠶᠤ ᠰᠤᠯᠠ ᠰᠤᠷ᠃ 
ᠳᠠᠩᠰᠠᠨ ᠲᠠᠰᠢᠭᠤᠷ  
       ᠮᠧᠲ᠋ᠷ ᠰᠢᠬᠠᠮ ᠤᠷᠲᠤ ᠮᠣᠳᠣ ᠪᠤᠶᠤ ᠳᠠᠩᠰᠠᠨ ᠤ᠋ ᠳᠡᠭᠡᠳᠦ ᠡᠲᠡᠭᠡᠳ ᠲᠦ᠍ ᠨᠦᠬᠡᠯᠡᠨ ᠰᠡᠭᠡᠯᠳᠦᠷᠭᠡ ᠭᠡᠵᠦ ᠳᠣᠣᠷᠠᠲᠤ ᠡᠲᠡᠭᠡᠳ ᠲᠦ᠋ᠨᠢ ᠰᠤᠷ ( ᠬᠠᠭᠠᠰ ᠲᠣᠬᠣᠢ ) ᠤᠶᠠᠭᠰᠠᠨ ᠲᠠᠰᠢᠭᠤᠷ᠃ 
ᠮᠢᠯᠠᠭ᠎ᠠ ᠲᠠᠰᠢᠭᠤᠷ  
       ᠰᠡᠭᠡᠯᠳᠦᠷᠭᠡᠲᠡᠢ ᠲᠣᠬᠣᠢ ᠬᠢᠷᠢ ᠮᠣᠳᠣᠨ ᠳ᠋ᠠᠭᠠᠨ ᠲᠣᠬᠣᠢ ᠢᠯᠡᠭᠦᠦ ᠭᠦᠷᠦᠮᠡᠯ ᠰᠤᠷ ᠲᠣᠬᠢᠶᠠᠭᠰᠠᠨ ᠲᠠᠰᠢᠭᠤᠷ᠃ 
ᠡᠩ ᠦ᠋ᠨ ᠲᠠᠰᠢᠭᠤᠷ  
       ᠪᠦᠷᠡᠭᠡ ᠨᠢ ᠲᠥᠭᠡ ᠬᠢᠷᠢ ᠤᠷᠲᠤ᠂ ᠰᠡᠭᠡᠯᠳᠦᠷᠭᠡ ᠨᠢ ᠶᠡᠬᠡ᠂ ᠪᠥᠷᠡᠭᠡᠨ ᠦ᠌ ᠳᠣᠣᠷ᠎ᠠ ᠦᠵᠦᠭᠦᠷ ᠲᠡᠬᠢ ᠰᠤᠷ ᠨᠢ ᠰᠥᠭᠥᠮ ᠬᠢᠷᠢ ᠯᠡ ᠤᠷᠲᠤ ᠭᠠᠷᠳᠠᠭ ᠪᠢᠴᠢᠬᠠᠨ ᠲᠠᠰᠢᠭᠤᠷ᠃ 
ᠦᠬᠡᠷ ᠦ᠋ᠨ ᠲᠠᠰᠢᠭᠤᠷ 
       ᠦᠬᠡᠷ ᠲᠡᠷᠭᠡ ᠲᠠᠭᠤᠳᠠᠭ ᠬᠥᠮᠦᠰ ᠬᠡᠷᠡᠭᠯᠡᠳᠡᠭ ᠃ ᠬᠣᠶᠠᠷ ᠲᠣᠬᠣᠢ ᠭᠠᠷᠤᠢ ᠡᠰᠢᠲᠡᠢ ᠬᠤᠶᠠᠷᠮᠤᠰᠤᠨ ᠰᠤᠷ ᠲᠠᠰᠢᠭᠤᠷ᠃  
ᠲᠠᠷᠢᠶᠠᠨ ᠲᠠᠰᠢᠭᠤᠷ  
       ᠮᠧᠲ᠋ᠷ ᠭᠠᠷᠤᠢ ᠨᠠᠷᠢᠨ ᠤᠷᠲᠤ ᠡᠰᠢᠲᠡᠢ ᠂ ᠭᠤᠷᠮᠤᠰᠤᠨ ᠰᠤᠷ ᠲᠠᠰᠢᠭᠤᠷ ᠲᠠᠭᠠᠨ ᠨᠠᠷᠢᠨ ᠤᠷᠲᠤ ᠦᠵᠦᠭᠦᠷ ᠰᠤᠷ ᠲᠠᠢ ᠲᠠᠰᠢᠭᠤᠷ᠃ 
ᠪᠤᠭᠴᠣᠭ᠎ᠠ     ᠮᠣᠷᠢᠨ ᠤ᠋ ᠬᠠ ᠶ᠋ᠢ ᠡᠪᠦᠳᠦᠭ ᠢ᠋ᠶ᠋ᠡᠷ ᠨᠢ ᠨᠤᠭᠤᠯᠤᠨ ᠪᠣᠭᠣᠬᠤ ᠳᠡᠭᠡᠰᠦ᠃ 
ᠡᠮᠡᠭᠡᠯ   
       ᠤᠨᠤᠬᠤ ᠠᠴᠢᠬᠤ ᠮᠣᠷᠢ ᠮᠠᠯ ᠳ᠋ᠤ᠌ ᠲᠣᠬᠣᠬᠤ ᠪᠦᠭᠦᠷᠭᠡ᠂ ᠬᠠᠪᠲᠠᠰᠤ ᠪᠠᠷ ᠪᠦᠷᠢᠳᠦᠭᠰᠡᠨ ᠬᠡᠷᠡᠭᠯᠡᠯ᠃ 
ᠡᠮᠡᠭᠡᠯ ᠦ᠋ᠨ ᠪᠦᠭᠦᠷᠭᠡ 
       ᠡᠮᠡᠭᠡᠯ ᠦ᠋ᠨ ᠮᠣᠳᠣᠨ ᠤ᠋ ᠡᠮᠦᠨ᠎ᠡ ᠬᠣᠢᠨ᠎ᠠ ᠪᠠᠢᠭ᠎ᠠ ᠪᠣᠰᠤᠭ᠎ᠠ ᠬᠡᠯᠪᠡᠷᠢᠲᠡᠢ ᠬᠣᠶᠠᠷ ᠭᠣᠨᠵᠣᠭᠣᠷ ᠮᠣᠳᠣ᠃ 
ᠨᠠᠷᠠᠨ ᠪᠦᠭᠦᠷᠭᠡ  
       ᠡᠮᠦᠨ᠎ᠡ ᠪᠦᠭᠦᠷᠭᠡ᠃ ᠥᠷᠯᠥᠭᠡ ᠶ᠋ᠢᠨ ᠨᠠᠷᠠ ᠶᠠᠭ ᠴᠤᠬᠤᠢᠨ ᠮᠠᠨᠳᠤᠵᠤ ᠪᠠᠢᠭ᠎ᠠ ᠬᠡᠯᠪᠡᠷᠢᠲᠡᠢ᠃ 
ᠰᠠᠷᠠᠨ ᠪᠦᠭᠦᠷᠭᠡ     ᠬᠣᠢᠲᠤ ᠪᠦᠭᠦᠷᠭᠡ᠃ ᠶᠠᠭ ᠰᠢᠨᠡᠳ ᠦ᠋ᠨ ᠰᠠᠷᠠ ᠰᠢᠭ᠋ ᠬᠡᠯᠪᠡᠷᠢᠲᠡᠢ᠃ 
ᠡᠮᠡᠭᠡᠯ ᠦ᠋ᠨ ᠬᠠᠪᠲᠠᠰᠤ 
       ᠡᠮᠡᠭᠡᠯ ᠦ᠋ᠨ ᠮᠣᠳᠣᠨ ᠤ᠋ ᠵᠥᠪ ᠪᠤᠷᠤᠭᠤ ᠲᠠᠯ᠎ᠠ ᠳ᠋ᠠᠬᠢ ᠬᠡᠪᠲᠡᠭᠡ ᠬᠡᠯᠪᠡᠷᠢᠲᠡᠢ ᠬᠣᠶᠠᠷ ᠬᠠᠪᠲᠠᠭᠠᠢ ᠮᠣᠳᠣ᠃ 
ᠡᠮᠡᠭᠡᠯ ᠦ᠋ᠨ ᠬᠣᠩᠭᠣ ( ᠬᠣᠩᠭᠢ ) 
       ᠡᠮᠡᠭᠡᠯ ᠦ᠋ᠨ ᠮᠣᠳᠣᠨ ᠤ᠋ ᠳᠣᠣᠷ᠎ᠠ ᠲᠠᠯ᠎ᠠ ᠳ᠋ᠠᠬᠢ ᠨᠢᠷᠤᠭᠤ ᠳᠠᠭᠠᠤ ᠬᠢ ᠬᠥᠮᠥᠭᠡᠷ ᠬᠥᠨᠳᠡᠢ ᠭᠠᠵᠠᠷ᠃ 
ᠡᠮᠡᠭᠡᠯ ᠦ᠋ᠨ ᠬᠢᠷ᠎ᠠ     ᠡᠮᠡᠭᠡᠯ ᠦ᠋ᠨ ᠪᠦᠭᠦᠷᠭᠡ ᠶ᠋ᠢᠨ ᠳᠡᠭᠡᠳᠦ ᠬᠥᠪᠡᠭᠡ ᠳᠠᠭᠠᠤ ᠲᠠᠯᠪᠢᠳᠠᠭ ᠲᠣᠨᠣᠭ᠃ 
ᠡᠮᠡᠭᠡᠯ ᠦ᠋ᠨ ᠳᠠᠷᠤᠭᠤᠯᠭ᠎ᠠ 
       ᠡᠮᠡᠭᠡᠯ ᠦ᠋ᠨ ᠳᠡᠪᠢᠰ ᠢ᠋ ᠳᠠᠷᠤᠨ ᠲᠣᠭᠲᠠᠭᠠᠬᠤ ᠮᠥᠩᠭᠥᠨ ᠵᠣᠭᠣᠰ ᠪᠤᠶᠤ ᠭᠠᠤᠯᠢ ᠪᠠᠷ ᠬᠢᠭᠰᠡᠨ ( ᠲᠤᠤᠬᠠᠢ ) ᠲᠣᠨᠣᠭ᠃ 
ᠡᠮᠡᠭᠡᠯ ᠦ᠋ᠨ ᠳᠡᠪᠢᠰ 
       ᠡᠮᠡᠭᠡᠯ ᠦ᠋ᠨ ᠮᠣᠳᠣᠨ ᠤ᠋ ᠰᠠᠭᠤᠳᠠᠯ ᠳ᠋ᠤ᠌ ᠲᠠᠭᠠᠷᠠᠭᠤᠯᠤᠨ ᠬᠢᠭᠰᠡᠨ ᠬᠡᠪᠢᠰ ᠵᠡᠷᠭᠡ ᠶ᠋ᠢᠨ ᠵᠢᠭᠢᠷᠢᠭ ᠪᠦᠷᠢᠭᠡᠰᠦ ( ᠪᠦᠷᠢᠶᠡᠰᠦ ) ᠃ ᠬᠠᠯᠬ᠎ᠠ ᠳ᠋ᠤ᠌ ᠣᠯᠣᠩᠴᠣᠭ ᠭᠡᠨ᠎ᠡ ᠃  ᠪᠠᠶᠠᠨᠨᠠᠭᠤᠷ᠂ ᠤᠯᠠᠭᠠᠨᠴᠠᠪ ᠲᠤ᠌ ᠣᠪᠲᠠᠢ ᠭᠡᠳᠡᠭ᠃ 
ᠬᠤᠯᠳᠠᠭᠠᠰᠤ  
       ᠡᠮᠡᠭᠡᠯ ᠦ᠋ᠨ ᠬᠣᠶᠠᠷ ᠪᠦᠭᠦᠷᠭᠡ ᠬᠣᠶᠠᠷ ᠬᠠᠪᠲᠠᠰᠤ ᠶ᠋ᠢᠨ ᠨᠡᠢᠯᠡᠯᠲᠡ ᠶ᠋ᠢ ᠤᠯᠠᠮ ᠪᠡᠬᠢᠯᠡᠬᠦ ᠶ᠋ᠢᠨ ᠲᠥᠯᠥᠭᠡ ᠡᠮᠡᠭᠡᠯ ᠦ᠋ᠨ ᠤᠨᠤᠬᠤ ᠲᠠᠯ᠎ᠠ ᠶ᠋ᠢ ᠴᠥᠮ  ᠨᠢᠮᠭᠡᠨ ᠠᠷᠠᠰᠤ ᠪᠤᠶᠤ ᠪᠤᠯᠢᠭᠠᠷᠢ ᠪᠠᠷ ᠬᠡᠢ ᠦᠭᠡᠢ ᠨᠠᠭᠠᠳᠠᠭ ᠠᠷᠠᠰᠤ ᠶ᠋ᠢ ᠬᠤᠯᠳᠠᠭᠠᠰᠤ ᠭᠡᠨ᠎ᠡ᠃ 
ᠪᠠᠭᠠᠪᠤᠷ  
       ᠡᠮᠡᠭᠡᠯ ᠦ᠋ᠨ ᠭᠠᠨᠵᠤᠭ᠎ᠠ ᠶ᠋ᠢᠨ ᠨᠦᠬᠡ ᠪᠦᠷᠢ ᠳ᠋ᠦ᠍ ᠰᠠᠭᠤᠯᠭᠠᠭᠰᠠᠨ ᠮᠥᠩᠭᠥᠨ ᠬᠡ ᠤᠭᠠᠯᠵᠠᠨ ᠴᠢᠮᠡᠭᠯᠡᠯ᠃ 
ᠭᠠᠨᠵᠤᠭ᠎ᠠ  
       ᠡᠮᠡᠭᠡᠯ ᠦ᠋ᠨ ᠬᠠᠪᠲᠠᠰᠤᠨ ᠤ᠋ ᠳᠥᠷᠪᠡᠨ ( ᠥᠨᠴᠥᠭ ) ᠦᠵᠦᠭᠦᠷ ᠦ᠋ᠨ ᠬᠠᠪᠲᠠᠭᠠᠢ ᠳ᠋ᠤ᠌ ᠨᠦᠬᠡᠯᠡᠵᠦ ᠰᠤᠷ ᠲᠡᠳᠡᠨ ᠶᠠᠭᠤᠮ᠎ᠠ ᠳᠠᠷᠤᠭᠤᠯᠬᠤ ᠪᠠᠷ  ᠪᠡᠯᠡᠳᠬᠡᠭᠰᠡᠨ ᠣᠭᠣᠰᠣᠷ ᠂ ᠡᠮᠦᠨ᠎ᠡ ᠂ ᠬᠣᠢᠨ᠎ᠠ ᠂ ᠵᠥᠪ ᠂  ᠪᠤᠷᠤᠭᠤ ᠲᠠᠯ᠎ᠠ ᠶ᠋ᠢᠨ ᠭᠠᠨᠵᠤᠭ᠎ᠠ ᠭᠡᠵᠦ ᠳᠥᠷᠪᠡ ᠬᠤᠪᠢᠶᠠᠳᠠᠭ ᠃ 
ᠭᠠᠨᠵᠤᠭ᠎ᠠ ᠶ᠋ᠢᠨ ᠲᠣᠭ᠎ᠠ     ᠠᠳᠠᠯᠢ ᠦᠭᠡᠢ᠃  8 – 32  ᠭᠠᠨᠵᠤᠭ᠎ᠠ ᠪᠣᠢ᠃ 
ᠡᠮᠡᠭᠡᠯ ᠦ᠋ᠨ ᠤᠭᠰᠤᠷᠭ᠎ᠠ   ᠡᠮᠡᠭᠡᠯ ᠦ᠋ᠨ ᠣᠯᠣᠩ ᠵᠢᠷᠢᠮ ᠤᠶᠠᠬᠤ ᠭᠣᠭᠴᠣᠭᠠᠲᠤ ᠣᠭᠣᠰᠣᠷ᠃ 
ᠡᠮᠡᠭᠡᠯ ᠦ᠋ᠨ ᠤᠨᠵᠢᠭᠤᠷᠠᠭ᠎ᠠ  
       ᠳᠥᠷᠦᠭᠡᠨ ᠰᠤᠷ ᠤ᠋ᠨ ᠭᠣᠷᠭᠢ ᠶ᠋ᠢ ᠳᠠᠷᠤᠬᠤ ᠳ᠋ᠤ᠌ ᠵᠣᠷᠢᠭᠤᠯᠤᠭᠰᠠᠨ ᠣᠯᠣᠩᠴᠣᠭ ᠠ᠋ᠴᠠ ᠤᠨᠵᠢᠭᠤᠯᠤᠨ ᠭᠠᠷᠭᠠᠭᠰᠠᠨ᠂ ᠳᠤᠭᠤᠢ ᠳᠥᠷᠪᠡᠯᠵᠢᠨ ᠬᠡᠯᠪᠡᠷᠢ ᠶ᠋ᠢᠨ ᠪᠤᠯᠢᠭᠠᠷᠢ ᠵᠢᠵᠢᠭ ᠭᠥᠯᠢᠮ᠃ ᠬᠠᠯᠬ᠎ᠠ ᠳ᠋ᠤ᠌ ᠳᠡᠪᠢᠰ ᠭᠡᠳᠡᠭ ᠃ ᠵᠡᠭᠦᠨᠰᠢ ( ᠵᠣᠣ ᠤᠳᠠ ᠮᠡᠲᠦ ) ᠬᠠᠷᠠᠭᠤ ( ᠬᠠᠷᠤᠤ )  ᠭᠡᠵᠦ ᠬᠡᠯᠡᠬᠦ ᠪᠥᠭᠡᠳ ᠡᠨᠡ ᠤᠨᠵᠢᠭᠤᠷᠠᠭ᠎ᠠ ᠳᠡᠭᠡᠷ᠎ᠡ ᠪᠡᠨ ᠪᠦᠳᠦᠭᠦᠨ ᠳᠠᠷᠤᠭᠤᠯᠭ᠎ᠠ ᠰᠠᠭᠤᠯᠭᠠᠨ ᠲᠣᠭᠣᠷᠢᠭᠤᠯᠤᠨ ᠵᠢᠵᠢᠭ ᠲᠣᠪᠣᠷᠤᠤ ᠪᠠᠷ ᠥᠯᠵᠡᠢ ᠵᠠᠩᠭᠢᠶ᠎ᠠ ᠮᠡᠲᠦ ᠪᠡᠷ ᠰᠢᠭᠢᠳᠬᠡᠵᠦ ᠴᠢᠮᠡᠳᠡᠭ᠃ 
ᠳᠥᠷᠥᠭᠡ 
       ᠡᠮᠡᠭᠡᠯ ᠂ ᠳᠣᠬᠣᠰᠢᠨ ᠳ᠋ᠤ᠌ ᠵᠡᠭᠦᠯᠭᠡᠵᠦ᠂ ᠬᠢᠰᠬᠡᠨ ᠮᠣᠷᠳᠠᠬᠤ ᠳ᠋ᠤ᠌ ᠵᠣᠷᠢᠭᠤᠯᠤᠭᠰᠠᠨ ᠭᠢᠰᠬᠢᠭᠦᠷ ᠲᠡᠮᠦᠷ᠃ 
ᠳᠥᠷᠦᠭᠡᠨ ᠰᠠᠨᠵᠢ     ᠳᠥᠷᠦᠭᠡᠨ ᠦ᠌ ᠳᠡᠭᠡᠳᠦ ᠲᠠᠯ᠎ᠠ ᠳ᠋ᠤ᠌ ᠪᠣᠢ ᠳᠥᠷᠦᠭᠡᠨ ᠰᠤᠷ ᠣᠷᠣᠭᠤᠯᠬᠤ ᠰᠦᠪᠡ᠃ 
ᠳᠥᠷᠦᠭᠡᠨ ᠬᠠᠪᠢᠷᠭ᠎ᠠ  
       ᠳᠥᠷᠦᠭᠡᠨ ᠦ᠌ ᠰᠠᠨᠵᠢ ᠠ᠋ᠴᠠ ᠲᠠᠪᠠᠭ ᠬᠦᠷᠲᠡᠯᠡᠬᠢ ᠶ᠋ᠢᠨ ᠬᠠᠵᠠᠭᠤ ᠶ᠋ᠢᠨ ᠲᠡᠮᠦᠷ᠃ ᠪᠠᠰᠠ ᠳᠥᠷᠦᠭᠡᠨ ᠦ᠌ ᠴᠠᠭᠠᠷᠢᠭ ᠭᠡᠳᠡᠭ ᠭᠠᠵᠠᠷ ᠴᠤ᠌ ᠪᠣᠢ᠃ ᠳᠥᠷᠦᠭᠡᠨ ᠦ᠌ ᠬᠦᠷᠢᠶ᠎ᠡ     ᠳᠥᠷᠦᠭᠡᠨ ᠲᠠᠪᠠᠭ ᠤ᠋ᠨ ᠭᠠᠳᠠᠭᠤᠷᠬᠢ ᠳᠤᠭᠤᠢᠯᠠᠯ᠃ 
ᠳᠥᠷᠦᠭᠡᠨ ᠦ᠌ ᠲᠠᠪᠠᠭ   
       ᠳᠥᠷᠦᠭᠡᠨ ᠦ᠌ ᠲᠣᠯᠢ ᠃ ᠳᠥᠷᠦᠭᠡᠨ ᠦ᠌ ᠳᠣᠣᠷᠠᠬᠢ ᠳᠤᠭᠤᠢ ᠲᠠᠪᠠᠭ ᠰᠢᠭ᠋ ᠬᠠᠪᠲᠠᠭᠠᠢ ᠃ ᠪᠠᠰᠠ ᠵᠠᠷᠢᠮ ᠭᠠᠵᠠᠷ ᠳᠥᠷᠦᠭᠡᠨ ᠦ᠌ ᠲᠣᠯᠢ ᠭᠡᠳᠡᠭ ᠃ 
ᠳᠥᠷᠦᠭᠡᠨ ᠵᠠᠭ᠎ᠠ     ᠳᠥᠷᠦᠭᠡᠨ ᠦ᠌ ᠳᠡᠭᠡᠳᠦ ᠤᠭᠠᠯᠵᠠ᠃ 
ᠳᠥᠷᠦᠭᠡᠨ ᠰᠤᠷ     ᠳᠥᠷᠥᠭᠡ ᠶ᠋ᠢ ᠡᠮᠡᠭᠡᠯ ᠳᠤᠬᠤᠰᠢ ᠠ᠋ᠴᠠ ᠳᠡᠭᠦᠵᠢᠯᠡᠬᠦ ᠰᠤᠷ᠃ 
ᠳᠥᠷᠥᠭᠡ ᠬᠥᠳᠡᠯᠭᠡᠬᠦ     ᠳᠠᠪᠢᠷᠠᠬᠤ᠃ 
ᠳᠥᠷᠥᠭᠡ ᠲᠡᠮᠡᠴᠡᠬᠦ     ᠮᠣᠷᠢᠨ ᠤ᠋ ᠮᠣᠷᠳᠠᠭᠤᠯᠬᠤ ᠦᠭᠡᠢ ᠵᠠᠢᠯᠠᠰᠬᠢᠬᠦ᠃ 
ᠳᠡᠭᠡᠰᠦᠨ ᠳᠥᠷᠥᠭᠡ   
       ①  ᠳᠡᠭᠡᠰᠦ ᠪᠡᠷ ᠬᠢᠭᠰᠡᠨ ᠳᠥᠷᠥᠭᠡ ᠃ 
       ② ( ᠰᠢᠯᠵᠢᠭᠰᠡᠨ ) ᠪᠠᠲᠤᠯᠠᠭ᠎ᠠ ᠦᠭᠡᠢ ᠳᠥᠩᠭᠡᠵᠦ ᠪᠠᠢᠭ᠎ᠠ ᠶ᠋ᠢ ᠬᠡᠯᠡᠨ᠎ᠡ᠃ 
ᠪᠣᠰᠤᠭ᠎ᠠ ᠳᠥᠷᠥᠭᠡ ᠪᠣᠭᠣᠨᠢ ᠵᠢᠯᠣᠭᠣ     ᠬᠤᠷᠳᠤᠨ ᠰᠢᠷᠦᠭᠦᠨ ᠶᠠᠪᠤᠬᠤ᠃ 
ᠳᠥᠷᠥᠭᠡ ᠭᠢᠰᠬᠢᠬᠦ     ᠳᠥᠷᠥᠭᠡᠯᠡᠬᠦ᠃ 
ᠣᠯᠣᠩ 
       ᠡᠮᠡᠭᠡᠯ ᠲᠣᠬᠣᠵᠤ ᠮᠣᠷᠢᠨ ᠤ᠋ ᠭᠡᠳᠡᠰᠦᠨ ᠳᠣᠣᠭᠤᠷ ᠨᠢ ᠪᠦᠰᠡᠯᠡᠭᠦᠯᠦᠨ ᠪᠠᠲᠤᠯᠠᠨ ᠲᠠᠲᠠᠬᠤ ᠳ᠋ᠤ᠌ ᠵᠣᠷᠢᠭᠤᠯᠤᠭᠰᠠᠨ ᠬᠠᠪᠲᠠᠭᠠᠢ ᠰᠤᠷ ᠪᠤᠶᠤ ᠰᠤᠷ ᠭᠦᠷᠦᠮᠡᠯ ᠃  ᠬᠢᠯᠭᠠᠰᠤ ᠪᠠᠷ ᠪᠠᠰᠠ ᠬᠦᠷᠦᠵᠦ ᠬᠢᠳᠡᠭ᠃ 
ᠭᠣᠷᠭᠢ  
       ᠣᠯᠣᠩ ᠤ᠋ᠨ ᠨᠠᠭᠠᠳᠤ ᠦᠵᠦᠭᠦᠷ ᠲᠦ᠍ ᠲᠣᠬᠢᠷᠠᠭᠤᠯᠤᠭᠰᠠᠨ ᠲᠡᠪᠡᠭᠡᠯᠡᠬᠦ ᠬᠡᠯᠡ ᠲᠡᠢ ᠲᠡᠮᠦᠷ᠃ ᠪᠠᠰᠠ ᠠᠷᠠᠯ ᠭᠡᠳᠡᠭ᠃ 
ᠬᠡᠯᠡ  
       ᠭᠣᠷᠭᠢ ᠶ᠋ᠢᠨ ᠳᠡᠭᠡᠷ᠎ᠡ ᠲᠣᠬᠢᠷᠠᠭᠤᠯᠤᠭᠰᠠᠨ ᠴᠢᠭᠲᠠᠯᠠᠬᠤ ᠲᠡᠮᠦᠷ᠃ ᠵᠢᠷᠢᠮ ᠣᠯᠣᠩ ᠤ᠋ᠨ ᠭᠣᠷᠭᠢᠨ ᠳ᠋ᠤ᠌ ᠤᠭᠲᠤᠨ ᠲᠣᠷᠭᠣᠬᠤ ᠬᠠᠪᠲᠠᠭᠠᠢ ᠰᠤᠷ ᠪᠤᠶᠤ ᠰᠤᠷ ᠭᠦᠷᠦᠮᠡᠯ᠃ 
ᠭᠥᠯᠢᠮ   
       ᠮᠣᠩᠭᠣᠯ ᠡᠮᠡᠭᠡᠯ ᠳ᠋ᠦ᠍ ᠪᠠᠢᠳᠠᠭ᠂ ᠣᠯᠣᠩ ᠵᠢᠷᠢᠮ ᠦ᠋ᠨ ᠬᠠᠯᠬᠠᠪᠴᠢ ᠵᠢᠷᠢᠭ᠃ ᠵᠷᠢᠮ ᠭᠠᠵᠠᠷ ᠪᠠᠰᠠ ᠲᠣᠬᠣᠮ ᠭᠡᠵᠦ ᠬᠡᠯᠡᠳᠡᠭ᠃ ᠠᠷᠠᠰᠤ᠂ ᠬᠢᠪᠢᠰ ᠢ᠋ᠶ᠋ᠡᠷ ᠬᠢᠳᠡᠭ᠃ 
ᠪᠤᠯᠢᠭᠠᠷᠢ ᠭᠥᠯᠢᠮ  
       ᠪᠣᠯᠪᠠᠰᠤᠷᠠᠭᠤᠯᠤᠭᠰᠠᠨ ᠦᠬᠡᠷ ᠦ᠋ᠨ ᠠᠷᠠᠰᠤᠨ ᠪᠤᠯᠢᠭᠠᠷᠢ ᠪᠠᠷ ᠬᠢᠭᠰᠡᠨ ᠭᠥᠯᠢᠮ᠃ 
ᠬᠡᠪᠢᠰᠦᠨ ᠭᠥᠯᠢᠮ     ᠬᠡᠪᠢᠰ ᠢ᠋ᠶ᠋ᠡᠷ ᠬᠢᠭᠰᠡᠨ ᠭᠥᠯᠢᠮ᠃ 
ᠰᠠᠩᠬᠠᠶᠤᠤ ᠭᠥᠯᠢᠮ   
       ᠭᠠᠬᠠᠢ ᠶ᠋ᠢᠨ ᠠᠷᠠᠰᠤ ᠶ᠋ᠢ ᠪᠣᠯᠪᠠᠰᠤᠷᠠᠭᠤᠯᠤᠨ ᠳᠡᠭᠡᠷ᠎ᠡ ᠨᠢ ᠨᠣᠭᠣᠭᠠᠨ ᠰᠢᠷ ᠢ᠋ᠶ᠋ᠡᠷ ᠪᠣᠳᠣᠵᠤ ᠦᠢᠯᠡᠳᠦᠭᠰᠡᠨ ᠦᠵᠡᠬᠦᠶ᠎ᠡ ᠭᠣᠶᠣ ᠭᠥᠯᠢᠮ᠃ 
ᠬᠥᠮᠥᠯᠳᠥᠷᠭᠡ 
       ᠡᠮᠡᠭᠡᠯ ᠢ᠋ ᠬᠣᠢᠰᠢ ᠶᠠᠪᠤᠭᠤᠯᠬᠤ ᠦᠭᠡᠢ ᠶ᠋ᠢᠨ ᠲᠤᠯᠠ ᠡᠮᠡᠭᠡᠯ ᠦ᠋ᠨ ᠡᠮᠦᠨᠡᠲᠦ ᠬᠠᠪᠢᠰᠤᠨ ᠠ᠋ᠴᠠ ᠲᠣᠷᠭᠣᠵᠤ ᠮᠣᠷᠢ ᠮᠠᠯ ᠤ᠋ᠨ ᠣᠮᠣᠷᠤᠤ ᠪᠠᠷ ᠲᠠᠲᠠᠬᠤ ᠨᠢᠭᠡᠨ ᠵᠦᠢᠯ ᠦ᠋ᠨ ᠬᠡᠷᠡᠭᠯᠡᠯ᠃ 
ᠬᠤᠳᠠᠷᠭ᠎ᠠ
       ᠡᠮᠡᠭᠡᠯ ᠢ᠋ ᠡᠮᠦᠨᠡᠰᠢ ᠶᠠᠪᠤᠭᠤᠯᠬᠤ ᠦᠭᠡᠢ ᠶ᠋ᠢᠨ ᠲᠤᠯᠠ ᠡᠮᠡᠭᠡᠯ ᠦ᠋ᠨ ᠬᠣᠢᠲᠤ ᠬᠠᠪᠢᠳᠠᠰᠤᠨ ᠠ᠋ᠴᠠ ᠤᠶᠠᠵᠤ᠂ ᠮᠣᠷᠢᠨ ᠤ᠋ ᠰᠡᠭᠦᠯ ᠪᠥᠭᠰᠡᠨ ᠳ᠋ᠦ᠍ ᠲᠣᠷᠭᠣᠵᠤ  ᠪᠡᠬᠢᠯᠡᠬᠦ ᠣᠭᠣᠰᠣᠷ᠃ 
ᠬᠤᠳᠠᠷᠭ᠎ᠠ ᠶ᠋ᠢᠨ ᠪᠠᠯᠴᠢᠷ  
       ᠮᠣᠷᠢᠨ ᠤ᠋ ᠬᠣᠨᠵᠢᠶᠠᠰᠤᠨ ᠤ᠋ ᠬᠣᠶᠠᠷ ᠬᠠᠵᠠᠭᠤ ᠳ᠋ᠤ᠌ ᠰᠦᠯᠵᠢᠭᠳᠡᠭᠰᠡᠨ ᠵᠠᠩᠭᠢᠶᠠᠰᠤ᠃ ᠡᠭᠦᠨ ᠦ᠌ ᠳᠡᠭᠡᠭᠦᠷ ᠮᠥᠩᠭᠥᠨ ᠪᠦᠯᠡᠵᠡᠭ ᠰᠠᠭᠤᠯᠭᠠᠭᠰᠠᠨ ᠴᠤ᠌ ᠪᠠᠢᠳᠠᠭ᠃ 
ᠬᠤᠳᠠᠷᠭ᠎ᠠ ᠶ᠋ᠢᠨ ᠰᠠᠴᠤᠭ 
       ᠬᠤᠳᠠᠷᠭ᠎ᠠ ᠶ᠋ᠢᠨ ᠪᠠᠯᠴᠢᠷ ᠠ᠋ᠴᠠ ᠤᠨᠵᠢᠭᠤᠯᠤᠭᠰᠠᠨ ᠰᠣᠷᠣᠨ ᠰᠠᠴᠤᠭ᠂ ᠤᠯᠠᠭᠠᠨ ᠨᠣᠭᠣᠭᠠᠨ ᠬᠬᠢᠪ ᠲᠡᠢ᠃ 
ᠲᠣᠪᠣᠷᠤᠤ 
       ᠡᠮᠡᠭᠡᠯ ᠦ᠋ᠨ ᠤᠨᠵᠢᠭᠤᠷᠠᠭ᠎ᠠ ᠳᠡᠭᠡᠷ᠎ᠡ ᠰᠢᠭᠢᠳᠬᠡᠨ ᠭᠣᠶᠣᠯᠠᠭᠰᠠᠨ ᠵᠢᠵᠢᠭ ᠮᠥᠩᠭᠥᠨ ᠲᠣᠪᠴᠢ ᠨᠤᠭᠤᠳ᠃ 
ᠡᠮᠡᠭᠡᠯ ᠰᠢᠭᠤᠬᠤ 
       ᠡᠮᠡᠭᠡᠯ ᠢ᠋ ᠭᠥᠯᠢᠮ ᠵᠢᠷ ᠨᠢ ᠪᠦᠲᠡᠭᠡᠵᠦ ᠣᠭᠣᠰᠣᠷ ᠢ᠋ᠶ᠋ᠠᠷ ᠳᠠᠷᠤᠭᠤᠯᠬᠤ᠃ 
ᠬᠤᠴᠠᠨ ᠪᠥᠭᠥᠷᠭᠡᠲᠦ ᠡᠮᠡᠭᠡᠯ     ᠠᠬᠤᠷ ᠪᠦᠭᠦᠷᠭᠡᠲᠡᠢ ᠠᠭᠤᠵᠢᠮ ᠰᠠᠭᠤᠳᠠᠯᠲᠤ ᠡᠮᠡᠭᠡᠯ᠃ 
ᠱᠣᠪᠣᠭᠣᠷ ᠪᠥᠭᠥᠷᠭᠡᠲᠦ ᠡᠮᠡᠭᠡᠯ  
       ᠪᠦᠭᠦᠷᠭᠡ ᠶ᠋ᠢᠨ ᠦᠵᠦᠭᠦᠷ ᠵᠦᠭ ᠢ᠋ᠶ᠋ᠡᠨ ᠱᠤᠪᠲᠤᠩ ᠱᠣᠪᠣᠭᠣᠷ ᠥᠨᠳᠥᠷ ᠪᠥᠭᠥᠷᠭᠡᠲᠦ ᠡᠮᠡᠭᠡᠯ᠃ 
ᠡᠷᠪᠡᠭᠡᠯᠵᠢᠨ ᠡᠮᠡᠭᠡᠯ     ᠮᠣᠳᠣ ᠰᠣᠯᠢᠴᠠᠭᠤᠯᠤᠨ ᠤᠶᠠᠭᠰᠠᠨ ᠡᠮᠡᠭᠡᠯ᠃ 
ᠰᠢᠶᠠᠫᠢ ( ᠱᠠᠫᠢ)    ᠡᠮᠡᠭᠡᠯ ᠦ᠋ᠨ ᠪᠥᠭᠥᠷᠭᠡᠨ ᠳ᠋ᠦ᠍ ᠬᠠᠢᠷ ᠰᠠᠭᠤᠯᠭᠠᠭᠰᠠᠨ ᠭᠣᠶᠣ ᠡᠮᠡᠭᠡᠯ᠃ 
ᠬᠠᠩᠭᠠᠢ ᠡᠮᠡᠭᠡᠯ  
       ᠠᠴᠢᠶᠠᠨ ᠤ᠋ ᠡᠮᠡᠭᠡᠯ᠃ ᠪᠠᠰᠠ ᠵᠠᠰᠠᠯ ᠲᠣᠨᠣᠭᠯᠠᠯ ᠦᠭᠡᠢ ᠴᠤᠯᠭᠤᠢ ᠡᠮᠡᠭᠡᠯ ᠢ᠋ ᠬᠡᠯᠡᠨ᠎ᠡ᠃ 
ᠬᠣᠮᠨᠣᠭᠰᠠᠨ ᠡᠮᠡᠭᠡᠯ     ᠬᠣᠶᠠᠷ ᠪᠦᠭᠦᠷᠭᠡ ᠳ᠋ᠦ᠍ ᠬᠦᠷᠲᠡᠯ᠎ᠡ ᠢᠰᠡᠭᠡᠢ ᠪᠡᠷ ᠪᠦᠷᠢᠵᠦ ᠣᠯᠤᠩᠴᠤᠭᠯᠠᠭᠰᠠᠨ ᠡᠮᠡᠭᠡᠯ᠃ 
ᠲᠡᠷᠭᠡᠨ ᠡᠮᠡᠭᠡᠯ  
       ᠠᠷᠠᠯ ᠤ᠋ᠨ ᠳᠠᠷᠤᠭᠤᠯᠭ᠎ᠠ ᠰᠤᠷ ᠢ᠋ ᠲᠠᠯᠪᠢᠬᠤ ᠳ᠋ᠤ᠌ ᠵᠣᠷᠢᠭᠤᠯᠤᠭᠰᠠᠨ ᠥᠨᠳᠥᠷ ᠪᠦᠭᠦᠷᠭᠡ ᠦᠭᠡᠢ ᠡᠮᠡᠭᠡᠯ᠃ 
ᠬᠢᠵᠢᠮ   ᠢᠰᠡᠭᠡᠢ ᠭᠥᠯᠢᠮ ᠃  
ᠵᠢᠷᠤᠭ 4 ᠶᠢᠨ ᠲᠠᠢᠯᠪᠤᠷᠢ 
(1)  ᠬᠢᠷ᠎ᠠ (2) ᠳᠡᠪᠢᠰ ᠂ ᠪᠠᠰᠠ ᠣᠪᠲᠠᠢ ᠭᠡᠳᠡᠭ ᠃ ᠬᠠᠯᠬ᠎ᠠ ᠳ᠋ᠤ᠌ ᠣᠯᠣᠩᠴᠣᠭ ᠭᠡᠳᠡᠭ ᠃ (3) ᠳᠠᠷᠤᠭᠤᠯᠭ᠎ᠠ (4) ᠬᠣᠢᠲᠤ ᠪᠦᠭᠦᠷᠭᠡ (5) ᠪᠠᠪᠠᠷ᠎ᠠ ( ᠪᠠᠭᠠᠪᠤᠷ ) (6) ᠬᠠᠪᠲᠠᠰᠤ (7) ᠲᠣᠬᠣᠮ (8) ᠬᠣᠢᠲᠤ ᠭᠠᠨᠵᠤᠭ᠎ᠠ (9) ᠵᠢᠷᠢᠮ ᠂ (10) ᠣᠯᠣᠩ (11) ᠬᠡᠯᠡ ᠂ (12) ᠠᠷᠠᠯ (13) ᠳᠥᠷᠥᠭᠡ (14) ᠳᠥᠷᠦᠭᠡᠨ ᠰᠤᠷ (15)  ᠭᠥᠯᠢᠮ (16) ᠤᠨᠵᠢᠭᠤᠷᠭ᠎ᠠ ᠂ ᠪᠠᠰᠠ ᠬᠠᠷᠠᠭᠤ ᠭᠡᠳᠡᠭ ᠃ ᠬᠠᠯᠬ᠎ᠠ ᠳ᠋ᠤ᠌ ᠳᠡᠪᠢᠰ ᠭᠡᠨ᠎ᠡ ᠃ (17) ᠤᠷᠲᠤ ᠭᠠᠨᠵᠤᠭ᠎ᠠ (18) ᠤᠷᠲᠤ ᠪᠦᠭᠦᠷᠭᠡ (19) ᠡᠮᠡᠭᠡᠯ  

               ᠦᠬᠡᠷ ᠦ᠋ᠨ ᠡᠳ᠋ᠯᠡᠯ ᠦ᠋ᠨ ᠵᠦᠢᠯ 

ᠡᠪᠡᠷᠵᠡ    ᠦᠬᠡᠷ ᠢ᠋ ᠤᠶᠠᠬᠤ ᠂ ᠬᠥᠲᠥᠯᠬᠦ ᠶ᠋ᠢᠨ ᠲᠤᠯᠠ ᠡᠪᠡᠷ ᠡᠴᠡ ᠨᠢ ᠤᠶᠠᠵᠤ ᠠᠪᠤᠭᠰᠠᠨ ᠳᠡᠭᠡᠰᠦ᠃ 
ᠲᠥᠷᠥ   
       ᠦᠬᠡᠷ ᠢ᠋ ᠤᠶᠠᠵᠤ ᠬᠥᠲᠥᠯᠬᠦ ᠳ᠋ᠦ᠍ ᠬᠢᠯᠪᠠᠷ ᠪᠣᠯᠭᠠᠬᠤ ᠶ᠋ᠢᠨ ᠲᠤᠯᠠ ᠬᠠᠮᠠᠷ ᠤ᠋ᠨ ᠪᠠᠭᠠᠨ᠎ᠠ ᠶ᠋ᠢ ᠨᠢ ᠴᠣᠭᠣᠯᠤᠨ ᠰᠡᠨᠵᠢᠯᠡᠵᠦ ᠠᠪᠤᠭᠰᠠᠨ ᠪᠠᠷᠢᠶ᠎ᠠ᠃ 
ᠲᠡᠷᠭᠡ 
       ᠰᠠᠭᠤᠬᠤ ᠂ ᠠᠴᠢᠬᠤ ᠳ᠋ᠤ᠌ ᠵᠣᠷᠢᠭᠤᠯᠤᠭᠰᠠᠨ ᠠᠷᠠᠯ ᠂ ᠬᠥᠷᠳᠥᠲᠡᠢ ᠳᠤᠭᠤᠢ ᠦᠬᠡᠷ ᠂ ᠠᠳᠤᠭᠤ ᠂ ᠲᠡᠮᠡᠭᠡ ᠳ᠋ᠦ᠍ ᠴᠢᠷᠦᠭᠦᠯᠳᠡᠭ ᠮᠣᠳᠣᠨ ᠬᠡᠷᠡᠭᠰᠡᠯ᠃ 
ᠲᠡᠷᠭᠡᠨ ᠬᠦᠷᠳᠦ   
       ᠳᠡᠭᠡᠷ᠎ᠡ ᠪᠡᠨ ᠠᠴᠢᠶ᠎ᠠ ᠬᠥᠰᠬᠡ ᠲᠡᠭᠡᠭᠡᠭᠡᠳ ᠳᠣᠣᠷ᠎ᠠ ᠨᠢ ᠪᠥᠮᠪᠥᠷᠢᠵᠦ ᠶᠠᠪᠤᠳᠠᠭ ᠳᠤᠭᠤᠢ᠃ 
ᠮᠥᠭᠡᠷ 
       ᠲᠡᠷᠭᠡᠨ ᠬᠦᠷᠳᠦᠨ ᠦ᠌ ᠭᠠᠳᠠᠷ ᠬᠦᠷᠢᠶ᠎ᠡ ᠶ᠋ᠢ ᠪᠦᠷᠢᠳᠦᠭᠦᠯᠦᠭᠰᠡᠨ ᠵᠢᠷᠭᠤᠭᠠᠨ ᠬᠡᠰᠡᠭ ᠮᠤᠷᠤᠢ ᠮᠣᠳᠣ ᠶ᠋ᠢᠨ ᠨᠢᠭᠡ ᠪᠦᠷᠢ ᠶ᠋ᠢᠨ ᠨᠡᠷ᠎ᠡ᠃ 
ᠮᠥᠭᠡᠷ ᠦ᠋ᠨ ᠠᠮᠠ 
       ᠮᠥᠭᠡᠷ ᠦ᠋ᠨ ᠨᠢᠭᠡ ᠦᠵᠦᠭᠦᠷ ᠲᠦ᠍ ᠭᠠᠷᠭᠠᠭᠰᠠᠨ ᠠᠩ᠃ ᠮᠥᠭᠡᠷ ᠦ᠋ᠨ ᠨᠥᠭᠦᠭᠡ ᠦᠵᠦᠭᠦᠷ ᠦ᠋ᠨ ᠰᠡᠭᠦᠯ ( ᠰᠡᠭᠡᠷ ) ᠢ᠋ ᠬᠠᠪᠴᠢᠭᠤᠯᠬᠤ ᠠᠩᠭᠠᠷᠬᠠᠢ᠃ 
ᠮᠥᠭᠡᠷ ᠦ᠋ᠨ ᠰᠡᠭᠡᠷ  
       ᠮᠥᠭᠡᠷ ᠦ᠋ᠨ ᠨᠥᠭᠦᠭᠡ ᠦᠵᠦᠭᠦᠷ ᠲᠦ᠋ᠨᠢ ᠭᠠᠷᠭᠠᠭᠰᠠᠨ ᠮᠥᠭᠡᠷ ᠦ᠋ᠨ ᠠᠮᠠᠨ ᠳ᠋ᠤ᠌ ᠬᠠᠪᠴᠢᠭᠤᠯᠤᠨ ᠵᠠᠭᠤᠯᠭᠠᠬᠤ ᠰᠡᠭᠡᠷ ( ᠰᠡᠭᠦᠯ ) ᠃ 
ᠮᠥᠭᠡᠷ ᠦ᠋ᠨ ᠨᠢᠳᠦ  
       ᠮᠥᠭᠡᠷ ᠦ᠋ᠨ ᠨᠦᠬᠡ ᠃ ᠮᠥᠭᠡᠷ ᠢ᠋ ᠬᠡᠭᠡᠰᠦᠨ ᠲᠣᠯᠣᠭᠠᠢ ᠳ᠋ᠤ᠌ ᠲᠣᠭᠲᠠᠭᠠᠬᠤ ᠪᠠᠷ ᠴᠣᠭᠣᠯᠤᠭᠰᠠᠨ ᠨᠦᠬᠡ ᠃ ᠵᠠᠩᠰᠢᠯ ᠢ᠋ᠶ᠋ᠠᠷ ᠮᠥᠭᠡᠷ ᠪᠦᠷᠢ ᠳ᠋ᠦ᠍ ᠭᠤᠷᠪᠠᠨ ᠨᠢᠳᠦᠲᠡᠢ ( ᠨᠦᠬᠡᠲᠡᠢ ) ᠃ 
ᠬᠡᠭᠡᠰᠦ     ᠮᠥᠭᠡᠷ ᠢ᠋ ᠪᠤᠯᠤ ᠲᠠᠢ ᠨᠢ ᠬᠣᠯᠪᠣᠨ ᠲᠣᠭᠲᠠᠭᠠᠬᠤ ᠰᠢᠯᠤᠭᠤᠨ ᠮᠣᠳᠣ ( ᠨᠢᠭᠡ ᠦᠵᠦᠭᠦᠷ ᠢ᠋ ᠮᠥᠭᠡᠷ ᠦ᠋ᠨ ᠨᠢᠳᠦᠨ ᠳ᠋ᠦ᠍ ᠪᠡᠬᠢᠯᠡᠵᠦ ᠂ ᠨᠥᠭᠦᠭᠡ ᠦᠵᠦᠭᠦᠷ ᠢ ᠪᠤᠯᠤ ᠶ᠋ᠢᠨ ᠰᠠᠷᠬᠢᠨᠠᠭ ᠨᠢᠳᠦᠨ ᠳ᠋ᠦ᠍ ᠪᠡᠬᠢᠯᠡᠨ ᠲᠡᠷᠭᠡᠨ ᠬᠦᠷᠳᠦ ᠶ᠋ᠢ ᠪᠦᠲᠦᠭᠡᠬᠦ ᠰᠢᠯᠤᠭᠤᠨ ᠮᠣᠳᠣ ) ᠃ 
ᠪᠤᠯᠤ  
       ᠭᠣᠣᠯ ᠳ᠋ᠠᠭᠠᠨ ᠲᠡᠩᠭᠡᠯᠢᠭ ᠤᠭᠯᠠᠬᠤ ᠪᠦᠳᠦᠭᠦᠨ ᠨᠦᠬᠡ ᠲᠡᠢ ᠃ ᠭᠠᠳᠠᠨ᠎ᠠ ᠪᠠᠨ ᠬᠡᠭᠡᠰᠦ ᠪᠡᠬᠢᠯᠡᠬᠦ 18 ᠰᠠᠷᠬᠢᠨᠠᠭ ᠨᠢᠳᠦᠲᠡᠢ ( ᠨᠦᠬᠡᠲᠡᠢ ) ᠮᠣᠭᠣᠯᠴᠣᠭ ᠮᠣᠳᠣ᠃ 
ᠬᠣᠯᠬᠣᠪᠴᠢ 
       ᠪᠤᠯᠤ ᠶ᠋ᠢᠨ ᠡᠯᠡᠭᠳᠡᠯ ᠢ᠋ ᠬᠠᠮᠠᠭᠠᠯᠠᠬᠤ ᠶ᠋ᠢᠨ ᠲᠤᠯᠠ ᠪᠤᠯᠤ ᠶ᠋ᠢᠨ ᠲᠡᠩᠭᠡᠯᠢᠭ ᠤᠭᠯᠠᠳᠠᠭ ᠨᠦᠬᠡ ᠶ᠋ᠢᠨ ᠳᠣᠲᠣᠷ ᠭᠠᠳᠠᠷ ᠠᠮᠠᠨ ᠳᠡᠭᠡᠷ᠎ᠡ ᠲᠠᠭᠠᠷᠠᠭᠤᠯᠤᠭᠰᠠᠨ ᠰᠢᠷᠡᠮᠦᠨ ᠴᠠᠭᠠᠷᠢᠭ ᠢ᠋ ᠵᠡᠭᠦᠨ ᠣᠷᠣᠨ ᠤ᠋ ᠬᠢᠨ ᠴᠤᠸᠠᠨ ᠭᠡᠳᠡᠭ ᠃ ᠬᠠᠰᠠᠭ ᠲᠡᠷᠭᠡ ᠪᠣᠯ ᠬᠦᠷᠳᠦ ᠨᠢ ᠲᠡᠩᠭᠡᠯᠢᠭ ᠲᠡᠢ ᠪᠡᠨ ᠡᠷᠭᠢᠬᠦ ᠲᠤᠯᠠ  ᠡᠨᠡ ᠲᠡᠷᠭᠡᠨ ᠳ᠋ᠦ᠍ ᠪᠠᠭᠲᠠᠬᠤ ᠦᠭᠡᠢ᠃ 
ᠰᠢᠪᠠᠭ᠎ᠠ ᠲᠡᠮᠦᠷ 
       ᠲᠡᠩᠭᠡᠯᠢᠭ ᠦ᠋ᠨ ᠡᠯᠡᠭᠳᠡᠯ ᠢ᠋ ᠪᠠᠭᠠᠰᠬᠠᠬᠤ ᠶ᠋ᠢᠨ ᠲᠥᠯᠥᠭᠡ ᠂ ᠪᠤᠯᠤ ᠶ᠋ᠢᠨ ᠬᠣᠯᠬᠣᠪᠴᠢ ᠪᠠᠢᠭ᠎ᠠ ᠬᠡᠰᠡᠭ ᠲᠡᠢ ᠲᠠᠭᠠᠷᠠᠵᠤ ᠡᠷᠭᠢᠯᠳᠦᠬᠦ ᠲᠡᠩᠭᠡᠯᠢᠭ ᠦ᠋ᠨ  ᠤᠭᠯᠠᠭᠤᠷᠭ᠎ᠠ ᠬᠡᠰᠡᠭ ᠲᠦ᠍ ᠰᠠᠭᠤᠯᠭᠠᠭᠰᠠᠨ ᠨᠠᠷᠢᠨ ᠰᠠᠪᠬᠠᠨ ᠲᠡᠮᠦᠷ᠃ ᠵᠡᠭᠦᠨ ᠣᠷᠣᠨ ᠤ᠋ ᠬᠢᠨ ᠵᠢᠶᠠᠨ ᠭᠡᠳᠡᠭ᠃ 
ᠵᠤᠯᠤᠪᠴᠢ  
       ᠪᠤᠯᠤ ᠶ᠋ᠢᠨ ᠨᠦᠬᠡᠨ ᠳ᠋ᠦ᠍ ᠤᠭᠯᠠᠭᠳᠠᠨ ᠡᠷᠭᠢᠯᠳᠦᠬᠦ ᠲᠡᠩᠭᠡᠯᠢᠭ ᠦ᠋ᠨ ᠦᠵᠦᠭᠦᠷ ᠬᠡᠰᠡᠭ ᠃ 
ᠴᠢᠬᠢᠨ ᠴᠦ 
       ᠪᠤᠯᠤ ᠶ᠋ᠢ ᠪᠤᠯᠲᠠᠷᠠᠬᠤ ᠠ᠋ᠴᠠ ᠬᠢᠴᠢᠶᠡᠵᠦ ᠲᠡᠩᠭᠡᠯᠢᠭ ᠦ᠋ᠨ ᠦᠵᠦᠭᠦᠷ ᠲᠦ᠍ ᠨᠦᠬᠡᠯᠡᠨ ᠴᠢᠭᠳᠠᠯᠠᠭᠤᠷ ᠴᠦ ᠬᠢᠭᠰᠡᠨ ᠪᠠᠢᠳᠠᠭ᠃ ᠲᠡᠭᠦᠨ ᠢ᠋ ᠴᠢᠬᠢᠨ ᠴᠦ ᠭᠡᠳᠡᠭ᠃ 
ᠴᠥᠷᠢᠭ 
       ᠠᠷᠠᠯ ᠂ ᠲᠡᠩᠭᠡᠯᠢᠭ ᠬᠣᠶᠠᠷ ᠤ᠋ᠨ ᠵᠠᠪᠰᠠᠷ ᠬᠠᠪᠴᠢᠭᠤᠯᠵᠤ᠂ ᠠᠷᠠᠯ ᠢ᠋ ᠲᠡᠩᠭᠡᠯᠢᠭ ᠲᠦ᠍ ᠪᠡᠬᠢᠯᠡᠵᠦ ᠪᠣᠢ ᠳᠡᠷ᠎ᠡ ᠮᠣᠳᠣ᠃ ᠡᠨᠡ ᠦᠭᠡ ᠴᠦ᠂ ᠵᠢᠷᠢᠭ ᠬᠣᠶᠠᠷ ᠠ᠋ᠴᠠ ᠪᠦᠲᠦᠵᠡᠢ᠃ ᠪᠠᠰᠠ ᠡᠮᠡᠭᠡᠯ ᠴᠦ ᠴᠦ᠍ ᠭᠡᠳᠡᠭ᠃ 
ᠠᠷᠠᠯ  
       ᠲᠡᠷᠭᠡᠨ ᠳ᠋ᠦ᠍ ᠦᠬᠡᠷ ᠂ ᠮᠣᠷᠢ ᠬᠥᠯᠯᠡᠬᠦ ᠳ᠋ᠦ᠍ ᠪᠡᠯᠡᠳᠬᠡᠭᠰᠡᠨ ᠬᠣᠶᠠᠷ ᠤᠷᠲᠤ ᠡᠰᠢ ᠮᠣᠳᠣ᠃ 
ᠡᠷᠡᠬᠡᠢ ᠴᠦ  
       ᠬᠣᠶᠠᠷ ᠠᠷᠠᠯ ᠤ᠋ᠨ ᠡᠮᠦᠨ᠎ᠡ ᠦᠵᠦᠭᠦᠷ ᠲᠦ᠍ ᠰᠢᠯᠤᠭᠤᠨ ᠨᠦᠬᠡᠯᠡᠵᠦ ᠳᠣᠷᠣᠭᠰᠢ ᠬᠠᠷᠠᠭᠰᠠᠨ ᠴᠦ ᠵᠣᠬᠢᠶᠠᠳᠠᠭ᠃ ᠪᠠᠰᠠ ᠴᠦ ᠭᠠᠳᠠᠰᠤ ᠭᠡᠳᠡᠭ᠂ ᠪᠣᠭᠣᠯᠭ᠎ᠠ ᠶ᠋ᠢ ᠲᠣᠷᠭᠣᠬᠤ ᠦᠢᠯᠡᠳᠦᠯ ᠲᠡᠢ᠃ 
ᠪᠤᠭᠤᠯᠠᠭ᠎ᠠ     ᠦᠬᠡᠷ ᠦ᠋ᠨ ᠬᠦᠵᠦᠭᠦᠨ ᠳ᠋ᠦ᠍ ᠵᠢᠳᠬᠦᠬᠦ ᠳ᠋ᠦ᠍ ᠲᠣᠬᠢᠷᠠᠭᠤᠯᠤᠭᠰᠠᠨ ᠬᠥᠨᠳᠡᠯᠡᠨ ᠮᠤᠬᠢᠷ ᠮᠣᠳᠣ ᠃ ᠪᠠᠰᠠ ᠪᠥᠭᠡᠵᠢ ᠭᠡᠳᠡᠭ᠃ 
ᠵᠦᠯᠭᠡ     ᠪᠤᠭᠤᠯᠠᠭ᠎ᠠ ᠪᠠ ᠠᠷᠠᠯ ᠬᠣᠶᠠᠷ ᠢ᠋ ᠬᠣᠯᠪᠣᠭᠰᠠᠨ ᠮᠣᠳᠣᠨ ᠮᠤᠰᠬᠢᠮᠠᠯ ᠭᠠᠷᠠᠬ᠎ᠠ᠃ 
ᠪᠣᠭᠣᠷᠭᠢᠯᠵᠢ  
       ᠪᠤᠭᠤᠯᠠᠭ᠎ᠠ ᠶ᠋ᠢᠨ ᠡᠰᠡᠷᠭᠦ ᠂ ᠦᠬᠡᠷ ᠦ᠋ᠨ ᠬᠦᠵᠦᠭᠦᠨ ᠳᠣᠣᠭᠤᠷ ᠲᠠᠲᠠᠭᠰᠠᠨ ᠮᠤᠬᠢᠷ ᠮᠣᠳᠣ᠃ ᠪᠠᠰᠠ ᠡᠷᠡᠦ ᠪᠤᠭᠤᠯᠠᠭ᠎ᠠ ᠴᠤ᠌ ᠭᠡᠳᠡᠭ᠃ 
ᠪᠣᠢᠬᠢ  
       ᠪᠣᠭᠣᠷᠭᠢᠯᠵᠢ ᠶ᠋ᠢᠨ ᠨᠠᠭᠠᠳᠤ ᠦᠵᠦᠭᠦᠷ ᠲᠡᠬᠢ ᠲᠡᠪᠬᠡᠯᠡᠵᠦ ᠲᠣᠷᠭᠣᠬᠤ ᠪᠠᠷ ᠵᠣᠬᠢᠶᠠᠭᠰᠠᠨ ᠳᠡᠭᠡᠰᠦ᠃ 
ᠢᠯᠠᠤ  
       ᠠᠷᠠᠯ ᠤ᠋ᠨ ᠦᠬᠡᠷ ᠬᠥᠯᠯᠡᠬᠦ ᠬᠡᠰᠡᠭ ᠡᠴᠡ ᠬᠣᠢᠰᠢᠬᠢ ᠠᠴᠢᠶᠠᠯᠠᠬᠤ ᠬᠠᠭᠠᠰ ᠠᠷᠠᠯ ᠢ᠋ ᠬᠥᠨᠳᠡᠯᠡᠨ 10 ᠪᠤᠶᠤ 8 ᠨᠦᠬᠡᠯᠡᠵᠦ ( ᠨᠢᠳᠦᠯᠡᠵᠦ ) ᠬᠥᠨᠳᠡᠯᠡᠨ ᠰᠢᠭᠠᠵᠤ ᠲᠣᠭᠲᠠᠭᠠᠭᠰᠠᠨ ᠮᠣᠳᠣ᠃ 
ᠬᠠᠰᠢᠯᠭ᠎ᠠ 
       ᠢᠯᠠᠤ ᠪᠦᠬᠦᠢ ᠠᠷᠠᠯ ᠤ᠋ᠨ ᠬᠡᠰᠡᠭ ᠦ᠋ᠨ ᠬᠣᠶᠠᠷ ᠲᠠᠯ᠎ᠠ ᠶ᠋ᠢᠨ ᠬᠡᠰᠡᠭ ᠲᠦ᠍ ᠪᠣᠰᠤᠭ᠎ᠠ ᠪᠠᠷ 4 ᠨᠦᠬᠡᠯᠡᠵᠦ ᠬᠡᠭᠡᠰᠦᠯᠡᠭᠡᠳ ᠲᠡᠭᠦᠨ ᠦ᠌ ᠳᠡᠭᠡᠭᠦᠷ ᠳᠠᠮ  ᠵᠣᠬᠢᠶᠠᠭᠰᠠᠨ ᠮᠣᠳᠣ ( ᠲᠣᠬᠣᠢ ᠥᠨᠳᠥᠷ ) ᠃ 
ᠬᠠᠰᠢᠯᠭ᠎ᠠ ᠶ᠋ᠢᠨ ᠬᠡᠭᠡᠰᠦ     ᠠᠷᠠᠯ ᠂ ᠬᠠᠰᠢᠯᠭ᠎ᠠ ᠶ᠋ᠢᠨ ᠳᠠᠮ ᠮᠣᠳᠣ ᠬᠣᠶᠠᠷ ᠢ᠋ ᠬᠣᠯᠪᠣᠵᠤ ᠪᠦᠬᠦᠢ ᠮᠣᠳᠣ᠃ 
ᠠᠳᠠᠭᠠᠷ ( ᠢᠷᠣᠭᠠᠷ )    ᠢᠯᠠᠤ ᠶ᠋ᠢᠨ ᠬᠡᠰᠡᠭ ᠳᠡᠭᠡᠭᠦᠷ ᠳᠡᠪᠢᠰᠬᠡᠷᠯᠡᠨ ᠲᠠᠯᠪᠢᠬᠤ ᠨᠢᠯᠬ᠎ᠠ ᠮᠣᠳᠣᠨ ᠭᠦᠷᠦᠮᠡᠯ᠃ 
ᠪᠣᠭᠣᠯᠭ᠎ᠠ  
       ᠲᠡᠷᠭᠡᠨ ᠦ᠌ ᠬᠥᠲᠥᠭᠡ ᠳ᠋ᠦ᠍ ᠤᠶᠠᠵᠤ ᠂ ᠡᠪᠡᠰᠦ ᠲᠡᠭᠡᠭᠡᠬᠦ ᠳ᠋ᠦ᠍ ᠡᠷᠡᠭᠡᠳᠡᠰᠦ ᠳᠣᠷᠭᠣᠨ ᠲᠠᠲᠠᠯᠭ᠎ᠠ ᠴᠢᠩᠭᠠᠷᠠᠭᠤᠯᠬᠤ ᠳ᠋ᠤ᠌ ᠵᠣᠷᠢᠭᠤᠯᠤᠭᠰᠠᠨ ᠮᠤᠬᠢᠷ ᠮᠣᠳᠣ᠃
ᠡᠷᠡᠭᠡᠳᠡᠰᠦ     ᠪᠦᠳᠦᠭᠦᠨ ᠮᠣᠳᠣᠨ ᠱᠣᠷᠣ᠃ 
ᠮᠤᠰᠬᠢᠭᠤᠷ  
       ᠲᠠᠲᠠᠯᠭ᠎ᠠ ᠶ᠋ᠢ ᠡᠷᠡᠭᠡᠳᠡᠰᠦ ᠳᠡᠭᠡᠷ᠎ᠡ ᠂ ᠭᠣᠭᠴᠣᠭ᠎ᠠ ᠭᠠᠷᠭᠠᠨ ᠲᠠᠯᠪᠢᠵᠤ ᠂ ᠲᠡᠷᠡ ᠬᠦ᠌ ᠭᠣᠭᠴᠤᠭᠠᠨ ᠳ᠋ᠤ᠌ ᠮᠣᠳᠣ ᠣᠷᠣᠭᠤᠯᠤᠨ ᠡᠷᠭᠢᠭᠦᠯᠵᠦ  ᠴᠢᠩᠭᠠᠷᠠᠭᠤᠯᠳᠠᠭ ᠡᠷᠭᠢᠭᠦᠯᠬᠦ ᠮᠣᠳᠣ᠃ 
ᠬᠥᠲᠥᠭᠡ     ᠲᠡᠷᠭᠡᠨ ᠦ᠌ ᠠᠷᠠᠯ ᠤ᠋ᠨ ᠬᠣᠢᠲᠤ ᠦᠵᠦᠭᠦᠷ ᠬᠡᠰᠡᠭ᠃ 
ᠬᠤᠳᠠᠷᠭ᠎ᠠ  
       ᠮᠣᠷᠢ ᠂ ᠦᠬᠡᠷ ᠢ᠋ ᠬᠥᠯᠯᠡᠭᠡᠳ ᠂ ᠢᠯᠠᠤ ᠳ᠋ᠤ᠌ ᠬᠦᠷᠭᠡᠬᠦ ᠦᠭᠡᠢ ᠭᠡᠵᠦ ᠪᠥᠭᠰᠡᠨ ᠳ᠋ᠦ᠍ᠨᠢ ᠲᠣᠬᠢᠷᠠᠭᠤᠯᠤᠭᠰᠠᠨ ᠡᠳ᠋ᠯᠡᠯ᠃ 
ᠲᠣᠰᠣᠨ ᠯᠣᠩᠬᠣ  
       ᠲᠡᠷᠭᠡ ᠶ᠋ᠢ ᠬᠥᠩᠭᠡᠨ ᠥᠩᠬᠥᠷᠢᠭᠦᠯᠬᠦ ᠭᠡᠵᠦ ᠲᠣᠰᠣ ᠲᠦᠷᠬᠢᠳᠡᠭ᠃ ᠲᠡᠷᠡ ᠬᠦ᠌ ᠲᠣᠰᠣ ᠶ᠋ᠢ ᠠᠭᠤᠯᠵᠤ ᠶᠠᠪᠤᠳᠠᠭ ᠯᠣᠩᠬᠣ᠃ 
ᠲᠤᠰᠤᠯᠤᠭᠤᠷ  
       ᠲᠣᠰᠣᠨ ᠳ᠋ᠠᠭᠠᠨ ᠲᠥᠷᠥᠨ ᠠᠪᠴᠤ ᠲᠡᠷᠭᠡᠨ ᠲᠡᠩᠭᠡᠯᠢᠭ ᠲᠡᠭᠡᠨ ᠲᠦᠷᠬᠢᠳᠡᠭ ᠬᠡᠷᠡᠭᠰᠡᠯ᠃ 
ᠠᠭᠠᠯᠵᠢᠨ ᠲᠡᠷᠭᠡ  
       ᠠᠭᠠᠯᠵᠢᠨ ᠲᠣᠣᠷ ᠮᠡᠲᠦ ᠪᠦᠲᠦᠴᠡᠲᠡᠢ ᠲᠡᠷᠭᠡ᠃ ᠨᠢᠭᠡ ᠦᠬᠡᠷ ᠬᠥᠯᠯᠡᠳᠡᠭ ᠡᠩ ᠦ᠋ᠨ ᠮᠣᠳᠣᠨ ᠲᠡᠷᠭᠡ᠃ 
ᠬᠠᠰᠠᠭ ᠲᠡᠷᠭᠡ  
       ᠬᠦᠷᠳᠦ ᠨᠢ ᠲᠣᠭᠣᠨᠣᠯᠵᠢᠨ ᠪᠦᠳᠦᠭᠦᠨ ᠭᠡᠭᠡᠰᠦᠲᠡᠢ᠂ ᠲᠡᠩᠭᠡᠯᠢᠭ ᠲᠡᠢ ᠪᠡᠨ ᠦᠬᠦᠮᠡᠯ ᠡᠷᠭᠢᠳᠡᠭ ᠲᠡᠷᠭᠡ᠃ ᠮᠣᠳᠣᠨ ᠪᠠᠮᠪᠠᠷ ᠴᠤ᠌ ᠭᠡᠳᠡᠭ᠃ 
ᠬᠠᠮ ᠲᠡᠷᠭᠡ    
       ᠨᠠᠷᠠ᠂ ᠪᠣᠷᠣᠭᠠᠨ ᠢ᠋ ᠬᠠᠯᠬᠠᠯᠠᠬᠤ ᠪᠠᠷ ᠠᠭᠠᠯᠵᠢᠨ ᠲᠡᠷᠭᠡᠨ ( ᠭᠠᠷ ᠤ᠋ᠨ ) ᠳ᠋ᠠᠭᠠᠨ ᠢᠰᠡᠭᠡᠢ ᠪᠤᠶᠤ ᠴᠢᠬᠢᠷᠰᠦ ᠵᠡᠷᠭᠡ ᠪᠡᠷ ᠮᠤᠬᠤᠯᠠᠭ ᠵᠣᠬᠢᠶᠠᠭᠰᠠᠨ ᠢ᠋ ᠬᠠᠮ ᠲᠡᠷᠭᠡ ᠭᠡᠳᠡᠭ᠃ 
ᠲᠡᠮᠦᠷ ᠲᠡᠷᠭᠡ  
       ᠬᠦᠷᠳᠦᠨ ᠮᠥᠭᠡᠷᠣᠨ ᠳ᠋ᠤ᠌ ᠲᠡᠮᠦᠷ ᠲᠠᠬ᠎ᠠ ᠰᠠᠭᠤᠯᠭᠠᠭᠰᠠᠨ ᠢ᠋ ᠲᠡᠮᠦᠷ ᠲᠡᠷᠭᠡ ᠭᠡᠨ᠎ᠡ᠃ 
ᠰᠡᠦᠬᠡᠨ ᠲᠡᠷᠭᠡ  
       ᠲᠡᠷᠭᠡᠨ ᠳᠡᠭᠡᠷ᠎ᠡ ᠪᠡᠨ ᠪᠥᠰ ᠪᠠᠷᠠᠭ᠎ᠠ ᠪᠠᠷ ᠴᠣᠩᠬᠣ᠂ ᠡᠭᠦᠳᠡ ᠪᠦᠬᠦᠢ ᠮᠣᠬᠤᠯᠠᠭᠯᠠᠭᠰᠠᠨ ᠲᠡᠷᠭᠡ᠃ 
ᠳᠤᠯᠠᠭᠠᠬᠠᠨ ᠰᠡᠦᠬᠡ     ᠪᠢᠲᠡᠭᠦᠦ ᠮᠤᠬᠤᠯᠠᠭᠲᠤ ᠰᠡᠦᠬᠡ᠃ 
ᠢᠯᠡ ᠰᠡᠦᠬᠡ     ᠡᠮᠦᠨ᠎ᠡ ᠬᠣᠢᠨ᠎ᠠ ᠨᠢ ᠵᠠᠳᠠᠭᠠᠢ ᠰᠡᠷᠢᠭᠦᠨ ᠰᠡᠦᠬᠡ᠃ 
ᠠᠯᠲᠠᠨ ᠰᠡᠦᠬᠡ    ᠳᠡᠭᠡᠷ᠎ᠡ ᠪᠡᠨ ᠠᠯᠲᠠᠨ ᠳ᠋ᠤᠭ ᠲᠠᠢ ᠰᠢᠷ᠎ᠠ ᠪᠦᠷᠬᠦᠭᠦᠯᠲᠦ ᠰᠡᠦᠬᠡ᠃ 
ᠲᠤᠭᠤᠯ ᠤ᠋ᠨ ᠵᠡᠯ᠎ᠡ 
        ᠭᠠᠵᠠᠷ ᠲᠤ᠌ ᠬᠣᠶᠠᠷ ᠭᠠᠳᠠᠰᠤ ᠰᠢᠭᠠᠵᠤ ᠳᠡᠭᠡᠰᠦ ᠲᠠᠲᠠᠭᠠᠳ ᠲᠤᠭᠤᠯ ᠤᠶᠠᠳᠠᠭ ᠴᠢᠬᠳᠠᠯᠠᠭᠤᠷ ᠪᠦᠬᠦᠢ ᠳᠡᠭᠡᠰᠦ᠃ 
ᠲᠤᠭᠤᠯ ᠤ᠋ᠨ ᠬᠦᠵᠦᠭᠦᠪᠴᠢ  
       ᠲᠤᠭᠤᠯ ᠢ᠋ ᠪᠠᠷᠢᠬᠤ᠂ ᠤᠶᠠᠬᠤ ᠳ᠋ᠤ᠌ ᠵᠣᠷᠢᠭᠤᠯᠤᠭᠰᠠᠨ ᠭᠣᠭᠴᠣᠭ᠎ᠠ ᠪᠦᠬᠦᠢ ᠬᠦᠵᠦᠭᠦᠨ ᠳ᠋ᠦ᠍ᠨᠢ ᠵᠡᠭᠦᠯᠭᠡᠭᠰᠡᠨ ᠳᠡᠭᠡᠰᠦ᠃ ᠭᠣᠭᠴᠣᠭ᠎ᠠ ᠳ᠋ᠤᠨᠢ ᠵᠡᠯ᠎ᠡ ᠳᠡᠭᠡᠷᠡᠬᠢ ᠴᠢᠭᠲᠠ ᠶ᠋ᠢ ᠣᠷᠣᠭᠤᠯᠵᠤ ᠳᠡᠪᠬᠢᠯᠡᠳᠡᠭ ᠶᠦ᠍ᠮ᠃ 

               ᠲᠡᠮᠡᠭᠡᠨ ᠦ᠌ ᠡᠳ᠋ᠯᠡᠯ ᠦ᠋ᠨ ᠵᠦᠢᠯ 

ᠪᠤᠢᠯᠠ  
       ᠲᠡᠮᠡᠭᠡᠨ ᠦ᠌ ᠬᠠᠮᠠᠷ ᠤ᠋ᠨ ᠪᠠᠭᠠᠨ᠎ᠠ ᠶ᠋ᠢ ᠴᠣᠭᠣᠯᠵᠤ ᠬᠥᠨᠳᠡᠯᠡᠨ ᠰᠢᠷᠭᠤᠭᠤᠯᠤᠭᠰᠠᠨ ᠮᠣᠳᠣ᠃ 
ᠪᠤᠢᠯᠠ ᠶ᠋ᠢᠨ ᠲᠣᠪᠬᠤ    ᠪᠤᠢᠯᠠ ᠶ᠋ᠢᠨ ᠦᠵᠦᠭᠦᠷ ᠲᠦ᠍ ᠤᠭᠯᠠᠭᠰᠠᠨ ᠰᠢᠷᠢ ᠵᠡᠷᠭᠡ᠃ 
ᠪᠤᠷᠠᠨᠲᠠᠭ  
       ᠪᠤᠢᠯᠠ ᠠ᠋ᠴᠠ ᠤᠶᠠᠵᠤ ᠠᠪᠤᠭᠰᠠᠨ ᠤᠶᠠᠬᠤ ᠬᠥᠲᠥᠯᠬᠦ ᠳ᠋ᠦ᠍ ᠵᠣᠷᠢᠭᠤᠯᠤᠭᠰᠠᠨ ᠤᠷᠲᠤ ᠳᠡᠭᠡᠰᠦ᠃ 
ᠪᠤᠢᠯᠠᠯᠠᠬᠤ  
       ᠲᠡᠮᠡᠭᠡᠨ ᠦ᠌ ᠬᠠᠮᠠᠷ ᠲᠤ᠌ ᠪᠤᠢᠯᠠ ᠬᠢᠬᠦ᠃ 
ᠲᠡᠮᠡᠭᠡᠨ ᠦ᠌ ᠨᠣᠭᠲᠣ 
       ᠲᠡᠮᠡᠭᠡᠨ ᠦ᠌ ᠲᠣᠯᠣᠭᠠᠢ ᠳ᠋ᠤ᠌ ᠵᠡᠭᠦᠯᠭᠡᠵᠦ ᠤᠶᠠᠬᠤ ᠪᠠ ᠬᠥᠲᠥᠯᠬᠦ ᠳ᠋ᠦ᠍ ᠵᠣᠷᠢᠭᠤᠯᠤᠭᠰᠠᠨ ᠬᠡᠷᠡᠭᠰᠡᠯ᠃ ᠣᠯᠠᠩᠬᠢ ᠳ᠋ᠠᠭᠠᠨ ᠲᠡᠮᠡᠭᠡᠨ ᠤᠩᠭᠠᠰᠤᠨ ᠳᠡᠭᠡᠰᠦ ᠪᠡᠷ ᠬᠢᠬᠦ ᠪᠥᠭᠡᠳ ᠲᠣᠯᠣᠭᠠᠢ ᠶ᠋ᠢᠨ ᠵᠠᠩᠭᠢᠶᠠᠰᠤ ᠪᠦᠬᠦᠨ ᠳ᠋ᠦ᠍ ᠤᠯᠠᠭᠠᠨ ᠂ ᠨᠣᠭᠣᠭᠠᠨ ᠥᠭᠡᠳᠡᠰᠦ ᠪᠡᠷ ᠴᠠᠴᠤᠭ ᠣᠶᠣᠵᠤ ᠭᠠᠩᠭᠠᠯᠠᠳᠠᠭ᠃ 
ᠲᠣᠬᠣᠰᠢ    ᠲᠡᠮᠡᠭᠡᠨ ᠦ᠌ ᠠᠲᠠᠪᠴᠢ ᠡᠮᠡᠭᠡᠯ᠃ 
ᠲᠣᠬᠣᠰᠢ ᠶ᠋ᠢᠨ ᠭᠥᠯᠢᠮ     ᠣᠯᠣᠩ ᠵᠢᠷᠢᠮ ᠦ᠋ᠨ ᠬᠠᠯᠠᠬᠠᠪᠴᠢ᠃ 
ᠳᠤᠬᠤᠰᠢ ᠶ᠋ᠢᠨ ᠳᠡᠪᠢᠰ  
       ᠳᠤᠬᠤᠰᠢ ᠶ᠋ᠢᠨ ᠰᠠᠭᠤᠳᠠᠯ ᠳ᠋ᠠᠬᠢ ᠵᠥᠭᠡᠯᠡᠪᠴᠢ ᠵᠢᠷᠢᠭ᠃ ᠬᠠᠯᠬ᠎ᠠ ᠳ᠋ᠤ᠌ ᠣᠯᠣᠩᠴᠣᠭ ᠭᠡᠵᠦ᠂ ᠪᠠᠷᠠᠭᠤᠨ ᠣᠷᠣᠨ᠎ᠠ ᠣᠪᠲᠠᠢ ᠭᠡᠳᠡᠭ᠃ 
ᠲᠣᠬᠣᠰᠢ ᠶ᠋ᠢᠨ ᠣᠯᠣᠩ  
       ᠲᠡᠮᠡᠭᠡᠨ ᠦ᠌ ᠭᠡᠳᠡᠰᠦ ᠪᠡᠷ ᠲᠠᠲᠠᠵᠤ ᠳᠤᠬᠤᠰᠢ ᠶ᠋ᠢ ᠪᠡᠬᠢᠯᠡᠬᠦ ᠬᠠᠪᠲᠠᠭᠠᠢ ᠬᠢᠯᠭᠠᠰᠤᠨ ᠳᠡᠭᠡᠰᠦ᠃ 
ᠲᠣᠬᠣᠰᠢ ᠶ᠋ᠢᠨ ᠵᠢᠷᠢᠮ     ᠣᠯᠣᠩ ᠢ᠋ ᠤᠭᠲᠤᠨ ᠲᠣᠷᠭᠣᠬᠤ ᠬᠠᠪᠲᠠᠭᠠᠢ ᠰᠤᠷ ᠣᠭᠣᠰᠣᠷ᠃ 
ᠬᠡᠪᠢᠰᠦᠨ ᠲᠣᠬᠣᠰᠢ     ᠬᠡᠪᠢᠰ ᠢ᠋ᠶ᠋ᠡᠷ ᠬᠢᠭᠰᠡᠨ ᠬᠡ ᠤᠭᠠᠯᠵᠠᠲᠠᠢ ᠭᠣᠶᠣ ᠡᠳ᠋ᠯᠡᠯ᠃  
ᠢᠰᠡᠭᠡᠢ ᠲᠣᠬᠣᠰᠢ     ᠢᠰᠡᠭᠡᠢ ᠶ᠋ᠢ ᠰᠢᠷᠢᠵᠦ ᠣᠶᠣᠭᠰᠠᠨ ᠲᠣᠬᠣᠰᠢ᠃ 
ᠢᠰᠡᠭᠡᠢ ᠠᠲᠠᠪᠴᠢ  
       ᠢᠰᠡᠭᠡᠢ ᠪᠡᠷ ᠬᠢᠭᠰᠡᠨ ᠡᠩ ᠦ᠋ᠨ ᠲᠣᠬᠣᠰᠢ᠃ ᠠᠲᠠᠪᠴᠢ ᠬᠡᠮᠡᠭᠴᠢ ᠤᠭ ᠨᠢ ᠲᠣᠬᠣᠰᠢᠨ ᠳᠥᠷᠦᠭᠡᠨ ᠦ᠌ ᠬᠣᠯᠪᠣᠭᠠᠷᠢ ᠶ᠋ᠢ ᠨᠡᠷᠡᠯᠡᠵᠦ ᠪᠠᠢᠵᠠᠢ ᠃ ᠬᠣᠵᠢᠮ ᠡᠩ ᠦ᠋ᠨ ᠮᠠᠭᠤᠬᠠᠨ ᠢᠰᠡᠭᠡᠢ ᠲᠣᠬᠣᠰᠢ ᠶ᠋ᠢ ᠨᠡᠷᠡᠯᠡᠬᠦ ᠪᠣᠯᠵᠠᠢ᠃ 
ᠲᠠᠪᠠᠭᠴᠢ  
       ᠲᠡᠮᠡᠭᠡ ᠰᠤᠷᠭᠠᠬᠤ ᠳ᠋ᠤ᠌ ᠬᠡᠷᠡᠭᠯᠡᠬᠦ ᠳᠡᠭᠡᠰᠦ᠃ ᠤᠤᠯ ᠳᠡᠭᠡᠰᠦ ᠶ᠋ᠢ ᠡᠮᠨᠢᠭ ᠲᠡᠮᠡᠭᠡᠨ ᠦ᠌ ᠪᠤᠷᠤᠭᠤ ᠲᠠᠯ᠎ᠠ ᠶ᠋ᠢᠨ ᠬᠠ ᠶ᠋ᠢᠨ ᠪᠡᠷᠪᠡᠬᠡᠢ ᠪᠡᠷ ᠤᠶᠠᠵᠤ ᠠᠪᠤᠭᠠᠳ ᠨᠥᠭᠦᠭᠡ ᠦᠵᠦᠭᠦᠷ ᠢ᠋ ᠨᠢ ᠨᠢᠷᠤᠭᠤᠨ ᠳᠡᠭᠡᠭᠦᠷ ᠨᠢ ᠭᠠᠷᠭᠠᠨ ᠠᠪᠴᠤ ᠲᠡᠳᠡᠨ ᠰᠥᠭᠥᠳᠬᠡᠬᠦ ᠳ᠋ᠦ᠍ ᠵᠣᠷᠢᠭᠤᠯᠤᠭᠰᠠᠨ ᠤᠷᠲᠤ ᠳᠡᠭᠡᠰᠦ ᠪᠠᠰᠠ ᠳᠠᠪᠠᠭᠴᠠ ᠭᠡᠳᠡᠭ᠃ 
ᠲᠡᠮᠡᠭᠡᠨ ᠲᠡᠩᠵᠡ ( ᠳᠠᠩᠰᠠ ) 
       ᠲᠡᠮᠡᠭᠡᠨ ᠦ᠌ ᠲᠠᠰᠢᠭᠤᠷ᠃ ᠮᠧᠲ᠋ᠷ ᠬᠢᠷᠢ ᠤᠷᠲᠤ᠂ ᠳᠡᠭᠡᠷ᠎ᠡ ᠦᠵᠦᠭᠦᠷ ᠲᠡᠭᠡᠨ ᠰᠡᠭᠡᠯᠳᠦᠷᠭᠡ ᠲᠡᠢ ᠳᠣᠣᠷ᠎ᠠ ᠦᠵᠦᠭᠦᠷ ᠲᠦ᠋ᠨᠢ ᠰᠤᠷ ᠤᠶᠠᠭᠰᠠᠨ ᠲᠠᠰᠢᠭᠤᠷ᠃ 
ᠲᠡᠮᠡᠭᠡᠨ ᠲᠤᠰᠢᠶ᠎ᠠ     ᠲᠡᠮᠡᠭᠡᠨ ᠦ᠌ ᠬᠣᠶᠠᠷ ᠬᠠ ᠶ᠋ᠢ ᠰᠢᠯᠪᠢ ᠪᠡᠷ ᠨᠢ ᠲᠣᠷᠭᠣᠬᠤ ᠡᠳ᠋᠃ 
ᠲᠡᠮᠡᠭᠡᠨ ᠠᠴᠢᠶ᠎ᠠ     ᠲᠡᠮᠡᠭᠡᠨ ᠳ᠋ᠦ᠍ ᠠᠴᠢᠶᠠᠯᠠᠬᠤ ᠲᠡᠩᠨᠡᠭᠡ᠃ 
ᠲᠡᠩᠵᠢᠶ᠎ᠡ 
       ᠠᠴᠢᠶ᠎ᠠ ᠲᠡᠩᠨᠡᠬᠦ ᠠᠬᠤᠷ ᠣᠭᠣᠰᠣᠷ᠂ ᠬᠣᠶᠠᠷ ᠰᠤᠮᠠᠯ ᠪᠤᠳᠠᠭ᠎ᠠ ᠶ᠋ᠢ ᠳᠡᠭᠡᠳᠦ ᠦᠵᠦᠭᠦᠷ ᠢ᠋ᠶ᠋ᠡᠷ ᠨᠢ ᠪᠣᠭᠣᠵᠤ ᠠᠴᠢᠬᠤ ᠲᠡᠳᠦᠢ ᠳ᠋ᠦ᠍ ᠬᠡᠷᠡᠭᠯᠡᠬᠦ ᠠᠬᠤᠷ ᠳᠡᠭᠡᠰᠦ᠃ 
ᠲᠡᠮᠡᠭᠡᠨ ᠲᠠᠲᠠᠯᠭ᠎ᠠ     ᠶᠣᠰᠣᠲᠠᠢ ᠶᠡᠬᠡ ᠠᠴᠢᠶ᠎ᠠ ᠠᠴᠢᠶᠠᠯᠬᠤ ᠤᠷᠲᠤ ᠳᠡᠭᠡᠰᠦ᠃ 
ᠲᠡᠮᠡᠭᠡᠨ ᠬᠣᠮ 
       ᠲᠡᠮᠡᠭᠡ ᠠᠴᠢᠶᠠᠯᠠᠬᠤ ᠳ᠋ᠤ᠌ ᠨᠢᠷᠤᠭᠤ ᠵᠣ᠌ ᠶ᠋ᠢ ᠨᠢ ᠬᠠᠮᠠᠭᠠᠯᠠᠬᠤ ᠳ᠋ᠤ᠌ ᠨᠥᠮᠥᠷᠭᠡᠬᠦ ᠪᠠᠮᠪᠠᠢᠪᠴᠢ᠃ 
ᠬᠣᠮ ᠤ᠋ᠨ ᠪᠠᠮᠪᠠᠢ   
       ᠲᠡᠮᠡᠭᠡ ᠬᠣᠮᠨᠣᠬᠤ ᠪᠠᠮᠪᠠᠢ᠃ ᠢᠰᠡᠭᠡᠢ ᠪᠤᠶᠤ ᠰᠤᠮᠠᠯ ᠳ᠋ᠤ᠌ ᠴᠢᠬᠢᠭᠰᠡᠨ ᠡᠪᠡᠰᠦᠨ ᠵᠢᠷᠢᠭᠡᠪᠴᠢ᠃ 
ᠬᠣᠮᠤᠨ ᠰᠢᠷᠢᠳᠡᠭ     ᠲᠡᠮᠡᠭᠡᠨ ᠬᠣᠮᠨᠣᠬᠤ ᠰᠢᠷᠢᠳᠡᠭ᠃ 
ᠬᠣᠮ ᠤ᠋ᠨ ᠮᠣᠳᠣ  
       ᠬᠣᠮ ᠤ᠋ᠨ ᠪᠠᠮᠪᠠᠢ ᠶ᠋ᠢ ᠬᠠᠪᠴᠢᠨ ᠡᠷᠡᠵᠦ ᠲᠣᠭᠲᠠᠭᠠᠬᠤ ᠮᠣᠳᠣ ᠂ ᠬᠣᠮ ᠤ᠋ᠨ ᠱᠤᠳᠤᠷᠤᠭ ᠴᠤ᠌ ᠭᠡᠳᠡᠭ ᠃ ᠤᠷᠠᠳᠴᠤᠳ ᠪᠠᠰᠠ ᠬᠣᠮ ᠤ᠋ᠨ ᠱᠠᠲᠤ ᠭᠡᠳᠡᠭ᠃ 
ᠬᠣᠮ ᠤ᠋ᠨ ᠱᠠᠲᠤ 
       ᠲᠡᠮᠡᠭᠡᠨ ᠦ᠌ ᠨᠢᠷᠤᠭᠤ ᠳᠠᠷᠤᠬᠤ ᠠ᠋ᠴᠠ ᠪᠣᠯᠭᠣᠮᠵᠢᠯᠠᠵᠤ ᠪᠦᠬᠦ ᠶ᠋ᠢᠨ ᠠᠩ ᠳ᠋ᠤ᠌ ᠬᠣᠮ ᠤ᠋ᠨ ᠮᠣᠳᠣᠨ ᠳ᠋ᠤ᠌ ᠲᠣᠬᠢᠶᠠᠭᠰᠠᠨ ᠰᠢᠷᠡᠭᠡ ᠰᠢᠭ ᠬᠥᠮᠥᠷᠢᠦ ᠮᠣᠳᠣ᠃ ᠪᠠᠰᠠ ᠵᠠᠷᠢᠮ ᠭᠠᠵᠠᠷ ᠬᠥᠮᠥᠷᠢᠦ ᠮᠣᠳᠣ ᠭᠡᠳᠡᠭ᠃ 
ᠬᠣᠮᠨᠣᠬᠤ     ᠲᠡᠮᠡᠭᠡᠨ ᠳ᠋ᠦ᠍ ᠬᠣᠮ ᠢ᠋ ᠨᠥᠮᠥᠷᠭᠡᠨ ᠲᠣᠬᠢᠷᠠᠭᠤᠯᠵᠤ ᠲᠣᠭᠲᠠᠭᠠᠬᠤ᠃ 
ᠳᠠᠩ   
       ᠲᠡᠮᠡᠭᠡᠨ ᠳ᠋ᠦ᠍ ᠲᠡᠩᠴᠡᠭᠦᠯᠵᠦ ᠠᠴᠢᠬᠤ ᠪᠠᠷ ᠲᠠᠭᠠᠷᠠᠭᠤᠯᠵᠤ ᠪᠠᠭᠯᠠᠭᠰᠠᠨ ᠨᠢᠭᠡᠨ ᠲᠠᠯ᠎ᠠ ᠶ᠋ᠢᠨ ᠠᠴᠢᠶ᠎ᠠ᠃ 
ᠳᠠᠩ ᠠᠳᠠᠯᠢ     ᠬᠦᠨᠳᠦ ᠬᠥᠩᠭᠡᠨ ᠶᠡᠬᠡ ᠪᠠᠭ᠎ᠠ ᠶ᠋ᠢ ᠨᠢ ᠶᠠᠭ ᠠᠳᠠᠯᠢ ᠪᠣᠯᠭᠠᠵᠤ ᠲᠡᠭᠡᠭᠡᠬᠦ᠃ 
ᠳᠠᠩ ᠬᠤᠪᠢᠶᠠᠬᠤ     ᠬᠤᠪᠢ ᠠᠳᠠᠯᠢ ᠪᠣᠯᠭᠠᠨ ᠬᠤᠪᠢᠶᠠᠵᠤ ᠲᠡᠭᠡᠭᠡᠬᠦ᠃ 
ᠳᠠᠩ ᠲᠠᠲᠠᠬᠤ 
       ᠭᠡᠷ᠂ ᠮᠢᠢ᠌ᠬᠠᠨ ᠵᠡᠷᠭᠡ ᠶ᠋ᠢ ᠰᠠᠯᠬᠢ ᠰᠢᠭᠤᠷᠭᠠᠨ ᠠ᠋ᠴᠠ ᠪᠣᠯᠭᠣᠮᠵᠢᠯᠠᠨ ᠪᠡᠬᠢᠯᠡᠵᠦ ᠣᠭᠣᠰᠣᠷ ᠢ᠋ᠶ᠋ᠠᠷ ᠳᠠᠷᠤᠭᠤᠯᠤᠨ ᠤᠶᠠᠵᠤ ᠲᠣᠭᠲᠠᠭᠠᠬᠤ ᠃ 
ᠳᠠᠩ ᠴᠠᠴᠠᠭᠤ ( ᠰᠠᠴᠠᠭᠤ )    ᠶᠠᠭ ᠠᠳᠠᠯᠢ ᠂ ᠰᠠᠴᠠᠭᠤ ᠃ 
ᠳᠠᠩ ᠬᠠᠭᠠᠰ     ᠶᠠᠭ ᠲᠠᠯ᠎ᠠ ᠬᠤᠪᠢ ᠶ᠋ᠢ ᠬᠡᠯᠡᠨ᠎ᠡ᠃ 
ᠳᠠᠩ ᠲᠡᠩᠴᠡᠭᠦᠯᠬᠦ    ᠠᠴᠢᠶ᠎ᠠ ᠶ᠋ᠢ ᠶᠠᠭ ᠠᠳᠠᠯᠢ ᠪᠣᠯᠭᠠᠬᠤ᠃ 
ᠳᠠᠩ ᠲᠡᠭᠰᠢᠯᠡᠬᠦ    ᠠᠴᠢᠶ᠎ᠠ ᠬᠠᠭᠤᠯᠬᠤ ᠃ 
ᠳᠠᠩ ᠲᠠᠢ     ᠳᠠᠩ ᠠᠳᠠᠯᠢ ᠃ 
ᠲᠡᠩᠨᠡᠬᠦ  
       ᠮᠣᠷᠢ ᠂ ᠲᠡᠮᠡᠭᠡᠨ ᠦ᠌ ᠨᠢᠷᠤᠭᠤᠨ ᠳ᠋ᠤ᠌ ᠡᠯᠢᠭᠡᠳᠡᠬᠦ ᠪᠠ ᠡᠯᠢᠭᠡᠳᠡᠭᠦᠯᠦᠨ ᠠᠴᠢᠨ ᠲᠠᠯᠪᠢᠬᠤ᠃ 
ᠲᠡᠮᠡᠭᠡᠨ ᠲᠠᠲᠠᠰᠢ   
       ᠬᠥᠯᠥᠷᠡᠭᠰᠡᠨ ᠲᠡᠮᠡᠭᠡᠨ ᠦ᠌ ᠨᠢᠷᠤᠭᠤ ᠰᠠᠯᠬᠢ ᠠᠪᠬᠤ ᠠ᠋ᠴᠠ ᠪᠣᠯᠭᠣᠮᠵᠢᠯᠠᠭᠰᠠᠨ ᠪᠤᠶᠤ ᠨᠢᠷᠤᠭᠤ ᠨᠢ ᠵᠢᠩᠭᠢᠨᠡᠬᠦ ᠡᠴᠡ ᠬᠡᠷᠰᠡᠦᠯᠡᠨ ᠬᠢᠭᠰᠡᠨ ᠲᠣᠬᠣᠮ  ᠤ᠋ᠨ ᠳᠣᠣᠷᠠᠬᠢ ᠨᠢᠮᠭᠡᠨ ᠵᠢᠵᠢᠭ ᠢᠰᠡᠭᠡᠢ ᠃ ᠲᠣᠬᠣᠰᠢ ᠪᠠᠨ ᠠᠪᠤᠭᠰᠠᠨ ᠴᠤ᠌ ᠲᠠᠲᠠᠰᠢ ᠨᠢ ᠦᠯᠡᠳᠡᠳᠡᠭ ᠃ ᠵᠠᠷᠢᠮ ᠨᠢ ᠦᠰᠦᠨ ᠳ᠋ᠦ᠍ᠨᠢ ᠪᠠᠷᠢᠵᠤ ᠤᠶᠠᠳᠠᠭ ᠃ ᠵᠠᠷᠢᠮ ᠨᠢ ᠨᠠᠷᠢᠨ ᠰᠢᠵᠢᠮ ᠰᠢᠭ ᠶᠠᠭᠤᠮ᠎ᠠ ᠪᠠᠷ ᠣᠯᠤᠩᠯᠠᠨ ᠲᠠᠲᠠᠳᠠᠭ ᠴᠤ᠌ ᠪᠣᠢ᠃ 
ᠲᠡᠮᠡᠭᠡᠨ ᠲᠡᠷᠭᠡ   
       ᠮᠥᠨ ᠦᠬᠡᠷ ᠲᠡᠷᠭᠡ ( ᠠᠭᠠᠯᠵᠢᠨ ᠲᠡᠷᠭᠡ ) ᠃ ᠢᠯᠭᠠᠭ᠎ᠠ ᠨᠢ ᠵᠢᠳᠬᠦᠭᠦᠷ ᠪᠤᠭᠤᠯᠠᠭ᠎ᠠ ᠦᠭᠡᠢ᠃ ᠬᠤᠮᠤᠯᠳᠤᠷᠭ᠎ᠠ ᠲᠠᠢ᠃ 
ᠬᠤᠮᠤᠯᠳᠤᠷᠭ᠎ᠠ  
       ᠲᠡᠮᠡᠭᠡᠨ ᠦ᠌ ᠡᠮᠦᠨ᠎ᠡ ᠪᠦᠬᠦᠨ ᠳ᠋ᠦ᠍ ᠤᠭᠯᠠᠨ ᠳᠠᠭᠠᠷᠠᠭᠤᠯᠤᠭᠰᠠᠨ ᠵᠢᠳᠬᠦᠭᠦᠷ᠃ ᠪᠠᠰᠠ ᠬᠥᠯᠪᠥᠷᠭᠡ ᠭᠡᠵᠦ ᠬᠡᠯᠡᠬᠦ ᠴᠦ᠍ ᠪᠣᠢ᠃ 
ᠬᠥᠯᠯᠡᠬᠦ     ᠥᠷᠥᠭᠡᠰᠦᠨ ᠬᠠ ᠶ᠋ᠢᠨ ᠲᠠᠪᠠᠭ ᠠ᠋ᠴᠠ ᠣᠭᠣᠰᠣᠷᠯᠠᠵᠤ ᠤᠶᠠᠬᠤ᠃ 
ᠲᠠᠲᠠᠭᠤᠷᠳᠠᠬᠤ    
       ᠢᠩᠭᠡ ᠰᠠᠭᠠᠵᠤ ᠰᠤᠷᠭᠠᠬᠤ ᠳ᠋ᠤ᠌ ᠵᠥᠪ ᠲᠠᠯ᠎ᠠ ᠶ᠋ᠢᠨ ᠭᠤᠶ᠎ᠠ ᠶ᠋ᠢ ᠬᠣᠢᠰᠢ ᠲᠠᠲᠠᠵᠤ ᠤᠶᠠᠬᠤ᠃ 
ᠲᠠᠪᠠᠬᠠᠢᠪᠴᠢ  
       ᠲᠠᠪᠠᠭᠴᠢᠭ᠎ᠠ ᠂ ᠡᠮᠨᠢᠭ ᠲᠡᠮᠡᠭᠡᠨ ᠦ᠌ ᠪᠤᠷᠤᠭᠤ ᠲᠠᠯ᠎ᠠ ᠶ᠋ᠢᠨ ᠡᠮᠦᠨ᠎ᠡ ᠬᠥᠯ ᠦ᠋ᠨ ᠪᠡᠷᠪᠡᠬᠡᠢ ᠪᠡᠷ ᠳᠡᠭᠡᠰᠦᠨ ᠦ᠌ ᠨᠢᠭᠡ ᠦᠵᠦᠭᠦᠷ ᠢ᠋ ᠣᠭᠣᠷᠰᠤᠯᠠᠨ᠂ ᠨᠥᠭᠦᠭᠡ ᠦᠵᠦᠭᠦᠷ ᠢ᠋ ᠨᠢᠷᠤᠭᠤ ᠳᠡᠭᠡᠭᠦᠷ ᠨᠢ ᠵᠥᠪ ᠲᠠᠯ᠎ᠠ ᠵᠦᠭ ᠲᠠᠲᠠᠵᠤ ᠬᠥᠯ ᠢ᠋ ᠨᠢ ᠨᠤᠭᠤᠯᠤᠨ ᠬᠡᠪᠲᠡᠭᠦᠯᠬᠦ ᠳᠡᠭᠡᠰᠦ᠃ 
ᠲᠡᠷᠭᠡᠨ ᠦ᠌ ᠬᠣᠮ  
       ᠲᠡᠮᠡᠭᠡᠨ ᠦ᠌ ᠡᠮᠦᠨ᠎ᠡ ᠪᠦᠬᠦᠨ ᠳ᠋ᠦ᠍ ᠤᠭᠯᠠᠨ ᠲᠠᠭᠠᠷᠠᠭᠤᠯᠵᠤ ᠲᠡᠷᠭᠡ ᠵᠢᠳᠬᠦᠭᠦᠯᠬᠦ ᠪᠡᠷ ᠪᠡᠯᠡᠳᠬᠡᠭᠰᠡᠨ ᠡᠳ᠋ ( ᠬᠤᠮᠤᠯᠳᠤᠷᠭ᠎ᠠ ) ᠃ 

               ᠬᠣᠨᠢᠨ ᠤ᠋ ᠡᠳ᠋ᠯᠡᠯ ᠦ᠋ᠨ ᠵᠦᠢᠯ 

ᠬᠣᠨᠢᠨ ᠬᠣᠷᠣᠭ᠎ᠠ     ᠬᠣᠨᠢ ᠬᠣᠷᠢᠬᠤ ᠬᠦᠷᠢᠶ᠎ᠡ᠃ 
ᠬᠣᠨᠢᠨ ᠰᠠᠷᠠᠪᠴᠢ     ᠬᠣᠨᠢᠨ ᠬᠣᠷᠣᠭᠠᠨ ᠤ᠋ ᠳᠤᠯᠠᠭᠠᠪᠴᠢ ᠫᠧᠩ᠃ 
ᠲᠥᠯ ᠦ᠋ᠨ ᠪᠥᠬᠥᠭᠡᠭ  
       ᠲᠥᠯ ᠬᠣᠷᠢᠬᠤ ᠨᠠᠪᠲᠠᠭᠠᠷ ᠪᠠᠢᠰᠢᠩ ᠃ ᠣᠳᠣ ᠲᠥᠯ ᠦ᠋ᠨ ᠫᠧᠩ ᠭᠡᠵᠦ ᠪᠣᠢ ᠃ 
ᠲᠥᠯ ᠦ᠋ᠨ ᠤᠭᠤᠲᠠ  
       ᠬᠣᠨᠢ ᠲᠥᠯᠯᠡᠬᠦ ᠦᠶ᠎ᠡ ᠂ ᠬᠤᠷᠠᠭ᠎ᠠ ᠶ᠋ᠢ ᠬᠥᠯᠳᠡᠵᠦ ᠪᠡᠭᠡᠷᠡᠬᠦ ᠡᠴᠡ ᠬᠢᠴᠢᠶᠡᠵᠦ ᠲᠤᠰᠬᠠᠢ ᠬᠢᠭᠰᠡᠨ ᠢᠰᠡᠭᠡᠢ ᠰᠠᠪᠠ ᠠᠪᠴᠤ ᠶᠠᠪᠤᠳᠠᠭ ᠃ ᠡᠨᠡ ᠬᠦ᠌ ᠢᠰᠡᠭᠡᠢ ᠰᠠᠪᠠ ᠶ᠋ᠢ ᠲᠥᠯ ᠦ᠋ᠨ ᠤᠭᠤᠲᠠ ᠭᠡᠳᠡᠭ᠃ 
ᠲᠥᠯ ᠲᠤᠰᠬᠤ     ᠬᠢᠴᠢᠶᠡᠨ ᠮᠠᠨᠠᠵᠤ ᠲᠥᠯ ᠢ᠋ᠶ᠋ᠡᠨ ᠲᠥᠯᠯᠡᠭᠦᠯᠵᠦ ᠠᠪᠬᠤ ᠃ 
ᠲᠥᠯ ᠲᠠᠯᠪᠢᠬᠤ     ᠲᠥᠯ ᠢ᠋ᠶ᠋ᠡᠨ ᠡᠬᠡ ᠳ᠋ᠦ᠍ᠨᠢ ᠨᠡᠢᠯᠡᠭᠦᠯᠬᠦ ᠃ 
ᠲᠥᠯ ᠰᠠᠢᠲᠠᠢ  
       ᠲᠥᠯ ᠨᠢ ᠲᠤᠷᠤᠭ ᠲᠣᠷᠨᠢᠭᠤᠨ ᠮᠥᠷᠲᠡᠭᠡᠨ ᠦᠬᠦᠯ ᠬᠣᠬᠢᠷᠠᠯ ᠦᠭᠡᠢ ᠪᠤᠶᠤ ᠪᠠᠭ᠎ᠠ ᠂ ᠦᠷᠡᠵᠢᠯ ᠣᠯᠠᠨᠲᠠᠢ ᠃ 
ᠲᠥᠯ ᠮᠠᠭᠤᠲᠠᠢ     ᠦᠷᠡᠵᠢᠯ ᠮᠠᠭᠤᠲᠠᠢ ᠃ 
ᠲᠥᠯ ᠠᠪᠬᠤ     ᠮᠠᠯ ᠤ᠋ᠨ ᠦᠷᠡᠵᠢᠯ ᠠᠪᠬᠤ ᠃ 
ᠲᠥᠯ ᠡᠪᠡᠰᠦᠯᠡᠬᠦ  
       ᠲᠥᠯ ᠦ᠋ᠨ ᠪᠥᠬᠥᠭᠡᠭ ᠦ᠋ᠨ ᠣᠨᠢ ᠨᠢᠷᠤᠭᠤ ᠪᠤᠶᠤ ᠬᠠᠶᠠᠭ᠎ᠠ ᠠ᠋ᠴᠠ ᠡᠪᠡᠰᠦ ᠶ᠋ᠢ ᠬᠤᠷᠤᠭᠤ ᠬᠢᠷᠢ ᠵᠢᠵᠢᠭ ᠵᠢᠵᠢᠭ ᠢ᠋ᠶ᠋ᠡᠷ ᠪᠣᠭᠣᠵᠤ ᠡᠯᠭᠦᠬᠦ᠃
ᠬᠥᠭᠡᠨ᠎ᠡ     ᠬᠤᠷᠠᠭ᠎ᠠ ᠢᠰᠢᠭᠡ ᠤᠶᠠᠬᠤ ᠬᠡᠷᠡᠭᠰᠡᠯ ᠃ 
ᠬᠥᠭᠡᠨᠡᠬᠦ     ᠬᠤᠷᠠᠭ᠎ᠠ ᠢᠰᠢᠭᠡ ᠪᠡᠨ ᠬᠥᠭᠡᠨ᠎ᠡ ᠳ᠋ᠡᠭᠡᠨ ᠪᠠᠷᠢᠵᠤ ᠤᠶᠠᠬᠤ ᠃ 
ᠬᠣᠨᠢᠨ ᠬᠥᠯᠯᠡᠭᠡ  
       ᠬᠣᠨᠢ ᠶ᠋ᠢ ᠬᠠᠢᠴᠢᠯᠠᠬᠤ ᠳ᠋ᠤ᠌ ᠭᠤᠷᠪᠠᠨ ᠬᠥᠯ ᠢ᠋ ᠨᠢ ᠪᠠᠷᠢᠵᠤ ᠤᠶᠠᠳᠠᠭ ᠃ ᠡᠨᠡ ᠬᠦ᠌ ᠳᠡᠭᠡᠰᠦ ᠶ᠋ᠢ ᠬᠥᠯᠯᠡᠭᠡ ᠭᠡᠳᠡᠭ ᠃ 
ᠬᠣᠨᠢᠨ ᠬᠠᠢᠴᠢ    ᠬᠣᠨᠢ ᠬᠢᠷᠭᠠᠬᠤ ᠳ᠋ᠤ᠌ ᠬᠡᠷᠡᠭᠯᠡᠬᠦ ᠪᠠᠭᠠᠵᠢ ᠃ 
ᠬᠣᠨᠢ ᠬᠤᠯᠪᠤᠭᠠᠷᠢ    ᠬᠣᠨᠢ ᠰᠠᠭᠠᠬᠤ ᠳ᠋ᠤ᠌ ᠬᠣᠶᠠᠷ ᠬᠣᠶᠠᠷ ᠢ᠋ᠶ᠋ᠠᠷ ᠬᠣᠯᠪᠣᠨ ᠬᠡᠯᠬᠢᠶᠡᠯᠡᠬᠦ ᠳᠡᠭᠡᠰᠦ ᠃ 

               ᠢᠮᠠᠭᠠᠨ ᠤ᠋ ᠡᠳ᠋ᠯᠡᠯ ᠦ᠋ᠨ ᠵᠦᠢᠯ 

ᠢᠮᠠᠭᠠᠨ ᠤ᠋ ᠡᠳ᠋ᠯᠡᠯ  
       ᠶᠡᠷᠦᠩᠬᠡᠢ ᠳ᠋ᠡᠭᠡᠨ ᠬᠣᠨᠢᠨ ᠤ᠋ ᠡᠳ᠋ᠯᠡᠯ ᠬᠡᠷᠡᠭᠰᠡᠯ ᠢ᠋ ᠪᠦᠷ ᠬᠡᠷᠡᠭᠯᠡᠳᠡᠭ ᠃ ᠠᠩᠬᠠᠨ ᠳ᠋ᠠᠭᠠᠨ ᠪᠣᠯ ᠬᠣᠷᠣᠭ᠎ᠠ ᠰᠠᠷᠠᠪᠴᠢ ᠬᠠᠷᠢᠨ ᠪᠡᠯᠡᠳᠬᠡᠳᠡᠭ  ᠦᠭᠡᠢ ᠂ ᠬᠠᠳᠠᠨ ᠳ᠋ᠤ᠌ ᠬᠥᠭᠡᠭᠡᠭᠡᠳ ᠭᠠᠷᠭᠠᠴᠢᠬᠠᠳᠠᠭ ᠶᠤᠮ ᠃ ᠣᠳᠣ ᠨᠣᠣᠰᠣ ᠨᠣᠣᠯᠣᠭᠤᠷ ᠦᠨ᠎ᠡ ᠥᠰᠬᠦᠯᠡᠷ ᠢᠮᠠᠭ᠎ᠠ ᠦᠨ᠎ᠡ ᠴᠡᠨᠡᠲᠡᠢ ᠪᠣᠯᠵᠤ ᠂ ᠬᠣᠨᠢᠨ ᠤ᠋ ᠬᠡᠷᠡᠭᠰᠡᠯ ᠡᠴᠡ ᠳᠤᠲᠠᠬᠤ ᠦᠭᠡᠢ ᠪᠣᠯᠵᠤ ᠪᠠᠢᠨ᠎ᠠ ᠃ ᠡᠢᠨ ᠬᠦ᠌ ᠡᠨᠳᠡ ᠳᠥᠭᠥᠮᠴᠢᠯᠡᠭᠡᠳ ᠣᠨᠴᠠᠭᠠᠢ ᠵᠦᠢᠯ ᠡᠴᠡ ᠨᠢ ᠬᠣᠶᠠᠷ ᠢ᠋ ᠲᠡᠮᠳᠡᠭᠯᠡᠶ᠎ᠡ᠃ 
ᠰᠠᠮᠨᠠᠭᠤᠷ   ᠢᠮᠠᠭᠠᠨ ᠤ᠋ ᠨᠣᠣᠯᠣᠭᠤᠷ ᠢ᠋ ᠮᠠᠭᠠᠵᠢᠨ ᠰᠠᠮᠨᠠᠵᠤ ᠠᠪᠬᠤ ᠲᠡᠮᠦᠷ ᠤᠲᠠᠰᠤᠨ ᠭᠣᠬᠢᠷ ᠰᠠᠮ᠃ 
ᠱᠦᠭᠦᠷ     ᠦᠯᠡᠳᠡᠭᠰᠡᠨ ᠨᠣᠣᠯᠣᠭᠤᠷ ᠢ᠋ ᠱᠦᠭᠦᠷᠳᠡᠨ ᠠᠪᠬᠤ ᠨᠠᠷᠢᠨ ᠪᠠᠭ᠎ᠠ ᠰᠠᠮ᠃ 
ᠭᠠᠳᠠᠰᠤ     ᠬᠦᠯᠢᠭᠰᠡᠨ ᠢᠮᠠᠭ᠎ᠠ ᠪᠠᠨ ᠡᠨᠡ ᠬᠦ᠌ ᠭᠠᠳᠠᠰᠤᠨ ᠠ᠋ᠴᠠ ᠤᠶᠠᠵᠤ ᠴᠢᠩᠭᠠᠵᠤ ᠰᠠᠮᠨᠠᠳᠠᠭ᠃ 
ᠰᠤᠷᠯᠠᠬᠤ  
       ᠢᠮᠠᠭᠠᠨ ᠤ᠋ ᠨᠣᠣᠯᠣᠭᠤᠷ ᠢ᠋ ᠠᠮᠠᠷᠬᠠᠨ ᠰᠠᠮᠨᠠᠬᠤ ᠶ᠋ᠢᠨ ᠲᠥᠯᠥᠭᠡ ᠤᠷᠢᠳ ᠢ᠋ᠶ᠋ᠠᠷ ᠰᠤᠷ ᠢ᠋ ᠨᠢ ᠬᠠᠢᠴᠢᠯᠠᠬᠤ ᠶ᠋ᠢ ᠬᠡᠯᠡᠨ᠎ᠡ᠃