ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 14 > Хөх зул – Боржигон Ванжал –"Тав ᠂ Таван хошуу малын бүлэг " 14 . ᠲᠠᠪᠤᠨ ᠬᠣᠰᠢᠭᠤ ᠮᠠᠯ ᠤᠨ ᠶᠠᠪᠤᠳᠠᠯ Таван хошуу малын явд ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 14 > Хөх зул – Боржигон Ванжал –"Тав ᠂ Таван хошуу малын бүлэг " 14 . ᠲᠠᠪᠤᠨ ᠬᠣᠰᠢᠭᠤ ᠮᠠᠯ ᠤᠨ ᠶᠠᠪᠤᠳᠠᠯ Таван хошуу малын явд

ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 14 > Хөх зул – Боржигон Ванжал –"Тав ᠂ Таван хошуу малын бүлэг " 14 . ᠲᠠᠪᠤᠨ ᠬᠣᠰᠢᠭᠤ ᠮᠠᠯ ᠤᠨ ᠶᠠᠪᠤᠳᠠᠯ Таван хошуу малын явд

ᠠᠩᠭᠢᠯᠠᠯ:ᠵᠠᠩ ᠦᠢᠯᠡ
2023-12-22

304

ᠲᠠᠪᠤ ᠂ ᠲᠠᠪᠤᠨ ᠬᠣᠰᠢᠭᠤ ᠮᠠᠯ ᠤᠨ ᠪᠦᠯᠦᠭ – 14

ᠲᠠᠪᠤᠨ ᠬᠣᠰᠢᠭᠤ ᠮᠠᠯ ᠤᠨ ᠶᠠᠪᠤᠳᠠᠯ Таван хошуу малын явдал


               ᠠᠳᠤᠭᠤᠨ ᠤ᠋ ᠶᠠᠪᠤᠳᠠᠯ ᠤ᠋ᠨ ᠵᠦᠢᠯ 

ᠠᠳᠤᠭᠤᠨ ᠤ᠋ ᠶᠠᠪᠤᠳᠠᠯ  
       ᠠᠳᠤᠭᠤᠨ ᠤ᠋ ᠬᠥᠯ ᠦ᠋ᠨ ᠭᠢᠰᠬᠢᠳᠡᠯ ᠂ ᠬᠥᠳᠡᠯᠭᠡᠭᠡᠨ ᠢ᠋ ᠶᠠᠪᠤᠳᠠᠯ ᠭᠡᠵᠦ ᠬᠡᠯᠡᠳᠡᠭ ᠃ ᠠᠳᠤᠭᠤᠨ ᠤ᠋ ᠶᠠᠪᠤᠳᠠᠯ ᠢ᠋ ᠳᠣᠲᠣᠷ᠎ᠠ ᠨᠢ ᠤᠭ ᠤ᠋ᠨ ᠪᠠ ᠰᠤᠷᠤᠭᠰᠠᠨ ᠭᠡᠵᠦ ᠬᠣᠶᠠᠷ ᠠᠩᠭᠢᠯᠠᠨ᠎ᠠ ᠃ ᠠᠳᠤᠭᠤᠨ ᠳ᠋ᠤ᠌ ᠤᠤᠯ ᠠ᠋ᠴᠠ ᠪᠠᠢᠭᠰᠠᠨ ᠪᠥᠭᠡᠳ ᠬᠥᠮᠦᠨ ᠦ᠌ ᠣᠷᠣᠯᠴᠠᠭ᠎ᠠ ᠦᠭᠡᠢ ᠪᠡᠷ ᠪᠣᠢ ᠪᠣᠯᠤᠭᠰᠠᠨ ᠶᠠᠪᠤᠳᠠᠯ ᠢ᠋ ᠤᠭ ᠤ᠋ᠨ ᠭᠡᠳᠡᠭ ᠃ ᠤᠭ ᠤ᠋ᠨ ᠶᠠᠪᠤᠳᠠᠯ ᠳ᠋ᠤ᠌ ᠠᠯᠬᠤᠭ᠎ᠠ ᠂ ᠱᠣᠭᠱ᠌ᠢᠶ᠎ᠠ ᠂ ᠬᠠᠲᠠᠷᠢ ᠂ ᠴᠣᠭᠭᠢᠶ᠎ᠠ ᠂ ᠳᠠᠪᠬᠢᠶ᠎ᠠ ᠂ ᠤᠨᠠᠭᠠᠨ ᠵᠢᠷᠣᠭ᠎ᠠ ᠭᠡᠬᠦ ᠮᠡᠲᠦ ᠃ ᠬᠠᠷᠢᠨ ᠵᠣᠷᠢᠭᠤᠳᠠ ᠰᠤᠷᠭᠠᠬᠤ ᠵᠢᠷᠤᠮ ᠢ᠋ᠶ᠋ᠠᠷ ᠪᠣᠢ ᠪᠣᠯᠤᠭᠰᠠᠨ ᠶᠠᠪᠤᠳᠠᠯ ᠢ᠋ ᠰᠤᠷᠤᠭᠰᠠᠨ ᠭᠡᠳᠡᠭ᠃ ᠰᠤᠷᠤᠭᠰᠠᠨ ᠶᠠᠪᠤᠳᠠᠯ ᠳ᠋ᠤ᠌ ᠂ ᠳᠠᠷᠤᠮᠠᠯ ᠵᠢᠷᠣᠭ᠎ᠠ ᠂ ᠠᠯᠪᠠ ᠶ᠋ᠢᠨ ᠰᠠᠢᠪᠤᠷ ᠂ ᠣᠷᠣᠮᠠᠯ ᠵᠢᠷᠣᠭ᠎ᠠ ᠂ ᠡᠯᠭᠦᠭᠡ ᠵᠢᠷᠣᠭ᠎ᠠ ᠭᠡᠬᠦ ᠵᠡᠷᠭᠡ ᠪᠣᠢ᠃ 
ᠠᠯᠬᠤᠭ᠎ᠠ 
       ᠠᠯᠬᠤᠳᠠᠯ ᠃ ᠮᠣᠷᠢᠨ ᠤ᠋ ᠨᠢᠭᠡ ᠨᠢᠭᠡᠨ ᠠᠯᠬᠤᠮ ᠢ᠋ᠶ᠋ᠠᠷ ᠳᠠᠪᠰᠢᠯᠬᠢᠯᠠᠨ ᠶᠠᠪᠤᠬᠤ ᠲᠠᠢᠪᠤᠭᠤ ᠶᠠᠪᠤᠳᠠᠯ᠃ 
ᠬᠠᠷ᠎ᠠ ᠠᠯᠬᠤᠭ᠎ᠠ     ᠡᠩ ᠦ᠋ᠨ ᠠᠯᠬᠤᠳᠠᠯ᠃ 
ᠴᠣᠭᠭᠢᠶ᠎ᠠ ᠬᠠᠷ᠎ᠠ ᠠᠯᠬᠤᠭ᠎ᠠ  
       ᠬᠤᠷᠳᠤᠨ ᠬᠠᠷ᠎ᠠ ᠠᠯᠬᠤᠭ᠎ᠠ ᠃ ᠣᠨᠴᠠᠯᠢᠭ ᠨᠢ ᠲᠣᠯᠣᠭᠠᠢ ᠨᠢ ᠳᠡᠭᠡᠷ᠎ᠡ ᠪᠠᠢᠵᠤ ᠠᠯᠬᠤᠬᠤ ᠪᠦᠷᠢ ᠲᠣᠯᠣᠭᠠᠢ ᠨᠢ ᠱᠤᠷᠤᠰ ᠱᠤᠷᠤᠰ ᠬᠥᠳᠡᠯᠳᠡᠭ᠃ 
ᠭᠦᠢᠮ᠎ᠡ ( ᠭᠦᠶᠦᠮ᠎ᠡ ) ᠬᠠᠷ᠎ᠠ ᠠᠯᠬᠤᠭ᠎ᠠ   
       ᠠᠯᠬᠤᠭ᠎ᠠ ᠶ᠋ᠢᠨ ᠬᠠᠮᠤᠭ ᠬᠤᠷᠳᠤᠨ ᠠᠯᠬᠤᠳᠠᠯ ᠃ ᠤᠴᠠᠯᠢᠭ᠋ ᠨᠢ ᠲᠣᠯᠣᠭᠠᠢ ᠨᠢ ᠳᠣᠣᠷ᠎ᠠ ᠳᠡᠭᠡᠷ᠎ᠡ ᠶᠠᠮᠠᠷ ᠴᠤ᠌ ᠪᠠᠢᠵᠤ ᠪᠣᠯᠤᠨ᠎ᠠ ᠃ ᠪᠠᠷᠤᠭ ᠰᠠᠢᠪᠤᠷ ᠲᠤ᠌ ᠣᠢᠷᠠᠲᠤᠮ᠎ᠠ ᠬᠤᠷᠳᠤᠨ ᠠᠯᠬᠤᠳᠠᠯ᠃ 
ᠰᠠᠢᠪᠤᠷ ᠠᠯᠬᠤᠭ᠎ᠠ 
       ᠰᠠᠢᠪᠤᠷ ᠲᠠᠢ ᠣᠢᠷᠠᠯᠴᠠᠭ᠎ᠠ ᠠᠯᠬᠤᠭ᠎ᠠ ᠃ ᠬᠠ ᠶ᠋ᠢᠨ ᠮᠥᠷ ᠡᠴᠡ ᠭᠤᠶᠠᠨ ᠤ᠋ ᠮᠥᠷ ᠨᠢ ᠡᠷᠬᠡᠪᠰᠢ ᠲᠥᠭᠡ ᠰᠥᠭᠥᠮ ᠳᠠᠪᠠᠵᠤ ᠡᠮᠦᠨ᠎ᠡ ᠨᠢ ᠭᠢᠰᠬᠢᠳᠡᠭ ᠃ ᠶᠠᠭ ᠠᠯᠬᠤᠭ᠎ᠠ ᠂ ᠰᠠᠢᠪᠤᠷ ᠬᠣᠶᠠᠷ ᠤ᠋ᠨ ᠳᠤᠮᠳᠠᠭᠤᠷ ᠶᠠᠪᠤᠵᠤ ᠪᠠᠢᠭ᠎ᠠ ᠪᠠᠢᠳᠠᠯ᠃ 
ᠱᠣᠭᠰᠢᠶ᠎ᠠ  
       ᠬᠠᠲᠠᠷᠢ ᠂ ᠶᠥᠷᠭᠡᠭᠡ ᠶ᠋ᠢᠨ ᠬᠠᠮᠤᠭ ᠤ᠋ᠨ ᠳᠣᠣᠷᠠᠲᠤ ᠠᠭᠠᠵᠢᠮ ᠲᠣᠩᠰᠢᠯᠭ᠎ᠠ ᠃ ᠢᠯᠭᠠᠭ᠎ᠠ ᠨᠢ ᠬᠠᠲᠠᠷᠢ ᠂ ᠶᠥᠷᠭᠡᠭᠡ ᠶ᠋ᠢᠨ ᠭᠢᠰᠬᠢᠯᠲᠡ ᠪᠣᠯ ᠶᠡᠷᠦᠩᠬᠡᠢ  ᠳ᠋ᠡᠭᠡᠨ ᠬᠠ ᠶ᠋ᠢᠨ ᠮᠥᠷ ᠳᠡᠭᠡᠷ᠎ᠡ ᠭᠤᠶᠠᠨ ᠤ᠋ ᠮᠥᠷ ᠭᠢᠰᠬᠢᠭᠰᠡᠨ ᠪᠠᠢᠬᠤ ᠳ᠋ᠤ᠌ ᠂ ᠱᠣᠭᠰᠢᠶ᠎ᠠ ᠨᠢ ᠬᠠ ᠶ᠋ᠢᠨ ᠮᠥᠷ ᠳᠡᠭᠡᠷ᠎ᠡ ᠭᠤᠶ᠎ᠠ ᠶ᠋ᠢᠨ ᠮᠥᠷ ᠭᠦᠢᠴᠡᠳ ᠭᠢᠰᠬᠢᠬᠦ ᠦᠭᠡᠢ ᠂ ᠬᠠᠷᠢᠨ ᠮᠤᠬᠤᠷ ᠰᠥᠭᠥᠮ ᠡᠴᠡ ᠲᠥᠭᠡ ᠬᠢᠷᠢ ᠬᠣᠢᠨ᠎ᠠ ᠭᠢᠰᠬᠢᠳᠡᠭ᠃ 
ᠵᠥᠭᠡᠯᠡᠨ ᠱᠣᠭᠰᠢᠶ᠎ᠠ     ᠮᠣᠷᠢᠨ ᠤ᠋ ᠬᠣᠢᠲᠤ ᠬᠥᠯ ᠦ᠋ᠨ ᠭᠢᠰᠬᠢᠯᠲᠡ ᠂ ᠡᠮᠦᠨ᠎ᠡ ᠬᠥᠯ ᠦ᠋ᠨ ᠭᠢᠰᠬᠢᠯᠲᠡ ᠳ᠋ᠦ᠍ ᠬᠦᠷᠦᠯ ᠦᠭᠡᠢ ᠂ ᠳᠣᠣᠷ᠎ᠠ ᠳᠣᠣᠷ᠎ᠠ ᠪᠠᠨ ᠭᠢᠰᠬᠢᠨ ᠱᠣᠭᠰᠢᠬᠤ ᠃ ᠢᠩᠭᠢᠬᠦ ᠳ᠋ᠦ᠍ ᠤᠨᠤᠭᠰᠠᠨ ᠬᠥᠮᠦᠨ ᠳᠣᠩᠰᠣᠯᠭ᠎ᠠ ᠦᠭᠡᠢ ᠂ ᠨᠡᠮᠡᠰ ᠨᠡᠮᠡᠰ ᠭᠡᠳ ᠪᠡᠶ᠎ᠡ ᠳ᠋ᠦ᠍ ᠲᠠᠭᠠᠯᠠᠲᠠᠢ ᠃ ᠢᠩᠭᠢᠵᠦ ᠱᠣᠭᠰᠢᠬᠤ ᠳ᠋ᠤ᠌ ᠡᠵᠡᠨ ᠳ᠋ᠦ᠍ᠨᠢ ᠮᠣᠷᠢᠨ ᠤ᠋ ᠠᠭᠠᠷᠴᠠᠭ ᠨᠢ ᠰᠠᠯᠤᠮᠠᠷ ᠰᠠᠨᠠᠭᠳᠠᠳᠠᠭ᠃ 
ᠬᠠᠲᠠᠭᠤ ᠱᠣᠭᠰᠢᠶ᠎ᠠ  
       ᠮᠣᠷᠢᠨ ᠤ᠋ ᠬᠣᠢᠲᠤ ᠬᠥᠯ ᠦ᠋ᠨ ᠭᠢᠰᠬᠢᠯᠲᠡ ᠨᠢ ᠡᠮᠦᠨ᠎ᠡ ᠬᠥᠯ ᠦ᠋ᠨ ᠭᠢᠰᠬᠢᠯᠲᠡ ᠳᠡᠭᠡᠷ᠎ᠡ ᠪᠡᠨ ᠪᠠᠷᠤᠭ ᠭᠦᠢᠴᠡᠮ᠎ᠡ ᠭᠢᠰᠬᠢᠳᠡᠭ᠃ ᠡᠢᠮᠦ ᠡᠴᠡ ᠳᠣᠩᠰᠣᠯᠭ᠎ᠠ ᠶᠡᠬᠡ ᠲᠡᠢ ᠪᠠᠢᠳᠠᠭ ᠃ ᠡᠢᠨᠬᠦ ᠵᠠᠷᠢᠮ ᠭᠠᠵᠠᠷ ᠤ᠋ᠨ ᠬᠢᠨ ᠳᠤᠩᠰᠢᠶ᠎ᠠ ᠭᠡᠵᠦ ᠪᠠᠰᠠ ᠬᠡᠯᠡᠳᠡᠭ᠃ 
ᠳ᠋ᠣᠩᠰᠢᠶ᠎ᠠ     ᠬᠠᠲᠠᠭᠤ ᠱᠣᠭᠰᠢᠭ᠎ᠠ᠃ 
ᠶᠥᠷᠭᠡᠭᠡ     ᠮᠣᠷᠢᠨ ᠤ᠋ ᠱᠣᠭᠰᠢᠬᠤ ᠬᠠᠲᠠᠷᠢᠬᠤ ᠬᠣᠶᠠᠷ ᠤ᠋ᠨ ᠬᠣᠭᠣᠷᠣᠨᠳᠣ ᠰᠢᠷᠦᠭᠦᠪᠳᠦᠷᠬᠡᠨ ᠱᠣᠭᠰᠢᠨ ᠶᠠᠪᠤᠬᠤ ᠶᠠᠪᠤᠳᠠᠯ ᠃ ᠮᠣᠷᠢᠨ ᠤ᠋ ᠰᠢᠷᠦᠭᠦᠨ ᠱᠣᠭᠰᠢᠶ᠎ᠠ ᠃ ᠭᠡᠲᠡᠯ᠎ᠡ ᠪᠠᠰᠠ ᠬᠠᠲᠠᠷᠢᠭ᠎ᠠ ᠪᠢᠰᠢ᠃ 
ᠬᠠᠲᠠᠷᠢ     ᠮᠣᠷᠢᠨ ᠤ᠋ ᠶᠠᠪᠤᠳᠠᠯ ᠃ ᠮᠣᠷᠢᠨ ᠤ᠋ ᠤᠷᠲᠤ ᠨᠢᠭᠡ ᠂ ᠬᠣᠢᠲᠤ ᠨᠢᠭᠡ ᠬᠥᠯ ᠨᠢ ᠨᠢᠭᠡᠨ ᠵᠡᠷᠭᠡ ᠪᠡᠷ ᠭᠠᠵᠠᠷ ᠭᠢᠰᠬᠢᠯᠡᠨ ᠶᠠᠪᠤᠬᠤ ᠶᠠᠪᠤᠳᠠᠯ ᠃ ᠶᠡᠷᠦᠨᠢ ᠶᠥᠷᠭᠡᠭᠡ ᠶ᠋ᠢᠨ ᠳᠡᠭᠡᠳᠦ ᠬᠤᠷᠳᠤᠴᠠ ᠶ᠋ᠢ ᠬᠡᠯᠡᠨ᠎ᠡ ᠃ 
ᠬᠠᠷ᠎ᠠ ᠬᠠᠲᠠᠷᠢ     ᠡᠩ ᠦ᠋ᠨ ᠬᠠᠲᠠᠷᠢ ᠶ᠋ᠢ ᠬᠡᠯᠡᠵᠡᠢ᠃ 
ᠤᠲᠤᠭᠠᠨ ᠬᠠᠲᠠᠷᠢ     ᠭᠤᠷᠪᠠᠨ ᠬᠥᠯ ᠨᠢᠭᠡᠨ ᠵᠡᠷᠭᠡ ᠭᠠᠵᠠᠷ ᠭᠢᠰᠬᠢᠨ᠂ ᠨᠢᠭᠡᠨ ᠵᠡᠷᠭᠡ ᠭᠠᠵᠠᠷ ᠠ᠋ᠴᠠ ᠬᠥᠨᠳᠡᠢᠷᠡᠨ ᠬᠠᠲᠠᠷᠢᠬᠤ ᠶᠠᠪᠤᠳᠠᠯ᠃ 
ᠵᠠᠳᠠᠭᠠᠢ ᠬᠠᠲᠠᠷᠢ  
       ᠤᠲᠤᠭᠠᠨ ᠬᠠᠲᠠᠷᠢ᠃ ᠣᠯᠠᠩᠬᠢ ᠮᠣᠩᠭᠣᠯᠴᠤᠳ ᠵᠠᠳᠠᠭᠠᠢ ᠬᠠᠲᠠᠷᠢ ᠭᠡᠳᠡᠭ ᠃   《ᠵᠠᠳᠠᠭᠠᠢ ᠰᠤᠮᠤᠨ ᠬᠠᠲᠠᠷᠢ ᠲᠠᠢ ᠶᠠ 》 ᠭᠡᠳᠡᠭ ᠳᠠᠭᠤᠤ ᠴᠤ᠌ ᠪᠣᠢ ᠃ 
ᠠᠷᠠᠯᠵᠢᠭ᠎ᠠ ᠬᠠᠲᠠᠷᠢ     ᠤᠲᠤᠭᠠᠨ ᠬᠠᠲᠠᠷᠢ ( ᠰᠢᠨᠵᠢᠶᠠᠩ ᠳ᠋ᠤ᠌ ) ᠃ 
ᠰᠠᠯᠭ᠎ᠠ ᠬᠠᠲᠠᠷᠢ     ᠤᠲᠤᠭᠠᠨ ᠬᠠᠲᠠᠷᠢ ( ᠵᠣᠣ ᠤᠳᠠ ᠂ ᠵᠢᠷᠢᠮ ) ᠃ 
ᠳᠡᠷᠬᠢᠭᠡ (ᠳᠡᠷᠬᠢᠶ᠎ᠡ )     ᠬᠠᠷ᠎ᠠ ᠬᠠᠲᠠᠷᠢ ( ᠰᠢᠯᠢ ᠶ᠋ᠢᠨ ᠭᠣᠣᠯ ᠳ᠋ᠤ᠌ ) ᠃ 
ᠳᠠᠪᠬᠢᠭ᠎ᠠ 
       ᠰᠡᠭᠡᠯᠭᠡ ᠡᠴᠡ ᠳᠡᠭᠡᠭᠰᠢᠬᠢ ᠮᠠᠰᠢ ᠬᠤᠷᠳᠤᠨ ᠳᠣᠪᠲᠣᠯᠬᠤ ᠬᠦᠷᠲᠡᠯᠡᠬᠢ ᠬᠤᠷᠳᠤᠴᠠ ᠶ᠋ᠢᠨ ᠶᠡᠷᠦᠩᠬᠡᠢ ᠨᠡᠷ᠎ᠡ ᠃ ᠮᠣᠷᠢᠨ ᠤ᠋ ᠳᠡᠭᠡᠳᠦ ᠰᠢᠷᠦᠭᠦᠨ ᠶᠠᠪᠤᠳᠠᠯ ᠤ᠋ᠨ ᠶᠡᠷᠦᠩᠬᠡᠢ ᠨᠡᠷ᠎ᠡ ᠭᠡᠵᠦ ᠴᠦ᠍ ᠬᠡᠯᠡᠵᠦ ᠪᠣᠯᠤᠨ᠎ᠠ᠃ 
ᠳᠣᠪᠲᠣᠯᠬᠤ     ᠳᠠᠪᠬᠢᠭ᠎ᠠ ᠶ᠋ᠢᠨ ᠪᠢᠴᠢᠭ ᠦ᠋ᠨ ᠬᠡᠯᠡᠯᠭᠡ ᠃ ᠳᠠᠪᠬᠢᠬᠤ ᠂ ᠣᠨᠣᠯᠭ᠎ᠠ ᠪᠠᠷ ᠲᠦᠷᠭᠡᠨ ᠶᠠᠪᠤᠬᠤ ᠶ᠋ᠢ ᠬᠡᠯᠡᠨ᠎ᠡ᠃ 
ᠴᠣᠭᠭᠢᠶ᠎ᠠ     ᠮᠣᠷᠢᠨ ᠤ᠋ ᠡᠮᠦᠨᠡᠲᠦ ᠬᠣᠶᠠᠷ ᠬᠥᠯ ᠵᠡᠷᠭᠡᠪᠡᠷ ᠬᠣᠢᠲᠤ ᠬᠣᠶᠠᠷ ᠬᠥᠯ ᠵᠡᠷᠭᠡᠪᠡᠷ ᠡᠭᠡᠯᠵᠢᠯᠡᠨ ᠬᠠᠷᠠᠢᠯᠠᠵᠤ ᠲᠥᠭᠡᠯᠡᠵᠦ ᠶᠠᠪᠤᠬᠤ ᠨᠢᠭᠡᠨ ᠵᠦᠢᠯ ᠦ᠋ᠨ ᠶᠠᠪᠤᠳᠠᠯ᠃  
ᠰᠡᠭᠡᠯᠭᠡ     ᠴᠤᠭᠬᠢᠢ᠎ᠡ ᠃  
ᠲᠠᠪᠠᠷᠠᠬᠤ     ᠰᠡᠭᠡᠯᠭᠡ ᠃  
ᠲᠠᠪᠬᠢᠢ᠎ᠡ ᠲᠡᠢ ᠮᠣᠷᠢ     ᠬᠠᠮᠤᠭ ᠤ᠋ᠨ ᠬᠤᠷᠳᠤᠨ ᠶᠠᠪᠤᠳᠠᠯ ᠃  
ᠭᠦᠶᠦᠳᠡᠯ ᠰᠠᠢᠲᠠᠢ ᠮᠣᠷᠢ     ᠳᠠᠪᠬᠢᠶ᠎ᠠ ᠰᠠᠢᠲᠠᠢ ᠃  
ᠬᠠᠱᠠᠩ     ᠮᠣᠷᠢᠨ ᠤ᠋ ᠶᠠᠪᠤᠬᠤ ᠳᠣᠪᠲᠣᠯᠬᠤ ᠨᠢ ᠳᠥᠭᠥᠰᠢ ᠮᠠᠭᠤᠲᠠᠢ ᠤᠳᠠᠭᠠᠨ᠃ ᠬᠣᠢᠷᠭᠣ ᠨᠠᠵᠠᠭᠠᠢ᠃  
ᠬᠤᠷᠳᠤᠨ ᠮᠣᠷᠢ     ᠳᠠᠪᠬᠢᠬᠤ ᠨᠢ ᠮᠠᠰᠢ ᠬᠤᠷᠳᠤᠴᠠ ᠲᠠᠢ᠃  
ᠲᠦᠷᠭᠡᠴᠢ 
       ᠡᠬᠢᠯᠡᠵᠦ ᠳᠠᠪᠬᠢᠮᠠᠭᠴᠠ ᠮᠠᠰᠢ ᠬᠤᠷᠳᠤᠨ ᠶᠠᠪᠤᠬᠤ ᠲᠣᠰᠤᠮ ᠬᠤᠷᠳᠤᠴᠠ ᠨᠢ ᠪᠠᠭᠤᠷᠠᠬᠤ ᠶ᠋ᠢ ᠲᠦᠷᠭᠡᠴᠢ ᠭᠡᠳᠡᠭ᠃  
ᠳᠠᠭᠠᠭᠠᠴᠠ ᠲᠠᠢ  
       ᠬᠣᠯᠠ ᠭᠦᠶᠦᠳᠡᠯ ᠲᠡᠢ ᠪᠤᠶᠤ ᠬᠣᠯᠠ ᠤᠨᠤᠬᠤ ᠳ᠋ᠤ᠌ ᠵᠣᠭᠰᠣᠬᠤ ᠦᠭᠡᠢ ᠂ ᠡᠴᠡᠬᠦ ᠦᠭᠡᠢ ᠳᠠᠭᠠᠭᠠᠮᠠᠭᠠᠢ ᠪᠠᠢᠳᠠᠭ᠃  
ᠬᠣᠯᠠᠴᠢ     ᠠᠯᠤᠰ ᠬᠣᠯᠠ ᠳ᠋ᠠᠭᠠᠨ ᠤᠯᠠᠮ ᠨᠡᠮᠡᠯᠲᠡᠲᠡᠢ ᠳᠠᠪᠬᠢᠳᠠᠭ ᠳᠠᠪᠬᠢᠶ᠎ᠠ ᠳᠠᠭᠠᠭᠠᠴᠠᠲᠠᠢ ᠮᠣᠷᠢ᠃ 
ᠵᠢᠷᠣᠭ᠎ᠠ  
       ᠮᠣᠷᠢᠨ ᠤ᠋ ᠬᠤᠸᠠᠷ ᠶᠠᠪᠤᠳᠠᠯ᠃ ᠨᠢᠭᠡᠨ ᠠᠯᠬᠤᠮ ᠳ᠋ᠠᠭᠠᠨ ᠵᠡᠭᠦᠨ ᠬᠣᠶᠠᠷ ᠬᠥᠯ᠂ ᠨᠥᠭᠦᠭᠡ ᠠᠯᠬᠤᠮ ᠳ᠋ᠠᠭᠠᠨ ᠪᠠᠷᠠᠭᠤᠨ ᠬᠣᠶᠠᠷ ᠬᠥᠯ ᠢ᠋ᠶ᠋ᠡ ᠲᠤᠰ ᠲᠤᠰ ᠵᠡᠷᠭᠡ ᠪᠡᠷ ᠭᠢᠰᠬᠢᠵᠦ ᠨᠡᠭᠦᠨ ᠲᠡᠯᠡᠮᠡᠭᠦᠯᠬᠦ ᠶᠠᠪᠤᠳᠠᠯ ᠃ ᠰᠠᠢᠪᠤᠷ ᠤ᠋ᠨ ᠳᠡᠭᠡᠳᠦ ᠣᠷᠭᠢᠯ ᠬᠤᠷᠳᠤᠴᠠ ᠶ᠋ᠢᠨ ᠶᠠᠪᠤᠳᠠᠯ᠃ 
ᠰᠠᠢᠪᠤᠷ  
       ᠵᠢᠷᠣᠭ᠎ᠠ ᠲᠠᠢ ᠠᠳᠠᠯᠢ ᠭᠢᠰᠬᠢᠯᠲᠡᠲᠠᠢ ᠭᠡᠪᠡᠴᠦ ᠶᠠᠪᠤᠬᠤ ᠬᠤᠷᠳᠤᠴᠠ ᠨᠢ ᠠᠯᠭᠤᠷ ᠱᠤᠭᠱ᠌ᠢᠶ᠎ᠠ ᠶ᠋ᠢᠨ ᠬᠢᠷᠢ ᠬᠣᠷᠳᠤᠴᠠᠳᠠᠢ ᠶᠠᠪᠤᠳᠠᠯ᠃ 
ᠬᠣᠨᠢᠨ ᠵᠢᠷᠣᠭ᠎ᠠ  
       ᠬᠣᠨᠢᠨ ᠤ᠋ ᠵᠢᠷᠣᠭ᠎ᠠ ᠲᠠᠢ ᠠᠳᠠᠯᠢᠪᠲᠤᠷ ᠵᠢᠷᠣᠭ᠎ᠠ᠃ ᠡᠢᠮᠦ ᠵᠢᠷᠤᠬ᠎ᠠ ᠨᠢ ᠵᠥᠭᠡᠯᠡᠨ ᠪᠠᠢᠳᠠᠭ᠃ 
ᠲᠡᠮᠡᠭᠡᠨ ᠵᠢᠷᠣᠭ᠎ᠠ  
       ᠲᠡᠮᠡᠭᠡᠨ ᠦ᠌ ᠵᠤᠨᠵᠢᠯᠭ᠎ᠠ ᠲᠠᠢ ᠠᠳᠠᠯᠢᠪᠲᠤᠷ ᠵᠢᠷᠣᠭ᠎ᠠ᠃ ᠡᠢᠮᠦ ᠵᠢᠷᠤᠭᠠᠨ ᠤ᠋ ᠶᠠᠪᠤᠳᠠᠯ ᠬᠠᠲᠠᠭᠤ ᠪᠠᠢᠳᠠᠭ᠃ 
ᠤᠷᠤᠰᠤᠮ᠎ᠠ ᠵᠢᠷᠣᠭ᠎ᠠ   
       ᠤᠷᠤᠰᠬᠠᠯ ᠤᠰᠤ ᠰᠢᠭ᠋ ᠪᠡᠯᠡᠨ ᠵᠢᠷᠣᠭ᠎ᠠ᠃ ᠰᠠᠢᠨ ᠬᠤᠷᠳᠤᠨ ᠵᠢᠷᠤᠬ᠎ᠠ ᠮᠣᠷᠢᠨ ᠤ᠋ ᠡᠮᠦᠨ᠎ᠡ ᠬᠣᠶᠠᠷ ᠲᠤᠭᠤᠷᠠᠢ ᠨᠢ ᠴᠢᠬᠢᠨ ᠳᠡᠭᠡᠭᠦᠷ ᠢ᠋ᠶ᠋ᠡᠨ ᠰᠠᠮᠤᠷᠳᠠᠵᠤ ᠪᠠᠢᠳᠠᠭ᠃ 
ᠤᠨᠠᠭᠠᠨ ᠵᠢᠷᠣᠭ᠎ᠠ     ᠲᠥᠷᠥᠯᠬᠢ ᠵᠢᠷᠣᠭ᠎ᠠ᠃ ᠤᠨᠠᠭᠠᠨ ᠵᠢᠷᠣᠭ᠎ᠠ ᠨᠡᠮᠡᠯᠲᠡ ᠦᠭᠡᠢ ᠭᠡᠳᠡᠭ᠃ 
ᠡᠯᠭᠦᠭᠡ ᠵᠢᠷᠣᠭ᠎ᠠ  
       ᠥᠭᠡᠷ᠎ᠡ ᠨᠢᠭᠡᠨ ᠶᠠᠪᠤᠳᠠᠯ ᠢ᠋ᠶ᠋ᠠᠷ ᠶᠠᠪᠤᠵᠤ ᠪᠠᠢᠭᠠᠳ ᠭᠡᠨᠡᠳᠲᠡ ᠲᠡᠭᠦᠨ ᠢ᠋ᠶ᠋ᠡᠨ ᠪᠠᠢᠵᠤ ᠵᠢᠷᠣᠭᠠᠯᠠᠬᠤ ᠶ᠋ᠢ ᠬᠡᠯᠡᠳᠡᠭ᠃ ᠡᠢᠮᠦ ᠵᠢᠷᠣᠭ᠎ᠠ ᠨᠢ ᠴᠠᠭᠠᠷᠠᠬᠤ ᠲᠣᠰᠤᠮ ᠢ᠋ᠶ᠋ᠠᠨ ᠬᠤᠷᠳᠤᠴᠠ ᠨᠢ ᠨᠡᠮᠡᠭᠳᠡᠨ᠎ᠡ ᠭᠡᠳᠡᠭ᠃ 
ᠲᠠᠯᠠᠮᠠᠨ ᠵᠢᠷᠣᠭ᠎ᠠ     ᠲᠡᠮᠡᠭᠡᠨ ᠵᠢᠷᠣᠭ᠎ᠠ ᠶ᠋ᠢᠨ ᠳᠡᠭᠡᠳᠦ ᠬᠤᠷᠳᠤᠴᠠ᠃ 
ᠢᠯᠭᠤᠮ ᠵᠢᠷᠣᠭ᠎ᠠ     ᠤᠷᠤᠰᠤᠮ᠎ᠠ ᠵᠢᠷᠣᠭ᠎ᠠ᠃ ᠬᠤᠷᠳᠤᠨ ᠵᠢᠷᠣᠭ᠎ᠠ᠃ 
ᠪᠤᠲᠠᠷᠠᠮ᠎ᠠ ᠵᠢᠷᠣᠭ᠎ᠠ     ᠰᠡᠲᠡᠷᠡᠮ᠎ᠡ ᠵᠢᠷᠣᠭ᠎ᠠ᠃ ᠬᠤᠷᠳᠤᠨ ᠵᠢᠷᠣᠭ᠎ᠠ᠃ 
ᠰᠡᠳᠡᠷᠡᠮ᠎ᠡ ᠵᠢᠷᠣᠭ᠎ᠠ  
       ᠤᠰᠤ ᠴᠠᠯᠭᠢᠯᠵᠤ ᠪᠠᠢᠭ᠎ᠠ ᠮᠡᠲᠦ ᠶᠠᠪᠤᠬᠤ ᠪᠠᠢᠳᠠᠯ᠃ ᠬᠤᠷᠳᠤᠨ ᠵᠢᠷᠣᠭ᠎ᠠ᠃ 
ᠠᠯᠪᠠ ᠶ᠋ᠢᠨ ᠵᠢᠷᠣᠭ᠎ᠠ  
       ᠠᠮᠠ ᠶ᠋ᠢ ᠨᠢ ᠪᠠᠢᠨ ᠳᠠᠬᠢᠨ ᠲᠠᠲᠠᠰᠬᠢᠨ ᠂ ᠠᠷᠤᠨᠰᠢ ᠳᠠᠷᠤᠰᠬᠢᠨ ᠰᠠᠭᠤᠵᠤ ᠳᠥᠷᠥᠭᠡ ᠶᠦ᠍ᠭᠡᠨ ᠬᠥᠩᠭᠡᠨ ᠬᠥᠩᠭᠡᠨ ᠳᠠᠪᠢᠷᠠᠬᠤ ᠵᠡᠷᠭᠡ ᠪᠡᠷ ᠠᠯᠪᠠᠳᠠᠪᠠᠯ ᠰᠠᠢ ᠵᠢᠷᠣᠭᠠᠯᠠᠳᠠᠭ ᠢ᠋ ᠬᠡᠯᠡᠨ᠎ᠡ᠃ 
ᠣᠷᠣᠮᠠᠯ ᠵᠢᠷᠣᠭ᠎ᠠ     ᠬᠥᠮᠦᠨ ᠦ᠌ ᠰᠤᠷᠭᠠᠯ ᠢ᠋ᠶ᠋ᠠᠷ ᠰᠤᠷᠴᠤ ᠵᠢᠷᠣᠭᠠᠯᠠᠵᠤ ᠶᠠᠪᠤᠬᠤ ᠶ᠋ᠢ ᠬᠡᠯᠡᠨ᠎ᠡ᠃ 
ᠳᠡᠭᠡᠭᠦᠷ ᠵᠢᠷᠣᠭ᠎ᠠ     ᠮᠣᠷᠢᠨ ᠳᠠᠪᠬᠢᠭ᠎ᠠ ᠲᠠᠢ ᠮᠥᠷᠥᠢᠴᠡᠬᠦ ᠵᠢᠷᠣᠭ᠎ᠠ᠃ 
ᠳᠣᠣᠭᠤᠷ ᠵᠢᠷᠣᠭ᠎ᠠ    ᠮᠣᠷᠢᠨ ᠤ᠋ ᠶᠥᠷᠭᠡᠭᠡ  ᠪᠤᠶᠤ ᠬᠠᠲᠠᠷᠢ ᠵᠠᠪᠳᠤᠭᠤ ᠶᠠᠪᠤᠬᠤ ᠵᠢᠷᠣᠭ᠎ᠠ᠃  

               ᠦᠬᠡᠷ ᠦ᠋ᠨ ᠶᠠᠪᠤᠳᠠᠯ ᠤ᠋ᠨ ᠵᠦᠢᠯ 

ᠬᠠᠱᠠᠩ  
       ᠠᠯᠬᠤᠭ᠎ᠠ ᠠᠯᠬᠤᠳᠠᠯ ᠨᠢ ᠤᠳᠠᠭᠠᠨ ᠂ ᠲᠠᠰᠢᠭᠤᠷᠳᠠᠬᠤ ᠦᠭᠡᠢ ᠪᠣᠯ ᠶᠠᠪᠤᠬᠤ ᠦᠭᠡᠢ ᠬᠣᠢᠷᠭᠣ᠃ 
ᠠᠷᠪᠢ ᠦᠭᠡᠢ ᠠᠯᠬᠤᠭ᠎ᠠ  
       ᠦᠵᠡᠪᠡᠯ ᠬᠤᠷᠳᠤᠨ ᠰᠢᠭ᠋᠂ ᠭᠡᠲᠡᠯ᠎ᠡ ᠳᠥᠭᠥᠰᠢ ᠮᠠᠭᠤᠲᠠᠢ᠃ ᠡᠢᠮᠦ ᠦᠬᠡᠷ ᠦ᠋ᠨ ᠡᠮᠦᠨ᠎ᠡ ᠬᠣᠶᠠᠷ ᠬᠥᠯ ᠦ᠋ᠨ ᠮᠥᠷ ᠲᠡᠭᠡᠨ ᠬᠣᠢᠨ᠎ᠠ ᠬᠣᠶᠠᠷ ᠬᠥᠯ ᠦ᠋ᠨ ᠭᠢᠰᠬᠢᠯᠲᠡ ᠨᠢ ᠭᠦᠢᠴᠡᠳ ᠭᠢᠰᠬᠢᠳᠡᠭ ᠦᠭᠡᠢ ᠬᠡᠵᠢᠶᠡᠳᠡ ᠲᠥᠭᠡ ᠢᠯᠡᠭᠦᠦ ᠬᠣᠢᠨ᠎ᠠ ᠭᠢᠰᠬᠢᠳᠡᠭ᠃ 
ᠬᠠᠶᠠᠯᠠᠭᠰᠠᠨ ᠠᠯᠬᠤᠭᠠᠲᠠᠢ  
       ᠡᠢᠮᠦ ᠦᠬᠡᠷ ᠬᠣᠢᠨ᠎ᠠ ᠬᠣᠶᠠᠷ ᠬᠥᠯ ᠦ᠋ᠨ ᠭᠢᠰᠬᠢᠯᠲᠡ ᠨᠢ ᠡᠷᠬᠡᠪᠰᠢ ᠡᠮᠦᠨ᠎ᠡ ᠬᠣᠶᠠᠷ ᠬᠥᠯ ᠦ᠋ᠨ ᠭᠢᠰᠬᠢᠯᠲᠡ ᠳᠡᠭᠡᠷ᠎ᠡ ᠭᠦᠢᠴᠡᠳ ᠭᠢᠰᠬᠢᠳᠡᠭ ᠃ ᠡᠢᠨ ᠬᠦ᠌ ᠲᠣᠯᠣᠭᠠᠢ ᠬᠠᠶᠠᠯᠠᠬᠤ ᠨᠢ ᠢᠯᠡ ᠲᠣᠳᠣ ᠤᠴᠢᠷ ᠠ᠋ᠴᠠ ᠬᠠᠶᠠᠯᠠᠭᠰᠠᠨ ᠠᠯᠬᠤᠭᠠᠲᠠᠢ ᠭᠡᠳᠡᠭ᠃ 
ᠪᠦᠭᠰᠢᠶ᠎ᠡ   
       ᠦᠬᠡᠷ ᠦ᠋ᠨ ᠪᠥᠭ ᠪᠥᠭ ᠭᠡᠵᠦ ᠱᠣᠭᠰᠢᠬᠤ ᠶ᠋ᠢ ᠬᠡᠯᠡᠨ᠎ᠡ᠃ 

               ᠲᠡᠮᠡᠭᠡᠨ ᠦ᠌ ᠶᠠᠪᠤᠳᠠᠯ ᠤ᠋ᠨ ᠵᠦᠢᠯ 

ᠠᠯᠬᠤᠭᠠᠲᠠᠢ     ᠤᠷᠮᠠᠰ ᠲᠠᠢ ᠬᠥᠩᠭᠡᠨ ᠠᠯᠬᠤᠬᠤ ᠠᠯᠬᠤᠳᠠᠯ᠃ 
ᠵᠤᠨᠵᠢᠭ᠎ᠠ     ᠠᠳᠤᠭᠤᠨ ᠤ᠋ ᠬᠠᠲᠠᠭᠤ ᠰᠠᠢᠪᠤᠷ ᠮᠡᠲᠦ᠂ ᠠᠯᠬᠤᠭ᠎ᠠ ᠠ᠋ᠴᠠ ᠲᠡᠬᠡᠭᠦᠨ ᠶᠠᠪᠤᠳᠠᠯ᠃ 
ᠲᠠᠪᠠᠷᠠᠬᠤ     ᠮᠣᠷᠢᠨ ᠤ᠋ ᠰᠡᠭᠡᠯᠭᠡ ᠮᠡᠲᠦ ᠲᠥᠭᠡᠯᠡᠵᠦ ᠬᠠᠷᠠᠢᠯᠠᠨ ᠳᠠᠪᠬᠢᠬᠤ᠃ 
ᠲᠡᠰᠢᠬᠦ     ᠠᠳᠤᠭᠤᠨ ᠤ᠋ ᠵᠢᠷᠣᠭ᠎ᠠ ᠮᠡᠲᠦ ᠲᠡᠰᠢᠬᠦ᠃ ᠲᠡᠮᠡᠭᠡᠨ ᠦ᠌ ᠬᠠᠮᠤᠭ ᠤ᠋ᠨ ᠳᠡᠭᠡᠳᠦ ᠬᠤᠷᠳᠤᠴᠠ᠃ 
ᠭᠦᠶᠦᠳᠡᠭ     ᠲᠡᠰᠢᠳᠡᠭ ᠂ ᠲᠡᠰᠢᠬᠦ ᠶ᠋ᠢᠨ ᠨᠥᠭᠦᠭᠡ ᠬᠡᠯᠡᠯᠭᠡ ᠃  

               ᠬᠣᠨᠢᠨ ᠤ᠋ ᠶᠠᠪᠤᠳᠠᠯ ᠤ᠋ᠨ ᠵᠦᠢᠯ 

ᠲᠣᠵᠢᠷ ᠲᠣᠵᠢᠷ ᠠᠯᠬᠤᠭ᠎ᠠ     ᠵᠢᠬᠡᠷ ᠵᠢᠬᠡᠷ ᠠᠯᠬᠤᠬᠤ ᠠᠯᠬᠤᠳᠠᠯ᠃ 
ᠰᠠᠢᠪᠤᠷ ᠠᠯᠬᠤᠭ᠎ᠠ     ᠵᠢᠷᠣᠭ᠎ᠠ ᠠᠯᠬᠤᠭ᠎ᠠ ᠃ 
ᠲᠠᠭᠰᠢᠬᠤ  
       ᠬᠣᠨᠢᠨ ᠤ᠋ ᠶᠠᠭᠤᠮᠠᠨ ᠠ᠋ᠴᠠ ᠭᠡᠯᠮᠡᠨ ᠳᠥᠷᠪᠡᠨ ᠬᠥᠯ ᠢ᠋ᠶ᠋ᠡᠷ ᠲᠡᠭ ᠲᠡᠭ ᠭᠡᠲᠡᠯ᠎ᠡ ᠳᠡᠭᠡᠷ᠎ᠡ ᠳᠡᠭᠡᠷ᠎ᠡ ᠦᠰᠦᠷᠬᠦ ᠶᠠᠪᠤᠳᠠᠯ᠃ 
ᠳᠠᠪᠬᠢᠬᠤ     ᠬᠣᠨᠢ ᠠᠶᠤᠨ ᠲᠡᠩᠬᠡᠯ ᠢ᠋ᠶ᠋ᠡᠷ ᠢ᠋ᠶ᠋ᠡᠨ ᠭᠦᠶᠦᠬᠦ ᠶ᠋ᠢ ᠳᠠᠪᠬᠢᠬᠤ ᠭᠡᠨ᠎ᠡ᠃ 
ᠦᠷᠭᠦᠬᠦ     ᠬᠣᠨᠢᠨ ᠤ᠋ ᠶᠠᠭᠤᠮᠠᠨ ᠠ᠋ᠴᠠ ᠠᠶᠤᠨ ᠰᠣᠴᠢᠨ ᠨᠢᠭᠡᠨ ᠲᠡᠢᠰᠢ ᠨᠠᠳᠬᠤᠨ ᠭᠦᠶᠦᠬᠦ ᠶ᠋ᠢ ᠬᠡᠯᠡᠨ᠎ᠡ᠃  

               ᠢᠮᠠᠭᠠᠨ ᠤ᠋ ᠶᠠᠪᠤᠳᠠᠯ ᠤ᠋ᠨ ᠵᠦᠢᠯ 

ᠵᠣᠷᠤᠭ ᠵᠣᠷᠤᠭ ᠠᠯᠬᠤᠬᠤ  
       ᠠᠯᠬᠤᠮ ᠪᠠᠭᠠᠲᠠᠢ ᠢᠮᠠᠭ᠎ᠠ ᠪᠤᠶᠤ ᠪᠠᠭ᠎ᠠ ᠪᠡᠶ᠎ᠡ ᠲᠡᠢ ᠢᠮᠠᠭᠠᠨ ᠤ᠋ ᠶᠠᠪᠤᠬᠤ ᠪᠠᠢᠳᠠᠯ᠃ 
ᠴᠥᠷᠡᠭ ᠴᠦᠷᠡᠭ ᠠᠯᠬᠤᠬᠤ 
       ᠠᠯᠬᠤᠮ ᠶᠡᠬᠡᠲᠡᠢ ᠢᠮᠠᠭ᠎ᠠ ᠪᠤᠶᠤ ᠪᠡᠶ᠎ᠡ ᠪᠦᠳᠦᠭᠦᠨ ᠢᠮᠠᠭᠠᠨ ᠤ᠋ ᠶᠠᠪᠤᠬᠤ ᠪᠠᠢᠳᠠᠯ᠃ 
ᠱᠣᠭᠰᠢᠬᠤ  
       ᠠᠳᠤᠭᠤᠨ ᠤ᠋ ᠱᠣᠭᠰᠢᠶ᠎ᠠ ᠳ᠋ᠤ᠌ ᠠᠳᠠᠯᠢ ᠶᠠᠪᠤᠬᠤ ᠶᠠᠪᠤᠳᠠᠯ᠃ 
ᠲᠠᠭᠰᠢᠬᠤ  
       ᠢᠮᠠᠭᠠᠨ ᠤ᠋ ᠳᠥᠷᠪᠡᠨ ᠬᠥᠯ ᠢ᠋ᠶ᠋ᠡᠷ ᠦᠰᠦᠷᠬᠢᠯᠡᠨ ᠶᠠᠪᠤᠬᠤ ᠪᠤᠶᠤ ᠬᠠᠳᠠᠨ ᠳ᠋ᠤ᠌ ᠬᠠᠷᠠᠢᠯᠠᠨ ᠶᠠᠪᠤᠬᠤ ᠶᠠᠪᠤᠳᠠᠯ᠃ 
ᠳᠠᠪᠬᠢᠬᠤ  
       ᠢᠮᠠᠭ᠎ᠠ ᠠᠶᠤᠨ ᠰᠣᠴᠢᠵᠤ ᠳᠤᠲᠠᠭᠠᠬᠤ ᠳ᠋ᠠᠭᠠᠨ ᠠᠳᠤᠭᠤᠨ ᠤ᠋ ᠳᠠᠪᠬᠢᠭ᠎ᠠ ᠠᠳᠠᠯᠢ ᠭᠦᠶᠦᠨ ᠶᠠᠪᠤᠬᠤ ᠶᠠᠪᠤᠳᠠᠯ᠃ 
ᠦᠷᠭᠦᠬᠦ  
       ᠢᠮᠠᠭ᠎ᠠ ᠶᠠᠭᠤᠮᠠᠨ ᠠ᠋ᠴᠠ ᠰᠣᠴᠢᠨ ᠨᠢᠭᠡᠨ ᠲᠡᠢᠰᠢ ᠬᠤᠢᠯᠠᠷᠠᠨ ᠭᠦᠶᠦᠬᠦ ᠪᠠᠢᠳᠠᠯ᠃