ᠶᠢᠰᠦᠨ ᠶᠢᠰᠦ ᠬᠡᠯᠡᠯᠴᠡᠬᠦЕсөн ес хэлэлцэх ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠰᠦᠨ ᠶᠢᠰᠦ ᠬᠡᠯᠡᠯᠴᠡᠬᠦЕсөн ес хэлэлцэх

ᠶᠢᠰᠦᠨ ᠶᠢᠰᠦ ᠬᠡᠯᠡᠯᠴᠡᠬᠦЕсөн ес хэлэлцэх

ᠠᠩᠭᠢᠯᠠᠯ:ᠵᠠᠩ ᠦᠢᠯᠡ
2023-12-22

1007

ᠶᠢᠰᠦᠨ ᠶᠢᠰᠦ

ᠨᠢᠭᠡ ᠶᠢᠰᠦ ᠳᠦ ᠶᠠᠭᠠᠬᠢᠬᠤ ᠪᠣᠢ? 
ᠨᠡᠷᠡᠮᠡᠯ ᠠᠷᠢᠬᠢ ᠬᠥᠯᠳᠡᠨ᠎ᠡ 

ᠬᠣᠶᠠᠷ ᠶᠢᠰᠦ ᠳᠦ ᠶᠠᠭᠠᠬᠢᠬᠤ ᠪᠣᠢ? 
ᠬᠣᠣᠷᠠᠵᠠ ᠠᠷᠢᠬᠢ ᠬᠥᠯᠳᠡᠨ᠎ᠡ 

ᠭᠤᠷᠪᠠ ᠶᠢᠰᠦ ᠳᠦ ᠶᠠᠭᠠᠬᠢᠬᠤ ᠪᠣᠢ? 
ᠭᠣᠨᠠᠨ ᠦᠬᠡᠷ ᠦᠨ ᠡᠪᠡᠷ ᠬᠤᠭᠤ ᠬᠥᠯᠳᠡᠨ᠎ᠡ 

ᠳᠥᠷᠪᠡ ᠶᠢᠰᠦ ᠳᠦ ᠶᠠᠭᠠᠬᠢᠬᠤ ᠪᠣᠢ? 
ᠳᠦᠨᠦᠨ ᠦᠬᠡᠷ ᠦᠨ ᠡᠪᠡᠷ ᠬᠤᠭᠤ ᠬᠥᠯᠳᠡᠨ᠎ᠡ 

ᠲᠠᠪᠤ ᠶᠢᠰᠦ ᠳᠦ ᠶᠠᠭᠠᠬᠢᠬᠤ ᠪᠣᠢ? 
ᠲᠠᠯᠪᠢᠭᠰᠠᠨ ᠪᠤᠳᠠᠭ᠎ᠠ ᠬᠥᠯᠳᠡᠬᠦ ᠦᠭᠡᠢ 

ᠵᠢᠷᠭᠤᠭᠠᠨ ᠶᠢᠰᠦ ᠳᠦ ᠶᠠᠭᠠᠬᠢᠬᠤ ᠪᠣᠢ? 
ᠵᠤᠷᠠᠢᠭᠰᠠᠨ ᠵᠠᠮ ᠭᠠᠷᠤᠨ᠎ᠠ 

ᠳᠣᠯᠣᠭᠠᠨ ᠶᠢᠰᠦ ᠳᠦ ᠶᠠᠭᠠᠬᠢᠬᠤ ᠪᠣᠢ? 
ᠳᠣᠪᠣ ᠶᠢᠨ ᠲᠣᠯᠣᠭᠠᠢ ᠪᠣᠷᠣᠯᠠᠨ᠎ᠠ 

ᠨᠠᠢ᠍ᠮᠠᠨ ᠶᠢᠰᠦ ᠳᠦ ᠶᠠᠭᠠᠬᠢᠬᠤ ᠪᠣᠢ? 
ᠨᠡᠯ ᠂ ᠱᠡᠯ ᠪᠣᠯᠣᠨ᠎ᠠ 

ᠶᠢᠰᠦᠨ ᠶᠢᠰᠦ ᠳᠦ ᠶᠠᠭᠠᠬᠢᠬᠤ ᠪᠣᠢ? 
ᠶᠡᠷᠦ ᠶᠢᠨ ᠳᠤᠯᠠᠭᠠᠨ ᠪᠣᠯᠣᠨ᠎ᠠ