ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 13 > Хөх зул – Боржигон Ванжал –"Тав ᠂ Таван хошуу малын бүлэг " 13
ᠲᠠᠪᠤ ᠂ ᠲᠠᠪᠤᠨ ᠬᠣᠰᠢᠭᠤ ᠮᠠᠯ ᠤᠨ ᠪᠦᠯᠦᠭ – 13
ᠢᠮᠠᠭᠠᠨ ᠦ ᠵᠢᠰᠦᠮ Ямааны зүсэм
ᠥᠩᠭᠡ ᠪᠡᠷ ᠨᠡᠷᠡᠯᠡᠬᠦ ᠵᠦᠢᠯ
ᠴᠠᠭᠠᠨ ᠭᠢᠯᠤᠭᠠᠨ ᠃
ᠴᠡᠩᠬᠡᠷ
ᠬᠥᠬᠡ ᠡᠴᠡ ᠠᠷᠠᠢ ᠰᠢᠩᠭᠡᠪᠲᠦᠷ ( ᠭᠦᠶᠦᠬᠡᠨ ) ᠬᠥᠬᠡ᠃ ᠨᠣᠣᠯᠣᠭᠤᠷ ᠨᠢ ᠴᠠᠭᠠᠪᠲᠤᠷ ᠰᠠᠭᠠᠷᠠᠯ᠂ ᠰᠤᠷ ᠨᠢ ᠬᠥᠬᠡ᠃
ᠴᠠᠭᠠᠨ ᠴᠡᠩᠬᠡᠷ ᠨᠡᠯᠢᠶᠡᠳ ᠴᠠᠢᠪᠤᠷᠳᠠᠭᠤ ᠬᠥᠬᠡ᠃
ᠬᠥᠬᠡ ᠴᠡᠩᠬᠡᠷ ᠴᠠᠭᠠᠨ ᠴᠡᠩᠬᠡᠷ ᠡᠴᠡ ᠬᠥᠬᠡ᠂ ᠬᠥᠬᠡ ᠡᠴᠡ ᠠᠷᠠᠢ ᠭᠦᠶᠦᠬᠡᠨ ᠰᠢᠤᠬᠠᠨ ᠬᠥᠬᠡ᠃
ᠰᠢᠷᠭ᠎ᠠ ᠰᠢᠷᠭᠠᠯ᠂ ᠰᠢᠷᠪᠳᠤᠷᠬᠠᠨ᠃
ᠴᠠᠭᠠᠨ ᠰᠢᠷᠭ᠎ᠠ ᠨᠣᠣᠯᠣᠭᠤᠷ ᠨᠢ ᠴᠠᠭᠠᠨ ᠰᠢᠬᠠᠮ᠂ ᠰᠤᠷ ᠪᠠ ᠦᠰᠦᠨ ᠦᠵᠦᠭᠦᠷ ᠨᠢ ᠰᠢᠷᠭᠠᠯᠳᠤᠷ᠃
ᠤᠯᠠᠭᠠᠨ ᠰᠢᠷᠭ᠎ᠠ ᠨᠣᠣᠯᠣᠭᠤᠷ ᠨᠢ ᠰᠠᠭᠠᠷᠠᠯ᠂ ᠦᠵᠦᠭᠦᠷ ᠵᠦᠭ ᠢ᠋ᠶ᠋ᠡᠨ ᠤᠯᠠᠪᠤᠷᠲᠠᠭᠤ ᠰᠢᠷᠭᠠᠯ᠃
ᠤᠷᠤᠭ
ᠨᠢᠷᠤᠭᠤ ᠵᠣ᠌ ᠳᠠᠭᠠᠤ ᠬᠥᠬᠡ᠂ ᠬᠠᠷ᠎ᠠ ᠭᠣᠣᠯᠲᠠᠢ᠂ ᠪᠠᠰᠠ ᠰᠢᠭᠢᠷ᠎ᠡ ᠲᠣᠯᠣᠭᠠᠢ ᠨᠢ ᠴᠦ᠍ ᠬᠥᠬᠡ᠂ ᠬᠠᠷ᠎ᠠ ᠪᠠᠢᠳᠠᠭ᠃
ᠴᠠᠭᠠᠨ ᠤᠷᠤᠭ ᠡᠬᠢ ᠪᠡᠶ᠎ᠡ ᠴᠠᠭᠠᠨ᠂ ᠬᠥᠬᠡ ᠪᠤᠶᠤ ᠬᠠᠷ᠎ᠠ ᠭᠣᠣᠯ ᠲᠠᠢ᠃
ᠤᠯᠠᠭᠠᠨ ᠤᠷᠤᠭ ᠡᠬᠢ ᠪᠡᠶ᠎ᠡ ᠴᠠᠭᠠᠪᠲᠤᠷ ᠤᠯᠠᠭᠠᠨ᠂ ᠬᠥᠬᠡ ᠰᠠᠭᠠᠷᠠᠯ ᠭᠣᠣᠯᠲᠠᠢ᠃
ᠰᠠᠭᠠᠷᠠᠯ ᠪᠦᠳᠡᠭᠢ ᠴᠠᠭᠠᠨ᠂ ᠪᠦᠭᠡᠭᠡᠨ ᠴᠠᠭᠠᠨ᠃
ᠬᠥᠬᠡ ᠰᠠᠭᠠᠷᠠᠯ ᠰᠠᠭᠠᠷᠠᠯ ᠨᠣᠣᠯᠣᠭᠤᠷ ᠲᠠᠢ᠂ ᠬᠥᠬᠡ ᠰᠤᠷ ᠲᠠᠢ᠃
ᠤᠯᠠᠭᠠᠨ ᠰᠠᠭᠠᠷᠠᠯ ᠰᠠᠷᠠᠯ ᠨᠣᠣᠯᠣᠭᠤᠷ ᠲᠠᠢ᠂ ᠵᠡᠭᠡᠷᠳᠡ ᠰᠤᠷ ᠲᠠᠢ᠃
ᠤᠷᠤᠭ ᠰᠠᠭᠠᠷᠠᠯ
ᠡᠬᠢ ᠪᠡᠶ᠎ᠡ ᠰᠠᠭᠠᠷᠠᠯ᠂ ᠵᠣ᠌ ᠨᠢᠷᠤᠭᠤ ᠪᠠᠷ ᠢ᠋ᠶ᠋ᠠᠨ ᠬᠥᠬᠡ᠂ ᠬᠠᠷ᠎ᠠ ᠭᠣᠣᠯᠲᠠᠢ ᠠ᠋ᠴᠠ ᠭᠠᠳᠠᠨ᠎ᠠ ᠵᠠᠷᠢᠮ ᠨᠢ ᠲᠣᠯᠣᠭᠠᠢ᠂ ᠰᠢᠭᠢᠷ᠎ᠡ ᠨᠢ ᠴᠦ᠍ ᠬᠥᠬᠡ᠂ ᠬᠠᠷ᠎ᠠ ᠴᠤ᠌ ᠪᠠᠢᠳᠠᠭ᠃
ᠬᠥᠬᠡ ᠴᠡᠩᠬᠡᠷ ᠡᠴᠡ ᠭᠦᠨ᠎ᠡ ᠬᠥᠬᠡ᠃ ᠦᠨᠡᠰᠦᠨ ᠥᠩᠭᠡᠲᠡᠢ᠃
ᠴᠡᠩᠬᠡᠷ ᠬᠥᠬᠡ ᠭᠦᠢᠬᠡᠨ ᠬᠥᠬᠡ ᠥᠩᠭᠡᠲᠡᠢ᠃
ᠬᠠᠯᠲᠠᠷ ᠬᠠᠴᠠᠷ ᠪᠤᠶᠤ ᠡᠪᠦᠳᠦᠭ᠂ ᠪᠣᠷᠪᠢ ᠶ᠋ᠢᠨ ᠣᠷᠴᠢᠮ ᠤᠯᠠᠭᠠᠨ ᠬᠠᠷ᠎ᠠ ᠬᠣᠯᠢᠮᠠᠭ᠃
ᠤᠷᠤᠭ ᠬᠠᠯᠲᠠᠷ ᠤᠷᠤᠭ ᠢᠮᠠᠭᠠᠨ ᠤ᠋ ᠨᠢᠭᠤᠷ ᠨᠢ ᠬᠠᠯᠲᠠᠷ᠃
ᠬᠥᠬᠡ ᠬᠠᠯᠲᠠᠷ ᠬᠥᠬᠡ ᠢᠮᠠᠭᠠᠨ ᠤ᠋ ᠨᠢᠭᠤᠷ ᠨᠢ ᠬᠠᠯᠲᠠᠷ᠃
ᠤᠯᠠᠭᠠᠨ ᠬᠠᠯᠲᠠᠷ ᠤᠯᠠᠭᠠᠨ ᠢᠮᠠᠭᠠᠨ ᠤ᠋ ᠨᠢᠭᠤᠷ ᠨᠢ ᠬᠠᠯᠲᠠᠷ᠃
ᠬᠠᠷ᠎ᠠ ᠬᠠᠯᠲᠠᠷ ᠬᠠᠷ᠎ᠠ ᠢᠮᠠᠭᠠᠨ ᠤ᠋ ᠨᠢᠭᠤᠷ ᠨᠢ ᠬᠠᠯᠲᠠᠷ᠃
ᠤᠯᠠᠭᠠᠨ ᠤᠯᠠᠪᠲᠤᠷᠬᠠᠨ᠃
ᠬᠦᠷᠡᠩ ᠤᠠᠯᠭᠠᠨ ᠠ᠋ᠴᠠ ᠠᠷᠠᠢ ᠪᠠᠷᠠᠭᠠᠪᠲᠤᠷᠬᠠᠨ ᠤᠯᠠᠭᠠᠨ᠃
ᠬᠠᠷ᠎ᠠ ᠮᠠᠰᠢ ᠪᠠᠷᠠᠭᠠᠨ᠃
ᠠᠯᠠᠭ ᠡᠯᠳᠡᠪ ᠥᠩᠭᠡᠨ ᠳ᠋ᠦ᠍ ᠴᠠᠭᠠᠨ ᠬᠣᠯᠢᠮᠠᠭ᠃
ᠴᠡᠩᠬᠡᠷ ᠠᠯᠠᠭ ᠴᠡᠩᠬᠡᠷ ᠳᠡᠭᠡᠷ᠎ᠡ ᠴᠠᠭᠠᠨ᠃
ᠬᠥᠬᠡ ᠠᠯᠠᠭ ᠬᠥᠬᠡ ᠳᠡᠭᠡᠷ᠎ᠡ ᠴᠠᠭᠠᠨ᠃
ᠤᠯᠠᠭᠠᠨ ᠠᠯᠠᠭ ᠤᠯᠠᠭᠠᠨ ᠳᠡᠭᠡᠷ᠎ᠡ ᠴᠠᠭᠠᠨ᠃
ᠬᠠᠷᠠᠯᠠᠭ ᠬᠠᠷ᠎ᠠ ᠳᠡᠭᠡᠷ᠎ᠡ ᠴᠠᠭᠠᠨ᠃
ᠰᠢᠷᠭ᠎ᠠ ᠠᠯᠠᠭ ᠰᠢᠷᠭ᠎ᠠ ᠳᠡᠭᠡᠷ᠎ᠡ ᠴᠠᠭᠠᠨ᠃
ᠪᠥᠭᠡᠷᠡᠯᠡᠭ ᠪᠥᠭᠡᠷ᠎ᠡ ᠠᠯᠠᠭ᠃
ᠴᠡᠩᠬᠡᠷ ᠪᠥᠭᠡᠷᠡᠯᠡᠭ ᠪᠥᠭᠡᠷᠡᠨ ᠳ᠋ᠡᠭᠡᠨ ᠴᠠᠭᠠᠨᠳᠠᠢ ᠴᠡᠩᠬᠡᠷ᠃
ᠬᠠᠷ᠎ᠠ ᠪᠥᠭᠡᠷᠡᠯᠡᠭ ᠪᠥᠭᠡᠷᠡᠨ ᠳ᠋ᠡᠭᠡᠨ ᠴᠠᠭᠠᠨᠲᠠᠢ ᠬᠠᠷ᠎ᠠ᠃
ᠴᠣᠬᠣᠷ ᠠᠯᠢᠪᠠ ᠥᠩᠭᠡ ᠳ᠋ᠦ᠍ ᠴᠠᠭᠠᠨ ᠪᠤᠶᠤ ᠪᠤᠰᠤᠳ ᠥᠩᠭᠡ ᠶ᠋ᠢᠨ ᠳᠤᠰᠤᠯ ᠲᠣᠯᠪᠣᠲᠠᠢ᠃
ᠬᠥᠬᠡ ᠴᠣᠬᠣᠷ ᠬᠥᠬᠡ ᠳᠡᠭᠡᠷ᠎ᠡ ᠴᠠᠭᠠᠨ ᠲᠣᠯᠪᠣᠲᠠᠢ᠃
ᠤᠯᠠᠭᠠᠨ ᠴᠣᠬᠣᠷ ᠤᠯᠠᠭᠠᠨ ᠳᠡᠭᠡᠷ᠎ᠡ ᠴᠠᠭᠠᠨ ᠲᠣᠯᠪᠣᠲᠠᠢ᠃
ᠬᠦᠷᠡᠩ ᠴᠣᠬᠣᠷ ᠬᠦᠷᠡᠩ ᠳᠡᠭᠡᠷ᠎ᠡ ᠴᠠᠭᠠᠨ ᠲᠣᠯᠪᠣᠲᠠᠢ᠃
ᠬᠠᠷ᠎ᠠ ᠴᠣᠬᠣᠷ ᠬᠠᠷ᠎ᠠ ᠳᠡᠭᠡᠷ᠎ᠡ ᠴᠠᠭᠠᠨ ᠲᠣᠯᠪᠣᠲᠠᠢ᠃
ᠬᠠᠯᠵᠠᠨ ᠮᠠᠩᠨᠠᠢ ᠠ᠋ᠴᠠ ᠬᠠᠮᠠᠷ ᠤ᠋ᠨ ᠦᠵᠦᠭᠦᠷ ᠬᠦᠷᠲᠡᠯ᠎ᠡ ᠴᠠᠭᠠᠨ᠃
ᠬᠥᠬᠡ ᠬᠠᠯᠵᠠᠨ ᠬᠠᠮᠠᠷ ᠳᠠᠭᠠᠤ ᠴᠠᠭᠠᠨᠲᠠᠢ ᠬᠥᠬᠡ᠃
ᠤᠯᠠᠭᠠᠨ ᠬᠠᠯᠵᠠᠨ ᠬᠠᠮᠠᠷ ᠳᠠᠭᠤ ᠴᠠᠭᠠᠨᠳᠠᠢ ᠤᠯᠠᠭᠠᠨ᠃
ᠬᠦᠷᠡᠩ ᠬᠠᠯᠵᠠᠨ ᠬᠠᠮᠠᠷ ᠳᠠᠭᠠᠤ ᠴᠠᠭᠠᠨᠲᠠᠢ ᠬᠦᠷᠡᠩ᠃
ᠬᠠᠷ᠎ᠠ ᠬᠠᠯᠵᠠᠨ ᠬᠠᠮᠠᠷ ᠳᠠᠭᠠᠤ ᠴᠠᠭᠠᠨᠲᠠᠢ ᠬᠠᠷ᠎ᠠ᠃
ᠰᠠᠪᠬᠠᠨ ᠬᠠᠯᠵᠠᠨ
ᠨᠢᠳᠦᠨ ᠦ᠌ ᠤᠷᠳᠤᠭᠤᠷ᠂ ᠬᠠᠮᠠᠷ ᠤ᠋ᠨ ᠬᠣᠶᠠᠷ ᠲᠠᠯ᠎ᠠ ᠪᠠᠷ ᠵᠡᠷᠭᠡᠴᠡᠭᠡ ᠬᠣᠶᠠᠷ ᠵᠤᠷᠪᠤᠰ ᠴᠠᠭᠠᠨᠳᠠᠢ᠃
ᠰᠠᠷᠠᠲᠠᠢ ᠮᠠᠩᠨᠠᠢ ᠳ᠋ᠠᠭᠠᠨ ᠵᠢᠵᠢᠭ ᠲᠣᠯᠪᠣᠲᠠᠢ᠃ ᠰᠠᠷᠠᠲᠠᠢ ᠬᠠᠷ᠎ᠠ ᠢᠮᠠᠭ᠎ᠠ ᠭᠡᠬᠦ ᠮᠡᠲᠦ᠃
ᠬᠠᠷ᠎ᠠ ᠲᠣᠯᠣᠭᠠᠢᠲᠤ ᠲᠣᠯᠣᠭᠠᠢ ᠨᠢ ᠬᠠᠷ᠎ᠠ᠃
ᠤᠯᠠᠭᠠᠨ ᠲᠣᠯᠣᠭᠠᠢᠲᠤ ᠲᠣᠯᠣᠭᠠᠢ ᠨᠢ ᠤᠯᠠᠭᠠᠨ᠃
ᠬᠥᠬᠡ ᠲᠣᠯᠣᠭᠠᠢᠲᠤ ᠲᠣᠯᠣᠭᠠᠢ ᠨᠢ ᠬᠥᠬᠡ᠃
ᠬᠠᠷ᠎ᠠ ᠬᠠᠴᠠᠷᠲᠤ ᠬᠠᠴᠠᠷ ᠨᠢ ᠬᠠᠷ᠎ᠠ᠃
ᠬᠦᠷᠡᠩ ᠬᠠᠴᠠᠷᠲᠤ ᠬᠠᠴᠠᠷ ᠨᠢ ᠬᠦᠷᠡᠩ᠃
ᠬᠥᠬᠡ ᠬᠠᠴᠠᠷᠲᠤ ᠬᠠᠴᠠᠷ ᠨᠢ ᠬᠥᠬᠡ᠃
ᠬᠠᠷ᠎ᠠ ᠬᠦᠵᠦᠭᠦᠲᠦ ᠬᠦᠵᠦᠭᠦᠦ ᠨᠢ ᠬᠠᠷ᠎ᠠ᠃
ᠬᠦᠷᠡᠩ ᠬᠦᠵᠦᠭᠦᠲᠦ ᠬᠦᠵᠦᠭᠦᠦ ᠨᠢ ᠬᠦᠷᠡᠩ᠃
ᠬᠥᠬᠡ ᠬᠦᠵᠦᠭᠦᠲᠦ ᠬᠦᠵᠦᠭᠦᠦ ᠨᠢ ᠬᠥᠬᠡ᠃
ᠤᠯᠠᠭᠠᠨ ᠬᠦᠵᠦᠭᠦᠲᠦ ᠬᠦᠵᠦᠭᠦᠦ ᠨᠢ ᠤᠯᠠᠭᠠᠨ᠃
ᠬᠠᠷ᠎ᠠ ᠴᠡᠭᠡᠵᠢᠲᠦ ᠴᠡᠭᠡᠵᠢ ᠨᠢ ᠬᠠᠷ᠎ᠠ᠃
ᠤᠯᠠᠭᠠᠨ ᠴᠡᠭᠡᠵᠢᠲᠦ ᠴᠡᠭᠡᠵᠢ ᠨᠢ ᠤᠯᠠᠭᠠᠨ᠃
ᠬᠥᠬᠡ ᠴᠡᠭᠡᠵᠢᠲᠦ ᠴᠡᠭᠡᠵᠢ ᠨᠢ ᠬᠥᠬᠡ᠃
ᠡᠪᠡᠷ ᠦ᠋ᠨ ᠪᠠᠢᠳᠠᠯ ᠢ᠋ᠶ᠋ᠠᠷ ᠨᠡᠷᠡᠯᠡᠬᠦ ᠵᠦᠢᠯ
ᠮᠤᠬᠤᠷ ᠡᠪᠡᠷ ᠦᠭᠡᠢ᠂ ᠲᠣᠢᠮᠣᠭ ᠡᠯ᠎ᠡ ᠵᠢᠰᠦᠮ ᠦ᠋ᠨ ᠢᠮᠠᠭ᠎ᠠ᠃
ᠲᠣᠢᠮᠣᠭ ᠮᠤᠬᠤᠷ ᠤ᠋ᠨ ᠨᠥᠭᠦᠭᠡ ᠬᠡᠯᠡᠯᠭᠡ᠃
ᠤᠨᠵᠢᠭᠢᠷ
ᠤᠨᠵᠢᠭᠠᠢ᠂ ᠡᠪᠡᠷ ᠨᠢ ᠳᠣᠷᠣᠭᠰᠢ ᠤᠨᠵᠢᠢᠵᠤ ᠤᠷᠭᠤᠭᠰᠠᠨ᠂ ᠡᠯ᠎ᠡ ᠵᠢᠰᠦᠮ ᠦ᠋ᠨ ᠢᠮᠠᠭ᠎ᠠ᠃
ᠳᠠᠩᠬᠠᠭᠠᠷ ᠡᠪᠡᠷ ᠨᠢ ᠬᠠᠩᠭᠠᠢ ᠪᠥᠭᠡᠳ ᠥᠨᠳᠥᠷᠬᠡᠨ ᠡᠯ᠎ᠡ ᠵᠢᠰᠦᠮ ᠦ᠋ᠨ ᠢᠮᠠᠭ᠎ᠠ᠃
ᠲᠠᠯᠪᠭᠠᠷ
ᠡᠪᠡᠷ ᠨᠢ ᠳᠠᠯᠪᠢᠩ᠂ ᠬᠣᠶᠠᠷ ᠲᠡᠢᠰᠢ ᠠᠯᠴᠠᠢᠨ ᠳᠡᠯᠪᠡᠢᠨ ᠤᠷᠭᠤᠭᠰᠠᠨ ᠡᠯ᠎ᠡ ᠵᠢᠰᠦᠮ ᠦ᠋ᠨ ᠢᠮᠠᠭ᠎ᠠ᠃
ᠭᠡᠳᠡᠷᠭᠦ ᠡᠪᠡᠷ ᠨᠢ ᠠᠷᠤ ᠥᠭᠡᠳᠡ ᠪᠡᠨ ᠮᠢᠳᠠᠭᠠᠷ ᠡᠯ᠎ᠡ ᠵᠢᠰᠦᠮ ᠦ᠋ᠨ ᠢᠮᠠᠭ᠎ᠠ᠃
ᠬᠣᠯᠪᠣᠭ᠎ᠠ
ᠡᠪᠡᠷ ᠨᠢ ᠭᠣᠨᠵᠣᠭᠣᠷ ᠮᠥᠷᠲᠡᠭᠡᠨ ᠦᠵᠦᠭᠦᠷ ᠢ᠋ᠶ᠋ᠡᠷ ᠢ᠋ᠶ᠋ᠡᠨ ᠠᠭᠤᠯᠵᠠᠭᠰᠠᠨ ᠪᠤᠶᠤ ᠠᠭᠤᠯᠵᠠᠮᠠ ᠡᠯ᠎ᠡ ᠵᠢᠰᠦᠮ ᠦ᠋ᠨ ᠢᠮᠠᠭ᠎ᠠ᠃
ᠰᠣᠯᠪᠢ
ᠬᠣᠶᠠᠷ ᠡᠪᠡᠷ ᠨᠢ ᠤᠷᠲᠤ ᠤᠷᠭᠤᠵᠤ ᠣᠴᠢᠭᠠᠳ ᠦᠵᠦᠭᠦᠷ ᠢ᠋ᠶ᠋ᠡᠷ ᠵᠥᠷᠢᠵᠦ ᠤᠷᠭᠤᠭᠰᠠᠨ ᠡᠯ᠎ᠡ ᠵᠢᠰᠦᠮ ᠦ᠋ᠨ ᠢᠮᠠᠭ᠎ᠠ᠃
ᠭᠣᠵᠣᠭᠣᠷ ᠳᠡᠭᠡᠭᠰᠢ ᠠᠰᠬᠠᠨ ᠤᠷᠭᠤᠭᠰᠠᠨ ᠡᠪᠡᠷ ᠪᠦᠬᠦᠢ ᠡᠯ᠎ᠡ ᠵᠢᠰᠦᠮ ᠦ᠋ᠨ ᠢᠮᠠᠭ᠎ᠠ᠃
ᠣᠭᠣᠨᠣᠨ ᠡᠪᠡᠷᠲᠦ ᠤᠭᠤᠨᠠ ᠶ᠋ᠢᠨ ᠡᠪᠡᠷ ᠮᠡᠲᠦ ᠡᠪᠡᠷ ᠪᠦᠬᠦᠢ ᠡᠯ᠎ᠡ ᠵᠢᠰᠦᠮ ᠦ᠋ᠨ ᠢᠮᠠᠭᠠᠳ᠃
ᠵᠢᠳᠠᠨ ᠡᠪᠡᠷᠲᠦ ᠵᠢᠳᠠ ᠮᠡᠲᠦ ᠠᠰᠬᠠᠪᠲᠤᠷ ᠡᠪᠡᠷ ᠪᠦᠬᠦᠢ ᠡᠯ᠎ᠡ ᠵᠢᠰᠦᠮ ᠦ᠋ᠨ ᠢᠮᠠᠭ᠎ᠠ᠃
ᠲᠢᠯᠪᠡᠩ ᠲᠢᠯᠪᠠᠭᠠᠷ ᠡᠯ᠎ᠡ ᠵᠢᠰᠦᠮ ᠦ᠋ᠨ ᠢᠮᠠᠭ᠎ᠠ᠃
ᠲᠣᠭᠣᠷᠤᠤ ᠡᠪᠡᠷᠳᠡᠢ
ᠡᠪᠡᠷ ᠨᠢ ᠴᠢᠬᠢ ᠪᠡᠨ ᠣᠷᠢᠶᠠᠨ ᠤᠷᠭᠤᠭᠰᠠᠨ ᠡᠯ᠎ᠡ ᠵᠢᠰᠦᠮ ᠦ᠋ᠨ ᠢᠮᠠᠭ᠎ᠠ᠃
ᠮᠢᠯᠠᠭᠠᠷ ᠭᠡᠳᠡᠷᠭᠦᠳᠡᠭᠦᠦ ᠪᠦᠬᠦᠢ ᠡᠯ᠎ᠡ ᠵᠢᠰᠦᠮ ᠦ᠋ᠨ ᠢᠮᠠᠭ᠎ᠠ᠃
ᠮᠤᠰᠬᠢᠷᠠᠭ᠎ᠠ ᠡᠪᠡᠷ ᠨᠢ ᠮᠤᠰᠬᠢᠯᠳᠤᠭᠰᠠᠨ ᠡᠯ᠎ᠡ ᠵᠢᠰᠦᠮ ᠦ᠋ᠨ ᠢᠮᠠᠭ᠎ᠠ᠃
ᠰᠡᠷᠪᠡᠭᠡᠷ ᠨᠠᠷᠢᠬᠠᠨ ᠤᠷᠲᠤ ᠡᠪᠡᠷᠳᠡᠢ ᠡᠯ᠎ᠡ ᠵᠢᠰᠦᠮ ᠦ᠋ᠨ ᠢᠮᠠᠭ᠎ᠠ᠃
ᠬᠦᠮᠦᠷᠢᠭᠦᠦ
ᠡᠪᠡᠷ ᠨᠢ ᠮᠠᠩᠨᠠᠢ ᠵᠦᠭ ᠨᠢ ᠬᠥᠮᠥᠷᠢᠵᠦ ᠤᠷᠭᠤᠭᠰᠠᠨ ᠡᠯ᠎ᠡ ᠵᠢᠰᠦᠮ ᠦ᠋ᠨ ᠢᠮᠠᠭ᠎ᠠ᠃
ᠬᠤᠭᠤᠷᠬᠠᠢ ᠡᠪᠡᠷᠲᠦ
ᠮᠥᠷᠭᠥᠯᠳᠦᠭᠡᠳ ᠪᠤᠶᠤ ᠴᠣᠬᠢᠭᠳᠠᠨ ᠡᠪᠡᠷ ᠢ᠋ᠶ᠋ᠡᠨ ᠬᠣᠭᠣᠯᠭᠤᠯᠤᠭᠰᠠᠨ ᠡᠯ᠎ᠡ ᠵᠢᠰᠦᠮ ᠦ᠋ᠨ ᠢᠮᠠᠭ᠎ᠠ᠃
ᠰᠣᠶᠣᠭ᠎ᠠ
ᠣᠭᠣᠨᠣ ᠶ᠋ᠢᠨ ᠡᠪᠡᠷ ᠮᠡᠲᠦ ᠠᠰ ᠭᠣᠨᠵᠣᠭᠣᠷ ᠡᠪᠡᠷᠳᠡᠢ ᠡᠯ᠎ᠡ ᠵᠢᠰᠦᠮ ᠦ᠋ᠨ ᠢᠮᠠᠭ᠎ᠠ᠃
ᠳᠠᠷᠠᠭᠠᠢ ᠴᠠᠯᠠᠭᠠᠢᠪᠲᠤᠷ ᠲᠠᠷᠠᠢᠭᠰᠠᠨ ᠡᠪᠡᠷ ᠪᠦᠬᠦᠢ ᠡᠯ᠎ᠡ ᠵᠢᠰᠦᠮ ᠦ᠋ᠨ ᠢᠮᠠᠭ᠎ᠠ᠃
ᠣᠨᠴᠠᠭᠠᠢ ᠰᠢᠨᠵᠢ ᠲᠡᠮᠳᠡᠭ ᠪᠠ ᠲᠥᠷᠥᠴᠡ ᠂ ᠵᠠᠩ ᠠᠷᠠᠰᠢᠨ ᠢ᠋ᠶ᠋ᠠᠷ ᠨᠡᠷᠡᠯᠡᠬᠦ ᠵᠦᠢᠯ
ᠬᠤᠪᠤ ᠲᠥᠷᠥᠯᠬᠢ ᠴᠢᠬᠢ ᠨᠢ ᠣᠷᠣᠨᠴᠣᠭ ᠲᠡᠳᠦᠢ ᠡᠯ᠎ᠡ ᠵᠢᠰᠦᠮ ᠦ᠋ᠨ ᠢᠮᠠᠭ᠎ᠠ᠃
ᠵᠡᠪᠡᠨ ᠴᠢᠬᠢᠲᠦ
ᠴᠢᠬᠢ ᠨᠢ ᠶᠠᠭ ᠰᠤᠮᠤᠨ ᠤ᠋ ᠦᠵᠦᠭᠦᠷ ᠲᠡᠬᠢ ᠵᠡᠪᠡ ᠶ᠋ᠢᠨ ᠬᠡᠯᠪᠡᠷᠢᠲᠡᠢ ᠡᠯ᠎ᠡ ᠵᠢᠰᠦᠮ ᠦ᠋ᠨ ᠢᠮᠠᠭ᠎ᠠ᠃
ᠬᠤᠯᠮᠠᠩ
ᠴᠢᠬᠢ ᠨᠢ ᠰᠢᠯᠢ ᠵᠦᠭ ᠢ᠋ᠶ᠋ᠡᠨ ᠨᠠᠭᠠᠯᠳᠤᠭᠰᠠᠨ ᠮᠡᠲᠦ ᠤᠷᠭᠤᠭᠰᠠᠨ ᠡᠯ᠎ᠡ ᠵᠢᠰᠦᠮ ᠦ᠋ᠨ ᠢᠮᠠᠭ᠎ᠠ᠃
ᠮᠣᠨᠴᠣᠭᠲᠤ
ᠡᠷᠡᠦ ᠳᠣᠣᠷ᠎ᠠ ᠬᠣᠭᠣᠯᠠᠢ ᠶ᠋ᠢ ᠬᠠᠪᠴᠢᠭᠠᠳ ᠤᠨᠵᠢᠢᠨ ᠤᠷᠭᠤᠭᠰᠠᠨ ᠬᠣᠶᠠᠷ ᠠᠰᠢᠭ ᠪᠦᠬᠦᠢ ᠡᠯ᠎ᠡ ᠵᠢᠰᠦᠮ ᠦ᠋ᠨ ᠢᠮᠠᠭ᠎ᠠ᠃ ᠪᠠᠰᠠ ᠰᠥᠢᠭᠡᠲᠦ ᠭᠡᠳᠡᠭ᠃
ᠯᠤᠤᠬᠠᠲᠤ
ᠨᠢᠳᠦᠨ ᠦ᠌ ᠪᠡᠨ ᠡᠮᠦᠨᠡᠬᠡᠨ ᠵᠢᠵᠢᠭᠬᠡᠨ ᠡᠪᠡᠷᠳᠡᠢ ᠡᠯ᠎ᠡ ᠵᠢᠰᠦᠮ ᠦ᠋ᠨ ᠢᠮᠠᠭ᠎ᠠ᠃
ᠢᠷᠡᠭ
ᠬᠡᠪᠲᠡᠯᠭᠡᠨ ᠳ᠋ᠡᠭᠡᠨ ᠤᠨᠲᠠᠬᠤ ᠦᠶ᠎ᠡ ᠳ᠋ᠦ᠍ ᠢᠨᠴᠠᠭᠯᠠᠬᠤ ᠡᠪᠡᠷᠰᠢᠶᠡᠯᠲᠦ ᠠᠮᠢᠰᠬᠤᠯ ᠪᠦᠬᠦᠢ ᠡᠯ᠎ᠡ ᠵᠢᠰᠦᠮ ᠦ᠋ᠨ ᠢᠮᠠᠭ᠎ᠠ᠃
ᠢᠪᠡᠷᠬᠡᠢ
ᠦᠬᠡᠷ ᠲᠦ᠍ ᠮᠥᠷᠭᠥᠭᠳᠡᠭᠰᠡᠨ ᠪᠠ ᠪᠤᠲᠠ ᠳ᠋ᠤ᠌ ᠭᠢᠰᠬᠢᠭᠳᠡᠭᠰᠡᠨ ᠡᠴᠡ ᠴᠣᠷᠣᠢ ᠨᠢ ᠴᠤᠭᠤᠷᠠᠵᠤ᠂ ᠭᠡᠳᠡᠰᠦ ᠨᠢ ᠢᠪᠡᠷᠡᠭᠰᠡᠨ ᠡᠯ᠎ᠡ ᠵᠢᠰᠦᠮ ᠦ᠋ᠨ ᠢᠮᠠᠭ᠎ᠠ᠃
ᠭᠣᠯᠣᠩᠬᠠᠢ ᠲᠥᠯ ᠳ᠋ᠡᠭᠡᠨ ᠠᠮᠠᠷᠠᠭ ᠪᠢᠰᠢ ᠡᠯ᠎ᠡ ᠵᠢᠰᠦᠮ ᠦ᠋ᠨ ᠢᠮᠠᠭ᠎ᠠ᠃
ᠲᠦᠢᠳᠬᠡᠷᠲᠦ ᠲᠦᠢᠳᠬᠦ ᠳᠤᠷᠠᠲᠠᠢ ᠢᠮᠠᠭ᠎ᠠ᠃
ᠳᠡᠯᠡᠦᠷᠡᠬᠡᠢ
ᠬᠥᠮᠦᠨ ᠦ᠌ ᠥᠪᠡᠷ ᠦ᠋ᠨ ᠲᠥᠯ ᠢ᠋ ᠬᠠᠮᠢᠶ᠎ᠠ ᠦᠭᠡᠢ ᠭᠥᠭᠦᠭᠦᠯᠳᠡᠭ ᠡᠯ᠎ᠡ ᠵᠢᠰᠦᠮ ᠦ᠋ᠨ ᠢᠮᠠᠭ᠎ᠠ᠃
ᠭᠠᠨᠵᠤᠭ᠎ᠠ ᠦᠰᠦᠲᠡᠢ ᠦᠰᠦ ᠨᠢ ᠤᠷᠲᠤ ᠦᠰᠦᠯᠢᠭ ᠡᠯ᠎ᠡ ᠵᠢᠰᠦᠮ ᠦ᠋ᠨ ᠢᠮᠠᠭ᠎ᠠ᠃
ᠰᠣᠢᠷ ᠦᠰᠦᠲᠦ
ᠦᠰᠦ ᠨᠢ ᠡᠷᠴᠢᠯᠡᠭᠡ ᠦᠭᠡᠢ ᠰᠢᠭᠤᠳᠬᠠᠨ ᠮᠥᠷᠲᠡᠭᠡᠨ ᠠᠬᠤᠷ ᠡᠯ᠎ᠡ ᠵᠢᠰᠦᠮ ᠦ᠋ᠨ ᠢᠮᠠᠭ᠎ᠠ᠃
ᠡᠷᠬᠡᠭ ᠪᠠᠭ᠎ᠠ ᠠ᠋ᠴᠠ ᠲᠡᠵᠢᠭᠡᠨ ᠡᠷᠬᠡᠯᠡᠭᠦᠯᠵᠦ ᠥᠰᠬᠡᠭᠰᠡᠨ ᠡᠯ᠎ᠡ ᠵᠢᠰᠦᠮ ᠦ᠋ᠨ ᠢᠮᠠᠭ᠎ᠠ᠃
ᠠᠭᠤᠷᠲᠤ
ᠠᠭᠤᠷ ᠬᠦᠷᠴᠦ ᠦᠰᠦ ᠰᠤᠷ ᠢ᠋ᠶ᠋ᠠᠨ ᠪᠣᠰᠬᠠᠨ ᠣᠢᠷᠠᠳᠤᠭᠰᠠᠳ ᠢ᠋ ᠮᠥᠷᠭᠥᠬᠦ ᠭᠡᠵᠦ ᠰᠦᠷᠳᠡᠭᠦᠯᠳᠡᠭ ᠡᠯ᠎ᠡ ᠵᠢᠰᠦᠮ ᠦ᠋ᠨ ᠢᠮᠠᠭ᠎ᠠ᠃
ᠬᠠᠵᠠᠳᠠᠭ ᠢᠰᠢᠭᠡ ᠪᠡᠨ ᠪᠤᠶᠤ ᠬᠥᠮᠦᠨ ᠢ᠋ ᠬᠠᠵᠠᠬᠤ ᠵᠠᠩᠲᠠᠢ ᠡᠯ᠎ᠡ ᠵᠢᠰᠦᠮ ᠦ᠋ᠨ ᠢᠮᠠᠭ᠎ᠠ᠃
ᠮᠥᠷᠭᠥᠳᠡᠭ ᠬᠥᠮᠦᠨ ᠢ᠋ ᠮᠥᠷᠭᠥᠬᠦ ᠮᠠᠭᠤ ᠵᠠᠩᠲᠠᠢ ᠡᠯ᠎ᠡ ᠵᠢᠰᠦᠮ ᠦ᠋ᠨ ᠢᠮᠠᠭ᠎ᠠ᠃
ᠵᠢᠭᠵᠢᠬᠡᠷ ᠪᠡᠶ᠎ᠡ ᠪᠠᠭ᠎ᠠ ᠬᠣᠮᠰᠠᠬᠠᠨ ᠡᠯ᠎ᠡ ᠵᠢᠰᠦᠮ ᠦ᠋ᠨ ᠢᠮᠠᠭ᠎ᠠ᠃
