ᠳᠠᠭᠤᠲᠤ ᠪᠤᠬ᠎ᠠ ᠬᠥᠭᠰᠢᠨ ᠴᠢᠨᠣ᠎ᠠ ᠬᠣᠶᠠᠷ Дуут бух хөгшин чоно 2 ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠭᠤᠲᠤ ᠪᠤᠬ᠎ᠠ ᠬᠥᠭᠰᠢᠨ ᠴᠢᠨᠣ᠎ᠠ ᠬᠣᠶᠠᠷ Дуут бух хөгшин чоно 2

ᠳᠠᠭᠤᠲᠤ ᠪᠤᠬ᠎ᠠ ᠬᠥᠭᠰᠢᠨ ᠴᠢᠨᠣ᠎ᠠ ᠬᠣᠶᠠᠷ Дуут бух хөгшин чоно 2

ᠠᠩᠭᠢᠯᠠᠯ:ᠳᠣᠮᠣᠭ ᠦᠯᠢᠭᠡᠷ
2023-12-21

1074

ᠳᠠᠭᠤᠲᠤ ᠪᠤᠬ᠎ᠠ ᠬᠥᠭᠰᠢᠨ ᠴᠢᠨᠣ᠎ᠠ ᠬᠣᠶᠠᠷ

《ᠮᠣᠩᠭᠣᠯ ᠠᠷᠠᠳ ᠤ᠋ᠨ ᠦᠯᠢᠭᠡᠷ》
    ᠡᠷᠲᠡ ᠤᠷᠢᠳᠤ ᠶ᠋ᠢᠨ ᠴᠠᠭ ᠲᠤ ᠨᠢᠭᠡᠨ ᠮᠠᠯᠴᠢᠨ ᠭᠠᠭᠴᠠ ᠪᠤᠬ᠎ᠠ ᠲᠠᠢ ᠪᠠᠨ ᠠᠮᠢᠳᠤᠷᠠᠳᠠᠭ ᠪᠠᠢᠵᠠᠢ᠂ᠡᠳᠦᠷᠵᠢᠨ ᠢ᠋ᠶ᠋ᠡᠨ ᠲᠡᠷᠭᠡᠨ ᠳ᠋ᠦ᠍ ᠵᠢᠳᠬᠦᠵᠦ᠂ ᠦᠬᠦᠲᠡᠯ᠎ᠡ ᠪᠡᠨ ᠶᠠᠳᠠᠷᠠᠬᠤ ᠪᠣᠯᠪᠠᠴᠤ ᠬᠠᠲᠠᠭᠤ ᠰᠡᠳᠬᠢᠯᠲᠦ ᠡᠵᠡᠨ ᠡᠴᠡ ᠨᠢ ᠠᠳᠬᠤ ᠡᠪᠡᠰᠦ ᠴᠦ᠍ ᠡᠰᠡ ᠣᠯᠳᠠᠨ᠎ᠠ᠃ᠬᠥᠭᠡᠷᠦᠬᠦᠢ ᠪᠤᠬ᠎ᠠ ᠰᠥᠨᠢᠵᠢᠨ ᠭᠠᠳᠠᠭᠤᠷ ᠬᠡᠰᠦᠵᠦ ᠬᠣᠭ ᠡᠪᠡᠰᠦ ᠴᠤᠭᠯᠠᠭᠤᠯᠤᠨ ᠥᠯ ᠵᠠᠯᠭᠠᠭᠠᠳ ᠦᠷ ᠢ᠋ᠶ᠋ᠡᠷ ᠭᠡᠷ ᠦ᠋ᠨ ᠢ᠋ᠶ᠋ᠡᠨ ᠭᠠᠳᠠᠭ᠎ᠠ ᠢᠷᠡᠵᠦ ᠵᠣᠭᠰᠣᠳᠠᠭ ᠪᠠᠢᠯ᠎ᠠ᠃ᠮᠠᠯᠴᠢᠨ ᠭᠡᠷ ᠦ᠋ᠨ ᠭᠠᠳᠠᠨ᠎ᠠ ᠬᠥᠳᠡᠯᠬᠦ ᠴᠤ᠌ ᠦᠭᠡᠢ ᠡᠰᠢ ᠲᠠᠰᠢ ᠪᠠᠨ ᠲᠡᠨᠦᠭᠡᠳ ᠣᠷᠢᠯᠠᠵᠤ ᠴᠢᠷᠠᠯᠠᠭᠠᠳ ᠶᠠᠪᠤᠴᠢᠬᠠᠳᠠᠭ ᠦᠭᠡᠢ ᠰᠠᠢᠨ ᠪᠤᠬ᠎ᠠ ᠭᠡᠮᠡᠨ ᠦᠨᠡᠯᠡᠵᠦ ᠤᠶᠠᠭ᠎ᠠ ᠨᠣᠭᠲᠣ ᠴᠤ᠌ ᠦᠭᠡᠢ ᠰᠤᠯᠠ ᠬᠠᠶᠠᠴᠢᠬᠠᠳᠠᠭ ᠪᠠᠢᠯ᠎ᠠ᠃ᠨᠢᠭᠡᠨ ᠰᠥᠨᠢ ᠪᠤᠬ᠎ᠠ ᠭᠠᠳᠠᠭᠤᠷ ᠶᠠᠪᠤᠵᠤ ᠪᠠᠢᠭᠠᠳ ᠬᠥᠭᠰᠢᠨ ᠴᠢᠨᠣ᠎ᠠ ᠲᠠᠢ ᠲᠠᠨᠢᠯᠴᠠᠵᠤ ᠭᠡᠨ᠎ᠡ᠂ᠬᠠᠰᠢᠷ ᠬᠥᠭᠰᠢᠨ ᠴᠢᠨᠣ᠎ᠠ ᠪᠠᠷ ᠢ᠋ᠶ᠋ᠠᠨ ᠪᠤᠬ᠎ᠠ ᠵᠡᠷᠭᠡᠯᠡᠳᠡᠭᠡ ᠬᠢ ᠡᠪᠡᠰᠦᠨ ᠬᠠᠰᠢᠶ᠎ᠠ ᠶ᠋ᠢ ᠡᠪᠳᠡᠭᠦᠯᠦᠨ ᠳᠣᠲᠣᠷ᠎ᠠ ᠨᠢ ᠣᠷᠣᠬᠤ ᠵᠠᠮ ᠭᠠᠷᠭᠠᠭᠤᠯᠵᠤ ᠠᠪᠤᠭᠠᠳ᠂ ᠰᠥᠨᠢ ᠪᠣᠯᠭᠠᠨ ᠰᠢᠮᠡᠳᠦ ᠰᠠᠶᠢᠬᠠᠨ ᠡᠪᠡᠰᠦ ᠪᠡᠷ ᠭᠡᠳᠡᠰᠦ ᠬᠣᠳᠣᠭᠣᠳᠣ ᠪᠠᠨ ᠳᠦᠭᠦᠷᠭᠡᠳᠡᠭ ᠪᠣᠯᠵᠠᠢ᠃ ᠬᠠᠷᠢᠨ ᠥᠷᠯᠥᠭᠡ ᠨᠢ ᠡᠷᠲᠡᠬᠡᠨ ᠰᠢᠭ ᠬᠠᠰᠢᠶᠠᠨ ᠳᠣᠲᠣᠷ᠎ᠠ ᠪᠠᠨ ᠢᠷᠡᠵᠦ ᠥᠨᠥᠬᠢ ᠵᠣᠭᠰᠣᠳᠠᠭ ᠭᠠᠵᠠᠷ ᠢ᠋ᠶ᠋ᠠᠨ ᠵᠡᠭᠦᠷᠮᠡᠭᠯᠡᠨ ᠡᠵᠡᠨ ᠢ᠋ᠶ᠋ᠡᠨ ᠬᠦᠯᠢᠶᠡᠨ᠎ᠡ᠃ ᠡᠯᠪᠡᠭ ᠢᠳᠡᠰᠢᠨ ᠳ᠋ᠦ᠍ ᠭᠡᠳᠡᠰᠦ ᠨᠢ ᠴᠠᠢᠵᠤ ᠬᠦᠴᠦ ᠲᠠᠮᠢᠷ ᠨᠢ ᠰᠠᠭᠤᠭᠰᠠᠨ ᠪᠤᠬ᠎ᠠ ᠨᠢᠭᠡᠨ ᠰᠥᠨᠢ ᠬᠥᠭᠰᠢᠨ ᠴᠢᠨᠣ᠎ᠠ ᠲᠠᠢ ᠲᠤᠬᠠᠲᠠᠢ ᠭᠡᠭᠴᠢ ᠨᠢ ᠢᠩᠭᠢᠵᠦ ᠶᠠᠷᠢᠯᠴᠠᠵᠠᠢ᠃
《ᠨᠥᠬᠥᠷ ᠮᠢᠨᠢ᠂ ᠥᠨᠥ ᠰᠥᠨᠢ ᠶᠠᠮᠠᠷ ᠰᠠᠢᠬᠠᠨ ᠰᠥᠨᠢ ᠪᠣᠢ? ᠰᠡᠷᠢᠭᠦᠨ ᠰᠠᠯᠬᠢ ᠰᠡᠩᠭᠢᠨᠡᠵᠦ᠂ ᠲᠡᠷᠭᠡᠯ ᠰᠠᠷᠠᠨ ᠮᠡᠯᠲᠡᠢᠭᠰᠡᠨ ᠰᠡᠳᠬᠢᠯ ᠳ᠋ᠦ᠍ ᠶᠠᠮᠠᠷ ᠠᠶᠠᠲᠠᠢ ᠪᠠᠢᠨᠠᠮ᠂ᠳᠠᠭᠤᠤ ᠪᠠᠨ ᠳᠠᠭᠤᠯᠠᠵᠤ ᠰᠡᠳᠬᠢᠯ ᠢ᠋ᠶ᠋ᠡᠨ ᠪᠠᠶᠠᠰᠬᠠᠬᠤ ᠤᠤ?ᠴᠢ ᠶᠠᠮᠠᠷ ᠳᠠᠭᠤᠨ ᠳ᠋ᠤ᠌ ᠳᠤᠷᠠᠲᠠᠢ ᠪᠢᠯᠡ? ᠴᠢᠨᠣ᠎ᠠ ᠠ᠋》
《ᠡᠪᠦᠭᠡᠨ ᠠ᠋᠂ ᠴᠢᠮᠡᠭᠡ ᠦᠭᠡᠢ᠂ ᠬᠥᠶᠢ᠂ ᠴᠢ ᠴᠢᠨᠢ ᠡᠷᠭᠢᠭᠦᠳᠡᠵᠦ ᠪᠠᠯᠠᠷᠠᠭᠰᠠᠨ ᠶᠤᠮ ᠪᠢᠰᠢ ᠪᠢᠵᠡ? ᠴᠢ ᠴᠢᠨᠢ ᠡᠪᠡᠰᠦ ᠬᠤᠯᠠᠭᠠᠢ ᠬᠢᠵᠦ ᠶᠠᠪᠤᠭ᠎ᠠ ᠪᠠᠨ ᠮᠠᠷᠲᠠᠪᠠ ᠤᠤ?ᠳᠠᠭᠤᠤ ᠳᠠᠭᠤᠯᠠᠵᠤ ᠴᠢᠮᠡᠭᠡ ᠭᠠᠷᠭᠠᠬᠤ ᠨᠢ ᠪᠤᠤ ᠬᠡᠯᠡ᠂ ᠬᠠᠨᠢᠶᠠᠵᠤ ᠰᠣᠴᠢᠬᠤ ᠭᠡᠮ ᠲᠡᠢ ᠪᠣᠯ ᠬᠤᠯᠠᠭᠠᠢ ᠶ᠋ᠢᠨ ᠵᠠᠮ ᠢ᠋ᠶ᠋ᠠᠷ ᠪᠢᠲᠡᠭᠡᠢ ᠬᠡᠲᠡ᠂ ᠤᠨᠲᠠᠭᠤ ᠰᠣᠭᠲᠣᠭᠤ ᠵᠠᠩ ᠲᠠᠢ ᠪᠣᠯ ᠬᠥᠮᠦᠨ ᠦ᠌ ᠭᠡᠷ ᠲᠦ᠍ ᠪᠢᠲᠡᠭᠡᠢ ᠣᠴᠢ ᠭᠡᠵᠦ ᠪᠠᠢᠳᠠᠭ ᠦᠭᠡᠢ ᠰᠠᠨ ᠪᠤᠰᠤ ᠤᠤ?ᠶᠠᠳᠠᠵᠤ ᠪᠠᠢᠬᠤ ᠳ᠋ᠤ᠌ ᠴᠢᠨᠦ ᠨᠠᠭᠠᠳᠤ ᠬᠣᠭᠣᠯᠠᠢ ᠴᠢᠨᠢ ᠪᠤᠰᠤᠳ ᠢ᠋ ᠤᠶᠠᠷᠠᠭᠠᠬᠤ ᠵᠥᠭᠡᠯᠡᠨ ᠪᠢᠰᠢ᠂ ᠲᠤᠩ ᠤ᠋ᠨ ᠳᠠᠭᠤ ᠰᠢᠭ᠋ ᠫᠠᠷᠭᠢᠶ᠎ᠠ ᠰᠢᠦ ᠳᠡ᠂ᠥᠷᠯᠥᠭᠡ ᠳᠠᠭᠤ ᠶ᠋ᠢ ᠴᠢᠨᠢ ᠰᠣᠨᠣᠰᠤᠮᠠᠭᠴᠠ ᠡᠨᠡᠭᠦᠬᠡᠨ ᠳ᠋ᠦ᠍ ᠤᠨᠲᠠᠵᠤ ᠪᠠᠢᠭ᠎ᠠ ᠮᠠᠯᠴᠢᠨ ᠰᠦᠷ ᠪᠠᠳᠠᠷᠠᠭᠤᠯᠤᠨ ᠢᠷᠡᠭᠡᠳ ᠶᠠᠰᠤ ᠶ᠋ᠢ ᠴᠢᠨᠢ ᠴᠠᠢᠲᠠᠯ᠎ᠠ ᠪᠠᠯᠪᠠᠵᠤ ᠠᠮᠢ ᠶ᠋ᠢ ᠴᠢᠨᠢ ᠭᠠᠷᠲᠠᠯ᠎ᠠ ᠬᠥᠯᠬᠦ ᠪᠣᠯᠤᠨ᠎ᠠ ᠳᠠ᠂ ᠴᠢᠮ᠎ᠠ ᠶ᠋ᠢ》
《ᠢᠰᠢ᠂ ᠣᠢ ᠮᠠᠭᠤᠲᠤ ᠳᠠᠭᠤᠨ ᠤ᠋ ᠰᠠᠢᠬᠠᠨ ᠢ᠋ ᠮᠡᠳᠡᠬᠦ ᠦᠭᠡᠢ ᠪᠠᠢᠵᠤ ᠴᠢ ᠶᠠᠭᠤ ᠶᠠᠷᠢᠨᠠᠮ᠂ᠲᠡᠷᠭᠡᠯ ᠰᠠᠷᠠᠨ ᠤ᠋ ᠭᠡᠷᠡᠯ ᠳ᠋ᠦ᠍᠂ ᠳᠠᠪᠴᠢᠭᠤᠨ ᠬᠣᠷᠸ᠎ᠠ ᠲᠡᠨᠢᠭᠦᠨ᠂ ᠤᠶᠠᠨ ᠬᠤᠭᠤᠷ ᠤ᠋ᠨ ᠡᠬᠡᠰᠢᠭ ᠡᠪᠯᠡᠭᠦᠨ ᠠᠨᠳᠠ ᠤ᠋ᠳ ᠢ᠋ᠶ᠋ᠠᠨ ᠬᠥᠭᠵᠢᠭᠦᠨ ᠭᠡᠵᠦ ᠪᠠᠢᠳᠠᠭ ᠢ᠋ ᠴᠢ ᠮᠡᠳᠡᠬᠦ ᠦᠭᠡᠢ ᠤᠤ?》
《ᠪᠢᠳᠡ ᠬᠣᠶᠠᠷ ᠳᠠᠭᠤᠤ ᠭᠡᠳᠡᠭ ᠶᠠᠭᠤ ᠪᠣᠯᠬᠤ ᠶ᠋ᠢ ᠮᠡᠳᠡᠬᠦ ᠦᠭᠡᠢ ᠰᠢᠦ ᠳᠡ᠂ᠲᠡᠢᠮᠦ ᠪᠣᠯᠬᠣᠷ ᠠᠮᠠ ᠪᠠᠨ ᠬᠠᠪᠴᠢᠨ ᠬᠣᠳᠣᠭᠣᠳᠣ ᠪᠠᠨ ᠪᠣᠷᠣᠯᠠᠭᠤᠯᠵᠤ ᠶᠠᠪᠤᠭᠰᠠᠨ ᠴᠢᠨᠢ ᠳᠡᠭᠡᠷ᠎ᠡ ᠪᠠᠢᠬ᠎ᠠ ᠰᠢᠦ᠂ ᠡᠰᠡ ᠵᠥᠪᠰᠢᠶᠡᠷᠡᠪᠡᠯ ᠬᠡᠷᠡᠭ ᠪᠢᠰᠢᠳᠡᠵᠦ ᠪᠠᠵᠠᠭᠠᠬᠤ ᠦᠭᠡᠢ ᠶᠠᠭᠤᠮ᠎ᠠ ᠪᠣᠯᠤᠨ᠎ᠠ᠂ ᠪᠤᠬ᠎ᠠ ᠮᠢᠨᠢ ᠳᠡ᠂ ᠪᠤᠬ᠎ᠠ ᠮᠢᠨᠢ》
《ᠴᠢ ᠨᠠᠮ᠎ᠠ ᠶ᠋ᠢ ᠳᠠᠭᠤᠤ ᠮᠡᠳᠡᠬᠦ ᠦᠭᠡᠢ ᠭᠡᠵᠦ ᠪᠣᠳᠣᠭ᠎ᠠ ᠤᠤ? ᠴᠢ ᠰᠣᠨᠣᠰᠴᠤ ᠪᠠᠢ᠂ ᠪᠢ ᠳᠠᠭᠤᠨ ᠤ᠋ ᠤᠴᠢᠷ ᠶᠠᠪᠤᠳᠠᠯ ᠢ᠋ ᠴᠢᠮ᠎ᠠ ᠳ᠋ᠤ᠌ ᠣᠢ ᠲᠣᠢᠨ ᠳ᠋ᠤ᠌ ᠴᠢᠨᠢ ᠣᠷᠣᠲᠠᠯ᠎ᠠ ᠬᠡᠯᠡᠭᠡᠳ ᠥᠭᠭᠦᠶ᠎ᠡ᠂ ᠳᠣᠯᠣᠭᠠᠨ ᠥᠩᠭᠡ ᠭᠤᠷᠪᠠᠨ ᠳᠡᠳ᠋᠂ ᠬᠣᠷᠢᠨ ᠨᠢᠭᠡᠨ ᠨᠤᠭᠤᠯᠤᠭ᠎ᠠ᠂ᠳᠥᠴᠢ ᠶᠢᠰᠦᠨ ᠴᠣᠮᠨᠠᠯ᠂ ᠭᠤᠷᠪᠠᠨ ᠠᠢᠵᠢᠮ ᠶᠢᠰᠦᠨ ᠮᠠᠶᠢᠭ᠂ ᠭᠤᠷᠪᠠᠨ ᠪᠠᠢᠷᠢ᠂ ᠲᠠᠪᠤᠨ ᠵᠣᠭᠰᠣᠯᠲᠠ᠂ ᠭᠤᠷᠪᠠᠨ ᠲᠠᠰᠤᠯᠤᠯ᠂ᠭᠤᠴᠢᠨ ᠭᠤᠷᠪᠠᠨ ᠤᠶᠠᠩᠭ᠎ᠠ ᠳᠥᠴᠢᠨ ᠰᠠᠨᠠᠭ᠎ᠠ ᠲᠡᠷᠢᠭᠦᠲᠡᠨ ᠳᠠᠭᠤᠤ ᠠᠶᠠᠨ ᠤ᠋ ᠵᠠᠭᠤ ᠨᠠᠶᠠᠨ ᠲᠠᠪᠤᠨ ᠠᠩᠭᠢᠯᠠᠯ ᠭᠡᠵᠦ ᠴᠢ ᠰᠣᠨᠣᠰᠤᠭ᠎ᠠ ᠦᠭᠡᠢ ᠭᠡᠵᠢ ᠤᠤ? ᠳᠠᠭᠤᠨ ᠤ᠋ ᠲᠦᠷᠦᠭᠦᠨ ᠳ᠋ᠦ᠍ ᠣᠷᠣᠬᠤ ᠶᠠᠭᠤᠮ᠎ᠠ ᠳᠠᠭᠤᠯᠠᠮ᠎ᠠ ᠬᠣᠷᠸ᠎ᠠ ᠳ᠋ᠤ᠌ ᠬᠣᠪᠣᠷ ᠠ᠋᠂ ᠭᠡᠬᠦ ᠳ᠋ᠦ᠍ ᠴᠢ ᠨᠠᠮ᠎ᠠ ᠶ᠋ᠢ ᠳᠠᠭᠤᠤ ᠬᠤᠭᠤᠷ ᠮᠡᠳᠡᠳᠡᠭ ᠦᠭᠡᠢ ᠭᠡᠵᠦ ᠬᠡᠯᠡᠳᠡᠭ ᠴᠢᠨᠢ ᠶᠠᠭᠤ ᠪᠢᠯᠡ? ᠨᠠᠳᠠ ᠰᠢᠭ᠋ ᠬᠥᠭᠵᠢᠮ ᠦ᠋ᠨ ᠤᠴᠢᠷ ᠢ᠋ ᠮᠡᠳᠡᠳᠡᠭ ᠬᠡᠨ ᠪᠠᠢᠨ᠎ᠠ?》
《ᠴᠢᠮᠡᠭᠡ ᠦᠭᠡᠢ ᠭᠡᠮ᠂ᠳᠠᠭᠤᠯᠠᠬᠤ ᠳᠤᠷ᠎ᠠ ᠴᠢᠨᠢ ᠦᠨᠡᠬᠡᠷ ᠬᠦᠷᠦᠭᠡᠳ ᠪᠠᠢᠭ᠎ᠠ ᠪᠣᠯ ᠪᠢ ᠶᠠᠭᠠᠬᠢᠶ᠎ᠠ ᠭᠡᠬᠦ ᠪᠣᠢ? ᠪᠢ ᠲᠡᠷᠡ ᠡᠭᠦᠳᠡᠨ ᠳᠡᠭᠡᠷ᠎ᠡ ᠣᠴᠢᠵᠤ ᠵᠣᠭᠰᠣᠭᠠᠨ ᠮᠠᠯᠴᠢᠨ ᠢ᠋ ᠬᠠᠷᠠᠭᠤᠯᠳᠠ ᠪᠠᠷ᠎ᠠ ᠶ᠋ᠢ ᠨᠢ ᠬᠠᠷᠠᠵᠤ ᠪᠠᠢᠶ᠎ᠠ᠂ ᠴᠢ ᠲᠡᠷᠡ ᠰᠡᠳᠬᠢᠯ ᠢ᠋ᠶ᠋ᠡᠨ ᠬᠠᠨᠲᠠᠯ᠎ᠠ ᠳᠠᠭᠤᠤ ᠪᠠᠨ ᠳᠠᠭᠤᠯᠠᠵᠤ ᠠᠪᠤᠯ ᠳᠠ》ᠴᠢᠨᠣ᠎ᠠ ᠢᠩᠭᠢᠵᠦ ᠬᠡᠯᠡᠭᠡᠳ ᠬᠠᠰᠢᠶᠠᠨ ᠤ᠋ ᠡᠭᠦᠳᠡᠨ ᠲᠠᠰᠢ ᠣᠳᠬᠤ ᠳ᠋ᠤ᠌ ᠳᠠᠭᠤᠲᠤ ᠪᠤᠬ᠎ᠠ ᠲᠡᠩᠬᠡᠭᠡ ᠮᠡᠳᠡᠨ ᠣᠷᠢᠯᠠᠵᠤ ᠭᠠᠷᠴᠠᠢ᠂ ᠦ ᠦ ᠦ ᠦ
ᠲᠡᠭᠦᠨ  ᠦ᠌ ᠣᠷᠢᠯᠠᠬᠤ ᠶ᠋ᠢ ᠰᠣᠨᠣᠰᠤᠮᠠᠭᠴᠠ ᠮᠠᠯᠴᠢᠨ ᠰᠡᠷᠢᠵᠦ ᠠᠭᠤᠷ ᠬᠢᠯᠢᠩ ᠨᠢ ᠪᠠᠳᠠᠷᠠᠨ ᠪᠣᠷᠤᠬᠠᠢ ᠰᠢᠳᠠᠮ ᠪᠠᠷᠢᠭᠰᠠᠭᠠᠷ ᠳᠠᠪᠬᠢᠵᠤ ᠢᠷᠡᠭᠡᠳ ᠳᠠᠭᠤᠲᠤ ᠪᠤᠬ᠎ᠠ ᠶ᠋ᠢ ᠮᠠᠭᠤᠵᠢᠷᠠᠲᠠᠯ᠎ᠠ ᠨᠢ ᠴᠣᠬᠢᠵᠤ ᠬᠦᠵᠦᠭᠦᠨ ᠳ᠋ᠦ᠍ ᠨᠢ ᠳᠠᠭᠠᠭᠠᠭᠳᠠᠬᠤ ᠶ᠋ᠢᠨ ᠠᠷᠭ᠎ᠠ ᠦᠭᠡᠢ ᠬᠦᠨᠳᠦ ᠳ᠋ᠦᠨᠵᠡ ᠵᠡᠭᠦᠭᠡᠳ ᠣᠷᠬᠢᠵᠠᠢ᠃ ᠬᠥᠭᠡᠷᠦᠬᠦᠢ ᠪᠤᠬ᠎ᠠ ᠬᠡᠰᠡᠭ ᠬᠤᠭᠤᠴᠠᠭᠠᠨ ᠤ᠋ ᠳᠠᠷᠠᠭ᠎ᠠ ᠤᠬᠠᠭᠠᠨ ᠣᠷᠣᠵᠤ ᠬᠦᠨᠳᠦ ᠳ᠋ᠦᠨᠵᠡ ᠪᠡᠨ ᠳᠥᠩᠭᠡᠨ ᠲᠠᠩᠭᠠᠨ ᠴᠢᠷᠦᠭᠰᠡᠭᠡᠷ ᠬᠠᠰᠢᠶᠠᠨ ᠠ᠋ᠴᠠ ᠭᠠᠷᠴᠤ ᠢᠷᠡᠯ᠎ᠡ᠃
《ᠠᠢ᠂ ᠴᠠᠪᠠᠰᠤ᠂ᠪᠢ ᠴᠢᠮ᠎ᠠ ᠳ᠋ᠤ᠌ ᠬᠡᠴᠢᠨᠡᠨ ᠬᠡᠯᠡᠵᠦ ᠶᠠᠳᠠᠯ᠎ᠠ ᠳᠠ᠂ ᠬᠡᠯᠡᠭᠰᠡᠭᠡᠷ ᠪᠠᠢᠲᠠᠯ᠎ᠠ ᠵᠥᠷᠢᠵᠦ᠂ ᠡᠨᠡ ᠠᠢᠬᠤᠪᠲᠤᠷ ᠡᠷᠳᠡᠨᠢ ᠶ᠋ᠢ ᠬᠦᠵᠦᠭᠦᠨ ᠳ᠋ᠦ᠍ ᠪᠡᠨ ᠵᠡᠭᠦᠯᠭᠡᠭᠰᠡᠨ ᠴᠢᠨᠢ ᠲᠣᠭ᠎ᠠ ᠦᠭᠡᠢ ᠶᠠᠭᠤᠮ᠎ᠠ ᠪᠣᠯᠵᠠᠢ ᠳᠠ᠂ ᠳᠠᠩᠴᠤ ᠲᠣᠭ᠎ᠠ ᠦᠭᠡᠢ ᠶᠠᠭᠤᠮ᠎ᠠ ᠪᠣᠯᠵᠠᠢ》
《ᠬᠠᠷᠢᠨ ᠲᠡᠢᠮᠦ ᠠ᠋᠂ ᠳᠠᠭᠤᠤ ᠲᠠᠢ ᠳᠠᠭᠤᠤ ᠦᠭᠡᠢ ᠡᠨᠡ ᠬᠣᠷᠸ᠎ᠠ ᠳ᠋ᠤ᠌ ᠠᠮᠢᠳᠤᠷᠠᠨ᠎ᠠ ᠰᠢᠦ ᠳᠡ᠂ ᠴᠢᠨᠦ ᠬᠡᠯᠡᠳᠡᠭ ᠲᠦᠮᠡᠨ ᠵᠥᠪ ᠠ᠋᠂ ᠡᠨᠡ ᠬᠦᠵᠦᠭᠦᠨ ᠳ᠋ᠡᠬᠢ ᠳᠥᠩᠭᠡᠨ ᠡᠴᠡ ᠶᠠᠭᠠᠬᠢᠵᠤ ᠰᠠᠯᠳᠠᠭ ᠪᠢᠯᠡ ᠳᠠ᠂ᠲᠤᠰᠠᠯᠠᠭᠠᠴᠢ ᠳᠠ᠂ ᠬᠥᠭᠰᠢᠨ ᠠᠨᠳᠠ ᠮᠢᠨᠢ》
《ᠢᠰᠢ᠂ ᠴᠢ ᠤᠭ ᠨᠢ ᠶᠡᠬᠡ ᠰᠠᠢᠬᠠᠨ ᠳᠠᠭᠤᠯᠠᠭᠰᠠᠨ ᠶᠤᠮ ᠰᠠᠨ᠂ ᠦ ᠦ ᠦ ᠦ᠂ ᠡᠨᠡ ᠳᠥᠩᠭᠡᠨ ᠡᠴᠡ ᠪᠡᠨ ᠰᠤᠯᠠᠷᠠ᠂ ᠡᠵᠡᠨ ᠮᠠᠯᠴᠢᠨ ᠠ᠋ᠴᠠ ᠪᠠᠨ ᠰᠠᠯ》ᠭᠡᠳ ᠳᠠᠭᠤᠲᠤ ᠪᠤᠬᠠᠨ ᠤ᠋ ᠬᠦᠨᠳᠦ ᠳ᠋ᠦᠨᠵᠡ ᠶ᠋ᠢ ᠲᠠᠢᠯᠵᠤ ᠬᠠᠮᠲᠤ ᠳ᠋ᠤ᠌ ᠪᠠᠨ ᠵᠢᠭᠤᠲᠠᠭᠠᠯ᠎ᠠ᠃ᠢᠩᠭᠢᠭᠡᠳ ᠠᠨᠳᠠ ᠨᠠᠢᠵᠠ ᠡᠪᠦᠭᠡᠨ ᠴᠢᠨᠣ᠎ᠠ ᠶ᠋ᠢᠨ ᠢ᠋ᠶ᠋ᠡᠨ ᠲᠤᠰᠠᠯᠠᠮᠵᠢ ᠲᠠᠢ ᠪᠠᠷ ᠳᠠᠭᠤᠲᠤ ᠪᠤᠬ᠎ᠠ ᠮᠠᠨᠢ ᠪᠢᠲᠡᠭᠦᠦ ᠠᠭᠯᠠᠭᠬᠠᠨ ᠣᠢ ᠳ᠋ᠤ᠌ ᠪᠡᠶ᠎ᠡ ᠳᠠᠭᠠᠭᠠᠨ ᠡᠷᠬᠡ ᠳᠤᠷ᠎ᠠ ᠪᠠᠷ ᠢ᠋ᠶ᠋ᠠᠨ ᠳᠠᠭᠤᠯᠠᠨ ᠠᠮᠢᠳᠤᠷᠠᠭᠰᠠᠨ ᠭᠡᠳᠡᠭ᠃

   ᠦᠰᠦᠭ ᠠᠮᠢᠯᠠᠭᠤᠯᠤᠭᠴᠢ᠄ ᠲ᠂ ᠲᠦᠮᠡᠨᠴᠡᠴᠡᠭ
   ᠦᠰᠦᠭ ᠬᠠᠳᠠᠭᠴᠢ᠄ ᠰᠣᠶᠣᠯ
   ᠬᠢᠨᠠᠭᠴᠢ᠄ ᠳᠠᠪᠰᠢᠯᠲᠤ