ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 12 > Хөх зул – Боржигон Ванжал –"Тав ᠂ Таван хошуу малын бүлэг " 12 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 12 > Хөх зул – Боржигон Ванжал –"Тав ᠂ Таван хошуу малын бүлэг " 12

ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 12 > Хөх зул – Боржигон Ванжал –"Тав ᠂ Таван хошуу малын бүлэг " 12

ᠠᠩᠭᠢᠯᠠᠯ:ᠵᠠᠩ ᠦᠢᠯᠡ
2023-12-20

293

ᠲᠠᠪᠤ ᠂ ᠲᠠᠪᠤᠨ ᠬᠣᠰᠢᠭᠤ ᠮᠠᠯ ᠤᠨ ᠪᠦᠯᠦᠭ – 12

ᠬᠣᠨᠢᠨ ᠦ ᠵᠢᠰᠦᠮ Хонины зүсэм


               ᠥᠩᠭᠡ ᠪᠡᠷ ᠨᠡᠷᠡᠯᠡᠬᠦ ᠵᠦᠢᠯ 

ᠴᠠᠭᠠᠨ    ᠬᠤᠨ ᠴᠠᠭᠠᠨ ᠂ ᠴᠠᠢᠪᠤᠷᠬᠠᠨ᠃ 
ᠲᠤᠩ ᠴᠠᠭᠠᠨ     ᠲᠤᠩ ᠮᠡᠲᠦ ᠴᠠᠭᠠᠨ᠂ ᠴᠠᠪ ᠴᠠᠭᠠᠨ᠃ 
ᠬᠤᠨ ᠴᠠᠭᠠᠨ     ᠬᠤᠨ ᠰᠢᠪᠠᠭᠤ ᠮᠡᠲᠦ ᠴᠠᠭᠠᠨ᠃ 
ᠴᠢᠨᠳᠠᠭᠠᠨ ᠴᠠᠭᠠᠨ     ᠴᠢᠨᠳᠠᠭ᠎ᠠ ᠮᠡᠲᠦ ᠴᠠᠭᠠᠨ᠃ 
ᠴᠠᠰᠤ ᠴᠠᠭᠠᠨ     ᠴᠠᠰᠤ ᠮᠡᠲᠦ ᠴᠠᠭᠠᠨ᠃ 
ᠮᠥᠩᠭᠥᠨ ᠴᠠᠭᠠᠨ    ᠮᠥᠩᠭᠥ ᠮᠡᠲᠦ ᠴᠠᠭᠠᠨ᠃ 
ᠬᠥᠪᠥᠩ ᠴᠠᠭᠠᠨ     ᠬᠥᠪᠥᠩ ᠮᠡᠲᠦ ᠴᠠᠭᠠᠨ᠃ 
ᠲᠠᠨᠠᠨ ᠴᠠᠭᠠᠨ     ᠲᠠᠨ᠎ᠠ ᠮᠡᠲᠦ ᠴᠠᠭᠠᠨ᠃ 
ᠰᠤᠪᠤᠳᠤᠨ ᠴᠠᠭᠠᠨ    ᠰᠤᠪᠤᠳ ᠮᠡᠲᠦ ᠴᠠᠭᠠᠨ ᠭᠡᠬᠦ ᠮᠡᠲᠦ ᠪᠡᠷ ᠳᠦᠷᠰᠦᠯᠡᠨ ᠨᠡᠷᠡᠯᠡᠳᠡᠭ᠃ 
ᠮᠠᠩᠬᠠᠨ    ᠴᠣᠯ ᠴᠠᠭᠠᠨ ᠂ ᠨᠢᠳᠦ ᠂ ᠬᠠᠮᠠᠷ ᠂ ᠤᠷᠤᠭᠤᠯ ᠤ᠋ᠨ ᠭᠠᠵᠠᠷ ᠤᠯᠠᠭᠠᠪᠲᠤᠷ ᠴᠠᠭᠠᠨ᠃ 
ᠬᠠᠷ᠎ᠠ     ᠴᠣᠯ ᠪᠠᠷᠠᠭᠠᠨ᠃ 
ᠬᠠᠯᠲᠠᠷ     ᠨᠢᠳᠦ ᠪᠠ ᠡᠪᠦᠳᠦᠭ ᠪᠣᠷᠪᠢᠨ ᠳ᠋ᠠᠭᠠᠨ ᠤᠯᠠᠭᠠᠨ ᠬᠠᠷ᠎ᠠ ᠬᠣᠯᠢᠯᠳᠤᠭᠰᠠᠨ ᠡᠷᠢᠶᠡᠨᠲᠡᠢ᠃ 
ᠬᠦᠷᠡᠩ ᠬᠠᠯᠲᠠᠷ     ᠬᠠᠯᠲᠠᠷ ᠨᠢᠳᠦᠲᠡᠢ ᠬᠦᠷᠡᠩ ᠬᠣᠨᠢ᠃ 
ᠪᠥᠷᠲᠡ ᠬᠠᠯᠲᠠᠷ     ᠬᠠᠯᠲᠠᠷ ᠨᠢᠳᠦᠲᠡᠢ ᠪᠦᠷᠢᠳᠦ ᠬᠣᠨᠢ᠃ 
ᠰᠢᠷ᠎ᠠ ᠬᠠᠯᠲᠠᠷ     ᠬᠠᠯᠲᠠᠷ ᠨᠢᠭᠤᠷᠲᠠᠢ ᠰᠢᠷ᠎ᠠ᠃ 
ᠬᠠᠷ᠎ᠠ ᠬᠠᠯᠲᠠᠷ     ᠬᠠᠯᠲᠠᠷ ᠨᠢᠭᠤᠷᠲᠠᠢ ᠬᠠᠷ᠎ᠠ᠃ 
ᠤᠯᠠᠭᠠᠨ     ᠤᠯᠠᠭᠠᠪᠲᠤᠷᠬᠠᠨ᠃ 
ᠬᠣᠩᠭᠣᠷ     ᠰᠢᠷᠠᠪᠲᠤᠷ ᠬᠤᠸᠠ ᠴᠠᠭᠠᠨ᠃ 
ᠬᠦᠷᠡᠩ     ᠤᠯᠠᠭᠠᠨ ᠪᠤᠶᠤ ᠤᠯᠠᠭᠠᠨ ᠠ᠋ᠴᠠ ᠠᠷᠠᠢ ᠬᠠᠷᠠᠪᠲᠤᠷ ᠤᠯᠠᠭᠠᠨ᠃ 
ᠬᠠᠷ᠎ᠠ ᠬᠦᠷᠡᠩ     ᠬᠠᠷᠠᠪᠲᠤᠷ ᠤᠯᠠᠭᠠᠨ᠃ 
ᠤᠯᠠᠭᠠᠨ ᠬᠦᠷᠡᠩ     ᠤᠯᠠᠭᠠᠨ ᠪᠤᠶᠤ ᠠᠷᠠᠢ ᠬᠦᠷᠡᠩᠳᠡᠭᠦᠦ ᠤᠯᠠᠭᠠᠨ᠃ 
ᠰᠢᠷ᠎ᠠ      ᠰᠢᠷᠠᠩᠭᠤᠢ᠂ ᠬᠠᠴᠠᠷ ᠨᠢᠭᠤᠷ ᠲᠣᠯᠣᠭᠠᠢ᠂ ᠬᠥᠯ ᠰᠢᠯᠪᠢ ᠨᠢ ᠰᠢᠷ᠎ᠠ᠃ 
ᠪᠣᠷᠣ     ᠪᠣᠷᠣᠪᠳᠤᠷᠬᠠᠨ᠂ ᠬᠥᠭᠡᠯᠵᠢᠨ᠃ 
ᠬᠥᠬᠡ     ᠦᠨᠡᠰᠦᠨ ᠥᠩᠭᠡᠲᠡᠢ᠂ ᠬᠠᠷ᠎ᠠ ᠬᠥᠬᠡ (ᠡᠭᠦᠯᠡᠨ ᠬᠥᠬᠡ ) ᠃ 
ᠴᠢᠷᠯᠠᠨ ᠬᠥᠬᠡ     ᠲᠣᠯᠪᠣᠲᠠᠢ ᠪᠤᠶᠤ ᠪᠥᠷᠲᠡ ᠬᠥᠬᠡ᠃ 
ᠴᠢᠷᠯᠠᠨ     ᠴᠠᠭᠠᠨ ᠳᠡᠭᠡᠷ᠎ᠡ ᠡᠯᠳᠡᠪ ᠥᠩᠭᠡ ᠶ᠋ᠢᠨ ᠵᠢᠵᠢᠭ ᠳᠤᠰᠤᠯ ᠲᠣᠯᠪᠣ ᠨᠤᠭᠤᠳ ᠲᠠᠢ᠃ 
ᠬᠠᠷ᠎ᠠ ᠴᠢᠷᠯᠠᠨ     ᠬᠠᠷ᠎ᠠ ᠲᠣᠯᠪᠣᠲᠠᠢ᠃ 
ᠪᠣᠷᠣ ᠴᠢᠷᠯᠠᠨ     ᠪᠣᠷᠣ ᠲᠣᠯᠪᠣᠲᠠᠢ᠃ 
ᠬᠥᠬᠡ ᠴᠢᠷᠯᠠᠨ     ᠬᠥᠬᠡ ᠲᠣᠯᠪᠣᠲᠠᠢ᠃ 
ᠠᠯᠠᠭ     ᠡᠯᠳᠡᠪ ᠥᠩᠭᠡᠨ ᠳ᠋ᠦ᠍ ᠬᠡᠰᠡᠭ ᠴᠠᠭᠠᠨ ᠬᠣᠯᠢᠯᠳᠤᠭᠰᠠᠨ᠃ 
ᠬᠠᠷ᠎ᠠ ᠠᠯᠠᠭ     ᠬᠠᠷ᠎ᠠ ᠳᠡᠭᠡᠷ᠎ᠡ ᠴᠠᠭᠠᠨ᠃ 
ᠬᠦᠷᠡᠩ ᠠᠯᠠᠭ     ᠬᠦᠷᠡᠩ ᠳᠡᠭᠡᠷ᠎ᠡ ᠴᠠᠭᠠᠨ᠃ 
ᠪᠣᠷᠣ ᠠᠯᠠᠭ     ᠪᠣᠷᠣ ᠳᠡᠭᠡᠷ᠎ᠡ ᠴᠠᠭᠠᠨ᠃ 
ᠬᠥᠬᠡ ᠠᠯᠠᠭ     ᠬᠥᠬᠡ ᠳᠡᠭᠡᠷ᠎ᠡ ᠴᠠᠭᠠᠨ᠃ 
ᠬᠠᠯᠵᠠᠨ     ᠮᠠᠩᠨᠠᠢ ᠠ᠋ᠴᠠ ᠬᠠᠮᠠᠷ ᠬᠦᠷᠲᠡᠯ᠎ᠡ ᠵᠤᠷᠪᠤᠰ ᠴᠠᠭᠠᠨ᠃ 
ᠬᠠᠷ᠎ᠠ ᠬᠠᠯᠵᠠᠨ  
       ᠬᠠᠮᠠᠷ ᠤᠷᠤᠭᠤ ᠪᠠᠨ ᠵᠤᠷᠪᠤᠰ ᠴᠠᠭᠠᠨ ᠲᠠᠢ ᠬᠠᠷ᠎ᠠ ᠪᠤᠶᠤ ᠬᠠᠷ᠎ᠠ ᠲᠦᠷᠦᠭᠦᠦ᠂ ᠬᠠᠷ᠎ᠠ ᠬᠠᠴᠠᠷᠲᠠᠢ ᠬᠣᠨᠢ᠃ 
ᠬᠣᠩᠭᠣᠷ ᠬᠠᠯᠵᠠᠨ     ᠬᠠᠮᠠᠷ ᠤᠷᠤᠭᠤ ᠪᠠᠨ ᠴᠠᠭᠠᠨᠲᠠᠢ ᠬᠤᠸᠠ ᠴᠠᠭᠠᠨ᠃ 
ᠬᠦᠷᠡᠩ ᠬᠠᠯᠵᠠᠨ     ᠬᠠᠮᠠᠷ ᠤᠷᠤᠭᠤ ᠪᠠᠨ ᠴᠠᠭᠠᠨᠲᠠᠢ ᠬᠦᠷᠡᠩ᠃ 
ᠰᠢᠷ᠎ᠠ ᠬᠠᠯᠵᠠᠨ     ᠬᠠᠮᠠᠷ ᠤᠷᠤᠭᠤ ᠪᠠᠨ ᠴᠠᠭᠠᠨᠳᠠᠢ ᠰᠢᠷ᠎ᠠ ᠪᠤᠶᠤ ᠰᠢᠷ᠎ᠠ ᠲᠣᠯᠣᠭᠠᠢ᠂ ᠬᠠᠴᠠᠷᠲᠠᠢ ᠬᠣᠨᠢ᠃ 
ᠮᠤᠷᠤᠢ ᠬᠠᠯᠵᠠᠨ     ᠴᠠᠭᠠᠨ ᠨᠢ ᠮᠤᠷᠤᠢ ᠪᠠᠭᠤᠭᠰᠠᠨ᠃ 
ᠵᠤᠷᠪᠤᠰ ᠬᠠᠯᠵᠠᠨ     ᠴᠠᠭᠠᠨ ᠨᠢ ᠨᠠᠷᠢᠨ ᠤᠷᠲᠤ ᠪᠠᠭᠤᠭᠰᠠᠨ᠃ 
ᠪᠣᠷᠣ ᠬᠠᠯᠵᠠᠨ     ᠬᠠᠮᠠᠷ ᠤᠷᠤᠭᠤ ᠪᠠᠨ ᠴᠠᠭᠠᠨᠲᠠᠢ ᠪᠣᠷᠣ ᠲᠦᠷᠦᠭᠦᠦ᠂ ᠪᠣᠷᠣ ᠬᠠᠴᠠᠷᠲᠠᠢ ᠪᠤᠶᠤ ᠪᠣᠷᠣ ᠬᠣᠨᠢ᠃ 
ᠬᠥᠬᠡ ᠬᠠᠯᠵᠠᠨ    ᠬᠠᠮᠠᠷ ᠤᠷᠤᠭᠤ ᠪᠠᠨ ᠴᠠᠭᠠᠨᠳᠠᠢ ᠬᠥᠬᠡ ᠬᠣᠨᠢ᠃ 
ᠨᠢᠳᠦᠨ     ᠨᠢᠳᠦ ᠪᠡᠨ ᠲᠣᠭᠣᠷᠢᠭᠠᠳ ᠡᠯᠳᠡᠪ ᠥᠩᠭᠡᠲᠡᠢ᠃ 
ᠬᠠᠷ᠎ᠠ ᠨᠢᠳᠦᠨ     ᠨᠢᠳᠦ ᠣᠷᠴᠢᠮ ᠬᠠᠷ᠎ᠠ ᠪᠦᠬᠦᠢ᠃ 
ᠬᠦᠷᠡᠩ ᠨᠢᠳᠦᠨ     ᠨᠢᠳᠦ ᠣᠷᠴᠢᠮ ᠬᠦᠷᠡᠩ ᠪᠦᠬᠦᠢ᠃ 
ᠰᠢᠷ᠎ᠠ ᠨᠢᠳᠦᠨ     ᠨᠢᠳᠦ ᠣᠷᠴᠢᠮ ᠰᠢᠷ᠎ᠠ ᠪᠦᠬᠦᠢ᠃ 
ᠪᠣᠷᠣ ᠨᠢᠳᠦᠨ      ᠨᠢᠳᠦ ᠣᠷᠴᠢᠮ ᠪᠣᠷᠣ ᠪᠦᠬᠦᠢ᠃ 
ᠬᠥᠬᠡ ᠨᠢᠳᠦᠨ     ᠨᠢᠳᠦ ᠣᠷᠴᠢᠮ ᠬᠥᠬᠡ ᠪᠦᠬᠦᠢ᠃ 
ᠲᠦᠷᠦᠭᠦᠦ     ᠲᠣᠯᠣᠭᠠᠢ ᠨᠢ ᠡᠯᠳᠡᠪ ᠥᠩᠭᠡᠲᠡᠢ᠃ 
ᠬᠠᠷ᠎ᠠ ᠲᠦᠷᠦᠭᠦᠦ     ᠲᠣᠯᠣᠭᠠᠢ ᠨᠢ ᠬᠠᠷ᠎ᠠ᠃ 
ᠬᠣᠩᠭᠣᠷ ᠲᠦᠷᠦᠭᠦᠦ     ᠲᠣᠯᠣᠭᠠᠢ ᠨᠢ ᠬᠤᠸᠠ᠃ 
ᠬᠦᠷᠡᠩ ᠲᠦᠷᠦᠭᠦᠦ     ᠲᠣᠯᠣᠭᠠᠢ ᠨᠢ ᠬᠦᠷᠡᠩ᠃ 
ᠰᠢᠷ᠎ᠠ ᠲᠦᠷᠦᠭᠦᠦ     ᠲᠣᠯᠣᠭᠠᠢ ᠨᠢ ᠰᠢᠷ᠎ᠠ᠃ 
ᠪᠣᠷᠣ ᠲᠦᠷᠦᠭᠦᠦ     ᠲᠣᠯᠣᠭᠠᠢ ᠨᠢ ᠪᠣᠷᠣ᠃ 
ᠬᠥᠬᠡ ᠲᠦᠷᠦᠭᠦᠦ     ᠲᠣᠯᠣᠭᠠᠢ ᠨᠢ ᠬᠥᠬᠡ᠃ 
ᠣᠬᠢ ᠲᠦᠷᠦᠭᠦᠦ     ᠲᠣᠯᠣᠭᠠᠢ ᠨᠢ ᠴᠠᠭᠠᠨ ᠪᠤᠭᠤᠷᠤᠯ ᠪᠤᠶᠤ ᠴᠠᠭᠠᠨ᠃ 
ᠬᠠᠴᠠᠷᠲᠤ     ᠬᠠᠴᠠᠷ ᠳᠠᠭᠠᠨ ᠡᠯᠳᠡᠪ ᠥᠩᠭᠡᠲᠡᠢ᠃ 
ᠬᠠᠷ᠎ᠠ ᠬᠠᠴᠠᠷᠲᠤ     ᠬᠠᠴᠠᠷ ᠨᠢ ᠬᠠᠷ᠎ᠠ᠃ 
ᠰᠢᠷ᠎ᠠ ᠬᠠᠴᠠᠷᠲᠤ     ᠬᠠᠴᠠᠷ ᠨᠢ ᠰᠢᠷ᠎ᠠ᠃ 
ᠪᠣᠷᠣ ᠬᠠᠴᠠᠷᠲᠤ     ᠬᠠᠴᠠᠷ ᠨᠢ ᠪᠣᠷᠣ᠃ 
ᠬᠥᠬᠡ ᠬᠠᠴᠠᠷᠲᠤ     ᠬᠠᠴᠠᠷ ᠨᠢ ᠬᠥᠬᠡ᠃ 
ᠬᠦᠷᠡᠩ ᠬᠠᠴᠠᠷᠲᠤ     ᠬᠠᠴᠠᠷ ᠨᠢ ᠬᠦᠷᠡᠩ᠃ 
ᠪᠥᠷᠲᠡ     ᠴᠠᠭᠠᠨ ᠳᠡᠭᠡᠷ᠎ᠡ ᠡᠯᠳᠡᠪ ᠥᠩᠭᠡ ᠶ᠋ᠢᠨ ᠵᠢᠵᠢᠭ ᠲᠣᠯᠪᠣ ᠪᠦᠬᠦᠢ᠃ 
ᠬᠠᠷ᠎ᠠ ᠪᠥᠷᠲᠡ     ᠬᠠᠷ᠎ᠠ ᠲᠣᠯᠪᠣ ᠪᠦᠬᠦᠢ᠃ 
ᠰᠢᠷ᠎ᠠ ᠪᠥᠷᠲᠡ     ᠰᠢᠷ᠎ᠠ ᠲᠣᠯᠪᠣ ᠪᠦᠬᠦᠢ ᠪᠤᠶᠤ ᠰᠢᠷ᠎ᠠ ᠬᠣᠨᠢ ᠪᠣᠷᠣ᠂ ᠬᠠᠷ᠎ᠠ ᠲᠣᠯᠪᠣ ᠪᠦᠬᠦᠢ᠃ 
ᠪᠣᠷᠣ ᠪᠥᠷᠲᠡ     ᠪᠣᠷᠣ ᠲᠣᠯᠪᠣ ᠪᠦᠬᠦᠢ ᠪᠤᠶᠤ ᠬᠠᠷ᠎ᠠ ᠲᠣᠯᠪᠣ ᠪᠦᠬᠦᠢ ᠪᠣᠷᠣ ᠬᠣᠨᠢ᠃ 
ᠬᠥᠬᠡ ᠪᠥᠷᠲᠡ    ᠬᠥᠬᠡ ᠲᠣᠯᠪᠣ ᠪᠦᠬᠦᠢ ᠪᠤᠶᠤ ᠬᠠᠷ᠎ᠠ ᠲᠣᠯᠪᠣ ᠪᠦᠬᠦᠢ ᠬᠥᠬᠡ ᠬᠣᠨᠢ᠃ 
ᠬᠠᠷ᠎ᠠ ᠭᠤᠶᠠᠲᠤ     ᠭᠤᠶ᠎ᠠ ᠨᠢ ᠬᠠᠷ᠎ᠠ᠃ 

               ᠡᠨᠳᠡ ᠲᠡᠨᠳᠡᠬᠢ ᠴᠠᠭᠠᠨ ᠢ᠋ᠶ᠋ᠠᠷ ᠨᠢ ᠲᠣᠳᠣᠳᠬᠠᠨ ᠨᠡᠷᠡᠯᠡᠭᠰᠡᠨ ᠨᠡᠷ᠎ᠡ ᠨᠦ᠍ᠭᠦᠳ 

ᠡᠷᠡᠦ ᠴᠠᠭᠠᠨ  
       ᠡᠷᠡᠦ ᠳᠡᠭᠡᠷ᠎ᠡ ᠨᠢ ᠴᠠᠭᠠᠨ ᠪᠦᠬᠦᠢ ᠡᠯᠳᠡᠪ ᠥᠩᠭᠡ ᠵᠢᠰᠦᠮ᠃ ᠡᠷᠡᠦ ᠴᠠᠭᠠᠨ ᠬᠠᠷ᠎ᠠ᠂ ᠡᠷᠡᠦ ᠴᠠᠭᠠᠨ ᠬᠥᠬᠡ᠂ ᠡᠷᠡᠦ ᠴᠠᠭᠠᠨ ᠬᠦᠷᠡᠩ ᠭᠡᠬᠦ ᠮᠡᠲᠦ᠃ 
ᠬᠠᠮᠠᠷ ᠴᠠᠭᠠᠨ  
       ᠬᠠᠮᠠᠷ ᠳᠡᠭᠡᠷ᠎ᠡ ᠪᠡᠨ ᠴᠠᠭᠠᠨ ᠪᠦᠬᠦᠢ ᠡᠯᠳᠡᠪ ᠵᠢᠰᠦᠮ᠃ ᠬᠠᠮᠠᠷ ᠴᠠᠭᠠᠨ ᠪᠣᠷᠣ᠃ 
ᠣᠷᠣᠢ ᠴᠠᠭᠠᠨ 
       ᠲᠣᠯᠣᠭᠠᠢ ᠶ᠋ᠢᠨ ᠣᠷᠣᠢ ᠨᠢ ᠴᠠᠭᠠᠨ ᠪᠦᠬᠦᠢ ᠡᠯᠳᠡᠪ ᠵᠢᠰᠦᠮ᠃ ᠣᠷᠣᠢ ᠴᠠᠭᠠᠨ ᠪᠣᠷᠣ ᠬᠣᠨᠢ ᠭᠡᠬᠦ ᠮᠡᠲᠦ᠃ 
ᠴᠢᠬᠢ ᠴᠠᠭᠠᠨ     ᠴᠢᠬᠢ ᠨᠢ ᠴᠠᠭᠠᠨ ᠡᠯᠳᠡᠪ ᠵᠢᠰᠦᠮ ᠪᠦᠬᠦᠢ᠃ ᠴᠢᠬᠢ ᠴᠠᠭᠠᠨ ᠬᠥᠬᠡ᠃ 
ᠰᠡᠭᠡᠷ ᠴᠠᠭᠠᠨ     ᠰᠡᠭᠡᠷ ᠦ᠋ᠨ ᠳᠡᠭᠡᠷ᠎ᠡ ᠨᠢ ᠴᠠᠭᠠᠨ ᠪᠦᠬᠦᠢ ᠡᠯᠳᠡᠪ ᠵᠢᠰᠦᠮ᠃ ᠰᠡᠭᠡᠷ ᠴᠠᠭᠠᠨ ᠬᠠᠷ᠎ᠠ ᠮᠡᠲᠦ᠃ 
ᠰᠢᠯᠢ ᠴᠠᠭᠠᠨ     ᠰᠢᠯᠢᠨ ᠳᠡᠭᠡᠷ᠎ᠡ ᠪᠡᠨ ᠴᠠᠭᠠᠨ ᠪᠦᠬᠦᠢ ᠡᠯᠳᠡᠪ ᠵᠢᠰᠦᠮ᠃ ᠰᠢᠯᠢ ᠴᠠᠭᠠᠨ ᠬᠠᠷ᠎ᠠ ᠮᠡᠲᠦ᠃ 
ᠰᠢᠭᠢᠷ᠎ᠡ ᠴᠠᠭᠠᠨ     ᠰᠢᠭᠢᠷ᠎ᠡ ᠳ᠋ᠡᠭᠡᠨ ᠴᠠᠭᠠᠨ ᠪᠦᠬᠦᠢ ᠡᠯᠳᠡᠪ ᠵᠢᠰᠦᠮ᠃ ᠰᠢᠭᠢᠷ᠎ᠡ ᠴᠠᠭᠠᠨ ᠬᠦᠷᠡᠩ ᠮᠡᠲᠦ᠃ 
ᠬᠣᠰᠢᠭᠤ ᠴᠠᠭᠠᠨ 
       ᠬᠣᠩᠰᠢᠶᠠᠷ ᠴᠠᠭᠠᠨ ᠡᠯᠳᠡᠪ ᠵᠢᠰᠦᠮ᠃ ᠬᠣᠰᠢᠭᠤ ᠴᠠᠭᠠᠨ ᠬᠦᠷᠡᠩ ᠭᠡᠬᠦ ᠮᠡᠲᠦ ᠪᠡᠷ ᠡᠯ᠎ᠡ ᠵᠢᠰᠦᠮ ᠳ᠋ᠦ᠍ ᠡᠨᠡ ᠬᠦ᠌ ᠴᠠᠭᠠᠨ ᠪᠤᠶᠤ ᠠᠯᠠᠭ ᠢ᠋ ᠲᠣᠳᠣᠳᠬᠠᠨ ᠨᠡᠷᠡᠯᠡᠪᠡᠯ ᠮᠥᠨ ᠴᠦ᠍ ᠬᠡᠳᠦᠨ ᠵᠠᠭᠤᠨ ᠵᠢᠰᠦᠮ ᠭᠠᠷᠴᠤ ᠪᠣᠯᠤᠨ᠎ᠠ᠃ 

               ᠰᠡᠭᠦᠯ ᠦ᠋ᠨ ᠬᠢᠨᠢ ᠪᠠᠢᠳᠠᠯ ᠢ᠋ᠶ᠋ᠠᠷ ᠨᠡᠷᠡᠯᠡᠬᠦ ᠵᠦᠢᠯ 

ᠪᠦᠳᠦᠭᠦᠨ ᠰᠡᠭᠦᠯᠲᠦ  
       ᠰᠡᠭᠦᠯ ᠨᠢ ᠪᠦᠳᠦᠭᠦᠨ ᠡᠯᠳᠡᠪ ᠵᠢᠰᠦᠮ ᠪᠦᠬᠦᠢ ᠃ ᠰᠢᠯᠢ ᠶ᠋ᠢᠨ ᠭᠣᠣᠯ ᠂ ᠬᠥᠯᠥᠨ ᠪᠤᠢᠷ ᠲᠤ᠌ ᠪᠦᠳᠦᠭᠦᠨ ᠰᠡᠭᠦᠯᠲᠦ ᠬᠣᠨᠢ ᠪᠣᠢ᠃ ᠬᠡᠳᠦ ᠶᠤᠭᠤᠵᠤ ᠪᠠᠢᠵᠤ ᠰᠠᠶᠢ ᠪᠣᠰᠴᠤ ᠴᠢᠳᠠᠳᠠᠭ᠃ ᠴᠢᠨᠠᠭᠰᠠᠨ ᠬᠥᠯ ᠨᠢ ᠭᠠᠤᠯᠢᠨ ᠲᠠᠪᠠᠭ ᠤ᠋ᠨ ᠬᠢᠷᠢ ᠪᠠᠢᠳᠠᠭ᠃ 
ᠲᠠᠪᠠᠭ ᠰᠡᠭᠦᠯᠲᠦ     ᠲᠠᠪᠠᠭ ᠬᠡᠯᠪᠡᠷᠢᠲᠡᠢ ᠰᠡᠭᠦᠯ ᠪᠦᠬᠦᠢ ᠡᠯᠳᠡᠪ ᠵᠢᠰᠦᠮ᠃ 
ᠲᠣᠭᠣᠷᠢᠭ ᠰᠡᠭᠦᠯᠲᠦ     ᠲᠣᠪ ᠳᠤᠭᠤᠢ ᠬᠡᠯᠪᠡᠷᠢᠲᠡᠢ ᠰᠡᠭᠦᠯ ᠪᠦᠬᠦᠢ ᠡᠯᠳᠡᠪ ᠵᠢᠰᠦᠮ᠃ 
ᠤᠨᠵᠢᠭᠢᠷ ᠰᠡᠭᠦᠯᠲᠦ     ᠤᠨᠵᠢᠢᠭᠰᠠᠨ ᠂ ᠤᠷᠲᠤᠯᠵᠢᠨ ᠬᠡᠯᠪᠡᠷᠢᠲᠦ ᠰᠡᠭᠦᠯ ᠪᠦᠬᠦᠢ ᠡᠯᠳᠡᠪ ᠵᠢᠰᠦᠮ᠃ 
ᠭᠣᠨᠵᠣᠭᠣᠷ ᠰᠡᠭᠦᠯᠲᠦ     ᠤᠷᠲᠤᠯᠢᠭ ᠰᠡᠭᠦᠯ ᠪᠦᠬᠦᠢ ᠡᠯᠳᠡᠪ ᠵᠢᠰᠦᠮ᠃ 
ᠨᠣᠬᠠᠢ ᠰᠡᠭᠦᠯᠲᠦ     ᠨᠣᠬᠠᠢ ᠶ᠋ᠢᠨ ᠰᠡᠭᠦᠯ ᠮᠡᠲᠦ ᠤᠷᠲᠤ ᠰᠡᠭᠦᠯ ᠪᠦᠬᠦᠢ ᠡᠯᠳᠡᠪ ᠵᠢᠰᠦᠮ᠃ 
ᠲᠤᠤᠰᠢᠩ ᠰᠡᠭᠦᠯᠲᠦ     ᠰᠢᠯᠪᠢᠭᠦᠷ ᠲᠠᠰᠢᠭᠤᠷ ᠮᠡᠲᠦ ᠨᠠᠷᠢᠨ ᠤᠷᠲᠤ ᠰᠡᠭᠦᠯ ᠪᠦᠬᠦᠢ ᠡᠯᠳᠡᠪ ᠵᠢᠰᠦᠮ᠃  

               ᠣᠨᠴᠠᠭᠠᠢ ᠰᠢᠨᠵᠢ ᠲᠡᠮᠳᠡᠭ ᠪᠠ ᠲᠥᠷᠥᠴᠡ᠂ ᠵᠠᠩ ᠠᠷᠠᠨᠰᠢᠨ ᠢ᠋ᠶ᠋ᠠᠷ ᠨᠡᠷᠡᠯᠡᠬᠦ ᠵᠦᠢᠯ 

ᠵᠠᠳᠠᠭᠠᠢ ᠰᠢᠯᠢᠲᠦ    ᠰᠢᠯᠢ ᠴᠠᠭᠠᠨ ᠡᠯᠳᠡᠪ ᠵᠢᠰᠦᠮ ᠪᠦᠬᠦᠢ᠃ 
ᠬᠡᠷᠢᠶᠡᠨ ᠲᠣᠯᠣᠭᠠᠢᠲᠤ     ᠪᠢᠲᠡᠭᠦᠦ ᠬᠠᠷ᠎ᠠ ᠲᠦᠷᠦᠭᠦᠨ᠃ 
ᠪᠢᠲᠡᠭᠦᠦ ᠬᠠᠷ᠎ᠠ ᠲᠦᠷᠦᠭᠦᠲᠦ     ᠵᠢᠭᠠᠬᠠᠨ ᠴᠤ᠌ ᠲᠡᠮᠳᠡᠭ ᠦᠭᠡᠢ ᠬᠠᠷ᠎ᠠ ᠲᠦᠷᠦᠭᠦᠨ᠃ 
ᠬᠤᠪᠤ      ᠴᠢᠬᠢᠨ ᠣᠷᠣᠨᠴᠣᠭ᠂ ᠬᠤᠷᠤᠭᠤᠨ ᠤ᠋ ᠨᠢᠭᠡ ᠦᠶ᠎ᠡ ᠲᠡᠳᠦᠢ ᠪᠦᠬᠦᠢ ᠡᠯᠳᠡᠪ ᠵᠢᠰᠦᠮ᠃ 
ᠮᠣᠨᠴᠣᠭᠲᠤ  
       ᠡᠷᠡᠦ᠂ ᠬᠦᠵᠦᠭᠦᠦ ᠶ᠋ᠢᠨ ᠵᠣᠯᠭᠠᠯᠲᠠ ᠶ᠋ᠢᠨ ᠲᠡᠨᠳᠡ ᠬᠣᠭᠣᠯᠠᠢ ᠶ᠋ᠢᠨ ᠬᠣᠶᠠᠷ ᠬᠠᠵᠠᠭᠤ ᠳ᠋ᠤ᠌ ᠤᠨᠵᠢᠢᠭᠰᠠᠨ ᠬᠥᠬᠥ ᠮᠡᠲᠦ ᠠᠰᠢᠭ ᠪᠦᠬᠦᠢ ᠡᠯᠳᠡᠪ ᠵᠢᠰᠦᠮ᠃ ᠪᠠᠰᠠ ᠰᠦᠢᠭᠡᠲᠤ ᠭᠡᠳᠡᠭ᠃ 
ᠯᠤᠤᠬᠠᠲᠤ     ᠨᠢᠳᠦᠨ ᠦ᠌ ᠪᠡᠨ ᠡᠮᠦᠨᠡᠬᠡᠨ ᠵᠢᠵᠢᠭᠬᠡᠨ ᠡᠪᠡᠷ ᠪᠦᠬᠦᠢ ᠡᠯᠳᠡᠪ ᠵᠢᠰᠦᠮ᠃ 
ᠡᠪᠡᠷᠲᠦ     ᠡᠪᠡᠷ ᠪᠦᠬᠦᠢ ᠬᠣᠨᠢ ᠶ᠋ᠢᠨ ᠡᠯᠳᠡᠪ ᠵᠢᠰᠦᠮ᠃ 
ᠤᠭᠠᠯᠵᠠᠨ ᠡᠪᠡᠷᠲᠦ     ᠡᠪᠡᠷ ᠨᠢ ᠤᠭᠠᠯᠵᠠᠯᠠᠨ ᠤᠷᠭᠤᠭᠰᠠᠨ ᠪᠦᠬᠦᠢ ᠡᠯᠳᠡᠪ ᠵᠢᠰᠦᠮ᠃ 
ᠪᠦᠯᠡᠵᠡᠭᠲᠦ 
       ᠰᠢᠯᠪᠢ ᠪᠡᠨ ᠬᠠᠷ᠎ᠠ ᠪᠤᠶᠤ ᠬᠦᠷᠡᠩ᠂ ᠰᠢᠷ᠎ᠠ ᠦᠰᠦ ᠪᠡᠷ ᠨᠠᠷᠢᠬᠠᠨ ᠣᠷᠢᠶᠠᠭᠰᠠᠨ ᠪᠠᠭᠤᠤ ᠵᠡᠭᠦᠭᠰᠡᠨ ᠮᠡᠲᠦ ᠲᠡᠮᠳᠡᠭ ᠲᠡᠢ ᠡᠯ᠎ᠡ ᠵᠢᠰᠦᠮ ᠦ᠋ᠨ ᠬᠣᠨᠢ ᠃ 
ᠮᠠᠢᠷᠠᠭ  
       ᠲᠥᠷᠥᠯᠬᠢ ᠬᠥᠯ ᠦ᠋ᠨ ᠦᠶ᠎ᠡ ᠰᠤᠯᠠ ᠠ᠋ᠴᠠ ᠳᠠᠭᠠᠯᠴᠠᠭ ᠢ᠋ᠶ᠋ᠠᠷ ᠢ᠋ᠶ᠋ᠠᠨ ᠬᠠᠵᠠᠭᠠᠢ ᠪᠦᠬᠦᠢ ᠡᠯᠳᠡᠪ ᠵᠢᠰᠦᠮ᠃ ᠪᠠᠰᠠ ᠲᠤᠯᠠᠢ ( ᠡᠪᠡᠳᠴᠢᠨ ) ᠭᠡᠳᠡᠭ᠃ 
ᠢᠷᠡᠭ     ᠬᠡᠪᠲᠡᠯᠭᠡᠨ ᠳ᠋ᠡᠭᠡᠨ ᠬᠡᠬᠢᠨᠡᠨ ᠢᠨᠴᠠᠭᠯᠠᠬᠤ ᠪᠦᠬᠦᠢ ᠡᠯᠳᠡᠪ ᠵᠢᠰᠦᠮ᠃ 
ᠢᠪᠡᠷᠬᠡᠢ 
       ᠦᠬᠡᠷ ᠲᠦ᠍ ᠮᠥᠷᠭᠥᠭᠳᠡᠭᠰᠡᠨ ᠪᠤᠶᠤ ᠪᠤᠲᠠ ᠳ᠋ᠤ᠌ ᠭᠢᠰᠬᠢᠭᠳᠡᠵᠦ ᠴᠣᠷᠣᠢ ᠨᠢ ᠴᠤᠭᠤᠷᠠᠵᠤ᠂ ᠭᠡᠳᠡᠰᠦ ᠨᠢ ᠭᠠᠷᠴᠤ ᠠᠷᠠᠰᠤ ᠨᠢ ᠪᠦᠯᠬᠦᠢᠵᠦ ᠪᠥᠨᠲᠥᠢᠭᠰᠡᠨ ᠪᠦᠬᠦᠢ ᠡᠯᠳᠡᠪ ᠵᠢᠰᠦᠮ᠃ 
ᠭᠣᠯᠣᠩᠬᠠᠢ    ᠲᠥᠯ ᠢ᠋ᠶ᠋ᠡᠨ ᠠᠮᠠᠷᠠᠭᠯᠠᠵᠤ ᠠᠪᠬᠤ ᠦᠭᠡᠢ ᠣᠷᠬᠢᠭᠠᠳ ᠶᠠᠪᠤᠳᠠᠭ ᠪᠦᠬᠦᠢ ᠡᠯᠳᠡᠪ ᠵᠢᠰᠦᠮ᠃ 
ᠳᠡᠯᠡᠦᠷᠡᠬᠡᠢ     ᠣᠯᠠᠨ ᠲᠥᠯ ᠬᠠᠮᠢᠶ᠎ᠠ ᠦᠭᠡᠢ ᠬᠥᠬᠥᠭᠦᠯᠳᠡᠭ ᠪᠦᠬᠦᠢ ᠡᠯᠳᠡᠪ ᠵᠢᠰᠦᠮ᠃ 
ᠬᠤᠯᠮᠠᠩ     ᠬᠤᠯᠤᠭᠠᠷ ᠪᠤᠶᠤ ᠨᠤᠭᠤᠷᠬᠠᠢ ᠴᠢᠬᠢᠲᠡᠢ ᠪᠦᠬᠦᠢ ᠡᠯᠳᠡᠪ ᠵᠢᠰᠦᠮ᠃ 
ᠬᠣᠯᠪᠣᠭ᠎ᠠ     ᠴᠢᠬᠢ ᠨᠢ ᠬᠣᠯᠪᠣᠭ᠎ᠠ᠃ ᠠᠷᠤ ᠲᠡᠢᠰᠢ ᠨᠠᠭᠠᠯᠳᠤᠩᠬᠠᠢ ᠪᠦᠬᠦᠢ ᠡᠯᠳᠡᠪ ᠵᠢᠰᠦᠮ᠃ 
ᠡᠷᠵᠢᠭᠡᠷ     ᠦᠰᠦ ᠨᠢ ᠡᠷᠴᠢᠯᠡᠵᠦ ᠭᠣᠭᠴᠣᠭᠠᠷᠠᠭᠰᠠᠨ ᠰᠡᠩᠰᠡᠨ ᠦᠰᠦ ᠪᠦᠬᠦᠢ ᠡᠯᠳᠡᠪ ᠵᠢᠰᠦᠮ᠃ 
ᠪᠤᠷᠵᠢᠭᠢᠷ     ᠦᠰᠦ ᠨᠢ ᠬᠣᠷᠪᠣᠢᠨ ᠬᠤᠭᠤᠷᠠᠭᠰᠠᠨ ᠡᠯᠳᠡᠪ ᠵᠢᠰᠦᠮ᠃ 
ᠢᠮᠠᠭᠠᠨ ᠦᠰᠦᠲᠦ    ᠦᠰᠦ ᠨᠢ ᠡᠷᠴᠢᠯᠡᠭᠡ ᠦᠭᠡᠢ ᠰᠢᠭᠤᠳᠬᠠᠨ ᠪᠦᠬᠦᠢ ᠡᠯᠳᠡᠪ ᠵᠢᠰᠦᠮ᠃ 
ᠰᠣᠢᠷ ᠦᠰᠦᠲᠦ    ᠡᠬᠢ ᠪᠡᠶ᠎ᠡ ᠶ᠋ᠢᠨ ᠦᠰᠦ ᠡᠷᠴᠢᠯᠡᠭᠡ ᠦᠭᠡᠢ ᠮᠥᠷᠲᠡᠭᠡᠨ ᠠᠬᠤᠷᠬᠠᠨ ᠡᠯᠳᠡᠪ ᠵᠢᠰᠦᠮ ᠪᠦᠬᠦᠢ᠃ 
ᠰᠢᠭᠡᠭᠲᠦ     ᠰᠢᠩᠬᠡᠭ ᠰᠢᠭᠡᠭ ᠪᠦᠬᠦᠢ ᠡᠯᠳᠡᠪ ᠵᠢᠰᠦᠮ᠃ 
ᠬᠣᠩᠭᠣᠷᠴᠣᠭᠲᠤ  
       ᠰᠡᠭᠦᠯ ᠦ᠋ᠨ ᠳᠣᠣᠷ᠎ᠠ ᠭᠤᠶ᠎ᠠ ᠳᠠᠭᠠᠤ ᠦᠰᠦᠨ ᠳ᠋ᠦ᠍ ᠪᠠᠭᠠᠰᠤ ᠨᠢ ᠨᠠᠭᠠᠯᠳᠤᠨ ᠪᠠᠷᠢᠯᠳᠤᠵᠤ ᠲᠡᠮᠡᠭᠡᠨ ᠬᠣᠷᠭᠣᠯ ᠰᠢᠭ᠋ ᠪᠣᠯᠤᠭᠰᠠᠨ ᠡᠯᠳᠡᠪ ᠵᠢᠰᠦᠮ ᠪᠦᠬᠦᠢ᠃