ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 11 > Хөх зул – Боржигон Ванжал –"Тав ᠂ Таван хошуу малын бүлэг " 11 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 11 > Хөх зул – Боржигон Ванжал –"Тав ᠂ Таван хошуу малын бүлэг " 11

ᠬᠥᠬᠡ ᠵᠤᠯᠠ – ᠪᠣᠷᠵᠢᠭᠢᠨ ᠸᠠᠩᠵᠠᠯ - < ᠲᠠᠪᠤ ᠂ ᠲᠠᠪᠤᠨ ᠬᠣᠰᠢᠭᠤ ᠮᠠᠯ ᠤᠨ ᠪᠦᠯᠦᠭ 11 > Хөх зул – Боржигон Ванжал –"Тав ᠂ Таван хошуу малын бүлэг " 11

ᠠᠩᠭᠢᠯᠠᠯ:ᠵᠠᠩ ᠦᠢᠯᠡ
2023-12-19

232

ᠲᠠᠪᠤ ᠂ ᠲᠠᠪᠤᠨ ᠬᠣᠰᠢᠭᠤ ᠮᠠᠯ ᠤᠨ ᠪᠦᠯᠦᠭ –11

ᠲᠡᠮᠡᠭᠡᠨ ᠦ ᠵᠢᠰᠦᠮ Тэмээний зүсэм


               ᠥᠩᠭᠡ ᠪᠡᠷ ᠨᠡᠷᠡᠯᠡᠬᠦ ᠵᠦᠢᠯ 

ᠴᠠᠭᠠᠨ     ᠴᠠᠭᠠᠪᠲᠤᠷᠬᠠᠨ᠂ ᠰᠤᠷ᠂ ᠨᠣᠣᠯᠣᠭᠤᠷ ᠪᠦᠷ ᠴᠠᠭᠠᠨ᠃ 
ᠬᠣᠭᠣᠯᠵᠠᠭᠤᠷ ᠴᠠᠭᠠᠨ     ᠡᠷᠡᠦ ᠶ᠋ᠢᠨ ᠳᠣᠣᠷ᠎ᠠ᠂ ᠬᠠᠮᠠᠷ ᠢ᠋ᠶ᠋ᠠᠷ ᠴᠠᠭᠠᠨ ᠪᠦᠬᠦᠢ᠃ 
ᠯᠡᠭ ᠴᠠᠭᠠᠨ     ᠯᠩ ᠪᠥᠬᠦᠲᠡᠢ ᠴᠠᠭᠠᠨ᠃ 
ᠰᠢᠷᠡᠭᠡ ᠴᠠᠭᠠᠨ     ᠰᠢᠷᠡᠭᠡ ᠪᠥᠬᠦᠲᠡᠢ ᠴᠠᠭᠠᠨ᠃ 
ᠬᠣᠯᠪᠣᠭ᠎ᠠ ᠴᠠᠭᠠᠨ     ᠬᠣᠯᠪᠣᠭ᠎ᠠ ᠪᠥᠬᠦᠲᠡᠢ ᠴᠠᠭᠠᠨ᠃ 
ᠬᠠᠩᠭᠠᠢ ᠴᠠᠭᠠᠨ     ᠴᠠᠯᠠᠭᠠᠢ ᠪᠥᠬᠦᠲᠡᠢ ᠴᠠᠭᠠᠨ᠃ 
ᠰᠣᠯᠪᠢ ᠴᠠᠭᠠᠨ     ᠬᠣᠶᠠᠷ ᠪᠦᠬᠦ ᠨᠢ ᠬᠣᠶᠠᠷ ᠲᠡᠢᠰᠢ ᠡᠰᠡᠷᠭᠦ ᠤᠨᠠᠭᠰᠠᠨ ᠴᠠᠭᠠᠨ᠃ 
ᠠᠶᠠᠰ ᠴᠠᠭᠠᠨ     ᠬᠣᠶᠠᠷ ᠪᠦᠬᠦ ᠨᠢ ᠨᠢᠭᠡ ᠯᠡ ᠲᠡᠢᠰᠢ ᠤᠨᠠᠭᠰᠠᠨ ᠴᠠᠭᠠᠨ᠃  
ᠬᠡᠶᠡᠭᠦᠦ ᠴᠠᠭᠠᠨ     ᠬᠠᠨᠠᠨ ᠰᠠᠷᠠᠪᠴᠢ ᠪᠥᠬᠦᠲᠡᠢ ᠴᠠᠭᠠᠨ᠃ 
ᠬᠠᠪᠲᠠᠭᠠᠢ ᠴᠠᠭᠠᠨ     ᠪᠦᠬᠦ ᠨᠢ ᠤᠨᠠᠭᠰᠠᠨ ᠡᠴᠡᠩᠬᠡᠢ ᠴᠠᠭᠠᠨ ᠪᠤᠶᠤ ᠴᠠᠭᠠᠨ ᠵᠢᠰᠦᠮ ᠦ᠋ᠨ ᠵᠡᠷᠯᠢᠭ ᠲᠡᠮᠡᠭᠡ᠃ 
ᠰᠡᠪᠡᠯᠭᠡ ᠴᠠᠭᠠᠨ      ᠰᠣᠷᠮᠤᠤᠰᠤ ᠦᠰᠦ ᠨᠢ ᠣᠨᠴᠠ ᠤᠷᠲᠤ᠂ ᠦᠰᠦᠯᠢᠭ ᠴᠠᠭᠠᠨ᠃ 
ᠮᠠᠭᠠᠭ ᠴᠠᠭᠠᠨ     ᠮᠠᠭᠠᠵᠢᠭᠤᠷ᠂ ᠡᠨᠳᠡ ᠲᠡᠨᠳᠡ ᠪᠡᠨ ᠬᠠᠯᠴᠠᠷᠠᠬᠤ ᠡᠪᠡᠳᠴᠢᠨ ᠲᠡᠢ ᠴᠠᠭᠠᠨ᠃ 
ᠭᠤᠪᠤᠷᠤᠤᠲᠠᠢ ᠴᠠᠭᠠᠨ     ᠭᠤᠪᠤᠷᠤᠤ ᠡᠪᠡᠳᠴᠢᠨ ᠣᠯᠵᠤ ᠥᠩᠭᠡᠷᠡᠭᠰᠡᠨ ᠴᠠᠭᠠᠨ᠃ 
ᠠᠴᠢᠶᠠᠨ ᠤ᠋ ᠴᠠᠭᠠᠨ     ᠠᠴᠢᠶᠠᠨ ᠳ᠋ᠤ᠌ ᠶᠠᠪᠤᠳᠠᠭ ᠴᠠᠭᠠᠨ᠃ 
ᠤᠷᠢᠯᠠᠭ᠎ᠠ ᠴᠠᠭᠠᠨ  
       ᠣᠷᠢᠯᠠᠵᠤ ᠪᠠᠷᠬᠢᠷᠠᠭᠠᠳ ᠪᠠᠢᠳᠠᠭ ᠴᠠᠭᠠᠨ ᠭᠡᠬᠦ ᠮᠡᠲᠦ ᠡᠯ᠎ᠡ ᠨᠡᠷ᠎ᠡ ᠳ᠋ᠦ᠍ ᠬᠠᠲᠠᠪᠠᠯ ᠪᠠᠰᠠ ᠬᠣᠷᠢ ᠭᠤᠴᠢᠨ ᠵᠢᠰᠦᠮ ᠴᠦ᠍ ᠪᠠᠷᠲᠠᠭ᠎ᠠ ᠪᠠᠷ ᠪᠣᠢ᠃ 
ᠰᠢᠷ᠎ᠠ      ᠰᠢᠷᠠᠪᠲᠤᠷᠬᠠᠨ ᠂ ᠰᠢᠷ᠎ᠠ ᠰᠤᠷ ᠂ ᠬᠤᠸᠠ ᠰᠢᠷ᠎ᠠ ᠨᠣᠣᠯᠣᠭᠤᠷ ᠲᠠᠢ᠃ 
ᠴᠠᠭᠠᠨ ᠰᠢᠷ᠎ᠠ     ᠴᠠᠢᠪᠤᠷᠳᠠᠭᠤ ᠰᠢᠷ᠎ᠠ᠂ ᠨᠣᠣᠯᠣᠭᠤᠷ ᠨᠢ ᠴᠠᠢᠪᠤᠷ᠂ ᠰᠤᠷ ᠨᠢ ᠰᠢᠷ᠎ᠠ᠃ 
ᠬᠤᠸᠠ ᠰᠢᠷ᠎ᠠ     ᠨᠣᠣᠯᠣᠭᠤᠷ ᠨᠢ ᠬᠤᠸᠠ᠂ ᠰᠤᠷ ᠨᠢ ᠰᠢᠷ᠎ᠠ᠃ 
ᠭᠠᠤᠯᠢᠨ ᠰᠢᠷ᠎ᠠ     ᠭᠠᠪ ᠰᠢᠷ᠎ᠠ᠃ 
ᠤᠯᠠᠭᠠᠨ ᠰᠢᠷ᠎ᠠ  
       ᠤᠯᠠᠭᠠᠪᠲᠤᠷ ᠰᠢᠷ᠎ᠠ ᠭᠡᠬᠦ ᠮᠡᠲᠦ ᠴᠠᠭᠠᠰᠢ ᠪᠡᠶ᠎ᠡ ᠪᠠᠢᠳᠠᠯ ᠤ᠋ᠨ ᠨᠡᠷ᠎ᠡ ᠳ᠋ᠦ᠍ ᠵᠠᠯᠭᠠᠪᠠᠯ ᠮᠥᠨ ᠬᠡᠳᠦᠨ ᠠᠷᠪᠠᠨ ᠨᠡᠷᠡᠲᠦ ᠵᠢᠰᠦᠮ ᠭᠠᠷᠴᠤ ᠢᠷᠡᠨ᠎ᠡ ᠃ ᠵᠢᠱ᠌ᠢᠶᠡᠯᠡᠪᠡᠯ : ᠯᠡᠭ ᠰᠢᠷ᠎ᠠ – ᠯᠡᠭ ᠪᠦᠭᠦᠳᠦ ᠰᠢᠷ᠎ᠠ᠂ ᠬᠣᠯᠪᠣᠭ᠎ᠠ ᠰᠢᠷ᠎ᠠ᠃ 
ᠬᠣᠯᠪᠣᠭ᠎ᠠ ᠰᠢᠷ᠎ᠠ     ᠬᠣᠯᠪᠣᠭ᠎ᠠ ᠪᠥᠬᠦᠲᠡᠢ ᠰᠢᠷ᠎ᠠ ᠭᠡᠬᠦ ᠮᠡᠲᠦ᠃ 
ᠤᠯᠠᠭᠠᠨ     ᠤᠯᠠᠪᠲᠤᠷᠬᠠᠨ᠃ ᠤᠯᠠᠭᠠᠨ ᠰᠤᠷ ᠲᠠᠢ᠂ ᠤᠯᠠᠭᠠᠪᠲᠤᠷ ᠬᠦᠷᠡᠩ ᠨᠣᠣᠯᠣᠭᠤᠷ ᠲᠠᠢ᠃ 
ᠬᠦᠷᠡᠩ ᠤᠯᠠᠭᠠᠨ     ᠭᠦᠨ᠎ᠡ ᠤᠯᠠᠭᠠᠨ᠂ ᠤᠯᠠᠭᠠᠨ ᠠ᠋ᠴᠠ ᠠᠷᠠᠢ ᠬᠦᠷᠡᠩᠳᠡᠭᠦᠦ᠃ 
ᠪᠣᠷᠣ ᠤᠯᠠᠭᠠᠨ     ᠰᠠᠭᠠᠷᠠᠯᠳᠠᠭᠤ ᠨᠣᠣᠯᠣᠭᠤᠷ ᠤ᠋ᠨ ᠦᠵᠦᠭᠦᠷ ᠨᠢ ᠤᠯᠠᠪᠤᠷ᠂ ᠰᠤᠷ ᠨᠢ ᠤᠯᠠᠭᠠᠨ᠃ 
ᠬᠥᠭᠡᠯᠵᠢᠨ ᠤᠯᠠᠭᠠᠨ  
       ᠪᠣᠷᠣ ᠰᠠᠭᠠᠷᠠᠯ ᠨᠣᠣᠯᠣᠭᠤᠷ ᠲᠠᠢ᠂ ᠬᠦᠷᠡᠩ ᠬᠥᠬᠡᠪᠲᠦᠷ ᠰᠤᠷ ᠲᠠᠢ᠂ ᠮᠥᠨ ᠣᠯᠠᠨ ᠨᠡᠷ᠎ᠡ ᠳᠡᠭᠡᠷ᠎ᠡ ᠴᠢᠨᠠᠭᠰᠢᠯᠠᠨ ᠨᠡᠮᠡᠪᠡᠯ ᠪᠠᠰᠠ ᠴᠤ᠌ ᠣᠯᠠᠨ ᠨᠡᠷᠡᠲᠦ ᠵᠢᠰᠦᠮ ᠪᠣᠢ ᠪᠣᠯᠤᠨ᠎ᠠ᠃ 
ᠬᠦᠷᠡᠩ     ᠤᠯᠠᠭᠠᠨ ᠠ᠋ᠴᠠ ᠪᠠᠬᠠᠨ ᠬᠠᠷᠠᠪᠲᠤᠷ ᠤᠯᠠᠭᠠᠨ᠃ 
ᠤᠯᠠᠭᠠᠨ ᠬᠦᠷᠡᠩ     ᠤᠯᠠᠭᠠᠨ ᠰᠤᠷ ᠲᠠᠢ᠂ ᠬᠠᠷ᠎ᠠ ᠬᠦᠷᠡᠩᠳᠡᠭᠦᠦ ᠨᠣᠣᠯᠣᠭᠤᠷ ᠲᠠᠢ᠃ 
ᠬᠠᠷ᠎ᠠ ᠬᠦᠷᠡᠩ     ᠰᠤᠷ ᠨᠢ ᠬᠠᠷᠠᠪᠲᠤᠷ ᠤᠯᠠᠭᠠᠨ᠂ ᠨᠣᠣᠯᠣᠭᠤᠷ ᠨᠢ ᠬᠦᠷᠡᠩᠳᠡᠭᠦᠦ᠃ 
ᠬᠥᠭᠡᠯᠵᠢᠨ ᠬᠦᠷᠡᠩ  
       ᠬᠦᠷᠡᠩ ᠨᠣᠣᠯᠣᠭᠤᠷ ᠲᠠᠢ᠂ ᠪᠣᠷᠣ ᠰᠤᠷ ᠲᠠᠢ᠃ ᠴᠠᠭᠠᠰᠢ ᠡᠨᠡ ᠬᠦᠷᠡᠩ ᠢ᠋ ᠡᠯ᠎ᠡ ᠨᠡᠷ᠎ᠡ ᠳ᠋ᠦ᠍ ᠬᠠᠲᠠᠵᠤ ᠨᠡᠷᠡᠲᠦ ᠵᠢᠰᠦᠮ ᠪᠣᠯᠭᠠᠪᠠᠯ ᠲᠠᠲᠠᠵᠤ ᠬᠡᠯᠡᠬᠦ ᠳ᠋ᠦ᠍ ᠲᠠᠪᠢ ᠵᠢᠷᠠ ᠪᠣᠢ ᠪᠣᠯᠤᠨ᠎ᠠ᠃ 
ᠪᠣᠷᠣ  
       ᠬᠥᠭᠡᠯᠵᠢᠨ᠂ ᠡᠨᠡ ᠪᠣᠷᠣ ᠶ᠋ᠢ ᠴᠠᠭᠠᠰᠢ ᠨᠢ ᠡᠯ᠎ᠡ ᠨᠡᠷ᠎ᠡ ᠳ᠋ᠦ᠍ ᠬᠠᠲᠠᠵᠤ ᠨᠡᠷ᠎ᠡ ᠳ᠋ᠦ᠍ ᠵᠢᠰᠦᠮ ᠪᠣᠯᠭᠠᠪᠠᠯ ᠮᠥᠨ ᠬᠡᠳᠦᠨ ᠠᠷᠪᠠ ᠴᠤ᠌ ᠠᠰᠠᠭᠤᠳᠠᠯ ᠦᠭᠡᠢ ᠶ᠋ᠢ ᠰᠠᠨᠠ᠃ 
ᠬᠠᠷ᠎ᠠ     ᠦᠯᠦ ᠪᠠᠷᠠᠭᠠᠬᠠᠨ᠃ ᠬᠠᠷ᠎ᠠ ᠰᠤᠷ᠂ ᠬᠠᠷᠠᠪᠲᠤᠷ ᠨᠣᠣᠯᠣᠭᠤᠷ ᠲᠠᠢ᠃ 
ᠬᠦᠷᠡᠩ ᠬᠠᠷ᠎ᠠ     ᠬᠦᠷᠡᠪᠲᠦᠷ ᠬᠠᠷ᠎ᠠ᠃ 
ᠫᠠᠳ ᠬᠠᠷ᠎ᠠ 
       ᠬᠡᠯᠡᠬᠦ ᠨᠢ ᠫᠠᠳ ᠬᠠᠷ᠎ᠠ᠂ ᠭᠡᠪᠡᠴᠦ ᠶᠠᠭ ᠲᠡᠢᠮᠦ ᠳᠡᠰ ᠬᠠᠷ᠎ᠠ ᠪᠢᠰᠢ ᠨᠡᠯᠢᠶᠡᠳ ᠭᠦᠨ᠎ᠡ ᠬᠠᠷᠠᠪᠲᠤᠷ᠃ 
ᠥᠭᠡᠳᠡᠩ ᠬᠠᠷ᠎ᠠ  
       ᠦᠯᠦ ᠪᠠᠷᠠᠭᠠᠬᠠᠨ ᠃ ᠡᠨᠡ ᠬᠠᠷ᠎ᠠ ᠶ᠋ᠢ ᠲᠡᠮᠡᠭᠡᠨ ᠦ᠌ ᠡᠯ᠎ᠡ ᠨᠡᠷ᠎ᠡ ᠳᠡᠭᠡᠷ᠎ᠡ ᠲᠣᠳᠣᠳᠬᠠᠯ ᠪᠣᠯᠭᠠᠨ ᠬᠠᠲᠠᠵᠤ ᠨᠡᠷᠡᠲᠦ ᠵᠢᠰᠦᠮ ᠪᠣᠯᠭᠠᠪᠠᠯ ᠮᠥᠨ ᠬᠡᠳᠦᠨ ᠠᠷᠪᠠᠨ ᠵᠢᠰᠦᠮ ᠪᠣᠢ ᠪᠣᠯᠤᠨ᠎ᠠ ᠳᠠ᠃  

               ᠪᠦᠬᠦ ᠶ᠋ᠢᠨ ᠪᠠᠢᠳᠠᠯ ᠢ᠋ᠶ᠋ᠠᠷ ᠨᠡᠷᠡᠯᠡᠬᠦ ᠵᠦᠢᠯ 

ᠰᠢᠷᠡᠭᠡ  
       ᠬᠣᠶᠷ ᠪᠦᠬᠦ ᠨᠢ ᠪᠣᠰᠤᠭ᠎ᠠ᠃ ᠡᠨᠡ ᠰᠢᠷᠡᠭᠡ ᠳᠡᠭᠡᠷ᠎ᠡ ᠲᠡᠮᠡᠭᠡᠨ ᠦ᠌ ᠡᠯᠳᠡᠪ ᠵᠢᠰᠦᠮ ᠢ᠋ ᠨᠡᠮᠡᠵᠦ ᠨᠡᠷᠡᠲᠦ ᠵᠢᠰᠦᠮ ᠪᠣᠯᠭᠠᠪᠠᠯ ᠮᠥᠨ ᠬᠡᠳᠦᠨ ᠠᠷᠪᠠ ᠪᠣᠯᠬᠤ ᠮᠠᠭᠠᠳ᠃ 
ᠲᠤᠭ ᠰᠢᠷᠡᠭᠡ 
       ᠬᠣᠶᠠᠷ ᠪᠦᠬᠦ ᠨᠢ ᠠᠪ ᠠᠰᠬᠠᠨ ᠥᠴᠦᠬᠡᠨ ᠴᠦ᠍ ᠭᠠᠵᠢᠶ᠎ᠠ ᠦᠭᠡᠢ ᠪᠣᠰᠤᠭ᠎ᠠ ᠡᠯ᠎ᠡ ᠵᠢᠰᠦᠮ ᠦ᠋ᠨ ᠲᠡᠮᠡᠭᠡ᠃ 
ᠪᠣᠰᠤᠭ᠎ᠠ ᠪᠥᠬᠦᠲᠡᠢ     ᠰᠢᠷᠡᠭᠡ ᠪᠥᠬᠦᠲᠡᠢ ᠡᠯ᠎ᠡ ᠵᠢᠰᠦᠮ ᠦ᠋ᠨ ᠲᠡᠮᠡᠭᠡ᠃ 
ᠰᠤᠪᠤᠷᠭᠠᠨ ᠪᠥᠬᠦᠲᠡᠢ     ᠥᠨᠳᠥᠷ ᠰᠢᠷᠡᠭᠡ ᠪᠥᠬᠦᠲᠡᠢ ᠡᠯ᠎ᠡ ᠵᠢᠰᠦᠮ ᠦ᠋ᠨ ᠲᠡᠮᠡᠭᠡ᠃ 
ᠱᠠᠮᠠᠨ ᠪᠥᠬᠦᠲᠡᠢ     ᠡᠮᠦᠨ᠎ᠡ ᠪᠦᠬᠦ ᠨᠢ ᠦᠵᠦᠭᠦᠷ ᠢ᠋ᠶ᠋ᠡᠷ ᠢ᠋ᠶ᠋ᠡᠨ ᠣᠷᠣᠭᠰᠢ ᠬᠡᠬᠦᠭᠡᠷ ᠡᠯ᠎ᠡ ᠵᠢᠰᠦᠮ ᠦ᠋ᠨ ᠲᠡᠮᠡᠭᠡ᠃ 
ᠬᠠᠨᠠᠨ ᠰᠢᠷᠡᠭᠡᠲᠡᠢ  
       ᠬᠣᠶᠠᠷ ᠪᠦᠬᠦ ᠨᠢ ᠦᠵᠦᠭᠦᠷ ᠢ᠋ᠶ᠋ᠡᠷ ᠢ᠋ᠶ᠋ᠡᠨ ᠨᠢᠭᠡ ᠲᠡᠢᠰᠢ ᠳ᠋ᠤᠯᠢ ᠬᠡᠶᠡᠭᠦᠦ᠂ ᠡᠯ᠎ᠡ ᠵᠢᠰᠦᠮ ᠦ᠋ᠨ ᠲᠡᠮᠡᠭᠡ᠃ 
ᠬᠠᠩᠭᠠᠢ ᠪᠥᠬᠦᠲᠡᠢ  
       ᠴᠠᠯᠠᠭᠠᠢ ᠪᠥᠬᠦᠲᠡᠢ᠂ ᠬᠣᠶᠠᠷ ᠪᠦᠬᠦ ᠶ᠋ᠢᠨ ᠬᠣᠭᠣᠷᠣᠨᠳᠣᠬᠢ ᠵᠠᠢ ᠨᠢ ᠠᠭᠤᠵᠢᠮ ᠡᠯ᠎ᠡ ᠵᠢᠰᠦᠮ ᠦ᠋ᠨ ᠲᠡᠮᠡᠭᠡ᠃ 
ᠬᠣᠯᠪᠣᠭ᠎ᠠ ᠪᠥᠬᠦᠲᠡᠢ 
      ᠬᠣᠶᠠᠷ ᠪᠦᠬᠦ ᠨᠢ ᠬᠣᠭᠣᠷᠣᠨᠳᠣ ᠪᠠᠨ ᠵᠠᠢ ᠪᠠᠭ᠎ᠠ ᠲᠠᠢ ᠪᠤᠶᠤ ᠦᠵᠦᠭᠦᠷ ᠢ᠋ᠶ᠋ᠡᠷ ᠢ᠋ᠶ᠋ᠡᠨ ᠣᠢᠷᠠᠬᠠᠨ ᠡᠯ᠎ᠡ ᠵᠢᠰᠦᠮ ᠦ᠋ᠨ ᠲᠡᠮᠡᠭᠡ᠃ 
ᠨᠠᠪᠰᠢᠭᠠᠢ     ᠬᠣᠶᠠᠷ ᠪᠦᠬᠦ ᠨᠢ ᠴᠥᠮ ᠤᠨᠠᠭᠰᠠᠨ᠂ ᠡᠯ᠎ᠡ ᠵᠢᠰᠦᠮ ᠦ᠋ᠨ ᠲᠡᠮᠡᠭᠡ᠃ 
ᠨᠤᠭᠤᠷᠬᠠᠢ     ᠡᠮᠦᠨ᠎ᠡ ᠪᠦᠬᠦ ᠨᠢ ᠤᠨᠠᠭᠰᠠᠨ᠂ ᠡᠯ᠎ᠡ ᠵᠢᠰᠦᠮ ᠦ᠋ᠨ ᠲᠡᠮᠡᠭᠡ᠃ 
ᠰᠣᠶᠣᠭ᠎ᠠ ᠪᠥᠬᠦᠲᠡᠢ     ᠠᠷᠤ ᠪᠦᠬᠦ ᠤᠨᠠᠩᠬᠠᠢ᠂ ᠡᠮᠦᠨ᠎ᠡ ᠪᠦᠬᠦ ᠨᠢ ᠪᠣᠰᠤᠭ᠎ᠠ᠃ ᠡᠯ᠎ᠡ ᠵᠢᠰᠦᠮ ᠦ᠋ᠨ ᠲᠡᠮᠡᠭᠡ᠃ 
ᠬᠠᠨᠠᠨ ᠰᠠᠷᠠᠪᠴᠢ 
       ᠪᠦᠬᠦ ᠶ᠋ᠢᠨ ᠳᠡᠭᠡᠳᠦ ᠦᠵᠦᠭᠦᠷ ᠢ᠋ᠶ᠋ᠡᠷ ᠠᠯᠢ ᠨᠢᠭᠡ ᠲᠠᠯ᠎ᠠ ᠲᠠᠢᠰᠢ ᠦᠯᠦ ᠮᠡᠳᠡᠭ ᠬᠠᠵᠠᠢᠭᠰᠠᠨ ᠡᠯ᠎ᠡ ᠵᠢᠰᠦᠮ ᠦ᠋ᠨ ᠲᠡᠮᠡᠭᠡᠳ᠃ 
ᠬᠡᠶᠡᠭᠦᠦ 
       ᠬᠠᠵᠠᠭᠤ᠂ ᠬᠠᠨᠠᠨ ᠰᠠᠷᠠᠪᠴᠢ᠃ ᠬᠣᠶᠠᠷ ᠪᠦᠬᠦ ᠨᠢ ᠠᠯᠢ ᠨᠢᠭᠡ ᠲᠠᠢᠰᠢ ᠦᠯᠦ ᠮᠡᠳᠡᠭ ᠬᠠᠵᠠᠢᠭᠰᠠᠨ ᠡᠯ᠎ᠡ ᠵᠢᠰᠦᠮ ᠦ᠋ᠨ ᠲᠡᠮᠡᠭᠡᠳ᠃ 
ᠠᠶᠠᠰ 
       ᠬᠣᠶᠠᠷ ᠪᠦᠬᠦ ᠨᠢ ᠨᠢᠭᠡᠨ ᠲᠡᠢᠰᠢ ᠤᠨᠠᠭᠰᠠᠨ᠂ ᠡᠯ᠎ᠡ ᠵᠢᠰᠦᠮ ᠦ᠋ᠨ ᠲᠡᠮᠡᠭᠡᠳ᠂ ᠵᠠᠷᠢᠮ ᠭᠠᠵᠠᠷ ᠬᠠᠵᠠᠭᠤ ᠭᠡᠳᠡᠭ᠃ 
ᠬᠠᠵᠠᠭᠤ     ᠠᠶᠠᠰ ᠂ ᠡᠯ᠎ᠡ ᠵᠢᠰᠦᠮ ᠦ᠋ᠨ ᠲᠡᠮᠡᠭᠡᠳ᠃ 
ᠰᠣᠯᠪᠢ     ᠬᠣᠶᠠᠷ ᠪᠦᠬᠦ ᠨᠢ ᠬᠣᠶᠠᠷ ᠲᠡᠢᠰᠢ ᠡᠰᠡᠷᠭᠦ ᠤᠨᠠᠭᠰᠠᠨ ᠡᠯ᠎ᠡ ᠵᠢᠰᠦᠮ ᠦ᠋ᠨ ᠲᠡᠮᠡᠭᠡᠳ᠃ 
ᠵᠥᠪ ᠠᠶᠠᠰ ( ᠬᠠᠵᠠᠭᠤ )  
       ᠬᠣᠶᠠᠷ ᠪᠦᠬᠦ ᠨᠢ ᠬᠣᠶᠠᠭᠤᠯᠠ ᠪᠠᠨ ᠵᠥᠪ ᠲᠡᠢᠰᠢ ᠤᠨᠠᠭᠰᠠᠨ ᠡᠯ᠎ᠡ ᠵᠢᠰᠦᠮ ᠦ᠋ᠨ ᠲᠡᠮᠡᠭᠡᠳ᠃ 
ᠪᠤᠷᠤᠭᠤ ᠠᠶᠠᠰ ( ᠬᠠᠵᠠᠭᠤ ) 
       ᠪᠤᠷᠤᠭᠤ ᠲᠡᠢᠰᠢ ᠬᠣᠶᠠᠭᠤᠯᠠ ᠪᠠᠨ ᠤᠨᠠᠭᠰᠠᠨ᠃ ᠡᠯ᠎ᠡ ᠵᠢᠰᠦᠮ ᠦ᠋ᠨ ᠲᠡᠮᠡᠭᠡᠳ᠃ 
ᠬᠠᠪᠲᠠᠭᠠᠢ  
       ᠬᠣᠶᠠᠷ ᠪᠦᠬᠦ ᠨᠢ ᠠᠷᠠᠰᠤ ᠰᠢᠬᠠᠭᠤ ᠪᠣᠯᠵᠤ ᠤᠨᠠᠭᠰᠠᠨ ᠡᠴᠡᠩᠬᠡᠢ ᠡᠯ᠎ᠡ ᠵᠦᠢᠯ ᠦ᠋ᠨ ᠲᠡᠮᠡᠭᠡᠳ᠃ ᠪᠠᠰᠠ ᠵᠡᠷᠯᠢᠭ ᠲᠡᠮᠡᠭᠡ ᠶ᠋ᠢ ᠬᠠᠪᠲᠠᠭᠠᠢ ᠭᠡᠳᠡᠭ᠃ 
ᠬᠡᠪᠲᠡᠭᠡ ᠪᠥᠬᠦᠲᠡᠢ     ᠤᠨᠠᠩᠬᠠᠢ ᠶᠡᠷᠦ ᠪᠣᠰᠳᠠᠭ ᠦᠭᠡᠢ ᠂ ᠨᠠᠪᠰᠢᠭᠠᠢ ᠡᠯ᠎ᠡ ᠵᠢᠰᠦᠮ ᠦ᠋ᠨ ᠲᠡᠮᠡᠭᠡᠳ᠃ 
ᠯᠡᠭ ᠪᠥᠬᠦᠲᠡᠢ 
       ᠪᠦᠬᠦ ᠨᠢ ᠪᠦᠳᠦᠭᠦᠨ ᠪᠥᠭᠡᠳ ᠬᠡᠵᠢᠶᠡᠳᠡ ᠥᠭᠡᠳᠡ ᠪᠡᠨ ᠪᠣᠰᠬᠤ ᠦᠭᠡᠢ᠂ ᠡᠯ᠎ᠡ ᠵᠢᠰᠦᠮ ᠦ᠋ᠨ ᠲᠡᠮᠡᠭᠡᠳ᠃ 
ᠰᠣᠵᠣᠩ ᠪᠥᠬᠦᠲᠡᠢ      ᠪᠣᠭᠣᠨᠢ ᠪᠥᠭᠡᠳ ᠨᠠᠷᠢᠬᠠᠨ ᠪᠦᠬᠦ᠃ 

               ᠣᠨᠴᠠ ᠲᠡᠮᠳᠡᠭ ᠪᠣᠯᠤᠨ ᠲᠥᠷᠥᠴᠡ ᠣᠨᠣᠰᠢ ᠬᠡᠷᠡᠭᠯᠡᠬᠦᠨ ᠢ᠋ᠶ᠋ᠡᠷ ᠨᠡᠷᠡᠯᠡᠬᠦ ᠵᠦᠢᠯ 

ᠰᠡᠪᠡᠯᠭᠡᠲᠡᠢ    ᠰᠣᠷᠮᠤᠤᠰᠤ᠂ ᠦᠰᠦ ᠨᠢ ᠣᠨᠴᠠ ᠤᠷᠲᠤ ᠦᠰᠦᠯᠢᠭ ᠡᠯ᠎ᠡ ᠵᠢᠰᠦᠮ ᠦ᠋ᠨ ᠲᠡᠮᠡᠭᠡᠳ᠃ 
ᠳᠠᠪᠬᠤᠷ ᠵᠣᠭᠳᠤᠷᠲᠠᠢ  
       ᠬᠦᠵᠦᠭᠦᠨ ᠦ᠌ ᠵᠣᠭᠳᠣᠷ ᠠ᠋ᠴᠠ ᠭᠠᠳᠠᠨ᠎ᠠ ᠬᠠᠴᠠᠷ ᠪᠠ ᠭᠤᠶᠠᠨ ᠳ᠋ᠠᠭᠠᠨ ᠪᠠᠰᠠ ᠵᠣᠭᠳᠣᠷ ᠲᠠᠢ ᠡᠯ᠎ᠡ ᠵᠢᠰᠦᠮ ᠦ᠋ᠨ ᠲᠡᠮᠡᠭᠡᠳ᠃ 
ᠬᠤᠯᠤᠤ ᠲᠠᠢ   
       ᠬᠥᠭᠰᠢᠨ ᠲᠡᠮᠡᠭᠡᠨ ᠦ᠌ ᠬᠥᠯ ᠳ᠋ᠦ᠍ ᠬᠣᠶᠠᠩ ᠰᠢᠷ᠎ᠠ ᠤᠰᠤ ᠰᠠᠭᠤᠭᠰᠠᠨ᠂ ᠡᠯ᠎ᠡ ᠵᠢᠰᠦᠮ ᠦ᠋ᠨ ᠲᠡᠮᠡᠭᠡᠳ᠃ 
ᠬᠥᠬᠡᠷᠡᠭᠰᠡᠨ   ᠲᠠᠷᠭᠤᠯᠠᠳᠠᠭ ᠦᠭᠡᠢ ᠨᠢᠭᠡ ᠵᠦᠢᠯ ᠦ᠋ᠨ ᠭᠡᠮ ᠪᠦᠬᠦᠢ ᠡᠯ᠎ᠡ ᠵᠢᠰᠦᠮ ᠦ᠋ᠨ ᠲᠡᠮᠡᠭᠡᠳ᠃ 
ᠰᠢᠪᠬᠠᠢ     ᠲᠥᠷᠥᠯᠬᠢ ᠳᠥᠷᠪᠡᠨ ᠬᠥᠯ ᠦ᠋ᠨ ᠪᠡᠷᠪᠡᠬᠡᠢ ᠪᠡᠷ ᠬᠣᠢᠰᠢ ᠨᠤᠭᠤᠷᠠᠭᠰᠠᠨ ᠢ᠋ ᠬᠡᠯᠡᠨ᠎ᠡ᠃ 
ᠴᠣᠩᠨᠠᠭᠤᠷ   ᠬᠦᠵᠦᠭᠦᠦ ᠤᠷᠲᠤ᠂ ᠴᠡᠡᠭᠡᠵᠢ ᠳᠡᠭᠡᠷ᠎ᠡ ᠰᠡᠩᠨᠡᠢᠭᠰᠡᠨ᠃ 
ᠲᠣᠭᠣᠷᠴᠣᠭᠲᠤ  
       ᠥᠪᠥᠭ ᠨᠢ ᠤᠭ ᠲᠠᠭᠠᠨ ᠲᠣᠮᠣ᠂ ᠦᠵᠦᠭᠦᠷ ᠵᠦᠭ ᠢ᠋ᠶ᠋ᠡᠨ ᠱᠣᠪᠬᠣ᠂ ᠶᠠᠭ ᠲᠣᠭᠣᠷᠴᠣᠭ ᠵᠡᠭᠦᠭᠰᠡᠨ ᠮᠡᠲᠦ ᠲᠡᠮᠡᠭᠡᠳ᠃ 
ᠬᠠᠮᠠᠭᠤᠲᠠᠢ  
       ᠦᠰᠦ ᠨᠢ ᠵᠤᠯᠭᠠᠷᠠᠬᠤ ᠠᠷᠠᠰᠤ ᠮᠢᠬᠠᠨ ᠤ᠋ ᠡᠪᠡᠳᠴᠢᠨ ᠪᠦᠬᠦᠢ ᠡᠯ᠎ᠡ ᠵᠢᠰᠦᠮ ᠦ᠋ᠨ ᠲᠡᠮᠡᠭᠡᠳ᠃ 
ᠮᠠᠭᠠᠭᠲᠠᠢ  
       ᠮᠠᠭᠠᠵᠢᠭᠤᠷ ᠡᠨᠳᠡ ᠲᠡᠨᠳᠡ ᠨᠢ ᠬᠠᠯᠴᠠᠷᠠᠬᠤ ᠡᠪᠡᠳᠴᠢᠨ ᠪᠦᠬᠦᠢ ᠡᠯ᠎ᠡ ᠵᠢᠰᠦᠮ ᠦ᠋ᠨ ᠲᠡᠮᠡᠭᠡᠳ᠃ 
ᠭᠤᠪᠤᠷᠤᠤᠲᠠᠢ 
       ᠭᠤᠪᠤᠷᠤᠤ ᠡᠪᠡᠳᠴᠢᠨ ᠲᠡᠢ ᠪᠤᠶᠤ ᠣᠯᠵᠤ ᠥᠩᠭᠡᠷᠡᠭᠰᠡᠨ ᠡᠯ᠎ᠡ ᠵᠢᠰᠦᠮ ᠦ᠋ᠨ ᠲᠡᠮᠡᠭᠡᠳ᠃ 
ᠠᠯᠬᠤᠭᠠᠲᠠᠢ   
       ᠤᠷᠮᠠᠲᠠᠢ ᠬᠥᠩᠭᠡᠨ ᠰᠢᠯᠤᠭᠤᠨ ᠠᠯᠬᠤᠳᠠᠯ ᠪᠦᠬᠦᠢ ᠡᠯ᠎ᠡ ᠵᠢᠰᠦᠮ ᠦ᠋ᠨ ᠲᠡᠮᠡᠭᠡᠳ᠃ 
ᠵᠤᠨᠵᠢᠭᠠᠲᠠᠢ     ᠲᠡᠮᠡᠭᠡᠨ ᠦ᠌ ᠰᠠᠢᠪᠤᠷ ᠡᠯ᠎ᠡ ᠵᠢᠰᠦᠮ ᠦ᠋ᠨ ᠲᠡᠮᠡᠭᠡᠳ᠃ 
ᠲᠡᠰᠢᠳᠡᠭ   
       ᠠᠳᠤᠭᠤᠨ ᠤ᠋ ᠵᠢᠷᠣᠭ᠎ᠠ ᠮᠡᠲᠦ ᠲᠡᠰᠢᠬᠦ᠂ ᠲᠡᠮᠡᠭᠡᠨ ᠦ᠌ ᠬᠠᠮᠤᠭ ᠬᠤᠷᠳᠤᠨ ᠶᠠᠪᠤᠳᠠᠯ ᠪᠦᠬᠦᠢ ᠡᠯ᠎ᠡ ᠵᠢᠰᠦᠮ ᠦ᠋ᠨ ᠲᠡᠮᠡᠭᠡᠳ᠃ 
ᠤᠨᠤᠭᠠᠷᠢ     ᠣᠨᠣᠯᠭ᠎ᠠ ᠳ᠋ᠤ᠌ ᠬᠤᠪᠢᠳᠠᠭᠰᠠᠨ ᠡᠯ᠎ᠡ ᠵᠢᠰᠦᠮ ᠦ᠋ᠨ ᠲᠡᠮᠡᠭᠡᠳ᠃ 
ᠠᠴᠢᠶᠠᠨ ᠤ᠋    ᠠᠴᠢᠶ᠎ᠠ ᠵᠥᠭᠡᠭᠡᠪᠦᠷᠢ ᠳ᠋ᠦ᠍ ᠰᠤᠷᠲᠠᠯ ᠲᠠᠢ ᠡᠯ᠎ᠡ ᠵᠢᠰᠦᠮ ᠦ᠋ᠨ ᠲᠡᠮᠡᠭᠡᠳ᠃ 
ᠵᠢᠩ ᠦ᠋ᠨ    ᠬᠣᠯᠠ ᠶ᠋ᠢᠨ ᠠᠶᠠᠨ ᠲᠡᠭᠡᠭᠡᠪᠦᠷᠢ ᠳ᠋ᠦ᠍ ᠬᠤᠪᠢᠳᠠᠭᠰᠠᠨ ᠡᠯ᠎ᠡ ᠵᠢᠰᠦᠮ ᠦ᠋ᠨ ᠲᠡᠮᠡᠭᠡᠳ᠃ 
ᠯᠤᠤᠭᠠᠷ ᠤ᠋ᠨ     ᠵᠢᠩ ᠦ᠋ᠨ ᠡᠯ᠎ᠡ ᠵᠢᠰᠦᠮ ᠦ᠋ᠨ ᠲᠡᠮᠡᠭᠡᠳ᠃ 

               ᠵᠠᠩ ᠠᠷᠠᠨᠰᠢᠨ ᠢ᠋ᠶ᠋ᠠᠷ ᠨᠡᠷᠡᠯᠡᠬᠦ ᠵᠦᠢᠯ 

ᠠᠭᠤᠷᠲᠤ     ᠠᠮᠠᠨ ᠳ᠋ᠠᠭᠠᠨ ᠬᠥᠭᠡᠰᠦ ᠰᠠᠭᠭᠠᠭᠤᠯᠤᠨ ᠴᠡᠭᠡᠵᠢ ᠨᠢ ᠳᠦᠩᠭᠢᠨᠡᠳᠡᠭ ᠡᠯ᠎ᠡ ᠵᠢᠰᠦᠮ ᠦ᠋ᠨ ᠲᠡᠮᠡᠭᠡᠳ᠃ 
ᠳᠦᠩᠭᠢᠨᠡᠭᠦᠷ     ᠠᠭᠤᠷᠯᠠᠬᠤ ᠳ᠋ᠠᠭᠠᠨ ᠴᠡᠭᠡᠵᠢ ᠨᠢ ᠬᠦᠷᠴᠢᠭᠢᠨᠡᠨ ᠳᠦᠩᠭᠢᠨᠡᠵᠦ ᠳᠤᠤᠭᠠᠷᠬᠤ ᠡᠯ᠎ᠡ ᠵᠢᠰᠦᠮ ᠦ᠋ᠨ ᠲᠡᠮᠡᠭᠡᠳ᠃ 
ᠡᠢᠯᠳᠡᠭ    ᠰᠦᠷᠦᠭ ᠡᠴᠡ ᠪᠡᠨ ᠰᠠᠯᠤᠨ ᠭᠠᠭᠴᠠᠭᠠᠷ ᠳᠤᠲᠠᠭᠠᠳᠠᠭ ᠡᠯ᠎ᠡ ᠵᠢᠰᠦᠮ ᠦ᠋ᠨ ᠲᠡᠮᠡᠭᠡᠳ᠃ 
ᠢᠳᠡᠳᠡᠭ ( ᠢᠳᠡᠮᠡᠬᠡᠢ )    ᠪᠤᠷᠠᠨᠲᠠᠭ ᠪᠤᠶᠤ ᠭᠠᠩᠰᠢᠨ ᠢ᠋ᠶ᠋ᠠᠨ ᠢᠳᠡᠵᠦ ᠲᠠᠰᠤᠯᠳᠠᠭ ᠡᠯ᠎ᠡ ᠵᠢᠰᠦᠮ ᠦ᠋ᠨ ᠲᠡᠮᠡᠭᠡᠳ᠃ 
ᠤᠷᠢᠯᠠᠭ᠎ᠠ     ᠤᠨᠤᠬᠤ ᠪᠤᠶᠤ ᠣᠢᠷᠠᠲᠤᠬᠤ ᠪᠦᠷᠢ ᠪᠠᠷᠬᠢᠷᠠᠳᠠᠭ ᠡᠯ᠎ᠡ ᠵᠢᠰᠦᠮ ᠦ᠋ᠨ ᠲᠡᠮᠡᠭᠡᠳ᠃ 
ᠪᠠᠷᠬᠢᠷᠠᠭ᠎ᠠ    ᠤᠷᠢᠯᠠᠭ᠎ᠠ ᠡᠯ᠎ᠡ ᠵᠢᠰᠦᠮ ᠦ᠋ᠨ ᠲᠡᠮᠡᠭᠡᠳ᠃ 
ᠬᠠᠮᠤᠳᠠᠭ     ᠡᠮᠦᠨ᠎ᠡ ᠬᠥᠯ ᠢ᠋ᠶ᠋ᠡᠷ ᠢ᠋ᠶ᠋ᠡᠨ ᠰᠠᠮᠤᠷᠳᠠᠨ ᠳᠡᠪᠰᠡᠬᠦ ᠡᠯ᠎ᠡ ᠵᠢᠰᠦᠮ ᠦ᠋ᠨ ᠲᠡᠮᠡᠭᠡᠳ᠃ 
ᠬᠣᠷᠭᠣᠳᠠᠭ᠎ᠠ  
       ᠢᠵᠢᠯᠢ ᠪᠤᠶᠤ ᠠᠢᠯ ᠠ᠋ᠴᠠ ᠰᠠᠯᠤᠨ ᠭᠠᠷᠴᠤ ᠢᠷᠡᠬᠦ ᠦᠭᠡᠢ ᠂ ᠡᠰᠡᠬᠦᠯ᠎ᠡ ᠠᠢᠯ ᠦᠵᠡᠭᠰᠡᠭᠡᠷ ᠠᠪᠴᠤ ᠣᠷᠣᠬᠤ ᠭᠡᠳ ᠪᠠᠢᠳᠠᠭ ᠡᠯ᠎ᠡ ᠵᠢᠰᠦᠮ  ᠦ᠋ᠨ ᠲᠡᠮᠡᠭᠡᠳ᠃ 
ᠳᠠᠪᠠᠴᠢᠳᠠᠭ  
       ᠲᠠᠪᠠᠷᠠᠨ ᠬᠠᠷᠠᠢᠬᠤ᠂ ᠦᠰᠦᠷᠬᠢᠯᠡᠨ ᠮᠣᠷᠢ ᠰᠢᠭ᠋ ᠳᠠᠪᠬᠢᠬᠤ ᠭᠡᠬᠦ ᠡᠯ᠎ᠡ ᠵᠢᠰᠦᠮ ᠦ᠋ᠨ ᠲᠡᠮᠡᠭᠡᠳ᠃ 
ᠲᠤᠢᠯᠠᠳᠠᠭ ( ᠲᠤᠢᠯᠠᠬᠤ )  
       ᠲᠡᠮᠡᠭᠡ ᠂ ᠤᠨᠤᠭᠰᠠᠨ ᠬᠥᠮᠦᠨ ᠢ᠋ ᠤᠨᠠᠭᠠᠬᠤ ᠭᠡᠵᠦ ᠪᠡᠶ᠎ᠡ ᠪᠡᠨ ᠰᠢᠯᠭᠡᠭᠡᠨ ᠵᠠᠢᠮᠤᠷᠠᠭᠤᠯᠵᠤ ᠦᠰᠦᠷᠦᠨ ᠲᠣᠭᠯᠠᠬᠤ ᠡᠯ᠎ᠡ ᠵᠢᠰᠦᠮ ᠦ᠋ᠨ ᠲᠡᠮᠡᠭᠡᠳ᠃ ᠰᠢᠯᠢ ᠶ᠋ᠢᠨ ᠭᠣᠣᠯ ᠮᠡᠲᠦ ᠵᠠᠷᠢᠮ ᠭᠠᠵᠠᠷ ᠮᠣᠷᠢ ᠶ᠋ᠢ ᠪᠠᠰᠠ ᠲᠤᠢᠯᠠᠨ᠎ᠠ ᠭᠡᠵᠦ ᠬᠡᠯᠡᠭᠡᠳ ᠵᠠᠩᠰᠢᠴᠢᠬᠠᠵᠠᠢ᠃ ᠶᠣᠰᠣ ᠨᠢ ᠠᠩᠬ᠎ᠠ ᠡᠷᠲᠡ  ᠳ᠋ᠡᠭᠡᠨ ᠮᠣᠷᠢ ᠶ᠋ᠢ ᠪᠤᠯᠭᠢᠨ᠎ᠠ ᠭᠡᠵᠦ ᠂ ᠲᠡᠮᠡᠭᠡ ᠶ᠋ᠢ ᠲᠣᠢᠯᠠᠨ᠎ᠠ ᠭᠡᠵᠦ ᠢᠯᠭᠠᠭᠠᠲᠠᠢ ᠬᠡᠯᠡᠵᠦ ᠪᠠᠢᠵᠠᠢ᠃ 
ᠳᠠᠭᠠᠷᠢᠳᠠᠭ  
       ᠣᠢᠷᠠᠲᠤᠭᠰᠠᠨ ᠬᠥᠮᠦᠨ ᠢ᠋ ᠰᠢᠭᠤᠳ ᠥᠭᠡᠳᠡ ᠡᠴᠡ ᠨᠢ ᠨᠥᠷᠢᠨ ᠳᠠᠭᠠᠷᠢᠵᠤ ᠢᠷᠡᠳᠡᠭ ᠡᠯ᠎ᠡ ᠵᠢᠰᠦᠮ ᠦ᠋ᠨ ᠲᠡᠮᠡᠭᠡᠳ᠃ 
ᠳᠡᠭᠳᠡᠳᠡᠭ  
       ᠲᠤᠰᠢᠶ᠎ᠠ ᠲᠠᠢ ᠪᠠᠨ ᠪᠠᠷᠢᠭᠳᠠᠬᠤ ᠦᠭᠡᠢ ᠭᠡᠵᠦ ᠳᠡᠪᠬᠡᠷᠦᠨ ᠳᠡᠪᠡᠷᠡᠵᠦ ᠳᠤᠲᠠᠭᠠᠬᠤ᠂ ᠡᠯ᠎ᠡ ᠵᠢᠰᠦᠮ ᠦ᠋ᠨ ᠲᠡᠮᠡᠭᠡᠳ᠃ 
ᠰᠠᠭᠤᠳᠠᠭ     ᠤᠶᠠᠭ᠎ᠠ ᠪᠠᠨ ᠲᠠᠰᠤᠯᠬᠤ ᠪᠠᠷ ᠬᠣᠢᠰᠢ ᠱᠣᠩᠰᠢᠷᠠᠬᠤ ᠡᠯ᠎ᠡ ᠵᠢᠰᠦᠮ ᠦ᠋ᠨ ᠲᠡᠮᠡᠭᠡᠳ᠃ 
ᠰᠡᠪᠡᠰᠦᠯᠡᠳᠡᠭ   ᠬᠥᠮᠦᠨ ᠦ᠌ ᠥᠭᠡᠳᠡ ᠰᠡᠪᠡᠰᠦ ᠪᠡᠨ ᠳᠣᠷᠭᠢᠨ ᠦᠯᠢᠶᠡᠳᠡᠭ ᠡᠯ᠎ᠡ ᠵᠢᠰᠦᠮ ᠦ᠋ᠨ ᠲᠡᠮᠡᠭᠡᠳ᠃